ᠨᠠᠢᠷᠠᠭ ᠤ᠋ᠨ ᠤᠨᠳᠤᠷᠤᠯ ᠲᠠᠢ ᠮᠣᠩᠭᠣᠯ ᠨᠤᠲᠤᠭNairgiin undrultui mongol nutagНайргийн ундрултуй монгол нутаг
ᠨᠠᠢᠷᠠᠭ ᠤ᠋ᠨ ᠤᠨᠳᠤᠷᠤᠯ ᠲᠠᠢ ᠮᠣᠩᠭᠣᠯ ᠨᠤᠲᠤᠭ
ᠵᠣᠬᠢᠶᠠᠭᠴᠢ᠄ ᠭᠦᠩᠭᠠᠷ
ᠤᠶᠠᠩᠭᠠᠯᠠᠭᠴᠢ᠄ ᠤᠷᠠᠨᠲᠠᠨ᠎ᠠ
ᠬᠠᠪᠤᠷ ᠰᠠᠭᠠᠲᠠᠵᠤ ᠬᠠᠭᠳᠠ ᠬᠦᠪᠦᠷᠡᠭᠰᠡᠨ
ᠰᠢᠨ᠎ᠡ ᠡᠷᠢᠨ ᠳ᠋ᠦ᠍ ᠨᠠᠢᠷᠠᠭ ᠰᠣᠶᠣᠭᠠᠯᠠᠨᠠᠮ
ᠬᠠᠩᠭᠠᠢ ᠨᠤᠮᠢᠷᠠᠵᠤ ᠬᠠᠷᠭᠠᠨ᠎ᠠ ᠴᠡᠴᠡᠭᠯᠡᠭᠰᠡᠨ
ᠮᠣᠩᠭᠣᠯ ᠨᠤᠲᠤᠭ ᠠ᠋ᠴᠠ ᠨᠠᠢᠷᠠᠭ ᠠᠩᠬᠢᠯᠤᠨᠠᠮ
ᠬᠠᠮᠤᠭ ᠢ᠋ ᠪᠠᠶᠠᠰᠬᠠᠵᠤ ᠬᠥᠳᠡᠯᠮᠦᠷᠢ ᠪᠡᠷ ᠵᠢᠷᠭᠠᠭᠰᠠᠨ
ᠬᠥᠯᠥᠰᠥᠨ ᠳᠤᠰᠤᠯ ᠳ᠋ᠤ᠌ ᠨᠠᠢᠷᠠᠭ ᠬᠠᠩᠬᠤᠯᠤᠨᠠᠮ
ᠬᠠᠷᠭᠤᠢ ᠰᠣᠯᠣᠩᠭᠠᠷᠠᠵᠤ ᠬᠠᠷᠠᠭ᠎ᠠ ᠳᠡᠯᠡᠭᠰᠡᠨ
ᠬᠦᠰᠡᠯ ᠦ᠋ᠨ ᠬᠦᠰᠡᠯ ᠳ᠋ᠦ᠍ ᠨᠠᠢᠷᠠᠭ ᠬᠡᠢᠮᠦᠷᠢᠯᠡᠨᠡᠮ !
ᠠᠢᠷᠠᠭ ᠰᠠᠭᠭᠠᠴᠤ ᠠᠳᠤᠭᠤᠳ ᠳᠣᠪᠲᠣᠯᠭᠠᠭᠰᠠᠨ
ᠠᠭᠤᠳᠠᠮ ᠥᠷᠥᠴᠡᠨ ᠡᠴᠡ ᠨᠠᠢᠷᠠᠭ ᠴᠠᠯᠭᠢᠯᠠᠨᠠᠮ
ᠠᠭᠢ ᠰᠡᠩᠭᠢᠨᠡᠵᠦ ᠠᠭᠠᠷᠤᠤᠯ ᠰᠡᠪᠡᠷᠡᠭᠡᠭᠰᠡᠨ
ᠰᠠᠷᠠᠭᠤᠯ ᠤᠷᠲᠤ ᠠ᠋ᠴᠠ ᠨᠠᠢᠷᠠᠭ ᠤᠨᠳᠤᠷᠤᠨᠠᠮ
ᠠᠴᠢᠷ ᠢ᠋ᠶ᠋ᠠᠨ ᠳᠣᠳᠣᠮᠳᠠᠵᠤ ᠦᠯᠢᠭᠡᠷ ᠬᠠᠭᠤᠴᠢᠯᠠᠭᠰᠠᠨ
ᠡᠮᠡᠭᠡ ᠶ᠋ᠢᠨ ᠮᠦᠰᠢᠶᠡᠯ ᠡᠴᠡ ᠨᠠᠢᠷᠠᠭ ᠳᠡᠯᠭᠡᠭᠳᠡᠨᠡᠮ
ᠠᠳᠤᠭᠤ ᠪᠠᠨ ᠬᠠᠷᠢᠭᠤᠯᠵᠤ ᠰᠤᠷ ᠮᠤᠰᠬᠢᠬᠰᠠᠨ
ᠡᠪᠦᠭᠡ ᠶ᠋ᠢᠨ ᠮᠡᠯᠮᠡᠢ ᠡᠴᠡ ᠨᠠᠢᠷᠠᠭ ᠭᠢᠯᠠᠯᠵᠠᠨᠠᠮ!
ᠣᠭᠲᠠᠷᠭᠤᠢ ᠴᠡᠯᠮᠡᠵᠦ ᠣᠳᠣᠳ ᠮᠦᠰᠢᠪᠡᠯᠵᠡᠭᠰᠡᠨ
ᠰᠥᠨᠢ ᠶ᠋ᠢᠨ ᠭᠦᠨ ᠡᠴᠡ ᠨᠠᠢᠷᠠᠭ ᠠᠨᠢᠪᠠᠯᠵᠠᠨᠠᠮ
ᠣᠷᠴᠢᠨ ᠰᠢᠨᠡᠳᠦᠵᠦ ᠰᠡᠳᠬᠢᠯ ᠬᠥᠭᠰᠡᠭᠰᠡᠨ
ᠬᠥᠮᠦᠨ ᠵᠤᠨ ᠠ᠋ᠴᠠ ᠨᠠᠢᠷᠠᠭ ᠰᠤᠪᠤᠷᠠᠨᠠᠮ
ᠣᠩᠭᠣᠳ ᠪᠠᠭᠤᠵᠤ ᠬᠡᠢᠮᠣᠷᠢ ᠳᠡᠭᠳᠡᠭᠰᠡᠨ
ᠨᠤᠲᠤᠭ ᠵᠠᠶᠠᠭ᠎ᠠ ᠠ᠋ᠴᠠ ᠨᠠᠢᠷᠠᠭ ᠬᠠᠯᠭᠢᠯᠠᠨᠠᠮ
ᠣᠪᠣᠭ᠎ᠠ ᠪᠠᠨ ᠳᠠᠬᠢᠵᠤ ᠪᠠᠢᠭᠠᠯᠢ ᠰᠡᠷᠭᠦᠭᠰᠡᠨ
ᠰᠣᠷᠭᠣᠭ ᠲᠠᠯ᠎ᠠ ᠳ᠋ᠤ᠌ ᠨᠠᠢᠷᠠᠭ ᠳᠣᠯᠭᠢᠶᠠᠯᠠᠨᠠᠮ!
ᠬᠣᠷᠸ᠎ᠠ ᠬᠥᠭᠵᠢᠵᠦ ᠠᠮᠢᠳᠤᠷᠠᠯ ᠴᠢᠨᠡᠭᠡᠯᠢᠭᠵᠢᠭᠰᠡᠨ
ᠠᠷᠠᠳ ᠤ᠋ᠨ ᠵᠢᠷᠦᠬᠡᠨ ᠳ᠋ᠦ᠍ ᠨᠠᠢᠷᠠᠭ ᠣᠪᠤᠯᠵᠠᠯᠠᠨᠠᠮ
ᠬᠣᠯᠠ ᠶ᠋ᠢ ᠪᠣᠳᠣᠵᠤ ᠬᠠᠷᠠᠭᠠᠨ ᠳ᠋ᠤ᠌ ᠲᠣᠳᠣᠷᠠᠭᠰᠠᠨ
ᠨᠤᠲᠤᠭ ᠤᠰᠤᠨ ᠠ᠋ᠴᠠ ᠨᠠᠢᠷᠠᠭ ᠥᠭᠰᠥᠨᠡᠮ
ᠬᠣᠩᠭᠣᠷ ᠮᠦᠰᠢᠶᠡᠵᠦ ᠬᠣᠲᠠᠯᠠ ᠪᠠᠶᠠᠰᠤᠭᠰᠠᠨ
ᠵᠢᠷᠭᠠᠯᠲᠤ ᠮᠥᠴᠡ ᠡᠴᠡ ᠨᠠᠢᠷᠠᠭ ᠪᠤᠴᠠᠯᠤᠨᠠᠮ
ᠬᠣᠨᠢᠳ ᠢᠷᠠᠭᠯᠠᠵᠤ ᠬᠣᠭᠣᠷᠮᠠᠭ ᠰᠡᠩᠭᠢᠨᠡᠭᠰᠡᠨ
ᠪᠣᠮᠪᠠᠲᠤ ᠬᠥᠨᠥᠭ ᠲᠦ᠍ ᠨᠠᠢᠷᠠᠭ ᠢᠳᠡᠭᠡᠰᠢᠨᠡᠮ!
ᠭᠤᠩᠬᠠᠬᠤ ᠲᠠᠷᠢᠶᠠᠨ ᠤ᠋ ᠦᠶᠡᠯᠴᠡᠬᠦ ᠬᠠᠯᠢᠭᠤᠷᠠᠭᠠ ᠠ᠋ᠴᠠ
ᠡᠯᠪᠡᠭ ᠬᠤᠷᠢᠶᠠᠯᠲᠠ ᠶ᠋ᠢᠨ ᠨᠠᠢᠷᠠᠭ ᠮᠣᠨᠴᠣᠭᠯᠠᠨᠠᠮ
ᠭᠤᠪᠠᠢ ᠪᠦᠰᠡᠭᠦᠢᠴᠦᠳ ᠦ᠋ᠨ ᠵᠢᠪᠬᠤᠭᠠᠯᠢᠭ ᠲᠥᠷᠬᠦ ᠡᠴᠡ
ᠰᠢᠳᠢᠲᠦ ᠨᠠᠢᠷᠠᠭ ᠲᠣᠳᠣᠷᠠᠨ ᠲᠣᠳᠣᠷᠠᠨᠠᠮ
ᠭᠤᠷᠭᠤᠤᠯᠳᠠᠢ ᠳᠣᠩᠭᠣᠳᠴᠤ ᠭᠣᠷᠣᠬ᠎ᠠ ᠲᠤᠨᠤᠯᠵᠠᠭᠰᠠᠨ
ᠴᠡᠯᠡᠭᠡᠷ ᠬᠥᠳᠡᠭᠡ ᠳ᠋ᠦ᠍ ᠨᠠᠢᠷᠠᠭ ᠥᠩᠭᠡᠵᠢᠨᠡᠮ!
ᠨᠠᠷᠠᠨ ᠨᠡᠢᠯᠡᠵᠦ ᠨᠣᠭᠣᠭ᠎ᠠ ᠰᠦᠶᠡᠯᠡᠭᠰᠡᠨ
ᠲᠣᠷᠭᠠᠨ ᠲᠠᠯ᠎ᠠ ᠠ᠋ᠴᠠ ᠨᠠᠢᠷᠠᠭ ᠦᠨᠦᠷᠲᠦᠨᠡᠮ
ᠨᠠᠮ᠎ᠠ ᠶ᠋ᠢ ᠥᠰᠬᠡᠵᠦ ᠴᠢᠮ᠎ᠠ ᠶ᠋ᠢ ᠪᠦᠪᠡᠢᠯᠡᠭᠰᠡᠨ
ᠢᠰᠡᠭᠡᠢ ᠭᠡᠷ ᠡᠴᠡ ᠨᠠᠢᠷᠠᠭ ᠤᠶᠠᠩᠭᠠᠷᠠᠨᠠᠮ
ᠨᠠᠮᠤᠷ ᠨᠠᠮᠤᠷ ᠤ᠋ᠨ ᠵᠢᠮᠢᠰ ᠪᠣᠯᠪᠠᠰᠤᠷᠠᠭᠰᠠᠨ
ᠣᠢ ᠲᠠᠢᠭ᠎ᠠ ᠠ᠋ᠴᠠ ᠨᠠᠢᠷᠠᠭ ᠬᠦᠮᠦᠷᠭᠡᠵᠢᠨᠡᠮ
ᠨᠠᠰᠤᠨ ᠤᠷᠲᠤ ᠶ᠋ᠢᠨ ᠪᠤᠶᠠᠨ ᠨᠡᠮᠡᠷᠢᠯᠡᠭᠰᠡᠨ
ᠵᠠᠭᠤᠨ ᠵᠠᠭᠤᠨ ᠠ᠋ᠴᠠ ᠨᠠᠢᠷᠠᠭ ᠦᠷᠭᠦᠯᠵᠢᠯᠡᠨᠡᠮ!
ᠲᠡᠭᠷᠢ ᠲᠡᠳᠬᠦᠵᠦ ᠲᠦᠮᠡᠨ ᠢ᠋ ᠤᠷᠮᠠᠰᠢᠭᠤᠯᠤᠭᠰᠠᠨ
ᠬᠤᠷ᠎ᠠ ᠶ᠋ᠢᠨ ᠰᠢᠮ᠎ᠡ ᠡᠴᠡ ᠨᠠᠢᠷᠠᠭ ᠱᠠᠭᠢᠨᠠᠮ
ᠲᠡᠮᠡᠭᠡ ᠴᠥᠷᠬᠡᠯᠡᠵᠦ ᠠᠴᠢᠶ᠎ᠠ ᠳᠦᠭᠦᠷᠦᠭᠰᠡᠨ
ᠪᠤᠶᠠᠨᠲᠤ ᠠᠶᠠᠨ ᠠ᠋ᠴᠠ ᠨᠠᠢᠷᠠᠭ ᠴᠤᠪᠤᠷᠠᠨᠠᠮ
ᠳᠡᠷᠭᠡᠳᠡ ᠨᠠᠬᠢᠶᠠᠯᠠᠵᠤ ᠲᠡᠷᠲᠡᠭᠡ ᠳ᠋ᠦ᠍ ᠤᠶᠠᠩᠭᠠᠷᠠᠭᠰᠠᠨ
ᠨᠠᠢᠷᠠᠭ ᠤ᠋ᠨ ᠣᠨᠳᠣᠷᠣᠯ ᠳ᠋ᠤ᠌ ᠨᠠᠢᠷᠠᠭ ᠰᠣᠯᠣᠩᠭᠠᠷᠠᠨᠠᠮ
ᠳᠡᠪᠲᠡᠷ ᠲᠦ᠍ ᠪᠢᠴᠢᠭᠳᠡᠵᠦ ᠰᠡᠳᠬᠢᠯ ᠳ᠋ᠦ᠍ ᠰᠡᠢᠯᠦᠭᠳᠡᠭᠰᠡᠨ
ᠨᠠᠢᠷᠠᠭ ᠤ᠋ᠨ ᠳᠠᠯᠠᠢ ᠠ᠋ᠴᠠ ᠨᠠᠢᠷᠠᠭ ᠰᠦᠮᠪᠦᠷᠯᠡᠨᠡᠮ!
ᠦᠰᠦᠭ ᠬᠠᠳᠠᠭᠴᠢ᠄ ᠠᠯᠲᠠᠨᠴᠢᠮᠡᠭ
ᠦᠰᠦᠭ ᠠᠮᠢᠯᠠᠭᠤᠯᠤᠭᠴᠢ᠄ ᠠᠯᠲᠠᠨᠴᠢᠮᠡᠭ
ᠬᠢᠨᠠᠭᠴᠢ᠄ ᠭᠦᠩᠭᠠᠷ
