ᠬᠥᠷᠥᠩᠭᠡ ᠂ ᠰᠠᠩᠬᠦᠦ ᠶ᠋ᠢᠨ ᠮᠡᠳᠡᠯᠭᠡ ᠭᠤᠷᠪᠠKhöröngö , sankhüügiin medleg guravХөрөнгө , санхүүгийн мэдлэг гурав-ᠬᠣᠨᠢᠴᠢᠨ ᠦᠯᠵᠡᠢᠰᠦ᠋ᠷᠥᠩ ᠠᠵᠤ ᠠᠬᠤᠢ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠷᠥᠩᠭᠡ ᠂ ᠰᠠᠩᠬᠦᠦ ᠶ᠋ᠢᠨ ᠮᠡᠳᠡᠯᠭᠡ ᠭᠤᠷᠪᠠKhöröngö , sankhüügiin medleg guravХөрөнгө , санхүүгийн мэдлэг гурав-ᠬᠣᠨᠢᠴᠢᠨ ᠦᠯᠵᠡᠢᠰᠦ᠋ᠷᠥᠩ

ᠬᠥᠷᠥᠩᠭᠡ ᠂ ᠰᠠᠩᠬᠦᠦ ᠶ᠋ᠢᠨ ᠮᠡᠳᠡᠯᠭᠡ ᠭᠤᠷᠪᠠKhöröngö , sankhüügiin medleg guravХөрөнгө , санхүүгийн мэдлэг гурав-ᠬᠣᠨᠢᠴᠢᠨ ᠦᠯᠵᠡᠢᠰᠦ᠋ᠷᠥᠩ

ᠠᠩᠭᠢᠯᠠᠯ:ᠠᠵᠤ ᠠᠬᠤᠢ
2025-09-06

229

    ᠳ᠋ᠣᠺᠲ᠋ᠣᠷ ᠬᠣᠨᠢᠴᠢᠨ ᠦᠯᠵᠡᠢᠰᠦ᠋ᠷᠥᠩ  
ᠠᠵᠤ ᠠᠬᠤᠢ ᠶ᠋ᠢᠨ ᠠᠮᠢᠳᠤᠷᠠᠯ ᠳᠤᠮᠳᠠᠬᠢ ᠬᠥᠷᠥᠩᠭᠡ ᠰᠠᠩᠬᠦᠦ ᠶ᠋ᠢᠨ ᠭᠣᠣᠯ ᠠᠵᠢᠯ ᠪᠣᠯ ᠶᠠᠭᠠᠬᠢᠬᠤ ᠠᠷᠭ᠎ᠠ ᠦᠭᠡᠢ ᠲᠣᠭᠠᠴᠠᠭᠠᠨ ᠤ᠋ ᠠᠵᠢᠯ ᠪᠠᠢᠳᠠᠭ᠃ ᠡᠨᠡᠬᠦ ᠠᠵᠢᠯ ᠭᠣᠣᠯᠳᠠᠭᠤ ᠥᠩᠭᠡᠷᠡᠭᠰᠡᠨ ᠬᠡᠷᠡᠭᠯᠡᠭᠡ ᠪᠣᠯᠤᠨ ᠬᠤᠳᠠᠯᠳᠤᠭᠠᠨ ᠳᠡᠭᠡᠷ᠎ᠡ  ᠦᠨᠳᠦᠰᠦᠯᠡᠨ ᠪᠣᠳᠣᠵᠤ ᠭᠠᠷᠭᠠᠳᠠᠭ ᠪᠣᠯᠬᠣᠷ ᠲᠣᠭᠠᠴᠠᠭᠠᠨ ᠤ᠋ ᠦᠷ᠎ᠡ ᠳ᠋ᠦᠩ ᠨᠢ ᠵᠥᠪᠬᠡᠨ ᠥᠩᠭᠡᠷᠡᠭᠰᠡᠨ ᠬᠤᠭᠤᠴᠠᠭᠠᠨ ᠤ᠋ ᠣᠯᠵᠤ ᠠᠯᠳᠠᠭᠰᠠᠨ ᠢ᠋ ᠢᠯᠡᠳᠬᠡᠵᠦ ᠴᠢᠳᠠᠳᠠᠭ᠃ ᠭᠡᠲᠡᠯ᠎ᠡ ᠪᠢᠳᠡᠨ ᠦ᠌ ᠵᠣᠷᠢᠯᠭ᠎ᠠ ᠪᠣᠯ ᠥᠩᠭᠡᠷᠡᠭᠰᠡᠨ ᠬᠤᠭᠤᠴᠠᠭᠠᠨ ᠤ᠋ ᠠᠰᠢᠭ ᠣᠷᠣᠯᠭ᠎ᠠ  ᠶ᠋ᠢᠨ ᠪᠠᠢᠳᠠᠯ ᠳ᠋ᠤ᠌ ᠲᠤᠯᠭᠠᠭᠤᠷᠢᠯᠠᠨ ᠢᠷᠡᠭᠡᠳᠦᠢ ᠶ᠋ᠢᠨ ᠬᠥᠭᠵᠢᠯ ᠦ᠋ᠨ ᠬᠠᠨᠳᠤᠰᠢ ᠪᠠᠨ ᠲᠣᠳᠣᠷᠬᠠᠢᠯᠠᠬᠤ ᠶᠠᠪᠤᠳᠠᠯ ᠪᠣᠯᠤᠨ᠎ᠠ᠃ ᠲᠡᠢᠮᠦ ᠡᠴᠡ ᠰᠠᠩᠬᠦᠦ ᠶ᠋ᠢᠨ ᠠᠵᠢᠯ ᠢ᠋ᠶ᠋ᠠᠷ ᠳᠠᠮᠵᠢᠨ ᠠᠰᠢᠭ ᠣᠷᠣᠯᠭ᠎ᠠ ᠶ᠋ᠢ ᠵᠥᠪ ᠪᠣᠳᠣᠵᠤ ᠭᠠᠷᠭᠠᠬᠤ ᠨᠢ ᠮᠠᠰᠢ ᠴᠢᠬᠤᠯᠠ ᠠᠵᠢᠯ ᠪᠠᠢᠳᠠᠭ᠃ 
ᠶᠠᠭᠤᠨ ᠤ᠋ ᠡᠮᠦᠨ᠎ᠡ ᠪᠢᠳᠡ ᠠᠰᠢᠭ ᠣᠷᠣᠯᠭ᠎ᠠ ᠭᠡᠳᠡᠭ ᠲᠦ᠍ ᠵᠥᠪ ᠣᠢᠯᠭᠠᠯᠲᠠ ᠲᠠᠢ ᠪᠣᠯᠬᠤ ᠬᠡᠷᠡᠭᠲᠡᠢ᠃ ᠠᠰᠢᠭ ᠣᠷᠣᠯᠭ᠎ᠠ ᠭᠡᠳᠡᠭ ᠪᠣᠯ ᠵᠠᠪᠠᠯ ᠴᠡᠪᠡᠷ ᠠᠰᠢᠭ ᠪᠠᠢᠬᠤ ᠱᠠᠭᠠᠷᠳᠠᠯᠭ᠎ᠠ ᠲᠠᠢ ᠃ ᠡᠨᠡ ᠨᠢ ᠪᠢᠳᠡᠨ ᠦ᠌ ᠠᠵᠤ ᠠᠬᠤᠢ ᠶ᠋ᠢᠨ ᠠᠵᠢᠯᠯᠠᠭ᠎ᠠ ᠶ᠋ᠢᠨ ᠠᠮᠵᠢᠯᠲᠠ ᠲᠠᠢ ᠡᠰᠡᠬᠦ ᠂ ᠬᠥᠭᠵᠢᠯᠲᠡ ᠲᠡᠢ ᠡᠰᠡᠬᠦ ᠵᠢᠴᠢ ᠳᠠᠷᠠᠭᠠᠴᠢ ᠶ᠋ᠢᠨ  ᠬᠥᠭᠵᠢᠯᠲᠡ ᠶ᠋ᠢᠨ ᠬᠠᠨᠳᠤᠰᠢ ᠶ᠋ᠢ ᠲᠣᠳᠣᠷᠬᠠᠢᠯᠠᠵᠤ ᠪᠠᠢᠳᠠᠭ ᠃ ᠴᠡᠪᠡᠷ ᠣᠷᠣᠯᠭ᠎ᠠ ᠭᠡᠳᠡᠭ ᠪᠣᠯ ᠪᠢᠳᠡᠨ ᠦ᠌ ᠦᠢᠯᠡᠳᠪᠦᠷᠢᠯᠡᠯ ᠳᠤᠮᠳᠠ ᠠᠯᠢᠪᠠ ᠵᠠᠷᠤᠳᠠᠯ ᠢ᠋ ᠭᠠᠷᠭᠠᠭᠠᠳ ᠦᠯᠡᠳᠡᠭᠰᠡᠨ ᠣᠷᠣᠯᠭ᠎ᠠ ᠪᠣᠯᠤᠨ᠎ᠠ ᠃ ᠨᠡᠢᠲᠡ ᠵᠠᠷᠤᠯᠭ᠎ᠠ ᠳ᠋ᠤ᠌ ᠲᠣᠭᠲᠠᠮᠠᠯ ᠬᠥᠷᠥᠩᠭᠡ ᠶ᠋ᠢᠨ ᠪᠡᠯᠡ ᠣᠷᠣᠭᠤᠯᠤᠯᠲᠠ ᠶ᠋ᠢᠨ ᠲᠣᠳᠣᠷᠬᠠᠢ ᠬᠡᠮᠵᠢᠶ᠎ᠡ ᠴᠦ᠍ ᠪᠠᠭᠲᠠᠳᠠᠭ᠃ 
ᠰᠠᠩᠬᠦᠦ ᠶ᠋ᠢᠨ ᠲᠣᠭᠠᠴᠠᠭᠠᠨ ᠤ᠋ ᠠᠵᠢᠯ ᠢ᠋ᠶ᠋ᠠᠷ ᠳᠠᠮᠵᠢᠨ ᠪᠠᠰᠠ ᠨᠢᠭᠡ ᠣᠯᠵᠤ ᠬᠠᠷᠠᠬᠤ ᠵᠦᠢᠯ ᠪᠣᠯ ᠪᠢᠳᠡᠨ ᠳ᠋ᠦ᠍ ᠴᠣᠬᠣᠮ ᠠᠯᠢ ᠲᠥᠷᠥᠯ  ᠦ᠋ᠨ ᠲᠠᠸᠠᠷ ᠨᠢ ᠪᠣᠳᠠᠲᠠᠢ ᠠᠰᠢᠭ ᠣᠷᠣᠯᠭ᠎ᠠ ᠠᠪᠴᠢᠷᠠᠵᠤ ᠥᠭᠴᠦ ᠪᠠᠢᠭ᠎ᠠ ᠭᠡᠳᠡᠭ ᠢ᠋ ᠮᠡᠳᠡᠬᠦ ᠪᠣᠯᠤᠨ᠎ᠠ᠃ ᠮᠠᠰᠢ ᠣᠯᠠᠨ ᠦᠢᠯᠡᠳᠪᠦᠷᠢᠯᠡᠯ ᠦ᠋ᠨ ᠶᠠᠪᠤᠴᠠ ᠳ᠋ᠤ᠌ ᠬᠡᠳᠦᠨ ᠲᠥᠷᠥᠯ ᠦ᠋ᠨ ᠲᠠᠸᠠᠷ ᠪᠦᠲᠦᠭᠡᠭᠳᠡᠬᠦᠨ ᠡᠴᠡ ᠵᠠᠷᠢᠮ ᠨᠢᠭᠡ ᠲᠥᠷᠥᠯ ᠨᠢ ᠪᠢᠳᠡᠨ ᠳ᠋ᠦ᠍ ᠨᠡᠯᠢᠶᠡᠳ ᠶᠡᠬᠡ ᠠᠰᠢᠭ ᠣᠷᠣᠯᠭ᠎ᠠ ᠡᠭᠦᠳᠴᠦ ᠥᠭᠴᠦ ᠪᠠᠢᠬᠤ ᠳ᠋ᠤ᠌᠂ ᠬᠠᠷᠢᠨ ᠵᠠᠷᠢᠮ ᠲᠥᠷᠥᠯ ᠦ᠋ᠨ ᠲᠠᠸᠠᠷ ᠪᠦᠲᠦᠭᠡᠭᠳᠡᠬᠦᠨ ᠨᠢ ᠠᠯᠳᠠᠭᠳᠠᠯ ᠤᠴᠠᠷᠠᠭᠤᠯᠳᠠᠭ᠃ ᠬᠡᠷᠪᠡ ᠨᠡᠢᠲᠡ ᠠᠰᠢᠭ ᠣᠷᠣᠯᠭ᠎ᠠ ᠶ᠋ᠢᠨ ᠲᠣᠭᠠᠴᠠᠭᠠᠨ ᠠ᠋ᠴᠠ ᠬᠠᠷᠠᠬᠤ ᠶᠤᠮ ᠪᠣᠯ ᠪᠢᠳᠡ ᠠᠰᠢᠭ ᠣᠯᠵᠤ ᠪᠠᠢᠭ᠎ᠠ ᠴᠤ᠌ ᠡᠭᠦᠨ ᠳᠤᠮᠳᠠ ᠠᠰᠢᠭ ᠦᠭᠡᠢ ᠵᠦᠢᠯ ᠪᠠᠢᠭ᠎ᠠ ᠭᠡᠳᠡᠭ ᠢ᠋ ᠵᠥᠪᠬᠡᠨ ᠨᠠᠷᠢᠯᠢᠭ ᠲᠣᠭᠠᠴᠠᠭᠠᠨ ᠠ᠋ᠴᠠ ᠣᠯᠵᠤ ᠬᠠᠷᠠᠬᠤ ᠪᠣᠯᠤᠮᠵᠢ ᠲᠠᠢ ᠪᠠᠢᠳᠠᠭ ᠃ ᠪᠣᠳᠠᠲᠠᠢ ᠦᠢᠯᠡᠳᠪᠦᠷᠢᠯᠡᠯ ᠠᠮᠢᠳᠤᠷᠠᠯ ᠳᠤᠮᠳᠠ ᠡᠢᠮᠦ ᠪᠠᠢᠳᠠᠯ ᠲᠣᠬᠢᠶᠠᠯᠳᠤᠭᠰᠠᠨ ᠨᠥᠬᠥᠴᠡᠯ ᠳ᠋ᠦ᠍ ᠪᠢᠳᠡ ᠲᠣᠭᠠᠴᠠᠭ᠎ᠠ ᠪᠠᠷ ᠳᠡᠮᠵᠢᠵᠦ ᠣᠯᠵᠤ ᠮᠡᠳᠡᠭᠰᠡᠨ ᠠᠰᠢᠭ ᠣᠷᠣᠯᠭ᠎ᠠ ᠶ᠋ᠢᠨ ᠪᠠᠢᠳᠠᠯ ᠢ᠋ᠶ᠋ᠠᠨ ᠦᠨᠳᠦᠰᠦᠯᠡᠨ ᠠᠰᠢᠭ ᠣᠷᠣᠯᠭ᠎ᠠ ᠪᠠᠭ᠎ᠠ ᠪᠤᠶᠤ ᠠᠯᠳᠠᠭᠳᠠᠯ ᠲᠠᠢ ᠵᠦᠢᠯ ᠢ᠋ ᠦᠢᠯᠡᠳᠪᠦᠷᠢᠯᠡᠬᠦ ᠦᠭᠡᠢ ᠪᠤᠶᠤ ᠥᠭᠡᠷᠡᠴᠢᠯᠡᠵᠦ ᠂ ᠬᠠᠷᠢᠨ ᠠᠰᠢᠭ ᠣᠷᠣᠯᠭ᠎ᠠ ᠥᠨᠳᠥᠷ  ᠲᠡᠳᠡᠭᠡᠷ ᠲᠠᠸᠠᠷ ᠪᠦᠲᠦᠭᠡᠭᠳᠡᠬᠦᠨ ᠢ᠋ ᠢᠯᠡᠭᠦᠦ ᠦᠢᠯᠡᠳᠪᠦᠷᠢᠯᠡᠪᠡᠯ ᠲᠳᠠᠷᠠᠭᠠᠴᠢ ᠶ᠋ᠢᠨ ᠦᠢᠯᠡᠳᠪᠦᠷᠢᠯᠡᠯ ᠨᠡᠩ ᠥᠨᠳᠥᠷ ᠠᠰᠢᠭ ᠣᠷᠣᠯᠭ᠎ᠠ ᠣᠯᠬᠤ ᠪᠣᠯᠤᠨ᠎ᠠ᠃ 
ᠴᠡᠪᠡᠷ ᠣᠷᠣᠯᠭ᠎ᠠ ᠪᠣᠯ ᠠᠰᠢᠭ ᠣᠷᠣᠯᠭ᠎ᠠ ᠶ᠋ᠢ ᠢᠯᠡᠳᠬᠡᠬᠦ ᠭᠣᠣᠯ ᠢᠯᠡᠳᠬᠡᠭᠴᠢ ᠪᠠᠢᠳᠠᠭ ᠴᠤ᠌ ᠡᠭᠦᠨ ᠳ᠋ᠦ᠍ ᠪᠠᠰᠠ ᠬᠣᠶᠠᠷ ᠵᠦᠢᠯ ᠦ᠋ᠨ ᠣᠷᠣᠯᠭ᠎ᠠ ᠪᠠᠢᠵᠤ᠂ ᠲᠣᠭᠠᠴᠠᠭᠠᠨ ᠤ᠋ ᠶᠠᠪᠤᠴᠠ ᠳ᠋ᠤ᠌ ᠰᠠᠯᠭᠠᠵᠤ ᠦᠵᠡᠨ ᠪᠣᠳᠠᠲᠠᠢ ᠬᠠᠷᠢᠴᠠᠯ ᠢ᠋ ᠨᠢ ᠡᠵᠡᠮᠰᠢᠬᠦ ᠬᠡᠷᠡᠭᠲᠡᠢ᠃ ᠡᠨᠡ ᠨᠢ ᠳᠠᠷᠤᠢ ᠪᠡᠯᠡᠨ ᠮᠥᠩᠭᠥᠨ ᠦ᠌ ᠣᠷᠣᠯᠭ᠎ᠠ ᠪᠣᠯᠤᠨ ᠪᠡᠯᠡᠨ ᠪᠤᠰᠤ ᠮᠥᠩᠭᠥᠨ ᠦ᠌ ᠣᠷᠣᠯᠭ᠎ᠠ (ᠵᠢᠭᠡᠯᠡᠯᠭᠡ ᠬᠤᠳᠠᠯᠳᠤᠭ᠎ᠠ) ᠪᠣᠯᠤᠨ᠎ᠠ᠃ ᠲᠠᠸᠠᠷ ᠤ᠋ᠨ ᠦᠢᠯᠡᠳᠪᠦᠷᠢᠯᠡᠯ ᠳ᠋ᠦ᠍ ᠮᠠᠰᠢ ᠶᠡᠬᠡ ᠪᠡᠯᠡ ᠮᠥᠩᠭᠥᠨ ᠦ᠌ ᠱᠠᠭᠠᠷᠳᠠᠯᠭ᠎ᠠ ᠭᠠᠷᠳᠠᠭ᠃ ᠡᠨᠡ ᠨᠢ ᠪᠢᠳᠡᠨ ᠦ᠌ ᠶᠡᠷᠦᠳᠡ ᠶ᠋ᠢᠨ ᠬᠡᠯᠡᠳᠡᠭ ᠡᠷᠭᠢᠯᠲᠡ ᠶ᠋ᠢᠨ ᠬᠥᠷᠥᠩᠭᠡ ᠪᠣᠯᠤᠨ᠎ᠠ᠃ ᠦᠢᠯᠡᠳᠪᠦᠷᠢᠯᠡᠯ ᠦ᠋ᠨ ᠶᠠᠪᠤᠴᠠ ᠳ᠋ᠤ᠌ ᠵᠠᠪᠠᠯ ᠬᠠᠩᠭᠠᠯᠲᠠᠢ ᠡᠷᠭᠢᠯᠲᠡ ᠶ᠋ᠢᠨ ᠬᠥᠷᠥᠩᠭᠡ ᠪᠠᠢᠬᠤ ᠬᠡᠷᠡᠭᠲᠡᠢ᠂ ᠢᠩᠭᠢᠵᠦ ᠪᠠᠢᠵᠤ ᠪᠢᠳᠡᠨ ᠦ᠌ ᠦᠢᠯᠡᠳᠪᠦᠷᠢᠯᠡᠯ ᠲᠠᠰᠤᠷᠠᠯᠲᠠ ᠦᠭᠡᠢ ᠶᠠᠪᠤᠭᠳᠠᠵᠤ ᠴᠢᠳᠠᠨ᠎ᠠ᠃ ᠲᠡᠷᠡ ᠮᠥᠷᠲᠡᠭᠡᠨ ᠡᠷᠭᠢᠯᠲᠡ ᠶ᠋ᠢᠨ ᠬᠥᠷᠥᠩᠭᠡ ᠵᠠᠪᠠᠯ ᠪᠡᠯᠡᠨ ᠮᠥᠩᠭᠥ ᠪᠠᠢᠬᠤ ᠱᠠᠭᠠᠷᠳᠠᠯᠭ᠎ᠠ ᠲᠠᠢ᠃ ᠲᠡᠢᠮᠦ ᠡᠴᠡ ᠴᠡᠪᠡᠷ ᠣᠷᠣᠯᠭ᠎ᠠ ᠴᠢᠳᠠᠬᠤ ᠶ᠋ᠢᠨ ᠳᠣᠲᠣᠷ᠎ᠠ ᠪᠡᠯᠡᠨ ᠮᠥᠩᠭᠥᠨ ᠦ᠌ ᠣᠷᠣᠯᠭ᠎ᠠ ᠪᠠᠢᠪᠠᠯ ᠪᠢᠳᠡᠨ ᠦ᠌ ᠴᠢᠨᠠᠭᠰᠢᠳᠠ ᠶ᠋ᠢᠨ ᠦᠢᠯᠡᠳᠪᠦᠷᠢᠯᠡᠯ ᠳ᠋ᠦ᠍ ᠠᠰᠢᠭᠲᠠᠢ ᠪᠠᠢᠵᠤ᠂ ᠬᠥᠭᠵᠢᠯᠲᠡ ᠶ᠋ᠢ ᠴᠦ᠍ ᠵᠥᠪ ᠲᠥᠰᠦᠪᠯᠡᠵᠦ ᠴᠢᠳᠠᠨ᠎ᠠ᠃ ᠡᠭᠦᠨ ᠢ᠋ ᠳᠠᠷᠤᠢ ᠲᠦᠷᠭᠡᠨ ᠮᠡᠳᠡᠵᠦ᠂ ᠠᠯᠳᠠᠭᠳᠠᠯ ᠢ᠋ ᠪᠠᠭᠠᠰᠬᠠᠨ᠂ ᠠᠰᠢᠭ  ᠤ᠋ᠨ ᠣᠷᠣᠯᠭ᠎ᠠ ᠪᠠᠨ ᠨᠡᠮᠡᠭᠳᠡᠭᠦᠯᠦᠶ᠎ᠡ ᠭᠡᠪᠡᠯ ᠡᠷᠬᠡᠪᠰᠢ ᠲᠣᠭᠠᠴᠠᠭ᠎ᠠ ᠪᠠᠨ ᠤᠯᠠᠮ ᠨᠠᠷᠢᠯᠢᠭ ᠬᠢᠬᠦ ᠮᠥᠷᠲᠡᠭᠡᠨ ᠡᠳᠦᠷ ᠦ᠋ᠨ᠂ ᠭᠠᠷᠠᠭ ᠤ᠋ᠨ᠂ ᠰᠠᠷ᠎ᠠ ᠶ᠋ᠢᠨ᠂ ᠵᠢᠯ ᠦ᠋ᠨ ᠭᠡᠮᠡᠨ ᠠᠩᠭᠢᠯᠠᠬᠤ ᠬᠡᠷᠡᠭᠲᠡᠢ᠃ 
ᠲᠣᠭᠠᠴᠠᠭ᠎ᠠ ᠪᠠᠷ ᠳᠠᠮᠵᠢᠨ ᠣᠯᠵᠤ ᠬᠠᠷᠠᠭᠰᠠᠨ ᠠᠰᠢᠭ ᠣᠷᠣᠯᠭ᠎ᠠ ᠦᠭᠡᠢ ᠲᠠᠸᠠᠷ ᠤ᠋ᠨ ᠦᠢᠯᠡᠳᠪᠦᠷᠢᠯᠡᠯ ᠢ᠋ ᠵᠣᠭᠰᠣᠭᠠᠬᠤ ᠪᠤᠶᠤ ᠥᠭᠡᠷᠡᠴᠢᠯᠡᠨ᠂ ᠠᠰᠢᠭ ᠣᠷᠣᠯᠭ᠎ᠠ ᠲᠠᠢ ᠲᠠᠸᠠᠷ ᠤ᠋ᠨ ᠦᠢᠯᠡᠳᠪᠦᠷᠢᠯᠡᠯ  ᠢ᠋ᠶ᠋ᠡᠨ ᠥᠷᠭᠡᠳᠬᠡᠬᠦ ᠪᠣᠯ ᠨᠢᠭᠡ ᠶᠣᠰᠣᠨ ᠳ᠋ᠠᠭᠠᠨ ᠰᠠᠢᠨ ᠵᠠᠷᠤᠯᠭ᠎ᠠ ᠪᠠᠨ ᠨᠡᠮᠡᠭᠳᠡᠭᠦᠯᠵᠦ᠂ ᠮᠠᠭᠤ ᠵᠠᠷᠤᠯᠭ᠎ᠠ ᠪᠠᠨ ᠪᠠᠭᠠᠰᠬᠠᠵᠤ ᠪᠠᠢᠭ᠎ᠠ ᠶᠠᠪᠤᠳᠠᠯ ᠪᠣᠯᠤᠨ᠎ᠠ᠃ ᠲᠡᠢᠮᠦ ᠡᠴᠡ ᠠᠰᠢᠭ ᠣᠷᠣᠯᠭ᠎ᠠ ᠪᠠᠨ ᠨᠡᠮᠡᠭᠳᠡᠭᠦᠯᠬᠦ ᠶ᠋ᠢᠨ ᠲᠥᠯᠥᠭᠡ ᠥᠷᠥᠭᠡᠰᠦᠯ ᠢ᠋ᠶ᠋ᠡᠷ ᠵᠠᠷᠤᠯᠭ᠎ᠠ ᠪᠠᠨ ᠪᠠᠭᠠᠰᠬᠠᠬᠤ ᠪᠣᠯ ᠪᠤᠷᠤᠭᠤ ᠶᠤᠮ᠃ ᠬᠠᠷᠢᠨ ᠴᠤ᠌ ᠰᠠᠢᠨ ᠵᠠᠷᠤᠯᠭ᠎ᠠ ᠶ᠋ᠢ ᠨᠡᠮᠡᠭᠳᠡᠭᠦᠯᠵᠦ ᠪᠠᠢᠬᠤ ᠨᠢ ᠵᠦᠢᠲᠡᠢ᠃ 
ᠰᠠᠩᠬᠦᠦ᠂ ᠲᠣᠭᠠᠴᠠᠭᠠᠨ ᠤ᠋ ᠠᠵᠢᠯ ᠢ᠋ᠶ᠋ᠠᠷ ᠳᠠᠮᠵᠢᠨ ᠪᠢᠳᠡ ᠠᠵᠤ ᠠᠬᠤᠢ ᠠᠮᠢᠳᠤᠷᠠᠯ ᠳᠤᠮᠳᠠᠬᠢ ᠮᠠᠰᠢ ᠣᠯᠠᠨ ᠵᠦᠢᠯ ᠢ᠋ ᠲᠣᠳᠣ ᠣᠯᠵᠤ ᠬᠠᠷᠠᠨ᠂ ᠠᠰᠢᠭ ᠣᠷᠣᠯᠭ᠎ᠠ ᠪᠠᠨ ᠦᠨᠡᠨᠬᠦ ᠵᠥᠪ ᠪᠣᠳᠣᠵᠤ ᠭᠠᠷᠭᠠᠨ ᠂ ᠠᠯᠳᠠᠭᠳᠠᠯ ᠢ᠋ ᠪᠠᠭᠠᠰᠬᠠᠨ ᠂ ᠠᠰᠢᠭ ᠣᠷᠣᠯᠭ᠎ᠠ ᠶ᠋ᠢ ᠨᠡᠮᠡᠭᠳᠡᠭᠦᠯᠬᠦ ᠪᠦᠷᠢᠨ ᠪᠣᠯᠤᠮᠵᠢ ᠲᠠᠢ ᠶᠤᠮ ᠃ ᠡᠢᠮᠦ ᠡᠴᠡ ᠲᠠ ᠪᠢᠳᠡ ᠬᠡᠨ ᠨᠢ ᠴᠦ᠍ ᠥᠪᠡᠷ ᠦ᠋ᠨ ᠬᠤᠪᠢ ᠶ᠋ᠢᠨ ᠠᠮᠢᠳᠤᠷᠠᠯ ᠠ᠋ᠴᠠ ᠡᠬᠢᠯᠡᠨ ᠠᠢᠯ ᠭᠡᠷ ᠂ ᠺᠣᠮᠫᠠᠨᠢ ᠶ᠋ᠢᠨ ᠠᠵᠢᠯ ᠳ᠋ᠠᠭᠠᠨ ᠰᠠᠩᠬᠦᠦ ᠶ᠋ᠢᠨ ᠠᠵᠢᠯ ᠢ᠋ ᠤᠯᠠᠮ ᠨᠢᠭᠡ ᠠᠯᠬᠤᠮ ᠬᠦᠨᠳᠦᠳᠬᠡᠵᠦ ᠦᠵᠡᠬᠦ ᠨᠢ ᠪᠢᠳᠡᠨ ᠳ᠋ᠦ᠍ ᠣᠯᠠᠨ ᠶᠡᠬᠡ ᠠᠰᠢᠭ ᠣᠷᠣᠯᠭ᠎ᠠ ᠶ᠋ᠢ ᠠᠪᠴᠢᠷᠠᠵᠤ ᠥᠭᠬᠦ ᠪᠣᠯᠤᠨ᠎ᠠ ᠃

    ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ