ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠬᠣᠷᠢᠨ ᠨᠢᠭᠡ〕 Цаг төрийн үймээн – Д ᠂ Намдаг - Амьдралын зам ᠂ нэгдүгээр бүлэг - 21
ᠮᠥᠩᠭᠥᠨ ᠦ ᠠᠰᠠᠭᠤᠳᠠᠯ
ᠭᠡᠲᠡᠯ᠎ᠡ ᠡᠮᠡᠭᠲᠡᠢ ᠶ᠋ᠢᠨ ᠮᠣᠷᠢᠨ ᠲᠡᠷᠭᠡ ᠰᠠᠯᠬᠢ ᠰᠥᠷᠦᠨ ᠠᠭᠠᠵᠢᠭᠤᠬᠠᠨ ᠢ᠋ᠶ᠋ᠠᠷ ᠭᠠᠷᠴᠤ ᠢᠷᠡᠬᠦ ᠶ᠋ᠢ ᠦᠵᠡᠬᠦ ᠳ᠋ᠦ᠍᠂ ᠵᠤᠨ ᠴᠠᠭ ᠤ᠋ᠨ ᠲᠤᠩᠭᠠᠯᠠᠭ ᠨᠠᠷᠠᠨ ᠮᠠᠨᠳᠤᠨ ᠭᠠᠷᠬᠤ ᠰᠢᠭ᠋ ᠪᠣᠳᠣᠭᠳᠠᠨ᠎ᠠ᠃ ᠳᠡᠪᠡᠯ ᠦ᠋ᠨ ᠬᠣᠷᠮᠣᠢ ᠶ᠋ᠢ ᠳᠡᠭᠡᠭᠰᠢ ᠲᠡᠳᠡᠨ ᠭᠦᠶᠦᠬᠦ ᠭᠡᠰᠡᠨ ᠢ᠋ᠶ᠋ᠡᠨ᠄《ᠦᠭᠡᠢ ᠠ᠋᠂ ᠡᠨᠡ ᠴᠦ᠍ ᠬᠠᠷᠢᠨ ᠪᠣᠯᠳᠠᠭ ᠦᠭᠡᠢ ᠬᠡᠷᠡᠭ》 ᠭᠡᠵᠦ ᠰᠡᠳᠬᠢᠯ ᠪᠤᠴᠠᠭᠠᠨ᠂ ᠬᠥᠯ ᠢ᠋ᠶ᠋ᠡᠨ ᠬᠣᠢᠰᠢ ᠲᠠᠲᠠᠪᠠ᠃ ᠮᠣᠷᠢ ᠲᠡᠷᠭᠡ ᠬᠠᠵᠠᠭᠤ ᠳ᠋ᠤᠨᠢ ᠢᠷᠡᠯ᠎ᠡ᠃ ᠵᠢᠯᠣᠭᠣᠴᠢ ᠨᠢ ᠤᠴᠢᠷ ᠶᠠᠪᠤᠳᠠᠯ ᠢ᠋ ᠡᠷᠬᠡ ᠦᠭᠡᠢ ᠭᠠᠳᠠᠷᠯᠠᠭᠰᠠᠨ ᠪᠣᠯᠤᠯᠲᠠᠢ ᠢᠨᠢᠶᠡᠮᠰᠦᠭᠯᠡᠨ ᠮᠣᠷᠢᠨ ᠤ᠋ ᠪᠠᠨ ᠠᠮᠠ ᠶ᠋ᠢ ᠲᠠᠲᠠᠯ᠎ᠠ᠃ ᠡᠮᠡᠭᠲᠡᠢ ᠪᠠᠰᠠ ᠢᠨᠢᠶᠡᠮᠰᠦᠭᠯᠡᠨ ᠲᠡᠷᠭᠡᠨ ᠡᠴᠡ ᠪᠡᠨ ᠲᠣᠯᠣᠭᠠᠢ ᠴᠤᠬᠤᠢᠯᠭᠠᠨ ᠤᠭᠲᠤᠪᠠ᠃
— ᠪᠢ ᠲᠠᠨ ᠢ᠋ ᠪᠠᠢᠬᠤ ᠦᠭᠡᠢ ᠴᠦ᠍ ᠪᠠᠢᠵᠤ ᠮᠠᠭᠠᠳ ᠦᠭᠡᠢ ᠭᠡᠵᠦ ᠪᠣᠳᠣᠵᠤ ᠶᠠᠪᠤᠯ᠎ᠠ ᠰᠢᠦ ᠭᠡᠵᠦ ᠡᠮᠡᠭᠲᠡᠢ ᠪᠠᠶᠠᠷᠯᠠᠭᠰᠠᠨ ᠪᠠᠢᠳᠠᠯ ᠢ᠋ᠶ᠋ᠠᠷ ᠥᠭᠦᠯᠡᠭᠰᠡᠨ ᠢ᠋ᠶ᠋ᠡᠨ᠄
《ᠲᠠ ᠮᠢᠨᠦ ᠰᠡᠳᠬᠢᠯ ᠢ᠋ ᠮᠡᠳᠡᠭᠴᠢ》 ᠭᠡᠰᠡᠨ ᠪᠠᠢᠳᠠᠯ ᠢ᠋ᠶ᠋ᠠᠷ ᠪᠠᠯᠳᠠᠨᠴᠡᠷᠢᠩ ᠢ᠋ ᠰᠢᠷᠳᠡᠪᠡ᠃
— ᠬᠠᠮᠢᠭ᠎ᠠ ᠠ᠋ᠴᠠ᠂ ᠪᠢ ᠥᠪᠡᠷ ᠢ᠋ᠶ᠋ᠡᠨ ᠲᠡᠷᠭᠡᠨ ᠳ᠋ᠦ᠍ ᠴᠢᠨᠢ ᠳᠠᠢᠭᠳᠠᠬᠤ ᠭᠡᠵᠦ ᠭᠤᠶᠤᠭᠰᠠᠨ ᠰᠢᠦ ᠳᠡ᠃
— ᠲᠡᠷᠡ ᠴᠦ᠍ ᠲᠡᠢᠮᠦ ᠯᠡ ᠳᠡ᠃ ᠭᠡᠯᠡ ᠴᠦ᠍ ᠪᠢ ᠲᠡᠭᠡᠵᠦ ᠪᠣᠳᠣᠭᠰᠠᠨ ᠶᠤᠮ᠃ ᠵᠠ ᠲᠠ ᠰᠠᠭᠤ! ᠡᠨᠡ ᠲᠩᠷᠢ ᠶᠠᠭ ᠦᠭᠡᠢ ᠮᠠᠭᠤᠬᠠᠢ ᠪᠠᠢᠨ᠎ᠠ᠃
ᠪᠠᠯᠳᠠᠨᠴᠡᠷᠢᠩ ᠲᠡᠷᠭᠡᠨ ᠳ᠋ᠦ᠍ᠨᠢ ᠶᠠᠭᠠᠷᠠᠨ ᠭᠠᠷᠴᠤ ᠰᠠᠭᠤᠪᠠ᠃ ᠮᠣᠷᠢᠨ ᠲᠡᠷᠭᠡ ᠣᠷᠣᠭᠰᠢ ᠬᠥᠳᠡᠯᠦᠨ ᠶᠠᠪᠤᠯ᠎ᠠ᠃ ᠪᠥᠮᠪᠥᠭᠡᠷ ᠪᠦᠷᠢᠶᠡᠰᠦᠲᠦ ᠳᠤᠭᠤᠢ ᠨᠤᠭᠤᠳ ᠤ᠋ᠨ ᠬᠢᠨᠢ ᠵᠥᠭᠡᠯᠡᠨ ᠡᠷᠭᠢᠯᠲᠡ ᠪᠠ ᠰᠠᠭᠤᠳᠠᠯ ᠤ᠋ᠨ ᠳᠣᠣᠷᠠᠬᠢ ᠨᠤᠮᠤ ᠶ᠋ᠢᠨ ᠨᠠᠬᠢᠯᠵᠠᠬᠤ ᠨᠢ ᠤᠷᠢᠳ ᠤ᠋ᠨ ᠬᠢ ᠡᠴᠡ ᠪᠡᠨ ᠪᠦᠷ ᠴᠦ᠍ ᠠᠶᠠᠲᠠᠢᠬᠠᠨ ᠪᠣᠯᠤᠭᠰᠠᠨ ᠰᠢᠭ᠋ ᠰᠠᠨᠠᠭᠳᠠᠨ᠎ᠠ᠃
— ᠢᠩᠭᠢᠬᠦ ᠳ᠋ᠦ᠍ ᠲᠠ ᠨᠥᠭᠦᠭᠡ ᠲᠥᠯᠭᠡ ᠠᠢᠯᠠᠳᠬᠠᠭᠤᠯᠬᠤ ᠭᠡᠰᠡᠨ ᠢ᠋ᠶ᠋ᠡᠨ ᠶᠠᠭᠠᠬᠢᠯ᠎ᠠ᠂ ᠠᠮᠵᠢᠭᠰᠠᠨ ᠪᠢᠵᠡ ᠳᠡ ᠭᠡᠵᠦ ᠡᠮᠡᠭᠲᠡᠢ ᠥᠴᠥᠭᠡᠳᠦᠷ ᠦ᠋ᠨ ᠬᠢᠨᠢ ᠬᠤᠳᠠᠯ ᠬᠡᠯᠡᠭᠰᠡᠨ ᠢ᠋ ᠮᠡᠳᠡᠭᠰᠡᠨ ᠪᠣᠯᠤᠯᠲᠠᠢ ᠨᠢᠳᠦ ᠪᠡᠷ ᠢ᠋ᠶ᠋ᠡᠨ ᠢᠨᠢᠶᠡᠮᠰᠦᠭᠯᠡᠪᠡ᠃ ᠪᠠᠯᠳᠠᠨᠴᠡᠷᠢᠩ᠄《ᠲᠡᠭᠦᠨ ᠢ᠋ ᠮᠢᠨᠢ ᠮᠡᠳᠡᠭᠰᠡᠨ ᠪᠣᠯ ᠪᠦᠷ ᠴᠦ᠍ ᠰᠠᠢᠨ》 ᠭᠡᠵᠦ ᠳᠣᠲᠣᠷ᠎ᠠ ᠪᠠᠨ ᠪᠠᠶᠠᠷᠯᠠᠨ᠄
— ᠠᠮᠵᠢᠭᠰᠠᠨ᠃ ᠵᠦᠭᠡᠷ ᠴᠦ᠍ ᠦᠭᠡᠢ ᠬᠦᠰᠡᠭᠰᠡᠨ ᠬᠦᠰᠡᠯ ᠰᠡᠳᠬᠢᠯᠴᠢᠯᠡᠨ ᠪᠦᠲᠦᠬᠦ ᠲᠥᠯᠭᠡ ᠪᠠᠭᠤᠭᠰᠠᠨ ᠰᠢᠦ ᠭᠡᠳ《ᠲᠠ ᠴᠣᠬᠣᠮ ᠶᠠᠭᠤ ᠬᠦᠰᠡᠳᠡᠭ ᠶᠦᠮ ᠪᠣᠢ?》 ᠭᠡᠵᠦ ᠠᠰᠠᠭᠤᠬᠤ ᠶ᠋ᠢ ᠬᠦᠯᠢᠶᠡᠯ᠎ᠡ᠃ ᠬᠡᠷᠪᠡ ᠢᠩᠭᠢᠵᠦ《ᠠᠰᠠᠭᠤᠪᠠᠯ》《 ᠬᠤᠪᠢ ᠵᠠᠶᠠᠭᠠᠨ ᠤ᠋ ᠪᠠᠨ ᠬᠠᠨᠢ ᠶ᠋ᠢ ᠯᠡ᠁》 ᠭᠡᠵᠦ ᠬᠠᠷᠢᠭᠤᠯᠬᠤ ᠭᠡᠰᠡᠨ ᠠᠵᠢ᠃ ᠭᠡᠲᠡᠯ᠎ᠡ ᠡᠮᠡᠭᠲᠡᠢ ᠲᠡᠭᠡᠵᠦ ᠠᠰᠠᠭᠤᠬᠤ ᠶ᠋ᠢᠨ ᠣᠷᠣᠨ ᠳ᠋ᠤ᠌ ᠲᠠᠰᠤ ᠥᠭᠡᠷ᠎ᠡ ᠶ᠋ᠢ ᠪᠣᠳᠣᠨ ᠳᠣᠷᠣᠭᠰᠢ ᠰᠢᠷᠲᠡᠨ᠎ᠡ᠃ ᠲᠡᠭᠦᠨ ᠢ᠋ ᠨᠢ ᠪᠠᠯᠳᠠᠨᠴᠡᠷᠢᠩ ᠨᠢᠳᠦ ᠰᠠᠯᠭᠠᠯ ᠦᠭᠡᠢ ᠠᠵᠢᠭᠯᠠᠨ ᠶᠠᠪᠤᠯ᠎ᠠ᠃ ᠭᠡᠨᠡᠳᠲᠡ《ᠲᠠᠢᠰᠢ ᠪᠠᠨ》 ᠭᠡᠵᠦ ᠠᠮᠠᠨ ᠳ᠋ᠠᠭᠠᠨ ᠥᠭᠦᠯᠡᠨ ᠪᠡᠶ᠎ᠡ ᠬᠤᠷᠢᠶᠠᠬᠤ ᠳ᠋ᠤᠨᠢ ᠰᠣᠴᠢᠨ᠂ ᠬᠣᠷᠮᠣᠢ ᠬᠣᠲᠣ ᠶ᠋ᠢ ᠨᠢ ᠵᠠᠰᠠᠨ ᠪᠡᠶ᠎ᠡ ᠪᠡᠨ ᠳᠥᠬᠥᠭᠦᠯᠦᠨ ᠰᠠᠭᠤᠪᠠ᠃ ᠡᠭᠦᠨ ᠳ᠋ᠦ᠍ᠨᠢ ᠡᠮᠡᠭᠲᠡᠢ ᠪᠠᠶᠠᠷᠯᠠᠨ᠂ ᠴᠡᠭᠡᠵᠢᠨ ᠳ᠋ᠦ᠍ᠨᠢ ᠲᠣᠯᠣᠭᠠᠢ ᠥᠭᠭᠦᠨ ᠲᠦᠰᠢᠪᠡ᠃
ᠨᠢᠭᠡ ᠮᠡᠳᠡᠬᠦ ᠳ᠋ᠦ᠍ ᠪᠠᠯᠳᠠᠨᠴᠡᠷᠢᠩ ᠨᠢᠭᠡ ᠭᠠᠷ ᠢ᠋ᠶ᠋ᠠᠨ ᠡᠮᠡᠭᠲᠡᠢ ᠶ᠋ᠢᠨ ᠬᠦᠵᠦᠭᠦᠦ ᠳᠡᠭᠡᠭᠦᠷ ᠲᠠᠯᠪᠢᠭᠤᠯᠤᠨ ᠲᠡᠪᠡᠷᠢᠵᠦ᠂ ᠨᠥᠭᠦᠭᠡ ᠭᠠᠷ ᠢ᠋ᠶ᠋ᠠᠨ ᠬᠠᠯᠠᠭᠤᠨ ᠨᠢᠳᠤᠷᠭ᠎ᠠ ᠲᠠᠢ ᠬᠠᠨᠴᠤᠢ ᠳ᠋ᠠᠭᠠᠨ ᠵᠥᠷᠢᠭᠦᠯᠦᠨ ᠬᠢᠭᠰᠡᠨ ᠭᠠᠷ ᠤᠷᠤᠭᠤ ᠨᠢ ᠣᠷᠣᠭᠤᠯᠤᠨ ᠬᠣᠶᠠᠷ ᠭᠠᠷ ᠢ᠋ ᠨᠢ ᠠᠳᠬᠤᠭᠰᠠᠨ ᠪᠠᠢᠯ᠎ᠠ᠃ ᠤᠷᠢᠲᠠᠢ ᠨᠢ ᠵᠢᠯᠣᠭᠣᠴᠢ ᠶᠡᠷᠦ ᠠᠵᠢᠭ ᠦᠭᠡᠢ ᠵᠥᠪᠬᠡᠨ ᠤᠷᠳᠤᠬᠢ ᠵᠠᠮ ᠢ᠋ᠶ᠋ᠠᠨ ᠰᠢᠷᠲᠡᠨ ᠶᠠᠪᠤᠨ᠎ᠠ᠃ ᠨᠢᠭᠡ ᠤᠳᠠᠭ᠎ᠠ ᠰᠠᠨᠠᠮᠰᠠᠷ ᠦᠭᠡᠢ ᠡᠷᠭᠢᠨ ᠬᠠᠷᠠᠭᠰᠠᠨ ᠢ᠋ᠶ᠋ᠠᠨ᠄《ᠦᠭᠡᠢ ᠲᠠ ᠨᠠᠷ ᠮᠢᠨᠢ ᠪᠦᠷ ᠡᠢᠮᠦ ᠪᠣᠯᠴᠢᠬᠠᠭᠰᠠᠨ ᠤᠤ?》 ᠭᠡᠬᠦ ᠰᠢᠭ ᠭᠠᠢᠬᠠᠨ ᠬᠠᠷᠠᠭᠰᠠᠨ ᠢ᠋ᠶ᠋ᠠᠨ ᠳᠠᠷᠤᠢ ᠡᠷᠭᠢᠵᠦ᠂
— ᠦᠭᠡᠢ ᠲᠠ ᠮᠢᠨᠢ᠂ ᠥᠨᠥᠳᠥᠷ ᠦ᠋ᠨ ᠲᠩᠷᠢ ᠪᠠᠰᠠ ᠮᠠᠭᠤᠬᠠᠢ ᠠ᠋?
— ᠲᠡᠢᠮᠦ ᠠ᠋᠃ ᠲᠤᠩ ᠠᠢᠬᠤᠪᠲᠤᠷ ᠪᠠᠢᠨ᠎ᠠ ᠭᠡᠵᠦ ᠪᠠᠯᠳᠠᠨᠴᠡᠷᠢᠩ ᠶᠡᠬᠡᠳᠡ ᠳᠠᠪᠲᠠᠨ ᠬᠡᠯᠡᠭᠰᠡᠨ ᠢ᠋ᠶ᠋ᠡᠨ ᠳᠠᠬᠢᠨ ᠡᠷᠭᠢᠵᠦ ᠬᠠᠷᠠᠬᠤ ᠶ᠋ᠢ ᠨᠢ ᠮᠡᠳᠡᠨ ᠰᠡᠳᠬᠢᠯ ᠢ᠋ᠶ᠋ᠡᠨ ᠵᠠᠰᠠᠪᠠ᠃ ᠡᠮᠡᠭᠲᠡᠢ ᠶ᠋ᠢ ᠦᠵᠡᠪᠡᠯ ᠨᠢᠭᠤᠷ ᠨᠢ ᠬᠤᠨᠳᠠᠨ ᠶᠠᠭᠠᠨ ᠪᠣᠯᠤᠭᠰᠠᠨ ᠦᠵᠡᠭᠳᠡᠪᠡ᠃ ᠭᠡᠪᠡᠴᠦ ᠪᠠᠯᠳᠠᠨᠴᠡᠷᠢᠩ ᠦ᠋ᠨ ᠭᠠᠷ ᠢ᠋ ᠵᠠᠢᠯᠠᠭᠤᠯᠬᠤ ᠶ᠋ᠢᠨ ᠣᠷᠣᠨ ᠳ᠋ᠤ᠌ ᠬᠠᠷᠢᠨ ᠴᠢᠩᠭ᠎ᠠ ᠠᠳᠬᠤᠬᠤ ᠠᠵᠢ᠃ ᠵᠢᠯᠣᠭᠣᠴᠢ ᠰᠠᠨᠠᠮᠰᠠᠷ ᠦᠭᠡᠢ ᠡᠷᠭᠢᠨ ᠬᠠᠷᠠᠵᠤ ᠲᠡᠷᠡ ᠬᠣᠶᠠᠷ ᠢ᠋ ᠰᠣᠴᠢᠭᠠᠭᠰᠠᠨ ᠳ᠋ᠠᠭᠠᠨ ᠵᠣᠪᠠᠬᠤ ᠲᠡᠳᠦᠢ ᠦᠭᠡᠢ ᠬᠠᠵᠠᠭᠤ ᠪᠠᠷ ᠥᠩᠭᠡᠷᠡᠬᠦ ᠬᠥᠮᠦᠨ ᠡᠴᠡ ᠴᠦ᠍ ᠢᠴᠢᠨ ᠡᠮᠢᠶᠡᠬᠦ ᠶᠠᠭᠤᠮ᠎ᠠ ᠦᠭᠡᠢ ᠶᠠᠪᠤᠭᠤᠯᠬᠤ ᠶ᠋ᠢ ᠪᠣᠳᠣᠪᠠ᠃《ᠦᠭᠡᠢ ᠪᠠᠢᠵᠠ! ᠪᠢ ᠲᠠ ᠬᠣᠶᠠᠷ ᠤ᠋ᠨ ᠤᠷᠳᠤᠭᠤᠷ ᠨᠢᠭᠡ ᠵᠢᠪᠠᠷ ᠬᠠᠯᠬᠠᠯᠠᠬᠤ ᠶᠠᠭᠤᠮ᠎ᠠ ᠬᠢᠶ᠎ᠡ》 ᠭᠡᠵᠦ ᠡᠷᠭᠢᠵᠦ ᠬᠠᠷᠠᠯ ᠦᠭᠡᠢ ᠮᠣᠷᠢᠨ ᠤ᠋ ᠪᠠᠨ ᠠᠮᠠ ᠶ᠋ᠢ ᠲᠡᠳᠡᠨ ᠲᠡᠷᠭᠡᠨ ᠡᠴᠡ ᠪᠠᠭᠤᠪᠠ᠃ ᠲᠡᠭᠡᠭᠡᠳ ᠰᠠᠭᠤᠳᠠᠯ ᠤ᠋ᠨ ᠢ᠋ᠶ᠋ᠠᠨ ᠳᠣᠣᠷᠠᠬᠢ ᠬᠠᠢᠷᠴᠠᠭ ᠢ᠋ ᠠᠭᠤᠳᠠᠯᠤᠨ ᠴᠡᠴᠡᠭ ᠦ᠋ᠨ ᠬᠡ ᠲᠡᠢ ᠨᠢᠮᠭᠡᠨ ᠪᠦᠲᠡᠭᠡᠯᠭᠡ ᠭᠠᠷᠭᠠᠨ ᠲᠡᠷᠭᠡᠨ ᠦ᠌ ᠮᠤᠬᠤᠯᠠᠭ ᠤ᠋ᠨ ᠳᠡᠭᠡᠳᠦ ᠲᠠᠯ᠎ᠠ ᠠ᠋ᠴᠠ ᠤᠶᠠᠨ ᠬᠠᠯᠬᠠᠪᠴᠢ ᠬᠢᠵᠦ ᠡᠬᠢᠯᠡᠪᠡ᠃ ᠲᠡᠷᠡ ᠵᠠᠭᠤᠷ᠎ᠠ ᠪᠠᠨ ᠨᠥᠭᠦᠭᠡ ᠬᠣᠶᠠᠷ ᠠ᠋ᠴᠠ ᠬᠠᠷᠠᠭ᠎ᠠ ᠪᠤᠷᠤᠭᠤᠯᠠᠬᠤ ᠶ᠋ᠢ ᠣᠷᠣᠯᠳᠣᠬᠤ ᠪᠣᠯᠪᠠᠴᠤ᠂ ᠨᠢᠳᠦ ᠨᠢ ᠰᠠᠪᠠᠭ᠎ᠠ ᠦᠭᠡᠢ ᠢᠨᠢᠶᠡᠮᠰᠦᠭᠯᠡᠨ ᠬᠣᠷᠭᠣᠳᠠᠨ᠎ᠠ᠃ ᠲᠡᠭᠦᠨ ᠢ᠋ ᠪᠠᠯᠳᠠᠨᠴᠡᠷᠢᠩ ᠮᠡᠳᠡᠨ᠄
— ᠦᠭᠡᠢ᠂ ᠪᠢᠳᠡ ᠶᠠᠭᠠᠬᠢᠬᠤᠪ᠃ ᠲᠠ ᠯᠠ ᠨᠠᠰᠤᠲᠠᠢ ᠪᠠᠷ ᠢ᠋ᠶ᠋ᠠᠨ ᠪᠡᠶ᠎ᠡ ᠪᠡᠨ ᠪᠣᠳᠣᠪᠠᠯ ᠳᠡᠭᠡᠷ᠎ᠡ ᠪᠢᠰᠢ ᠤᠤ? ᠭᠡᠬᠦ ᠳ᠋ᠦ᠍
— ᠵᠦᠭᠡᠷ ᠠ᠋᠂ ᠳᠡᠪᠡᠯ ᠮᠢᠨᠢ ᠵᠤᠵᠠᠭᠠᠨ ᠰᠢᠦ ᠳᠡ ᠭᠡᠵᠦ ᠡᠭᠴᠡᠯᠡᠨ ᠬᠠᠷᠠᠪᠠ᠃ ᠪᠦᠲᠡᠭᠡᠯᠭᠡ ᠶ᠋ᠢ ᠲᠠᠯ᠎ᠠ ᠲᠠᠯ᠎ᠠ ᠲᠠᠢᠰᠢ ᠨᠢ ᠲᠡᠳᠡᠨ ᠤᠶᠠᠵᠤ ᠪᠢᠲᠡᠭᠦᠦ ᠬᠠᠯᠬᠠᠪᠴᠢ ᠬᠢᠭᠰᠡᠨ ᠦ᠌ ᠪᠡᠨ ᠳᠠᠷᠠᠭ᠎ᠠ᠂
— ᠵᠠ ᠶᠠᠮᠠᠷ ᠪᠠᠢᠨ᠎ᠠ᠂ ᠠᠶᠠᠲᠠᠢᠬᠠᠨ ᠪᠣᠯᠤᠯ᠎ᠠ ᠪᠢᠵᠡ ᠳᠡ ᠭᠡᠵᠦ ᠢᠨᠢᠶᠡᠮᠰᠦᠭᠯᠡᠨ ᠱᠠᠭᠠᠢᠪᠠ᠃ ᠡᠨᠡ ᠨᠢ《ᠲᠠ ᠬᠣᠶᠠᠷ ᠡᠨᠡ ᠬᠠᠭᠠᠯᠲᠠ ᠶ᠋ᠢᠨ ᠴᠠᠭᠠᠨ᠎ᠠ ᠶᠠᠭᠠᠬᠢᠬᠤ ᠯᠠ ᠰᠠᠨᠵᠢ᠂ ᠳᠤᠷ᠎ᠠ ᠪᠠᠷ ᠢ᠋ᠶ᠋ᠠᠨ ᠪᠣᠯ》 ᠭᠡᠰᠡᠨ ᠳᠣᠬᠢᠶ᠎ᠠ ᠪᠠᠢᠵᠠᠢ᠃ ᠲᠠᠰᠢᠭᠤᠷ ᠤ᠋ᠨ ᠳᠠᠭᠤᠨ ᠱᠠᠪᠬᠢᠨ ᠳᠤᠤᠭᠠᠷᠴᠤ᠂ ᠮᠣᠷᠢ ᠤᠷᠤᠭᠰᠢ ᠵᠢᠳᠬᠦᠨ ᠱᠣᠭᠰᠢᠬᠤ ᠳ᠋ᠤ᠌ ᠡᠷᠢᠶᠡᠨ ᠪᠦᠲᠡᠭᠡᠯᠭᠡ ᠰᠠᠯᠬᠢᠨ ᠳ᠋ᠤ᠌ ᠲᠥᠷᠥᠭᠳᠡᠨ ᠬᠣᠢᠰᠢ ᠰᠠᠭᠤᠵᠤ ᠬᠠᠷᠠᠩᠭᠤᠢ ᠭᠡᠷ ᠲᠦ᠍ ᠪᠠᠢᠭ᠎ᠠ ᠰᠢᠭ᠋ ᠪᠣᠯᠭᠠᠪᠠ᠂ ᠪᠠᠯᠳᠠᠨᠴᠡᠷᠢᠩ ᠡᠮᠡᠭᠲᠡᠢ ᠶ᠋ᠢᠨ ᠬᠣᠷᠮᠣᠢ ᠶ᠋ᠢ ᠲᠠᠬᠢᠮ ᠳᠣᠣᠭᠤᠷ ᠨᠢ ᠣᠷᠣᠭᠤᠯᠤᠨ ᠵᠠᠰᠠᠭᠠᠳ᠂ ᠲᠦᠷᠦᠭᠦᠴᠢ ᠶ᠋ᠢᠨ ᠪᠠᠢᠳᠠᠯ ᠢ᠋ᠶ᠋ᠠᠷ ᠨᠢᠭᠡ ᠭᠠᠷ ᠢ᠋ᠶ᠋ᠠᠨ ᠬᠦᠵᠦᠭᠦᠨ ᠳᠡᠭᠡᠭᠦᠷ ᠨᠢ ᠲᠠᠯᠪᠢᠭᠤᠯᠤᠨ ᠲᠡᠪᠡᠷᠢᠵᠦ᠂ ᠨᠥᠭᠦᠭᠡ ᠭᠠᠷ ᠢ᠋ᠶ᠋ᠠᠨ ᠬᠠᠨᠴᠤᠢ ᠳ᠋ᠠᠭᠠᠨ ᠵᠥᠷᠢᠭᠦᠯᠦᠭᠰᠡᠨ ᠭᠠᠷ ᠤᠷᠤᠭᠤ ᠨᠢ ᠣᠷᠣᠭᠤᠯᠪᠠ᠃ ᠬᠠᠷᠢᠭᠤ ᠳ᠋ᠤᠨᠢ ᠡᠮᠡᠭᠲᠡᠢ ᠪᠦᠬᠦ ᠪᠡᠶ᠎ᠡ ᠪᠡᠨ ᠣᠢᠷᠠᠲᠤᠭᠤᠯᠵᠤ ᠥᠭᠭᠦᠭᠡᠳ ᠲᠣᠯᠣᠭᠠᠢ ᠪᠠᠨ ᠬᠠᠴᠠᠷ ᠲᠤᠨᠢ ᠲᠤᠯᠭᠠᠪᠠ᠃ ᠲᠡᠭᠦᠨ ᠡᠴᠡ ᠨᠢ ᠨᠠᠮᠤ ᠴᠡᠴᠡᠭ ᠦ᠋ᠨ ᠦᠨᠦᠷᠲᠦ ᠰᠠᠪᠤᠩ᠂ ᠥᠭᠡᠷ᠎ᠡ ᠨᠢᠭᠡᠨ ᠬᠤᠷᠴᠠ ᠦᠨᠦᠷᠲᠦ ᠤᠰᠤ ᠬᠣᠶᠠᠷ ᠤ᠋ᠨ ᠰᠡᠷᠭᠦᠯᠡᠩ ᠦᠨᠦᠷ ᠬᠠᠩᠬᠤᠯᠤᠨ᠎ᠠ᠃ ᠭᠡᠪᠡᠴᠦ ᠡᠳᠡᠭᠡᠷ ᠡᠴᠡ ᠬᠠᠮᠢᠶ᠎ᠠ ᠦᠭᠡᠢ ᠳᠠᠪᠠᠭᠤ ᠲᠠᠢ ᠨᠢ ᠡᠮᠡᠭᠲᠡᠢ ᠶ᠋ᠢᠨ ᠥᠪᠡᠷ ᠦ᠋ᠨ ᠬᠠᠯᠠᠭᠤᠨ ᠠᠮᠢᠰᠬᠤᠯ ᠤ᠋ᠨ ᠠᠭᠤᠷ ᠪᠠᠢᠯ᠎ᠠ᠃ ᠡᠨᠡ ᠠᠮᠢᠰᠬᠤᠯ ᠢ᠋ ᠪᠠᠯᠳᠠᠨᠴᠡᠷᠢᠩ ᠬᠠᠮᠤᠭ ᠤ᠋ᠨ ᠠᠷᠢᠭᠤᠨ ᠳ᠋ᠤ᠌᠂ ᠭᠠᠷ ᠲᠤ ᠪᠠᠷᠢᠭᠳᠠᠨ ᠪᠠᠢᠭ᠎ᠠ ᠭᠠᠷ ᠢ᠋ ᠨᠢ ᠬᠠᠮᠤᠭ ᠤ᠋ᠨ ᠤᠷᠠᠨ ᠳ᠋ᠤ᠌᠂ ᠡᠭᠦᠨ ᠡᠴᠡ ᠴᠠᠭᠠᠰᠢ ᠲᠡᠪᠡᠷᠢᠭᠳᠡᠨ ᠶᠠᠪᠤᠭ᠎ᠠ ᠲᠡᠷᠡ ᠪᠡᠶ᠎ᠡ ᠶ᠋ᠢ ᠨᠢ ᠪᠦᠬᠦ ᠶᠢᠷᠲᠢᠨᠴᠦ ᠶ᠋ᠢᠨ ᠭᠤᠸ᠎ᠠ ᠰᠠᠢᠬᠠᠨ ᠤ᠋ ᠮᠠᠩᠯᠠᠢ ᠭᠡᠵᠦ ᠪᠣᠳᠣᠨ᠎ᠠ᠃ ᠤᠭ ᠨᠢ ᠪᠠᠯᠳᠠᠨᠴᠡᠷᠢᠩ ᠣᠳᠣ ᠯᠠ ᠡᠢᠮᠦ ᠰᠠᠢᠬᠠᠨ ᠵᠠᠪᠰᠢᠶᠠᠨ ᠲᠣᠬᠢᠶᠠᠯᠳᠤᠭᠰᠠᠨ ᠳᠡᠭᠡᠷ᠎ᠡ ᠥᠪᠡᠷ ᠦ᠋ᠨ ᠢ᠋ᠶ᠋ᠡᠨ ᠬᠦᠰᠡᠯ ᠪᠣᠳᠣᠯ ᠢ᠋ ᠠᠭᠤᠳᠠᠯᠤᠨ ᠭᠠᠷᠭᠠᠭᠤᠰᠢᠲᠠᠢ ᠪᠠᠢᠯ᠎ᠠ᠃ ᠭᠡᠲᠡᠯ᠎ᠡ ᠲᠡᠷᠡ ᠲᠤᠬᠠᠢ ᠶᠠᠭᠤ ᠴᠦ᠍ ᠦᠭᠡᠢ᠂ ᠥᠭᠡᠷ᠎ᠡ ᠪᠡᠷ ᠬᠡᠯᠡᠬᠦ ᠳ᠋ᠦ᠍ ᠢᠨᠠᠭ ᠤ᠋ᠨ ᠬᠠᠯᠠᠭᠤᠨ ᠳ᠋ᠤ᠌ ᠰᠣᠭᠲᠣᠭᠤᠷᠠᠨ᠂ ᠢᠷᠡᠭᠡᠳᠦᠢ ᠶ᠋ᠢᠨ ᠢ᠋ᠶ᠋ᠡᠨ ᠬᠤᠪᠢ ᠵᠠᠶᠠᠭ᠎ᠠ ᠶ᠋ᠢ ᠴᠦ᠍ ᠮᠠᠷᠲᠠᠭᠰᠠᠨ ᠠᠵᠢ᠃
ᠪᠡᠶ᠎ᠡ ᠪᠡᠶ᠎ᠡ ᠳ᠋ᠡᠭᠡᠨ ᠤᠬᠠᠭᠠᠨ ᠵᠢᠯᠣᠭᠣ ᠦᠭᠡᠢ ᠳᠤᠷᠠᠯᠠᠭᠰᠠᠨ ᠲᠡᠷᠡ ᠬᠣᠶᠠᠷ ᠦᠭᠡ ᠶᠠᠷᠢᠶᠠᠨ ᠦᠭᠡᠢ ᠶᠠᠪᠤ ᠶᠠᠪᠤᠭᠰᠠᠭᠠᠷ ᠮᠣᠷᠢ ᠲᠡᠷᠭᠡ ᠶ᠋ᠢᠨ ᠢ᠋ᠶ᠋ᠡᠨ ᠭᠡᠨᠡᠳᠲᠡ ᠵᠣᠭᠰᠣᠬᠤ ᠳ᠋ᠤ᠌《ᠦᠭᠡᠢ ᠡᠨᠡ ᠴᠢᠨᠢ ᠶᠠᠭᠤ ᠪᠢᠯᠡ?》 ᠭᠡᠵᠦ ᠪᠣᠳᠣᠨ ᠬᠣᠶᠠᠭᠤᠯᠠ ᠵᠡᠷᠭᠡ ᠰᠣᠴᠢᠪᠠ᠃
— ᠦᠭᠡᠢ ᠬᠦ ᠶᠠᠭᠤ ᠪᠢᠯᠡ? ᠲᠠᠨ ᠤ᠋ ᠬᠢ ᠴᠢᠨᠢ ᠡᠨᠳᠡ ᠪᠠᠢᠬ᠎ᠠ ᠠ᠋? ᠭᠡᠵᠦ ᠵᠢᠯᠣᠭᠣᠴᠢ ᠶ᠋ᠢᠨ ᠠᠰᠠᠭᠤᠬᠤ ᠰᠣᠨᠣᠰᠤᠭᠳᠠᠬᠤ ᠳ᠋ᠤ᠌᠂ ᠪᠠᠯᠳᠠᠨᠴᠡᠷᠢᠩ ᠥᠪᠡᠷ ᠦ᠋ᠨ ᠡᠷᠬᠡ ᠦᠭᠡᠢ ᠡᠮᠡᠭᠲᠡᠢ ᠶ᠋ᠢ ᠲᠠᠯᠪᠢᠨ ᠪᠦᠲᠡᠭᠡᠯᠭᠡ ᠶ᠋ᠢᠨ ᠵᠠᠬ᠎ᠠ ᠶ᠋ᠢ ᠰᠡᠬᠦᠨ ᠬᠠᠷᠠᠪᠠ᠃ ᠭᠡᠲᠡᠯ᠎ᠡ ᠶᠠᠭᠤᠨ ᠥᠪᠡᠷ ᠦ᠋ᠨ ᠬᠢ ᠪᠠᠢᠬᠤ ᠪᠢᠯᠡ᠂ ᠥᠨᠥᠬᠢ ᠪᠤᠰᠤᠳ ᠤ᠋ᠨ ᠬᠠᠰᠢᠶᠠᠨ ᠤ᠋ ᠡᠮᠦᠨ᠎ᠡ ᠢᠷᠡᠭᠰᠡᠨ ᠪᠠᠢᠪᠠ᠃
— ᠲᠡᠢᠮᠦ ᠠ᠋᠂ ᠮᠠᠨ ᠤ᠋ ᠬᠢ ᠡᠨᠳᠡ ᠭᠡᠳ ᠪᠠᠭᠤᠬᠤ ᠭᠡᠰᠡᠨ ᠢ᠋ᠶ᠋ᠡᠨ ᠡᠷᠭᠢᠨ ᠡᠮᠡᠭᠲᠡᠢ ᠶ᠋ᠢᠨ ᠬᠣᠷᠮᠣᠢ ᠶ᠋ᠢ ᠳᠠᠬᠢᠨ ᠵᠠᠰᠠᠵᠤ ᠥᠭᠭᠦᠭᠡᠳ ᠪᠠᠭᠤᠯ᠎ᠠ᠃ ᠲᠡᠷᠭᠡ ᠳᠠᠷᠤᠢ ᠬᠥᠳᠡᠯᠦᠨ ᠨᠠᠷᠢᠨ ᠭᠤᠳᠤᠮᠵᠢᠨᠡ ᠡᠷᠭᠢᠬᠦ ᠭᠡᠵᠦ ᠲᠡᠪᠡᠳᠡᠭᠰᠡᠨ ᠳ᠋ᠦ᠍ ᠪᠠᠯᠳᠠᠨᠴᠡᠷᠢᠩ ᠮᠣᠷᠢᠨ ᠳ᠋ᠤᠨᠢ ᠭᠦᠶᠦᠨ ᠬᠦᠷᠴᠦ ᠬᠥᠲᠥᠯᠪᠡ᠃ ᠡᠮᠡᠭᠲᠡᠢ ᠪᠦᠲᠡᠭᠡᠯᠭᠡ ᠶ᠋ᠢᠨ ᠴᠠᠭᠠᠨ᠎ᠠ ᠠ᠋ᠴᠠ ᠲᠣᠯᠣᠭᠠᠢ ᠴᠤᠬᠤᠢᠯᠭᠠᠨ ᠠᠵᠢᠭᠯᠠᠪᠠ᠃ ᠮᠣᠷᠢᠨ ᠲᠡᠷᠭᠡ ᠰᠢᠯᠤᠭᠤᠨ ᠳ᠋ᠠᠭᠠᠨ ᠣᠷᠣᠮᠠᠭᠴᠠ ᠣᠷᠣᠭᠰᠢ ᠬᠥᠳᠡᠯᠦᠨ ᠱᠣᠭᠰᠢᠪᠠ᠃ ᠠᠷᠤ ᠳ᠋ᠤᠨᠢ ᠪᠠᠯᠳᠠᠨᠴᠡᠷᠢᠩ ᠶᠠᠭ ᠭᠤᠳᠤᠮᠵᠢ ᠶ᠋ᠢᠨ ᠭᠣᠣᠯ ᠳ᠋ᠤ᠌ ᠦᠯᠡᠳᠡᠭᠰᠡᠨ ᠳᠡᠭᠡᠷ᠎ᠡ ᠪᠡᠨ ᠵᠣᠭᠰᠣᠨ ᠬᠣᠴᠣᠷᠪᠠ᠃ ᠡᠮᠡᠭᠲᠡᠢ ᠶ᠋ᠢ ᠪᠤᠯᠤᠩ ᠲᠣᠭᠣᠷᠢᠬᠤ ᠶ᠋ᠢᠨ ᠢ᠋ᠶ᠋ᠡᠨ ᠡᠮᠦᠨ᠎ᠡ ᠡᠷᠬᠡ ᠦᠭᠡᠢ ᠡᠷᠭᠢᠨ ᠬᠠᠷᠠᠨ᠎ᠠ ᠪᠠᠢᠬᠤ ᠭᠡᠵᠦ ᠬᠦᠯᠢᠶᠡᠭᠰᠡᠨ ᠪᠢᠯᠡ᠃ ᠭᠡᠲᠡᠯ᠎ᠡ ᠡᠨᠡ ᠨᠢ ᠰᠠᠨᠠᠭᠰᠠᠨ ᠠ᠋ᠴᠠ ᠭᠠᠳᠠᠭᠤᠷ ᠪᠣᠯᠤᠭᠰᠠᠨ ᠳ᠋ᠤ᠌ ᠰᠡᠳᠬᠢᠯ ᠭᠤᠳᠤᠷᠠᠯᠠ᠃ ᠭᠡᠪᠡᠴᠦ ᠭᠣᠮᠣᠳᠠᠭᠰᠠᠨ ᠵᠦᠢᠯ ᠦᠭᠡᠢ《ᠡᠷᠡᠭᠦᠯ ᠲᠤᠩᠭᠠᠯᠠᠭ ᠵᠥᠭᠡᠯᠡᠨ ᠴᠠᠭᠠᠨ ᠴᠢᠷᠠᠢ ᠳᠡᠭᠡᠷ᠎ᠡ ᠨᠢ ᠦᠨᠦᠰᠬᠦ ᠮᠢᠨᠢ ᠶᠠᠭᠠᠬᠢᠯ᠎ᠠ》 ᠭᠡᠵᠦ ᠬᠠᠷᠠᠮᠰᠠᠨ᠎ᠠ᠃ ᠲᠡᠨᠳᠡ ᠡᠴᠡ ᠭᠡᠷ ᠤᠷᠤᠭᠤ ᠪᠠᠨ ᠶᠠᠪᠤᠬᠤ ᠳ᠋ᠠᠭᠠᠨ ᠰᠠᠶᠢᠬᠠᠨ ᠳᠠᠯᠳᠠ ᠣᠷᠣᠭᠰᠠᠨ᠂ ᠴᠠᠰᠤᠨ ᠳᠡᠭᠡᠷ᠎ᠡ ᠲᠡᠷᠭᠡᠨ ᠦ᠌ ᠬᠣᠣᠰᠯᠠᠭᠰᠠᠨ ᠬᠣᠶᠠᠷ ᠬᠣᠪᠢᠯ ᠮᠥᠷ ᠦ᠋ᠨ ᠭᠣᠣᠯ ᠢ᠋ ᠪᠠᠷᠢᠨ ᠶᠠᠪᠤᠪᠠ᠃ ᠡᠨᠡ ᠨᠢ ᠰᠡᠳᠬᠢᠯ ᠳ᠋ᠦ᠍ᠨᠢ ᠨᠢᠭᠡ ᠠᠶᠠᠲᠠᠢᠬᠠᠨ ᠠᠵᠢ᠃ ᠲᠡᠷᠭᠡᠨ ᠦ᠌ ᠮᠥᠷ ᠶᠠᠭᠤ ᠶᠠᠭᠤ ᠦᠭᠡᠢ ᠵᠠᠮᠢᠶᠠᠨ ᠤ᠋ ᠭᠤᠳᠤᠮᠵᠢ ᠤᠷᠤᠭᠤ ᠣᠷᠣᠬᠤ ᠳ᠋ᠤ᠌ ᠭᠠᠳᠠᠨ᠎ᠠ ᠨᠢ ᠬᠦᠯᠢᠶᠡᠭᠴᠢ ᠵᠢᠯᠣᠭᠣᠴᠢ ᠶ᠋ᠢᠨ ᠨᠢᠳᠦᠨ ᠳ᠋ᠦ᠍ ᠦᠵᠡᠭᠳᠡᠬᠦ ᠡᠴᠡ ᠬᠠᠯᠠᠰᠢᠷᠠᠨ ᠠᠷᠤ ᠶ᠋ᠢᠨ ᠭᠤᠳᠤᠮᠵᠢ ᠪᠠᠷ ᠣᠷᠣᠪᠠ᠃ ᠰᠡᠳᠬᠢᠯ ᠳ᠋ᠦ᠍ᠨᠢ ᠮᠥᠨ ᠯᠡ ᠥᠨᠥ ᠡᠮᠡᠭᠲᠡᠢ᠂ ᠲᠡᠭᠡᠭᠡᠳ ᠲᠡᠷᠡ ᠡᠮᠡᠭᠲᠡᠢ ᠲᠡᠢ ᠬᠠᠨᠢᠯᠠᠨ ᠰᠠᠭᠤᠬᠤ᠂ ᠰᠠᠭᠤᠭᠰᠠᠨ ᠬᠣᠢᠨ᠎ᠠ ᠪᠠᠨ ᠬᠡᠴᠢᠨᠡᠨ ᠰᠠᠢᠬᠠᠨ ᠠᠮᠢᠳᠤᠷᠠᠬᠤ ᠬᠡᠳᠦᠨ ᠠᠷᠪᠠᠨ ᠵᠦᠢᠯ ᠦ᠋ᠨ ᠪᠠᠶᠠᠷ ᠪᠠᠶᠠᠰᠬᠤᠯᠠᠩ ᠰᠡᠳᠬᠢᠯ ᠳ᠋ᠦ᠍ ᠡᠷᠭᠢᠯᠳᠦᠨ᠎ᠡ᠃ ᠭᠡᠲᠡᠯ᠎ᠡ ᠭᠡᠨᠡᠳᠲᠡ ᠮᠥᠩᠭᠥ᠂ ᠰᠦᠢ ᠪᠡᠯᠡᠭ ᠪᠠ ᠨᠠᠢᠷ ᠬᠤᠷᠢᠮ᠂ ᠪᠠᠰᠠ ᠪᠤᠰᠤᠳ ᠡᠳᠦᠢ ᠲᠡᠳᠦᠢ ᠶᠣᠰᠣ ᠶᠠᠩᠪᠠ ᠶ᠋ᠢ ᠭᠦᠢᠴᠡᠳᠬᠡᠬᠦ ᠳ᠋ᠦ᠍ ᠬᠡᠷᠡᠭᠯᠡᠭᠳᠡᠬᠦ ᠶᠡᠬᠡ ᠮᠥᠩᠭᠥᠨ ᠦ᠌ ᠠᠰᠠᠭᠤᠳᠠᠯ ᠰᠡᠳᠬᠢᠯ ᠳ᠋ᠦ᠍ ᠪᠠᠭᠤᠯ᠎ᠠ᠃
