ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ – ᠴᠢᠷᠮᠠᠢᠯᠲᠦ - ᠨᠢᠭᠡᠳᠦᠭᠡᠷ ᠪᠦᠯᠦᠭ<3> Монгол үндэстний шалгарсан ардчилсан хувьсгалч Шинэлам – Чармаилт - Нэгдүгээр бүлэг–3 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ – ᠴᠢᠷᠮᠠᠢᠯᠲᠦ - ᠨᠢᠭᠡᠳᠦᠭᠡᠷ ᠪᠦᠯᠦᠭ<3> Монгол үндэстний шалгарсан ардчилсан хувьсгалч Шинэлам – Чармаилт - Нэгдүгээр бүлэг–3

ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ – ᠴᠢᠷᠮᠠᠢᠯᠲᠦ - ᠨᠢᠭᠡᠳᠦᠭᠡᠷ ᠪᠦᠯᠦᠭ<3> Монгол үндэстний шалгарсан ардчилсан хувьсгалч Шинэлам – Чармаилт - Нэгдүгээр бүлэг–3

ᠠᠩᠭᠢᠯᠠᠯ:ᠲᠡᠦᠬᠡ ᠰᠣᠶᠣᠯ
2025-09-04

550

ᠭᠤᠷᠪᠠ᠂ ᠴᠠᠭᠠᠭᠴᠢᠨ ᠭᠠᠬᠠᠢ ᠵᠢᠯ ᠦ᠋ᠨ ᠬᠤᠪᠢᠰᠬᠠᠯ ᠠ᠋ᠴᠠ ᠡᠮᠦᠨᠡᠬᠢ ᠦᠦᠰᠢᠨ ᠬᠤᠰᠢᠭᠤᠨ ᠳ᠋ᠤ᠌ ᠥᠷᠨᠢᠭᠰᠡᠨ ᠳᠤᠭᠤᠢᠯᠠᠩ ᠤ᠋ᠨ ᠬᠥᠳᠡᠯᠭᠡᠭᠡᠨ


       ᠲᠥᠷᠥ ᠭᠡᠷᠡᠯᠲᠦ ᠶ᠋ᠢᠨ ᠨᠠᠢ᠍ᠮᠠᠳᠤᠭᠠᠷ ᠣᠨ᠂ ᠳᠠᠷᠤᠢ 1828 ᠣᠨ ᠳ᠋ᠤ᠌ ᠦᠦᠰᠢᠨ ᠬᠤᠰᠢᠭᠤᠨ ᠳ᠋ᠤ᠌ ᠹᠸᠯᠵᠢ᠂ ᠵᠤᠯᠵᠠᠭ᠎ᠠ᠂ ᠱᠠᠭᠳᠤᠷ᠂  ᠬᠠᠵᠠᠭᠠᠷ ᠨᠠᠮᠵᠢᠯ᠂ ᠳᠡᠯᠭᠡᠷ ᠨᠠᠷ ᠤ᠋ᠨ ᠤᠳᠤᠷᠢᠳᠤᠨ ᠳᠠᠢᠴᠢᠯᠠᠭᠰᠠᠨ《ᠪᠠᠶᠠᠨᠨᠠᠭᠤᠷ ᠤ᠋ᠨ ᠳᠤᠭᠤᠢᠯᠠᠩ》 ᠤ᠋ᠨ ᠭᠤᠷᠪᠠᠨ ᠵᠠᠭᠤ ᠣᠷᠴᠢᠮ  ᠮᠠᠯᠴᠢᠳ᠂ ᠦᠦᠰᠢᠨ ᠬᠤᠰᠢᠭᠤᠨ ᠤ᠋ ᠶᠢᠰᠦᠳᠦᠭᠡᠷ ᠦᠶ᠎ᠡ ᠶ᠋ᠢᠨ ᠵᠠᠰᠠᠭ ᠨᠣᠶᠠᠨ ᠰᠠᠩᠵᠡᠢᠸᠠᠩᠴᠢᠨ ᠤ᠋ ᠠᠯᠪᠠᠨ ᠲᠠᠲᠠᠪᠤᠷᠢ ᠶ᠋ᠢ ᠨᠡᠮᠡᠭᠳᠡᠭᠦᠯᠵᠦ ᠠᠷᠠᠳ ᠤ᠋ᠨ ᠳᠠᠷᠤᠭᠠᠰᠤ ᠶ᠋ᠢ ᠬᠦᠨᠳᠦᠷᠡᠭᠦᠯᠦᠭᠰᠡᠨ ᠪᠠ ᠮᠠᠯᠴᠢᠳ ᠤ᠋ᠨ ᠬᠡᠳᠦᠬᠡᠨ ᠰᠠᠭᠠᠯᠢ ᠶ᠋ᠢᠨ ᠦᠨᠢᠶ᠎ᠡ ᠶ᠋ᠢ ᠴᠦ᠍ ᠬᠥᠮᠦᠨ ᠲᠡᠢ ᠨᠢ ᠠᠪᠴᠢᠷᠠᠨ ᠱᠠᠩ ᠶᠠᠮᠤᠨ ᠳᠡᠭᠡᠷ᠎ᠡ ᠰᠠᠭᠠᠯᠢ  ᠪᠠᠷᠢᠭᠤᠯᠬᠤ᠂ ᠲᠠᠷᠢᠶᠠᠨ ᠦᠬᠡᠷ ᠢ᠋ ᠲᠥᠪᠯᠡᠷᠡᠭᠦᠯᠦᠨ ᠲᠠᠷᠢᠶ᠎ᠠ ᠳᠠᠷᠢᠭᠤᠯᠬᠤ᠂ ᠬᠥᠳᠡᠯᠮᠦᠷᠢ ᠳ᠋ᠦ᠍  ᠵᠠᠷᠤᠬᠤ ᠵᠠᠷᠤᠴᠠ ᠠᠯᠪᠠᠲᠤ ᠶ᠋ᠢ ᠥᠯ ᠬᠣᠭᠣᠯᠠ ᠦᠭᠡᠢ ᠪᠣᠭᠣᠯᠴᠢᠯᠠᠨ ᠳᠠᠷᠤᠯᠠᠭᠰᠠᠨ ᠠ᠋ᠴᠠ ᠪᠣᠯᠵᠤ ᠳᠤᠭᠤᠢᠯᠠᠩ ᠪᠣᠰᠤᠯᠴᠠᠨ ᠲᠡᠭᠦᠨ ᠢ᠋ ᠲᠤᠬᠠᠢ ᠶ᠋ᠢᠨ ᠦᠶ᠎ᠡ ᠶ᠋ᠢᠨ ᠣᠲᠣᠭ ᠳᠠ ᠪᠣᠯᠤᠨ ᠮᠠᠨᠵᠤ ᠶ᠋ᠢᠨ ᠵᠤᠷᠭᠠᠨ ᠶᠠᠮᠤᠨ ᠳ᠋ᠤ᠌ ᠵᠠᠭᠠᠯᠳᠤᠪᠠ᠃ ᠳᠤᠭᠤᠢᠯᠠᠩ ᠤ᠋ᠨ ᠭᠤᠷᠪᠠᠨ ᠵᠠᠭᠤᠨ ᠮᠠᠯᠴᠢᠨ ᠠᠷᠠᠳ ᠣᠲᠣᠭ ᠱᠠᠩ ᠶᠠᠮᠤᠨ ᠳᠡᠭᠡᠷ᠎ᠡ ᠭᠤᠷᠪᠠᠨ ᠰᠠᠷ᠎ᠠ ᠰᠠᠭᠤᠵᠤ᠂ ᠠᠰᠠᠭᠤᠳᠠᠯ ᠢ᠋ ᠰᠢᠢᠳᠪᠦᠷᠢᠯᠡᠬᠦ ᠦᠭᠡᠢ  ᠪᠣᠯᠪᠠᠰᠤ ᠪᠤᠴᠠᠬᠤ ᠦᠭᠡᠢ ᠪᠠᠢᠭ᠎ᠠ ᠤᠴᠢᠷ ᠲᠤ᠌᠂ ᠮᠠᠨᠵᠤ ᠶ᠋ᠢᠨ ᠵᠤᠷᠭᠠᠨ ᠶᠠᠮᠤᠨ ᠠ᠋ᠴᠠ᠄《᠁ ᠪᠡᠢᠯᠡ ᠰᠠᠩᠵᠠᠢᠸᠠᠩᠴᠢᠨ ᠨᠢᠭᠡᠨ ᠬᠤᠰᠢᠭᠤᠨ ᠤ᠋ ᠠᠷᠠᠳ ᠢ᠋ ᠬᠣᠯᠲᠣᠴᠢᠨ ᠵᠣᠪᠠᠭᠠᠭᠰᠠᠨ ᠤᠴᠢᠷ ᠲᠡᠭᠦᠨ ᠦ᠌ ᠬᠥᠪᠡᠭᠦᠨ ᠪᠠᠳᠠᠷᠠᠬᠤ ᠳ᠋ᠤᠷ ᠵᠠᠯᠭᠠᠮᠵᠢᠯᠠᠭᠤᠯᠲᠤᠭᠠᠢ》 ᠭᠡᠰᠡᠨ ᠠᠯᠪᠠᠨ ᠪᠢᠴᠢᠭ ᠢ᠋ ᠣᠲᠣᠭ ᠳᠠ ᠨᠣᠶᠠᠨ ᠳ᠋ᠤ᠌ ᠢᠷᠡᠭᠦᠯᠪᠡ᠃ ᠣᠲᠣᠭ ᠳᠠ ᠨᠣᠶᠠᠨ ᠪᠠᠨᠳᠢᠳᠠ ᠶ᠋ᠢᠨ ᠳᠤᠭᠠᠩ ᠳᠡᠭᠡᠷ᠎ᠡ ᠴᠢᠭᠤᠯᠭᠠᠨ ᠴᠢᠭᠤᠯᠭᠠᠯᠠᠵᠤ᠂ ᠮᠠᠨᠵᠤ ᠶ᠋ᠢᠨ ᠵᠤᠷᠭᠠᠨ ᠤ᠋ ᠠᠯᠪᠠᠨ ᠪᠢᠴᠢᠭ ᠢ᠋ ᠲᠡᠷᠡ ᠶᠣᠰᠣᠭᠠᠷ ᠬᠡᠷᠡᠭᠵᠢᠭᠦᠯᠦᠭᠰᠡᠨ ᠭᠡᠨ᠎ᠡ᠃ ᠡᠨᠡ ᠪᠣᠯ ᠦᠦᠰᠢᠨ ᠬᠤᠰᠢᠭᠤᠨ ᠳ᠋ᠤ᠌ ᠡᠭᠦᠰᠦᠭᠰᠡᠨ ᠠᠩᠬᠠᠳᠤᠭᠠᠷ ᠤᠳᠠᠭᠠᠨ ᠤ᠋ ᠳᠤᠭᠤᠢᠯᠠᠩ ᠤ᠋ᠨ ᠬᠥᠳᠡᠯᠭᠡᠭᠡᠨ ᠪᠣᠯᠤᠨ᠎ᠠ᠃  
       ᠪᠠᠳᠠᠷᠠᠭᠤᠯᠲᠤ ᠲᠥᠷᠥ ᠶ᠋ᠢᠨ ᠲᠠᠪᠤᠳᠤᠭᠠᠷ ᠣᠨ ᠠ᠋ᠴᠠ ᠠᠷᠪᠠᠳᠤᠭᠠᠷ ᠣᠨ ᠤ᠋ ᠬᠣᠭᠣᠷᠣᠨᠳᠣ(1879~1884) ᠦᠦᠰᠢᠨ ᠬᠤᠰᠢᠭᠤᠨ ᠤ᠋ ᠵᠡᠭᠦᠨ ᠪᠡᠶ᠎ᠡ ᠳ᠋ᠦ᠍ ᠢᠳᠠᠮᠵᠠᠪ᠂ ᠲᠤᠩᠨᠠ᠂ ᠬᠤᠷᠠᠭ᠎ᠠ᠂ ᠪᠢᠯᠭᠦᠨᠳᠠᠯᠠᠢ ᠨᠠᠷ ᠲᠡᠷᠢᠭᠦᠯᠡᠭᠰᠡᠨ ᠬᠡᠳᠦᠨ ᠵᠠᠭᠤᠨ ᠬᠥᠮᠦᠨ ᠦ᠌ ᠳᠤᠭᠤᠢᠯᠠᠩ ᠪᠣᠰᠴᠤ᠂ ᠬᠣᠰᠢᠭᠤ ᠵᠠᠰᠠᠭ ᠪᠡᠢᠯᠡ ᠪᠠᠳᠠᠷᠠᠬᠤ ᠶ᠋ᠢᠨ ᠳᠣᠣᠷᠠᠬᠢ ᠲᠤᠰᠠᠯᠠᠭᠴᠢ ᠲᠠᠢᠵᠢ ᠲᠥᠳᠥᠪᠰᠡᠷᠡᠩ᠂ ᠵᠠᠬᠢᠷᠤᠭᠴᠢ ᠵᠠᠩᠭᠢ ᠷᠠᠰᠢᠨᠠᠮᠵᠢᠯ ᠨᠠᠷ ᠤ᠋ᠨ ᠡᠷᠬᠡ ᠲᠤᠰᠢᠶᠠᠯ ᠳ᠋ᠠᠭᠠᠨ ᠡᠷᠳᠦᠵᠦ ᠮᠠᠯᠴᠢᠨ ᠲᠦᠮᠡᠨ ᠳ᠋ᠦ᠍ ᠠᠯᠪᠠᠨ ᠲᠠᠲᠠᠪᠤᠷᠢ᠂ ᠴᠡᠷᠢᠭ ᠦ᠋ᠨ ᠵᠠᠷᠤᠳᠠᠯ ᠮᠥᠩᠭᠥ ᠶ᠋ᠢ ᠨᠡᠮᠡᠭᠳᠡᠭᠦᠯᠦᠨ ᠮᠠᠯᠴᠢᠨ ᠠᠷᠠᠳ ᠢ᠋ ᠬᠣᠯᠲᠣᠴᠢᠨ ᠵᠣᠪᠠᠭᠠᠭᠰᠠᠨ ᠢ᠋ ᠡᠰᠡᠷᠭᠦᠴᠡᠭᠰᠡᠨ ᠪᠠᠢᠨ᠎ᠠ᠃ ᠢᠳᠠᠮᠵᠠᠪ᠂ ᠲᠤᠩᠨᠠ ᠨᠠᠷ ᠷᠠᠰᠢᠨᠠᠮᠵᠢᠯ ᠢ᠋ ᠪᠠᠷᠢᠪᠴᠢᠯᠠᠵᠤ᠂ ᠪᠠᠳᠠᠷᠠᠬᠤ ᠳᠠ ᠨᠣᠶᠠᠨ ᠳ᠋ᠤ᠌(ᠲᠤᠬᠠᠢ ᠶ᠋ᠢᠨ ᠦᠶ᠎ᠡ ᠳ᠋ᠦ᠍ ᠴᠢᠭᠤᠯᠭᠠᠨ ᠳᠠᠷᠤᠭ᠎ᠠ ᠪᠠᠢᠵᠠᠢ) ᠲᠤᠰᠢᠶᠠᠵᠤ ᠵᠠᠭᠠᠯᠳᠤᠯᠭ᠎ᠠ ᠬᠢᠵᠡᠢ᠃ ᠪᠠᠳᠠᠷᠠᠬᠤ ᠳᠠ ᠨᠣᠶᠠᠨ ᠳᠤᠭᠤᠢᠯᠠᠩ ᠤ᠋ᠨ ᠬᠥᠮᠦᠰ ᠦ᠋ᠨ ᠡᠰᠡᠷᠭᠦᠴᠡᠯ ᠢ᠋ ᠨᠠᠮᠳᠠᠭᠤᠯᠬᠤ ᠶ᠋ᠢᠨ ᠲᠤᠰᠠᠳᠠ ᠷᠠᠰᠢᠨᠠᠮᠵᠢᠯ ᠢ᠋ ᠵᠠᠭᠤᠨ ᠮᠣᠳᠣ ᠵᠠᠨᠴᠢᠵᠤ ᠢᠯᠪᠢᠨ ᠮᠥᠬᠥᠭᠡᠬᠦ ᠠᠷᠭ᠎ᠠ ᠶ᠋ᠢ ᠬᠡᠷᠡᠭᠯᠡᠭᠡᠳ ᠲᠦᠷ ᠨᠠᠮᠳᠠᠭᠤᠯᠪᠠ᠃ 
       ᠪᠠᠳᠠᠷᠠᠭᠤᠯᠲᠤ ᠲᠥᠷᠥ ᠶ᠋ᠢᠨ ᠠᠷᠪᠠᠳᠤᠭᠠᠷ ᠣᠨ(1884) ᠳ᠋ᠦ᠍ ᠶᠡᠬᠡ ᠵᠣᠣ  ᠶ᠋ᠢᠨ ᠴᠢᠭᠤᠯᠭᠠᠨ ᠤ᠋ ᠳᠡᠳ᠋ ᠳᠡ ᠵᠡᠭᠦᠨᠭᠠᠷ ᠬᠤᠰᠢᠭᠤᠨ ᠤ᠋ ᠵᠠᠰᠠᠭ ᠵᠠᠨᠠᠭᠠᠷᠤᠳᠢ ᠬᠠᠯᠢᠭᠤᠲᠤ ᠳ᠋ᠤ᠌ ᠴᠢᠭᠤᠯᠭᠠᠨ ᠴᠢᠭᠤᠯᠭᠠᠵᠤ᠂ ᠭᠠᠳᠠᠭᠠᠳᠤ ᠮᠣᠩᠭᠣᠯ ᠤ᠋ᠨ ᠲᠥᠷᠥ ᠶ᠋ᠢ ᠵᠠᠰᠠᠬᠤ ᠶᠠᠪᠤᠳᠠᠯ ᠤ᠋ᠨ ᠶᠠᠮᠤᠨ ᠠ᠋ᠴᠠ ᠳᠤᠭᠤᠢᠯᠠᠩ ᠤ᠋ᠨ ᠲᠦᠷᠦᠭᠦᠦ ᠢᠳᠠᠮᠵᠠᠪ᠂ ᠲᠤᠩᠨᠠ ᠬᠣᠶᠠᠭᠤᠯᠠ ᠶ᠋ᠢ ᠱᠠᠨᠳᠦ᠋ᠩ᠂ ᠬᠤᠨᠠᠨ ᠳ᠋ᠤ᠌ ᠭᠡᠷ ᠡᠷᠦᠬᠡ ᠲᠡᠢ ᠨᠢ ᠨᠢᠭᠡᠮᠦᠰᠦᠨ ᠴᠦᠯᠡᠵᠦ ᠶᠠᠪᠤᠭᠤᠯᠬᠤ ᠪᠠᠷ ᠵᠠᠷᠯᠢᠭᠳᠠᠵᠤ ᠳᠠᠷᠠᠭ᠎ᠠ ᠵᠢᠯ ᠨᠢ ᠶᠣᠰᠣᠭᠠᠷ ᠰᠢᠢᠳᠪᠦᠷᠢᠯᠡᠵᠦ ᠴᠦᠯᠡᠵᠡᠢ᠃ ᠡᠨᠡ ᠪᠣᠯ ᠦᠦᠰᠢᠨ ᠬᠤᠰᠢᠭᠤᠨ ᠳ᠋ᠤ᠌ ᠡᠭᠦᠰᠦᠭᠰᠡᠨ ᠬᠣᠶᠠᠳᠤᠭᠠᠷ ᠤᠳᠠᠭᠠᠨ ᠤ᠋ ᠳᠤᠭᠤᠢᠯᠠᠩ ᠤ᠋ᠨ ᠬᠥᠳᠡᠯᠭᠡᠭᠡᠨ ᠪᠣᠯᠤᠨ᠎ᠠ᠃  
       ᠪᠠᠳᠠᠷᠠᠭᠤᠯᠲᠤ ᠲᠥᠷᠥ ᠶ᠋ᠢᠨ ᠬᠣᠷᠢᠨ ᠬᠣᠶᠠᠳᠤᠭᠠᠷ ᠣᠨ(1896) ᠳ᠋ᠤ᠌ ᠦᠦᠰᠢᠨ ᠬᠤᠰᠢᠭᠤᠨ ᠤ᠋ ᠤᠷᠢᠳᠤ ᠪᠡᠶ᠎ᠡ ᠶ᠋ᠢᠨ ᠪᠠᠶᠠᠨᠰᠠᠢᠨ᠂ ᠫᠣᠩᠰᠤᠭ ᠵᠡᠷᠭᠡ ᠬᠥᠮᠦᠰ ᠦ᠋ᠨ ᠤᠳᠤᠷᠢᠳᠤᠭᠰᠠᠨ ᠳᠤᠭᠤᠢᠯᠠᠩ ᠨᠢ ᠦᠦᠰᠢᠨ ᠬᠤᠰᠢᠭᠤᠨ ᠤ᠋ ᠵᠠᠰᠠᠭ ᠨᠣᠶᠠᠨ ᠴᠠᠭᠳᠤᠷᠰᠡᠷᠡᠩ᠂ ᠤᠭ ᠤ᠋ᠨ ᠬᠤᠭᠤᠷᠰᠤᠨ ᠲᠠᠷᠢᠶᠠᠨ ᠤ᠋ ᠰᠠᠭᠤᠷᠢᠨ ᠳᠡᠭᠡᠷ᠎ᠡ ᠪᠠᠰᠠ ᠨᠡᠮᠡᠵᠦ ᠵᠡᠭᠦᠨ ᠡᠴᠡ ᠠᠷᠪᠠᠨ ᠬᠣᠶᠠᠷ ᠤ᠋ᠨ ᠥᠷᠭᠡᠨ ᠢ᠋ᠶ᠋ᠡᠷ ᠠᠲᠠᠷ ᠭᠠᠵᠠᠷ ᠢ᠋ ᠬᠡᠮᠵᠢᠨ ᠵᠢᠷᠤᠵᠤ᠂ ᠪᠠᠷᠠᠭᠤᠨ ᠦᠵᠦᠭᠦᠷ ᠨᠢ ᠣᠲᠣᠭ ᠬᠤᠰᠢᠭᠤᠨ ᠤ᠋ ᠰᠠᠪᠠ ᠲᠤᠯᠲᠠᠯ᠎ᠠ ᠲᠠᠯᠪᠢᠵᠤ᠂ ᠫᠠᠢᠰᠠ ᠪᠤᠰᠬᠠᠵᠤ ᠶᠠᠪᠤᠭ᠎ᠠ ᠲᠦᠰᠢᠮᠡᠳ ᠢ᠋ ᠬᠤᠮᠤᠷᠴᠤ᠂ ᠬᠡᠮᠵᠢᠨ ᠵᠢᠷᠤᠭᠰᠠᠨ ᠭᠠᠵᠠᠷ ᠤ᠋ᠨ ᠳ᠋ᠦᠢᠽᠡ ᠫᠠᠢᠰᠠ ᠶ᠋ᠢ ᠪᠠᠯᠪᠠᠴᠢᠨ ᠡᠪᠳᠡᠵᠦ ᠭᠠᠵᠠᠷ ᠲᠠᠯᠪᠢᠬᠤ ᠶ᠋ᠢ ᠬᠣᠷᠢᠭᠯᠠᠨ ᠵᠣᠭᠰᠣᠭᠠᠪᠠ᠃ ᠡᠨᠡ ᠪᠣᠯ ᠦᠦᠰᠢᠨ ᠬᠤᠰᠢᠭᠤᠨ ᠳ᠋ᠤ᠌ ᠡᠭᠦᠰᠦᠭᠰᠡᠨ ᠭᠤᠷᠪᠠᠳᠤᠭᠠᠷ ᠤᠳᠠᠭᠠᠨ ᠤ᠋ ᠳᠤᠭᠤᠢᠯᠠᠩ ᠤ᠋ᠨ ᠬᠥᠳᠡᠯᠭᠡᠭᠡᠨ ᠪᠣᠯᠤᠨ᠎ᠠ᠃  
       ᠪᠠᠳᠠᠷᠠᠭᠤᠯᠲᠤ ᠲᠥᠷᠥ ᠶ᠋ᠢᠨ ᠬᠣᠷᠢᠨ ᠵᠢᠷᠭᠤᠳᠤᠭᠠᠷ ᠣᠨ (1900 )  ᠳ᠋ᠤ᠌ ᠦᠦᠰᠢᠨ ᠬᠤᠰᠢᠭᠤᠨ ᠤ᠋ ᠪᠠᠷᠠᠭᠤᠨ ᠪᠡᠶ᠎ᠡ ᠳ᠋ᠦ᠍ ᠳᠤᠭᠤᠢᠯᠠᠩ ᠪᠣᠰᠴᠤ ᠪᠠᠭ᠎ᠠ ᠬᠥᠭᠥᠷᠭᠡ ᠶ᠋ᠢᠨ ᠲᠢᠩᠬᠢᠮ ᠢ᠋ ᠬᠣᠮᠣᠷᠴᠦ ᠬᠠᠷᠢ ᠶ᠋ᠢᠨ ᠱᠠᠰᠢᠨ ᠤ᠋ ᠲᠢᠩᠬᠢᠮ ᠢ᠋ ᠲᠠᠯᠠᠭᠳᠠᠵᠤ᠂ ᠣᠷᠣᠰ  ᠱᠠᠰᠢᠨᠲᠠᠨ ᠤ᠋ ᠰᠠᠬᠠᠯ ᠢ᠋ ᠦᠭᠲᠡᠭᠡᠵᠦ ᠦᠦᠰᠢᠨ ᠦ᠌ ᠪᠠᠷᠠᠭᠤᠨ ᠪᠡᠶ᠎ᠡ ᠶ᠋ᠢᠨ ᠶᠡᠬᠡ ᠬᠦᠷᠢᠶ᠎ᠡ (ᠳᠡ ᠬᠦᠷᠢᠶ᠎ᠡ) ᠶ᠋ᠢᠨ ᠲᠠᠮᠪᠠᠷᠠᠨ ᠲᠣᠣᠷᠡᠯ ᠲᠠᠢᠵᠢ ᠨᠣᠬᠠᠢ ᠪᠠᠨ ᠨᠢᠭᠤᠴᠠ ᠪᠠᠷ ᠳᠣᠬᠢᠵᠤ ᠬᠠᠷ᠎ᠠ ᠯᠠᠭᠤᠰᠠ ᠤᠨᠤᠭᠰᠠᠨ ᠬᠠᠷ᠎ᠠ ᠯᠠᠮᠠ ᠶ᠋ᠢ ᠬᠠᠵᠠᠭᠤᠯᠵᠤ ᠬᠠᠷᠢ ᠶ᠋ᠢᠨ ᠱᠠᠰᠢᠨ ᠢ᠋ ᠡᠰᠡᠷᠭᠦᠴᠡᠭᠰᠡᠨ ᠪᠠᠢᠨ᠎ᠠ᠃ ᠡᠨᠡ ᠪᠣᠯ ᠭᠠᠳᠠᠭᠠᠳᠤ ᠶ᠋ᠢᠨ ᠲᠦᠷᠢᠮᠡᠬᠡᠢᠯᠡᠯ ᠢ᠋ ᠡᠰᠡᠷᠭᠦᠴᠡᠵᠦ ᠤᠯᠤᠰ ᠢ᠋ᠶ᠋ᠠᠨ ᠬᠠᠢᠷᠠᠯᠠᠭᠰᠠᠨ ᠳᠤᠭᠤᠢᠯᠠᠩ ᠤ᠋ᠨ ᠬᠥᠳᠡᠯᠭᠡᠭᠡᠨ ᠪᠥᠭᠡᠳ ᠦᠦᠰᠢᠨ ᠬᠤᠰᠢᠭᠤᠨ ᠳ᠋ᠤ᠌ ᠡᠭᠦᠰᠦᠭᠰᠡᠨ ᠳᠥᠷᠪᠡᠳᠦᠭᠡᠷ ᠤᠳᠠᠭᠠᠨ ᠤ᠋ ᠳᠤᠭᠤᠢᠯᠠᠩ ᠤ᠋ᠨ ᠬᠥᠳᠡᠯᠭᠡᠭᠡᠨ ᠪᠣᠯᠤᠨ᠎ᠠ᠃ 
       ᠪᠠᠳᠠᠷᠠᠭᠤᠯᠲᠤ ᠲᠥᠷᠥ ᠶ᠋ᠢᠨ ᠬᠣᠷᠢᠨ ᠳᠣᠯᠣᠳᠤᠭᠠᠷ ᠣᠨ  (1901) ᠡᠴᠡ ᠬᠡᠪᠲᠦ ᠶᠣᠰᠣᠨ ᠤ᠋ ᠠᠩᠬᠠᠳᠤᠭᠠᠷ ᠣᠨ ᠳᠠᠷᠤᠢ1909 ᠣᠨ ᠪᠣᠯᠲᠠᠯ᠎ᠠ ᠭᠠᠵᠠᠷ ᠲᠠᠯᠪᠢᠵᠤ ᠲᠦᠷᠢᠶᠡᠰᠦᠯᠡᠬᠦ ᠪᠠ ᠪᠦᠬᠦ ᠬᠣᠰᠢᠭᠤ ᠪᠠᠷ ᠢ᠋ᠶ᠋ᠠᠨ ᠨᠡᠢᠳᠡᠮ ᠠᠲᠠᠷ ᠬᠠᠭᠠᠯᠪᠤᠷᠢᠯᠠᠬᠤ ᠶ᠋ᠢ ᠡᠰᠡᠷᠭᠦᠴᠡᠭᠰᠡᠨ ᠠᠭᠤᠯᠭ᠎ᠠ ᠪᠠᠷ ᠭᠣᠣᠯ ᠪᠣᠯᠭᠠᠭᠰᠠᠨ ᠰᠢᠷ᠎ᠠ ᠤᠰᠤᠨ ᠭᠣᠣᠯ ᠤ᠋ᠨ ᠤᠷᠢᠳᠤ ᠪᠡᠶ᠎ᠡ ᠶ᠋ᠢᠨ ᠳᠤᠭᠤᠢᠯᠠᠩ᠂ ᠱᠠᠷᠯᠢᠭ ᠤ᠋ᠨ ᠳᠤᠭᠤᠢᠯᠠᠩ᠂ ᠬᠠᠯᠢᠭᠤᠲᠤ ᠶ᠋ᠢᠨ ᠳᠤᠭᠤᠢᠯᠠᠩ᠂ ᠨᠠᠷᠢᠨ ᠰᠢᠯᠢ ᠶ᠋ᠢᠨ ᠳᠤᠭᠤᠢᠯᠠᠩ᠂ ᠳᠠᠷᠬᠠᠨ ᠯᠠᠮᠠ ᠶ᠋ᠢᠨ ᠳᠤᠭᠤᠢᠯᠠᠩ ᠁ ᠵᠡᠷᠭᠡ ᠪᠦᠬᠦ ᠬᠤᠰᠢᠭᠤᠨ ᠤ᠋ ᠬᠡᠪᠴᠢᠶᠡᠨ ᠳ᠋ᠦ᠍ ᠠᠷᠪᠠᠨ ᠬᠣᠶᠠᠷ ᠳᠤᠭᠤᠢᠯᠠᠩ ᠪᠣᠰᠤᠯᠴᠠᠨ ᠪᠠᠢᠭᠤᠯᠤᠭᠳᠠᠪᠠ᠃ ᠡᠨᠡ ᠬᠦ᠌ ᠬᠤᠭᠤᠴᠠᠭᠠᠨ ᠳ᠋ᠤ᠌ ᠬᠠᠩᠭᠢᠨ ᠳᠠ ᠠᠷᠪᠢᠨᠪᠠᠶᠠᠷ ᠬᠣᠶᠠᠷ ᠤᠳᠠᠭ᠎ᠠ ᠦᠦᠰᠢᠨ ᠬᠤᠰᠢᠭᠤᠨ ᠤ᠋ ᠰᠢᠨᠡᠰᠦᠮ᠎ᠡ ᠳᠡᠭᠡᠷ᠎ᠡ  ᠴᠢᠭᠤᠯᠭᠠᠨ ᠴᠢᠭᠤᠯᠭᠠᠵᠦ᠂ ᠠᠷᠪᠠᠨ ᠬᠣᠶᠠᠷ ᠳᠤᠭᠤᠢᠯᠠᠩ ᠢ᠋ ᠶᠢᠰᠦ ᠶᠢᠰᠦ ᠨᠠᠶᠠᠨ ᠨᠢᠭᠡᠨ  ᠮᠣᠷᠢ᠂ ᠭᠤᠷᠪᠠ ᠶᠢᠰᠦ ᠬᠣᠷᠢᠨ ᠳᠣᠯᠣᠭᠠᠨ ᠦᠬᠡᠷ ᠢ᠋ᠶ᠋ᠡᠷ ᠲᠣᠷᠭᠠᠵᠤ ᠲᠦᠷᠭᠡᠨ ᠲᠠᠷᠬᠠᠬᠤ ᠬᠡᠷᠡᠭᠲᠡᠢ ᠭᠡᠵᠦ ᠵᠠᠬᠢᠵᠠᠢ᠃  
       ᠵᠠᠭᠤᠨ ᠰᠠᠢᠳ ᠤ᠋ᠨ ᠭᠠᠵᠠᠷ ᠠ᠋ᠴᠠ ᠸᠸᠢᠢ᠍ᠶᠤᠸᠠᠨ ᠲᠦᠰᠢᠮᠡᠯ ᠪᠠ ᠶᠡᠬᠡ ᠵᠣᠣ ᠴᠢᠭᠤᠯᠭᠠᠨ ᠤ᠋ ᠳᠠ ᠨᠠᠷ ᠪᠠᠷᠰᠤᠬᠠᠢ ᠥᠷᠲᠡᠭᠡᠨ ᠳ᠋ᠦ᠍ ᠴᠢᠭᠤᠯᠭᠠᠨ ᠴᠢᠭᠤᠯᠭᠠᠵᠤ ᠪᠠᠷᠰᠤᠬᠠᠢ ᠥᠷᠲᠡᠭᠡᠨ ᠦ᠌ ᠬᠡᠷᠡᠭ ᠵᠠᠷᠭᠤ ᠶ᠋ᠢ ᠰᠢᠢᠳᠪᠦᠷᠢᠯᠡᠵᠢ᠃ ᠳᠡᠭᠡᠷᠡᠬᠢ ᠪᠣᠯ ᠦᠦᠰᠢᠨ ᠬᠤᠰᠢᠭᠤᠨ ᠳ᠋ᠤ᠌ ᠡᠭᠦᠰᠦᠭᠰᠡᠨ ᠲᠠᠪᠤᠳᠤᠭᠠᠷ ᠤᠳᠠᠭᠠᠨ ᠤ᠋ ᠳᠤᠭᠤᠢᠯᠠᠩ ᠤ᠋ᠨ ᠬᠥᠳᠡᠯᠭᠡᠭᠡᠨ ᠪᠣᠯᠤᠨ᠎ᠠ᠃  
       ᠪᠠᠷᠰᠤᠬᠠᠢ ᠥᠷᠲᠡᠭᠡᠨ ᠦ᠌  ᠰᠢᠢᠳᠪᠦᠷᠢᠯᠡᠯᠲᠡ ᠶ᠋ᠢ ᠦᠦᠰᠢᠨ ᠬᠤᠰᠢᠭᠤᠨ ᠤ᠋ ᠠᠷᠠᠳ ᠲᠦᠮᠡᠨ ᠦᠨᠡᠨ ᠰᠠᠨᠠᠭᠠᠨ ᠠ᠋ᠴᠠ ᠪᠠᠨ ᠵᠥᠪᠰᠢᠶᠡᠷᠡᠬᠦ ᠦᠭᠡᠢ ᠲᠤᠯᠠ ᠢᠷᠭᠡᠨᠴᠤᠳ(ᠰᠠᠢᠨᠲᠤᠷ᠎ᠠ ᠶ᠋ᠢᠨ) ᠳ᠋ᠦ᠍ ᠥᠭᠬᠦ ᠲᠥᠯᠥᠪᠦᠷᠢ ᠶ᠋ᠢᠨ ᠮᠥᠩᠭᠥ ᠶ᠋ᠢ ᠠᠯᠢ ᠪᠣᠯᠬᠤ ᠪᠠᠷ ᠰᠢᠯᠲᠠᠭ ᠳᠤᠷᠠᠳᠤᠨ ᠤᠳᠠᠭᠠᠰᠢᠷᠠᠭᠤᠯᠵᠤ ᠪᠠᠢᠭᠰᠠᠨ ᠠ᠋ᠴᠠ ᠬᠡᠪᠲᠦ ᠶᠣᠰᠣᠨ ᠤ᠋ ᠭᠤᠷᠪᠠᠳᠤᠭᠠᠷ ᠣᠨ(1911) ᠦ᠌ ᠵᠤᠨ᠂ ᠵᠢᠶᠦ᠋ᠨ ᠸᠠᠩ ᠤ᠋ᠨ ᠬᠤᠰᠢᠭᠤᠨ ᠤ᠋ ᠲᠤᠰᠠᠯᠠᠭᠴᠢ ᠭᠦᠨᠳᠦᠽᠠᠩᠪᠦ ᠦᠦᠰᠢᠨ ᠬᠤᠰᠢᠭᠤᠨ ᠤ᠋ ᠳᠣᠭᠣᠯᠲᠠᠢ ᠶ᠋ᠢᠨ ᠰᠦᠮ᠎ᠡ ᠳᠡᠭᠡᠷ᠎ᠡ ᠴᠢᠭᠤᠯᠭᠠᠨ ᠴᠢᠭᠤᠯᠭᠠᠵᠤ ᠬᠡᠷᠡᠭ ᠤᠴᠢᠷ ᠤ᠋ᠨ ᠡᠴᠦᠰ ᠦ᠋ᠨ ᠰᠢᠢᠳᠪᠦᠷᠢᠯᠡᠯᠲᠡ ᠬᠢᠵᠡᠢ᠃ ᠰᠢᠨᠡᠯᠡᠮ᠎ᠡ ᠡᠢᠮᠦ ᠪᠠᠢᠳᠠᠯ ᠳ᠋ᠤ᠌ ᠴᠢᠭᠯᠡᠭᠦᠯᠦᠨ ᠠᠷᠪᠠᠨ ᠨᠢᠭᠡᠨ ᠳᠤᠭᠤᠢᠯᠠᠩ ᠤ᠋ᠨ ᠳᠣᠲᠣᠷ᠎ᠠ ᠠ᠋ᠴᠠ ᠬᠠᠮᠤᠭ ᠤ᠋ᠨ ᠢᠲᠡᠭᠡᠯ ᠨᠠᠢᠳᠠᠪᠤᠷᠢᠲᠠᠢ ᠢᠳᠡᠪᠬᠢᠲᠡᠨ᠂ ᠴᠢᠳᠠᠪᠤᠷᠢ ᠲᠠᠢ ᠮᠡᠳᠡᠯᠭᠡ ᠲᠡᠢ ᠬᠥᠮᠦᠰ ᠢ᠋ ᠰᠣᠩᠭᠣᠵᠤ ᠠᠪᠬᠤ ᠶ᠋ᠢᠨ ᠲᠥᠯᠥᠭᠡ ᠢᠷᠭᠡᠨ ᠤᠯᠤᠰ ᠤ᠋ᠨ ᠲᠠᠪᠤᠳᠤᠭᠠᠷ ᠣᠨ(ᠤᠯᠠᠭᠠᠨ ᠯᠤᠤ ᠵᠢᠯ᠂ ᠳᠠᠷᠤᠢ1916) ᠳ᠋ᠤ᠌ ᠦᠦᠰᠢᠨ ᠬᠤᠰᠢᠭᠤᠨ ᠤ᠋ ᠭᠠᠯᠠᠭᠤᠲᠤ ᠶ᠋ᠢᠨ ᠪᠤᠵᠠᠢ ᠨᠠᠭᠤᠷ ᠤ᠋ᠨ ᠵᠡᠭᠦᠨᠲᠡᠢ ᠰᠢᠨᠠᠯᠠᠮ᠎ᠠ ᠶ᠋ᠢᠨ ᠭᠡᠷ ᠦ᠋ᠨ ᠡᠮᠦᠨ᠎ᠡ ᠪᠤᠷᠭᠠᠰᠤᠨ ᠳᠥᠭᠥᠮ ᠳ᠋ᠦ᠍(ᠰᠢᠨᠡᠯᠡᠮ᠎ᠡ ᠶ᠋ᠢᠨ ᠮᠠᠨᠵᠢᠨ ᠲᠥᠮᠥᠰᠥ ᠲᠠᠷᠢᠵᠤ᠂ ᠦᠬᠡᠷ ᠤᠰᠤᠯᠠᠳᠠᠭ ᠬᠤᠳᠳᠤᠭ ᠤ᠋ᠨ ᠤᠯᠠᠭᠠᠨ ᠪᠤᠷᠭᠠᠰᠤᠨ ᠳᠥᠭᠥᠮ) ᠳᠤᠭᠤᠢᠯᠠᠩ ᠤ᠋ᠨ ᠳᠣᠲᠣᠷ᠎ᠠ ᠠ᠋ᠴᠠ ᠢᠳᠡᠪᠬᠢᠲᠡᠨ ᠢ᠋ᠶ᠋ᠡᠨ ᠴᠤᠭᠯᠠᠭᠤᠯᠵᠤ ᠬᠠᠷ᠎ᠠ ᠦᠬᠡᠷ ᠨᠢᠲᠤᠯᠵᠤ᠂ ᠨᠢᠭᠡ ᠭᠠᠳᠤᠷ᠎ᠠ ᠲᠠᠢ ᠤᠰᠤᠨ ᠳ᠋ᠤ᠌ ᠪᠦᠭᠦᠳᠡᠭᠡᠷ ᠢ᠋ᠶ᠋ᠡᠨ ᠨᠢᠭᠤᠷ ᠭᠠᠷ ᠢ᠋ᠶ᠋ᠠᠨ ᠤᠬᠢᠶᠠᠵᠤ ᠪᠠᠷᠠᠭᠤᠨ ᠭᠠᠷ ᠤ᠋ᠨ ᠡᠷᠡᠬᠡᠢ ᠬᠤᠷᠤᠭᠤ ᠪᠠᠨ ᠰᠢᠪᠠᠵᠤ ᠴᠢᠰᠤ ᠭᠠᠷᠭᠠᠨ ᠳᠤᠰᠤᠭᠠᠵᠤ ᠬᠦᠵᠢ ᠰᠢᠲᠠᠭᠠᠨ ᠲᠩᠷᠢ ᠳ᠋ᠦ᠍ ᠮᠥᠷᠭᠥᠨ ᠠᠬ᠎ᠠ ᠳᠡᠭᠦᠦ ᠪᠠᠷᠢᠯᠳᠤᠵᠤ ᠬᠠᠮᠲᠤ ᠪᠠᠷ ᠲᠠᠩᠭᠠᠷᠢᠭᠯᠠᠭᠰᠠᠨ ᠪᠠᠢᠨ᠎ᠠ᠃ ᠨᠡᠢᠲᠡ ᠳᠠᠯᠠᠨ ᠬᠥᠮᠦᠨ ᠣᠷᠣᠯᠴᠠᠭᠰᠠᠨ ᠲᠤᠯᠠ《ᠳᠠᠯᠠᠨ ᠠᠨᠳᠠ ᠶ᠋ᠢᠨ ᠳᠤᠭᠤᠢᠯᠠᠩ》 ᠭᠡᠵᠦ ᠨᠡᠷᠡᠯᠡᠭᠰᠡᠨ ᠪᠠᠢᠨ᠎ᠠ᠃ ᠡᠨᠡ ᠨᠢ ᠠᠷᠪᠠᠨ ᠨᠢᠭᠡᠨ ᠳᠤᠭᠤᠢᠯᠠᠩ ᠢ᠋ᠶ᠋ᠠᠨ ᠤᠯᠠᠮ ᠨᠢᠭᠡᠨ ᠠᠯᠬᠤᠮ ᠥᠭᠡᠷᠡᠴᠢᠯᠡᠨ ᠬᠥᠭᠵᠢᠭᠦᠯᠦᠭᠰᠡᠨ᠂ ᠨᠡᠷ᠎ᠡ ᠠᠯᠳᠠᠷᠲᠠᠢ《ᠳᠠᠯᠠᠨ ᠠᠨᠳᠠ ᠶ᠋ᠢᠨ ᠳᠤᠭᠤᠢᠯᠠᠩ》 ᠪᠣᠯᠬᠤ ᠪᠥᠭᠡᠳ ᠦᠦᠰᠢᠨ ᠬᠤᠰᠢᠭᠤᠨ ᠳ᠋ᠤ᠌ ᠡᠭᠦᠰᠦᠭᠰᠡᠨ ᠵᠢᠷᠭᠤᠳᠤᠭᠠᠷ ᠤᠳᠠᠭᠠᠨ ᠤ᠋ ᠳᠤᠭᠤᠢᠯᠠᠩ ᠤ᠋ᠨ ᠬᠥᠳᠡᠯᠭᠡᠭᠡᠨ ᠪᠣᠯᠤᠨ᠎ᠠ᠃  

            ᠦᠰᠦᠭ ᠠᠮᠢᠯᠠᠭᠤᠯᠤᠭᠴᠢ᠄ ᠴᠤᠯᠮᠤᠨᠭᠡᠷᠡᠯ᠂ ᠪᠠᠯ᠂ ᠣᠶᠤᠨᠪᠢᠯᠢᠭ᠌᠂  ᠰᠠᠷᠠᠨᠲᠤᠶᠠᠭ᠎ᠠ
                         ᠬᠢᠨᠠᠭᠴᠢ᠄ ᠣᠳᠬᠣᠨᠴᠡᠴᠡᠭ᠂ ᠴᠤᠯᠮᠤᠨᠭᠡᠷᠡᠯ᠂ ᠪᠠᠯ