ᠬᠥᠷᠥᠩᠭᠡ ᠂ ᠰᠠᠩᠬᠦᠦ ᠶ᠋ᠢᠨ ᠮᠡᠳᠡᠯᠭᠡ ᠨᠢᠭᠡKhöröngö , sankhüügiin medleg neg-ᠬᠣᠨᠢᠴᠢᠨ ᠦᠯᠵᠡᠢᠰᠦ᠋ᠷᠥᠩ ᠠᠵᠤ ᠠᠬᠤᠢ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠷᠥᠩᠭᠡ ᠂ ᠰᠠᠩᠬᠦᠦ ᠶ᠋ᠢᠨ ᠮᠡᠳᠡᠯᠭᠡ ᠨᠢᠭᠡKhöröngö , sankhüügiin medleg neg-ᠬᠣᠨᠢᠴᠢᠨ ᠦᠯᠵᠡᠢᠰᠦ᠋ᠷᠥᠩ

ᠬᠥᠷᠥᠩᠭᠡ ᠂ ᠰᠠᠩᠬᠦᠦ ᠶ᠋ᠢᠨ ᠮᠡᠳᠡᠯᠭᠡ ᠨᠢᠭᠡKhöröngö , sankhüügiin medleg neg-ᠬᠣᠨᠢᠴᠢᠨ ᠦᠯᠵᠡᠢᠰᠦ᠋ᠷᠥᠩ

ᠠᠩᠭᠢᠯᠠᠯ:ᠠᠵᠤ ᠠᠬᠤᠢ
2025-09-04

147

    ᠳ᠋ᠣᠺᠲ᠋ᠣᠷ ᠬᠣᠨᠢᠴᠢᠨ ᠦᠯᠵᠡᠢᠰᠦ᠋ᠷᠥᠩ 
ᠬᠥᠮᠦᠰ ᠦ᠋ᠨ ᠨᠡᠢᠭᠡᠮ ᠠᠮᠢᠳᠤᠷᠠᠯ ᠪᠠᠶᠠᠯᠢᠭᠵᠢᠵᠤ ᠂ ᠬᠥᠮᠦᠨ ᠪᠦᠬᠦᠨ ᠵᠠᠬ᠎ᠠ ᠳᠡᠯᠭᠡᠭᠦᠷ ᠲᠦ᠍ ᠣᠷᠣᠵᠤ ᠪᠠᠢᠭ᠎ᠠ ᠥᠨᠥᠳᠥᠷ᠂ ᠲᠡᠷᠡ ᠳᠣᠳᠣᠮ ᠢ᠋ᠶ᠋ᠠᠨ ᠠᠵᠤ ᠠᠬᠤᠢ ᠠᠷᠠᠯᠵᠢᠶ᠎ᠠ ᠡᠷᠬᠢᠯᠡᠵᠦ ᠪᠠᠢᠭ᠎ᠠ ᠬᠥᠮᠦᠨ ᠪᠣᠯᠭᠠᠨ ᠳ᠋ᠤ᠌ ᠳᠠᠩᠰᠠ ᠲᠣᠭᠠᠴᠠᠭ᠎ᠠ ᠬᠢᠬᠦ ᠠᠵᠢᠯ ᠴᠢᠬᠤᠯᠠ ᠠ᠋ᠴᠠ ᠴᠢᠬᠤᠯᠠ ᠪᠣᠯᠵᠤ ᠪᠠᠢᠭ᠎ᠠ ᠪᠢᠯᠡ᠃ ᠡᠨᠡ ᠪᠣᠯ ᠥᠨᠥᠳᠥᠷ ᠦ᠋ᠨ ᠶᠠᠷᠢᠬᠤ ᠭᠡᠵᠦ ᠪᠠᠢᠭ᠎ᠠ ᠰᠠᠩᠬᠦᠦ ᠶ᠋ᠢᠨ ᠲᠤᠬᠠᠢ ᠮᠡᠳᠡᠯᠭᠡ ᠪᠣᠯᠤᠨ᠎ᠠ᠃  ᠰᠠᠩᠬᠦᠦ᠂ ᠲᠣᠭᠠᠴᠠᠭ᠎ᠠ ᠭᠡᠬᠦ ᠪᠡᠷ ᠬᠥᠮᠦᠰ ᠪᠣᠳᠣᠬᠤ ᠳ᠋ᠠᠭᠠᠨ ᠥᠪᠡᠷ ᠦ᠋ᠨ ᠣᠷᠣᠯᠭ᠎ᠠ ᠵᠠᠷᠤᠯᠭ᠎ᠠ ᠪᠠᠨ ᠲᠡᠮᠳᠡᠭᠯᠡᠬᠦ ᠶ᠋ᠢ ᠬᠡᠯᠡᠳᠡᠭ ᠭᠡᠮᠡᠨ ᠣᠢᠯᠭᠠᠬᠤ ᠨᠢ ᠣᠯᠠᠨ ᠃ ᠭᠡᠲᠡᠯ᠎ᠡ ᠰᠠᠩᠬᠦᠦ᠂ ᠲᠣᠭᠠᠴᠠᠭ᠎ᠠ᠂ ᠨᠢᠭᠲᠠᠯᠠᠨ ᠪᠣᠳᠣᠬᠤ ᠠᠵᠢᠯ ᠤ᠋ᠨ ᠭᠣᠣᠯ ᠵᠣᠷᠢᠯᠭ᠎ᠠ ᠪᠣᠯ ᠣᠷᠣᠭᠰᠠᠨ᠂ ᠭᠠᠷᠤᠭᠰᠠᠨ ᠢ᠋ ᠲᠡᠮᠳᠡᠭᠯᠡᠬᠦ ᠪᠡᠷ ᠳᠡᠮᠵᠢᠵᠦ᠂ ᠢᠷᠡᠭᠡᠳᠦᠢ ᠶ᠋ᠢᠨ ᠣᠷᠣᠯᠭ᠎ᠠ ᠵᠠᠷᠤᠯᠭ᠎ᠠ ᠪᠠᠨ ᠢᠯᠡᠭᠦᠦ ᠣᠨᠣᠪᠴᠢᠲᠠᠢ ᠪᠠᠷ ᠲᠥᠯᠥᠪᠯᠡᠵᠦ᠂ ᠬᠤᠪᠢᠶᠠᠷᠢᠯᠠᠬᠤ ᠶᠠᠪᠤᠳᠠᠯ ᠪᠣᠯᠤᠨ᠎ᠠ᠃ 
ᠰᠠᠩᠬᠦᠦ ᠶ᠋ᠢᠨ ᠮᠡᠳᠡᠯᠭᠡ ᠳ᠋ᠦ᠍ ᠭᠣᠣᠯᠳᠠᠭᠤ ᠮᠥᠩᠭᠥ ᠴᠤᠭᠯᠠᠭᠤᠯᠬᠤ ᠂ ᠪᠡᠯᠡ ᠣᠷᠣᠭᠤᠯᠬᠤ᠂ ᠣᠷᠣᠯᠭ᠎ᠠ ᠣᠯᠬᠤ ᠭᠡᠰᠡᠨ ᠭᠤᠷᠪᠠᠨ ᠦᠨᠳᠦᠰᠦᠨ ᠠᠵᠢᠯ ᠪᠣᠢ᠃ ᠥᠭᠡᠷ᠎ᠡ ᠪᠡᠷ ᠬᠡᠯᠡᠪᠡᠯ ᠪᠢᠳᠡ ᠶᠠᠮᠠᠷ ᠨᠢᠭᠡ ᠠᠵᠢᠯ ᠢ᠋ ᠬᠢᠬᠦ ᠳ᠋ᠦ᠍ ᠶᠡᠷᠦ ᠨᠢ ᠡᠬᠢᠯᠡᠭᠡᠳ ᠮᠥᠩᠭᠥ ᠣᠯᠬᠤ ᠱᠠᠭᠠᠷᠳᠠᠯᠭ᠎ᠠ ᠲᠠᠢ᠂ ᠳᠠᠬᠢᠨ ᠡᠨᠡᠬᠦ ᠣᠯᠵᠤ ᠠᠪᠴᠢᠷᠬᠠᠰᠠᠨ ᠮᠥᠩᠭᠥ ᠪᠡᠨ ᠥᠪᠡᠷ ᠦ᠋ᠨ ᠬᠢᠶ᠎ᠡ ᠭᠡᠰᠡᠨ ᠠᠵᠢᠯ ᠳᠡᠭᠡᠷ᠎ᠡ ᠪᠡᠨ ᠣᠷᠣᠭᠤᠯᠵᠤ ᠡᠬᠢᠯᠡᠭᠦᠯᠦᠨ᠎ᠡ᠂ ᠳᠠᠬᠢᠨ ᠡᠨᠡᠬᠦ ᠬᠢᠭᠰᠡᠨ ᠠᠵᠢᠯ ᠠ᠋ᠴᠠ ᠪᠠᠨ ᠣᠷᠣᠯᠭ᠎ᠠ ᠣᠯᠳᠠᠭ᠃ ᠭᠡᠪᠡᠴᠦ ᠪᠣᠳᠠᠲᠠᠢ ᠠᠮᠢᠳᠤᠷᠠᠯ ᠳᠡᠭᠡᠷ᠎ᠡ ᠪᠢᠳᠡ ᠣᠷᠣᠯᠭ᠎ᠠ ᠣᠯᠤᠭᠠᠳ ᠯᠠ ᠵᠣᠭᠰᠣᠴᠢᠬᠠᠬᠤ ᠪᠢᠰᠢ᠂ ᠬᠠᠷᠢᠨ ᠦᠷᠭᠦᠯᠵᠢᠯᠡᠨ ᠬᠤᠪᠢᠶᠠᠷᠢᠯᠠᠯᠲᠠ ᠬᠢᠵᠦ ᠳᠠᠬᠢᠨ ᠦᠢᠯᠡᠳᠪᠦᠷᠢᠯᠡᠯ ᠶᠠᠪᠤᠭᠳᠠᠭᠤᠯᠳᠠᠭ᠃ ᠡᠢᠮᠦ ᠡᠴᠡ ᠰᠠᠩᠬᠦᠦ ᠶ᠋ᠢᠨ ᠠᠵᠢᠯ ᠪᠣᠯ ᠨᠢᠭᠡ ᠪᠠᠢᠩᠭᠤ ᠶᠠᠪᠤᠭᠳᠠᠳᠠᠭ ᠡᠷᠭᠢᠯᠲᠡ ᠶ᠋ᠢᠨ ᠰᠢᠨᠵᠢ ᠲᠡᠢ ᠠᠵᠢᠯ ᠮᠥᠨ᠃ ᠲᠡᠷᠡ ᠮᠥᠷᠲᠡᠭᠡᠨ ᠠᠯᠢ ᠨᠢᠭᠡ ᠶᠠᠪᠤᠴᠠ ᠨᠢ ᠴᠦ᠍ ᠳᠤᠲᠠᠵᠤ ᠪᠣᠯᠬᠤ ᠦᠭᠡᠢ᠃  
ᠲᠤᠰ ᠬᠢᠴᠢᠶᠡᠯ ᠳ᠋ᠦ᠍ ᠪᠢᠳᠡ ᠭᠣᠣᠯᠳᠠᠭᠤ ᠮᠥᠩᠭᠥ ᠴᠤᠭᠯᠠᠭᠤᠯᠬᠤ ᠵᠣᠬᠢᠰᠲᠠᠢ ᠠᠷᠭ᠎ᠠ ᠪᠠᠷᠢᠯ ᠤ᠋ᠨ ᠲᠤᠬᠠᠢ ᠶᠠᠷᠢᠬᠤ ᠪᠣᠯᠤᠨ᠎ᠠ᠃ ᠪᠢᠳᠡᠨ ᠦ᠌ ᠮᠡᠳᠡᠭᠡᠵᠢ ᠮᠥᠩᠭᠥ ᠴᠤᠭᠯᠠᠭᠤᠯᠬᠤ ᠦᠨᠳᠦᠰᠦᠨ ᠠᠷᠭ᠎ᠠ ᠭᠡᠪᠡᠯ ᠥᠪᠡᠷ ᠢ᠋ᠶ᠋ᠡᠨ ᠭᠠᠷᠭᠠᠬᠤ᠂ ᠪᠡᠯᠡ ᠴᠤᠭᠯᠠᠭᠤᠯᠬᠤ ᠵᠢᠴᠢ ᠵᠢᠭᠡᠯᠡᠯᠭᠡ ᠠᠪᠬᠤ ᠭᠤᠷᠪᠠ ᠪᠠᠢᠳᠠᠭ᠃ 
ᠨᠢᠭᠡ ᠂ ᠥᠪᠡᠷ ᠢ᠋ᠶ᠋ᠡᠨ ᠭᠠᠷᠭᠠᠬᠤ 
ᠬᠡᠨ ᠬᠥᠮᠦᠨ ᠶᠠᠮᠠᠷ ᠵᠣᠷᠢᠯᠭ᠎ᠠ ᠠ᠋ᠴᠠ ᠶᠠᠮᠠᠷ ᠲᠥᠷᠥᠯ ᠦ᠋ᠨ  ᠠᠷᠠᠯᠵᠢᠶ᠎ᠠ ᠬᠤᠳᠠᠯᠳᠤᠭ᠎ᠠ ᠬᠢᠭᠰᠡᠨ ᠴᠦ᠍ ᠠᠯᠳᠠᠬᠤ ᠶ᠋ᠢ ᠬᠦᠰᠡᠬᠦ ᠦᠭᠡᠢ᠂ ᠬᠠᠷᠢᠨ ᠴᠤ᠌ ᠡᠰᠡᠷᠭᠦ ᠪᠡᠷ ᠥᠪᠡᠷ ᠦ᠋ᠨ ᠬᠢᠭᠰᠡᠨ ᠵᠦᠢᠯ ᠡᠴᠡ  ᠪᠡᠨ ᠬᠠᠩᠭᠠᠯᠲᠠᠢ ᠬᠡᠮᠵᠢᠶᠡᠨ ᠦ᠌ ᠣᠷᠣᠯᠭ᠎ᠠ ᠣᠯᠬᠤ ᠶ᠋ᠢ ᠪᠣᠳᠣᠳᠠᠭ᠃ ᠲᠡᠢᠮᠦ ᠡᠴᠡ ᠲᠠᠨ ᠤ᠋ ᠰᠣᠩᠭᠣᠭᠰᠠᠨ ᠠᠵᠢᠯ ᠲᠠᠨ ᠳ᠋ᠤ᠌ ᠣᠷᠣᠯᠭ᠎ᠠ ᠣᠯᠵᠤ ᠥᠭᠬᠦ ᠪᠣᠯᠤᠮᠵᠢ ᠲᠠᠢ ᠪᠠᠢᠬᠤ ᠬᠡᠷᠡᠭᠲᠡᠢ᠃ ᠡᠭᠦᠨ ᠳ᠋ᠦ᠍ ᠵᠠᠪᠠᠯ ᠪᠤᠰᠤᠳ ᠤ᠋ᠨ ᠣᠷᠣᠯᠭ᠎ᠠ ᠣᠯᠵᠤ ᠪᠠᠢᠭ᠎ᠠ ᠵᠦᠢᠯ ᠢ᠋ ᠬᠢᠬᠦ ᠡᠴᠡ ᠢᠯᠡᠭᠦᠦ ᠲᠠᠨ ᠤ᠋ ᠥᠪᠡᠷ ᠦ᠋ᠨ ᠳᠠᠪᠠᠭᠤᠯᠢᠭ ᠲᠠᠯ᠎ᠠ᠂ ᠬᠢᠵᠦ  ᠴᠢᠳᠠᠬᠤ ᠵᠦᠢᠯ ᠢ᠋ᠶ᠋ᠡᠨ ᠰᠣᠩᠭᠣᠬᠤ ᠨᠢ ᠪᠦᠲᠦᠬᠦ ᠪᠣᠯᠤᠮᠵᠢ ᠨᠢ ᠬᠠᠪᠢ ᠦᠭᠡᠢ ᠥᠨᠳᠥᠷ ᠪᠠᠢᠳᠠᠭ᠃ ᠲᠡᠢᠮᠦ ᠡᠴᠡ ᠪᠢᠳᠡ ᠶᠠᠭ ᠶᠠᠭᠤ ᠬᠢᠬᠦ ᠪᠡᠨ ᠲᠣᠭᠳᠠᠠᠭᠰᠠᠨ ᠤ᠋ ᠰᠠᠭᠤᠷᠢᠨ ᠳᠡᠭᠡᠷ᠎ᠡ᠂ ᠲᠣᠭᠠᠴᠠᠭ᠎ᠠ ᠬᠢᠵᠦ᠂ ᠬᠠᠮᠢᠭ᠎ᠠ ᠨᠢ ᠬᠡᠳᠦᠢ ᠮᠥᠩᠭᠥ ᠣᠷᠣᠬᠤ ᠠ᠋ᠴᠠ ᠡᠬᠢᠯᠡᠭᠡᠳ ᠨᠠᠷᠢᠨ ᠪᠣᠳᠣᠵᠤ᠂ ᠨᠡᠢᠲᠡ ᠬᠡᠳᠦᠢ ᠮᠥᠩᠭᠥ ᠪᠠᠢᠪᠠᠯ ᠬᠦᠷᠦᠯᠴᠡᠭᠡ ᠲᠡᠢ ᠭᠡᠳᠡᠭ  ᠢ᠋ᠶ᠋ᠡᠨ ᠲᠣᠭᠲᠠᠭᠠᠨ᠎ᠠ᠃ ᠡᠨᠡ ᠰᠠᠭᠤᠷᠢᠨ ᠳᠡᠭᠡᠷ᠎ᠡ ᠪᠢᠳᠡ ᠥᠪᠡᠷ ᠦ᠋ᠨ ᠭᠠᠷ ᠲᠤ᠌ ᠪᠠᠢᠭ᠎ᠠ ᠮᠥᠩᠭᠥ ᠪᠡᠨ ᠬᠦᠷᠦᠯᠴᠡᠭᠡ ᠲᠡᠢ ᠡᠰᠡᠬᠦ ᠶ᠋ᠢ  ᠦᠵᠡᠵᠦ ᠪᠠᠢᠭᠠᠳ ᠮᠥᠩᠭᠥ ᠪᠡᠨ ᠭᠠᠷᠭᠠᠨ᠎ᠠ᠃ ᠡᠭᠦᠨ ᠳ᠋ᠦ᠍ ᠤᠷᠢᠳᠴᠢᠯᠠᠵᠤ ᠲᠣᠭᠠᠴᠠᠵᠤ ᠭᠠᠷᠭᠠᠬᠤ ᠠᠵᠢᠯ ᠮᠠᠰᠢ ᠴᠢᠬᠤᠯᠠ ᠪᠣᠯᠬᠤ  ᠶ᠋ᠢ ᠡᠭᠦᠨ ᠎ᠡᠴᠠ ᠦᠵᠡᠵᠦ ᠭᠠᠷᠤᠨ᠎ᠠ᠃ ᠥᠪᠡᠷ ᠢ᠋ᠶ᠋ᠡᠨ ᠬᠡᠷᠡᠭᠰᠡᠬᠦ ᠪᠦᠬᠦ ᠮᠥᠩᠭᠥ ᠶ᠋ᠢ ᠭᠠᠷᠭᠠᠬᠤ ᠨᠢ ᠲᠡᠭᠦᠨ ᠡᠴᠡ ᠣᠯᠬᠤ ᠠᠰᠢᠭ ᠣᠷᠣᠯᠭ᠎ᠠ ᠶ᠋ᠢ ᠪᠤᠰᠤᠳ ᠲᠠᠢ ᠬᠤᠪᠢᠶᠠᠷᠢᠯᠠᠬᠤ ᠦᠭᠡᠢ ᠪᠦᠷᠢᠨ ᠰᠠᠢᠨ ᠲᠠᠯ᠎ᠠ ᠲᠠᠢ ᠴᠤ᠌ ᠡᠷᠦᠰᠳᠡᠯ ᠢ᠋ ᠥᠪᠡᠷ ᠢ᠋ᠶ᠋ᠡᠨ ᠪᠦᠷᠢᠨ ᠳᠠᠭᠠᠭᠠᠬᠤ ᠱᠠᠭᠠᠷᠳᠠᠯᠭ᠎ᠠ ᠲᠠᠢ ᠪᠣᠯᠳᠠᠭ᠃  
ᠬᠣᠶᠠᠷ ᠂ ᠪᠡᠯᠡ ᠴᠤᠭᠯᠠᠭᠤᠬᠤ
ᠵᠠᠬ᠎ᠠ ᠳᠡᠯᠭᠡᠭᠦᠷ ᠦ᠋ᠨ ᠠᠵᠤ ᠠᠬᠤᠢ ᠶ᠋ᠢᠨ ᠨᠥᠬᠥᠴᠡᠯ ᠳ᠋ᠦ᠍ ᠠᠵᠤ ᠠᠬᠤᠢ ᠶ᠋ᠢᠨ ᠠᠷᠠᠯᠵᠢᠶᠠᠨ ᠤ᠋ ᠨᠢᠭᠡᠴᠢ ᠥᠪᠡᠷ ᠦ᠋ᠨ ᠣᠷᠣᠯᠭ᠎ᠠ ᠵᠠᠷᠤᠯᠭ᠎ᠠ᠂ ᠠᠰᠢᠭ ᠣᠷᠣᠯᠭ᠎ᠠ᠂ ᠥᠷᠢ ᠥᠭᠴᠡᠭᠡ ᠪᠡᠨ ᠪᠦᠷᠢᠨ ᠥᠪᠡᠷ ᠢ᠋ᠶ᠋ᠡᠨ ᠳᠠᠭᠠᠭᠠᠬᠤ ᠡᠭᠦᠷᠭᠡ ᠲᠡᠢ ᠪᠠᠢᠳᠠᠭ᠃ ᠡᠭᠦᠨ ᠢ᠋ᠶ᠋ᠡᠷ ᠴᠦ᠍ ᠵᠣᠭᠰᠣᠬᠤ ᠦᠭᠡᠢ ᠵᠠᠬ᠎ᠠ ᠳᠡᠯᠭᠡᠭᠦᠷ ᠦ᠋ᠨ ᠠᠵᠤ ᠠᠬᠤᠢ ᠤᠯᠠᠮ ᠥᠷᠭᠡᠵᠢᠵᠦ ᠬᠥᠭᠵᠢᠬᠦ ᠶ᠋ᠢ ᠳᠠᠭᠠᠯᠳᠤᠨ ᠨᠢᠭᠡ ᠠᠵᠢᠯ ᠦᠢᠯᠡᠰ ᠢ᠋ ᠭᠠᠭᠴᠠᠭᠠᠷ ᠬᠢᠬᠦ ᠪᠣᠯᠤᠮᠵᠢ ᠲᠡᠷᠡ ᠪᠦᠷᠢ ᠪᠠᠭᠠᠰᠴᠤ᠂ ᠬᠠᠮᠲᠤ ᠶ᠋ᠢᠨ ᠪᠤᠶᠤ ᠬᠣᠷᠰᠢᠭᠰᠠᠨ ᠬᠡᠯᠪᠡᠷᠢ ᠢᠯᠡᠭᠦᠦ ᠳᠠᠪᠠᠮᠠᠭᠠᠢᠯᠠᠵᠤ ᠪᠠᠢᠨ᠎ᠠ᠃ ᠡᠨᠡ ᠨᠢ ᠨᠢᠭᠡ ᠲᠠᠯ᠎ᠠ ᠪᠠᠷ ᠲᠣᠮᠣ ᠵᠠᠬ᠎ᠠ ᠳ᠋ᠤ᠌ ᠣᠷᠣᠵᠤ ᠂ ᠵᠠᠬ᠎ᠠ ᠳᠡᠯᠭᠡᠭᠦᠷ ᠲᠦ᠍ ᠥᠪᠡᠷ ᠦ᠋ᠨ ᠣᠷᠣᠨ ᠪᠠᠢᠷᠢ  ᠪᠠᠨ ᠣᠯᠠᠬᠤ ᠳ᠋ᠤ᠌ ᠢᠯᠡᠭᠦᠦ ᠬᠦᠴᠲᠡᠢ᠂ ᠳᠠᠭᠠᠭᠠᠴᠠ ᠲᠠᠢ ᠪᠣᠯᠳᠠᠭ᠃ ᠨᠥᠭᠦᠭᠡ ᠲᠠᠯ᠎ᠠ ᠪᠠᠷ ᠵᠠᠬ᠎ᠠ ᠳᠡᠯᠭᠡᠭᠦᠷ ᠦ᠋ᠨ ᠠᠵᠤ ᠠᠬᠤᠢ ᠶ᠋ᠢᠨ ᠡᠷᠦᠰᠳᠡᠯ ᠢ᠋ ᠳᠠᠭᠠᠬᠤ ᠴᠢᠳᠠᠯ ᠢ᠋ ᠶᠡᠬᠡᠰᠬᠡᠵᠦ᠂ ᠬᠤᠪᠢᠶᠠᠷᠢᠯᠠᠵᠤ  ᠥᠭᠳᠡᠭ᠃ ᠲᠡᠢᠮᠦ ᠡᠴᠡ ᠪᠡᠯᠡ ᠴᠤᠭᠯᠠᠭᠤᠯᠬᠤ ᠨᠢ ᠥᠪᠡᠷ ᠢ᠋ᠶ᠋ᠡᠨ ᠮᠥᠩᠭᠥ ᠭᠠᠷᠭᠠᠬᠤ ᠲᠠᠢ ᠬᠠᠷᠢᠴᠠᠭᠤᠯᠪᠠᠯ ᠢᠯᠡᠭᠦᠦ ᠶᠡᠬᠡ ᠮᠥᠩᠭᠥ ᠴᠤᠭᠯᠠᠭᠤᠯᠵᠤ᠂ ᠲᠣᠮᠣ ᠵᠠᠬ᠎ᠠ ᠳᠡᠯᠭᠡᠭᠦᠷ ᠲᠦ᠍ ᠣᠷᠣᠵᠤ ᠴᠢᠳᠠᠬᠤ ᠪᠠᠷ ᠪᠠᠷᠠᠬᠤ ᠦᠭᠡᠢ᠂ ᠬᠤᠪᠢ ᠬᠥᠮᠦᠨ ᠦ᠌ ᠠᠵᠤ ᠠᠬᠤᠢ ᠶ᠋ᠢᠨ ᠳᠠᠷᠤᠯᠲᠠ ᠶ᠋ᠢ ᠪᠠᠭᠠᠰᠬᠠᠵᠤ ᠥᠭᠳᠡᠭ᠃ ᠭᠡᠪᠡᠴᠦ ᠪᠢᠳᠡ ᠥᠪᠡᠷ ᠦ᠋ᠨ ᠲᠥᠯᠥᠪᠯᠡᠵᠦ ᠡᠬᠢᠯᠡᠭᠦᠯᠦᠭᠰᠡᠨ ᠠᠵᠢᠯ ᠲᠥᠷᠥᠯ ᠳᠡᠭᠡᠷ᠎ᠡ ᠪᠡᠨ ᠬᠠᠮᠢᠶ᠎ᠠ ᠦᠭᠡᠢ᠂ ᠲᠣᠭᠠᠴᠠᠭ᠎ᠠ ᠦᠭᠡᠢ ᠪᠡᠯᠡ ᠴᠤᠭᠯᠠᠭᠤᠯᠬᠤ ᠨᠢ ᠪᠤᠷᠤᠭᠤ᠃ ᠡᠭᠦᠨ ᠳ᠋ᠦ᠍ ᠪᠠᠰᠠ ᠬᠠᠷᠢᠴᠠᠯ ᠢ᠋ ᠦᠵᠡᠬᠦ ᠤᠴᠢᠷ ᠲᠠᠢ᠃
ᠡᠨᠡ ᠪᠣᠯ ᠲᠠᠨ ᠤ᠋ ᠡᠬᠢᠯᠡᠭᠦᠯᠦᠭᠰᠡᠨ ᠠᠵᠢᠯ ᠲᠥᠷᠥᠯ ᠪᠣᠯᠬᠤ ᠠ᠋ᠴᠠ ᠶᠠᠭᠠᠬᠢᠵᠤ ᠬᠥᠭᠵᠢᠭᠦᠯᠬᠦ᠂ ᠶᠠᠭᠤᠨ ᠳ᠋ᠤ᠌ ᠬᠦᠷᠭᠡᠬᠦ ᠭᠡᠳᠡᠭ ᠨᠢ ᠲᠠᠨ ᠤ᠋ ᠲᠥᠯᠥᠪᠯᠡᠭᠡ ᠶᠦᠮ᠃ ᠲᠡᠢᠮᠦ ᠡᠴᠡ ᠡᠭᠦᠨ ᠳ᠋ᠦ᠍ ᠬᠠᠮᠢᠶ᠎ᠠ ᠦᠭᠡᠢ ᠶᠡᠬᠡ ᠪᠡᠯᠡ ᠴᠤᠭᠯᠠᠭᠤᠯᠪᠠᠯ ᠲᠠᠨ ᠤ᠋ ᠡᠵᠡᠯᠡᠬᠦ ᠬᠠᠷᠢᠴᠠᠯ ᠪᠠᠭᠤᠷᠴᠤ᠂ ᠴᠢᠨᠠᠭᠰᠢᠯᠠᠨ ᠲᠠᠨ ᠤ᠋ ᠠᠵᠢᠯ ᠲᠥᠷᠥᠯ ᠢ᠋ᠶ᠋ᠡᠨ ᠤᠳᠤᠷᠢᠳᠴᠤ ᠵᠥᠪ ᠴᠢᠭᠯᠡᠯ ᠢ᠋ᠶ᠋ᠡᠷ ᠠᠪᠴᠤ ᠶᠠᠪᠤᠬᠤ ᠮᠠᠲᠠᠯ ᠠᠯᠳᠠᠭᠳᠠᠳᠠᠭ᠃ ᠡᠢᠮᠦ ᠡᠴᠡ ᠲᠠ ᠪᠡᠯᠡ ᠴᠤᠭᠯᠠᠭᠤᠯᠬᠤ ᠠ᠋ᠴᠠ ᠡᠮᠦᠨ᠎ᠡ ᠮᠥᠨ ᠬᠡᠳᠦᠢ ᠬᠥᠷᠥᠩᠭᠡ ᠮᠥᠩᠭᠥ ᠱᠠᠭᠠᠷᠳᠠᠯᠭ᠎ᠠ ᠲᠠᠢ ᠡᠰᠡᠬᠦ ᠪᠡᠨ ᠪᠦᠷᠢᠨ ᠲᠣᠭᠠᠴᠠᠭᠰᠠᠨ ᠤ᠋ ᠰᠠᠭᠤᠷᠢᠨ ᠳᠡᠭᠡᠷ᠎ᠡ ᠬᠡᠳᠦᠢ ᠬᠤᠪᠢ ᠶ᠋ᠢ ᠥᠪᠡᠷ ᠢ᠋ᠶ᠋ᠡᠨ ᠭᠠᠷᠭᠠᠵᠤ᠂ ᠬᠡᠳᠦᠢ ᠬᠤᠪᠢ ᠶ᠋ᠢ ᠨᠢ ᠭᠠᠳᠠᠨ᠎ᠠ ᠠ᠋ᠴᠠ ᠪᠡᠯᠡ ᠴᠤᠭᠯᠠᠭᠤᠯᠬᠤ ᠪᠠᠨ ᠪᠣᠳᠣᠵᠤ ᠲᠣᠭᠲᠠᠭᠠᠨ᠎ᠠ᠃ ᠶᠡᠷᠦᠩᠬᠡᠢ ᠳ᠋ᠡᠭᠡᠨ ᠡᠨᠡ ᠨᠢ ᠠᠵᠤ ᠠᠬᠤᠢ ᠶ᠋ᠢᠨ ᠤᠬᠠᠭᠠᠨ ᠳᠡᠭᠡᠷ᠎ᠡ  ᠲᠠᠨ ᠤ᠋ ᠡᠵᠡᠯᠡᠬᠦ ᠬᠠᠷᠢᠴᠠᠯ 67 ᠪᠠᠢᠪᠠᠯ᠂ ᠳᠣᠣᠷ᠎ᠠ ᠪᠣᠯᠤᠯ᠎ᠠ ᠭᠡᠬᠦ ᠳ᠋ᠦ᠍ 51 ᠬᠤᠪᠢ ᠠ᠋ᠴᠠ ᠳᠣᠭᠣᠭᠰᠢ ᠦᠭᠡᠢ ᠪᠠᠢᠪᠠᠯ ᠵᠣᠬᠢᠨ᠎ᠠ᠃ ᠢᠩᠭᠢᠪᠡᠯ ᠠᠩᠬ᠎ᠠ ᠡᠬᠢᠯᠡᠵᠦ ᠪᠠᠢᠬᠤ ᠠᠵᠤ ᠠᠬᠤᠢ ᠶ᠋ᠢᠨ ᠦᠢᠯᠡ ᠠᠵᠢᠯᠯᠠᠭ᠎ᠠ  ᠶ᠋ᠢ ᠲᠠ ᠵᠥᠪ ᠠᠪᠴᠤ ᠶᠠᠪᠤᠵᠤ ᠠᠰᠢᠭ ᠣᠷᠣᠯᠭ᠎ᠠ ᠣᠯᠬᠤ ᠪᠣᠯᠤᠮᠵᠢ  ᠲᠠᠢ᠃ ᠬᠠᠷᠢᠨ ᠠᠵᠤ ᠠᠬᠤᠢ ᠶ᠋ᠢᠨ ᠨᠢᠭᠡᠴᠡ ᠶ᠋ᠢᠨ ᠲᠣᠮᠣᠷᠠᠬᠤ ᠶ᠋ᠢ ᠳᠠᠭᠠᠯᠳᠤᠨ ᠪᠡᠯᠡ ᠮᠥᠩᠭᠥᠨ ᠦ᠌ ᠬᠡᠷᠡᠭᠴᠡᠭᠡ ᠶᠡᠬᠡᠰᠴᠦ ᠂ ᠪᠡᠯᠡ ᠴᠤᠭᠯᠠᠭᠤᠯᠬᠤ ᠨᠢ ᠴᠦ᠍ ᠣᠯᠠᠨ ᠪᠣᠯᠵᠤ᠂ ᠲᠠᠨ ᠤ᠋ ᠥᠪᠡᠷ ᠦ᠋ᠨ ᠡᠵᠡᠯᠡᠬᠦ ᠬᠠᠷᠢᠴᠠᠯ ᠪᠠᠭᠤᠷᠠᠬᠤ ᠨᠢ ᠵᠦᠢ ᠶᠣᠰᠣᠨ ᠤ᠋ ᠬᠡᠷᠡᠭ ᠶᠦᠮ᠃  
ᠭᠤᠷᠪᠠ ᠂ ᠵᠢᠭᠡᠯᠡᠯᠭᠡ ᠠᠪᠬᠤ
ᠣᠳᠣ ᠵᠢᠭᠡᠯᠡᠯᠭᠡ ᠠᠪᠬᠤ ᠶᠠᠪᠤᠳᠠᠯ ᠠᠢᠯ ᠭᠡᠷ᠂ ᠬᠤᠪᠢ ᠬᠥᠮᠦᠨ ᠡᠴᠡ ᠡᠬᠢᠯᠡᠭᠡᠳ ᠠᠵᠤ ᠠᠬᠤᠢ ᠠᠷᠠᠯᠵᠢᠶᠠᠨ ᠤ᠋ ᠨᠢᠭᠡᠴᠡ ᠳ᠋ᠦ᠍ ᠲᠣᠬᠢᠶᠠᠯᠳᠤᠳᠠᠭ ᠠᠵᠢᠯ ᠤ᠋ᠨ ᠨᠢᠭᠡ ᠮᠥᠨ᠃ ᠵᠢᠭᠡᠯᠡᠯᠭᠡ ᠠᠪᠬᠤ ᠨᠢ ᠪᠡᠯᠡ ᠴᠤᠭᠯᠠᠭᠤᠯᠬᠤ ᠲᠠᠢ ᠠᠳᠠᠯᠢᠬᠠᠨ ᠮᠥᠩᠭᠥ ᠴᠤᠠᠯᠠᠭᠤᠯᠬᠤ ᠠᠵᠢᠯ ᠪᠠᠢᠭᠰᠠᠨ ᠴᠤ᠌᠂ ᠲᠡᠭᠦᠨ ᠡᠴᠡ ᠢᠯᠭᠠᠭᠳᠠᠬᠤ ᠨᠢ ᠬᠦᠦ ᠮᠥᠩᠭᠥ ᠲᠤᠰᠢᠶᠠᠵᠤ ᠂ ᠲᠣᠭᠲᠠᠭᠰᠠᠨ ᠬᠤᠭᠤᠴᠠᠭᠠᠨ ᠤ᠋ ᠳᠠᠷᠠᠭ᠎ᠠ ᠡᠬᠡ ᠮᠥᠩᠭᠥ ᠶ᠋ᠢ ᠨᠢ ᠴᠦ᠍ ᠪᠤᠴᠠᠭᠠᠬᠤ ᠲᠠᠯ᠎ᠠ ᠲᠠᠢ᠃ ᠲᠡᠢᠮᠦ ᠡᠴᠡ ᠵᠢᠭᠡᠯᠡᠯᠭᠡ ᠠᠪᠬᠤ ᠨᠢ ᠣᠳᠣ ᠦᠶ᠎ᠡ ᠶ᠋ᠢᠨ ᠠᠵᠤ ᠠᠬᠤᠢᠯᠠᠯ ᠳ᠋ᠤ᠌ ᠪᠠᠢᠩᠭᠤ ᠶᠠᠪᠤᠭᠳᠠᠳᠠᠭ ᠠᠵᠢᠯ ᠴᠤ᠌ ᠠᠪᠬᠤ ᠠ᠋ᠴᠠ ᠡᠮᠦᠨ᠎ᠡ ᠬᠡᠷᠡᠭᠴᠡᠭᠡ  ᠪᠡᠨ ᠰᠠᠢᠨ ᠲᠣᠳᠣᠷᠬᠠᠢᠯᠠᠵᠤ ᠂ ᠬᠡᠳᠦᠢ ᠠᠪᠴᠤ᠂ ᠬᠠᠮᠢᠭ᠎ᠠ ᠬᠡᠷᠡᠭᠯᠡᠬᠦ ᠡᠴᠡ ᠡᠬᠢᠯᠡᠭᠡᠳ᠂ ᠬᠦᠦ ᠮᠥᠩᠭᠥ ᠨᠢ ᠬᠡᠳᠦᠢ ᠪᠠᠢᠪᠠᠯ ᠬᠡᠳᠦᠢ ᠬᠤᠭᠤᠴᠠᠭᠠᠨ ᠳ᠋ᠤ᠌ ᠪᠤᠴᠠᠭᠠᠵᠤ ᠂ ᠠᠰᠢᠭ ᠣᠯᠵᠤ ᠴᠢᠳᠠᠬᠤ ᠡᠰᠡᠬᠦ ᠪᠡᠨ ᠪᠦᠷᠢᠨ ᠲᠡᠭᠦᠯᠳᠡᠷ ᠪᠣᠳᠣᠵᠤ ᠭᠠᠷᠭᠠᠬᠤ ᠬᠡᠷᠡᠭᠲᠡᠢ᠃ ᠡᠨᠡ ᠨᠢ ᠵᠠᠬ᠎ᠠ ᠳᠡᠯᠭᠡᠭᠦᠷ ᠦ᠋ᠨ ᠠᠵᠤ ᠠᠬᠤᠢ ᠬᠡᠳᠦᠢ ᠬᠥᠭᠵᠢᠬᠦ ᠳᠣᠳᠣᠮ ᠰᠠᠩᠬᠦᠦ᠂  ᠲᠣᠭᠠᠴᠠᠭ᠎ᠠ ᠶ᠋ᠢᠨ ᠠᠵᠢᠯ ᠪᠢᠳᠡᠨ ᠳ᠋ᠦ᠍ ᠬᠡᠳᠦᠢ ᠶᠡᠬᠡ ᠴᠢᠬᠤᠯᠠ ᠲᠠᠢ ᠭᠡᠳᠡᠭ ᠢ᠋ ᠴᠦ᠍ ᠬᠡᠯᠡᠵᠦ ᠪᠠᠢᠭ᠎ᠠ ᠶᠠᠪᠤᠳᠠᠯ ᠪᠣᠯᠤᠨ᠎ᠠ᠃ ᠡᠭᠦᠨ ᠳ᠋ᠦ᠍ ᠶᠡᠷᠦᠩᠬᠡᠢ ᠳ᠋ᠡᠭᠡᠨ ᠵᠢᠭᠡᠯᠡᠬᠦ ᠮᠥᠩᠭᠥᠨ ᠦ᠌ ᠬᠡᠮᠵᠢᠶ᠎ᠡ ᠲᠠᠨ ᠤ᠋ ᠵᠢᠯ ᠦ᠋ᠨ ᠪᠣᠷᠣᠯᠠᠭᠤᠯᠤᠯᠲᠠ ᠶ᠋ᠢᠨ ᠣᠷᠣᠯᠭ᠎ᠠ ᠶ᠋ᠢᠨ ᠬᠤᠪᠢ ᠠ᠋ᠴᠠ ᠬᠡᠲᠦᠷᠡᠬᠦ ᠦᠭᠡᠢ ᠪᠠᠢᠪᠠᠯ ᠵᠣᠬᠢᠨ᠎ᠠ᠃ ᠲᠡᠷᠡ ᠮᠥᠷᠲᠡᠭᠡᠨ ᠬᠦᠦ ᠮᠥᠩᠭᠥ ᠨᠢ ᠪᠠᠩᠬᠢ ᠶ᠋ᠢᠨ ᠬᠦᠦ ᠮᠥᠩᠭᠥ ᠡᠴᠡ ᠭᠡᠲᠦᠷᠴᠦ ᠪᠣᠯᠬᠤ ᠦᠭᠡᠢ᠃ ᠢᠩᠭᠢᠪᠡᠯ ᠲᠠ ᠥᠪᠡᠷ ᠦ᠋ᠨ ᠠᠵᠤ ᠠᠬᠤᠢ ᠶ᠋ᠢᠨ ᠦᠢᠯᠡ ᠠᠵᠢᠯᠯᠠᠭ᠎ᠠ ᠪᠠᠷ ᠢ᠋ᠶ᠋ᠠᠨ ᠳᠠᠮᠵᠢᠨ ᠵᠢᠭᠡᠯᠡᠭᠰᠡᠨ ᠮᠥᠩᠭᠥᠨ ᠦ᠌ ᠪᠡᠨ ᠬᠦᠦ ᠮᠥᠩᠭᠥ ᠪᠣᠯᠤᠨ ᠡᠬᠡ ᠮᠥᠩᠭᠥ ᠶ᠋ᠢ ᠲᠥᠯᠥᠬᠦ ᠪᠣᠯᠤᠮᠵᠢ ᠲᠠᠢ ᠮᠥᠷᠲᠡᠭᠡᠨ ᠵᠣᠬᠢᠬᠤ ᠬᠡᠮᠵᠢᠶᠡᠨ ᠦ᠌ ᠠᠰᠢᠭ ᠲᠠᠢ ᠠᠵᠢᠯᠯᠠᠵᠤ᠂ ᠬᠡᠰᠡᠭ ᠬᠤᠭᠤᠴᠠᠭᠠᠨ  ᠤ᠋ ᠳᠠᠷᠠᠭ᠎ᠠ ᠠᠵᠤ ᠠᠬᠤᠢ ᠪᠠᠨ ᠥᠷᠭᠡᠳᠬᠡᠵᠦ᠂ ᠠᠰᠢᠭ ᠣᠷᠣᠯᠭ᠎ᠠ  ᠪᠠᠨ ᠴᠤ᠌ ᠨᠡᠮᠡᠭᠳᠡᠭᠦᠯᠬᠦ ᠪᠦᠷᠢᠨ ᠴᠢᠳᠠᠯ ᠲᠠᠢ ᠪᠣᠯᠳᠠᠭ᠃ 
ᠠᠵᠤ ᠠᠬᠤᠢ ᠶ᠋ᠢᠨ ᠠᠷᠠᠯᠵᠢᠶᠠᠨ ᠤ᠋ ᠦᠢᠯᠡ ᠠᠵᠢᠯᠯᠠᠭ᠎ᠠ ᠳ᠋ᠤ᠌  ᠶᠡᠬᠡ ᠴᠦ᠍᠂ ᠪᠠᠭ᠎ᠠ ᠴᠤ᠌ ᠬᠥᠷᠥᠩᠭᠡ ᠮᠥᠩᠭᠥ ᠪᠣᠯ ᠳᠤᠲᠠᠭᠳᠠᠵᠤ ᠪᠣᠯᠣᠰᠢ ᠦᠭᠡᠢ ᠨᠢᠭᠡ ᠵᠦᠢᠯ ᠮᠥᠨ᠃ ᠲᠡᠭᠦᠨ ᠢ᠋ ᠴᠤᠭᠯᠠᠭᠤᠯᠬᠤ ᠳ᠋ᠤ᠌ ᠣᠯᠠᠨ ᠵᠦᠢᠯ ᠦ᠋ᠨ ᠠᠷᠭ᠎ᠠ ᠪᠠᠢᠭ᠎ᠠ ᠠ᠋ᠴᠠ ᠥᠪᠡᠷ ᠢ᠋ᠶ᠋ᠡᠨ ᠮᠥᠩᠭᠥ ᠭᠠᠷᠭᠠᠬᠤ᠂ ᠭᠠᠳᠠᠨ᠎ᠠ ᠠ᠋ᠴᠠ ᠪᠡᠯᠡ ᠴᠤᠭᠯᠠᠭᠤᠯᠬᠤ ᠪᠣᠯᠤᠨ ᠵᠢᠭᠡᠯᠡᠯᠭᠡ ᠠᠪᠬᠤ ᠭᠤᠷᠪᠠᠨ ᠦᠨᠳᠦᠰᠦᠨ ᠠᠷᠭ᠎ᠠ ᠪᠠᠢᠨ᠎ᠠ᠃ ᠭᠡᠪᠡᠴᠦ ᠡᠭᠦᠨ ᠳ᠋ᠦ᠍ ᠠᠯᠢᠨ ᠳ᠋ᠤᠨᠢ ᠴᠤ᠌ ᠤᠷᠢᠳᠴᠢᠯᠠᠵᠤ ᠲᠥᠯᠥᠪᠯᠡᠵᠦ ᠲᠣᠭᠠᠴᠠᠬᠤ ᠠᠵᠢᠯ ᠳᠤᠲᠠᠭᠳᠠᠵᠤ ᠪᠣᠯᠣᠰᠢ ᠦᠭᠡᠢ᠃ ᠡᠨᠡ ᠪᠦᠬᠦ ᠠᠵᠢᠯ ᠨᠢ  ᠶᠡᠷᠦᠩᠬᠡᠢ ᠳ᠋ᠡᠭᠡᠨ ᠰᠠᠩᠬᠦᠦ ᠶ᠋ᠢᠨ ᠠᠵᠢᠯ ᠤ᠋ᠨ ᠴᠢᠬᠤᠯᠠ ᠨᠢᠭᠡ ᠬᠡᠰᠡᠭ ᠮᠥᠨ ᠃

  ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ