ᠦᠢᠯᠡᠳᠪᠦᠷᠢᠯᠡᠯ ᠦ᠋ᠨ ᠦᠨᠳᠦᠰᠦᠨ ᠣᠷᠴᠢᠨÜildverleliin ündsen orchinҮйлдвэрлэлийн үндсэн орчин-ᠬᠣᠨᠢᠴᠢᠨ ᠦᠯᠵᠡᠢᠰᠦ᠋ᠷᠥᠩ ᠠᠵᠤ ᠠᠬᠤᠢ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠢᠯᠡᠳᠪᠦᠷᠢᠯᠡᠯ ᠦ᠋ᠨ ᠦᠨᠳᠦᠰᠦᠨ ᠣᠷᠴᠢᠨÜildverleliin ündsen orchinҮйлдвэрлэлийн үндсэн орчин-ᠬᠣᠨᠢᠴᠢᠨ ᠦᠯᠵᠡᠢᠰᠦ᠋ᠷᠥᠩ

ᠦᠢᠯᠡᠳᠪᠦᠷᠢᠯᠡᠯ ᠦ᠋ᠨ ᠦᠨᠳᠦᠰᠦᠨ ᠣᠷᠴᠢᠨÜildverleliin ündsen orchinҮйлдвэрлэлийн үндсэн орчин-ᠬᠣᠨᠢᠴᠢᠨ ᠦᠯᠵᠡᠢᠰᠦ᠋ᠷᠥᠩ

ᠠᠩᠭᠢᠯᠠᠯ:ᠠᠵᠤ ᠠᠬᠤᠢ
2025-09-03

182

             ᠳ᠋ᠣᠺᠲ᠋ᠣᠷ ᠬᠣᠨᠢᠴᠢᠨ ᠦᠯᠵᠡᠢᠰᠦ᠋ᠷᠥᠩ 
ᠵᠠᠬ᠎ᠠ ᠳᠡᠯᠭᠡᠭᠦᠷ ᠭᠡᠳᠡᠭ ᠪᠣᠯ ᠲᠠᠸᠠᠷ ᠤ᠋ᠨ ᠵᠠᠬ᠎ᠠ ᠳᠡᠯᠭᠡᠭᠦᠷ ᠪᠣᠯᠤᠨ᠎ᠠ᠃ ᠤᠴᠢᠷ ᠨᠢ ᠬᠥᠮᠦᠰ ᠥᠪᠡᠷ ᠥᠪᠡᠷ ᠦ᠋ᠨ ᠬᠡᠷᠡᠭᠴᠡᠭᠡᠨ ᠦ᠌ ᠵᠦᠢᠯ ᠢ᠋ᠶ᠋ᠡᠨ ᠵᠠᠬ᠎ᠠ ᠳᠡᠯᠭᠡᠭᠦᠷ ᠢ᠋ᠶ᠋ᠡᠷ ᠳᠠᠮᠵᠢᠨ ᠣᠯᠵᠤ ᠠᠪᠳᠠᠭ᠃ ᠭᠡᠲᠡᠯ᠎ᠡ ᠵᠠᠬ᠎ᠠ ᠳᠡᠯᠭᠡᠭᠦᠷ ᠳᠡᠭᠡᠷᠡᠬᠢ ᠲᠡᠳᠡᠭᠡᠷ ᠣᠯᠠᠨ ᠵᠦᠢᠯ ᠦ᠋ᠨ ᠲᠠᠸᠠᠷ ᠨᠢ ᠦᠢᠯᠡᠳᠪᠦᠷᠢᠯᠡᠯ ᠢ᠋ᠶ᠋ᠡᠷ ᠳᠠᠮᠵᠢᠨ ᠰᠠᠶᠢ ᠪᠣᠢ ᠪᠣᠯᠵᠤ᠂ ᠵᠠᠬ᠎ᠠ ᠳᠡᠯᠭᠡᠭᠦᠷ ᠳᠡᠭᠡᠷ᠎ᠡ ᠭᠠᠷᠳᠠᠭ ᠪᠢᠯᠡ᠃ ᠲᠡᠢᠮᠦ ᠡᠴᠡ ᠦᠢᠯᠡᠳᠪᠦᠷᠢᠯᠡᠯ ᠪᠣᠯ ᠪᠦᠬᠦᠢᠯᠡ ᠲᠠᠸᠠᠷ ᠤ᠋ᠨ ᠪᠠᠲᠤᠯᠭ᠎ᠠ ᠪᠠᠢᠵᠤ᠂ ᠥᠪᠡᠷ ᠦ᠋ᠨ ᠭᠡᠰᠡᠨ ᠦᠨᠳᠦᠰᠦᠨ ᠠᠵᠢᠯ ᠤ᠋ᠨ ᠣᠷᠴᠢᠨ ᠲᠠᠢ ᠪᠠᠢᠬᠤ ᠱᠠᠭᠠᠷᠳᠠᠯᠭ᠎ᠠ ᠲᠠᠢ᠃ ᠢᠩᠭᠢᠵᠦ ᠦᠢᠯᠡᠳᠪᠦᠷᠢᠯᠡᠯ ᠢ᠋ᠶ᠋ᠡᠷ ᠳᠡᠮᠵᠢᠵᠦ ᠭᠠᠷᠴᠤ ᠢᠷᠡᠭᠰᠡᠨ ᠲᠠᠸᠠᠷ ᠰᠠᠶᠢ ᠥᠪᠡᠷ ᠦ᠋ᠨ ᠭᠡᠰᠡᠨ ᠵᠣᠴᠢᠳ ᠬᠡᠷᠡᠭᠯᠡᠭᠴᠢ ᠲᠡᠢ ᠪᠣᠯᠵᠤ᠂ ᠵᠠᠬ᠎ᠠ ᠲᠡᠯᠭᠡᠭᠦᠷᠴᠢᠯᠡᠭᠳᠡᠵᠦ ᠴᠢᠳᠠᠨ᠎ᠠ᠃ 
ᠨᠢᠭᠡ ᠂ ᠠᠷᠢᠭᠤᠨ ᠴᠡᠪᠡᠷ 
ᠠᠷᠢᠭᠤᠨ ᠴᠡᠪᠡᠷ ᠭᠡᠬᠦ ᠪᠡᠷ ᠬᠥᠮᠦᠰ ᠪᠦᠷ ᠮᠡᠳᠡᠨ᠎ᠡ᠂ ᠡᠨᠡ ᠪᠣᠯ ᠬᠥᠮᠦᠰ ᠦ᠋ᠨ ᠪᠠᠷᠤᠭ ᠡᠳᠦᠷ ᠳᠣᠳᠣᠮ ᠤ᠋ᠨ ᠦᠢᠯᠡ ᠠᠵᠢᠯᠯᠠᠭ᠎ᠠ ᠶ᠋ᠢᠨ ᠨᠢᠭᠡ ᠭᠡᠬᠦ ᠳ᠋ᠦ᠍ ᠪᠣᠯᠤᠨ᠎ᠠ᠃ ᠬᠥᠮᠦᠰ ᠬᠤᠪᠢ ᠪᠡᠶ᠎ᠡ  ᠡᠴᠡ ᠡᠬᠢᠯᠡᠭᠡᠳ ᠭᠡᠷ ᠣᠷᠣᠨ ᠳ᠋ᠤ᠌ ᠪᠠᠨ᠂ ᠠᠵᠢᠯ ᠬᠥᠳᠡᠯᠮᠦᠷᠢ ᠳᠡᠭᠡᠷ᠎ᠡ  ᠪᠡᠨ ᠪᠠᠢᠩᠭᠤ ᠬᠢᠵᠦ ᠪᠠᠢᠭ᠎ᠠ ᠵᠦᠢᠯ ᠦ᠋ᠨ ᠨᠢᠭᠡ ᠶᠠᠭᠠᠬᠢᠬᠤ ᠠᠷᠭ᠎ᠠ ᠦᠭᠡᠢ ᠮᠥᠨ᠃ ᠲᠡᠭᠡᠪᠡᠯ ᠠᠷᠢᠭᠤᠨ ᠴᠡᠪᠡᠷ ᠦ᠋ᠨ ᠠᠵᠢᠯ ᠦᠢᠯᠡᠳᠪᠦᠷᠢ ᠳᠡᠭᠡᠷ᠎ᠡ ᠪᠦᠲᠦᠭᠡᠭᠳᠡᠬᠦᠨ ᠦ᠌ ᠴᠢᠨᠠᠷ ᠲᠠᠢ ᠬᠣᠯᠪᠣᠭᠳᠠᠭᠰᠠᠨ ᠴᠢᠬᠤᠯᠠ ᠠᠵᠢᠯ ᠤ᠋ᠨ ᠨᠢᠭᠡ ᠪᠠᠢᠳᠠᠭ᠃ ᠮᠠᠨ ᠦ᠌ ᠮᠣᠩᠭᠣᠯᠴᠤᠳ ᠰᠦ ᠴᠠᠭᠠᠨ ᠢᠳᠡᠭᠡ ᠪᠣᠯᠪᠠᠰᠤᠷᠠᠭᠤᠯᠬᠤ ᠳ᠋ᠠᠭᠠᠨ ᠬᠣᠭ᠂ ᠪᠣᠬᠢᠷ ᠵᠦᠢᠯ ᠣᠷᠣᠭᠤᠯᠬᠤ ᠶ᠋ᠢ ᠪᠢᠲᠡᠭᠡᠢ ᠬᠡᠯᠡ᠂ ᠵᠢᠭᠠᠬᠠᠨ ᠲᠣᠰᠣᠤ ᠤᠰᠤ ᠲᠠᠢ ᠵᠦᠢᠯ ᠢ᠋ᠶ᠋ᠡᠷ ᠬᠦᠷᠦᠯᠴᠡᠬᠦ ᠶ᠋ᠢ ᠴᠦ᠍ ᠴᠡᠭᠡᠷᠯᠡᠳᠡᠭ᠃ ᠬᠡᠷᠪᠡ ᠲᠡᠢᠮᠦᠷᠬᠦ ᠡᠪ ᠦᠭᠡᠢ ᠵᠦᠢᠯ ᠬᠦᠷᠦᠯᠴᠡᠬᠦ ᠶᠦᠮ ᠰᠦ ᠶ᠋ᠢᠨ ᠴᠢᠨᠠᠷ ᠲᠤ᠌ ᠨᠥᠯᠥᠭᠡᠯᠡᠵᠦ᠂ ᠲᠡᠭᠦᠨ ᠡᠴᠡ ᠭᠠᠷᠤᠭᠰᠠᠨ ᠥᠷᠥᠮ᠎ᠡ᠂ ᠬᠤᠷᠤᠳ ᠭᠡᠳ ᠪᠦᠬᠦ ᠵᠦᠢᠯ ᠦ᠋ᠨ ᠴᠢᠨᠠᠷ ᠢ᠋ ᠡᠪᠳᠡᠯᠡᠵᠦ᠂ ᠠᠮᠲᠠ ᠦᠭᠡᠢ ᠰᠦ ᠶ᠋ᠢᠨ ᠪᠦᠲᠦᠭᠡᠭᠳᠡᠬᠦᠨ ᠭᠠᠷᠳᠠᠭ᠃ ᠬᠡᠪᠴᠢᠶᠡᠵᠢᠭᠰᠡᠨ ᠪᠤᠶᠤ ᠲᠤᠰᠬᠠᠢ ᠲᠠᠸᠠᠷ ᠪᠦᠲᠦᠭᠡᠭᠳᠡᠬᠦᠨ ᠦᠢᠯᠡᠳᠪᠦᠷᠢᠯᠡᠳᠡᠭ ᠦᠢᠯᠡᠳᠪᠦᠷᠢᠯᠡᠯ ᠳ᠋ᠦ᠍ ᠠᠪᠴᠤ ᠬᠡᠯᠡᠪᠡᠯ ᠡᠨᠡᠬᠦ ᠠᠷᠢᠭᠤᠨ ᠴᠡᠪᠡᠷ ᠦ᠋ᠨ ᠠᠵᠢᠯ ᠨᠡᠩ ᠴᠢᠬᠤᠯᠠ ᠪᠣᠯᠳᠠᠭ᠃ ᠭᠠᠭᠴᠠ ᠨᠢᠭᠡ ᠮᠠᠲ᠋ᠧᠷᠢᠶᠠᠯ ᠳᠡᠭᠡᠷᠡᠬᠢ ᠠᠷᠢᠭᠤᠨ ᠴᠡᠪᠡᠷ ᠦ᠋ᠨ ᠠᠯᠳᠠᠭ᠎ᠠ ᠠ᠋ᠴᠠ ᠪᠣᠯᠵᠤ ᠪᠦᠬᠦ ᠮᠠᠲ᠋ᠧᠷᠢᠶᠠᠯ ᠵᠢᠴᠢ ᠦᠢᠯᠡᠳᠪᠦᠷᠢᠯᠡᠭᠰᠡᠨ ᠪᠦᠲᠦᠭᠡᠭᠳᠡᠬᠦᠨ ᠦ᠌ ᠴᠢᠨᠠᠷ ᠢ᠋ ᠨᠥᠯᠥᠭᠡᠯᠡᠬᠦ ᠨᠢ ᠺᠣᠮᠫᠠᠨᠢ᠂ ᠦᠢᠯᠡᠳᠪᠦᠷᠢ ᠳ᠋ᠦ᠍ ᠰᠢᠭᠤᠳ ᠠᠵᠤ ᠠᠬᠤᠢ ᠶ᠋ᠢᠨ ᠬᠣᠬᠢᠷᠠᠯ ᠠᠪᠴᠢᠷᠠᠬᠤ ᠠ᠋ᠴᠠ ᠭᠠᠳᠠᠨ᠎ᠠ ᠬᠡᠷᠡᠭᠯᠡᠭᠴᠢ ᠶ᠋ᠢᠨ ᠪᠡᠶ᠎ᠡ ᠶ᠋ᠢᠨ ᠡᠷᠡᠭᠦᠯ ᠮᠡᠨᠳᠦ ᠶ᠋ᠢ ᠴᠦ᠍ ᠨᠥᠯᠥᠭᠡᠯᠡᠬᠦ ᠰᠢᠯᠲᠠᠭᠠᠨ ᠪᠣᠯᠳᠠᠭ᠃ ᠡᠢᠮᠦ ᠡᠴᠡ ᠦᠢᠯᠡᠳᠪᠦᠷᠢ ᠳᠡᠭᠡᠷ᠎ᠡ ᠬᠥᠮᠦᠨ ᠦ᠌ ᠨᠢᠳᠦᠨ ᠳ᠋ᠦ᠍ ᠲᠡᠳᠦᠢ ᠯᠡ ᠴᠢᠬᠤᠯᠠ ᠪᠣᠯᠵᠤ ᠬᠠᠷᠠᠭᠳᠠᠳᠠᠭ ᠦᠭᠡᠢ ᠠᠷᠢᠭᠤᠨ ᠴᠡᠪᠡᠷ ᠦ᠋ᠨ ᠠᠵᠢᠯ ᠢ᠋ ᠶᠠᠭᠤᠨ ᠤ᠋ ᠲᠡᠷᠢᠭᠦᠨ ᠳ᠋ᠦ᠍ ᠬᠦᠨᠳᠦᠳᠬᠡᠵᠦ ᠦᠵᠡᠬᠦ ᠴᠢᠬᠤᠯᠠ ᠲᠠᠢ᠃ 
ᠬᠣᠶᠠᠷ ᠂ ᠠᠮᠤᠷ ᠲᠦᠪᠰᠢᠨ 
ᠦᠢᠯᠡᠳᠪᠦᠷᠢᠯᠡᠯ ᠦ᠋ᠨ ᠶᠠᠪᠤᠴᠠ ᠳ᠋ᠤ᠌ ᠠᠮᠤᠷ ᠲᠦᠪᠰᠢᠨ ᠦ᠌ ᠠᠵᠢᠯ ᠶᠡᠷᠦ ᠨᠢ ᠮᠠᠰᠢ ᠴᠢᠬᠤᠯᠠ᠂ ᠬᠠᠮᠢᠭ᠎ᠠ ᠂ ᠶᠠᠮᠠᠷ ᠠᠵᠢᠯ ᠲᠥᠷᠥᠯ ᠳᠡᠭᠡᠷ᠎ᠡ ᠴᠦ᠍ ᠬᠥᠮᠦᠰ ᠦ᠋ᠨ ᠠᠩᠬᠠᠷᠤᠭᠰᠠᠭᠠᠷ ᠢᠷᠡᠭᠰᠡᠨ ᠠᠰᠠᠭᠤᠳᠠᠯ ᠪᠠᠢᠳᠠᠭ᠃ ᠦᠢᠯᠡᠳᠪᠦᠷᠢ ᠶ᠋ᠢᠨ ᠠᠵᠢᠯ ᠢ᠋ ᠭᠠᠭᠴᠠ ᠨᠢᠭᠡ ᠬᠥᠮᠦᠨ ᠬᠢᠳᠡᠭ ᠦᠭᠡᠢ᠂ ᠬᠠᠷᠢᠨ ᠣᠯᠠᠨ ᠬᠥᠮᠦᠨ ᠵᠡᠷᠭᠡ ᠬᠢᠳᠡᠭ ᠪᠥᠭᠡᠳ ᠣᠯᠠᠨ ᠱᠠᠲᠤ ᠳᠠᠮᠵᠢᠯᠭ᠎ᠠ ᠪᠠᠷ ᠶᠠᠪᠤᠭᠳᠠᠳᠠᠭ᠃ ᠲᠡᠷᠡ ᠳᠣᠳᠣᠮ ᠢ᠋ᠶ᠋ᠠᠨ ᠣᠳᠣ ᠦᠶ᠎ᠡ ᠶ᠋ᠢᠨ ᠦᠢᠯᠡᠳᠪᠦᠷᠢ ᠭᠠᠷ ᠠᠷᠭ᠎ᠠ ᠪᠠᠷ ᠶᠠᠪᠤᠭᠳᠠᠬᠤ ᠨᠢ ᠴᠥᠭᠡᠨ ᠪᠠᠢᠵᠤ᠂ ᠶᠡᠬᠡ ᠪᠠᠭ᠎ᠠ ᠣᠯᠠᠨ ᠮᠠᠰᠢᠨ ᠲᠣᠨᠣᠭ ᠬᠡᠷᠡᠭᠯᠡᠳᠡᠭ ᠡᠴᠡ ᠠᠮᠤᠷ ᠲᠦᠪᠰᠢᠨ ᠦ᠌ ᠣᠰᠣᠯ ᠠᠳᠠᠯ ᠭᠠᠷᠬᠤ ᠪᠣᠯᠤᠮᠵᠢ ᠨᠢ ᠥᠨᠳᠥᠷ ᠢ᠋ᠶ᠋ᠡᠷ ᠪᠠᠷᠠᠬᠤ ᠦᠭᠡᠢ ᠂ ᠭᠠᠷᠤᠭᠰᠠᠨ ᠲᠣᠬᠢᠶᠠᠯᠳᠤᠯ ᠳ᠋ᠤ᠌ ᠪᠦᠭᠦᠳᠡ ᠲᠣᠮᠣᠬᠠᠨ ᠣᠰᠣᠯ ᠪᠠᠢᠵᠤ ᠂ ᠬᠥᠮᠦᠨ ᠦ᠌ ᠠᠮᠢ ᠨᠠᠰᠤ ᠂ ᠡᠷᠡᠭᠦᠯ ᠮᠡᠨᠳᠦ ᠳ᠋ᠦ᠍ ᠨᠥᠯᠥᠭᠡᠯᠡᠳᠡᠭ ᠃ ᠡᠨᠡ ᠪᠣᠯ ᠦᠢᠯᠡᠳᠪᠦᠷᠢᠯᠡᠯ ᠦ᠋ᠨ ᠶᠠᠪᠤᠴᠠ ᠳ᠋ᠤ᠌ ᠲᠣᠬᠢᠶᠠᠯᠳᠤᠳᠠᠭ ᠰᠢᠭᠤᠳ ᠠᠮᠤᠷ ᠲᠦᠪᠰᠢᠨ ᠦ᠌ ᠠᠰᠠᠭᠤᠳᠠᠯ ᠪᠣᠯᠤᠨ᠎ᠠ᠃ ᠡᠭᠦᠨ ᠢ᠋ ᠪᠢᠳᠡ ᠭᠠᠷᠤᠭᠰᠠᠨ ᠤ᠋ ᠳᠠᠷᠠᠭ᠎ᠠ ᠬᠡᠷᠬᠢᠨ ᠰᠢᠢᠳᠬᠦ ᠳ᠋ᠦ᠍ ᠪᠠᠢᠭ᠎ᠠ ᠪᠢᠰᠢ᠂ ᠬᠠᠷᠢᠨ ᠬᠡᠷᠬᠢᠨ ᠶᠠᠭᠠᠬᠢᠵᠤ ᠤᠷᠢᠳᠴᠢᠯᠠᠵᠤ ᠰᠡᠷᠭᠡᠢᠯᠡᠬᠦ ᠨᠢ ᠶᠠᠭᠤᠨ ᠠ᠋ᠴᠠ ᠴᠢᠬᠤᠯᠠ ᠶᠤᠮ᠃ ᠪᠠᠰᠠ ᠨᠢᠭᠡ ᠨᠢ ᠦᠢᠯᠡᠳᠪᠦᠷᠢᠯᠡᠭᠰᠡᠨ ᠪᠦᠲᠦᠭᠡᠭᠳᠡᠬᠦᠨ ᠦ᠌ ᠴᠢᠨᠠᠷ ᠢ᠋ᠶ᠋ᠠᠷ ᠳᠠᠮᠵᠢᠨ ᠬᠡᠷᠡᠭᠯᠡᠭᠴᠢ ᠶ᠋ᠢᠨ ᠡᠷᠡᠭᠦᠯ ᠮᠡᠨᠳᠦ ᠶ᠋ᠢ ᠨᠥᠯᠥᠭᠡᠯᠡᠳᠡᠭ ᠠᠮᠤᠷ ᠲᠦᠪᠰᠢᠨ ᠦ᠌ ᠠᠰᠠᠭᠤᠳᠠᠯ ᠪᠣᠢ᠃ ᠡᠭᠦᠨ ᠢ᠋ ᠰᠢᠭᠤᠳ ᠮᠡᠳᠡᠬᠦ ᠳ᠋ᠦ᠍ ᠬᠦᠴᠢᠷ᠂ ᠬᠠᠷᠢᠨ ᠢᠯᠡᠷᠡᠭᠰᠡᠨ ᠦ᠌ ᠳᠠᠷᠠᠭ᠎ᠠ ᠰᠠᠶᠢ ᠮᠡᠳᠡᠬᠦ ᠪᠣᠯᠤᠮᠵᠢ ᠲᠠᠢ᠃ ᠡᠭᠦᠨ ᠳ᠋ᠦ᠍ ᠪᠢᠳᠡ ᠵᠠᠪᠠᠯ ᠪᠠᠷᠢᠮᠵᠢᠶᠠᠵᠢᠭᠰᠠᠨ ᠦᠢᠯᠡᠳᠪᠦᠷᠢ ᠪᠣᠯᠤᠨ ᠠᠵᠢᠯ ᠤ᠋ᠨ ᠤᠷᠢᠳᠴᠢᠯᠠᠭᠰᠠᠨ ᠨᠠᠷᠢᠨ ᠨᠢᠭᠲᠠ ᠡᠮᠬᠢ ᠳᠠᠷᠠᠭ᠎ᠠ ᠶ᠋ᠢ ᠮᠥᠷᠳᠡᠬᠦ ᠪᠡᠷ ᠳᠠᠮᠵᠢᠨ ᠦᠭᠡᠢᠰᠬᠡᠬᠦ ᠪᠣᠯᠤᠮᠵᠢ ᠲᠠᠢ᠃ 
ᠭᠤᠷᠪᠠ ᠂ ᠠᠵᠢᠯ ᠤ᠋ᠨ ᠴᠠᠭ 
ᠨᠢᠭᠡ ᠬᠣᠨᠣᠭ ᠤ᠋ᠨ ᠬᠥᠮᠦᠨ ᠪᠦᠬᠦᠨ ᠳ᠋ᠦ᠍ ᠣᠨᠣᠭᠳᠤᠭᠰᠠᠨ ᠴᠠᠭ ᠨᠢ ᠶᠡᠷᠦ ᠳ᠋ᠡᠭᠡᠨ ᠠᠳᠠᠯᠢᠬᠠᠨ ᠬᠣᠷᠢᠨ ᠳᠥᠷᠪᠡᠨ ᠴᠠᠭ ᠪᠠᠢᠳᠠᠭ᠃ ᠡᠨᠡ ᠳᠤᠮᠳᠠ ᠪᠢᠳᠡ ᠠᠵᠢᠯᠯᠠᠵᠤ ᠬᠥᠳᠡᠯᠮᠦᠷᠢᠯᠡᠵᠦ᠂ ᠠᠮᠠᠷᠠᠵᠤ ᠰᠤᠷᠤᠯᠴᠠᠵᠤ ᠶᠠᠪᠤᠳᠠᠭ᠃ ᠲᠡᠭᠡᠪᠡᠯ ᠦᠢᠯᠡᠳᠪᠦᠷᠢᠯᠡᠯ ᠦ᠋ᠨ ᠶᠠᠪᠤᠴᠠ ᠳ᠋ᠤ᠌ ᠪᠢᠳᠡ ᠬᠡᠷᠬᠢᠨ ᠢᠯᠡᠭᠦᠦ ᠦᠷ᠎ᠡ ᠪᠦᠲᠦᠮᠵᠢ ᠲᠡᠢ ᠪᠠᠢᠵᠤ ᠢᠯᠡᠭᠦᠦ ᠦᠢᠯᠡᠳᠪᠦᠷᠢᠯᠡᠯ ᠶᠠᠪᠤᠭᠤᠯᠵᠤ᠂ ᠢᠯᠡᠭᠦᠦ ᠥᠷᠲᠡᠭ ᠪᠦᠲᠦᠭᠡᠬᠦ ᠪᠣᠢ ᠭᠡᠪᠡᠯ ᠣᠯᠠᠩᠬᠢ ᠨᠢ ᠢᠯᠡᠭᠦᠦ ᠣᠯᠠᠨ ᠴᠠᠭ ᠵᠠᠷᠤᠴᠠᠭᠤᠯᠬᠤ ᠶ᠋ᠢ ᠪᠣᠳᠣᠬᠤ ᠪᠠᠢᠬᠤ᠃ ᠲᠡᠢᠮᠦ ᠠ᠋ ᠂ ᠶᠠᠷᠢᠶᠠᠨ ᠦᠭᠡᠢ ᠲᠠᠨ ᠤ᠋ ᠬᠡᠳᠦᠢ ᠶᠡᠬᠡ ᠬᠥᠳᠡᠯᠮᠦᠷᠢᠯᠡᠭᠰᠡᠨ ᠢ᠋ᠶ᠋ᠡᠷ ᠠᠵᠢᠯ ᠲᠡᠳᠦᠢ ᠠᠬᠢᠴᠠ ᠲᠠᠢ ᠪᠣᠯᠳᠠᠭ᠃ ᠭᠡᠲᠡᠯ᠎ᠡ ᠬᠥᠮᠦᠨ ᠭᠠᠭᠴᠠᠬᠠᠨ ᠡᠳᠦᠷ ᠠᠵᠢᠯᠯᠠᠬᠤ ᠪᠢᠰᠢ᠂ ᠨᠢᠭᠡ ᠰᠠᠷ᠎ᠠ᠂ ᠨᠢᠭᠡ ᠵᠢᠯ᠂ ᠬᠡᠳᠦᠨ ᠵᠢᠯ ᠦ᠋ᠨ ᠲᠤᠷᠰᠢ ᠥᠪᠡᠷ ᠦ᠋ᠨ ᠡᠨᠡᠬᠦ ᠠᠵᠢᠯ ᠤ᠋ᠨ ᠪᠠᠢᠷᠢᠨ ᠳᠡᠭᠡᠷ᠎ᠡ ᠪᠡᠨ ᠠᠵᠢᠯᠯᠠᠬᠤ ᠤᠴᠢᠷ ᠠ᠋ᠴᠠ ᠥᠪᠡᠷ ᠲᠦ᠍ ᠣᠨᠣᠭᠳᠠᠭᠰᠠᠨ ᠬᠣᠷᠢᠨ ᠳᠥᠷᠪᠡᠨ ᠴᠠᠭ ᠢ᠋ᠶ᠋ᠠᠨ ᠵᠥᠪ ᠬᠤᠪᠢᠶᠠᠷᠢᠯᠠᠬᠤ ᠬᠡᠷᠡᠭᠲᠡᠢ᠃ ᠳᠠᠷᠤᠢ ᠬᠥᠳᠡᠯᠮᠦᠷᠢᠯᠡᠵᠦ ᠪᠠᠢᠭ᠎ᠠ ᠲᠣᠭᠲᠠᠭᠰᠠᠨ ᠠᠵᠢᠯ  ᠤ᠋ᠨ ᠴᠠᠭ ᠲᠠᠭᠠᠨ ᠢᠯᠡᠭᠦᠦ ᠦᠷ᠎ᠡ ᠠᠰᠢᠭ ᠭᠠᠷᠭᠠᠬᠤ ᠵᠢᠢ ᠪᠣᠳᠣᠬᠤ ᠨᠢ ᠨᠡᠩ ᠣᠨᠣᠪᠴᠢᠲᠠᠢ᠃ ᠢᠩᠭᠢᠵᠦ ᠠᠵᠢᠯ ᠤ᠋ᠨ ᠴᠠᠭ ᠤ᠋ᠨ ᠠᠰᠢᠭᠯᠠᠮᠵᠢ ᠶ᠋ᠢ ᠥᠨᠳᠥᠷ ᠪᠣᠯᠭᠠᠭᠠᠭᠰᠠᠨ ᠢ᠋ᠶ᠋ᠠᠷ ᠪᠢᠳᠡ ᠲᠣᠭᠲᠠᠭᠰᠠᠨ ᠬᠤᠭᠤᠴᠠᠭᠠᠨ ᠳ᠋ᠤ᠌ ᠥᠨᠳᠥᠷ ᠠᠰᠢᠭ ᠣᠯᠵᠤ ᠴᠢᠳᠠᠨ᠎ᠠ᠃ 
ᠳᠥᠷᠪᠡ ᠂ ᠠᠭᠠᠰᠢ ᠵᠠᠩ 
ᠠᠭᠠᠰᠢ ᠵᠠᠩ ᠭᠡᠳᠡᠭ ᠪᠣᠯ ᠨᠢᠭᠡ ᠶᠣᠰᠣᠨ ᠤ᠋ ᠬᠥᠮᠦᠨ ᠲᠡᠢ ᠬᠠᠷᠢᠴᠠᠬᠤ ᠤᠬᠠᠭᠠᠨ ᠶᠤᠮ᠃  ᠦᠢᠯᠡᠳᠪᠦᠷᠢ ᠶ᠋ᠢᠨ ᠳᠣᠲᠣᠭᠠᠳᠤ ᠳ᠋ᠤ᠌ ᠠᠪᠴᠤ ᠬᠡᠯᠡᠪᠡᠯ᠂ ᠦᠢᠯᠡᠳᠪᠦᠷᠢ ᠪᠣᠯ ᠨᠢᠭᠡ ᠲᠣᠮᠣ ᠭᠡᠷ ᠪᠦᠯᠢ ᠪᠠᠢᠵᠤ ᠡᠨᠳᠡ ᠪᠠᠢᠭ᠎ᠠ ᠬᠥᠮᠦᠰ ᠦ᠋ᠨ ᠬᠠᠷᠢᠯᠴᠠᠭᠠᠨ ᠳᠤᠮᠳᠠ ᠣᠷᠣᠰᠢᠵᠤ ᠪᠠᠢᠳᠠᠭ᠃ ᠡᠢᠮᠦ ᠡᠴᠡ ᠬᠥᠮᠦᠰ ᠦ᠋ᠨ ᠬᠣᠭᠣᠷᠣᠨᠳᠣᠬᠢ ᠥᠴᠦᠬᠡᠨ ᠲᠡᠳᠦᠢ ᠦᠯᠦ ᠣᠢᠯᠭᠠᠯᠴᠠᠯ ᠠ᠋ᠴᠠ ᠪᠣᠯᠵᠤ ᠦᠢᠯᠡᠳᠪᠦᠷᠢ ᠶ᠋ᠢᠨ ᠶᠠᠪᠤᠴᠠ᠂ ᠴᠢᠨᠠᠭᠰᠢᠯᠠᠭᠠᠳ ᠲᠠᠸᠠᠷ ᠤ᠋ᠨ ᠴᠢᠨᠠᠷ ᠴᠢᠨᠰᠠᠭ᠎ᠠ ᠳ᠋ᠤ᠌ ᠨᠥᠯᠥᠭᠡ ᠦᠵᠡᠭᠦᠯᠬᠦ ᠪᠣᠯᠤᠮᠵᠢ ᠭᠠᠷᠳᠠᠭ᠃ ᠬᠠᠷᠢᠨ ᠭᠠᠳᠠᠭᠰᠢ ᠪᠣᠯ ᠵᠣᠴᠢᠨ᠂ ᠬᠡᠷᠡᠭᠯᠡᠭᠴᠢ ᠲᠡᠢ ᠬᠠᠷᠢᠴᠠᠬᠤ ᠬᠠᠷᠢᠯᠴᠠᠭ᠎ᠠ ᠪᠠᠢᠵᠤ᠂ ᠰᠠᠢᠨ ᠰᠠᠢᠬᠠᠨ ᠠᠭᠠᠰᠢ ᠵᠠᠩ ᠨᠢ ᠺᠣᠮᠫᠠᠨᠢ ᠶ᠋ᠢᠨ ᠨᠢᠭᠤᠷ ᠴᠢᠷᠠᠢ ᠪᠣᠯᠵᠤ᠌ ᠭᠦ᠋ᠮᠤᠰ ᠲᠤ᠌ ᠬᠠᠷᠠᠭᠳᠠᠳᠠᠭ᠃ ᠲᠡᠢᠮᠦ ᠳ᠋ᠡᠭᠡᠨ ᠮᠠᠨ ᠤ᠋ ᠮᠣᠩᠭᠣᠯᠴᠤᠳ « ᠴᠠᠢ ᠪᠠᠨ ᠥᠭᠬᠦ ᠪᠡᠷ ᠴᠢᠷᠠᠢ ᠪᠠᠨ ᠥᠭ » ᠭᠡᠵᠦ ᠶᠠᠷᠢᠳᠠᠭ ᠪᠠᠢᠬᠤ᠃ ᠣᠯᠠᠩᠬᠢ ᠬᠥᠮᠦᠨ ᠦᠢᠯᠡᠳᠪᠦᠷᠢ ᠬᠢᠬᠦ ᠳ᠋ᠦ᠍ ᠦᠢᠯᠡᠳᠪᠦᠷᠢ  ᠶ᠋ᠢᠨ ᠶᠡᠬᠡ ᠪᠠᠭ᠎ᠠ᠂ ᠲᠣᠨᠣᠭ ᠲᠥᠬᠥᠭᠡᠷᠦᠮᠵᠢ ᠵᠡᠷᠭᠡ ᠭᠠᠳᠠᠷ ᠪᠠᠢᠳᠠᠯ  ᠳ᠋ᠤ᠌ ᠰᠡᠳᠬᠢᠯ ᠲᠠᠯᠪᠢᠳᠠᠭ᠃ ᠭᠡᠲᠡᠯ᠎ᠡ ᠲᠡᠷᠡ ᠪᠦᠬᠦ ᠵᠦᠢᠯ ᠢ᠋ ᠦᠷ᠎ᠡ ᠠᠰᠢᠭ ᠲᠠᠢ ᠢᠯᠡᠭᠦᠦ ᠬᠦᠷᠲᠡᠭᠡᠮᠵᠢ ᠲᠡᠢ ᠠᠵᠢᠯᠯᠠᠭᠤᠯᠵᠤ ᠪᠠᠢᠳᠠᠭ ᠨᠢ ᠦᠢᠯᠡᠳᠪᠦᠷᠢ ᠶ᠋ᠢᠨ ᠦᠨᠳᠦᠰᠦᠨ ᠣᠷᠴᠢᠨ  ᠢ᠋ ᠪᠦᠷᠢᠳᠦᠭᠦᠯᠵᠦ ᠪᠠᠢᠭ᠎ᠠ ᠠᠷᠢᠭᠤᠨ ᠴᠡᠪᠡᠷ᠂ ᠠᠮᠤᠷ ᠲᠦᠪᠰᠢᠨ᠂ ᠠᠵᠢᠯ ᠤ᠋ᠨ ᠴᠠᠭ᠂ ᠠᠭᠠᠰᠢ ᠵᠠᠩ ᠳᠥᠷᠪᠡ ᠪᠣᠯᠤᠨ᠎ᠠ᠃ ᠲᠡᠢᠮᠦ ᠡᠴᠡ ᠪᠢᠳᠡ ᠥᠪᠡᠷ ᠦ᠋ᠨ ᠦᠢᠯᠡᠳᠪᠦᠷᠢ ᠶ᠋ᠢᠨ ᠶᠠᠪᠤᠴᠠ ᠳ᠋ᠠᠭᠠᠨ ᠳᠡᠭᠡᠷ᠎ᠡ ᠳᠤᠷᠠᠳᠤᠭᠰᠠᠨ ᠳᠥᠷᠪᠡᠨ ᠲᠠᠯ᠎ᠠ ᠪᠠᠷ ᠬᠢᠴᠢᠶᠡᠵᠦ ᠠᠵᠢᠯᠯᠠᠬᠤ ᠶᠤᠮ ᠪᠣᠯ᠂ ᠬᠡᠳᠦᠢ ᠪᠠᠭ᠎ᠠ ᠬᠡᠪᠴᠢᠶᠡᠨ ᠦ᠌ ᠪᠠᠢᠭᠰᠠᠨ ᠴᠤ᠌ ᠵᠢᠩᠬᠢᠨᠢ ᠬᠡᠷᠡᠭᠯᠡᠭᠴᠢ ᠳ᠋ᠦ᠍ ᠬᠡᠷᠡᠭ ᠲᠡᠢ᠂ ᠴᠢᠨᠠᠷ ᠰᠠᠢᠨ ᠲᠠᠸᠠᠷ ᠪᠦᠲᠦᠭᠡᠭᠳᠡᠬᠦᠨ ᠢ᠋ ᠦᠢᠯᠡᠳᠪᠦᠷᠢᠯᠡᠨ ᠭᠠᠷᠭᠠᠵᠤ ᠴᠢᠳᠠᠨ᠎ᠠ᠃

   ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ