ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠬᠣᠷᠢ〕 Цаг төрийн үймээн – Д ᠂ Намдаг - Амьдралын зам ᠂ нэгдүгээр бүлэг - 20 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠬᠣᠷᠢ〕 Цаг төрийн үймээн – Д ᠂ Намдаг - Амьдралын зам ᠂ нэгдүгээр бүлэг - 20

ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠬᠣᠷᠢ〕 Цаг төрийн үймээн – Д ᠂ Намдаг - Амьдралын зам ᠂ нэгдүгээр бүлэг - 20

ᠠᠩᠭᠢᠯᠠᠯ:ᠲᠤᠭᠤᠵᠢ ᠷᠣᠮᠠᠨ
2025-09-02

270

ᠭᠤᠷᠪᠠᠳᠠᠬᠢ ᠠᠭᠤᠯᠵᠠᠯᠲᠠ


       ᠭᠤᠷᠪᠠᠳᠠᠬᠢ ᠤᠳᠠᠭ᠎ᠠ ᠶ᠋ᠢᠨ ᠠᠭᠤᠯᠵᠠᠯᠲᠠ ᠶ᠋ᠢ ᠪᠠᠯᠳᠠᠨᠴᠢᠷᠢᠩ ᠤᠷᠢᠳᠤ ᠶ᠋ᠢᠨ ᠢ᠋ᠶ᠋ᠡᠨ ᠠᠳᠠᠯᠢ ᠬᠣᠨᠣᠭ ᠲᠣᠭᠠᠯᠠᠨ ᠬᠦᠯᠢᠶᠡᠵᠦ ᠴᠢᠳᠠᠭᠰᠠᠨ ᠦᠭᠡᠢ᠃ ᠬᠣᠶᠠᠳᠠᠬᠢ ᠬᠣᠨᠣᠭ ᠤ᠋ᠨ ᠥᠷᠯᠥᠭᠡ ᠮᠠᠢᠮᠠᠢ ᠬᠣᠲᠠ ᠤᠷᠤᠭᠤ ᠶᠠᠪᠤᠪᠠ᠃ ᠭᠡᠷ ᠡᠴᠡ ᠭᠠᠷᠬᠤ ᠳ᠋ᠤ᠌ ᠲᠣᠮᠣ ᠲᠣᠮᠣ ᠳᠤᠭᠤᠢ ᠬᠡ ᠲᠡᠢ  ᠪᠣᠷᠣ ᠬᠣᠯᠠ ᠲᠣᠷᠭᠠᠨ ᠳᠡᠪᠡᠯ᠂ ᠲᠡᠭᠦᠨ ᠳᠡᠭᠡᠷ᠎ᠡ ᠪᠡᠨ ᠴᠡᠩᠬᠡᠷ ᠪᠥᠰ ᠢ᠋ᠶ᠋ᠡᠷ ᠬᠣᠣᠰᠮᠠᠭᠯᠠᠨ ᠡᠮᠵᠢᠭᠰᠡᠨ ᠡᠮᠵᠢᠶᠡᠷᠢ ᠲᠡᠢ᠂ ᠠᠯᠲᠠᠨ ᠰᠠ ᠬᠡ ᠲᠡᠢ ᠬᠤᠸᠠ ᠶᠠᠭᠠᠨ ᠲᠣᠷᠭᠠᠨ ᠬᠠᠨᠲᠠᠭᠠᠰᠤ ᠡᠮᠦᠰᠦᠭᠰᠡᠨ ᠪᠥᠭᠡᠳ ᠠᠷᠤ ᠳ᠋ᠠᠭᠠᠨ ᠬᠡᠲᠡ ᠬᠢᠲᠤᠭ᠎ᠠ ᠪᠠᠨ ᠤᠷᠲᠤ ᠤᠷᠤᠭᠤ ᠪᠠᠨ ᠬᠥᠭᠡᠷᠭᠡ ᠲᠡᠯᠢᠩ ᠲᠠᠯᠪᠢᠯ᠎ᠠ᠃ ᠶᠡᠷᠦ ᠤᠲᠤᠭ᠎ᠠ ᠵᠢᠩᠰᠡᠲᠦ ᠮᠠᠯᠠᠭᠠᠢ ᠠ᠋ᠴᠠ ᠪᠠᠨ ᠪᠤᠰᠤᠳ ᠢ᠋ ᠬᠡᠷᠡᠭᠯᠡᠭᠰᠡᠨ ᠠᠵᠢ᠃ ᠤᠷᠢᠳ ᠡᠮᠦᠨ᠎ᠡ ᠭᠡᠪᠡᠯ ᠪᠠᠯᠳᠠᠨᠴᠢᠷᠢᠩ ᠪᠣᠭᠳᠠ ᠳ᠋ᠤ᠌ ᠪᠠᠷᠠᠯᠬᠠᠬᠤ ᠪᠤᠶᠤ ᠡᠰᠡᠪᠡᠯ ᠤᠯᠤᠰ ᠤ᠋ᠨ ᠳᠣᠣᠷᠠᠲᠤ ᠬᠤᠷᠠᠯ ᠭᠡᠭᠴᠢ ᠳ᠋ᠦ᠍ ᠰᠠᠭᠤᠬᠤ ᠮᠡᠲᠦ ᠶ᠋ᠢᠨ ᠠᠷᠭ᠎ᠠ ᠦᠭᠡᠢ ᠴᠢᠬᠤᠯᠠ ᠬᠡᠷᠡᠭ ᠭᠠᠷᠪᠠᠯ᠂ ᠡᠢᠨ ᠬᠦ᠌ ᠬᠤᠪᠴᠠᠰᠤᠯᠠᠳᠠᠭ ᠪᠠᠢᠭᠰᠠᠨ ᠪᠥᠭᠡᠳ ᠣᠳᠣ ᠨᠢᠭᠡ ᠡᠮᠡᠭᠲᠡᠢ ᠶ᠋ᠢᠨ ᠬᠣᠢᠨ᠎ᠠ ᠠ᠋ᠴᠠ ᠶᠠᠪᠤᠬᠤ ᠳ᠋ᠠᠭᠠᠨ ᠢᠩᠭᠢᠵᠦ ᠭᠤᠶᠤᠭᠰᠠᠨ ᠢ᠋ᠶ᠋ᠠᠨ ᠰᠠᠨᠠᠬᠤ ᠳ᠋ᠤ᠌ ᠥᠪᠡᠷ ᠡᠴᠡ ᠪᠤᠰᠤᠳ ᠬᠥᠮᠦᠰ ᠯᠡ ᠪᠤᠤ ᠮᠡᠳᠡᠭᠡᠰᠡᠢ ᠪᠢᠯᠡ ᠭᠡᠵᠦ ᠪᠣᠳᠣᠨ᠎ᠠ᠃ ᠬᠦᠷᠢᠶᠡᠨ ᠦ᠌ ᠰᠤᠷᠭᠤᠭ ᠬᠠᠳᠬᠤᠮᠠᠯ ᠬᠠᠰᠢᠶ᠎ᠠ ᠲᠠᠢ ᠨᠠᠷᠢᠬᠠᠨ ᠭᠤᠳᠤᠮᠵᠢ ᠨᠤᠭᠤᠳ ᠢ᠋ ᠭᠡᠲᠦᠯᠦᠨ ᠺᠣᠨᠰᠦ᠋ᠯ ᠦ᠋ᠨ ᠳᠡᠨᠵᠢ ᠥᠭᠡᠳᠡ ᠭᠠᠷᠬᠤ ᠳ᠋ᠤ᠌ ᠳ᠋ᠦᠩ ᠡᠪᠦᠯ ᠦ᠋ᠨ ᠰᠡᠷᠢᠭᠦᠨ ᠵᠢᠪᠠᠷ ᠡᠮᠦᠰᠦᠭᠰᠡᠨ ᠬᠤᠪᠴᠠᠰᠤ ᠶ᠋ᠢ ᠨᠡᠪᠲᠡ ᠬᠠᠭᠠᠷᠢᠨ᠎ᠠ᠃ ᠠᠷᠤ ᠠ᠋ᠴᠠ ᠬᠥᠯᠥᠰᠥᠨ ᠦ᠌ ᠮᠣᠷᠢᠨ ᠲᠡᠷᠭᠡ ᠭᠦᠢᠴᠡᠨ ᠢᠷᠡᠵᠦ ᠵᠢᠯᠣᠭᠣᠴᠢ ᠨᠢ᠄ 
       —  ᠠᠢ᠂ ᠲᠠ ᠬᠠᠮᠢᠭ᠎ᠠ ᠬᠦᠷᠦᠨ᠎ᠡ? ᠮᠠᠢᠮᠠᠢ ᠣᠷᠣᠬᠤ ᠤᠤ? ᠰᠠᠭᠤ ᠪᠠ᠂ ᠶᠠᠪᠠᠭᠠᠨ ᠶᠠᠭᠠᠬᠢᠵᠤ ᠶᠠᠪᠤᠨ᠎ᠠ? ᠭᠡᠵᠦ ᠥᠭᠡᠳᠡ ᠲᠡᠢ ᠥᠩᠭᠡ ᠲᠡᠢ ᠡᠮᠦᠰᠦᠭᠰᠡᠨ ᠪᠦᠬᠦᠨ ᠢ᠋ ᠬᠣᠷᠭᠣᠳᠠᠭ ᠢ᠋ᠶ᠋ᠠᠷ ᠢ᠋ᠶ᠋ᠠᠨ ᠬᠣᠷᠭᠣᠬᠤ ᠳ᠋ᠤ᠌᠄ 
       — ᠲᠡᠢᠮᠦ ᠠ᠋᠂ ᠮᠠᠢᠮᠠᠢ ᠣᠷᠣᠨ᠎ᠠ᠂ ᠲᠡᠷᠡ ᠬᠦᠷᠲᠡᠯ᠎ᠡ ᠶᠠᠮᠠᠷ ᠬᠥᠯᠥᠰᠥ ᠲᠡᠢ ᠪᠣᠢ? 
       — ᠠᠢ ᠶᠠᠭᠤ ᠪᠠᠢᠬ᠎ᠠ᠃ ᠬᠣᠷᠢᠨ ᠲᠠᠪᠤᠨ ᠮᠥᠩᠭᠥ᠃ ᠬᠤᠷᠢᠨ ᠲᠠᠪᠤᠨ ᠮᠥᠩᠭᠥ ᠪᠠᠯᠳᠠᠨᠴᠡᠷᠢᠩ ᠳ᠋ᠦ᠍ ᠬᠡᠵᠢᠶᠡᠨ ᠦ᠌ ᠪᠠᠭ᠎ᠠ ᠵᠦᠢᠯ ᠪᠢᠰᠢ᠂《ᠶᠠᠩᠴᠢᠶᠠᠨ ᠳᠥᠷᠪᠡ ᠬᠤᠪᠢᠶᠠᠭᠰᠠᠨ ᠤ᠋ ᠨᠢᠭᠡ ᠰᠢᠦ ᠳᠡ》 ᠭᠡᠵᠦ ᠪᠣᠳᠣᠬᠤ ᠶ᠋ᠢᠨ ᠳᠡᠭᠡᠷ᠎ᠡ ᠣᠳᠣ ᠮᠥᠩᠭᠥᠨ ᠦ᠌ ᠬᠡᠷᠡᠭᠴᠡᠭᠡ ᠮᠠᠰᠢ ᠶᠡᠬᠡ ᠪᠠᠢᠭ᠎ᠠ ᠪᠠᠨ ᠰᠠᠨᠠᠪᠠ᠃ 
       — ᠦᠭᠡᠢ᠂ ᠰᠠᠭᠤᠬᠤ ᠦᠭᠡᠢ᠃ 
       — ᠵᠠ ᠶᠠᠭᠠᠬᠢᠬᠤ ᠪᠣᠢ᠂ ᠬᠣᠷᠢᠨ ᠮᠥᠩᠭᠥ ᠪᠡᠷ ᠰᠠᠭᠤ ᠪᠠ! 
       — ᠦᠭᠡᠢ᠂ ᠦᠨ᠎ᠡ ᠲᠡᠢ ᠪᠠᠢᠨ᠎ᠠ᠃ 
       — ᠠᠢ᠂ ᠶᠠᠭᠠᠬᠢᠭᠰᠠᠨ ᠨᠠᠷᠢᠨ ᠭᠡᠳ ᠵᠢᠯᠣᠭᠣᠴᠢ ᠮᠣᠷᠢᠨ ᠳ᠋ᠠᠭᠠᠨ ᠲᠠᠰᠢᠭᠤᠷ ᠥᠭᠭᠦᠭᠰᠡᠨ ᠢ᠋ᠶ᠋ᠡᠨ᠂ 
       — ᠵᠠ ᠶᠠᠭᠠᠬᠢᠬᠤ ᠪᠣᠢ᠂ ᠲᠠᠨᠢᠭᠰᠠᠨ ᠬᠥᠮᠦᠨ᠂ ᠠᠷᠪᠠᠨ ᠲᠠᠪᠤ ᠪᠠᠷ ᠰᠠᠭᠤ! ᠭᠡᠵᠦ ᠡᠷᠭᠢᠨ ᠬᠠᠰᠬᠢᠷᠪᠠ᠃ 
       — ᠦᠭᠡᠢ ᠠ᠋᠂ ᠦᠭᠡᠢ ᠠᠷᠪᠠ ᠪᠠᠷ ᠴᠦ᠍ ᠰᠠᠭᠤᠬᠤ ᠦᠭᠡᠢ ᠭᠡᠵᠦ ᠬᠠᠷᠢᠭᠤ ᠬᠠᠰᠬᠢᠷᠤᠯ᠎ᠠ᠃ ᠨᠠᠭᠠᠰᠢ ᠶᠠᠪᠤᠬᠤ ᠳᠣᠳᠣᠮ ᠬᠦᠢᠲᠡᠨ ᠵᠢᠪᠠᠷ ᠴᠢᠩᠭᠠᠷᠠᠵᠤ ᠬᠦᠴᠦᠲᠡᠢ ᠰᠠᠯᠬᠢ ᠰᠡᠪᠡᠯᠵᠡᠨ᠎ᠡ᠃ ᠭᠡᠪᠡᠴᠦ ᠪᠠᠯᠳᠠᠨᠴᠡᠷᠢᠩ ᠭᠠᠭᠴᠠ ᠤᠯᠠᠭᠠᠨ ᠮᠥᠩᠭᠥᠨ ᠦ᠌ ᠭᠠᠷᠤᠵᠠ ᠭᠠᠷᠭᠠᠬᠤ ᠦᠭᠡᠢ ᠳ᠋ᠡᠭᠡᠨ ᠰᠠᠨᠠᠭ᠎ᠠ ᠰᠡᠳᠬᠢᠯ ᠢ᠋ᠶ᠋ᠡᠨ ᠳᠤᠯᠠᠭᠠᠴᠠᠭᠤᠯᠤᠨ ᠶᠠᠪᠤᠨ᠎ᠠ᠃ ᠮᠠᠢᠮᠠᠢ ᠬᠣᠲᠠᠨ᠎ᠠ ᠣᠷᠣᠵᠤ ᠢᠷᠡᠬᠦ ᠳ᠋ᠦ᠍ ᠣᠭᠲᠣ ᠶ᠋ᠢᠨ ᠮᠡᠳᠡᠬᠦ ᠦᠭᠡᠢ ᠭᠤᠳᠤᠮᠵᠢ ᠨᠤᠭᠤᠳ ᠲᠠᠭᠠᠷᠠᠯᠳᠤᠨ᠎ᠠ᠃ ᠡᠨᠳᠡᠬᠢ ᠶ᠋ᠢᠨ ᠣᠷᠣᠨ ᠪᠠᠢᠰᠢᠩ᠂ ᠬᠠᠰᠢᠶ᠎ᠠ ᠬᠣᠷᠢᠶ᠎ᠠ ᠴᠥᠮ ᠬᠢᠲᠠᠳ ᠮᠠᠶᠢᠭ ᠰᠦᠷᠡᠬᠡᠢ ᠳᠣᠷᠪᠢᠯᠢᠭ᠂ ᠲᠣᠮᠣ ᠲᠣᠮᠣ ᠤᠯᠢᠶᠠᠰᠤ ᠨᠤᠭᠤᠳ ᠪᠠ ᠤᠰᠤᠨ ᠤ᠋ ᠱᠤᠤᠳᠤᠤ ᠨᠤᠭᠤᠳ ᠬᠦᠷᠲᠡᠯ᠎ᠡ ᠪᠠᠢᠨ ᠪᠠᠢᠨ ᠲᠠᠭᠠᠷᠠᠯᠳᠤᠨ᠎ᠠ᠃ ᠭᠤᠳᠤᠮᠵᠢ ᠪᠠᠷ ᠶᠠᠪᠤᠭ᠎ᠠ ᠬᠥᠮᠦᠰ ᠦ᠋ᠨ ᠪᠠᠢᠳᠠᠯ ᠪᠠᠰᠠ ᠥᠭᠡᠷ᠎ᠡ᠃ ᠬᠢᠲᠠᠳ ᠮᠣᠩᠭᠣᠯ ᠮᠠᠨᠵᠤ ᠭᠤᠷᠪᠠ ᠶ᠋ᠢᠨ ᠳᠤᠮᠳᠠ ᠠ᠋ᠴᠠ ᠪᠦᠷᠢᠯᠳᠦᠭᠰᠡᠨ ᠶᠦᠮ ᠰᠢᠭ ᠦᠵᠡᠭᠳᠡᠨ᠎ᠡ᠃ ᠶᠡᠷᠦᠩᠬᠡᠢ ᠳ᠋ᠡᠭᠡᠨ ᠡᠨᠡ ᠮᠠᠢᠮᠠᠢ ᠬᠣᠲᠠ᠂ ᠬᠦᠷᠢᠶ᠎ᠡ ᠶ᠋ᠢ ᠪᠣᠳᠣᠪᠠᠯ ᠴᠡᠪᠡᠷ ᠦᠵᠡᠮᠵᠢ ᠲᠡᠢ ᠠᠵᠢ᠃ ᠢᠯᠠᠩᠭᠤᠶ᠎ᠠ ᠡᠮᠡᠭᠲᠡᠢᠴᠦᠳ ᠨᠢ ᠰᠦᠷᠡᠬᠡᠢ ᠴᠢᠷᠠᠢᠯᠠᠭ ᠪᠣᠯᠤᠭᠠᠳ ᠡᠮᠦᠰᠴᠦ ᠵᠡᠭᠦᠭᠰᠡᠨ ᠢ᠋ᠶ᠋ᠡᠷ ᠢ᠋ᠶ᠋ᠡᠨ ᠭᠠᠢᠬᠠᠯᠲᠠᠢ ᠳᠡᠭᠵᠢᠨ ᠪᠠᠢᠯ᠎ᠠ᠃ ᠪᠠᠯᠳᠠᠨᠴᠡᠷᠢᠩ ᠪᠠᠷᠠᠭᠤᠨ ᠠ᠋ᠴᠠ ᠵᠡᠭᠦᠨ ᠲᠡᠢᠰᠢ ᠨᠡᠪᠲᠡ ᠭᠠᠷᠤᠭᠰᠠᠨ ᠭᠣᠣᠯ ᠭᠤᠳᠤᠮᠵᠢ ᠪᠠᠷ ᠨᠢ ᠶᠠᠪᠤᠬᠤ ᠳ᠋ᠠᠭᠠᠨ᠂ ᠭᠣᠴᠣ ᠰᠠᠢᠬᠠᠨ ᠦᠵᠡᠰᠬᠦᠯᠡᠩᠲᠦ ᠡᠮᠡᠭᠲᠡᠢᠴᠦᠳ ᠲᠡᠢ ᠣᠯᠠᠨᠲᠠ ᠳᠠᠭᠠᠷᠢᠯᠳᠤᠪᠠ᠃ ᠭᠡᠪᠡᠴᠦ ᠥᠪᠡᠷ ᠦ᠋ᠨ ᠢ᠋ᠶ᠋ᠡᠨ ᠬᠦᠰᠡᠭᠰᠡᠨ ᠢ᠋ ᠯᠡ ᠣᠷᠴᠢᠯᠠᠩ ᠳ᠋ᠤ᠌ ᠬᠣᠣᠰ ᠦᠭᠡᠢ ᠳ᠋ᠦ᠍ ᠪᠣᠳᠣᠨ ᠲᠡᠭᠦᠨ ᠢ᠋ᠶ᠋ᠡᠨ ᠡᠷᠢᠨ᠎ᠡ᠃ ᠭᠡᠲᠡᠯ᠎ᠡ ᠪᠠᠯᠳᠠᠨᠴᠡᠷᠢᠩ ᠲᠡᠷᠡ ᠡᠮᠡᠭᠲᠡᠢ ᠶ᠋ᠢᠨ ᠬᠠᠮᠢᠭ᠎ᠠ ᠪᠠᠢᠳᠠᠭ ᠢ᠋ ᠪᠠᠢᠲᠤᠭᠠᠢ᠂ ᠬᠡᠨ ᠦ᠌ ᠬᠡᠨ ᠭᠡᠭᠴᠢ ᠪᠣᠯᠬᠤ ᠶ᠋ᠢ ᠮᠡᠳᠡᠬᠦ ᠦᠭᠡᠢ ᠪᠠᠢᠯ᠎ᠠ᠃ ᠡᠭᠦᠨ ᠢ᠋ᠶ᠋ᠡᠨ ᠰᠠᠨᠠᠬᠤ ᠳ᠋ᠤ᠌ ᠣᠭᠲᠣ ᠳᠡᠮᠡᠢ ᠡᠨᠳᠡ ᠢᠷᠡᠭᠰᠡᠨ ᠪᠠᠢᠬᠤ ᠪᠥᠭᠡᠳ ᠭᠡᠪᠡᠴᠦ ᠭᠣᠷᠢᠳᠠᠨ᠎ᠠ᠃ ᠶᠡᠷᠦ ᠭᠣᠷᠢᠳᠠᠬᠤ ᠪᠣᠯ ᠪᠠᠯᠳᠠᠨᠴᠡᠷᠢᠩ ᠦ᠋ᠨ ᠭᠣᠣᠯ ᠵᠢᠷᠦᠬᠡ ᠳ᠋ᠦ᠍ ᠭᠦᠨ᠎ᠡ ᠰᠢᠩᠭᠡᠭᠰᠡᠨ ᠨᠢᠭᠡ ᠶᠠᠭᠤᠮ᠎ᠠ ᠪᠣᠯᠤᠭᠰᠠᠨ ᠠᠵᠢ᠃ ᠣᠯᠠᠨ ᠤ᠋ ᠬᠥᠯ ᠪᠣᠯᠤᠭᠰᠠᠨ ᠨᠢᠭᠡᠨ ᠲᠣᠮᠣ ᠫᠦᠰᠡᠨ ᠳ᠋ᠦ᠍ ᠣᠷᠣᠬᠤ ᠳ᠋ᠤ᠌ ᠥᠭᠡᠳᠡ ᠨᠢ ᠬᠥᠩᠭᠡᠨ ᠭᠠᠪᠰᠢᠭᠠᠢ ᠬᠥᠳᠡᠯᠭᠡᠭᠡᠨ ᠲᠡᠢ ᠬᠤᠳᠠᠯᠳᠤᠭᠴᠢᠳ《ᠠᠢ ᠨᠣᠶᠠᠨ!》 ᠭᠡᠵᠦ ᠤᠭᠲᠤᠭᠠᠳ ᠳᠠᠷᠠᠭ᠎ᠠ ᠨᠢ᠄ ᠲᠠ ᠶᠠᠭᠤ ᠠᠪᠤᠨ᠎ᠠ? ᠲᠣᠷᠭ᠎ᠠ ᠤᠤ? ᠠᠯᠢ ᠥᠭᠡᠷ᠎ᠡ ᠵᠦᠢᠯ ᠬᠡᠷᠡᠭᠲᠡᠢ ᠤᠤ? ᠡᠰᠡᠪᠡᠯ ᠲᠠ ᠳᠠᠩᠵᠢᠶᠠᠳ ᠲᠠᠢ ᠠᠭᠤᠯᠵᠠᠬᠤ ᠪᠠᠷ ᠮᠣᠷᠢᠯᠠᠨ ᠢᠷᠡᠪᠡ ᠤᠤ? ᠭᠡᠵᠦ ᠲᠠᠯ᠎ᠠ ᠲᠠᠯ᠎ᠠ ᠠ᠋ᠴᠠ ᠨᠢ ᠬᠣᠷᠭᠣᠨ ᠰᠠᠨᠳᠤᠷᠭᠠᠪᠠ᠃ ᠲᠡᠨᠳᠡ ᠡᠴᠡ ᠭᠠᠷᠤᠭᠠᠳ ᠥᠭᠡᠷ᠎ᠡ ᠫᠦᠰᠡ ᠶ᠋ᠢᠨ ᠡᠭᠦᠳᠡᠨ ᠳ᠋ᠦ᠍ ᠣᠴᠢᠵᠤ ᠨᠡᠯᠢᠶᠡᠳ ᠵᠣᠭᠰᠣᠪᠠ᠃ ᠭᠡᠲᠡᠯ᠎ᠡ ᠮᠡᠳᠡᠭᠡᠴᠢ ᠬᠡᠷᠡᠭ᠂ ᠥᠨᠥᠬᠢ ᠡᠮᠡᠭᠲᠡᠢ ᠨᠢ ᠠᠯᠠᠭ᠎ᠠ᠃ ᠳᠡᠮᠡᠢ ᠭᠠᠢᠬᠠᠬᠤ ᠳ᠋ᠠᠭᠠᠨ ᠲᠡᠨᠳᠡ ᠡᠴᠡ ᠭᠤᠸᠠᠩᠵᠠᠨ ᠤ᠋ ᠬᠠᠭᠠᠯᠭ᠎ᠠ ᠨᠤᠭᠤᠳ ᠢ᠋ ᠲᠡᠳᠡᠨ ᠱᠠᠭᠠᠢᠵᠤ᠂ ᠤᠯᠤᠰ ᠣᠯᠠᠨ ᠤ᠋ ᠪᠥᠭᠡᠮᠨᠡᠷᠡᠭᠰᠡᠨ ᠦ᠌ ᠳᠡᠷᠭᠡᠳᠡᠭᠦᠷ ᠠᠩᠬᠠᠷᠤᠯ ᠲᠠᠯᠪᠢᠨ ᠥᠩᠭᠡᠷᠡᠭᠦᠴᠢᠯᠡᠨ ᠢ᠋ᠶ᠋ᠡᠷ ᠵᠥᠩᠳᠡᠭᠡᠨ ᠶᠠᠪᠤᠪᠠ᠃ ᠲᠡᠭᠡᠭᠡᠳ ᠪᠦᠷ ᠭᠣᠷᠢᠳᠠᠯᠭ᠎ᠠ  ᠲᠠᠰᠤᠷᠠᠬᠤ ᠳ᠋ᠠᠭᠠᠨ ᠨᠣᠭᠣᠭ᠎ᠠ ᠬᠤᠳᠠᠯᠳᠤᠳᠠᠭ ᠵᠢᠵᠢᠭᠬᠡᠨ ᠰᠢᠪᠡᠷ ᠪᠠᠢᠰᠢᠩ ᠳ᠋ᠤ᠌ ᠣᠷᠣᠪᠠ᠃ ᠬᠤᠳᠠᠯᠳᠤᠭᠴᠢ ᠨᠢ ᠬᠡᠳᠦ ᠲᠤᠷᠠᠩᠬᠠᠢ᠂ ᠥᠨᠳᠥᠷ ᠪᠡᠶ᠎ᠡ ᠲᠡᠢ᠂ ᠬᠤᠷᠤᠭᠤᠨ ᠤ᠋ ᠪᠠᠨ ᠬᠢᠮᠤᠰᠤ ᠶ᠋ᠢ ᠳᠡᠩᠳᠡᠭᠦᠦ ᠤᠷᠲᠤ ᠤᠷᠭᠤᠭᠤᠯᠤᠭᠰᠠᠨ ᠡᠪᠦᠭᠡᠨ ᠬᠢᠲᠠᠳ ᠪᠠᠢᠯ᠎ᠠ᠃ ᠡᠨᠡ ᠬᠥᠮᠦᠨ ᠪᠠᠯᠳᠠᠨᠴᠡᠷᠢᠩ ᠦ᠋ᠨ ᠬᠤᠪᠴᠠᠰᠤ ᠶ᠋ᠢ ᠬᠠᠷᠠᠬᠤ ᠲᠠᠢ ᠪᠠᠨ ᠵᠡᠷᠭᠡ ᠥᠪᠡᠷ ᠲᠡᠢ ᠪᠡᠨ ᠮᠠᠢᠮᠠᠢ ᠬᠢᠬᠦ ᠦᠭᠡᠢ ᠶ᠋ᠢ ᠯᠠᠪᠲᠠᠢ ᠮᠡᠳᠡᠨ ᠵᠥᠪᠬᠡᠨ ᠨᠢᠳᠦᠨ ᠦ᠌ ᠪᠡᠨ ᠪᠤᠯᠤᠩ ᠢ᠋ᠶ᠋ᠠᠷ ᠠᠵᠢᠨ᠎ᠠ᠃ ᠡᠨᠳᠡ ᠡᠯᠳᠡᠪ ᠲᠥᠷᠥᠯ ᠦ᠋ᠨ ᠳᠠᠪᠤᠰᠤᠯᠠᠭᠰᠠᠨ ᠨᠣᠭᠣᠭ᠎ᠠ᠂ ᠲᠡᠭᠦᠨ ᠦ᠌ ᠢᠯᠵᠠᠷᠠᠮᠠᠯ ᠦᠨᠦᠷ᠂ ᠰᠠᠷᠢᠮᠰᠠᠭ ᠤ᠋ᠨ ᠭᠠᠰᠢᠭᠤᠨ᠂ ᠴᠢᠨᠵᠢᠶᠤᠤ ᠲᠤᠯᠢᠶᠤᠤ ᠶ᠋ᠢᠨ ᠨᠢᠰᠤᠭᠤᠨ᠂ ᠽᠦ᠍ ᠵᠢᠶᠠᠩ ᠤ᠋ᠨ ᠢᠰᠬᠦᠯᠡᠩ ᠲᠡᠷᠡ ᠪᠦᠷᠢ ᠪᠡᠷ ᠨᠡᠢᠯᠡᠨ ᠬᠠᠩᠬᠤᠯᠬᠤ ᠨᠢ ᠤᠳᠠᠭᠠᠨ ᠪᠠᠢᠵᠤ ᠪᠣᠯᠤᠮ᠎ᠠ ᠦᠭᠡᠢ ᠠᠵᠢ᠃ ᠡᠢᠮᠦ ᠳ᠋ᠦ᠍ ᠪᠠᠯᠳᠠᠨᠴᠡᠷᠢᠩ ᠵᠥᠪᠬᠡᠨ ᠪᠤᠴᠠᠬᠤ ᠶ᠋ᠢᠨ ᠢ᠋ᠶ᠋ᠡᠨ ᠡᠮᠦᠨ᠎ᠡ ᠰᠠᠢᠬᠠᠨ ᠳᠤᠯᠠᠭᠠᠴᠠᠵᠤ ᠠᠪᠬᠤ ᠶ᠋ᠢ ᠪᠣᠳᠣᠨ ᠲᠡᠨᠳᠡ ᠬᠣᠷᠭᠣᠳᠠᠨ᠎ᠠ᠃ ᠡᠭᠦᠳᠡ ᠨᠢ ᠪᠠᠢᠨ ᠪᠠᠢᠨ ᠣᠩᠭᠣᠯᠵᠠᠵᠤ ᠬᠥᠭᠰᠢᠨ ᠵᠠᠯᠠᠭᠤ ᠡᠮᠡᠭᠲᠡᠢ ᠪᠠᠭᠠᠴᠤᠳ ᠮᠡᠲᠦ ᠶ᠋ᠢᠨ ᠬᠥᠮᠦᠰ ᠲᠠᠰᠤᠷᠠᠯᠲᠠ ᠦᠭᠡᠢ ᠣᠷᠣᠵᠤ ᠢᠷᠡᠨ᠂ ᠬᠡᠷᠡᠭᠴᠡᠭᠡᠲᠦ ᠵᠦᠢᠯ ᠢ᠋ᠶ᠋ᠡᠨ ᠠᠪᠤᠨ ᠭᠠᠷᠤᠨ᠎ᠠ᠃ ᠢᠩᠭᠢᠬᠦ ᠳ᠋ᠦ᠍ ᠡᠪᠦᠭᠡᠨ ᠬᠤᠳᠠᠯᠳᠤᠭᠴᠢ᠂ ᠪᠠᠯᠳᠠᠨᠴᠡᠷᠢᠩ ᠤᠳᠠᠭᠠᠨ ᠵᠣᠭᠰᠣᠭᠰᠠᠨ ᠤ᠋ ᠬᠤᠪᠢ ᠳ᠋ᠤ᠌ ᠭᠠᠢᠬᠠᠨ ᠰᠦᠷᠳᠡᠵᠦ ᠨᠢᠳᠦᠨ ᠦ᠌ ᠪᠡᠨ ᠪᠤᠯᠤᠩ ᠢ᠋ᠶ᠋ᠠᠷ ᠪᠠᠢᠨ ᠪᠠᠢᠨ ᠠᠵᠢᠭᠯᠠᠵᠤ ᠴᠢᠳᠠᠬᠤ ᠪᠠᠨ ᠪᠣᠯᠢᠨ ᠳᠣᠷᠣᠭᠰᠢ ᠰᠢᠷᠲᠡᠨ᠎ᠡ᠃ ᠡᠴᠦᠰ ᠦ᠋ᠨ ᠤᠳᠠᠭ᠎ᠠ ᠬᠠᠭᠠᠯᠭ᠎ᠠ ᠨᠡᠭᠡᠭᠡᠭᠳᠡᠨ ᠨᠢᠭᠡ ᠡᠮᠡᠭᠲᠡᠢ᠄ ᠠᠢ᠂ ᠳᠠ ᠶᠧ ᠠ᠋᠂ ᠰᠣᠩᠭᠢᠨ᠎ᠠ ᠠᠪᠤᠶ᠎ᠠ! ᠭᠡᠰᠡᠨ ᠳ᠋ᠦ᠍ ᠪᠠᠯᠳᠠᠨᠴᠡᠷᠢᠩ ᠰᠣᠴᠢᠨ ᠬᠠᠷᠠᠪᠠ᠃ ᠡᠨᠡ ᠡᠮᠡᠭᠲᠡᠢ ᠥᠨᠥᠬᠢ ᠬᠦᠰᠡᠵᠦ ᠮᠥᠷᠥᠭᠡᠳᠵᠦ ᠶᠠᠪᠤᠭᠰᠠᠨ ᠬᠥᠮᠦᠨ ᠨᠢ ᠪᠠᠢᠯ᠎ᠠ᠃ ᠤᠷᠢᠳ ᠤ᠋ᠨ ᠢ᠋ᠶ᠋ᠠᠨ ᠠᠳᠠᠯᠢ ᠭᠣᠶᠣ ᠭᠠᠩᠭᠠᠨ ᠬᠤᠪᠴᠠᠰᠤ ᠲᠠᠢ ᠪᠢᠰᠢ ᠵᠢᠷ ᠦ᠋ᠨ ᠬᠥᠮᠦᠰ ᠦ᠋ᠨ ᠡᠳ᠋ᠯᠡᠳᠡᠭ ᠪᠦᠳᠦᠭᠦᠨ ᠳᠠᠯᠢᠩᠪᠤ ᠳᠡᠪᠡᠯ ᠲᠡᠢ ᠶᠠᠪᠤᠭ᠎ᠠ ᠨᠢ ᠪᠠᠯᠳᠠᠨᠴᠡᠷᠢᠩ ᠳ᠋ᠦ᠍ ᠬᠠᠷᠢᠨ ᠴᠦ᠍ ᠰᠠᠢᠬᠠᠨ ᠰᠠᠨᠠᠭᠳᠠᠨ ᠰᠡᠳᠬᠢᠯ ᠲᠠᠲᠠᠨ᠎ᠠ᠃ 
       — ᠦᠭᠡᠢ ᠴᠢ! ᠭᠡᠵᠦ ᠠᠶᠠᠷᠬᠠᠨ ᠢ᠋ᠶ᠋ᠠᠷ ᠳᠠᠭᠤ ᠠᠯᠳᠠᠭᠠᠳ᠄ ᠵᠠ ᠰᠠᠢᠨ ᠪᠠᠢᠨ᠎ᠠ ᠤᠤ? ᠭᠡᠵᠦ ᠳᠥᠭᠥᠨ ᠣᠴᠢᠬᠤ ᠳ᠋ᠤ᠌ ᠡᠮᠡᠭᠲᠡᠢ᠄ 
       — ᠰᠠᠢᠨ᠂ ᠲᠠ ᠰᠠᠢᠨ ᠪᠠᠢᠨ᠎ᠠ ᠤᠤ? ᠦᠭᠡᠢ ᠡᠨᠳᠡ ᠲᠠ ᠶᠠᠮᠠᠷ ᠬᠡᠷᠡᠭ ᠢ᠋ᠶ᠋ᠡᠷ ᠶᠠᠪᠤᠭ᠎ᠠ ᠶᠤᠮ ᠪᠣᠢ? ᠭᠡᠵᠦ ᠰᠢᠯᠦᠭᠯᠡᠨ ᠳᠠᠭᠤᠯᠠᠳᠠᠭ ᠲᠤᠩᠭᠠᠯᠠᠭ ᠰᠠᠢᠬᠠᠨ ᠬᠣᠭᠣᠯᠠᠢ ᠪᠠᠷ ᠢ᠋ᠶ᠋ᠠᠨ ᠥᠭᠦᠯᠡᠨ ᠢᠨᠢᠶᠡᠮᠰᠦᠭᠯᠡᠪᠡ᠃ 
       — ᠵᠦᠭᠡᠷ᠂ ᠪᠢ ᠲᠠᠨ ᠤ᠋ ᠬᠣᠲᠠ ᠶ᠋ᠢ ᠯᠡ ᠭᠠᠢᠬᠠᠵᠤ ᠰᠣᠨᠢᠷᠬᠠᠵᠤ ᠶᠠᠪᠤᠨ᠎ᠠ ᠭᠡᠳ ᠪᠠᠯᠳᠠᠨᠴᠡᠷᠢᠩ《ᠬᠣᠲᠠ ᠶ᠋ᠢ ᠪᠢᠰᠢ ᠴᠢᠨᠦᠬᠢ ᠪᠡᠨ ᠬᠣᠢᠨ᠎ᠠ ᠠ᠋ᠴᠠ ᠯᠠ᠁》 ᠭᠡᠵᠦ ᠮᠡᠳᠡᠭᠳᠡᠬᠦ ᠶ᠋ᠢ ᠬᠢᠴᠢᠶᠡᠨ ᠨᠢᠭᠤᠷ ᠢ᠋ ᠨᠢ ᠰᠢᠷᠲᠡᠪᠡ᠃ 
       — ᠲᠡᠭᠡᠪᠡᠯ ᠲᠠ ᠮᠢᠨᠦ ᠪᠠᠭᠰᠢ ᠳ᠋ᠤ᠌ ᠪᠠᠷᠠᠯᠬᠠᠳᠠᠭ ᠡᠳᠦᠷ ᠢᠷᠡᠳᠡᠭ ᠪᠠᠢᠵᠠᠢ᠃ 
       — ᠶᠠᠭᠤᠨ ᠳ᠋ᠤ᠌ ᠲᠡᠷᠡ ᠪᠢᠯᠡ? 
       — ᠶᠠᠭᠠᠬᠢᠬᠤ ᠪᠣᠢ᠂ ᠪᠤᠴᠠᠬᠤ ᠳ᠋ᠠᠭᠠᠨ ᠪᠡᠶ᠎ᠡ ᠠᠮᠤᠷ ᠪᠤᠴᠠᠬᠤ ᠦᠭᠡᠢ ᠤᠤ? ᠭᠡᠰᠡᠨ ᠢ᠋ᠶ᠋ᠡᠨ ᠡᠮᠡᠭᠲᠡᠢ᠂ ᠨᠢᠭᠤᠷ ᠨᠢ ᠤᠯᠠᠢᠨ ᠳᠣᠷᠣᠭᠰᠢ ᠰᠢᠷᠳᠡᠪᠡ᠃ ᠡᠨᠡ ᠨᠢ ᠰᠠᠨᠠᠮᠰᠠᠷ ᠦᠭᠡᠢ  ᠥᠭᠦᠯᠡᠵᠦ ᠣᠷᠬᠢᠭᠰᠠᠨ ᠢ᠋ᠶ᠋ᠠᠨ《ᠡᠪ ᠦᠭᠡᠢ ᠶᠠᠭᠤᠮ᠎ᠠ ᠪᠣᠯᠵᠤ ᠣᠷᠬᠢᠬᠤ ᠪᠣᠢ》 ᠭᠡᠵᠦ ᠭᠡᠨᠡᠳᠲᠡ ᠰᠠᠨᠠᠭᠰᠠᠨ ᠤ᠋ ᠬᠢ ᠪᠠᠢᠵᠠᠢ᠃ 
       — ᠨᠡᠭᠡᠷᠡᠨ ᠲᠡᠭᠡᠪᠡᠯ ᠲᠠᠭᠠᠷᠠᠬᠤ ᠪᠠᠢᠵᠠᠢ ᠭᠡᠵᠦ ᠪᠠᠯᠳᠠᠨᠴᠡᠷᠢᠩ ᠪᠠᠭᠰᠢ ᠳ᠋ᠠᠭᠠᠨ ᠪᠠᠷᠠᠯᠬᠠᠬᠤ ᠡᠳᠦᠷ ᠡᠳᠦᠷ ᠢ᠋ ᠨᠢ ᠮᠡᠳᠡᠭᠡ ᠦᠭᠡᠢ ᠪᠠᠢᠳᠠᠯ ᠭᠠᠷᠭᠠᠨ ᠬᠡᠯᠡᠪᠡ᠃ ᠡᠭᠦᠨ ᠡᠴᠡ ᠴᠠᠭᠠᠰᠢ ᠬᠡᠯᠡᠬᠦ ᠦᠭᠡ ᠡᠰᠡ ᠣᠯᠳᠠᠨ᠎ᠠ᠃ ᠡᠮᠡᠭᠲᠡᠢ ᠴᠦ᠍ ᠦᠭᠡ ᠳᠤᠤᠭᠠᠷᠤᠭᠰᠠᠨ ᠦᠭᠡᠢ᠃ ᠠᠪᠬᠤ ᠵᠦᠢᠯ ᠢ᠋ᠶ᠋ᠡᠨ ᠠᠪᠤᠨ᠂ ᠮᠥᠩᠭᠥ ᠪᠡᠨ ᠲᠥᠯᠥᠭᠡᠳ ᠭᠠᠷᠬᠤ ᠭᠡᠰᠡᠨ ᠢ᠋ᠶ᠋ᠡᠨ᠄ 
       — ᠲᠠ ᠡᠨᠳᠡ ᠡᠴᠡ ᠪᠤᠴᠠᠬᠤ ᠤᠤ? 
       — ᠲᠡᠭᠡᠨ᠎ᠡ᠂ ᠣᠳᠣᠬᠠᠨ ᠪᠤᠴᠠᠨ᠎ᠠ ᠭᠡᠳ ᠬᠣᠢᠨ᠎ᠠ ᠨᠢ ᠳ᠋ᠡᠭᠡᠨ ᠭᠠᠷᠪᠠ᠃ ᠴᠠᠭᠠᠰᠢ ᠪᠠᠰᠠ ᠶᠠᠷᠢᠬᠤ ᠶᠠᠭᠤᠮ᠎ᠠ ᠣᠯᠬᠤ ᠦᠭᠡᠢ ᠪᠣᠯᠬᠤ ᠳ᠋ᠤ᠌᠄ 
       — ᠪᠢ ᠥᠨᠥᠳᠥᠷ ᠭᠡᠰᠡᠷ ᠰᠦᠮ᠎ᠡ ᠳ᠋ᠦ᠍ ᠣᠷᠣᠬᠤ ᠭᠡᠳ ᠠᠮᠵᠢᠭᠰᠠᠨ ᠦᠭᠡᠢ ᠭᠡᠯ᠎ᠡ᠃ 
       — ᠠ ᠲᠡᠢᠮᠦ ᠤᠤ᠂ ᠲᠠ ᠲᠡᠨᠳᠡ ᠣᠷᠣᠵᠤ ᠶᠠᠭᠠᠬᠢᠬᠤ ᠬᠡ ᠪᠣᠢ? 
       — ᠲᠥᠯᠭᠡ ᠠᠢᠯᠠᠳᠤᠭᠤᠯᠬᠤ ᠭᠡᠰᠡᠨ ᠶᠦᠮ᠃ 
       — ᠶᠠᠭᠤᠨ ᠲᠤᠬᠠᠢ ᠪᠣᠢ? 
       — ᠢᠷᠡᠭᠡᠳᠦᠢ ᠶ᠋ᠢᠨ ᠦᠢᠯᠡ ᠬᠡᠷᠡᠭ ᠠᠯᠢ ᠬᠢᠷᠢ ᠪᠣᠳᠣᠮᠵᠢ ᠲᠠᠢ ᠪᠠᠢᠬᠤ ᠪᠣᠯ ᠯᠠ ᠭᠡᠵᠦ᠃ 
       — ᠮᠠᠷᠭᠠᠰᠢ ᠢᠷᠡᠬᠦ ᠶᠦᠮ ᠪᠠᠢᠨ᠎ᠠ᠃ ᠲᠡᠭᠡᠭᠡᠳ ᠪᠤᠴᠠᠬᠤ ᠳ᠋ᠠᠭᠠᠨ ᠲᠡᠷᠭᠡᠨ ᠳ᠋ᠦ᠍ ᠴᠢᠨᠢ ᠳᠠᠢᠭᠳᠠᠶ᠎ᠠ ᠪᠣᠯᠤᠨ᠎ᠠ ᠪᠢᠵᠡ ᠳᠡ? ᠪᠣᠯᠤᠯ ᠦᠭᠡᠢ ᠶᠠᠭᠠᠬᠢᠬᠤᠪ᠂ ᠬᠠᠷᠢᠨ ᠲᠠ ᠡᠳᠦᠢ ᠳ᠋ᠦ᠍ ᠡᠨᠡ ᠬᠠᠪᠢ ᠳ᠋ᠤ᠌ ᠬᠦᠯᠢᠶᠡᠭᠡᠷᠡᠢ ᠯᠡ ᠳᠡ? 
       — ᠲᠡᠭᠡᠶ᠎ᠡ᠃ ᠡᠢᠨ ᠬᠦ᠌ ᠶᠠᠷᠢᠯᠴᠠᠵᠤ ᠶᠠᠪᠤᠬᠤ ᠳ᠋ᠤ᠌ ᠪᠠᠯᠳᠠᠨᠴᠡᠷᠢᠩ ᠳ᠋ᠦ᠍ ᠲᠤᠩ ᠠᠶᠠᠲᠠᠢᠬᠠᠨ ᠪᠠᠢᠯ᠎ᠠ᠃《ᠣᠳᠣ ᠭᠡᠷ ᠣᠷᠣᠨ ᠢ᠋ ᠨᠢ ᠬᠠᠮᠢᠭ᠎ᠠ ᠪᠠᠢᠳᠠᠭ ᠢ᠋ ᠨᠢ ᠮᠡᠳᠡᠶ᠎ᠡ》 ᠭᠡᠰᠡᠨ ᠨᠢᠭᠡ ᠡᠷᠡᠮᠡᠯᠵᠡᠯ ᠰᠡᠳᠬᠢᠯ ᠳ᠋ᠦ᠍ᠨᠢ ᠡᠷᠭᠢᠯᠳᠦᠨ᠎ᠡ᠃ ᠭᠡᠲᠡᠯ᠎ᠡ ᠡᠮᠡᠭᠲᠡᠢ ᠨᠠᠷᠢᠨ ᠴᠠᠭᠠᠨ ᠰᠢᠪᠠᠷ ᠢ᠋ᠶ᠋ᠠᠷ ᠨᠢᠭᠲᠠ ᠰᠢᠪᠠᠭᠰᠠᠨ ᠥᠨᠳᠥᠷ ᠬᠠᠰᠢᠶᠠᠨ᠎ᠠ ᠣᠢᠷᠠᠲᠤᠨ ᠢᠷᠡᠭᠰᠡᠨ ᠢ᠋ᠶ᠋ᠡᠨ ᠬᠥᠯ ᠨᠢ ᠤᠳᠠᠭᠠᠰᠢᠷᠠᠵᠤ᠄ 
       — ᠮᠠᠨ ᠤ᠋ ᠬᠢ ᠡᠨᠳᠡ ᠭᠡᠪᠡ᠃ 
       — ᠠᠯᠢ ᠬᠠᠭᠠᠯᠭ᠎ᠠ ᠪᠣᠢ? ᠭᠡᠬᠦ ᠳ᠋ᠦ᠍᠄ 
       — ᠲᠡᠷᠡ! ᠭᠡᠵᠦ ᠵᠢᠭᠠᠪᠠ᠃ ᠲᠡᠷᠡ ᠨᠢ ᠭᠡᠪᠡᠯ᠄ ᠬᠢᠲᠠᠳ ᠮᠠᠶᠢᠭ ᠤ᠋ᠨ ᠬᠥᠬᠡ ᠰᠢᠪᠡᠷ ᠸᠠᠭᠠᠷᠤᠨ ᠣᠷᠣᠢ ᠲᠠᠢ ᠰᠦᠷᠡᠬᠡᠢ ᠳᠣᠷᠪᠢᠯᠢᠭ ᠠᠰᠠᠷᠲᠤ ᠬᠠᠭᠠᠯᠭ᠎ᠠ ᠪᠠᠢᠯ᠎ᠠ᠃ ᠡᠮᠡᠭᠲᠡᠢ ᠬᠠᠭᠠᠯᠭᠠᠨ ᠳ᠋ᠠᠭᠠᠨ ᠣᠢᠷᠠᠲᠤᠬᠤ ᠳᠣᠳᠣᠮ ᠢ᠋ᠶ᠋ᠠᠨ《ᠲᠠ ᠡᠨᠳᠡ ᠡᠴᠡ ᠪᠤᠴᠠᠭᠠᠷᠠᠢ》 ᠭᠡᠬᠦ ᠮᠡᠲᠦ ᠬᠥᠯ ᠨᠢ ᠤᠯᠠᠮ ᠢ᠋ᠶ᠋ᠠᠷ ᠤᠳᠠᠭᠠᠰᠢᠷᠠᠪᠠ᠃ 
       — ᠴᠢ ᠭᠡᠷ ᠲᠡᠭᠡᠨ ᠣᠯᠠᠭᠤᠯᠠ ᠰᠠᠭᠤᠳᠠᠭ ᠤᠤ? ᠭᠡᠬᠦ ᠳ᠋ᠦ᠍᠂ 
       — ᠦᠭᠡᠢ ᠠ᠋᠂ ᠭᠠᠭᠴᠠᠭᠠᠷ ᠢ᠋ᠶ᠋ᠠᠨ᠃ ᠠᠪᠤ ᠡᠵᠢ ᠬᠣᠶᠠᠷ ᠮᠠᠨᠢ ᠲᠤᠰᠬᠠᠢ ᠭᠡᠷ ᠲᠦ᠍ ᠰᠠᠭᠤᠳᠠᠭ ᠭᠡᠪᠡ᠃ 
       — ᠦᠭᠡᠢ᠂ ᠪᠢ ᠨᠢᠭᠡᠨᠲᠡ ᠡᠨᠳᠡ ᠢᠷᠡᠭᠰᠡᠨ ᠡᠴᠡ ᠣᠷᠣᠭᠠᠳ ᠶᠠᠪᠤᠪᠠᠯ ᠶᠠᠭᠠᠬᠢᠭᠰᠠᠨ ᠶᠤᠮ ᠪᠣᠢ? ᠡᠮᠡᠭᠲᠡᠢ ᠰᠣᠴᠢᠨ ᠲᠣᠯᠣᠭᠠᠢ ᠰᠡᠭᠰᠦᠷᠪᠡ᠃ 
       — ᠶᠠᠭᠠᠬᠢᠭᠠᠳ? ᠭᠡᠬᠦ ᠳ᠋ᠦ᠍ ᠪᠦᠷ ᠰᠠᠨᠳᠤᠷᠤᠨ᠂ ᠲᠤᠩᠭᠠᠯᠠᠭ ᠴᠠᠭᠠᠨ ᠴᠢᠷᠠᠢ ᠳ᠋ᠤᠨᠢ ᠴᠢᠰᠤ ᠭᠦᠶᠦᠨ ᠶᠠᠭᠠᠷᠠᠵᠤ᠄ ᠠᠶᠤᠵᠤ ᠪᠠᠢᠨ᠎ᠠ᠃ ᠠᠪᠤ ᠡᠵᠢ ᠬᠣᠶᠠᠷ ᠬᠠᠷᠠᠴᠢᠬᠠᠨ᠎ᠠ ᠭᠡᠵᠦ ᠴᠡᠴᠡᠷᠬᠢᠯᠡᠭᠰᠡᠨ ᠬᠣᠭᠣᠯᠠᠢ ᠪᠠᠷ ᠰᠢᠪᠡᠨᠡᠨ ᠥᠭᠦᠯᠡᠪᠡ᠃ ᠬᠠᠭᠠᠯᠭ᠎ᠠ ᠪᠠᠨ ᠠᠶᠠᠷᠬᠠᠨ ᠢ᠋ᠶ᠋ᠠᠷ ᠲᠦᠯᠬᠢᠨ ᠨᠡᠭᠡᠭᠡᠬᠦ ᠳ᠋ᠦ᠍ᠨᠢ ᠰᠢᠪᠡᠷ ᠸᠠᠭᠠᠷᠤᠨ ᠲᠤᠢᠫᠤᠤ ᠶ᠋ᠢᠨ ᠤᠷᠲᠤ ᠪᠠᠢᠰᠢᠩ ᠬᠠᠰᠢᠶᠠᠨ ᠤ᠋ ᠬᠣᠢᠲᠤ ᠲᠠᠯ᠎ᠠ ᠶ᠋ᠢ ᠪᠦᠬᠦᠯᠢ ᠳ᠋ᠦ᠍ᠨᠢ ᠡᠵᠡᠯᠡᠭᠰᠡᠨ ᠦ᠌ ᠰᠢᠭᠢᠳᠬᠡᠨ ᠵᠠᠮ ᠳᠡᠪᠢᠰᠦᠭᠰᠡᠨ ᠪᠠᠢᠬᠤ ᠪᠥᠭᠡᠳ ᠵᠡᠭᠦᠨ ᠲᠡᠢ ᠨᠢ ᠪᠠᠢᠭ᠎ᠠ ᠮᠣᠷᠢᠨ ᠤ᠋ ᠫᠧᠩ ᠪᠣᠯᠪᠠᠴᠤ ᠠᠢᠯ ᠤ᠋ᠨ ᠣᠷᠣᠨ ᠰᠠᠭᠤᠴᠠ ᠰᠢᠭ᠋ ᠰᠢᠯᠦᠨ ᠴᠣᠩᠬᠣ ᠲᠠᠢ ᠪᠠᠢᠭ᠎ᠠ ᠶ᠋ᠢ ᠨᠢ ᠦᠵᠡᠬᠦ ᠳ᠋ᠦ᠍ ᠬᠢᠷᠢ ᠪᠠᠷᠤᠭ ᠤ᠋ᠨ ᠨᠣᠶᠠᠳ ᠤ᠋ᠨ ᠬᠢ ᠴᠦ᠍ ᠡᠢᠮᠦ ᠰᠢᠦ ᠳᠡ ᠭᠡᠵᠦ ᠪᠣᠳᠣᠭᠳᠠᠨ᠎ᠠ᠃ ᠡᠮᠡᠭᠲᠡᠢ ᠬᠠᠭᠠᠯᠭ᠎ᠠ ᠪᠠᠨ ᠵᠥᠪᠬᠡᠨ ᠥᠪᠡᠷ ᠦ᠋ᠨ ᠢ᠋ᠶ᠋ᠡᠨ ᠪᠡᠶ᠎ᠡ ᠶ᠋ᠢ ᠪᠠᠭᠲᠠᠬᠤ ᠬᠢᠷᠢ ᠪᠡᠷ ᠨᠡᠭᠡᠭᠡᠨ ᠬᠥᠯ ᠢ᠋ᠶ᠋ᠡᠨ ᠪᠣᠱᠣᠭ᠎ᠠ ᠳᠠᠪᠠᠭᠤᠯᠤᠭᠰᠠᠨ ᠢ᠋ᠶ᠋ᠠᠨ᠂ ᠵᠠ ᠲᠠ ᠰᠡᠭᠦᠯᠡᠷ! ᠭᠡᠳ ᠴᠠᠭᠠᠰᠢ ᠣᠷᠣᠨ᠂ ᠬᠠᠭᠠᠯᠭ᠎ᠠ ᠪᠠᠨ ᠮᠥᠨ ᠶᠠᠮᠠᠷ ᠴᠦ᠍ ᠳᠠᠭᠤ ᠴᠢᠮᠡᠭᠡ ᠭᠠᠷᠭᠠᠯ ᠦᠭᠡᠢ ᠬᠠᠭᠠᠯ᠎ᠠ᠃ ᠡᠢᠮᠦ ᠳ᠋ᠦ᠍ ᠪᠠᠯᠳᠠᠨᠴᠡᠷᠢᠩ ᠡᠮᠡᠭᠲᠡᠢ ᠶ᠋ᠢᠨ ᠥᠪᠡᠷ ᠲᠤᠨᠢ ᠰᠡᠳᠬᠢᠯ ᠪᠠᠢᠭ᠎ᠠ ᠶ᠋ᠢ ᠲᠣᠳᠣᠷᠬᠠᠢ ᠮᠡᠳᠡᠨ ᠪᠠᠶᠠᠷᠯᠠᠪᠠ᠃ ᠭᠡᠪᠡᠴᠦ ᠡᠷᠭᠢᠬᠦ ᠵᠠᠮ ᠳ᠋ᠠᠭᠠᠨ ᠢᠷᠡᠭᠡᠳᠦᠢ ᠳ᠋ᠦ᠍ ᠴᠣᠬᠣᠮ ᠶᠠᠭᠤ ᠪᠣᠯᠬᠤ ᠶ᠋ᠢ ᠡᠷᠭᠢᠴᠡᠭᠦᠯᠦᠨ ᠪᠣᠳᠣᠵᠤ ᠦᠵᠡᠬᠦ ᠳ᠋ᠦ᠍ ᠮᠥᠨ ᠶᠡᠷᠦ ᠠᠮᠤᠷ ᠪᠢᠰᠢ《ᠦᠵᠡᠲᠡᠯ᠎ᠡ ᠡᠢᠮᠦ ᠪᠠᠶᠠᠨ ᠠᠢᠯ ᠪᠠᠢᠬᠤ ᠠᠲᠠᠯ᠎ᠠ ᠪᠠᠨ ᠴᠢ ᠭᠠᠭᠴᠠ ᠬᠡᠦᠬᠡᠨ ᠲᠡᠢ ᠨᠢ ᠰᠠᠭᠤᠬᠤ ᠶ᠋ᠢ ᠰᠠᠨᠠᠭᠠᠰᠢᠷᠠᠬᠤ ᠴᠢᠨᠢ ᠶᠠᠭᠤ ᠪᠣᠢ? ᠰᠦᠢ ᠪᠡᠯᠡᠭ ᠲᠦ᠋ᠨᠢ ᠴᠢ ᠶᠠᠭᠤ ᠪᠠᠨ ᠥᠭᠬᠦ ᠬᠡ ᠪᠣᠢ? ᠨᠠᠢᠷ ᠬᠤᠷᠢᠮ ᠢ᠋ ᠴᠢ ᠬᠡᠷᠬᠢᠨ ᠥᠩᠭᠡᠷᠡᠭᠦᠯᠬᠦ ᠬᠡ ᠪᠣᠢ? ᠬᠥᠮᠦᠨ ᠬᠢᠷᠢ ᠪᠡᠷ ᠢ᠋ᠶ᠋ᠡᠨ᠂ ᠲᠡᠮᠡᠭᠡ ᠲᠡᠩᠬᠡᠭᠡ ᠪᠡᠷ ᠢ᠋ᠶ᠋ᠡᠨ ᠭᠡᠭᠴᠢ ᠪᠡᠷ ᠥᠪᠡᠷ ᠲᠡᠢ ᠨᠢ ᠲᠣᠬᠢᠷᠠᠬᠤ ᠳᠣᠣᠭᠤᠷ ᠶᠠᠭᠤᠮ᠎ᠠ ᠲᠠᠢ ᠠᠢᠯ ᠤ᠋ᠨ ᠬᠡᠦᠬᠡᠨ ᠲᠡᠢ ᠰᠠᠭᠤᠪᠠᠯ ᠳᠡᠭᠡᠷ᠎ᠡ ᠪᠢᠰᠢ ᠤᠤ?》 ᠭᠡᠵᠦ ᠪᠣᠳᠣᠭᠳᠠᠨ᠎ᠠ᠃ ᠭᠡᠲᠡᠯ᠎ᠡ ᠪᠠᠰᠠ ᠣᠳᠣ ᠢᠩᠭᠢᠭᠡᠳ《ᠲᠡᠷᠡ ᠰᠠᠢᠬᠠᠨ ᠠᠮᠢᠲᠠᠨ ᠠ᠋ᠴᠠ ᠪᠡᠶ᠎ᠡ ᠪᠡᠨ ᠬᠣᠯᠠᠳᠬᠠᠨ ᠪᠠᠷ᠎ᠠ ᠶ᠋ᠢ ᠨᠢ ᠴᠦ᠍ ᠬᠠᠷᠠᠬᠤ ᠦᠭᠡᠢ ᠪᠣᠯᠤᠨ᠎ᠠ ᠰᠢᠦ ᠳᠡ》 ᠭᠡᠬᠦ ᠡᠴᠡ ᠠᠮᠢ ᠪᠡᠶ᠎ᠡ ᠪᠡᠨ ᠬᠠᠭᠠᠴᠠᠬᠤ ᠭᠡᠵᠦ ᠪᠠᠢᠭ᠎ᠠ ᠶᠤᠮ ᠰᠢᠭ᠋ ᠵᠢᠷᠦᠬᠡ ᠴᠣᠬᠢᠯᠠᠨ ᠠᠮᠢᠰᠬᠤᠭ᠎ᠠ ᠳᠡᠭᠡᠷ᠎ᠡ ᠬᠥᠭᠡᠷᠬᠦ ᠠᠵᠢ᠃ 

             ᠦᠰᠦᠭ ᠠᠮᠢᠯᠠᠭᠤᠯᠤᠭᠰᠠᠨ ᠨᠢ᠄  ᠲᠡᠭᠷᠢ ᠡᠵᠢ