ᠠᠯᠤᠰ ᠲᠤ ᠰᠠᠭᠤᠭ᠎ᠠ ᠡᠵᠢ- ᠠᠭᠤᠳᠠᠮАлсад суугаа ээж-уудам ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠤᠰ ᠲᠤ ᠰᠠᠭᠤᠭ᠎ᠠ ᠡᠵᠢ- ᠠᠭᠤᠳᠠᠮАлсад суугаа ээж-уудам

ᠠᠯᠤᠰ ᠲᠤ ᠰᠠᠭᠤᠭ᠎ᠠ ᠡᠵᠢ- ᠠᠭᠤᠳᠠᠮАлсад суугаа ээж-уудам

2022-10-05

455

ᠠᠯᠤᠰ ᠲᠤ ᠰᠠᠭᠤᠭ᠎ᠠ ᠡᠵᠢ

  ᠠᠭᠤᠳᠠᠮ 

ᠰᠦᠮᠡᠢᠬᠦ ᠵᠡᠷᠭᠡᠯᠭᠡᠨ ᠎ᠳ᠋ᠦ᠍ ᠭᠡᠭᠡ ᠠᠨᠢᠷᠯᠠᠭᠠᠳ
ᠰᠦᠰᠦᠭᠯᠡᠬᠦ ᠎ᠶ᠋ᠢᠨ ᠡᠷᠬᠡᠨ ᠎ᠳ᠋ᠦ᠍ ᠡᠵᠢ ᠮᠢᠨᠢ ᠪᠣᠳᠣᠭᠳᠠᠨ᠎ᠠ
ᠬᠦᠦ ᠎ᠪᠡᠨ ᠢᠷᠡᠨ᠎ᠡ ᠭᠡᠳ ᠰᠦ᠋ ᠎ᠪᠡᠨ ᠡᠷᠭᠦᠭᠡᠳ
ᠬᠦᠰᠡᠯ ‍ᠢᠶ᠋ᠡᠨ ᠴᠢᠯᠡᠲᠡᠯ᠎ᠡ ᠠᠯᠤᠰ ‍ᠢ ᠰᠢᠷᠲᠡᠭᠡ ᠳ᠋ᠡ
    
ᠠᠯᠤᠰ ᠲᠤ ᠰᠠᠭᠤᠭ᠎ᠠ ᠡᠵᠢ ᠮᠢᠨᠢ
    
ᠠᠮᠢᠨ ᠬᠠᠶ᠋ᠢᠷᠠᠲᠠᠢ ᠰᠢᠲᠦᠭᠡᠨ ᠮᠢᠨᠢ ᠪᠢᠯᠡ

ᠵᠠᠳᠠᠭᠠᠢ ᠲᠩᠷᠢ ‍ᠳᠦ ᠡᠭᠦᠯᠡ ᠨᠢ ᠵᠠᠮᠬᠠᠷᠠᠨ᠎ᠠ
ᠵᠠᠯᠪᠠᠷᠢᠬᠤ ‍ᠶ᠋ᠢᠨ ᠡᠷᠬᠡᠨ ᠎ᠳ᠋ᠦ᠍ ᠡᠵᠢ ᠮᠢᠨᠢ ᠪᠣᠳᠣᠭᠳᠠᠨ᠎ᠠ
ᠠᠷᠭᠠᠯ ‍ᠤᠨ ᠴᠣᠭ ᠎ᠲᠠᠭᠠᠨ ᠴᠠᠢ ᠎ᠪᠠᠨ ᠪᠦᠯᠢᠶᠡᠯᠡᠵᠦ
ᠠᠨᠢᠰᠬ᠎ᠠ ᠪᠠᠨ ᠴᠢᠯᠡᠲᠡᠯ᠎ᠡ ᠠᠯᠤᠰ ‍ᠢ ᠰᠢᠷᠲᠡᠭᠡ ᠳ᠋ᠡ
      (
ᠳᠠᠭᠢᠯᠲᠠ )

ᠬᠥᠬᠡᠷᠡᠬᠦ ᠠᠭᠤᠯᠠᠰ ᠨᠢ ᠬᠥᠭᠯᠡᠷᠡᠵᠦ ᠬᠠᠷᠠᠭᠳᠠᠨ᠎ᠠ
ᠬᠦᠦ ‍ᠶ᠋ᠢᠨ ᠲᠠᠨᠢ ᠰᠡᠳᠬᠢᠯ ᠭᠡᠭᠡᠯᠵᠡᠭᠡᠳ ᠪᠠᠶ᠋ᠢᠨ᠎ᠠ
ᠬᠥᠮᠦᠨ ‍ᠦ ᠵᠡᠷᠭᠡ ‍ᠳᠦ ᠬᠦᠦ ᠴᠢᠨᠢ ᠶᠠᠪᠤᠨ᠎ᠠ
ᠬᠦᠰᠡᠯ ‍ᠢ ᠲᠠᠨᠢ ᠨᠢᠮᠭᠡᠯᠡᠭᠡᠳ ᠶᠠᠪᠤᠭᠠᠳ ᠣᠴᠢᠨ᠎ᠠ ᠳ᠋ᠠ
      (
ᠳᠠᠭᠢᠯᠲᠠ )