ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 52 Нэгэн ном тавцан үн өдөр үн тэмдэглэлээс – 52 ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 52 Нэгэн ном тавцан үн өдөр үн тэмдэглэлээс – 52

ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 52 Нэгэн ном тавцан үн өдөр үн тэмдэглэлээс – 52

2025-09-01

123


       ᠡᠷᠲᠡ ᠤᠷᠢᠳᠤ ᠴᠠᠭ ᠲᠤ ᠷᠣᠮᠠ ᠬᠠᠭᠠᠨᠲᠤ ᠤᠯᠤᠰ ᠤ᠋ᠨ ᠲᠡᠢᠨ ᠳ᠋ᠦ᠍ ᠨᠢᠭᠡ ᠬᠥᠮᠦᠨ ᠣᠷᠣᠬᠤ ᠡᠰᠡᠬᠦ ᠪᠡᠨ ᠡᠵᠢ ᠡᠴᠡ ᠪᠡᠨ ᠠᠰᠠᠭᠤᠬᠤ ᠪᠠᠷ ᠪᠣᠯᠵᠠᠢ᠃ ᠡᠵᠢ ᠨᠢ᠄
      《ᠮᠢᠨᠦ ᠬᠦᠦ ᠲᠡᠢᠨ ᠳ᠋ᠦ᠍ ᠶᠠᠪᠤᠬᠤ ᠦᠭᠡᠢ ᠪᠠᠢᠵᠤ ᠪᠣᠯᠤᠨ᠎ᠠ᠃ ᠬᠡᠷᠪᠡ ᠶᠠᠪᠤᠬᠤ ᠦᠭᠡᠢ ᠪᠣᠯ ᠡᠵᠢ ᠨᠢ ᠬᠦᠦ ᠲᠡᠢ ᠪᠡᠨ ᠨᠢᠭᠡ ᠨᠠᠰᠤ ᠪᠠᠷ ᠢ᠋ᠶ᠋ᠠᠨ ᠰᠠᠢᠬᠠᠨ ᠠᠮᠢᠳᠤᠷᠠᠬᠤ ᠪᠠᠢᠬᠤ ᠳᠠ᠃ ᠬᠡᠷᠪᠡ ᠲᠡᠢᠨ ᠳ᠋ᠦ᠍ ᠶᠠᠪᠤᠪᠠᠯ ᠡᠵᠢ ᠨᠢ ᠬᠠᠮᠤᠭ ᠬᠠᠢᠷᠠᠲᠠᠢ ᠬᠦᠦ ᠪᠡᠨ ᠠᠯᠳᠠᠵᠤ᠂ ᠭᠡᠷᠭᠡᠢ ᠴᠢᠨᠢ ᠬᠠᠮᠤᠭ ᠤ᠋ᠨ ᠬᠠᠢᠷᠠᠲᠠᠢ ᠡᠷ᠎ᠡ ᠨᠥᠬᠥᠷ ᠢ᠋ᠶ᠋ᠡᠨ ᠠᠯᠳᠠᠵᠤ ᠮᠡᠳᠡᠨ᠎ᠡ᠃ ᠭᠡᠬᠦ ᠳ᠋ᠦ᠍ ᠪᠡᠨ ᠮᠢᠨᠦ ᠬᠦᠦ ᠴᠡᠭᠡᠵᠢᠯᠡᠵᠦ ᠶᠠᠪᠤᠭᠠᠷᠠᠢ! ᠮᠢᠨᠦ ᠬᠦᠦ ᠲᠡᠢᠨ ᠳ᠋ᠦ᠍ ᠶᠠᠪᠤᠭᠠᠳ ᠦᠷᠡᠭᠳᠡᠭᠰᠡᠨ ᠴᠦ᠍ ᠪᠣᠯᠤᠭ᠂ ᠢᠯᠠᠯᠲᠠ ᠣᠯᠤᠭᠰᠠᠨ ᠴᠦ᠍ ᠪᠣᠯᠤᠭ᠂ ᠴᠢᠨᠦ ᠨᠡᠷ᠎ᠡ ᠬᠡᠵᠢᠶᠡᠳᠡ ᠲᠡᠦᠬᠡᠨ ᠳ᠋ᠦ᠍ ᠡᠭᠦᠷᠢᠳᠡ ᠦᠯᠡᠳᠡᠬᠦ ᠪᠣᠯᠤᠨ᠎ᠠ》 ᠭᠡᠵᠡᠢ᠃
       ᠲᠡᠭᠡᠭᠡᠳ ᠡᠨᠡ ᠬᠥᠮᠦᠨ ᠲᠡᠢᠨ ᠳ᠋ᠦ᠍ ᠶᠠᠪᠤᠵᠤ ᠢᠯᠠᠯᠲᠠ ᠣᠯᠤᠭᠰᠠᠨ ᠪᠠᠢᠨ᠎ᠠ᠃ ᠡᠨᠡ ᠬᠥᠮᠦᠨ ᠢ᠋ ᠠᠺᠠᠯᠢ ᠭᠡᠳᠡᠭ᠃ ᠲᠡᠦᠬᠡᠨ ᠳ᠋ᠦ᠍ ᠡᠨᠡ ᠪᠠᠭᠠᠲᠤᠷ ᠤ᠋ᠨ ᠨᠡᠷ᠎ᠡ ᠦᠯᠡᠳᠡᠭᠰᠡᠨ ᠪᠠᠢᠳᠠᠭ᠃  
       ᠨᠢᠭᠡ ᠬᠡᠦᠬᠡᠳ ᠦ᠋ᠨ ᠰᠠᠢᠨ ᠰᠠᠢᠬᠠᠨ ᠪᠠᠢᠬᠤ ᠨᠢ ᠡᠵᠢ ᠬᠥᠮᠦᠨ ᠦ᠌ ᠰᠤᠷᠭᠠᠯ ᠲᠠᠢ ᠨᠢᠭᠲᠠ ᠬᠣᠯᠪᠣᠭᠳᠠᠯ ᠲᠠᠢ᠃  

              ᠦᠰᠦᠭ ᠠᠮᠢᠯᠠᠭᠤᠯᠤᠭᠴᠢ᠄ ᠡᠩᠬᠡᠪᠠᠲᠤ  
                  ᠦᠰᠦᠭ ᠬᠢᠨᠠᠭᠴᠢ᠄ ᠪᠠᠶᠠᠷᠴᠡᠴᠡᠭ