ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ – ᠴᠢᠷᠮᠠᠢᠯᠲᠦ - ᠨᠢᠭᠡᠳᠦᠭᠡᠷ ᠪᠦᠯᠦᠭ<2-4> Монгол үндэстний шалгарсан ардчилсан хувьсгалч Шинэлам – Чармаилт - Нэгдүгээр бүлэг–2-4 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ – ᠴᠢᠷᠮᠠᠢᠯᠲᠦ - ᠨᠢᠭᠡᠳᠦᠭᠡᠷ ᠪᠦᠯᠦᠭ<2-4> Монгол үндэстний шалгарсан ардчилсан хувьсгалч Шинэлам – Чармаилт - Нэгдүгээр бүлэг–2-4

ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ – ᠴᠢᠷᠮᠠᠢᠯᠲᠦ - ᠨᠢᠭᠡᠳᠦᠭᠡᠷ ᠪᠦᠯᠦᠭ<2-4> Монгол үндэстний шалгарсан ардчилсан хувьсгалч Шинэлам – Чармаилт - Нэгдүгээр бүлэг–2-4

ᠠᠩᠭᠢᠯᠠᠯ:ᠲᠡᠦᠬᠡ ᠰᠣᠶᠣᠯ
2025-09-01

433

ᠬᠣᠶᠠᠷ᠂ ᠴᠢᠩ ᠤᠯᠤᠰ ᠠ᠋ᠴᠠ ᠬᠣᠢᠰᠢᠬᠢ ᠠᠲᠠᠷ ᠬᠠᠭᠠᠯᠪᠤᠷᠢᠯᠠᠯᠲᠠ

(ᠳᠥᠷᠪᠡ) ᠂ ᠮᠠᠨᠵᠤ ᠴᠢᠩ ᠦ᠋ᠨ ᠦᠶ᠎ᠡ ᠳ᠋ᠡᠬᠢ ᠲᠠᠢᠵᠢ ᠢᠵᠠᠭᠤᠷᠲᠠᠨ ᠤ᠋ ᠴᠠᠯᠢᠩ ᠹᠦᠩᠯᠦ ᠪᠣᠯᠤᠨ ᠠᠷᠠᠳ ᠤ᠋ᠨ ᠠᠯᠪᠠᠨ ᠲᠠᠲᠠᠪᠤᠷᠢ ᠶ᠋ᠢᠨ ᠪᠠᠢᠳᠠᠯ① 

          
       ᠴᠢᠩ ᠤᠯᠤᠰ ᠤ᠋ᠨ ᠵᠠᠰᠠᠭ ᠤ᠋ᠨ ᠭᠠᠵᠠᠷ ᠠ᠋ᠴᠠ ᠣᠷᠳᠣᠰ ᠤ᠋ᠨ ᠲᠠᠢᠵᠢ ᠢᠵᠠᠭᠤᠷᠲᠠᠨ ᠢ᠋ ᠢᠯᠪᠢᠨ ᠲᠠᠲᠠᠬᠤ ᠶ᠋ᠢᠨ ᠲᠥᠯᠥᠭᠡ ᠦᠯᠡᠮᠵᠢ ᠹᠦᠩᠯᠦ ᠣᠯᠭᠣᠳᠠᠭ᠃ ᠵᠢᠨᠦᠩ ᠬᠡᠷᠬᠡᠮ ᠲᠡᠢ ᠳ᠋ᠦ᠍ᠨᠢ ᠵᠢᠯ ᠪᠦᠷᠢ1200 ᠯᠠᠩ ᠮᠥᠩᠭᠥᠨ ᠦ᠌ ᠹᠦᠩᠯᠦ᠂ ᠲᠣᠷᠭ᠎ᠠ15~20 ᠬᠡᠰᠡᠭ᠂ ᠬᠦᠨᠡᠰᠦ ᠪᠤᠳᠠᠭ᠎ᠠ285 ᠳ᠋ᠠᠨ᠃ ᠪᠡᠢᠯᠡ ᠬᠡᠷᠬᠡᠮ ᠲᠡᠢ ᠳ᠋ᠦ᠍ᠨᠢ800 ᠯᠠᠩ᠂ ᠲᠣᠷᠭ᠎ᠠ13 ᠬᠡᠰᠡᠭ᠂ ᠬᠦᠨᠡᠰᠦ ᠪᠤᠳᠠᠭ᠎ᠠ190 ᠳ᠋ᠠᠨ᠃ ᠪᠡᠢᠰᠡ ᠬᠡᠷᠬᠡᠮ ᠲᠡᠢ ᠳ᠋ᠦ᠍ᠨᠢ500 ᠯᠠᠩ᠂ ᠲᠣᠷᠭ᠎ᠠ10 ᠬᠡᠰᠡᠭ᠂ ᠬᠦᠨᠡᠰᠦ ᠪᠤᠳᠠᠭ᠎ᠠ185 ᠳ᠋ᠠᠨ᠃ ᠤᠯᠤᠰ ᠤ᠋ᠨ ᠲᠦᠰᠢᠶ᠎ᠡ ᠬᠦᠩ300 ᠯᠠᠩ᠂ ᠲᠣᠷᠭ᠎ᠠ9 ᠬᠡᠰᠡᠭ᠂ ᠬᠦᠨᠡᠰᠦ ᠪᠤᠳᠠᠭ᠎ᠠ71 ᠳ᠋ᠠᠨ᠃ ᠤᠯᠤᠰ ᠲᠤ᠌ ᠳᠥᠭᠥᠮ  ᠲᠤᠰᠠᠯᠠᠬᠤ ᠬᠦᠩ200 ᠯᠠᠩ᠂ ᠲᠣᠷᠭ᠎ᠠ7 ᠬᠡᠰᠡᠭ᠂ ᠬᠦᠨᠡᠰᠦ ᠪᠤᠳᠠᠭ᠎ᠠ47 ᠳ᠋ᠠᠨ᠃ ᠵᠠᠰᠠᠭ ᠲᠠᠢᠵᠢ100 ᠯᠠᠩ᠂ ᠲᠣᠷᠭ᠎ᠠ4 ᠬᠡᠰᠡᠭ᠂ ᠨᠢᠭᠡᠳᠦᠭᠡᠷ ᠵᠡᠷᠭᠡ ᠶ᠋ᠢᠨ ᠲᠠᠢᠵᠢ70 ᠯᠠᠩ᠂ ᠬᠦᠨᠡᠰᠦ ᠪᠤᠳᠠᠭ᠎ᠠ23 ᠳ᠋ᠠᠨ ᠤ᠋ ᠣᠯᠭᠣᠮᠵᠢ ᠶ᠋ᠢ ᠭᠠᠷᠭᠠᠪᠠᠯ ᠵᠠᠰᠠᠭ ᠵᠠᠬᠢᠷᠭᠠᠨ ᠤ᠋ ᠲᠠᠯ᠎ᠠ ᠪᠠᠷ ᠵᠠᠷᠤᠳᠠᠯ ᠮᠥᠩᠭᠥ ᠭᠡᠵᠦ ᠶᠠᠭᠤ ᠴᠤ᠌ ᠥᠭᠳᠡᠭ ᠦᠭᠡᠢ ᠪᠠᠢᠵᠠᠢ᠃ ᠠᠵᠤ ᠠᠬᠤᠢ ᠶ᠋ᠢᠨ ᠰᠤᠳᠤᠯᠭᠠᠲᠠᠨ ᠤ᠋ ᠵᠢᠱ᠌ᠢᠭᠰᠡᠨ ᠢ᠋ᠶ᠋ᠡᠷ ᠲᠩᠷᠢ ᠲᠡᠳᠬᠦᠭᠴᠢ ᠶ᠋ᠢᠨ ᠦᠶ᠎ᠡ ᠶ᠋ᠢᠨ ᠨᠢᠭᠡ ᠯᠠᠩ ᠮᠥᠩᠭᠥ ᠨᠢ ᠣᠳᠣ ᠶ᠋ᠢᠨ ᠠᠷᠠᠳ ᠤ᠋ᠨ ᠵᠣᠭᠣᠰ ᠤ᠋ᠨ60 ᠲᠥᠭᠥᠷᠢᠭ ᠲᠡᠢ ᠲᠡᠩᠴᠡᠨ᠎ᠡ ᠭᠡᠰᠡᠨ ᠲᠤᠯᠠ ᠣᠳᠣ ᠶ᠋ᠢᠨ ᠵᠣᠭᠣᠰ ᠢ᠋ᠶ᠋ᠠᠷ ᠨᠤᠭᠤᠯᠵᠤ ᠪᠣᠳᠣᠪᠠᠯ ᠵᠢᠨᠦᠩ72000 ᠲᠥᠭᠥᠷᠢᠭ᠂ ᠪᠡᠢᠯᠡ48000 ᠲᠥᠭᠥᠷᠢᠭ᠂ ᠪᠡᠢᠰᠡ30000 ᠲᠥᠭᠥᠷᠢᠭ᠂ ᠲᠦᠰᠢᠶ᠎ᠡ ᠬᠦᠩ18000 ᠲᠥᠭᠥᠷᠢᠭ᠂ ᠤᠯᠤᠰ ᠲᠤ᠌ ᠲᠤᠰᠠᠯᠠᠬᠤ ᠬᠦᠩ12000 ᠲᠥᠭᠥᠷᠢᠭ᠂ ᠵᠠᠰᠠᠭ ᠲᠠᠢᠵᠢ6000 ᠲᠥᠭᠥᠷᠢᠭ᠂ ᠨᠢᠭᠡᠳᠦᠭᠡᠷ ᠵᠡᠷᠭᠡ ᠶ᠋ᠢᠨ ᠲᠠᠢᠵᠢ4800 ᠲᠥᠭᠥᠷᠢᠭ ᠦ᠋ᠨ ᠣᠯᠭᠣᠮᠵᠢ ᠲᠠᠢ ᠪᠥᠭᠡᠳ ᠳᠡᠭᠡᠷ᠎ᠡ ᠨᠢ ᠪᠠᠰᠠ ᠡᠮᠦᠰᠬᠦ ᠡᠴᠡ ᠲᠣᠷᠭ᠎ᠠ᠂ ᠢᠳᠡᠬᠦ ᠡᠴᠡ ᠬᠦᠨᠡᠰᠦ ᠪᠤᠳᠠᠭ᠎ᠠ ᠲᠠᠢ᠃ ᠴᠢᠩ ᠤᠯᠤᠰ ᠤ᠋ᠨ ᠵᠠᠰᠠᠭ ᠤ᠋ᠨ ᠭᠠᠵᠠᠷ ᠲᠤ᠌ ᠵᠢᠯ ᠪᠦᠷᠢ ᠬᠣᠰᠢᠭᠤ ᠪᠣᠯᠭᠠᠨ ᠬᠠᠮᠤᠭ ᠪᠠᠭ᠎ᠠ ᠳ᠋ᠠᠭᠠᠨ15 ᠲᠦᠮᠡᠨ ᠲᠥᠭᠥᠷᠢᠭ ᠡᠴᠡ ᠳᠡᠭᠡᠭᠰᠢ ᠮᠥᠩᠭᠥ ᠪᠠ ᠦᠯᠡᠮᠵᠢ ᠲᠣᠭᠠᠨ ᠤ᠋ ᠮᠠᠯ ᠤ᠋ᠨ ᠠᠰᠢᠭ ᠰᠢᠮ᠎ᠡ ᠲᠤᠰᠢᠶᠠᠬᠤ ᠬᠡᠷᠡᠭᠲᠡᠢ ᠪᠠᠢᠵᠠᠢ᠃ ᠠᠷᠪᠠᠨ ᠨᠠᠢ᠍ᠮᠠᠨ ᠨᠠᠰᠤ ᠬᠦᠷᠦᠭᠰᠡᠳ ᠢ᠋ ᠡᠷ᠎ᠡ ᠶ᠋ᠢᠨ ᠵᠡᠷᠭᠡ ᠳ᠋ᠦ᠍ ᠬᠦᠷᠪᠡ ᠭᠡᠮᠡᠨ ᠬᠤᠶᠠᠭ ᠤ᠋ᠨ ᠵᠢᠩᠳᠡ ᠳ᠋ᠦ᠍ ᠣᠷᠣᠭᠤᠯᠬᠤ ᠳ᠋ᠤ᠌ ᠲᠠᠢᠵᠢ ᠭᠠᠷᠤᠯᠲᠠᠢ ᠠ᠋ᠴᠠ ᠨᠢ ᠬᠥᠮᠦᠨ ᠪᠦᠷᠢ ᠨᠢᠭᠡ ᠯᠠᠩ ᠲᠠᠪᠤᠨ ᠴᠢᠨ ᠮᠥᠩᠭᠥ᠂ ᠬᠠᠷᠠᠴᠤᠰ ᠠ᠋ᠴᠠ ᠨᠢᠭᠡ ᠴᠢᠨ ᠲᠠᠪᠤᠨ ᠹᠦᠨ ᠮᠥᠩᠭᠥ᠂ ᠪᠠᠰᠠ ᠳᠡᠭᠡᠵᠢ᠂ ᠲᠠᠪᠤᠨ ᠰᠠᠭᠠᠯᠢ ᠪᠠ ᠰᠢᠭᠦᠰᠦᠨ ᠬᠣᠨᠢ᠂ ᠰᠢᠷ᠎ᠠ ᠲᠣᠰᠣ᠂ ᠭᠤᠯᠢᠷ ᠠᠮᠤ ᠴᠠᠢ᠂ ᠳᠠᠭᠠᠭᠠᠪᠤᠷᠢ ᠶ᠋ᠢᠨ ᠮᠥᠩᠭᠥ ᠵᠡᠷᠭᠡ ᠵᠦᠢᠯ ᠢ᠋ ᠲᠠᠲᠠᠪᠤᠷᠢᠯᠠᠨ ᠬᠣᠷᠢᠶᠠᠨ ᠠᠪᠴᠤ ᠳᠡᠭᠡᠭᠰᠢ ᠲᠤᠰᠢᠶᠠᠨ᠎ᠠ᠃ ᠪᠠᠰᠠ ᠬᠣᠰᠢᠭᠤ ᠶᠠᠮᠤᠨ᠂ ᠰᠠᠩ ᠤ᠋ᠨ ᠵᠠᠷᠤᠳᠠᠯ᠂ ᠨᠣᠶᠠᠨ ᠤ᠋ ᠵᠣᠭᠣᠭ ᠤ᠋ᠨ ᠬᠣᠨᠢ᠂ ᠰᠦᠮ᠎ᠡ ᠬᠡᠢᠳ ᠦ᠋ᠨ ᠵᠤᠯᠠ ᠶ᠋ᠢᠨ ᠲᠣᠰᠣ᠂ ᠡᠯ᠎ᠡ ᠲᠠᠬᠢᠯᠭ᠎ᠠ ᠶ᠋ᠢᠨ ᠭᠠᠵᠠᠷ ᠤ᠋ᠨ ᠰᠢᠭᠦᠰᠦ᠂ ᠰᠢᠷ᠎ᠠ ᠲᠣᠰᠣ᠂ ᠠᠢᠷᠠᠭ ᠠᠷᠴᠠ᠂ ᠤᠯᠠᠭ᠎ᠠ ᠬᠥᠰᠬᠡ ᠵᠡᠷᠭᠡ ᠶ᠋ᠢ ᠴᠦ᠍ ᠲᠠᠲᠠᠪᠤᠷᠢᠯᠠᠨ ᠠᠪᠬᠤ ᠠ᠋ᠴᠠ ᠭᠠᠳᠠᠨ᠎ᠠ ᠴᠢᠭᠤᠯᠭᠠᠨ ᠶᠠᠮᠤᠨ ᠤ᠋ ᠠᠯᠪᠠᠨ ᠲᠤᠰᠢᠶᠠᠯᠲᠠᠳ ᠡᠯ᠎ᠡ ᠬᠤᠰᠢᠭᠤᠨ ᠳ᠋ᠤ᠌ ᠬᠦᠷᠴᠦ ᠴᠢᠭᠤᠯᠭᠠᠨ ᠬᠤᠷᠠᠯ ᠡᠷᠬᠢᠯᠡᠬᠦ ᠪᠤᠶᠤ ᠬᠡᠷᠡᠭ ᠶᠠᠪᠤᠳᠠᠯ ᠰᠢᠢᠳᠬᠡᠵᠦ ᠰᠢᠢᠳᠪᠦᠷᠢᠯᠡᠬᠦ ᠦᠶ᠎ᠡ ᠳ᠋ᠦ᠍ ᠬᠤᠰᠢᠭᠤᠨ ᠤ᠋ ᠨᠣᠶᠠᠳ ᠲᠦᠰᠢᠮᠡᠳ ᠥᠷᠲᠡᠭᠡ ᠪᠠᠭᠤᠳᠠᠯ ᠪᠦᠷᠢ ᠳ᠋ᠦ᠍ ᠬᠤᠷᠢᠮ ᠳᠠᠢᠯᠠᠯᠭ᠎ᠠ ᠪᠡᠯᠡᠳᠬᠡᠨ ᠤᠭᠲᠤᠵᠤ ᠦᠳᠡᠨ᠂ ᠬᠡᠭᠡᠯᠢ ᠬᠠᠬᠤᠤᠯᠢ ᠲᠦᠯᠬᠢᠬᠦ ᠪᠡᠷ ᠦᠯᠦ ᠪᠠᠷᠠᠮ ᠪᠣᠱᠣᠭᠣ ᠬᠢᠶ᠎ᠡ ᠲᠣᠮᠢᠯᠠᠨ ᠣᠢᠷ᠎ᠠ ᠣᠷᠴᠢᠮ ᠤ᠋ᠨ ᠠᠢᠯ ᠡᠷᠦᠬᠡ ᠡᠴᠡ ᠬᠠᠷᠪᠤᠭᠤᠯ(ᠳᠦᠷᠢᠮᠲᠦ ᠲᠠᠲᠠᠪᠤᠷᠢ ᠠ᠋ᠴᠠ ᠠᠰᠲᠠᠭᠠᠨ ᠬᠣᠷᠢᠶᠠᠨ ᠠᠪᠬᠤ ᠮᠥᠩᠭᠥ) ᠮᠥᠩᠭᠥ᠂ ᠲᠠᠪᠤᠨ ᠰᠠᠭᠠᠯᠢ ᠶ᠋ᠢᠨ ᠵᠦᠢᠯ ᠢ᠋ ᠠᠯᠪᠠᠲᠠᠨ ᠠᠪᠳᠠᠭ ᠪᠠᠢᠵᠠᠢ᠃ ᠥᠭᠡᠷ᠎ᠡ ᠬᠤᠰᠢᠭᠤᠨ ᠠ᠋ᠴᠠ ᠨᠡᠭᠦᠳᠡᠯᠯᠡᠨ ᠢᠷᠡᠭᠰᠡᠳ ᠡᠴᠡ ᠪᠠᠰᠠ ᠭᠣᠯᠣᠮᠲᠠ ᠶ᠋ᠢᠨ ᠭᠠᠢᠯᠢ᠂ ᠪᠡᠯᠴᠢᠭᠡᠷ ᠤᠰᠤᠨ ᠤ᠋ ᠲᠠᠲᠠᠪᠤᠷᠢ ᠭᠡᠵᠦ ᠠᠰᠲᠠᠭᠠᠨ ᠠᠪᠳᠠᠭ᠃ 
       ᠴᠢᠩ ᠤᠯᠤᠰ ᠤ᠋ᠨ ᠵᠠᠰᠠᠭ ᠤ᠋ᠨ ᠭᠠᠵᠠᠷ᠂ ᠣᠷᠳᠣᠰ ᠤ᠋ᠨ ᠤᠤᠯ ᠤ᠋ᠨ ᠨᠣᠶᠠᠷᠬᠠᠭᠴᠢᠳ ᠤ᠋ᠨ ᠹᠧᠣᠳᠠᠯ ᠤ᠋ᠨ ᠮᠥᠯᠵᠢᠯᠲᠦ ᠪᠠᠢᠭᠤᠯᠤᠯ ᠢ᠋ ᠦᠨᠳᠦᠰᠦᠨ ᠳ᠋ᠡᠭᠡᠨ ᠬᠡᠪ ᠢ᠋ᠶ᠋ᠡᠷ ᠨᠢ ᠦᠯᠡᠳᠡᠭᠡᠭᠰᠡᠨ ᠦ᠌ ᠬᠠᠮᠲᠤ ᠤᠯᠤᠰ ᠲᠥᠷᠥ ᠠᠵᠤ ᠠᠬᠤᠢ ᠶ᠋ᠢᠨ ᠲᠠᠯ᠎ᠠ ᠪᠠᠷ ᠵᠦᠢᠯ ᠵᠦᠢᠯ ᠦ᠋ᠨ ᠣᠨᠴᠠ ᠡᠷᠬᠡ ᠣᠯᠭᠣᠨ ᠨᠡᠷ᠎ᠡ ᠶ᠋ᠢᠨ ᠲᠡᠳᠦᠢ ᠬᠤᠪᠢᠷᠠᠭᠤᠯᠤᠭᠰᠠᠨ ᠨᠤᠲᠤᠭ ᠪᠡᠯᠴᠢᠭᠡᠷ ᠡᠷᠦᠬᠡ ᠠᠮᠠ ᠶ᠋ᠢ ᠬᠤᠪᠢᠶᠠᠷᠢᠯᠠᠨ ᠵᠠᠬᠢᠷᠬᠤ ᠳᠦᠷᠢᠮ ᠢ᠋《ᠴᠢᠭᠤᠯᠭᠠᠨ ᠬᠤᠰᠢᠭᠤᠨ ᠤ᠋ ᠳᠦᠷᠢᠮ》 ᠭᠡᠵᠦ ᠶᠠᠪᠤᠭᠤᠯᠤᠨ ᠤᠭ ᠤ᠋ᠨ ᠠᠳᠠᠯᠢ ᠠᠯᠤᠰ ᠬᠣᠯᠠ ᠨᠡᠭᠦᠳᠡᠯᠯᠡᠨ ᠶᠠᠪᠤᠬᠤ ᠶ᠋ᠢ ᠬᠢᠵᠠᠭᠠᠷᠯᠠᠭᠰᠠᠨ ᠤᠴᠢᠷ ᠰᠠᠭᠤᠷᠢᠰᠢᠨ ᠨᠤᠲᠤᠭᠯᠠᠬᠤ ᠨᠥᠬᠥᠴᠡᠯ ᠲᠡᠢ ᠪᠣᠯᠭᠠᠵᠤ ᠢᠵᠠᠭᠤᠷᠲᠠᠨ ᠨᠣᠶᠠᠳ ᠤ᠋ᠨ ᠠᠮᠢᠳᠤᠷᠠᠯ ᠤ᠋ᠨ ᠱᠠᠭᠠᠷᠳᠠᠯᠭ᠎ᠠ ᠶ᠋ᠢ ᠥᠨᠳᠥᠷ ᠪᠣᠯᠭᠠᠪᠠ᠃ ᠲᠡᠳᠡᠨ ᠦ᠌ ᠤᠤᠯ ᠤ᠋ᠨ ᠲᠠᠪᠤ ᠵᠢᠷᠭᠤᠭᠠᠨ ᠮᠣᠩᠭᠣᠯ ᠭᠡᠷ ᠲᠡᠢ᠂ ᠲᠠᠪᠤ ᠭᠤᠷᠪᠠᠨ ᠠᠯᠪᠠᠲᠤ ᠪᠣᠭᠣᠯ ᠲᠠᠢ ᠪᠠᠢᠭᠰᠠᠨ ᠢ᠋ ᠳᠣᠲᠣᠷ᠎ᠠ ᠣᠷᠣᠨ ᠤ᠋ ᠨᠣᠶᠠᠳ ᠪᠠᠶᠠᠳ ᠰᠢᠭ᠋  ᠠᠭᠤᠳᠠᠮ ᠥᠷᠭᠡᠨ ᠬᠦᠷᠢᠶ᠎ᠡ ᠬᠠᠰᠢᠶ᠎ᠠ ᠲᠠᠢ ᠥᠨᠳᠥᠷ ᠰᠦᠷᠯᠢᠭ ᠸᠠᠭᠠᠷ ᠲᠣᠭᠣᠰᠬᠠᠨ ᠤᠷᠲᠤ ᠬᠠᠷᠰᠢ᠂ ᠶᠠᠮᠤᠨ ᠰᠠᠩ ᠲᠠᠢ ᠪᠣᠯᠭᠠᠵᠤ᠂ ᠲᠠᠪᠢ ᠵᠢᠷᠠᠨ ᠪᠣᠭᠣᠯ ᠵᠠᠷᠤᠴᠠ ᠲᠠᠢ᠂ ᠭᠠᠯᠴᠢ ᠬᠥᠲᠥᠴᠢ᠂ ᠳᠡᠮᠴᠢ ᠨᠢᠷᠪᠠ ᠸᠠᠳᠠᠨᠳᠠ(ᠲᠡᠷᠡ ᠦᠶ᠎ᠡ ᠳ᠋ᠦ᠍ ᠸᠠᠳᠠᠨᠳᠠ ᠭᠡᠵᠦ ᠪᠢᠴᠢᠭᠡᠳ ᠪᠠᠢᠳᠠᠨᠳᠠ ᠭᠡᠵᠦ ᠤᠩᠰᠢᠳᠠᠭ)  ᠭᠡᠳ ᠣᠯᠠᠨ ᠬᠥᠮᠦᠨ ᠵᠠᠷᠤᠵᠤ ᠢᠳᠡᠵᠦ ᠡᠮᠦᠰᠬᠦ ᠵᠠᠷᠤᠵᠤ ᠰᠦᠢᠳᠬᠡᠬᠦ ᠬᠡᠳᠦ ᠢᠯᠵᠠᠷᠠᠮᠠᠯ ᠪᠦᠷᠢᠯᠭᠡᠮᠡᠲᠡᠭᠡᠢ ᠠᠮᠢᠳᠤᠷᠠᠯ ᠨᠢ ᠠᠷᠠᠳ ᠲᠦᠮᠡᠨ ᠦ᠌ ᠡᠭᠦᠷᠭᠡ ᠳᠠᠷᠤᠭᠠᠰᠤ ᠶ᠋ᠢ ᠲᠤᠢᠯ ᠢ᠋ᠶ᠋ᠠᠷ ᠬᠦᠨᠳᠦᠷᠡᠭᠦᠯᠵᠡᠢ᠃ ᠲᠣᠭᠲᠠᠭᠰᠠᠨ ᠭᠠᠢᠯᠢ ᠲᠠᠲᠠᠪᠤᠷᠢ ᠠ᠋ᠴᠠ ᠭᠠᠳᠠᠨ᠎ᠠ ᠪᠠᠰᠠ ᠴᠡᠷᠢᠭ ᠲᠡᠵᠢᠭᠡᠬᠦ ᠵᠠᠷᠤᠳᠠᠯ᠂ ᠪᠠᠷᠢᠴᠠᠭᠠᠨ ᠤ᠋ ᠵᠠᠷᠤᠳᠠᠯ᠂ ᠤᠰᠤ  ᠪᠡᠯᠴᠢᠭᠡᠷ ᠦ᠋ᠨ ᠰᠦᠢᠳᠬᠡᠯ᠂ ᠬᠠᠰᠢᠶ᠎ᠠ ᠰᠠᠷᠠᠪᠴᠢᠨ ᠤ᠋ ᠰᠦᠢᠳᠬᠡᠯ ᠵᠡᠷᠭᠡ ᠪᠡᠷ ᠭᠤᠪᠴᠢᠭᠤᠷᠯᠠᠳᠠᠭ᠃ ᠨᠡᠭᠦᠳᠡᠯ ᠮᠠᠯ ᠠᠵᠤ ᠠᠬᠤᠢ ᠪᠣᠯ ᠬᠡᠪᠡᠷᠡᠭᠬᠡᠨ ᠠᠵᠤ ᠠᠬᠤᠢ ᠮᠥᠨ᠃ ᠮᠠᠯᠴᠢᠳ ᠶᠡᠷᠦ ᠨᠢ ᠨᠢᠭᠡ ᠬᠣᠨᠢ ᠪᠠᠷ ᠨᠢᠭᠡ ᠬᠡᠰᠡᠭ ᠬᠡᠪ ᠦ᠋ᠨ ᠴᠠᠢ ᠰᠣᠯᠢᠵᠤ᠂ ᠨᠢᠭᠡ ᠬᠡᠰᠡᠭ ᠪᠤᠭ ᠮᠠᠯ ᠤ᠋ᠨ ᠠᠷᠠᠰᠤ ᠪᠠᠷ ᠨᠢᠭᠡ ᠲᠣᠬᠣᠢ ᠪᠦᠳᠦᠭᠦᠯᠢᠭ ᠳ᠋ᠠᠪᠤᠤ ᠪᠥᠰ ᠰᠣᠯᠢᠵᠤ ᠪᠠᠢᠭᠰᠠᠨ ᠨᠢ ᠲᠡᠷᠡ ᠦᠶ᠎ᠡ ᠶ᠋ᠢᠨ《ᠭᠣᠣᠯᠴᠢ ᠠᠷᠠᠯᠵᠢᠶ᠎ᠠ》 ᠪᠠᠢᠪᠠ᠃《ᠳᠥᠷᠪᠡᠨ ᠯᠠᠩ ᠮᠥᠩᠭᠥ ᠪᠡᠷ ᠨᠢᠭᠡ ᠰᠠᠢᠨ ᠱᠠᠷ ᠰᠣᠯᠢᠨ᠎ᠠ》 ᠭᠡᠳᠡᠭ ᠪᠣᠯ ᠲᠡᠷᠡ ᠦᠶ᠎ᠡ ᠶ᠋ᠢᠨ ᠵᠠᠯᠢᠬᠠᠢ ᠠᠷᠠᠯᠵᠢᠶᠠᠴᠢᠨ ᠤ᠋ ᠠᠮᠠᠨ ᠲᠠᠷᠨᠢ ᠮᠥᠨ᠃ ᠵᠢᠯ ᠦ᠋ᠨ ᠥᠩᠭᠡ ᠰᠠᠢᠨ ᠪᠣᠯ ᠮᠠᠯᠴᠢᠳ ᠪᠠᠰᠠ ᠳᠥᠩᠭᠡᠭᠡᠳ ᠢᠳᠡᠵᠦ ᠡᠮᠦᠰᠬᠦ ᠪᠡᠨ ᠠᠷᠭᠠᠴᠠᠭᠠᠨ᠎ᠠ᠃ ᠭᠡᠲᠡᠯ᠎ᠡ ᠭᠠᠩ ᠭᠠᠮᠰᠢᠭ ᠴᠠᠰᠤ ᠵᠤᠳ ᠲᠣᠬᠢᠶᠠᠯᠳᠤᠪᠠᠯ᠂ ᠬᠠᠷᠠᠴᠤ ᠠᠷᠠᠳ ᠬᠠᠮᠢᠭ᠎ᠠ ᠠ᠋ᠴᠠ ᠲᠡᠳᠦᠢ ᠠᠷᠪᠢᠨ ᠵᠣᠭᠣᠰ ᠮᠥᠩᠭᠥ ᠣᠯᠵᠤ ᠴᠢᠳᠠᠬᠤ ᠪᠣᠢ⁈   
    ᠡᠯ᠎ᠡ ᠬᠤᠰᠢᠭᠤᠨ ᠤ᠋ ᠨᠣᠶᠠᠳ ᠢᠵᠠᠭᠤᠷᠲᠠᠨ᠂ ᠠᠪᠠᠬᠠᠢ ᠬᠠᠲᠤᠨ ᠬᠠᠭᠠᠨ ᠳ᠋ᠤ᠌  ᠪᠠᠷᠠᠯᠠᠭᠳᠠᠵᠤ ᠠᠯᠪᠠᠨ ᠤᠴᠢᠷ ᠢ᠋ᠶ᠋ᠠᠷ ᠭᠠᠳᠠᠭᠰᠢ ᠭᠠᠷᠬᠤ᠂ ᠵᠡᠷᠭᠡ ᠬᠡᠷᠬᠡᠮ ᠬᠤᠳᠠᠯᠳᠤᠨ ᠠᠪᠬᠤ ᠳ᠋ᠤ᠌ ᠴᠥᠮ ᠶᠡᠬᠡ ᠬᠡᠮᠵᠢᠶᠡᠨ ᠦ᠌ ᠵᠣᠭᠣᠰ ᠮᠥᠩᠭᠥ ᠵᠠᠷᠤᠴᠠᠭᠤᠯᠳᠠᠭ᠃ ᠵᠢᠱ᠌ᠢᠶᠡᠯᠡᠪᠡᠯ᠂1870 ᠣᠨ ᠳ᠋ᠤ᠌ ᠦᠦᠰᠢᠨ ᠬᠤᠰᠢᠭᠤᠨ ᠤ᠋ ᠪᠠᠷᠠᠭᠤᠨ ᠲᠤᠰᠠᠯᠠᠭᠴᠢ ᠪᠠᠯᠵᠤᠤᠷ ᠴᠢᠩ ᠦ᠋ᠨ ᠲᠥᠷᠥ ᠳ᠋ᠦ᠍ ᠶᠡᠬᠡ ᠬᠡᠮᠵᠢᠶᠡᠨ ᠦ᠌ ᠴᠠᠭᠠᠨ ᠮᠥᠩᠭᠥ ᠬᠦᠷᠭᠡᠭᠰᠡᠨ ᠡᠴᠡ ᠤᠯᠤᠰ ᠤ᠋ᠨ ᠲᠦᠰᠢᠶ᠎ᠡ ᠬᠦᠩ ᠦ᠋ᠨ ᠬᠡᠷᠬᠡᠮ ᠳᠡᠭᠡᠷ᠎ᠡ ᠭᠤᠷᠪᠠᠨ ᠵᠡᠷᠭᠡ ᠨᠡᠮᠡᠭᠰᠡᠨ ᠬᠠᠢᠷ᠎ᠠ ᠶ᠋ᠢᠨ ᠱᠠᠩ ᠬᠦᠷᠲᠡᠵᠡᠢ᠃  
     ᠴᠢᠩ ᠤᠯᠤᠰ ᠤ᠋ᠨ ᠰᠡᠭᠦᠯᠴᠢ ᠪᠡᠷ《ᠠᠷᠠᠳ ᠢ᠋ ᠨᠡᠭᠦᠯᠭᠡᠨ ᠠᠲᠠᠷ ᠬᠠᠭᠠᠯᠪᠤᠷᠢᠯᠠᠬᠤ》 ᠭᠡᠰᠡᠨ ᠲᠥᠷᠥ ᠶ᠋ᠢᠨ ᠪᠣᠳᠣᠯᠭ᠎ᠠ ᠨᠢ ᠴᠠᠭᠠᠨ ᠬᠡᠷᠡᠮ ᠡᠴᠡ ᠬᠣᠢᠰᠢᠬᠢ ᠥᠷᠭᠡᠨ ᠠᠭᠤᠳᠠᠮ ᠮᠠᠯ ᠤ᠋ᠨ  ᠪᠡᠯᠴᠢᠭᠡᠷ ᠢ᠋ ᠳᠤᠷ᠎ᠠ ᠮᠡᠳᠡᠨ ᠲᠠᠷᠢᠶᠠᠯᠠᠬᠤ ᠳ᠋ᠤ᠌ ᠲᠦᠯᠬᠢᠴᠡ ᠬᠦᠴᠦᠨ ᠪᠣᠯᠵᠤ᠂ ᠠᠲᠠᠷ ᠬᠠᠭᠠᠯᠪᠤᠷᠢᠯᠠᠭᠰᠠᠨ ᠣᠷᠣᠨ ᠤ᠋ ᠥᠷᠭᠡᠨ ᠣᠯᠠᠨ ᠮᠠᠯᠴᠢᠳ ᠢ᠋ ᠠᠯᠪᠠᠲᠠᠨ ᠨᠡᠭᠦᠯᠭᠡᠵᠦ《ᠰᠠᠭᠤᠬᠤ ᠨᠤᠲᠤᠭ ᠦᠭᠡᠢ᠂ ᠬᠠᠷᠠᠬᠤ ᠮᠠᠯ ᠦᠭᠡᠢ᠂ ᠬᠣᠨᠣᠬᠤ ᠭᠡᠷ ᠴᠦ᠍ ᠦᠭᠡᠢ》 ᠲᠡᠨᠦᠭᠦᠯ ᠠᠷᠠᠳ ᠪᠣᠯᠭᠠᠨ᠂ ᠭᠠᠯ ᠤᠰᠤᠨ ᠤ᠋ ᠭᠠᠰᠢᠭᠤᠨ ᠵᠣᠪᠠᠯᠠᠩ ᠳ᠋ᠤ᠌ ᠲᠦᠯᠬᠢᠨ ᠣᠷᠣᠭᠤᠯᠤᠭᠰᠠᠨ ᠪᠠᠢᠲᠠᠯ᠎ᠠ᠂ ᠡᠯ᠎ᠡ ᠬᠤᠰᠢᠭᠤᠨ ᠤ᠋ ᠨᠣᠶᠠᠳ ᠢᠵᠠᠭᠤᠷᠲᠠᠨ ᠥᠪᠡᠷ ᠦ᠋ᠨ ᠬᠠᠨᠤᠰᠢ ᠦᠭᠡᠢ ᠱᠠᠯᠢᠨ ᠪᠦᠷᠢᠯᠭᠡᠮᠡᠲᠡᠭᠡᠢ ᠢᠯᠵᠠᠷᠠᠮᠠᠯ ᠠᠮᠢᠳᠤᠷᠠᠯ ᠢ᠋ᠶ᠋ᠠᠨ ᠬᠠᠩᠭᠠᠬᠤ ᠶ᠋ᠢᠨ ᠲᠥᠯᠥᠭᠡ ᠮᠠᠯᠴᠢᠨ ᠲᠦᠮᠡᠨ ᠦ᠌ ᠦᠬᠦᠵᠦ ᠰᠡᠬᠡᠬᠦ ᠶ᠋ᠢ ᠬᠠᠮᠢᠶᠠᠷᠤᠯ ᠦᠭᠡᠢ ᠪᠡᠷ ᠬᠠᠷᠢ ᠶ᠋ᠢᠨ ᠲᠦᠷᠢᠮᠡᠬᠡᠢᠯᠡᠭᠴᠢᠳ ᠪᠠ ᠬᠢᠲᠠᠳ ᠤ᠋ᠨ ᠭᠠᠵᠠᠷ ᠤ᠋ᠨ ᠡᠵᠡᠨ᠂ ᠪᠠᠶᠠᠨ ᠲᠠᠷᠢᠶᠠᠴᠢᠨ᠂ ᠠᠪᠯᠢᠭᠠᠴᠢ ᠲᠦᠰᠢᠮᠡᠯ᠂ ᠬᠣᠪᠳᠣᠭ ᠨᠣᠶᠠᠳ ᠲᠠᠢ ᠰᠦᠯᠪᠡᠭᠡᠯᠳᠦᠨ ᠠᠷᠠᠳ ᠲᠦᠮᠡᠨ ᠢ᠋ ᠨᠡᠩ  ᠬᠡᠴᠡᠭᠦᠦ ᠪᠡᠷ ᠬᠢᠬᠠᠨ ᠮᠥᠯᠵᠢᠬᠦ ᠪᠣᠯᠵᠠᠢ᠃ ᠡᠢᠮᠦ ᠪᠠᠢᠳᠠᠯ  ᠳᠣᠣᠷ᠎ᠠ ᠣᠷᠳᠣᠰ ᠤ᠋ᠨ ᠮᠠᠯᠴᠢᠨ ᠲᠦᠮᠡᠨ ᠳᠤᠭᠤᠢ ᠳᠤᠭᠤᠢᠯᠠᠨ ᠬᠠᠰᠬᠢᠷᠤᠯᠴᠠᠨ ᠪᠣᠰᠴᠤ ᠳᠤᠭᠤᠢᠯᠠᠩ ᠤ᠋ᠨ ᠬᠥᠳᠡᠯᠭᠡᠭᠡᠨ ᠢ᠋ ᠥᠷᠨᠢᠭᠦᠯᠦᠭᠰᠡᠨ ᠪᠠᠢᠵᠠᠢ᠃  

— — — — 
 ① (ᠦᠦᠰᠢᠨ ᠦ᠌ ᠰᠣᠶᠣᠯ ᠲᠡᠦᠬᠡ ᠶ᠋ᠢᠨ ᠮᠠᠲ᠋ᠧᠷᠢᠠᠯ) ᠤ᠋ᠨ82 ᠳ᠋ᠤᠭᠠᠷ ᠨᠢᠭᠤᠷ ᠲᠤ᠌᠃  

         ᠦᠰᠦᠭ ᠠᠮᠢᠯᠠᠭᠤᠯᠤᠭᠴᠢ᠄ ᠰᠠᠷᠠᠨᠲᠤᠶᠠᠭ᠎ᠠ᠂ ᠪᠠᠯ 
            ᠬᠢᠨᠠᠭᠴᠢ᠄ ᠣᠳᠬᠣᠨᠴᠡᠴᠡᠭ