ᠡᠵᠢ ᠡᠴᠡ ᠪᠡᠨ ᠬᠣᠶ᠋ᠢᠰᠢ ᠪᠢ ᠥᠲᠡᠯᠦᠭᠰᠡᠨ– ᠱ᠂ ᠭᠦᠷᠦᠪᠠᠽᠠᠷ Ээжээсээ хойш би өтөлсөн - Ш᠂ Гүрбазар
ᠡᠵᠢ ᠡᠴᠡ ᠪᠡᠨ ᠬᠣᠶ᠋ᠢᠰᠢ ᠪᠢ ᠥᠲᠡᠯᠦᠭᠰᠡᠨ
ᠡᠵᠢ ᠡᠴᠡ ᠪᠡᠨ ᠬᠣᠢᠰᠢ ᠪᠢ ᠥᠲᠡᠯᠦᠭᠰᠡᠨ
ᠰᠢᠯᠦᠭᠯᠡᠬᠦ ᠨᠢ ᠪᠠᠢᠲᠤᠭᠠᠢ
ᠪᠣᠳᠣᠬᠤ ᠠ᠋ᠴᠠ ᠴᠦ᠍ ᠤᠬᠢᠯᠠᠵᠤ ᠪᠠᠢᠨ᠎ᠠ
ᠰᠦ ᠰᠠᠴᠤᠨ ᠨᠢᠯᠪᠤᠰᠤ ᠤᠨᠠᠭᠠᠭᠰᠠᠨ
ᠪᠣᠷᠣ ᠡᠩᠭᠡᠷ ᠢ᠋ ᠬᠠᠷᠠᠵᠤ ᠪᠠᠢᠨ᠎ᠠ
ᠡᠵᠢ ᠡᠴᠡ ᠪᠡᠨ ᠬᠣᠢᠰᠢ ᠪᠢ ᠥᠲᠡᠯᠦᠭᠰᠡᠨ
ᠳᠥᠴᠢᠨ ᠶᠢᠰᠦ ᠬᠣᠨᠣᠭ ᠤ᠋ᠨ ᠵᠤᠯᠠ ᠳ᠋ᠤ᠌
ᠨᠠᠰᠤ ᠮᠢᠨᠢ ᠰᠢᠷᠭᠠᠯᠲᠤᠵᠤ
ᠳᠥᠩᠭᠡᠵᠦ ᠲᠥᠷᠥᠭᠰᠡᠨ ᠭᠦᠷᠦᠪᠠᠽᠠᠷ
ᠴᠡᠷᠢᠭ ᠡᠴᠡ ᠬᠠᠯᠠᠭᠳᠠᠬᠤ ᠰᠢᠭ᠋ ᠬᠡᠷᠰᠡᠦᠵᠢᠭᠰᠡᠨ
ᠵᠣᠷᠭᠣ ᠪᠠᠷ ᠢ᠋ᠶ᠋ᠠᠨ ᠠᠰᠬᠠᠷᠠᠳᠠᠭ ᠨᠢᠯᠪᠤᠰᠤ
ᠡᠷᠬᠡᠯᠡᠬᠦ ᠪᠡᠨ ᠮᠠᠷᠲᠠᠵᠤ ᠲᠠᠲᠠᠷᠠᠭᠰᠠᠨ
ᠵᠣᠭᠰᠣᠭ᠎ᠠ ᠪᠠᠷ ᠢ᠋ᠶ᠋ᠠᠨ ᠰᠦᠨᠳᠡᠷᠯᠡᠬᠦ ᠬᠥᠰᠢᠶ᠎ᠡ
ᠳᠣᠲᠣᠷ᠎ᠠ ᠠ᠋ᠴᠠ ᠪᠠᠨ ᠡᠮᠲᠡᠷᠡᠬᠦ ᠰᠢᠭ ᠥᠲᠡᠯᠦᠭᠰᠡᠨ
ᠡᠵᠢ ᠡᠴᠡ ᠪᠡᠨ ᠬᠣᠢᠰᠢ ᠪᠢ ᠥᠲᠡᠯᠦᠭᠰᠡᠨ
ᠱᠠᠩᠬᠤᠨ ᠳ᠋ᠤ᠌ ᠮᠢᠨᠢ ᠪᠤᠭᠤᠷᠤᠯ ᠦᠰᠦᠷᠦᠭᠡ ᠦᠭᠡᠢ ᠴᠦ᠍
ᠰᠠᠨᠠᠭᠠᠨ ᠳ᠋ᠤ᠌ ᠮᠢᠨᠢ ᠵᠢᠪᠠᠷ ᠨᠤᠲᠤᠭᠯᠠᠭᠰᠠᠨ
ᠰᠢᠨᠠᠯᠵᠤ ᠪᠠᠢᠭ᠎ᠠ ᠪᠠᠨ ᠥᠪᠡᠷ ᠢ᠋ᠶ᠋ᠡᠨ ᠮᠡᠳᠡᠭᠡ ᠦᠭᠡᠢ ᠴᠦ᠍
ᠰᠢᠷᠬ᠎ᠠ ᠲᠠᠢ ᠰᠢᠷᠠᠭᠴᠢᠨ ᠳᠣᠭᠣᠨᠴᠠᠬᠤ ᠳ᠋ᠤ᠌ ᠤᠬᠢᠯᠠᠭᠰᠠᠨ
ᠡᠵᠢ ᠡᠴᠡ ᠪᠡᠨ ᠬᠣᠢᠰᠢ ᠪᠢ ᠥᠲᠡᠯᠦᠭᠰᠡᠨ
ᠦᠨᠡᠮᠰᠢᠵᠦ ᠴᠢᠳᠠᠬᠤ ᠦᠭᠡᠢ ᠴᠤᠷᠬᠢᠷᠠᠬᠤ ᠳ᠋ᠠᠭᠠᠨ
ᠬᠠᠷᠠᠴᠠ ᠮᠢᠨᠢ ᠲᠣᠭᠲᠠᠵᠤ ᠥᠲᠡᠯᠦᠭᠰᠡᠨ
ᠦᠨᠦᠰᠦᠭᠦᠯᠬᠦ ᠬᠥᠮᠦᠨ ᠡᠷᠢᠭᠡ ᠦᠭᠡᠢ ᠴᠦ᠍
ᠬᠠᠴᠠᠷ ᠮᠢᠨᠢ ᠬᠠᠭᠠᠷᠠᠵᠤ ᠥᠲᠡᠯᠦᠭᠰᠡᠨ
ᠰᠠᠷᠠᠨ ᠤ᠋ ᠬᠡᠰᠢᠭ ᠥᠬᠢᠳ ᠡᠴᠡ ᠪᠡᠨ
ᠠᠴᠢ ᠪᠠᠨ ᠬᠦᠯᠢᠶᠡᠬᠦ ᠪᠡᠷ ᠥᠲᠡᠯᠦᠭᠰᠡᠨ
ᠨᠠᠷᠠᠨ ᠤ᠋ ᠬᠥᠬᠡ ᠳᠠᠢᠳᠤ ᠳ᠋ᠤ᠌
ᠨᠠᠢᠷᠠᠭ ᠦᠷᠦᠬᠦ ᠭᠡᠵᠦ ᠥᠲᠡᠯᠦᠭᠰᠡᠨ
ᠮᠥᠩᠬᠡ ᠶ᠋ᠢᠨ ᠶᠦᠮ ᠰᠢᠭ ᠡᠨᠳᠡᠭᠦᠷᠡᠭᠰᠡᠨ
ᠡᠵᠢ ᠶ᠋ᠢᠨ ᠮᠢᠨᠢ ᠰᠡᠭᠦᠳᠡᠷ ᠠᠷᠢᠯᠬᠤ ᠳ᠋ᠤ᠌
ᠮᠥᠬᠥᠯ ᠦ᠋ᠨ ᠰᠠᠯᠬᠢᠨ ᠳ᠋ᠤ᠌ ᠦᠨᠡᠮᠰᠢᠬᠦ ᠳ᠋ᠡᠭᠡᠨ
ᠭᠠᠩᠬᠤᠵᠤ ᠥᠲᠡᠯᠦᠭᠰᠡᠨ
ᠮᠥᠩᠬᠡ ᠶ᠋ᠢᠨ ᠬᠠᠲᠠᠭᠤ ᠵᠢᠮ᠎ᠡ ᠶ᠋ᠢᠨ ᠡᠮᠦᠨ᠎ᠡ
ᠰᠤᠯᠢᠳᠠᠵᠤ ᠥᠲᠡᠯᠦᠭᠰᠡᠨ
ᠡᠵᠢ ᠡᠴᠡ ᠪᠡᠨ ᠬᠣᠢᠰᠢ ᠪᠢ ᠥᠲᠡᠯᠦᠭᠰᠡᠨ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
