ᠬᠤᠯᠠᠨ – ᠠᠮᠢ ᠳ᠋ᠦᠢᠭᠰᠡᠨ ᠳᠤᠷᠠᠯᠠᠯ - ᠴᠢᠩᠭᠢᠰ ᠬᠠᠭᠠᠨ ᠊ᠤ᠌ ᠨᠢᠭᠤᠴᠠ ᠲᠡᠦᠬᠡ 16 Хулан – амь дүйсэн дурлал - Чингис хаан оо нууц түүх 16
ᠬᠤᠯᠠᠨ —
ᠠᠮᠢ ᠳ᠋ᠥᠢᠭᠰᠡᠨ ᠳᠤᠷᠠᠯᠠᠯ
ᠳ᠋ᠠᠢᠷ ᠤᠰᠤᠨ ᠤ᠋ ᠥᠬᠢᠨ ᠬᠤᠯᠠᠨ ᠬᠡᠳᠦᠢ ᠠᠷᠪᠠᠨ ᠨᠠᠢ᠍ᠮᠠ ᠲᠠᠢ ᠴᠤ᠌ ᠡᠴᠢᠭᠡ ᠶ᠋ᠢᠨ ᠭᠡᠷ ᠲᠦ᠍ ᠡᠷᠬᠡ ᠲᠠᠩᠬᠢ ᠥᠰᠦᠭᠰᠡᠨ ᠳᠤᠷ᠎ᠠ ᠪᠠᠷ ᠣᠮᠣᠭᠯᠠᠩ ᠵᠠᠩ ᠲᠠᠢ᠂ ᠬᠣᠯᠠ ᠣᠢᠷ᠎ᠠ ᠶ᠋ᠢ ᠤᠬᠠᠨ ᠪᠣᠳᠣᠬᠤ ᠴᠢᠳᠠᠯ ᠲᠠᠢ᠂ ᠰᠡᠷᠭᠦᠯᠡᠩ ᠣᠪᠲᠠᠢ ᠪᠦᠰᠡᠭᠦᠢ ᠶᠦᠮ᠃ ᠲᠡᠢᠮᠦ ᠳ᠋ᠡᠭᠡᠨ ᠴᠦ᠍ ᠮᠡᠷᠭᠢᠳ ᠠᠢᠮᠠᠭ ᠢ᠋ ᠨᠥᠮᠥᠷᠦᠨ ᠢᠷᠡᠬᠦ ᠠᠶᠤᠯ ᠢ᠋ ᠮᠡᠳᠡᠷᠡᠵᠦ ᠪᠠᠰᠠ ᠡᠴᠢᠭᠡ ᠡᠪᠦᠭᠡᠳ ᠦ᠋ᠨ ᠮᠤᠢᠬᠤᠷ ᠡᠰᠡᠷᠭᠦᠴᠡᠯ ᠦ᠋ᠨ ᠤᠷᠰᠢᠭ ᠢ᠋ᠶ᠋ᠠᠷ ᠠᠯᠠᠭᠳᠠᠨ ᠦᠭᠡᠢ ᠪᠣᠯᠬᠤ ᠶ᠋ᠢ ᠬᠦᠰᠡᠬᠦ ᠦᠭᠡᠢ ᠪᠠᠢᠯ᠎ᠠ᠃ ᠬᠠᠮᠤᠭ ᠤ᠋ᠨ ᠭᠣᠣᠯ ᠨᠢ ᠲᠡᠷᠡ ᠦᠯᠦ ᠲᠠᠨᠢᠬᠤ ᠲᠡᠮᠦᠵᠢᠨ ᠭᠡᠭᠴᠢ ᠲᠡᠢ ᠬᠠᠮᠲᠤ ᠲᠠᠯ᠎ᠠ ᠨᠤᠲᠤᠭ ᠲᠤ᠌ ᠴᠣ ᠰᠢᠨ᠎ᠡ ᠠᠮᠢᠳᠤᠷᠠᠯ᠂ ᠴᠣ ᠰᠢᠨ᠎ᠡ ᠴᠠᠭ ᠦᠶ᠎ᠡ ᠢᠷᠡᠵᠦ ᠪᠠᠢᠭ᠎ᠠ ᠶ᠋ᠢ ᠬᠤᠯᠠᠨ ᠤᠬᠠᠭᠠᠨ ᠲᠠᠢ ᠵᠠᠯᠠᠭᠤ ᠬᠥᠮᠦᠨ ᠦ᠌ ᠶᠣᠰᠣᠭᠠᠷ ᠣᠢᠯᠠᠭᠠᠵᠤ ᠮᠡᠳᠡᠷᠡᠭᠰᠡᠨ ᠶᠠᠪᠤᠳᠠᠯ ᠶᠤᠮ᠃ ᠮᠡᠷᠭᠢᠳ ᠦ᠋ᠳ ᠲᠡᠮᠦᠵᠢᠨ ᠲᠡᠢ ᠰᠥᠷᠦᠨ ᠪᠠᠢᠯᠳᠤᠬᠤ ᠪᠡᠯᠡᠳᠬᠡᠯ ᠢ᠋ᠶ᠋ᠡᠨ ᠪᠠᠵᠠᠭᠠᠵᠤ᠂ ᠰᠢᠪᠡᠭᠡ ᠬᠠᠯᠬ᠎ᠠ ᠪᠠᠢᠭᠤᠯᠤᠭᠰᠠᠭᠠᠷ ᠪᠠᠢᠬᠤ ᠳ᠋ᠤ᠌ ᠬᠤᠯᠠᠨ ᠡᠴᠢᠭᠡ ᠳ᠋ᠠᠢᠷ ᠤᠰᠤᠨ ᠳ᠋ᠠᠭᠠᠨ ᠨᠢᠭᠡᠨ ᠵᠦᠢᠯ ᠢ᠋ ᠭᠤᠶᠤᠵᠤ᠂ ᠰᠡᠭᠦᠯ ᠳ᠋ᠡᠭᠡᠨ ᠱᠠᠭᠠᠷᠳᠠᠬᠤ ᠪᠣᠯᠪᠠ᠃ ᠳ᠋ᠠᠢᠷ ᠤᠰᠤᠨ ᠡᠬᠢᠨ ᠦ᠌ ᠦᠶ᠎ᠡ ᠳ᠋ᠦ᠍ ᠬᠤᠯᠠᠨ ᠤ᠋ ᠦᠭᠡ ᠶ᠋ᠢ ᠡᠮ᠎ᠡ ᠬᠥᠮᠦᠨ ᠦ᠌ ᠬᠥᠭᠡᠷᠦᠦ ᠰᠡᠳᠬᠢᠯ ᠦ᠋ᠨ ᠬᠣᠭᠣᠰᠣᠨ ᠦᠭᠡ ᠭᠡᠵᠦ ᠦᠯᠦ ᠲᠣᠭᠣᠭᠰᠠᠨ ᠴᠤ᠌ ᠳᠥᠭᠥᠨ ᠢᠷᠡᠵᠦ ᠪᠣᠢ ᠠᠶᠤᠯ ᠵᠠᠨᠤᠯ ᠥᠪᠡᠷ ᠦ᠋ᠨ ᠡᠷᠬᠡ ᠦᠭᠡᠢ ᠲᠡᠭᠦᠨ ᠢ᠋ ᠡᠯᠳᠡᠪ ᠢ᠋ ᠡᠷᠭᠢᠴᠡᠭᠦᠯᠦᠨ ᠪᠣᠳᠣᠬᠤ ᠳ᠋ᠤ᠌ ᠬᠦᠷᠭᠡᠵᠡᠢ᠃ ᠮᠡᠷᠭᠢᠳ ᠬᠥᠮᠦᠨ ᠪᠦᠷᠢ ᠦᠬᠦᠬᠦ ᠰᠡᠬᠡᠬᠦ ᠪᠡᠨ ᠦᠵᠡᠬᠦ ᠴᠠᠭ ᠪᠣᠯᠵᠤ ᠡᠷ᠎ᠡ ᠪᠦᠷᠢ ᠨᠤᠮᠤ ᠰᠤᠮᠤ᠂ ᠢᠯᠳᠦ ᠬᠢᠲᠤᠭ᠎ᠠ ᠪᠠᠨ ᠪᠡᠯᠡᠳᠦᠨ ᠪᠤᠵᠢᠭᠢᠨᠠᠬᠤ ᠦᠶ᠎ᠡ ᠳ᠋ᠦ᠍ ᠳ᠋ᠠᠢᠷ ᠤᠰᠤᠨ ᠶᠢᠰᠦᠨ ᠥᠩᠭᠡ ᠶ᠋ᠢᠨ ᠪᠣᠳᠣᠯ ᠳ᠋ᠤ᠌ ᠵᠡᠷᠭᠡᠲᠡᠨ ᠮᠤᠬᠤᠷ ᠨᠦᠬᠡᠨ ᠳ᠋ᠦ᠍ ᠣᠷᠣᠭᠰᠠᠨ ᠵᠤᠷᠠᠮ᠎ᠠ ᠰᠢᠭ᠋ ᠪᠣᠯᠵᠠᠢ᠃ ᠠᠷᠪᠠᠨ ᠨᠠᠢ᠍ᠮᠠᠨ ᠨᠠᠰᠤᠲᠠᠢ ᠥᠬᠢᠨ ᠬᠤᠯᠠᠨ ᠤ᠋ ᠬᠡᠯᠡᠭᠰᠡᠨ ᠦᠭᠡ ᠳᠡᠩᠳᠡᠭᠦᠦ ᠣᠰᠣᠯ ᠲᠠᠢ᠂ ᠳᠠᠩᠴᠤ ᠬᠠᠲᠠᠭᠤ ᠱᠠᠭᠠᠷᠳᠠᠯᠭ᠎ᠠ ᠪᠠᠢᠪᠠ᠃ ᠡᠴᠢᠭᠡ ᠶ᠋ᠢ ᠪᠡᠨ ᠪᠣᠷᠵᠢᠭᠢᠨ ᠠᠢᠮᠠᠭ ᠲᠤ᠌ ᠪᠠᠭᠤᠵᠤ ᠥᠭᠴᠦ᠂ ᠪᠠᠭᠤᠵᠤ ᠥᠭᠭᠦᠭᠡᠳ ᠵᠣᠭᠰᠣᠬᠤ ᠦᠭᠡᠢ ᠥᠪᠡᠷ ᠢ᠋ ᠪᠡᠨ ᠲᠡᠮᠦᠵᠢᠨ ᠳ᠋ᠦ᠍ ᠪᠡᠯᠡᠭᠯᠡᠬᠦ ᠶ᠋ᠢ ᠬᠤᠯᠠᠨ ᠲᠤᠯᠭᠠᠵᠠᠢ᠃ ᠬᠤᠯᠠᠨ ᠤ᠋ ᠡᠨᠡ ᠱᠠᠭᠠᠷᠳᠠᠯᠭ᠎ᠠ ᠶ᠋ᠢ ᠰᠢᠭᠦᠷᠦᠨ ᠠᠪᠴᠤ ᠪᠡᠶᠡᠯᠡᠭᠦᠯᠬᠦ ᠳ᠋ᠦ᠍ ᠳᠡᠩᠳᠡᠭᠦᠦ ᠠᠮᠢ ᠳ᠋ᠥᠢᠭᠰᠡᠨ᠂ ᠣᠰᠣᠯ ᠲᠠᠢ ᠬᠡᠷᠡᠭ ᠪᠠᠢᠪᠠ᠃ ᠬᠡᠷᠪᠡ ᠳ᠋ᠠᠢᠷ ᠤᠰᠤᠨ ᠢ᠋ ᠶᠠᠭᠤ ᠬᠢᠬᠦ ᠭᠡᠵᠦ ᠪᠣᠢ ᠶ᠋ᠢ ᠰᠡᠵᠢᠭᠯᠡᠵᠦ ᠮᠡᠳᠡᠪᠡᠯ ᠨᠢᠭᠡ ᠠᠢᠮᠠᠭ ᠤ᠋ᠨ ᠬᠢᠨ ᠨᠢ ᠲᠡᠭᠦᠨ ᠢ᠋ ᠤᠷᠪᠠᠭᠴᠢ ᠳ᠋ᠤ᠌ ᠲᠣᠭᠠᠴᠠᠨ ᠰᠢᠭᠤᠳ ᠠᠯᠠᠬᠤ ᠪᠢᠵᠡ᠃ ᠭᠡᠨᠡᠨ ᠥᠬᠢᠨ ᠦ᠌ ᠬᠥᠭᠡᠷᠦᠦ ᠦᠭᠡᠨ ᠳ᠋ᠦ᠍ ᠠᠪᠲᠠᠨ ᠭᠡᠨᠡᠳᠡᠪᠡᠯ ᠬᠠᠷ᠎ᠠ ᠲᠣᠯᠣᠭᠠᠢ ᠪᠠᠨ ᠠᠯᠳᠠᠭᠠᠳ ᠵᠣᠭᠰᠣᠬᠤ ᠦᠭᠡᠢ᠂ ᠬᠣᠵᠢᠮ ᠬᠣᠢᠨ᠎ᠠ ᠦᠷ᠎ᠡ ᠤᠳᠤᠮ ᠢ᠋ᠶ᠋ᠠᠷ ᠢ᠋ᠶ᠋ᠠᠨ ᠤᠷᠪᠠᠭᠴᠢ ᠳ᠋ᠤ᠌ ᠲᠣᠭᠠᠴᠠᠭᠳᠠᠨ ᠵᠢᠭᠰᠢᠭᠳᠡᠬᠦ ᠪᠢᠯᠡ᠃ ᠮᠡᠷᠭᠢᠳ ᠠᠢᠮᠠᠭ ᠤ᠋ᠨ ᠮᠥᠬᠥᠯ ᠢᠷᠡᠭᠰᠡᠨ ᠭᠡᠳᠡᠭ ᠢ᠋ ᠳ᠋ᠠᠢᠷ ᠤᠰᠤᠨ ᠬᠡᠷᠬᠢᠪᠡᠴᠦ ᠵᠥᠪᠰᠢᠶᠡᠷᠡᠬᠦ ᠦᠭᠡᠢ ᠶᠦ᠍ᠮ᠃ ᠪᠠᠰᠠ ᠲᠥᠷᠥᠯᠬᠢ ᠠᠢᠮᠠᠭ ᠠ᠋ᠴᠠ ᠤᠷᠪᠠᠵᠤ ᠲᠡᠮᠦᠵᠢᠨ ᠢ᠋ ᠳᠠᠭᠠᠬᠤ ᠨᠢ ᠠᠮᠢ ᠪᠠᠨ ᠠᠪᠤᠷᠠᠬᠤ ᠡᠴᠦᠰ ᠦ᠋ᠨ ᠠᠷᠭ᠎ᠠ ᠭᠡᠵᠦ ᠲᠡᠷᠡ ᠦᠵᠡᠬᠦ ᠦᠭᠡᠢ ᠪᠠᠢᠯ᠎ᠠ᠃ ᠲᠡᠢᠮᠦ ᠤᠴᠢᠷ ᠠ᠋ᠴᠠ ᠬᠤᠯᠠᠨ ᠤ᠋ ᠱᠠᠭᠠᠷᠳᠠᠯᠭ᠎ᠠ ᠶ᠋ᠢ ᠬᠦᠯᠢᠶᠡᠨ ᠠᠪᠬᠤ ᠦᠭᠡᠢ ᠴᠠᠭᠠᠷᠢᠭᠯᠠᠭᠰᠠᠭᠠᠷ ᠠᠵᠢ᠃ ᠭᠡᠲᠡᠯ᠎ᠡ ᠲᠡᠮᠦᠵᠢᠨ ᠦ᠌ ᠶᠡᠬᠡ ᠴᠡᠷᠢᠭ ᠨᠥᠮᠥᠷᠦᠨ ᠢᠷᠡᠵᠦ ᠶᠠᠪᠤᠭ᠎ᠠ ᠶ᠋ᠢ ᠬᠣᠶᠠᠷ ᠡᠳᠦᠷ ᠦ᠋ᠨ ᠭᠠᠵᠠᠷ ᠠ᠋ᠴᠠ ᠦᠵᠡᠵᠦ ᠳᠠᠪᠬᠢᠨ ᠢᠷᠡᠭᠰᠡᠨ ᠬᠠᠷᠠᠭᠤᠯ ᠤ᠋ᠨ ᠦᠭᠡ ᠶ᠋ᠢ ᠰᠣᠨᠣᠰᠤᠭᠠᠳ ᠪᠠᠢᠳᠠᠯ ᠨᠢᠭᠡᠨᠲᠡ ᠲᠣᠳᠣᠷᠬᠠᠢ ᠪᠣᠯᠣᠮᠠᠭᠴᠠ ᠳ᠋ᠠᠢᠷ ᠤᠰᠤᠨ ᠡᠷᠡᠭᠡᠯᠵᠡᠵᠦ ᠲᠡᠨᠡᠭᠡᠯᠵᠡᠬᠥ ᠶ᠋ᠢ ᠪᠣᠯᠢᠵᠤ ᠪᠠᠭᠤᠵᠤ ᠥᠭᠬᠦ ᠳ᠋ᠦ᠍ ᠰᠡᠮᠬᠡᠨ ᠢ᠋ᠶ᠋ᠡᠷ ᠪᠡᠯᠡᠳᠬᠡᠵᠦ ᠡᠬᠢᠯᠡᠪᠡ᠃ ᠦᠬᠦᠯ ᠦ᠋ᠨ ᠡᠮᠦᠨ᠎ᠡ ᠬᠠᠷ᠎ᠠ ᠲᠣᠯᠣᠭᠠᠢ ᠪᠠᠨ ᠠᠪᠤᠷᠠᠬᠤ ᠡᠴᠦᠰ ᠦ᠋ᠨ ᠵᠠᠮ ᠢ᠋ ᠲᠡᠷᠡ ᠰᠣᠩᠭᠣᠪᠠ᠃ ᠢᠩᠭᠢᠬᠦ ᠳ᠋ᠡᠭᠡᠨ ᠪᠤᠰᠤᠳ ᠠᠯᠪᠠᠲᠤ ᠢᠷᠭᠡᠳ ᠡᠴᠡ ᠬᠠᠪ ᠨᠢᠭᠤᠵᠤ᠂ ᠲᠡᠮᠦᠵᠢᠨ ᠦ᠌ ᠴᠡᠷᠢᠭ ᠢ᠋ ᠬᠦᠯᠢᠶᠡᠵᠡᠢ᠃ ᠲᠡᠮᠦᠵᠢᠨ ᠢ ᠤᠭᠲᠤᠨ ᠬᠥᠳᠡᠯᠬᠦ ᠨᠢ ᠥᠪᠡᠷ ᠦ᠋ᠨ ᠬᠢᠨᠢ ᠭᠠᠷ ᠲᠤ᠌ ᠦᠬᠦᠬᠦ ᠳ᠋ᠦ᠍ ᠬᠦᠷᠭᠡᠬᠦ᠂ ᠪᠠᠰᠠ ᠳᠠᠭᠠᠷᠢᠨ ᠢᠷᠡᠬᠦ ᠳᠠᠢᠰᠤᠨ ᠳ᠋ᠤ᠌ ᠰᠠᠨᠠᠭᠠᠨ ᠳ᠋ᠤ᠌ ᠦᠭᠡᠢ ᠪᠡᠷ ᠠᠯᠠᠭᠤᠯᠬᠤ ᠠᠶᠤᠯ ᠪᠠᠢᠬᠤ ᠲᠤᠯᠠ ᠠᠯᠪᠠᠲᠤ ᠢᠷᠭᠡᠳ ᠲᠡᠭᠡᠨ ᠴᠦ᠍ ᠰᠡᠵᠢᠭᠯᠡᠭᠳᠡᠭᠰᠡᠨ ᠦᠭᠡᠢ᠂ ᠳᠣᠲᠣᠷ᠎ᠠ ᠨᠢᠭᠤᠴᠠ ᠪᠠᠨ ᠬᠠᠳᠠᠭᠠᠯᠠᠨ ᠰᠠᠭᠤᠵᠠᠢ᠃ ᠮᠡᠷᠭᠢᠳ ᠦ᠋ᠨ ᠬᠦᠷᠢᠶ᠎ᠡ ᠠᠶᠤᠮᠰᠢᠭᠲᠤ ᠰᠠᠨᠳᠤᠷᠤᠯ ᠳ᠋ᠤ᠌ ᠠᠪᠲᠠᠵᠤ ᠡᠬᠢ ᠲᠣᠯᠣᠭᠠᠢ᠂ ᠵᠣᠬᠢᠶᠠᠨ ᠪᠠᠢᠭᠤᠯᠤᠯᠲᠠ ᠪᠠᠨ ᠠᠯᠲᠠᠨ ᠤᠨᠳᠤᠢ ᠰᠤᠨᠳᠤᠢ ᠵᠢᠭᠤᠲᠠᠵᠤ ᠡᠬᠢᠯᠡᠪᠡ᠃
ᠳ᠋ᠠᠢᠷ ᠤᠰᠤᠨ ᠲᠦᠭᠰᠢᠭᠦᠷᠢ ᠳᠦᠭᠦᠷᠡᠩ ᠰᠠᠭᠤᠬᠤ ᠳ᠋ᠤ᠌ ᠬᠠᠷᠢᠨ ᠬᠤᠯᠠᠨ ᠲᠡᠮᠦᠵᠢᠨ ᠦ᠌ ᠴᠡᠷᠢᠭ ᠢ ᠮᠥᠴᠡ ᠲᠣᠭᠠᠯᠠᠨ ᠪᠠᠶᠠᠷᠯᠠᠨ ᠬᠦᠯᠢᠶᠡᠨ᠎ᠡ᠃ ᠪᠦᠰᠡᠭᠦᠢ ᠶ᠋ᠢᠨ ᠬᠦᠰᠡᠯ ᠪᠡᠶᠡᠯᠡᠬᠦ ᠳ᠋ᠦ᠍ ᠣᠢᠷᠠᠲᠤᠵᠠᠢ᠃ ᠲᠡᠭᠦᠨ ᠦ᠌ ᠰᠠᠨᠠᠭᠰᠠᠨ ᠢ᠋ᠶ᠋ᠠᠷ ᠪᠣᠯᠤᠨ᠎ᠠ ᠭᠡᠳᠡᠭ ᠲᠦ᠍ ᠬᠤᠯᠠᠨ ᠢᠲᠡᠭᠡᠯᠲᠡᠢ ᠪᠠᠢᠵᠠᠢ᠃ ᠤᠴᠢᠷ ᠨᠢ ᠮᠡᠷᠭᠢᠳ ᠦ᠋ᠨ ᠶᠡᠬᠡ ᠪᠥᠬᠡ ᠪᠦᠳᠦᠨᠪᠡᠬᠢ 《ᠴᠢ ᠲᠡᠮᠦᠵᠢᠨ ᠦ᠌ ᠬᠠᠲᠤᠨ ᠪᠣᠯᠬᠤ ᠠᠪᠠᠰᠤ ᠵᠢᠷᠭᠠᠯ ᠤ᠋ᠨ ᠲᠤᠢᠯ ᠳ᠋ᠤ᠌ ᠬᠦᠷᠦᠨ᠎ᠡ 》 ᠭᠡᠵᠦ ᠬᠤᠪᠢ ᠵᠠᠶᠠᠭ᠎ᠠ ᠶ᠋ᠢ ᠨᠢ ᠮᠡᠷᠭᠡᠯᠡᠭᠡᠳ ᠬᠡᠯᠡᠭᠰᠡᠨ ᠪᠢᠯᠡ᠃ ᠪᠥᠷᠲᠡ ᠶ᠋ᠢ ᠪᠤᠴᠠᠭᠠᠨ ᠪᠤᠯᠢᠶᠠᠵᠤ ᠠᠪᠤᠭᠰᠠᠨ ᠠ᠋ᠴᠠ ᠳᠠᠷᠤᠢ ᠬᠣᠶᠠᠷ ᠵᠢᠯ ᠦ᠋ᠨ ᠬᠣᠢᠨ᠎ᠠ ᠲᠥᠷᠥᠭᠰᠡᠨ ᠴᠦ᠍ ᠡᠳᠦᠢ ᠠᠷᠪᠠᠨ ᠨᠠᠢ᠍ᠮᠠ ᠬᠦᠷᠲᠡᠯ᠎ᠡ ᠪᠡᠨ ᠬᠤᠯᠠᠨ ᠲᠡᠮᠦᠵᠢᠨ ᠦ᠌ ᠲᠤᠬᠠᠢ ᠦᠯᠢᠭᠡᠷ ᠳᠣᠮᠣᠭ ᠰᠢᠭ᠋ ᠶᠠᠷᠢᠶ᠎ᠠ ᠣᠯᠠᠨ ᠢ᠋ ᠰᠣᠨᠣᠰᠴᠤ᠂ ᠲᠡᠷᠡ ᠪᠠᠭᠠᠲᠤᠷ ᠡᠷ᠎ᠡ ᠶ᠋ᠢᠨ ᠬᠡᠢ ᠳᠦᠷᠢ ᠳ᠋ᠦ᠍ ᠳᠤᠷᠠᠯᠠᠭᠰᠠᠨ ᠪᠠᠢᠪᠠ᠃ ᠬᠤᠯᠠᠨ ᠶᠠᠮᠠᠷ ᠴᠤ᠌ ᠦᠨ᠎ᠡ ᠪᠡᠷ ᠬᠠᠮᠢᠶ᠎ᠠ ᠦᠭᠡᠢ ᠲᠡᠮᠦᠵᠢᠨ ᠦ᠌ ᠬᠠᠲᠤᠨ ᠪᠣᠯᠬᠤ ᠪᠠᠷ ᠰᠢᠢᠳᠴᠡᠢ᠃ ᠰᠣᠨᠢᠭᠤᠴᠢ ᠡᠮᠡᠰ ᠪᠣᠯᠤᠭᠠᠳ ᠨᠠᠰᠤᠲᠠᠢ ᠴᠡᠷᠢᠭ ᠡᠷᠡᠰ᠂ ᠬᠥᠭᠰᠢᠳ ᠦ᠋ᠨ ᠠᠮᠠᠨ ᠠ᠋ᠴᠠ ᠰᠣᠨᠣᠰᠤᠭᠰᠠᠨ ᠪᠣᠯᠭᠠᠨ ᠢ ᠰᠡᠳᠬᠢᠯ ᠳ᠋ᠡᠭᠡᠨ ᠬᠠᠳᠠᠭᠠᠯᠠᠭᠰᠠᠭᠠᠷ ᠬᠤᠯᠠᠨ᠂ ᠲᠡᠮᠦᠵᠢᠨ ᠦ᠌ ᠬᠡᠢ ᠳᠦᠷᠢ ᠶ᠋ᠢ ᠵᠢᠷᠦᠬᠡᠨ ᠳ᠋ᠡᠭᠡᠨ ᠪᠠᠲᠤᠲᠠᠢ ᠪᠣᠰᠬᠠᠨ ᠰᠢᠩᠭᠡᠭᠡᠵᠦ ᠵᠡᠭᠦᠳᠦᠨ ᠳ᠋ᠡᠭᠡᠨ ᠦᠵᠡᠭᠡᠳ ᠲᠠᠨᠢᠳᠠᠭ ᠪᠣᠯᠵᠠᠢ᠃ ᠣᠯᠠᠨ ᠤ᠋ ᠶᠠᠷᠢᠬᠤ ᠪᠠᠷ ᠲᠡᠮᠦᠵᠢᠨ ᠬᠠᠷᠭᠢᠰ ᠲᠣᠭᠰᠢᠨ᠂ ᠠᠶᠤᠮᠰᠢᠭᠲᠠᠢ ᠦᠯᠢᠭᠡᠷ ᠦ᠋ᠨ ᠮᠠᠩᠭᠤᠰ ᠮᠡᠲᠦ ᠠᠮᠢᠲᠠᠨ ᠠᠵᠢ᠃ ᠬᠠᠲᠤᠨ ᠪᠥᠷᠲᠡ ᠶ᠋ᠢ ᠪᠤᠴᠠᠭᠠᠵᠤ ᠠᠪᠤᠭᠠᠳ ᠦᠰ ᠰᠠᠨᠠᠨ᠂ ᠮᠡᠷᠭᠢᠳ ᠠᠢᠮᠠᠭ ᠤ᠋ᠨ ᠣᠯᠠᠨ ᠬᠥᠮᠦᠨ ᠢ ᠴᠠᠪᠴᠢᠨ ᠠᠯᠠᠭᠰᠠᠨ ᠠᠶᠤᠮᠰᠢᠭᠲᠤ ᠲᠡᠦᠬᠡ ᠶ᠋ᠢ ᠣᠳᠣ ᠪᠣᠯᠲᠠᠯ᠎ᠠ ᠠᠬᠠᠮᠠᠳ ᠬᠥᠮᠦᠰ ᠶᠠᠷᠢᠭᠰᠠᠭᠠᠷ ᠪᠠᠢᠬᠤ ᠪᠢᠯᠡ᠃ ᠬᠠᠪᠢ ᠣᠢᠷ᠎ᠠ ᠶ᠋ᠢᠨ ᠠᠢᠮᠠᠭ᠂ ᠣᠪᠣᠭ ᠢ ᠨᠢᠭᠡᠳᠬᠡᠨ ᠠᠪᠴᠤ᠂ ᠴᠢᠷᠠᠢ ᠭᠤᠸ᠎ᠠ ᠡᠮᠡᠰ ᠬᠠᠲᠤᠳ ᠢ ᠪᠤᠯᠢᠶᠠᠨ ᠡᠵᠡᠮᠳᠡᠳᠡᠭ ᠲᠡᠮᠦᠵᠢᠨ ᠦ᠌ ᠲᠤᠬᠠᠢ ᠶᠠᠷᠢᠶ᠎ᠠ ᠶ᠋ᠢ ᠰᠣᠨᠣᠰᠬᠤ ᠨᠢ ᠬᠤᠯᠠᠨ ᠳ᠋ᠤ᠌ ᠶᠠᠭᠤ ᠪᠠᠷ ᠴᠦ᠍ ᠰᠣᠯᠢᠰᠢ ᠦᠭᠡᠢ᠂ ᠤᠷᠢᠳ ᠡᠮᠦᠨ᠎ᠡ ᠠᠮᠰᠠᠵᠤ ᠦᠵᠡᠭᠡ ᠦᠭᠡᠢ ᠵᠢᠷᠭᠠᠯ ᠪᠣᠯᠳᠠᠭ ᠪᠠᠢᠪᠠ᠃ ᠲᠡᠮᠦᠵᠢᠨ᠂ ᠬᠤᠯᠠᠨ ᠤ᠋ ᠰᠡᠳᠬᠢᠯ ᠳ᠋ᠦ᠍ ᠡᠷ᠎ᠡ ᠪᠢᠷᠠᠳᠠᠨ᠂ ᠡᠵᠡᠯᠡᠨ ᠰᠥᠨᠥᠭᠡᠭᠴᠢ᠂ ᠡᠮᠡᠰ ᠥᠬᠢᠳ ᠢ ᠡᠳ᠋ᠯᠡᠨ ᠵᠢᠷᠭᠠᠭᠠᠭᠴᠢ᠂ ᠳᠣᠮᠣᠭ ᠤ᠋ᠨ ᠬᠦᠴᠦᠲᠦ ᠪᠠᠭᠠᠲᠤᠷ ᠪᠣᠯᠤᠨ ᠰᠡᠳᠬᠢᠭᠳᠡᠵᠦ ᠪᠠᠷ᠎ᠠ ᠶ᠋ᠢ ᠨᠢ ᠬᠠᠷᠠᠵᠤ ᠪᠡᠶ᠎ᠡ ᠶ᠋ᠢ ᠨᠢ ᠮᠡᠳᠡᠷᠡᠬᠦ ᠬᠦᠰᠡᠯ ᠣᠷᠭᠢᠯᠬᠤ ᠳ᠋ᠤ᠌ ᠪᠦᠬᠦ ᠪᠤᠯᠴᠢᠩ ᠰᠢᠷᠪᠥᠰᠥ ᠨᠢ ᠵᠠᠩᠭᠢᠷᠠᠨ ᠴᠢᠪᠴᠢᠷᠠᠵᠤ᠂ ᠳᠠᠪᠤᠰᠠᠭ᠂ ᠨᠢᠭᠤᠴᠠ ᠡᠷᠬᠡᠲᠡᠨ ᠨᠢ ᠴᠢᠮ ᠴᠢᠮ ᠱᠠᠷᠬᠢᠷᠠᠨ ᠡᠪᠡᠳᠴᠦ ᠲᠤᠢᠯ ᠤ᠋ᠨ ᠠᠮᠲᠠᠲᠠᠢ ᠮᠡᠳᠡᠷᠡᠮᠵᠢ ᠲᠥᠷᠥᠳᠡᠭ ᠶᠦᠮ᠃ ᠬᠤᠯᠠᠨ ᠤ᠋ ᠡᠳᠦᠷ ᠦ᠋ᠨ ᠪᠣᠳᠣᠯ ᠰᠥᠨᠢ ᠶ᠋ᠢᠨ ᠵᠡᠭᠦᠳᠦ ᠨᠢ ᠲᠡᠮᠦᠵᠢᠨ ᠪᠠᠢᠪᠠ᠃ ᠲᠡᠮᠦᠵᠢᠨ ᠦ᠌ ᠲᠤᠬᠠᠢ ᠦᠨᠡᠨ ᠬᠤᠳᠠᠯ ᠨᠢ ᠦᠯᠦ ᠮᠡᠳᠡᠭᠳᠡᠬᠦ ᠴᠢᠮᠡᠭᠡ ᠰᠤᠷᠠᠭ ᠦᠯᠦ ᠲᠠᠰᠤᠷᠠᠨ᠎ᠠ᠃ ᠲᠠᠲ᠋ᠠᠷ ᠠᠢᠮᠠᠭ ᠢ ᠰᠥᠨᠥᠭᠡᠵᠦ ᠣᠯᠠᠨ ᠰᠠᠢᠬᠠᠨ ᠥᠬᠢᠳ ᠡᠮᠡᠰ ᠢ ᠡᠵᠡᠮᠳᠡᠨ ᠠᠪᠤᠭᠰᠠᠨ ᠭᠡᠵᠦ ᠶᠠᠷᠢᠨ᠎ᠠ᠃ ᠪᠠᠰᠠ ᠨᠠᠢ᠍ᠮᠠᠨ ᠠᠢᠮᠠᠭ ᠢ ᠳᠠᠷᠤᠵᠤ ᠣᠯᠠᠨ ᠬᠠᠲᠤᠳ ᠡᠮᠡᠰ ᠢ ᠣᠯᠵᠠᠯᠠᠵᠠᠢ᠃ 《ᠲᠡᠷᠡ ᠲᠡᠮᠦᠵᠢᠨ ᠭᠡᠭᠴᠢ ᠪᠠᠭᠠᠲᠤᠷ ᠡᠷ᠎ᠡ ᠭᠡᠷ ᠦ᠋ᠨ ᠳᠣᠲᠣᠷ᠎ᠠ ᠭᠤᠷᠪᠠᠨ ᠶᠡᠬᠡ ᠬᠠᠲᠤᠨ ᠲᠠᠢ ᠮᠥᠷᠲᠡᠭᠡᠨ ᠬᠦᠷᠢᠶᠡᠨ ᠳᠣᠲᠣᠷ᠎ᠠ ᠪᠠᠨ ᠬᠣᠶᠠᠷ ᠭᠤᠷᠪᠠᠨ ᠵᠠᠭᠤᠨ ᠲᠠᠲᠠᠪᠤᠷᠢ ᠡᠮᠡᠰ ᠪᠠᠢᠯᠭᠠᠳᠠᠭ᠂ ᠬᠠᠨᠵᠤ ᠴᠠᠳᠤᠰᠢ ᠦᠭᠡᠢ ᠬᠤᠶᠠᠯᠢ ᠲᠠᠴᠢᠶᠠᠯ ᠲᠠᠢ᠂ ᠨᠢᠭᠡ ᠡᠳᠦᠷ ᠠᠷᠪᠠᠨ ᠡᠮ᠎ᠡ ᠡᠳ᠋ᠯᠡᠪᠡᠴᠦ ᠬᠠᠨᠵᠤ ᠶᠠᠳᠠᠷᠠᠳᠠᠭ ᠦᠭᠡᠢ ᠭᠡᠨ᠎ᠡ 》 ᠭᠡᠵᠦ ᠡᠮᠡᠰ ᠬᠡᠦᠬᠡᠨ ᠨᠦ᠍ᠭᠦᠳ ᠰᠠᠮ ᠰᠢᠪᠢᠷ ᠠᠪᠢᠷ ᠶᠠᠷᠢᠬᠤ ᠶ᠋ᠢ ᠰᠣᠨᠣᠰᠬᠤ ᠪᠦᠷᠢ ᠳᠠᠰᠤᠨ ᠲᠡᠪᠴᠢᠵᠦ ᠪᠣᠯᠤᠮᠠᠷ ᠦᠭᠡᠢ ᠳᠤᠷ᠎ᠠ ᠬᠦᠰᠡᠯ ᠨᠢ ᠣᠷᠭᠢᠯᠳᠠᠭ ᠪᠢᠯᠡ᠃ ᠬᠤᠯᠠᠨ ᠡᠢᠮᠦ ᠵᠣᠪᠠᠯᠠᠩᠲᠤ ᠳᠤᠷᠠᠯᠠᠯ ᠤ᠋ᠨ ᠢ᠋ᠶ᠋ᠠᠨ ᠬᠦᠴᠦ ᠪᠡᠷ ᠲᠡᠮᠦᠵᠢᠨ ᠳ᠋ᠦ᠍ ᠪᠠᠭᠤᠵᠤ ᠥᠭᠬᠦ ᠶ᠋ᠢ ᠡᠴᠢᠭᠡ ᠡᠴᠡ ᠪᠡᠨ ᠬᠠᠲᠠᠭᠤ ᠱᠠᠭᠠᠷᠳᠠᠭᠰᠠᠨ ᠪᠢᠯᠡ᠃ ᠡᠬᠡ ᠡᠴᠡ ᠥᠨᠥᠴᠢᠷᠡᠵᠦ ᠬᠣᠴᠣᠷᠤᠭᠰᠠᠨ ᠬᠤᠯᠠᠨ ᠥᠬᠢᠨ ᠳ᠋ᠡᠭᠡᠨ ᠳ᠋ᠠᠢᠷ ᠤᠰᠤᠨ ᠲᠤᠢᠯ ᠤ᠋ᠨ ᠬᠠᠢᠷᠠᠲᠠᠢ ᠴᠤ᠌ ᠥᠪᠡᠷ ᠦ᠋ᠨ ᠠᠮᠢ ᠨᠠᠰᠤ ᠬᠠᠷ᠎ᠠ ᠲᠣᠯᠣᠭᠠᠢ ᠳ᠋ᠠᠭᠠᠨ ᠲᠡᠭᠦᠨ ᠡᠴᠡ ᠢᠯᠡᠭᠦᠦ ᠬᠠᠢᠷᠠᠲᠠᠢ ᠤᠴᠢᠷ ᠲᠡᠮᠦᠵᠢᠨ ᠳ᠋ᠦ᠍ ᠪᠠᠭᠤᠵᠤ ᠥᠭᠬᠦ ᠪᠡᠷ ᠰᠢᠢᠳᠦᠭᠰᠡᠨ ᠢ᠋ ᠬᠤᠯᠠᠨ ᠭᠠᠳᠠᠷᠯᠠᠬᠤ ᠦᠭᠡᠢ ᠥᠩᠭᠡᠷᠡᠵᠡᠢ᠃ ᠬᠤᠯᠠᠨ ᠳ᠋ᠤ᠌ ᠰᠠᠨᠠᠭᠠᠷᠬᠠᠭᠰᠠᠨ᠂ ᠲᠠᠴᠢᠶᠠᠳᠠᠭᠰᠠᠨ ᠡᠷᠡᠰ ᠣᠯᠠᠨ ᠪᠠᠢᠪᠠ᠃ ᠪᠦᠷ ᠬᠠᠷ᠎ᠠ ᠪᠦᠷᠦᠢ ᠪᠡᠷ ᠬᠦᠴᠦ ᠪᠡᠷ ᠡᠵᠡᠮᠳᠡᠬᠦ ᠭᠡᠰᠡᠨ ᠨᠢᠭᠡ ᠶᠡᠬᠡ ᠰᠠᠨᠠᠭᠠᠲᠤ ᠡᠷ᠎ᠡ ᠶ᠋ᠢ ᠵᠢᠵᠢᠭ ᠬᠢᠲᠤᠭ᠎ᠠ ᠪᠠᠷ ᠤᠯᠠᠭᠠᠨ ᠰᠤᠭᠤ ᠤᠷᠤᠭᠤ ᠨᠢ ᠲᠥᠷᠥᠵᠦ ᠪᠡᠶ᠎ᠡ ᠪᠡᠨ ᠠᠪᠤᠷᠠᠭᠰᠠᠨ ᠶᠠᠪᠤᠳᠠᠯ ᠴᠤ᠌ ᠪᠣᠢ ᠶᠤᠮ᠃ ᠬᠤᠯᠠᠨ ᠥᠪᠡᠷ ᠦ᠋ᠨ ᠵᠣᠷᠢᠮᠠᠭ ᠬᠤᠷᠴᠠ ᠵᠠᠩ ᠤ᠋ᠨ ᠠᠴᠢ ᠪᠠᠷ ᠣᠯᠠᠨ ᠡᠷ᠎ᠡ ᠶ᠋ᠢᠨ ᠴᠢᠪᠢᠯᠲᠦ ᠬᠦᠰᠡᠯ ᠡᠴᠡ ᠠᠪᠤᠷᠠᠭᠳᠠᠵᠠᠢ᠃ ᠬᠡᠷᠪᠡ ᠡᠴᠢᠭᠡ ᠨᠢ ᠲᠡᠭᠦᠨ ᠦ᠌ ᠬᠦᠰᠡᠯ ᠢ᠋ ᠡᠰᠡ ᠳᠠᠭᠠᠪᠠᠯ ᠲᠡᠮᠦᠵᠢᠨ ᠢ ᠳᠣᠪᠲᠣᠯᠤᠨ ᠢᠷᠡᠬᠦ ᠳ᠋ᠦ᠍ ᠰᠢᠭᠤᠳ ᠥᠪᠡᠷ ᠢ᠋ᠶ᠋ᠡᠨ ᠣᠴᠢᠨ᠎ᠠ ᠭᠡᠵᠦ ᠲᠡᠷᠡ ᠰᠢᠢᠳᠦᠭᠰᠡᠨ ᠪᠠᠢᠪᠠ᠃ ᠡᠨᠡ ᠶᠡᠬᠡ ᠣᠰᠣᠯ ᠲᠠᠢ ᠬᠡᠷᠡᠭ ᠶᠦᠮ᠃ ᠭᠤᠸ᠎ᠠ ᠦᠵᠡᠮᠵᠢᠲᠦ ᠪᠦᠰᠡᠭᠦᠢ ᠭᠠᠭᠴᠠᠭᠠᠷ ᠳᠡᠯ ᠰᠤᠯᠠ ᠶᠠᠪᠤᠬᠤ ᠨᠢ ᠲᠡᠮᠦᠵᠢᠨ ᠳ᠋ᠦ᠍ ᠣᠴᠢᠬᠤ ᠶ᠋ᠢᠨ ᠡᠮᠦᠨ᠎ᠡ ᠥᠭᠡᠷ᠎ᠡ ᠡᠷ᠎ᠡ ᠶ᠋ᠢᠨ ᠬᠦᠴᠦᠨ ᠳ᠋ᠦ᠍ ᠠᠪᠲᠠᠨ ᠡᠮ᠎ᠡ ᠪᠡᠶ᠎ᠡ ᠪᠡᠨ ᠡᠳ᠋ᠯᠡᠭᠦᠯᠦᠨ ᠪᠤᠯᠢᠶᠠᠭᠳᠠᠬᠤ ᠠᠶᠤᠯᠲᠠᠢ ᠲᠤᠯᠠ ᠡᠴᠢᠭᠡ ᠶ᠋ᠢᠨ ᠥᠨᠳᠥᠷ ᠨᠡᠷ᠎ᠡ ᠶ᠋ᠢᠨ ᠬᠠᠮᠠᠭᠠᠯᠠᠯ ᠳᠣᠣᠷ᠎ᠠ ᠣᠴᠢᠬᠤ ᠵᠠᠮ ᠢ᠋ ᠰᠣᠩᠭᠣᠭᠰᠠᠨ ᠨᠢ ᠵᠥᠪ ᠪᠠᠢᠪᠠ᠃ ᠭᠡᠲᠡᠯ᠎ᠡ ᠠᠰᠢᠭᠦᠢ ᠲᠡᠮᠦᠵᠢᠨ ᠮᠡᠷᠭᠢᠳ ᠠᠢᠮᠠᠭ ᠢ᠋ ᠬᠦᠴᠦ ᠪᠡᠷ ᠳᠠᠭᠠᠭᠤᠯᠤᠨ ᠠᠪᠬᠤ ᠨᠢ ᠲᠣᠳᠣᠷᠬᠠᠢ ᠪᠣᠯᠵᠤ ᠬᠤᠯᠠᠨ ᠤ᠋ ᠰᠡᠳᠬᠢᠯ ᠢ᠋ ᠭᠡᠢᠭᠦᠯᠵᠡᠢ᠃ ᠮᠡᠷᠭᠢᠳ ᠦ᠋ᠳ ᠪᠦᠭᠦᠳᠡ ᠠᠢᠰᠤᠢ ᠰᠦᠢᠷᠡᠯ ᠮᠥᠬᠥᠯ ᠢ ᠮᠡᠳᠡᠭᠡᠳ ᠤᠬᠢᠯᠠᠵᠤ ᠤᠨᠵᠢᠵᠤ ᠲᠠᠷᠠᠵᠤ ᠵᠢᠭᠤᠲᠠᠵᠤ ᠪᠠᠢᠬᠤ ᠳ᠋ᠤ᠌ ᠭᠠᠭᠴᠠ ᠬᠤᠯᠠᠨ ᠯᠠ ᠳᠠᠭᠤᠯᠠᠬᠤ ᠨᠢ ᠬᠣᠯᠠ ᠦᠭᠡᠢ ᠪᠠᠶᠠᠷ ᠬᠥᠷ ᠳᠦᠭᠦᠷᠡᠩ ᠪᠠᠢᠪᠠ᠃ ᠬᠤᠯᠠᠨ ᠲᠡᠮᠦᠵᠢᠨ ᠲᠡᠢ ᠤᠴᠠᠷᠠᠬᠤ ᠶ᠋ᠢᠨ ᠲᠤᠯᠠᠳᠠ ᠪᠦᠬᠦ ᠮᠡᠷᠭᠢᠳ ᠠᠢᠮᠠᠭ ᠢ ᠰᠥᠨᠥᠭᠡᠬᠦ ᠳ᠋ᠦ᠍ ᠴᠦ᠍ ᠪᠡᠯᠡᠨ ᠶᠦᠮ᠃ ᠤᠭ ᠠ᠋ᠴᠠ ᠣᠳᠣ ᠨᠢᠭᠡᠨᠲᠡ ᠬᠦᠴᠦᠨ ᠮᠡᠬᠦᠰᠳᠡᠭᠰᠡᠨ ᠦᠶ᠎ᠡ ᠳ᠋ᠦ᠍ ᠲᠡᠮᠦᠵᠢᠨ ᠲᠡᠢ ᠲᠡᠮᠡᠴᠡᠭᠰᠡᠨ ᠡᠴᠡ ᠪᠠᠭᠤᠨ ᠥᠭᠴᠦ ᠳᠠᠭᠠᠷ᠎ᠠ ᠣᠷᠣᠬᠤ ᠨᠢ ᠵᠥᠪ ᠭᠡᠵᠦ ᠬᠤᠯᠠᠨ ᠪᠣᠳᠣᠨ᠎ᠠ᠃ ᠭᠡᠲᠡᠯ᠎ᠡ ᠮᠡᠷᠭᠢᠳ ᠦ᠋ᠨ ᠲᠣᠯᠣᠭᠠᠢᠯᠠᠭᠴᠢ ᠠᠬᠠᠮᠠᠳ ᠤ᠋ᠳ ᠪᠣᠯᠤᠭᠠᠳ ᠡᠴᠢᠭᠡ ᠨᠢ ᠢᠩᠭᠢᠬᠦ ᠶ᠋ᠢ ᠬᠦᠰᠡᠬᠦ ᠦᠭᠡᠢ ᠪᠠᠢᠭ᠎ᠠ ᠶ᠋ᠢ ᠲᠡᠷᠡ ᠦᠯᠦ ᠣᠢᠯᠠᠭᠠᠵᠠᠢ᠃ ᠣᠭᠲᠣ ᠤᠳᠬ᠎ᠠ ᠦᠭᠡᠢ ᠵᠦᠢᠯ ᠦ᠋ᠨ ᠲᠥᠯᠥᠭᠡ ᠬᠠᠢᠷᠠᠨ ᠠᠮᠢ ᠪᠠᠨ ᠦᠷᠡᠵᠦ ᠬᠠᠮᠤᠭ ᠢ᠋ᠶ᠋ᠠᠨ ᠠᠯᠳᠠᠬᠤ ᠭᠡᠳ ᠪᠠᠢᠭ᠎ᠠ ᠨᠢ ᠬᠠᠷᠠᠮᠰᠠᠯᠲᠠᠢ᠃ ᠭᠡᠪᠡᠴᠦ ᠦᠨᠡᠨ ᠳ᠋ᠡᠭᠡᠨ ᠬᠡᠨ ᠦᠬᠦᠬᠦ᠂ ᠦᠯᠡᠳᠡᠬᠦ ᠨᠢ ᠬᠤᠯᠠᠨ ᠳ᠋ᠤ᠌ ᠣᠭᠲᠣ ᠬᠠᠮᠢᠶ᠎ᠠ ᠦᠭᠡᠢ ᠪᠥᠭᠡᠳ ᠬᠦᠰᠡᠯ ᠢ᠋ᠶ᠋ᠡᠨ ᠪᠡᠶᠡᠯᠡᠭᠦᠯᠵᠦ᠂ ᠬᠦᠴᠦᠷᠬᠡᠭ ᠲᠡᠮᠦᠵᠢᠨ ᠤ ᠬᠠᠲᠤᠨ ᠯᠠ ᠪᠣᠯᠬᠤ ᠶᠣᠰᠣᠲᠠᠢ ᠭᠡᠵᠦ ᠪᠣᠳᠣᠨ᠎ᠠ᠃ ᠲᠡᠷᠡ ᠣᠩᠭᠣᠨ ᠪᠡᠶ᠎ᠡ ᠪᠡᠨ ᠭᠠᠭᠴᠠ ᠲᠡᠮᠦᠵᠢᠨ ᠳ᠋ᠦ᠍ ᠥᠭᠭᠦᠨ᠎ᠡ ᠭᠡᠵᠦ ᠰᠢᠢᠳᠦᠭᠰᠡᠨ ᠪᠢᠯᠡ᠃ ᠬᠤᠯᠠᠨ ᠢ᠋ ᠡᠳᠦᠢ ᠳ᠋ᠦ᠍ ᠮᠡᠷᠭᠢᠳ ᠦ᠋ᠨ ᠨᠢᠭᠡ ᠡᠷ᠎ᠡ ᠵᠠᠭᠤᠨ ᠠᠭᠲᠠ ᠪᠠᠷ ᠬᠤᠳᠠᠯᠳᠤᠨ ᠠᠪᠬᠤ ᠭᠡᠵᠦ ᠡᠴᠢᠭᠡ ᠲᠡᠢ ᠨᠢ ᠲᠣᠬᠢᠷᠠᠭᠰᠠᠨ ᠪᠣᠯᠪᠠᠴᠤ ᠠᠰᠢᠭᠦᠢ ᠲᠡᠮᠦᠵᠢᠨ ᠳᠣᠪᠲᠣᠯᠤᠨ ᠢᠷᠡᠬᠦ ᠰᠤᠷᠠᠭ ᠭᠠᠷᠤᠭᠰᠠᠨ ᠢ᠋ᠶ᠋ᠠᠷ ᠲᠡᠳᠡᠨ ᠦ᠌ ᠡᠨᠡ ᠪᠣᠳᠣᠯ ᠢ᠋ ᠲᠠᠰᠤᠯᠳᠠᠭᠤᠯᠵᠠᠢ᠃ ᠬᠤᠯᠠᠨ ᠡᠭᠦᠨ ᠢ᠋ ᠲᠡᠭᠷᠢ ᠶ᠋ᠢᠨ ᠠᠪᠤᠷᠠᠯ ᠭᠡᠵᠦ ᠣᠢᠯᠠᠭᠠᠭᠠᠳ᠂ ᠲᠡᠮᠦᠵᠢᠨ ᠭᠠᠭᠴᠠ ᠥᠪᠡᠷ ᠢ᠋ ᠨᠢ ᠠᠪᠬᠤ ᠭᠡᠵᠦ ᠮᠡᠷᠭᠢᠳ ᠠᠢᠮᠠᠭ ᠢ ᠳᠠᠢᠯᠠᠬᠤ ᠭᠡᠰᠡᠨ ᠮᠡᠲᠦ ᠰᠡᠳᠬᠢᠨ ᠲᠡᠭᠷᠢ ᠳ᠋ᠦ᠍ ᠮᠥᠷᠭᠥᠵᠦ᠂ ᠬᠤᠷᠳᠤᠨ ᠢᠷᠡᠭᠦᠯᠬᠦ ᠶ᠋ᠢ ᠬᠦᠰᠡᠬᠦ ᠪᠣᠯᠵᠠᠢ᠃
ᠤᠳᠠᠯ ᠦᠭᠡᠢ ᠬᠤᠯᠠᠨ ᠤ᠋ ᠪᠦᠲᠦᠨ ᠵᠤᠨᠵᠢᠨ ᠬᠦᠯᠢᠶᠡᠭᠰᠡᠨ ᠡᠳᠦᠷ ᠪᠣᠯᠵᠤ ᠨᠠᠮᠤᠷ ᠤ᠋ᠨ ᠰᠠᠷ᠎ᠠ ᠶ᠋ᠢᠨ ᠳᠤᠮᠳᠠᠭᠤᠷ ᠲᠡᠮᠦᠵᠢᠨ ᠦ᠌ ᠴᠡᠷᠢᠭ ᠳᠣᠪᠲᠣᠯᠤᠨ ᠢᠷᠡᠵᠦ ᠮᠡᠷᠭᠢᠳ ᠦ᠋ᠳ ᠡᠰᠡᠷᠭᠦᠴᠡᠵᠦ ᠲᠥᠪᠳᠡᠭᠰᠡᠨ ᠦᠭᠡᠢ ᠤᠨᠳᠤᠢ ᠰᠤᠨᠳᠤᠢ ᠵᠢᠭᠤᠲᠠᠭᠠᠪᠠ᠃ ᠳ᠋ᠠᠢᠷ ᠤᠰᠤᠨ ᠠᠢᠮᠠᠭ ᠤ᠋ᠨ ᠬᠢᠨ ᠡᠴᠡ ᠪᠡᠨ ᠤᠯᠠᠢᠮ᠎ᠠ ᠴᠠᠢᠮ᠎ᠠ ᠬᠣᠴᠣᠷᠴᠤ ᠦᠯᠦ ᠴᠢᠳᠠᠬᠤ ᠲᠤᠯᠠ ᠬᠠᠮᠲᠤ ᠵᠢᠭᠤᠲᠠᠭᠠᠵᠤ ᠬᠡᠳᠦ ᠬᠣᠨᠣᠭ ᠤ᠋ᠨ ᠳᠠᠷᠠᠭ᠎ᠠ ᠰᠠᠭᠠᠷᠢ ᠬᠡᠭᠡᠷ᠎ᠡ ᠶ᠋ᠢᠨ ᠲᠠᠯ᠎ᠠ ᠳ᠋ᠤ᠌ ᠲᠡᠮᠦᠵᠢᠨ ᠦ᠌ ᠴᠡᠷᠢᠭ ᠲᠦ᠍ ᠭᠦᠢᠴᠡᠭᠳᠡᠨ᠂ ᠲᠣᠭᠲᠠᠭ᠎ᠠ ᠪᠡᠬᠢ ᠲᠣᠯᠣᠭᠠᠢᠯᠠᠭᠴᠢ ᠨᠢ ᠬᠣᠳᠣ᠂ ᠴᠢᠯᠠᠭᠤᠨ ᠬᠥᠪᠡᠭᠦᠳ ᠦ᠋ᠨ ᠢ᠋ᠶ᠋ᠡᠨ ᠬᠠᠮᠲᠤ ᠡᠮᠡᠰ᠂ ᠥᠬᠢᠳ ᠢ᠋ᠶ᠋ᠡᠨ ᠴᠦ᠍ ᠣᠷᠬᠢᠨ ᠵᠠᠢᠯᠠᠵᠤ ᠪᠤᠰᠤᠳ ᠨᠢ ᠪᠦᠭᠦᠳᠡᠭᠡᠷ ᠣᠯᠵᠠᠯᠠᠭᠳᠠᠵᠠᠢ᠃ ᠬᠤᠯᠠᠨ ᠳᠠᠢᠰᠤᠨ ᠤ᠋ ᠴᠡᠷᠢᠭ ᠳᠣᠪᠲᠣᠯᠤᠨ ᠢᠷᠡᠭᠰᠡᠨ ᠡᠳᠦᠷ ᠡᠴᠡ ᠬᠣᠢᠰᠢ ᠬᠡᠳᠦ ᠬᠣᠨᠣᠭ ᠤ᠋ᠨ ᠲᠤᠷᠰᠢ ᠲᠡᠮᠦᠵᠢᠨ ᠢ᠋ ᠣᠯᠵᠤ ᠬᠠᠷᠠᠬᠤ ᠭᠡᠳ ᠴᠢᠳᠠᠭᠰᠠᠨ ᠦᠭᠡᠢ᠃ ᠬᠡᠷᠪᠡ ᠲᠡᠮᠦᠵᠢᠨ ᠦᠵᠡᠭᠳᠡᠪᠡᠯ ᠳᠠᠷᠤᠢ ᠭᠦᠶᠦᠵᠦ ᠣᠴᠢᠬᠤ ᠳ᠋ᠤ᠌ ᠪᠡᠯᠡᠨ ᠪᠠᠢᠪᠠ᠃ ᠭᠡᠲᠡᠯ᠎ᠡ ᠳᠠᠢᠰᠤᠨ ᠤ᠋ ᠵᠡᠷᠯᠢᠭ ᠴᠡᠷᠢᠭ ᠳᠣᠪᠲᠣᠯᠤᠨ ᠢᠷᠡᠭᠰᠡᠨ ᠡᠢᠮᠦ ᠦᠶ᠎ᠡ ᠳ᠋ᠦ᠍ ᠬᠤᠯᠠᠨ ᠮᠡᠲᠦ ᠶ᠋ᠢᠨ ᠦᠵᠡᠮᠵᠢ ᠴᠡᠪᠡᠷ ᠥᠬᠢᠳ ᠢᠯᠡ ᠵᠠᠳᠠᠭᠠᠢ ᠶᠠᠪᠤᠬᠤ ᠨᠢ ᠶᠡᠷᠦ ᠡᠴᠡ ᠦᠬᠦᠭᠰᠡᠨ ᠲᠡᠢ ᠠᠳᠠᠯᠢ ᠲᠤᠯᠠ ᠳ᠋ᠠᠢᠷ ᠤᠰᠤᠨ ᠥᠬᠢᠨ ᠢ᠋ᠶ᠋ᠡᠨ ᠲᠠᠰᠤ ᠨᠢᠭᠤᠵᠠᠢ᠃ ᠲᠡᠮᠦᠵᠢᠨ ᠬᠠᠨ ᠬᠥᠮᠦᠨ ᠲᠤᠯᠠ ᠵᠢᠷ ᠦ᠋ᠨ ᠴᠡᠷᠢᠭ ᠦ᠋ᠳ ᠲᠡᠢ ᠬᠤᠳᠬᠤᠯᠳᠤᠨ ᠪᠠᠢᠯᠳᠤᠳᠠᠭ ᠦᠭᠡᠢ ᠶ᠋ᠢ ᠬᠤᠯᠠᠨ ᠮᠡᠳᠡᠭᠡ ᠦᠭᠡᠢ ᠪᠢᠯᠡ᠃ ᠲᠣᠯᠣᠭᠠᠢ ᠳ᠋ᠤ᠌ ᠨᠥᠮᠥᠷᠦᠭᠰᠡᠨ ᠠᠯᠴᠢᠭᠤᠷ ᠳᠣᠣᠷ᠎ᠠ ᠠ᠋ᠴᠠ ᠬᠠᠮᠢᠭ᠎ᠠ ᠬᠣᠯᠠ ᠳ᠋ᠤ᠌ ᠪᠡᠶ᠎ᠡ ᠬᠠ ᠥᠨᠳᠥᠷ ᠰᠦᠷᠯᠢᠭ ᠡᠷ᠎ᠡ ᠬᠠᠷᠠᠭᠳᠠᠪᠠᠯ ᠡᠨᠡ ᠲᠡᠮᠦᠵᠢᠨ ᠪᠢᠵᠡ ᠭᠡᠵᠦ ᠪᠣᠳᠣᠬᠤ ᠠᠪᠠᠴᠤ ᠪᠠᠰᠠ ᠯᠠ ᠪᠢᠰᠢ ᠪᠠᠢᠬᠤ ᠠᠵᠢ᠃ ᠬᠤᠯᠠᠨ ᠳᠣᠲᠣᠷ᠎ᠠ ᠪᠠᠨ ᠲᠡᠮᠦᠵᠢᠨ ᠢ᠋ ᠳᠠᠷᠤᠢ ᠵᠢᠷᠭᠤᠭᠠᠨ ᠲᠣᠬᠣᠢ ᠨᠢᠷᠤᠭᠤ ᠲᠠᠢ᠂ ᠵᠢᠷᠤᠮᠠᠯ ᠬᠠᠷ᠎ᠠ ᠬᠥᠮᠥᠰᠬᠡ ᠲᠡᠢ᠂ ᠲᠣᠮᠣ ᠬᠠᠷ᠎ᠠ ᠨᠢᠳᠦ ᠲᠡᠢ᠂ ᠲᠣᠭᠲᠠᠭᠤᠨ ᠰᠠᠢᠬᠠᠨ ᠬᠠᠷᠠᠴᠠ ᠲᠠᠢ ᠡᠷ᠎ᠡ ᠪᠠᠢᠨ᠎ᠠ ᠭᠡᠵᠦ ᠪᠣᠳᠣᠬᠤ ᠪᠢᠯᠡ᠃ ᠬᠠᠷᠢᠨ ᠳ᠋ᠠᠢᠷ ᠤᠰᠤᠨ ᠬᠠᠰᠢᠷ ᠬᠥᠮᠦᠨ ᠲᠤᠯᠠ ᠠᠷᠭ᠎ᠠ ᠡᠪ ᠢ᠋ ᠣᠯᠵᠤ ᠪᠠᠢᠭᠠᠳ ᠲᠡᠭᠦᠨ ᠢ᠋ ᠠᠯᠪᠠᠲᠤ ᠨᠤᠭᠤᠳ ᠤ᠋ᠨ ᠬᠢᠨᠢ ᠬᠠᠮᠲᠤ ᠣᠯᠵᠠᠯᠠᠨ ᠠᠪᠤᠭᠰᠠᠨ ᠲᠡᠮᠦᠵᠢᠨ ᠦ᠌ ᠴᠡᠷᠢᠭ ᠦ᠋ᠨ ᠨᠣᠶᠠᠨ ᠨᠠᠶᠠ ᠭᠡᠭᠴᠢ ᠲᠡᠢ ᠠᠭᠤᠯᠵᠠᠵᠤ ᠠᠮᠵᠢᠵᠠᠢ᠃
| ᠪᠢ ᠬᠤᠯᠠᠨ ᠨᠡᠷᠡᠲᠦ ᠥᠬᠢᠨ ᠢ᠋ᠶ᠋ᠡᠨ ᠴᠢᠩᠭᠢᠰ ᠬᠠᠭᠠᠨ ᠳ᠋ᠤ᠌ ᠦᠵᠡᠭᠦᠯᠬᠦ ᠬᠦᠰᠡᠯ ᠲᠡᠢ᠂ ᠭᠡᠲᠡᠯ᠎ᠡ ᠲᠡᠮᠦᠵᠢᠨ ᠦ᠌ ᠨᠡᠷ᠎ᠡ ᠠᠯᠳᠠᠷ ᠢ᠋ ᠰᠣᠨᠣᠰᠤᠭᠰᠠᠨ ᠨᠠᠶᠠ
| ᠴᠢ ᠲᠡᠭᠡᠪᠡᠯ ᠮᠠᠨ ᠤ᠋ ᠳ᠋ᠤ᠌ ᠲᠦᠷ ᠬᠦᠯᠢᠶᠡ᠃ ᠭᠠᠭᠴᠠᠭᠠᠷ ᠶᠠᠪᠤᠪᠠᠯ ᠵᠠᠮ ᠵᠠᠭᠤᠷ᠎ᠠ ᠴᠡᠷᠢᠭ᠂ ᠠᠷᠠᠳ ᠤ᠋ᠳ ᠥᠬᠢᠨ ᠢ᠋ ᠴᠢᠨᠢ ᠬᠦᠴᠦᠷᠬᠡᠢᠯᠡᠵᠦ ᠮᠡᠳᠡᠨ᠎ᠡ᠃ ᠪᠢ ᠴᠢᠩᠭᠢᠰ ᠬᠠᠭᠠᠨ ᠳ᠋ᠤ᠌ ᠴᠣᠭ ᠣᠴᠢᠶ᠎ᠠ ᠭᠡᠬᠦ ᠳ᠋ᠦ᠍ ᠬᠤᠯᠠᠨ ᠲᠡᠷᠡ ᠪᠠᠶᠠᠷᠬᠦᠦ ᠰᠠᠢᠬᠠᠨ ᠡᠷ᠎ᠡ ᠡᠴᠡ ᠪᠢᠰᠢᠭᠦᠷᠬᠡᠨ ᠠᠶᠤᠵᠤ ᠪᠠᠰᠠ ᠳᠣᠲᠣᠷ᠎ᠠ ᠪᠠᠨ ᠡᠨᠡ ᠨᠣᠶᠠᠨ ᠰᠠᠳᠤᠷᠯᠠᠬᠤ ᠭᠡᠪᠡᠯ ᠶᠠᠭᠠᠬᠢᠨ᠎ᠠ ᠭᠡᠵᠦ ᠲᠦᠭᠰᠢᠭᠰᠡᠨ ᠴᠦ᠍ ᠲᠡᠳᠡᠨ ᠳ᠋ᠦ᠍ ᠡᠭᠦᠨ ᠡᠴᠡ ᠥᠭᠡᠷ᠎ᠡ ᠵᠠᠮ ᠦᠭᠡᠢ ᠲᠤᠯᠠ ᠦᠭᠡ ᠶ᠋ᠢ ᠨᠢ ᠳᠠᠭᠠᠵᠠᠢ᠃ ᠤᠳᠠᠯ ᠦᠭᠡᠢ ᠡᠨᠡ ᠨᠠᠶᠠ ᠨᠣᠶᠠᠨ ᠤ᠋ ᠢᠪᠡᠭᠡᠯ ᠳ᠋ᠦ᠍ ᠣᠷᠣᠭᠰᠠᠨ ᠨᠢ ᠵᠠᠪᠰᠢᠶᠠᠨ ᠲᠠᠢ ᠬᠡᠷᠡᠭ ᠪᠣᠯᠬᠤ ᠶ᠋ᠢ ᠲᠡᠳᠡ ᠦᠵᠡᠪᠡ᠃ ᠲᠡᠮᠦᠵᠢᠨ ᠤ ᠴᠡᠷᠢᠭ ᠦ᠋ᠳ ᠮᠡᠷᠭᠢᠳ ᠦ᠋ᠨ ᠵᠢᠰᠦ ᠭᠤᠸ᠎ᠠ ᠡᠮᠡᠰ ᠥᠬᠢᠳ ᠪᠦᠭᠦᠳᠡ ᠶ᠋ᠢ ᠲᠠᠯ᠎ᠠ ᠲᠠᠯ᠎ᠠ ᠲᠡᠰᠢ ᠬᠤᠪᠢᠶᠠᠨ ᠠᠪᠤᠭᠠᠳ ᠦᠭᠡᠢ ᠪᠣᠯᠵᠠᠢ᠃ ᠠᠷᠠᠢ ᠳᠣᠣᠷ᠎ᠠ ᠰᠢᠭ᠋ ᠢ᠋ ᠨᠢ ᠠᠶᠤᠵᠤ ᠢᠴᠢᠬᠦ ᠶᠠᠭᠤᠮ᠎ᠠ ᠦᠭᠡᠢ ᠪᠡᠷ ᠬᠦᠴᠦᠷᠬᠡᠨ ᠡᠳ᠋ᠯᠡᠵᠦ᠂ ᠮᠠᠯ ᠬᠥᠷᠥᠩᠭᠡ ᠶ᠋ᠢ ᠦᠯᠡᠳᠡᠭᠡᠯ ᠦᠭᠡᠢ ᠲᠡᠯᠡᠵᠦ ᠠᠪᠤᠪᠠ᠃ ᠬᠠᠷᠢᠨ ᠡᠨᠡ ᠨᠠᠶᠠ ᠨᠣᠶᠠᠨ ᠬᠤᠯᠠᠨ ᠳ᠋ᠤ᠌ ᠬᠡᠳᠦᠢ ᠬᠠᠷᠠᠴᠠ ᠤᠨᠠᠭᠠᠪᠠᠴᠤ ᠶᠡᠷᠦ ᠱᠠᠯᠢᠭᠯᠠᠬᠤ ᠰᠠᠨᠠᠭ᠎ᠠ ᠡᠪᠦᠷᠯᠡᠭᠰᠡᠨ ᠦᠭᠡᠢ᠂ ᠲᠥᠯᠥᠪ ᠨᠢᠷᠤᠭᠤ ᠲᠠᠢ ᠡᠷ᠎ᠡ ᠪᠠᠢᠭᠰᠠᠨ ᠳ᠋ᠤ᠌ ᠬᠤᠯᠠᠨ ᠲᠠᠯᠠᠷᠬᠠᠯᠲᠠᠢ ᠪᠣᠯᠵᠠᠢ᠃ ᠭᠤᠷᠪᠠᠨ ᠡᠳᠦᠷ ᠦ᠋ᠨ ᠬᠣᠢᠨ᠎ᠠ ᠨᠠᠶᠠ ᠨᠣᠶᠠᠨ᠂ ᠬᠤᠯᠠᠨ ᠢ᠋ ᠲᠡᠮᠦᠵᠢᠨ ᠳ᠋ᠦ᠍ ᠦᠵᠡᠭᠦᠯᠬᠦ ᠪᠡᠷ ᠡᠴᠢᠭᠡ ᠶ᠋ᠢᠨ ᠬᠢᠨᠢ ᠬᠠᠮᠲᠤ ᠳᠠᠭᠠᠭᠤᠯᠤᠨ ᠶᠠᠪᠤᠯ᠎ᠠ᠃ ᠬᠤᠯᠠᠨ ᠤ᠋ ᠰᠡᠳᠬᠢᠯ ᠦ᠋ᠨ ᠳᠣᠭᠳᠣᠯᠤᠯ ᠬᠢᠵᠠᠭᠠᠷ ᠦᠭᠡᠢ ᠪᠣᠯᠵᠠᠢ᠃ ᠪᠡᠯᠡᠳᠴᠦ ᠵᠠᠬᠢᠭᠰᠠᠨ ᠬᠤᠪᠴᠠᠰᠤ ᠪᠠᠨ ᠡᠮᠦᠰᠴᠦ ᠡᠩᠭᠡᠰᠬᠡ ᠲᠠᠯᠪᠢᠬᠤ ᠪᠠᠨ ᠴᠤ᠌ ᠮᠠᠷᠲᠠᠭᠰᠠᠨ ᠦᠭᠡᠢ᠃ ᠵᠠᠮ ᠵᠠᠭᠤᠷ᠎ᠠ ᠳᠠᠭᠠᠯᠳᠤᠨ ᠶᠠᠪᠤᠭᠰᠠᠨ ᠪᠣᠷᠵᠢᠭᠢᠨ ᠠᠢᠮᠠᠭ ᠤ᠋ᠨ ᠴᠡᠷᠢᠭ ᠦ᠋ᠳ ᠪᠦᠭᠦᠳᠡᠭᠡᠷ ᠲᠡᠮᠦᠵᠢᠨ ᠢ᠋ 《ᠴᠢᠩᠭᠢᠰ ᠬᠠᠭᠠᠨ》 ᠭᠡᠵᠦ ᠬᠡᠯᠡᠯᠴᠡᠬᠦ ᠨᠢ ᠬᠤᠯᠠᠨ ᠳ᠋ᠤ᠌ ᠳᠣᠲᠣᠨᠣ ᠰᠠᠢᠬᠠᠨ ᠪᠠᠢᠯ᠎ᠠ᠃ ᠥᠨᠳᠥᠷ ᠡᠪᠡᠰᠦᠲᠦ ᠰᠠᠭᠠᠷᠢ ᠬᠡᠭᠡᠷ᠎ᠡ ᠶ᠋ᠢᠨ ᠲᠠᠯ᠎ᠠ ᠶ᠋ᠢᠨ ᠬᠣᠢᠮᠣᠷ ᠲᠤ᠌ ᠭᠠᠳᠠᠨ᠎ᠠ ᠨᠢ ᠶᠡᠬᠡ ᠬᠠᠷ᠎ᠠ ᠰᠦᠯᠳᠡ ᠮᠠᠨᠳᠤᠭᠤᠯᠤᠭᠰᠠᠨ ᠬᠥᠩᠭᠡᠨ ᠠᠰᠠᠷ ᠢ᠋ ᠲᠣᠭᠣᠷᠢᠭᠠᠳ ᠬᠡᠳᠦᠨ ᠳᠠᠪᠬᠤᠷ ᠴᠡᠷᠢᠭ ᠪᠦᠰᠡᠯᠡᠨ ᠬᠠᠮᠠᠭᠠᠯᠠᠭᠰᠠᠨ ᠨᠢ ᠦᠵᠡᠭᠰᠡᠨ ᠬᠥᠮᠦᠨ ᠦ᠌ ᠵᠢᠷᠦᠬᠡ ᠶ᠋ᠢ ᠦᠬᠦᠭᠦᠯᠵᠦ ᠡᠷᠬᠡ ᠦᠭᠡᠢ ᠠᠶᠤᠵᠤ ᠰᠦᠷᠳᠡᠮ᠎ᠡ ᠠᠵᠢ᠃ ᠬᠤᠯᠠᠨ ᠰᠦᠷᠳᠡᠵᠦ ᠪᠢᠰᠢᠷᠡᠬᠦ ᠬᠢᠭᠡᠳ ᠬᠦᠰᠡᠨ ᠬᠦᠯᠢᠶᠡᠬᠦ ᠰᠡᠳᠬᠢᠯ ᠳ᠋ᠦ᠍ ᠠᠪᠲᠠᠬᠤ ᠳ᠋ᠠᠭᠠᠨ ᠶᠡᠬᠡ ᠪᠡᠷ ᠳᠣᠭᠳᠣᠯᠤᠨ ᠴᠡᠴᠡᠷᠡᠪᠡ᠃ ᠪᠦᠬᠦ ᠶᠠᠭᠤᠮ᠎ᠠ ᠵᠡᠭᠦᠳᠦ ᠮᠡᠲᠦ ᠠᠵᠢ᠃ ᠣᠳᠣ ᠲᠡᠷᠡ ᠵᠡᠭᠦᠳᠦᠨ ᠦ᠌ ᠬᠦᠰᠡᠯᠡᠩ ᠪᠣᠯᠤᠭᠰᠠᠨ ᠪᠠᠭᠠᠲᠤᠷ ᠡᠷ᠎ᠡ ᠲᠡᠮᠦᠵᠢᠨ ᠲᠡᠢ ᠤᠴᠠᠷᠠᠬᠤ ᠴᠠᠭ ᠢᠷᠡᠵᠡᠢ᠃ ᠦᠷᠭᠦᠭᠡᠨ ᠦ᠌ ᠭᠠᠳᠠᠨ᠎ᠠ ᠵᠣᠭᠰᠣᠬᠤ ᠠᠭᠤᠯᠠ ᠬᠠᠳᠠ ᠰᠢᠭ᠋ ᠣᠯᠠᠨ ᠡᠷᠡᠰ ᠦ᠋ᠨ ᠴᠣᠬᠣᠮ ᠠᠯᠢ ᠨᠢ ᠲᠡᠮᠦᠵᠢᠨ ᠪᠣᠯ ᠭᠡᠵᠦ ᠬᠠᠷᠠᠴᠠ ᠬᠢᠯᠠᠮᠬᠢᠵᠤ ᠶᠠᠪᠤᠵᠠᠢ᠃ ᠮᠡᠷᠭᠢᠳ ᠴᠢᠰᠤᠨ ᠤ᠋ ᠦᠵᠡᠰᠬᠦᠯᠡᠩᠲᠦ ᠪᠦᠰᠡᠭᠦᠢ ᠶ᠋ᠢ ᠬᠠᠷᠠᠭᠰᠠᠨ ᠡᠷᠡᠰ ᠦ᠋ᠨ ᠱᠣᠬᠣᠭᠣᠷᠬᠠᠨ ᠰᠢᠨᠤᠭᠰᠠᠨ ᠨᠢᠳᠦ ᠳᠤᠬᠤᠨ ᠳᠡᠭᠡᠷ᠎ᠡ ᠪᠡᠨ ᠭᠠᠷᠬᠤ ᠶ᠋ᠢ ᠦᠵᠡᠭᠡᠳ ᠳ᠋ᠠᠢᠷ ᠤᠰᠤᠨ ᠥᠬᠢᠨ ᠢ᠋ᠶ᠋ᠡᠷ ᠢ᠋ᠶ᠋ᠡᠨ ᠪᠠᠬᠠᠷᠬᠠᠨ ᠤᠷᠮ᠎ᠠ ᠵᠣᠷᠢᠭ ᠣᠷᠣᠵᠠᠢ᠃ ᠬᠤᠯᠠᠨ ᠰᠡᠳᠬᠢᠯ ᠦ᠋ᠨ ᠬᠦᠰᠡᠯᠡᠩ ᠪᠣᠯᠤᠭᠰᠠᠨ ᠲᠡᠮᠦᠵᠢᠨ ᠢ᠋ ᠲᠠᠨᠢᠬᠤ ᠭᠡᠵᠦ ᠪᠠᠭᠠᠲᠤᠷ ᠡᠷᠡᠰ ᠢ᠋ ᠲᠣᠯᠣᠭᠠᠢ ᠳᠠᠷᠠᠭᠠᠯᠠᠨ ᠰᠢᠷᠳᠡᠪᠡ᠃ ᠪᠦᠭᠦᠳᠡ ᠯᠡ ᠬᠤᠯᠠᠨ ᠤ᠋ ᠥᠭᠡᠳᠡ ᠡᠴᠡ ᠲᠤᠭᠤᠯᠠᠭᠠᠨ ᠤ᠋ ᠪᠠᠨ ᠳᠣᠣᠷ᠎ᠠ ᠠ᠋ᠴᠠ ᠤᠷᠠᠬᠠᠨ ᠢ᠋ᠶ᠋ᠠᠷ ᠰᠢᠷᠳᠡᠬᠦ ᠠᠵᠢ᠃ ᠦᠷᠭᠦᠭᠡᠨ ᠡᠴᠡ ᠨᠢᠭᠡ ᠬᠥᠮᠦᠨ ᠭᠠᠷᠴᠤ ᠢᠷᠡᠭᠡᠳ ᠨᠠᠶᠠ ᠲᠡᠳᠡᠨ ᠢ᠋
| ᠣᠷᠣ ᠭᠡᠰᠡᠨ ᠲᠤᠯᠠ ᠲᠡᠮᠦᠵᠢᠨ ᠳᠣᠲᠣᠷ᠎ᠠ ᠪᠠᠢᠭ᠎ᠠ ᠨᠢ ᠢᠯᠡ ᠪᠣᠯᠪᠠ᠃ ᠣᠳᠣ ᠬᠡᠳᠦᠬᠡᠨ ᠠᠯᠬᠤᠭᠠᠳ ᠲᠡᠮᠦᠵᠢᠨ ᠲᠡᠢ ᠨᠢᠭᠤᠷ ᠤᠴᠠᠷᠠᠨ᠎ᠠ ᠃ ᠪᠦᠬᠦᠨ ᠢ᠋ ᠲᠠᠢᠯᠤᠭᠴᠢ ᠬᠦᠴᠦᠲᠦ ᠪᠠᠭᠠᠲᠤᠷ ᠲᠡᠮᠦᠵᠢᠨ ᠳ᠋ᠦ᠍ ᠲᠠᠭᠠᠯᠠᠭᠳᠠᠬᠤ ᠭᠡᠵᠦ ᠣᠯᠠᠨ ᠵᠢᠯ ᠬᠦᠰᠡᠭᠰᠡᠨ ᠲᠡᠷᠡ ᠮᠥᠴᠡ ᠬᠤᠯᠠᠨ ᠳ᠋ᠤ᠌ ᠢᠷᠡᠯ᠎ᠡ᠃ ᠬᠤᠯᠠᠨ᠂ ᠨᠠᠶᠠ ᠪᠣᠯᠤᠭᠠᠳ ᠡᠴᠢᠭᠡ ᠶ᠋ᠢ ᠪᠡᠨ ᠳ᠋ᠡᠭᠡᠨ ᠦᠷᠭᠦᠭᠡᠨ ᠳ᠋ᠦ᠍ ᠣᠷᠣᠯ᠎ᠠ᠃ ᠠᠰᠠᠷ ᠤ᠋ᠨ ᠳᠣᠲᠣᠷ᠎ᠠ ᠬᠠᠷᠠᠩᠭᠤᠢᠪᠲᠤᠷ ᠲᠤᠯᠠ ᠨᠢᠳᠦ ᠲᠠᠰᠤᠳᠠᠯᠠ ᠪᠠᠨ ᠬᠤᠯᠠᠨ ᠬᠡᠨ ᠨᠢ ᠬᠡᠨ ᠢ᠋ ᠢᠯᠭᠠᠵᠤ ᠡᠰᠡ ᠴᠢᠳᠠᠪᠠ᠃ ᠭᠡᠷ ᠦ᠋ᠨ ᠬᠣᠶᠠᠷ ᠲᠠᠯ᠎ᠠ ᠪᠠᠷ ᠪᠠᠰᠠ ᠯᠠ ᠰᠠᠢᠬᠠᠨ ᠡᠷᠡᠰ ᠳᠦᠭᠦᠷᠡᠩ ᠰᠠᠭᠤᠵᠠᠢ᠃ ᠬᠠᠷᠢᠨ ᠨᠠᠶᠠ ᠨᠣᠶᠠᠨ ᠶᠣᠰᠣᠯᠠᠬᠤ ᠶ᠋ᠢ ᠪᠠᠰᠠ ᠡᠴᠢᠭᠡ ᠨᠢ ᠰᠥᠬᠥᠷᠡᠬᠦ ᠶ᠋ᠢ ᠦᠵᠡᠪᠡᠯ ᠦᠷᠭᠦᠭᠡᠨ ᠦ᠌ ᠬᠣᠢᠮᠣᠷ ᠴᠠᠭᠠᠨ ᠢᠰᠡᠭᠡᠢ ᠪᠡᠷ ᠪᠦᠲᠡᠭᠡᠭᠰᠡᠨ ᠰᠠᠭᠤᠳᠠᠯ ᠳᠡᠭᠡᠷ᠎ᠡ ᠨᠢᠭᠡ ᠬᠥᠮᠦᠨ ᠰᠠᠭᠤᠬᠤ ᠨᠢ ᠲᠡᠮᠦᠵᠢᠨ ᠪᠣᠯᠤᠯᠲᠠᠢ ᠭᠡᠵᠦ ᠳᠠᠭᠠᠪᠠ᠃ ᠳᠤᠭᠤᠯᠠᠭ᠎ᠠ ᠳᠤᠬᠤᠳᠠᠭᠤᠯᠤᠭᠰᠠᠨ ᠲᠤᠯᠠ ᠲᠡᠭᠦᠨ ᠦ᠌ ᠴᠢᠷᠠᠢ ᠨᠢ ᠦᠯᠦ ᠦᠵᠡᠭᠳᠡᠨ᠎ᠡ᠃ ᠨᠠᠶᠠ ᠨᠣᠶᠠᠨ ᠬᠤᠯᠠᠨ ᠢ᠋ ᠡᠴᠢᠭᠡ ᠶ᠋ᠢᠨ ᠬᠢᠨᠢ ᠬᠠᠮᠲᠤ ᠳᠠᠭᠠᠭᠤᠯᠤᠨ ᠢᠷᠡᠭᠰᠡᠨ ᠬᠡᠷᠡᠭ ᠦ᠋ᠨ ᠤᠴᠢᠷ ᠢ᠋ ᠲᠣᠳᠣ ᠬᠡᠯᠡᠪᠡ᠃ ᠬᠡᠨ ᠴᠦ᠍ ᠲᠣᠳᠣᠷᠬᠠᠢ ᠳᠤᠤᠭᠠᠷᠤᠭᠰᠠᠨ ᠦᠭᠡᠢ ᠴᠦ᠍ 《ᠴᠢᠩᠭᠢᠰ ᠬᠠᠭᠠᠨ ᠲᠠᠨ ᠳ᠋ᠤ᠌ ᠬᠤᠯᠠᠨ ᠨᠡᠷᠡᠲᠦ ᠥᠬᠢᠨ ᠢ᠋ᠶ᠋ᠡᠨ ᠦᠵᠡᠭᠦᠯᠬᠦ ᠪᠡᠷ ᠢᠷᠡᠯ᠎ᠡ 》 ᠭᠡᠬᠦ ᠶ᠋ᠢ ᠰᠣᠨᠣᠰᠤᠭᠠᠳ ᠠᠰᠠᠷ ᠲᠤ᠌ ᠪᠢᠲᠡᠭᠦᠦ ᠳᠠᠭᠤ ᠨᠦᠷᠬᠢᠵᠡᠢ᠃ ᠬᠤᠯᠠᠨ ᠡᠭᠦᠨ ᠢ᠋ ᠰᠠᠢᠰᠢᠶᠠᠭᠰᠠᠨ ᠱᠣᠣᠯᠠᠭᠰᠠᠨ ᠠᠯᠢᠨ ᠪᠣᠯᠬᠤ ᠶ᠋ᠢ ᠮᠡᠳᠡᠭᠰᠡᠨ ᠦᠭᠡᠢ᠃ ᠲᠡᠮᠦᠵᠢᠨ ᠳᠤᠤᠭᠠᠷᠬᠤ ᠦᠭᠡᠢ ᠤᠳᠠᠭᠰᠠᠨ ᠳ᠋ᠤ᠌ ᠬᠤᠯᠠᠨ ᠲᠦᠭᠰᠢᠭᠦᠷᠢ ᠳ᠋ᠦ᠍ ᠠᠪᠲᠠᠪᠠ᠃ ᠲᠡᠷᠡ ᠲᠡᠮᠦᠵᠢᠨ ᠳ᠋ᠦ᠍ ᠲᠠᠭᠠᠯᠠᠭᠳᠠᠭᠰᠠᠨ ᠦᠭᠡᠢ ᠪᠣᠯᠤᠯᠲᠠᠢ ᠭᠡᠵᠦ ᠠᠶᠤᠵᠠᠢ᠃
| ᠴᠢ ᠬᠤᠯᠠᠨ ᠭᠡᠪᠡ ᠤᠤ? ᠨᠠᠭᠠᠰᠢ ᠪᠠᠨ ᠡᠨᠡ ᠭᠡᠷᠡᠯ ᠳ᠋ᠦ᠍ ᠭᠠᠷᠴᠤ ᠵᠣᠭᠰᠣ ᠭᠡᠵᠦ ᠬᠡᠨ ᠨᠢᠭᠡ ᠬᠥᠮᠦᠨ ᠰᠥᠭᠡᠩᠭᠢ ᠳᠠᠭᠤ ᠪᠠᠷ ᠬᠡᠯᠡᠵᠦ ᠪᠠᠰᠠ ᠨᠢᠭᠡ ᠨᠢ ᠨᠢᠷᠤᠭᠤ ᠤᠷᠤᠭᠤ ᠨᠢ ᠲᠦᠯᠬᠢᠪᠡ᠃ ᠬᠥᠮᠦᠰ ᠢᠨᠢᠶᠡᠯᠳᠦᠵᠦ ᠬᠤᠯᠠᠨ ᠲᠡᠷᠡ ᠳᠣᠣᠷ᠎ᠠ ᠪᠠᠨ ᠠᠰᠠᠷ ᠤ᠋ᠨ ᠡᠷᠦᠬᠡ ᠪᠡᠷ ᠲᠤᠰᠤᠭᠰᠠᠨ ᠨᠠᠷᠠᠨ ᠤ᠋ ᠭᠡᠷᠡᠯ ᠳ᠋ᠦ᠍ ᠲᠦᠯᠬᠢᠭᠳᠡᠨ ᠭᠠᠷᠴᠤ ᠭᠢᠯᠪᠠᠨ ᠵᠣᠭᠰᠣᠪᠠ᠃ ᠬᠣᠢᠮᠣᠷ ᠰᠡᠨᠳᠡᠢ ᠳ᠋ᠦ᠍ ᠰᠠᠭᠤᠭᠴᠢ ᠬᠥᠮᠦᠨ ᠳᠤᠭᠤᠯᠠᠭ᠎ᠠ ᠪᠠᠨ ᠠᠪᠴᠤ ᠳᠡᠷᠭᠡᠳᠡᠬᠢ ᠬᠥᠮᠦᠨ ᠳ᠋ᠡᠭᠡᠨ ᠥᠭᠴᠦ ᠪᠣᠰᠤᠭᠠᠳ ᠲᠡᠭᠦᠨ ᠳ᠋ᠦ᠍ ᠣᠢᠷᠠᠲᠤᠨ ᠢᠷᠡᠪᠡ᠃ ᠲᠡᠷᠡ ᠬᠥᠮᠦᠨ ᠦ᠌ ᠴᠢᠷᠠᠢ ᠶ᠋ᠢ ᠨᠠᠷᠠᠨ ᠤ᠋ ᠭᠡᠷᠡᠯ ᠳ᠋ᠦ᠍ ᠰᠠᠶᠢ ᠯᠠ ᠨᠢᠭᠡ ᠲᠣᠳᠣ ᠬᠠᠷᠠᠭᠠᠳ ᠡᠨᠡ ᠯᠠᠪ ᠲᠡᠮᠦᠵᠢᠨ ᠪᠢᠰᠢ ᠭᠡᠵᠦ ᠬᠤᠯᠠᠨ ᠲᠦᠷᠭᠡᠨ ᠵᠠᠭᠤᠷ᠎ᠠ ᠪᠣᠳᠣᠪᠠ᠃ ᠨᠠᠮᠬᠠᠨ ᠨᠢᠷᠤᠭᠤ ᠲᠠᠢ᠂ ᠳᠠᠭᠠᠬᠢᠷᠠᠵᠤ ᠰᠢᠷᠢᠯᠳᠦᠭᠰᠡᠨ ᠦᠰᠦ ᠲᠡᠢ᠂ ᠪᠤᠭᠤᠷᠤᠯᠲᠤᠭᠰᠠᠨ ᠥᠳᠬᠡᠨ ᠰᠠᠬᠠᠯ ᠲᠠᠢ ᠲᠡᠷᠡ ᠬᠥᠮᠦᠨ ᠳᠡᠷᠭᠡᠳᠡ ᠢᠷᠡᠭᠡᠳ ᠰᠢᠷᠲᠡᠬᠦ ᠨᠢ ᠳᠠᠩᠴᠤ ᠠᠶᠤᠮᠠᠷ᠂ ᠪᠦᠷ ᠳᠤᠬᠤ ᠬᠠᠴᠠᠷ ᠢ᠋ ᠨᠢ ᠥᠷᠥᠮᠳᠡᠬᠦ ᠰᠢᠭ ᠪᠣᠯᠵᠠᠢ᠃ ᠲᠡᠷᠡ ᠬᠥᠮᠦᠨ ᠡᠴᠡ ᠮᠣᠷᠢᠨ ᠤ᠋ ᠬᠥᠯᠥᠰᠥ᠂ ᠭᠠᠯ ᠤ᠋ᠨ ᠤᠲᠤᠭ᠎ᠠ ᠦᠨᠦᠷᠲᠦᠵᠦ ᠪᠠᠢᠪᠠ᠃ ᠥᠨᠥ ᠬᠥᠮᠦᠨ ᠭᠡᠨᠡᠳᠲᠡ ᠬᠠᠭᠤᠷᠠᠢ ᠰᠢᠷᠦᠭᠦᠨ ᠭᠠᠷ ᠢ᠋ᠶ᠋ᠠᠷ ᠡᠷᠡᠦ ᠶ᠋ᠢ ᠨᠢ ᠲᠡᠳᠡᠨ ᠨᠢᠳᠦ ᠤᠷᠤᠭᠤ ᠨᠢ ᠬᠠᠷᠠᠪᠠ᠃ ᠬᠠᠷᠠᠴᠠ ᠲᠤᠯᠬᠤ ᠲᠡᠷᠡ ᠭᠱᠠᠨ ᠳ᠋ᠤ᠌ ᠭᠡᠨᠡᠳᠲᠡ 《ᠲᠡᠮᠦᠵᠢᠨ》 ᠭᠡᠰᠡᠨ ᠬᠠᠴᠢᠨ ᠰᠠᠷᠠᠯ ᠮᠡᠳᠡᠷᠡᠮᠵᠢ ᠪᠦᠬᠦ ᠪᠡᠶ᠎ᠡ ᠪᠡᠷ ᠨᠢ ᠭᠦᠶᠦᠭᠡᠳ ᠥᠪᠡᠷ ᠦ᠋ᠨ ᠡᠷᠬᠡ ᠦᠭᠡᠢ
| ᠴᠢᠩᠭᠢᠰ ᠬᠠᠭᠠᠨ ᠭᠡᠵᠦ ᠰᠢᠪᠡᠨᠡᠭᠡᠳ ᠰᠥᠬᠥᠷᠡᠨ ᠰᠠᠭᠤᠵᠠᠢ᠃ ᠶᠠᠭᠤ ᠴᠣᠬᠣᠮ ᠢᠩᠭᠢᠭᠰᠡᠨ ᠢ᠋ ᠬᠤᠯᠠᠨ ᠬᠣᠵᠢᠮ ᠪᠣᠯᠲᠠᠯ᠎ᠠ ᠣᠢᠯᠠᠭᠠᠭ᠎ᠠ ᠦᠭᠡᠢ ᠪᠢᠯᠡ᠃ ᠲᠡᠮᠦᠵᠢᠨ ᠦ᠌ ᠲᠣᠭᠰᠢᠨ ᠬᠠᠷᠠᠴᠠ ᠠ᠋ᠴᠠ ᠰᠠᠴᠤᠷᠠᠬᠤ ᠡᠲᠡᠭᠡᠳ ᠰᠢᠷ᠎ᠠ ᠭᠡᠷᠡᠯ ᠨᠢᠳᠦ ᠪᠡᠷ ᠨᠢ ᠳᠠᠮᠵᠢᠨ ᠵᠢᠷᠦᠬᠡᠨ ᠳ᠋ᠦ᠍ᠨᠢ ᠨᠡᠪᠲᠡᠷᠡᠨ ᠣᠷᠣᠵᠤ ᠪᠦᠬᠦ ᠪᠡᠶ᠎ᠡ ᠶ᠋ᠢ ᠨᠢ ᠬᠠᠯᠠᠭᠤ ᠣᠷᠭᠢᠭᠤᠯᠵᠠᠢ᠃ ᠢᠩᠭᠢᠵᠦ ᠨᠢᠳᠦᠨ ᠡᠴᠡ ᠪᠡᠨ ᠬᠤᠷᠴᠠ ᠰᠢᠷ᠎ᠠ ᠭᠡᠷᠡᠯ ᠰᠠᠴᠤᠷᠠᠭᠤᠯᠳᠠᠭ ᠬᠥᠮᠦᠨ ᠢ᠋ ᠬᠤᠯᠠᠨ ᠡᠮᠦᠨ᠎ᠡ ᠨᠢ ᠦᠵᠡᠭᠰᠡᠨ ᠦᠭᠡᠢ᠃ ᠲᠡᠮᠦᠵᠢᠨ ᠦ᠌ ᠲᠤᠬᠠᠢ ᠪᠦᠬᠦ ᠳᠤᠷᠠᠰᠤᠮᠵᠢ᠂ ᠪᠣᠳᠣᠯ ᠮᠥᠷᠥᠭᠡᠳᠦᠯ᠂ ᠳᠦᠷᠰᠦᠯᠡᠯ ᠢ᠋ ᠡᠨᠡ ᠬᠠᠴᠢᠨ ᠬᠥᠮᠦᠨ ᠬᠣᠷᠣᠮ ᠤ᠋ᠨ ᠳᠣᠲᠣᠷ᠎ᠠ ᠠᠷᠴᠢᠨ ᠬᠠᠶᠠᠵᠤ᠂ ᠭᠠᠯ ᠮᠡᠲᠦ ᠬᠠᠯᠠᠭᠤᠨ ᠤᠷᠤᠰᠬᠠᠯ ᠪᠦᠬᠦ ᠪᠡᠶ᠎ᠡ ᠶ᠋ᠢ ᠨᠢ ᠡᠵᠡᠮᠳᠡᠨ ᠠᠪᠬᠤ ᠶ᠋ᠢ ᠬᠤᠯᠠᠨ ᠳᠤᠭᠤᠯᠭᠠᠪᠤᠷᠢᠲᠠᠢ ᠪᠠᠷ ᠳᠠᠭᠠᠪᠠ᠃ ᠲᠡᠭᠦᠨ ᠦ᠌ ᠡᠮᠦᠨ᠎ᠡ ᠴᠢᠩᠭᠢᠰ ᠬᠠᠭᠠᠨ ᠵᠣᠭᠰᠣᠵᠤ ᠪᠠᠢᠭᠰᠠᠨ ᠨᠢ ᠡᠨᠡ ᠶᠦ᠍ᠮ᠃ ᠡᠷᠡᠦ ᠡᠴᠡ ᠨᠢ ᠪᠠᠷᠢᠭᠰᠠᠨ ᠭᠠᠵᠠᠷ ᠬᠠᠯᠠᠭᠤᠨ ᠣᠷᠬᠢᠨ᠎ᠠ᠃ ᠴᠢᠩᠭᠢᠰ ᠬᠠᠭᠠᠨ ᠭᠡᠨᠡᠳᠲᠡ ᠥᠪᠡᠷ ᠡᠴᠡ ᠨᠢ ᠬᠣᠯᠠᠳᠤᠨ ᠶᠠᠪᠤᠬᠤ ᠳ᠋ᠤ᠌ ᠬᠤᠯᠠᠨ ᠬᠠᠷᠠᠴᠠ ᠡᠷᠭᠦᠪᠡ᠃ ᠪᠠᠬᠠᠳᠤᠵᠤ᠂ ᠰᠢᠯᠥᠩᠬᠡᠳᠡᠭᠰᠡᠨ ᠣᠯᠠᠨ ᠡᠷ᠎ᠡ ᠶ᠋ᠢᠨ ᠬᠠᠷᠠᠴᠠ ᠬᠤᠯᠠᠨ ᠤ᠋ ᠪᠡᠶ᠎ᠡ ᠳᠡᠭᠡᠷ᠎ᠡ ᠨᠢ ᠠᠰᠬᠠᠷᠠᠵᠤ ᠪᠠᠢᠪᠠ᠃ ᠴᠢᠩᠭᠢᠰ ᠬᠠᠭᠠᠨ ᠭᠠᠭᠴᠠ ᠠᠯᠬᠤᠭᠠᠳ ᠪᠠᠭᠠᠨ᠎ᠠ ᠶ᠋ᠢᠨ ᠳᠣᠣᠷ᠎ᠠ ᠵᠣᠭᠰᠣᠭᠰᠠᠨ ᠨᠠᠶᠠ ᠶ᠋ᠢᠨ ᠡᠮᠦᠨ᠎ᠡ ᠣᠴᠢᠵᠠᠢ᠃ ᠲᠡᠭᠦᠨ ᠦ᠌ ᠰᠥᠭᠡᠩᠭᠢ ᠳᠠᠭᠤ ᠵᠠᠨᠤᠯᠲᠠᠢ᠂ ᠠᠷᠢᠶᠠᠲᠠᠨ ᠤ᠋ ᠠᠪᠤᠷᠢ ᠲᠠᠢ ᠰᠣᠨᠣᠰᠳᠠᠪᠠ᠃ ᠬᠥᠳᠡᠯᠬᠦ ᠪᠦᠷᠢ ᠳ᠋ᠦ᠍ᠨᠢ ᠬᠦ ᠬᠤᠶᠠᠭ ᠰᠡᠯᠡᠮ᠎ᠡ ᠨᠢ ᠬᠠᠷᠰᠢᠨᠠ᠃
| ᠨᠠᠶᠠ᠂ ᠴᠢ ᠬᠠᠭᠠᠨ ᠡᠵᠡᠨ ᠳ᠋ᠡᠭᠡᠨ ᠪᠡᠯᠡᠭᠯᠡᠭᠰᠡᠨ ᠡᠨᠡ ᠡᠮ᠎ᠡ ᠶ᠋ᠢ ᠶᠠᠭᠠᠬᠢᠬᠤ ᠭᠡᠵᠦ ᠭᠤᠷᠪᠠ ᠬᠣᠨᠣᠭ ᠭᠡᠷ ᠲᠡᠭᠡᠨ ᠠᠭᠤᠯᠤᠨ ᠰᠠᠭᠠᠲᠠᠭᠤᠯᠪᠠ? ᠴᠢ ᠮᠢᠨᠦ ᠢᠲᠡᠭᠡᠯ ᠢ᠋ ᠡᠪᠳᠡᠵᠦ ᠰᠡᠳᠬᠢᠯ ᠢ᠋ ᠭᠤᠲᠤᠭᠠᠪᠠ᠃ ᠴᠢ ᠯᠠᠪ ᠡᠨᠡ ᠡᠮ᠎ᠡ ᠲᠡᠢ ᠱᠠᠯᠢᠭᠯᠠᠭᠰᠠᠨ ᠪᠢᠵᠡ? ᠪᠢ ᠣᠳᠣ ᠡᠭᠦᠨ ᠢ᠋ᠶ᠋ᠡᠷ ᠶᠠᠭᠠᠬᠢᠨ᠎ᠠ᠃ ᠴᠢᠮᠠᠶ᠋ᠢ ᠬᠠᠭᠠᠨ ᠡᠵᠡᠨ ᠦ᠌ ᠪᠡᠨ ᠡᠮ᠎ᠡ ᠳ᠋ᠦ᠍ ᠬᠠᠯᠳᠠᠭᠰᠠᠨ ᠭᠡᠵᠦ ᠴᠠᠪᠴᠢᠨ ᠠᠯᠠᠨ᠎ᠠ᠃ ᠡᠨᠡ ᠡᠮ᠎ᠡ ᠶ᠋ᠢ ᠴᠦ᠍ ᠮᠥᠨ ᠠᠳᠠᠯᠢ ᠠᠯᠠᠭᠲᠤᠨ ᠭᠡᠵᠦ ᠴᠢᠩᠭᠢᠰ ᠬᠠᠭᠠᠨ ᠬᠢᠯᠢᠩᠨᠡᠨ ᠬᠠᠰᠬᠢᠷᠬᠤ ᠳ᠋ᠤ᠌ ᠠᠰᠠᠷ ᠲᠤ᠌ ᠪᠠᠢᠭᠰᠠᠳ ᠪᠦᠭᠦᠳᠡ ᠭᠡᠯᠮᠡᠭᠳᠡᠨ ᠴᠡᠴᠡᠷᠡᠬᠦ ᠶ᠋ᠢ ᠬᠤᠯᠠᠨ ᠦᠵᠡᠵᠦ ᠴᠣᠬᠣᠮ ᠠᠷᠢᠶᠠᠲᠠᠨ ᠮᠡᠲᠦ ᠶᠠᠮᠠᠷ ᠠᠶᠤᠮᠰᠢᠭᠲᠤ ᠬᠥᠮᠦᠨ ᠲᠡᠢ ᠤᠴᠠᠷᠠᠭᠰᠠᠨ ᠢ᠋ᠶ᠋ᠠᠨ ᠮᠡᠳᠡᠷᠡᠪᠡ᠃ ᠭᠡᠮ ᠵᠢᠮ ᠦᠭᠡᠢ ᠨᠠᠶᠠ ᠨᠣᠶᠠᠨ ᠰᠠᠢᠨ ᠰᠡᠳᠬᠢᠯ ᠦ᠋ᠨ ᠢ᠋ᠶ᠋ᠡᠨ ᠲᠥᠯᠥᠭᠡ ᠠᠮᠢ ᠪᠠᠨ ᠠᠯᠳᠠᠬᠤ ᠪᠣᠯᠤᠯ᠎ᠠ᠃ ᠬᠤᠯᠠᠨ ᠢ᠋ ᠭᠤᠷᠪᠠ ᠬᠣᠨᠣᠭ ᠭᠡᠷ ᠲᠦ᠍ ᠪᠡᠨ ᠠᠭᠤᠯᠤᠭᠰᠠᠨ ᠢ᠋ᠶ᠋ᠠᠨ ᠣᠷᠣᠵᠤ ᠢᠷᠡᠩᠭᠦᠲᠡ ᠨᠢᠭᠡᠨᠲᠡ ᠬᠡᠯᠡᠭᠰᠡᠨ ᠲᠤᠯᠠ ᠨᠠᠶᠠ ᠨᠣᠶᠠᠨ ᠦᠬᠦᠯ ᠡᠴᠡ ᠵᠠᠢᠯᠠᠬᠤ ᠦᠭᠡᠢ ᠨᠢ ᠲᠣᠳᠣᠷᠬᠠᠢ ᠪᠣᠯᠬᠣᠷ ᠬᠥᠭᠡᠷᠦᠬᠦᠢ ᠲᠡᠷᠡ ᠬᠡᠷᠬᠢᠨ ᠬᠠᠷᠢᠭᠤ ᠬᠡᠯᠡᠵᠦ ᠪᠡᠶ᠎ᠡ ᠪᠡᠨ ᠥᠮᠥᠭᠡᠷᠡᠬᠦ ᠤᠴᠢᠷ ᠢ᠋ᠶ᠋ᠠᠨ ᠣᠯᠤᠭᠰᠠᠨ ᠦᠭᠡᠢ᠃ ᠲᠡᠭᠦᠨ ᠢ᠋ ᠳᠠᠭᠠᠵᠤ ᠬᠤᠯᠠᠨ ᠴᠤ᠌ ᠦᠬᠦᠬᠦ ᠪᠣᠯᠪᠠ᠃ ᠬᠤᠯᠠᠨ ᠢᠩᠭᠢᠬᠦ ᠶ᠋ᠢ ᠶᠠᠭᠠᠬᠢᠪᠠᠴᠤ ᠵᠥᠪᠰᠢᠶᠡᠷᠡᠬᠦ ᠦᠭᠡᠢ ᠲᠤᠯᠠ ᠤᠬᠤᠰᠬᠢᠨ ᠣᠷᠣᠭᠰᠢ ᠠᠯᠬᠤᠵᠤ ᠶᠡᠷᠦ ᠡᠷᠢᠶᠡᠯᠡᠵᠦ ᠠᠶᠤᠯ ᠦᠭᠡᠢ ᠪᠡᠷ ᠴᠢᠩᠭᠢᠰ ᠬᠠᠭᠠᠨ ᠤ᠋ ᠡᠮᠦᠨ᠎ᠡ ᠣᠴᠢᠪᠠ᠃ ᠪᠦᠭᠦᠳᠡ ᠭᠠᠢᠬᠠᠭᠰᠠᠨ ᠳ᠋ᠠᠭᠠᠨ ᠠᠯᠮᠠᠢᠷᠠᠵᠠᠢ᠃ ᠬᠠᠷᠢᠨ ᠬᠤᠯᠠᠨ ᠳ᠋ᠤ᠌ ᠠᠶᠤᠵᠤ ᠢᠴᠢᠬᠦ ᠤᠴᠢᠷ ᠰᠢᠯᠲᠠᠭᠠᠨ ᠥᠴᠦᠬᠡᠨ ᠴᠦ᠍ ᠪᠠᠢᠭᠰᠠᠨ ᠦᠭᠡᠢ᠃ ᠳ᠋ᠠᠢᠷ ᠤᠰᠤᠨ ᠠᠮᠢᠰᠬᠤᠭ᠎ᠠ ᠬᠤᠷᠢᠶᠠᠬᠤ ᠰᠢᠬᠠᠵᠠᠢ᠃
| ᠴᠢᠩᠭᠢᠰ ᠬᠠᠭᠠᠨ᠂ ᠲᠠ ᠰᠣᠨᠣᠰ᠃ ᠡᠨᠡ ᠨᠠᠶᠠ ᠨᠣᠶᠠᠨ ᠨᠠᠳᠠᠳᠤ ᠱᠠᠯᠢᠭᠯᠠᠬᠤ ᠰᠠᠨᠠᠭ᠎ᠠ ᠶᠡᠷᠦ ᠠᠭᠤᠯᠤᠭᠰᠠᠨ ᠦᠭᠡᠢ ᠃ ᠬᠠᠷᠢᠨ ᠨᠠᠶᠠ ᠨᠣᠶᠠᠨ ᠤ᠋ ᠠᠰᠠᠷᠠᠮᠵᠢᠯᠠᠭᠠ ᠦᠭᠡᠢ ᠪᠣᠯ ᠶᠠᠭᠤ ᠪᠣᠯᠬᠤ ᠶ᠋ᠢ ᠬᠡᠨ ᠮᠡᠳᠡᠯ᠎ᠡ᠃ ᠬᠠᠭᠠᠨ ᠲᠠ ᠦᠯᠦ ᠢᠲᠡᠭᠡᠪᠡᠯ ᠪᠡᠶ᠎ᠡ ᠮᠠᠬᠠᠪᠣᠳ ᠢ᠋ ᠮᠢᠨᠢ ᠰᠢᠯᠭᠠᠨ ᠰᠣᠷᠢᠵᠤ ᠦᠵᠡᠭᠲᠦᠨ᠃ ᠪᠡᠶ᠎ᠡ ᠮᠢᠨᠢ ᠣᠩᠭᠣᠨ ᠪᠢᠰᠢ ᠪᠠᠢᠪᠠᠯ ᠪᠢ ᠦᠬᠦᠶ᠎ᠡ ᠭᠡᠵᠦ ᠬᠤᠯᠠᠨ ᠡᠷᠡᠰ ᠴᠢᠩᠭ᠎ᠠ ᠬᠡᠯᠡᠵᠡᠢ᠃ ᠲᠡᠮᠦᠵᠢᠨ ᠡᠢᠮᠦ ᠵᠣᠷᠢᠭ ᠲᠡᠭᠦᠯᠳᠡᠷ ᠡᠮ᠎ᠡ ᠶ᠋ᠢ ᠡᠮᠦᠨ᠎ᠡ ᠨᠢ ᠦᠵᠡᠭᠡ ᠦᠭᠡᠢ ᠲᠤᠯᠠ ᠭᠠᠢᠬᠠᠨ ᠬᠣᠢᠰᠢ ᠠᠯᠬᠤᠮ ᠤᠬᠤᠷᠢᠭᠠᠳ ᠬᠤᠯᠠᠨ ᠢ᠋ ᠲᠣᠯᠣᠭᠠᠢ ᠠ᠋ᠴᠠ ᠬᠥᠯ ᠬᠦᠷᠲᠡᠯ᠎ᠡ ᠳᠠᠬᠢᠨ ᠰᠠᠢᠲᠤᠷ ᠠᠵᠢᠭᠯᠠᠪᠠ᠃ ᠬᠤᠯᠠᠨ ᠲᠡᠮᠦᠵᠢᠨ ᠡᠴᠡ ᠥᠨᠳᠥᠷ ᠨᠢᠷᠤᠭᠤ ᠲᠠᠢ ᠠᠵᠢ᠃ ᠲᠡᠮᠦᠵᠢᠨ ᠴᠢᠮᠡᠭᠡ ᠦᠭᠡᠢ ᠢᠨᠢᠶᠡᠮᠰᠦᠭᠯᠡᠪᠡ᠃ ᠣᠯᠠᠨ ᠪᠦᠭᠦᠳᠡ ᠠᠮᠢᠰᠬᠤᠭ᠎ᠠ ᠠᠪᠤᠨ ᠠᠭᠤᠵᠢᠷᠠᠪᠠ᠃ ᠪᠦᠭᠦᠳᠡ ᠲᠡᠮᠦᠵᠢᠨ ᠦ᠌ ᠶᠠᠭᠤ ᠬᠡᠯᠡᠬᠦ ᠶ᠋ᠢ ᠬᠦᠯᠢᠶᠡᠯ᠎ᠡ᠃ ᠥᠳᠥ ᠰᠢᠭ ᠬᠥᠩᠭᠡᠨ᠂ ᠦᠷᠦ ᠡᠪᠡᠳᠦᠮ᠎ᠡ ᠡᠮᠵᠡᠭ ᠡᠨᠡ ᠪᠦᠰᠡᠭᠦᠢ ᠢᠩᠭᠢᠵᠦ ᠥᠪᠡᠷ ᠦ᠋ᠨ ᠪᠡᠶ᠎ᠡ ᠶ᠋ᠢ ᠲᠤᠯᠭᠠᠨ ᠲᠤᠰᠢᠶᠠᠭᠰᠠᠨ ᠨᠢ ᠲᠡᠮᠦᠵᠢᠨ ᠳ᠋ᠦ᠍ ᠭᠠᠢᠬᠠᠭᠳᠠᠭᠰᠠᠨ ᠴᠤ᠌ ᠪᠠᠰᠠ ᠪᠠᠭ᠎ᠠ ᠪᠢᠰᠢ ᠪᠡᠷ ᠪᠠᠬᠠᠳᠤᠭᠤᠯᠤᠭᠰᠠᠨ ᠲᠤᠯᠠ ᠢᠨᠢᠶᠡᠮᠰᠦᠭᠯᠡᠭᠡᠳ
| ᠴᠢ ᠦᠬᠦᠬᠦ ᠡᠴᠡ ᠠᠶᠤᠬᠤ ᠦᠭᠡᠢ ᠤᠤ? ᠭᠡᠪᠡ᠃ ᠲᠡᠮᠦᠵᠢᠨ ᠢᠩᠭᠢᠵᠦ ᠬᠡᠯᠡᠭᠰᠡᠨ ᠨᠢ ᠡᠨᠡ ᠵᠣᠷᠢᠮᠠᠭ ᠪᠦᠰᠡᠭᠦᠢ ᠲᠡᠭᠦᠨ ᠳ᠋ᠦ᠍ ᠲᠠᠭᠠᠰᠢᠶᠠᠭᠳᠠᠭᠰᠠᠨ ᠤ᠋ ᠬᠢ ᠶᠦᠮ᠃
| ᠪᠢ ᠥᠪᠡᠷ ᠦ᠋ᠨ ᠪᠡᠶ᠎ᠡ ᠶ᠋ᠢ ᠮᠡᠳᠡᠬᠦ ᠲᠤᠯᠠ ᠢᠩᠭᠢᠵᠦ ᠬᠡᠯᠡᠪᠡ ᠭᠡᠰᠡᠨ ᠬᠤᠯᠠᠨ ᠤ᠋ ᠳᠠᠷᠠᠭᠠᠴᠢ ᠶ᠋ᠢᠨ ᠬᠤᠷᠴᠠ ᠦᠭᠡ ᠲᠡᠮᠦᠵᠢᠨ ᠳ᠋ᠦ᠍ ᠪᠦᠷ ᠴᠦ᠍ ᠲᠠᠭᠠᠰᠢᠶᠠᠭᠳᠠᠵᠠᠢ᠃
| ᠴᠢ ᠬᠡᠳᠦᠨ ᠨᠠᠰᠤᠲᠠᠢ ᠪᠣᠢ?
| ᠥᠬᠢᠨ ᠮᠢᠨᠢ ᠠᠷᠪᠠᠨ ᠨᠠᠢ᠍ᠮᠠ ᠲᠠᠢ ᠶᠤᠮ ᠭᠡᠵᠦ ᠣᠷᠣᠵᠤ ᠢᠷᠡᠭᠰᠡᠨ ᠡᠴᠡ ᠬᠣᠢᠰᠢ ᠦᠬᠦᠭᠰᠡᠨ ᠮᠡᠲᠦ ᠬᠥᠳᠡᠯᠭᠡᠭᠡᠨ ᠦᠭᠡᠢ ᠰᠥᠬᠥᠷᠡᠨ ᠰᠠᠭᠤᠭᠰᠠᠭᠠᠷ ᠪᠠᠢᠭᠰᠠᠨ ᠳ᠋ᠠᠢᠷ ᠤᠰᠤᠨ ᠰᠠᠶᠢ ᠯᠠ ᠨᠢᠭᠡ ᠠᠮᠢᠰᠬᠤᠭ᠎ᠠ ᠠᠪᠴᠤ ᠠᠭᠤᠵᠢᠷᠠᠭᠠᠳ ᠪᠣᠯᠤᠮᠵᠢ ᠭᠠᠷᠤᠮᠠᠭᠴᠠ ᠦᠭᠡ ᠬᠠᠪᠴᠢᠭᠤᠯᠵᠤ ᠠᠮᠵᠢᠪᠠ᠃
| ᠪᠢ ᠣᠪᠰᠣ ᠮᠡᠷᠭᠢᠳ ᠦ᠋ᠨ ᠲᠣᠯᠣᠭᠠᠢᠯᠠᠭᠴᠢ᠃ ᠥᠪᠡᠷ ᠦ᠋ᠨ ᠥᠬᠢᠨ ᠢ᠋ ᠴᠢᠩᠭᠢᠰ ᠬᠠᠭᠠᠨ ᠲᠠᠨ ᠳ᠋ᠤ᠌ ᠰᠠᠢᠨ ᠰᠡᠳᠬᠢᠯ ᠢ᠋ᠶ᠋ᠡᠷ ᠡᠷᠭᠦᠵᠦ ᠲᠠᠨ ᠤ᠋ ᠢᠪᠡᠭᠡᠯ ᠳ᠋ᠦ᠍ ᠪᠠᠭᠲᠠᠶᠠ ᠬᠡᠮᠡᠪᠡ ᠭᠡᠵᠦ ᠪᠥᠬᠥᠢᠵᠡᠢ᠃
| ᠥᠬᠢᠨ ᠴᠢᠨᠢ ᠬᠤᠳᠠᠯ ᠬᠡᠯᠡᠭᠰᠡᠨ ᠪᠠᠢᠪᠠᠯ ᠣᠪᠰᠣ ᠮᠡᠷᠭᠢᠳ ᠦ᠋ᠨ ᠳ᠋ᠠᠢᠷ ᠤᠰᠤᠨ ᠴᠢ ᠴᠦ᠍ ᠪᠠᠰᠠ ᠦᠬᠦᠬᠦ ᠪᠣᠯᠤᠨ᠎ᠠ ᠭᠡᠵᠦ ᠲᠡᠮᠦᠵᠢᠨ ᠬᠠᠰᠬᠢᠷᠪᠠ᠃ ᠬᠠᠷᠢᠨ ᠨᠠᠶᠠ ᠬᠡᠷᠡᠭ ᠤᠴᠢᠷ ᠵᠢᠭᠠᠬᠠᠨ ᠲᠠᠢᠪᠤᠰᠢᠷᠠᠭᠰᠠᠨ ᠢ᠋ ᠦᠵᠡᠭᠡᠳ ᠰᠥᠬᠥᠷᠡᠵᠦ ᠭᠠᠷ ᠢ᠋ᠶ᠋ᠠᠨ ᠳᠡᠭᠡᠭᠰᠢ ᠡᠷᠭᠦᠨ ᠰᠠᠭᠤᠭᠠᠳ
ᠬᠠᠮᠤᠭ ᠣᠯᠠᠨ ᠤ᠋ ᠡᠵᠡᠨ ᠬᠠᠭᠠᠨ ᠴᠢᠩᠭᠢᠰ ᠴᠢᠮᠠᠶ᠋ᠢ
ᠬᠠᠢᠷᠠᠯᠠᠵᠤ ᠬᠦᠨᠳᠦᠯᠡᠬᠦ ᠡᠴᠡ ᠥᠭᠡᠷ᠎ᠡ
ᠬᠠᠷ᠎ᠠ ᠰᠠᠨᠠᠭ᠎ᠠ ᠨᠠᠳᠠᠳᠤ ᠦᠭᠡᠢ
ᠬᠠᠷᠢ ᠤᠯᠤᠰ ᠠ᠋ᠴᠠ ᠣᠯᠵᠠᠯᠠᠭᠰᠠᠨ
ᠬᠠᠴᠠᠷ ᠭᠤᠸ᠎ᠠ ᠬᠠᠲᠤᠳ
ᠬᠠᠲᠠᠷᠢ ᠰᠠᠢᠨ ᠮᠣᠷᠢᠳ ᠢ᠋
ᠬᠠᠭᠠᠨ ᠴᠢᠨᠦ ᠶᠠᠭᠤᠮ᠎ᠠ ᠭᠡᠵᠦ
ᠬᠠᠯᠳᠠᠯ ᠦᠭᠡᠢ ᠬᠠᠷᠠᠵᠤ
ᠬᠠᠪᠢᠷᠠᠯ ᠦᠭᠡᠢ ᠰᠠᠬᠢᠳᠠᠭ ᠪᠢᠯᠡ᠃
ᠡᠭᠦᠨ ᠡᠴᠡ ᠥᠭᠡᠷ᠎ᠡ ᠶ᠋ᠢ ᠰᠡᠳᠬᠢᠵᠦ
ᠦᠨᠡᠨ ᠰᠠᠨᠠᠭ᠎ᠠ ᠭᠠᠵᠢᠵᠤ ᠦᠢᠯᠡᠳᠦᠭᠰᠡᠨ ᠪᠤᠷᠤᠭᠤ ᠪᠠᠢᠪᠠᠯ
ᠦᠬᠦᠬᠦ ᠳ᠋ᠦ᠍ ᠪᠢ ᠭᠣᠮᠣᠳᠠᠬᠤ ᠦᠭᠡᠢ ᠭᠡᠵᠦ ᠲᠠᠩᠭᠠᠷᠢᠭᠯᠠᠪᠠ᠃ ᠡᠨᠡ ᠪᠣᠯ ᠨᠠᠶᠠ ᠶ᠋ᠢᠨ ᠦᠨᠡᠨ ᠰᠡᠳᠬᠢᠯ ᠦ᠋ᠨ ᠦᠭᠡ ᠪᠠᠢᠭᠰᠠᠨ ᠲᠤᠯᠠ ᠲᠡᠮᠦᠵᠢᠨ ᠲᠡᠭᠦᠨ ᠳ᠋ᠦ᠍ ᠬᠦᠨᠳᠦᠯᠡᠯ ᠦᠵᠡᠭᠦᠯᠵᠦ ᠳᠡᠭᠡᠭᠰᠢ ᠨᠢ ᠰᠠᠭᠤᠯᠭᠠᠪᠠ᠃ ᠬᠣᠷᠣᠮ ᠭᠱᠠᠨ ᠤ᠋ ᠳᠣᠲᠣᠷ᠎ᠠ ᠡᠭᠦᠰᠦᠭᠰᠡᠨ ᠠᠶᠤᠯ ᠵᠠᠨᠤᠯ ᠬᠤᠯᠠᠨ ᠤ᠋ ᠵᠣᠷᠢᠭᠲᠤ ᠦᠭᠡ ᠶ᠋ᠢᠨ ᠠᠴᠢ ᠪᠠᠷ ᠰᠠᠢᠨ ᠢ᠋ᠶ᠋ᠠᠷ ᠰᠢᠢᠳᠦᠭᠳᠡᠵᠦ ᠴᠢᠩᠭᠢᠰ ᠬᠠᠭᠠᠨ ᠲᠠᠢᠳᠬᠤᠷᠠᠭᠰᠠᠨ ᠳ᠋ᠤ᠌ ᠲᠡᠨᠳᠡ ᠪᠠᠢᠭᠰᠠᠳ ᠪᠦᠭᠦᠳᠡ ᠪᠡᠶᠡᠰᠦᠨ ᠬᠥᠭᠡᠷᠦᠯᠳᠦᠪᠡ᠃ ᠡᠭᠦᠨ ᠤ ᠳᠤᠮᠳᠠ ᠳ᠋ᠠᠢᠷ ᠤᠰᠤᠨ ᠢᠯᠡᠭᠦᠦ ᠲᠡᠢ ᠶᠡᠬᠡ ᠪᠡᠷ᠂ ᠪᠦᠷ ᠠᠮᠢᠳᠤᠷᠠᠯ ᠳ᠋ᠠᠭᠠᠨ ᠦᠵᠡᠭᠡ ᠦᠭᠡᠢ ᠶᠡᠬᠡ ᠪᠡᠷ ᠪᠠᠶᠠᠷᠯᠠᠵᠠᠢ᠃
ᠲᠡᠷᠡ ᠳᠠᠷᠤᠢ ᠬᠤᠯᠠᠨ ᠢ᠋ ᠭᠠᠷᠭᠠᠵᠤ ᠲᠤᠰᠬᠠᠢ ᠭᠡᠷ ᠲᠦ᠍ ᠣᠷᠣᠭᠤᠯᠤᠨ ᠬᠣᠭᠣᠯᠠᠯᠠᠵᠤ ᠤᠮᠳᠠᠯᠠᠪᠠ᠃ ᠴᠣᠬᠣᠮ ᠶᠠᠭᠤ ᠭᠡᠭᠴᠢ ᠪᠣᠯᠬᠤ ᠭᠡᠵᠦ ᠪᠣᠢ ᠶ᠋ᠢ ᠬᠤᠯᠠᠨ ᠲᠣᠳᠣ ᠮᠡᠳᠡᠵᠦ ᠪᠠᠢᠪᠠ᠃ ᠴᠢᠩᠭᠢᠰ ᠬᠠᠭᠠᠨ ᠲᠡᠭᠦᠨ ᠦ᠌ ᠬᠡᠯᠡᠭᠰᠡᠨ ᠢ᠋ᠶ᠋ᠡᠷ ᠪᠡᠶ᠎ᠡ ᠮᠠᠬᠠᠪᠣᠳ ᠢ᠋ ᠨᠢ ᠰᠣᠷᠢᠵᠤ ᠦᠵᠡᠬᠦ ᠪᠣᠯᠵᠠᠢ᠃ ᠡᠷ᠎ᠡ ᠡᠮ᠎ᠡ ᠶ᠋ᠢᠨ ᠢᠨᠠᠭ ᠤ᠋ᠨ ᠦᠢᠯᠡ ᠶ᠋ᠢ ᠥᠪᠡᠷ ᠦ᠋ᠨ ᠪᠡᠶ᠎ᠡ ᠪᠡᠷ ᠦᠢᠯᠡᠳᠴᠦ ᠦᠵᠡᠭᠡ ᠦᠭᠡᠢ ᠪᠣᠯᠪᠠᠴᠤ ᠦᠵᠡᠵᠦ ᠰᠣᠨᠣᠰᠤᠭᠰᠠᠨ ᠨᠢ ᠲᠡᠢᠮᠦ ᠴᠦ᠍ ᠪᠠᠭ᠎ᠠ ᠪᠢᠰᠢ ᠪᠢᠯᠡ᠃ ᠬᠤᠯᠠᠨ ᠵᠣᠷᠢᠭᠰᠠᠨ ᠰᠠᠨᠠᠭᠠᠨ ᠤ᠋ ᠪᠠᠨ ᠲᠠᠯ᠎ᠠ ᠳ᠋ᠤᠨᠢ ᠬᠦᠷᠴᠡᠢ᠃ ᠲᠡᠷᠡ ᠶᠠᠮᠠᠷ ᠲᠠᠢ ᠴᠤ᠌ ᠲᠡᠮᠦᠵᠢᠨ ᠦ᠌ ᠭᠡᠷ ᠲᠦ᠍ ᠢᠷᠡᠵᠦ ᠶᠡᠬᠡ ᠵᠣᠷᠢᠭ ᠤ᠋ᠨ ᠬᠦᠴᠦ ᠪᠡᠷ ᠡᠩᠭᠡᠷ ᠵᠥᠷᠢᠭᠦᠯᠬᠦ ᠴᠠᠭ ᠪᠣᠯᠪᠠ᠃ ᠲᠡᠮᠦᠵᠢᠨ ᠳ᠋ᠦ᠍ ᠲᠠᠭᠠᠯᠠᠭᠳᠠᠵᠤ ᠪᠡᠶ᠎ᠡ ᠰᠡᠳᠬᠢᠯ ᠢ᠋ ᠨᠢ ᠡᠵᠡᠮᠳᠡᠵᠦ ᠴᠢᠳᠠᠬᠤ ᠠᠪᠠᠰᠤ ᠲᠡᠭᠦᠨ ᠦ᠌ ᠮᠥᠷᠥᠭᠡᠳᠦᠯ ᠪᠦᠷᠢᠨ ᠪᠡᠶᠡᠯᠡᠬᠦ ᠶᠦᠮ᠃ ᠲᠡᠮᠦᠵᠢᠨ ᠲᠡᠭᠦᠨ ᠦ᠌ ᠪᠣᠳᠣᠭᠰᠠᠨ ᠰᠢᠭ᠋ ᠥᠨᠳᠥᠷ ᠨᠢᠷᠤᠭᠤ ᠲᠠᠢ᠂ ᠥᠩᠭᠡᠯᠢᠭ ᠵᠢᠪᠬᠤᠭ᠎ᠠ ᠲᠠᠢ ᠡᠷ᠎ᠡ ᠪᠢᠰᠢ ᠪᠠᠢᠭᠰᠠᠨ ᠨᠢ ᠪᠠᠭ᠎ᠠ ᠵᠡᠷᠭᠡ ᠭᠣᠮᠣᠳᠠᠯᠲᠠᠢ ᠴᠤ᠌ ᠲᠡᠭᠦᠨ ᠦ᠌ ᠬᠦᠰᠡᠵᠦ ᠬᠦᠯᠢᠶᠡᠭᠰᠡᠨ ᠭᠠᠭᠴᠠ ᠬᠥᠮᠦᠨ ᠨᠢ ᠮᠥᠨ ᠭᠡᠳᠡᠭ ᠲᠦ᠍ ᠲᠡᠷᠡ ᠣᠭᠲᠣᠬᠠᠨ ᠴᠤ᠌ ᠡᠷᠡᠭᠡᠯᠵᠡᠭᠰᠡᠨ ᠦᠭᠡᠢ᠃ ᠪᠠᠯᠴᠢᠷ ᠪᠠᠭ᠎ᠠ ᠥᠬᠢᠨ ᠨᠢ ᠶᠠᠮᠠᠷ ᠶᠡᠬᠡ ᠶ᠋ᠢ ᠵᠣᠷᠢᠭᠯᠠᠨ ᠰᠢᠢᠳᠦᠭᠰᠡᠨ ᠢ᠋ ᠳ᠋ᠠᠢᠷ ᠤᠰᠤᠨ ᠦᠵᠡᠵᠦ᠂ ᠭᠠᠢᠬᠠᠵᠤ ᠪᠢᠰᠢᠷᠡᠭᠡᠳ ᠪᠠᠷᠠᠬᠤ ᠦᠭᠡᠢ᠃ ᠲᠡᠷᠡ ᠵᠣᠷᠢᠭᠲᠤ ᠥᠬᠢᠨ ᠦ᠌ ᠪᠡᠨ ᠠᠴᠢ ᠪᠠᠷ ᠡᠨᠡ ᠤᠳᠠᠭ᠎ᠠ ᠲᠡᠮᠦᠵᠢᠨ ᠦ᠌ ᠴᠡᠷᠢᠭ ᠦ᠋ᠳ ᠲᠦ᠍ ᠠᠯᠠᠭᠤᠯᠤᠭᠰᠠᠨ ᠦᠭᠡᠢ ᠪᠡᠷ ᠪᠠᠷᠠᠬᠤ ᠦᠭᠡᠢ᠂ ᠠᠮᠢᠨ ᠤ᠋ ᠠᠯᠪᠠᠲᠤ ᠢᠷᠭᠡᠳ᠂ ᠮᠠᠯ ᠬᠥᠷᠥᠩᠭᠡ ᠨᠢ ᠦᠷᠡᠭᠳᠡᠭᠰᠡᠨ ᠴᠦ᠍ ᠶᠡᠬᠡᠩᠬᠢ ᠨᠢ ᠲᠡᠭᠦᠨ ᠦ᠌ ᠮᠠᠲᠠᠯ ᠳ᠋ᠤ᠌ ᠦᠯᠡᠳᠡᠵᠡᠢ᠃ ᠬᠡᠷᠪᠡ ᠴᠢᠩᠭᠢᠰ ᠬᠠᠭᠠᠨ ᠬᠤᠯᠠᠨ ᠥᠬᠢᠨ ᠢ᠋ ᠲᠠᠭᠠᠯᠠᠵᠤ ᠰᠣᠶᠣᠷᠬᠠᠪᠠᠯ ᠳ᠋ᠠᠢᠷ ᠤᠰᠤᠨ ᠳ᠋ᠤ᠌ ᠬᠦᠴᠦᠷᠬᠡᠭ ᠴᠢᠩᠭᠢᠰ ᠬᠠᠭᠠᠨ ᠤ᠋ ᠬᠠᠳᠠᠮ ᠪᠣᠯᠬᠤ ᠠᠵᠠ ᠢᠷᠡᠵᠡᠢ᠃ ᠳ᠋ᠠᠢᠷ ᠤᠰᠤᠨ ᠬᠤᠯᠠᠨ ᠥᠬᠢᠨ ᠦ᠌ ᠪᠡᠨ ᠤᠬᠠᠭᠠᠨ᠂ ᠵᠣᠷᠢᠭᠲᠠᠢ ᠶ᠋ᠢ ᠦᠵᠡᠵᠦ ᠢᠲᠡᠭᠡᠪᠡ᠃ ᠬᠤᠯᠠᠨ ᠶᠠᠭᠠᠬᠢᠬᠤ ᠶᠣᠰᠣᠲᠠᠢ ᠪᠠᠨ ᠰᠠᠢᠨ ᠮᠡᠳᠡᠵᠦ ᠪᠠᠢᠯ᠎ᠠ᠃ ᠮᠡᠳᠡᠬᠦ ᠡᠴᠡ ᠢᠯᠡᠭᠦᠦ ᠶᠡᠬᠡ ᠬᠦᠰᠡᠯ᠂ ᠲᠠᠴᠢᠶᠠᠯ ᠣᠷᠭᠢᠯᠬᠤ ᠠᠵᠢ᠃ ᠬᠤᠯᠠᠨ ᠤ᠋ ᠡᠬᠡ ᠲᠡᠭᠦᠨ ᠦ᠌ ᠪᠠᠭ᠎ᠠ ᠳ᠋ᠤ᠌ ᠮᠣᠷᠢᠨ ᠠ᠋ᠴᠠ ᠤᠨᠠᠵᠤ ᠣᠰᠣᠯᠳᠠᠭᠰᠠᠨ ᠠ᠋ᠴᠠ ᠬᠣᠢᠰᠢ ᠲᠡᠷᠡ ᠡᠴᠢᠭᠡ ᠶ᠋ᠢᠨ ᠢ᠋ᠶ᠋ᠡᠨ ᠲᠠᠲᠠᠪᠤᠷᠢ ᠡᠮ᠎ᠡ᠂ ᠬᠡᠷᠡᠢᠳ ᠴᠢᠰᠤᠨ ᠤ᠋ ᠪᠦᠰᠡᠭᠦᠢ ᠶ᠋ᠢᠨ ᠠᠰᠠᠷᠠᠮᠵᠢᠨ ᠳ᠋ᠤ᠌ ᠥᠰᠦᠭᠰᠡᠨ ᠶᠦᠮ᠃ ᠲᠡᠷᠡ ᠠᠰᠠᠷᠠᠭᠴᠢ ᠡᠮ᠎ᠡ ᠤᠭ ᠤ᠋ᠨ ᠤᠷᠢᠨ ᠲᠠᠴᠢᠶᠠᠩᠭᠤᠢ ᠶ᠋ᠢᠨ ᠳᠡᠭᠡᠷ᠎ᠡ ᠬᠣᠯᠠ ᠶ᠋ᠢᠨ ᠤᠬᠠᠭᠠᠨ ᠲᠠᠢ ᠪᠦᠰᠡᠭᠦᠢ ᠪᠠᠢᠪᠠ᠃ ᠠᠰᠠᠷᠠᠭᠴᠢ ᠡᠬᠡ ᠨᠢ ᠬᠤᠯᠠᠨ ᠳ᠋ᠤ᠌ ᠶᠠᠭ ᠨᠠᠢᠵᠠ ᠪᠦᠰᠡᠭᠦᠢ ᠰᠢᠭ ᠨᠢ ᠪᠠᠢᠵᠤ ᠡᠷ᠎ᠡ ᠡᠮ᠎ᠡ ᠶ᠋ᠢᠨ ᠢᠨᠠᠭ ᠤ᠋ᠨ ᠦᠢᠯᠡ ᠶ᠋ᠢᠨ ᠪᠦᠬᠦ ᠤᠴᠢᠷ ᠢ᠋ ᠪᠠᠭ᠎ᠠ ᠠ᠋ᠴᠠ ᠨᠢ ᠲᠠᠨᠢᠭᠤᠯᠵᠤ ᠣᠢᠯᠠᠭᠠᠭᠤᠯᠤᠭᠰᠠᠨ ᠨᠢ ᠬᠤᠯᠠᠨ ᠢ᠋ ᠡᠢᠮᠦ ᠡᠩ ᠦ᠋ᠨ ᠪᠢᠰᠢ ᠬᠦᠰᠡᠯ ᠲᠡᠢ ᠪᠣᠯᠬᠤ ᠳ᠋ᠤ᠌ ᠨᠥᠯᠥᠭᠡᠯᠡᠭᠰᠡᠨ ᠪᠢᠯᠡ᠃ ᠡᠷ᠎ᠡ ᠬᠥᠮᠦᠨ ᠬᠦᠴᠦ ᠴᠢᠳᠠᠯ ᠲᠠᠢ᠂ ᠡᠷ᠎ᠡ ᠵᠣᠷᠢᠭ ᠲᠠᠢ ᠪᠣᠯᠪᠠᠰᠤ ᠡᠮᠡᠰ ᠥᠬᠢᠳ ᠲᠡᠢ ᠡᠩᠭᠡᠷ ᠵᠥᠷᠢᠭᠦᠯᠬᠦ ᠦᠶ᠎ᠡ ᠳ᠋ᠡᠭᠡᠨ ᠡᠮ᠎ᠡ ᠶ᠋ᠢᠨ ᠡᠷᠬᠡᠨ ᠳ᠋ᠦ᠍ ᠣᠷᠣᠳᠠᠭ ᠤᠴᠢᠷ ᠢ᠋ ᠲᠡᠷᠡ ᠬᠤᠯᠠᠨ ᠳ᠋ᠤ᠌ ᠰᠠᠢᠲᠤᠷ ᠣᠢᠯᠠᠭᠠᠭᠤᠯᠤᠭᠰᠠᠨ ᠪᠥᠭᠡᠳ ᠨᠢᠭᠡ ᠭᠡᠷ ᠲᠦ᠍ ᠬᠣᠨᠣᠬᠤ ᠦᠶ᠎ᠡ ᠳ᠋ᠡᠭᠡᠨ ᠡᠷ᠎ᠡ ᠡᠮ᠎ᠡ ᠶ᠋ᠢᠨ ᠢᠨᠠᠭ ᠤ᠋ᠨ ᠦᠢᠯᠡᠳᠦᠯ ᠢ᠋ ᠬᠤᠯᠠᠨ ᠤ᠋ ᠳᠡᠷᠭᠡᠳᠡ ᠢᠴᠢᠬᠦ ᠡᠷᠡᠭᠡᠯᠡᠬᠦ ᠶᠠᠭᠤᠮ᠎ᠠ ᠦᠭᠡᠢ ᠪᠡᠷ ᠪᠤᠰᠤᠳ ᠲᠠᠢ ᠬᠢᠵᠦ ᠦᠵᠡᠭᠦᠯᠳᠡᠭ ᠪᠠᠢᠪᠠ᠃ ᠲᠡᠷᠡ ᠠᠰᠠᠷᠠᠭᠴᠢ ᠡᠮ᠎ᠡ ᠤᠭ ᠠ᠋ᠴᠠ ᠲᠥᠷᠥᠯᠬᠢ ᠶ᠋ᠢᠨ ᠴᠠᠳᠴᠤ ᠬᠠᠨᠤᠰᠢ ᠦᠭᠡᠢ ᠳᠤᠷ᠎ᠠ ᠲᠠᠴᠢᠶᠠᠯ ᠲᠠᠢ ᠲᠤᠯᠠ ᠨᠢᠭᠡᠨ ᠰᠥᠨᠢ ᠬᠡᠳᠦᠨ ᠡᠷ᠎ᠡ ᠲᠡᠢ ᠴᠡᠩᠭᠡᠨ ᠵᠢᠷᠭᠠᠵᠤ ᠴᠢᠳᠠᠳᠠᠭ ᠢ᠋ ᠬᠤᠯᠠᠨ ᠦᠵᠡᠭᠰᠡᠨ ᠪᠢᠯᠡ᠃ ᠡᠮ᠎ᠡ ᠬᠥᠮᠦᠨ ᠦ᠌ ᠬᠠᠮᠤᠭ ᠤ᠋ᠨ ᠬᠦᠴᠦᠲᠡᠢ ᠵᠡᠪᠰᠡᠭ ᠪᠣᠯ ᠡᠷ᠎ᠡ ᠶ᠋ᠢᠨ ᠬᠦᠰᠡᠯ ᠦ᠋ᠨ ᠣᠷᠭᠢᠯᠤᠭᠤᠯᠤᠭᠴᠢ ᠤᠷᠢᠨ ᠲᠠᠴᠢᠶᠠᠩᠭᠤᠢ ᠶ᠋ᠢᠨ ᠤᠪᠠᠳᠢᠰ ᠪᠣᠯᠬᠤ ᠶ᠋ᠢ ᠪᠠᠰᠠ ᠶᠠᠭᠠᠬᠢᠵᠤ ᠡᠷ᠎ᠡ ᠶ᠋ᠢ ᠡᠵᠡᠮᠳᠡᠨ ᠲᠠᠲᠠᠬᠤ ᠠᠷᠭ᠎ᠠ ᠶ᠋ᠢ ᠠᠰᠠᠷᠠᠭᠴᠢ ᠡᠮ᠎ᠡ ᠨᠢ ᠥᠪᠡᠷ ᠦ᠋ᠨ ᠪᠡᠶ᠎ᠡ ᠪᠡᠷ ᠣᠯᠠᠨᠲᠠ ᠦᠵᠡᠭᠦᠯᠦᠭᠰᠡᠨ ᠶᠦᠮ᠃ ᠳ᠋ᠠᠢᠷ ᠤᠰᠤᠨ ᠡᠴᠢᠭᠡ ᠨᠢ ᠴᠦ᠍ ᠲᠡᠷᠡ ᠠᠰᠠᠷᠠᠭᠴᠢ ᠡᠮ᠎ᠡ ᠶ᠋ᠢᠨ ᠤᠷᠢᠨ ᠲᠠᠴᠢᠶᠠᠩᠭᠤᠢ ᠶ᠋ᠢᠨ ᠤᠪᠠᠳᠢᠰ ᠲᠤ᠌ ᠪᠦᠷᠢᠨ ᠠᠪᠲᠠᠭᠰᠠᠨ ᠬᠥᠮᠦᠨ ᠪᠣᠯᠬᠤ ᠶ᠋ᠢ ᠬᠤᠯᠠᠨ ᠪᠠᠰᠠ ᠯᠠ ᠦᠵᠡᠵᠡᠢ᠃ ᠲᠡᠷᠡ ᠠᠰᠠᠷᠠᠭᠴᠢ ᠡᠮ᠎ᠡ ᠬᠡᠷᠬᠢᠨ ᠢᠨᠠᠭᠯᠠᠬᠤ ᠶ᠋ᠢ᠂ ᠶᠠᠭᠠᠬᠢᠵᠤ ᠳᠤᠤᠭᠠᠷᠴᠤ ᠬᠥᠳᠡᠯᠬᠦ ᠶ᠋ᠢ᠂ ᠡᠷ᠎ᠡ ᠬᠥᠮᠦᠨ ᠦ᠌ ᠤᠨᠲᠠᠵᠤ ᠤᠨᠵᠢᠭᠰᠠᠨ ᠪᠡᠶ᠎ᠡ ᠮᠠᠬᠠᠪᠣᠳ ᠢ᠋ ᠶᠠᠭᠠᠬᠢᠵᠤ ᠰᠡᠷᠭᠦᠭᠡᠨ ᠪᠣᠰᠬᠠᠬᠤ ᠶ᠋ᠢ ᠬᠤᠯᠠᠨ ᠣᠯᠠᠨ ᠤᠳᠠᠭ᠎ᠠ ᠳᠡᠪᠡᠯ ᠦ᠋ᠨ ᠵᠠᠬ᠎ᠠ ᠳᠣᠣᠭᠤᠷ ᠬᠠᠷᠠᠵᠤ ᠰᠣᠨᠣᠰᠤᠭᠰᠠᠨ ᠨᠢ ᠣᠳᠣ ᠯᠠ ᠬᠡᠷᠡᠭ ᠪᠣᠯᠬᠤ ᠴᠠᠭ ᠨᠢ ᠢᠷᠡᠵᠡᠢ᠃ ᠬᠣᠶᠠᠷ ᠵᠢᠯ ᠦ᠋ᠨ ᠡᠮᠦᠨ᠎ᠡ ᠠᠰᠠᠷᠠᠭᠴᠢ ᠡᠮ᠎ᠡ ᠶ᠋ᠢ ᠠᠭᠳᠠᠴᠢ ᠡᠷ᠎ᠡ ᠲᠡᠢ ᠱᠠᠯᠢᠭᠯᠠᠪᠠ ᠭᠡᠮᠡᠨ ᠡᠴᠢᠭᠡ ᠨᠢ ᠬᠢᠯᠢᠩᠨᠡᠵᠦ᠂ ᠲᠤᠯᠤᠮ ᠳ᠋ᠤ᠌ ᠬᠢᠵᠦ ᠤᠰᠤᠨ ᠳ᠋ᠤ᠌ ᠣᠢᠵᠤ ᠠᠯᠠᠬᠤ ᠳ᠋ᠤ᠌ ᠬᠤᠯᠠᠨ ᠡᠬᠡ ᠶ᠋ᠢ ᠪᠡᠨ ᠠᠯᠳᠠᠭᠰᠠᠨ ᠮᠡᠲᠦ ᠥᠴᠢᠨᠡᠨ ᠬᠣᠨᠣᠭ ᠲᠣᠯᠣᠭᠠᠢ ᠥᠨᠳᠡᠢᠯ ᠦᠭᠡᠢ ᠤᠬᠢᠯᠠᠵᠤ ᠭᠠᠰᠢᠭᠤᠳᠠᠭᠰᠠᠨ ᠪᠢᠯᠡ᠃ ᠬᠠᠢᠷᠠᠲᠠᠢ ᠡᠮ᠎ᠡ ᠪᠡᠨ ᠳᠡᠮᠡᠢ ᠬᠠᠷᠠᠳᠠᠵᠤ ᠠᠯᠠᠭᠰᠠᠨ ᠳ᠋ᠠᠭᠠᠨ ᠳ᠋ᠠᠢᠷ ᠤᠰᠤᠨ ᠴᠤ᠌ ᠶᠡᠬᠡᠳᠡ ᠬᠠᠷᠠᠮᠰᠠᠨ ᠥᠪᠡᠷ ᠢ᠋ ᠪᠡᠨ ᠬᠠᠷᠢᠶᠠᠵᠠᠢ᠃ ᠡᠷ᠎ᠡ ᠶ᠋ᠢ ᠡᠵᠡᠮᠳᠡᠬᠦ ᠳ᠋ᠦ᠍ ᠭᠠᠭᠴᠠ ᠭᠤᠸ᠎ᠠ ᠦᠵᠡᠰᠬᠦᠯᠡᠩ ᠦᠯᠦ ᠬᠦᠷᠦᠯᠴᠡᠨ᠎ᠡ᠃ ᠴᠢ ᠡᠷ᠎ᠡ ᠶ᠋ᠢ ᠡᠵᠡᠮᠳᠡᠵᠦ ᠡᠮᠦᠨ᠎ᠡ ᠪᠡᠨ ᠰᠥᠬᠥᠷᠡᠭᠦᠯᠦᠶᠡ ᠭᠡᠪᠡᠯ ᠠᠶᠤᠮᠰᠢᠭ ᠦᠭᠡᠢ ᠵᠣᠷᠢᠭ ᠲᠠᠢ᠂ ᠠᠯᠮᠠᠢ ᠢᠴᠢᠭᠦᠷᠢ ᠦᠭᠡᠢ ᠪᠠᠢᠬᠤ ᠬᠡᠷᠡᠭᠲᠡᠢ ᠭᠡᠵᠦ ᠠᠰᠠᠷᠠᠭᠴᠢ ᠡᠮ᠎ᠡ ᠶ᠋ᠢᠨ ᠬᠡᠯᠡᠳᠡᠭ ᠨᠢ ᠦᠨᠡᠨ ᠪᠣᠯᠬᠤ ᠶ᠋ᠢ ᠥᠨᠥᠳᠥᠷ ᠬᠤᠯᠠᠨ ᠴᠢᠩᠭᠢᠰ ᠬᠠᠭᠠᠨ ᠤ᠋ ᠦᠷᠭᠦᠭᠡᠨ ᠳ᠋ᠦ᠍ ᠦᠵᠡᠵᠦ ᠢᠲᠡᠭᠡᠵᠡᠢ᠃ ᠣᠳᠣ ᠲᠡᠭᠦᠨ ᠳ᠋ᠦ᠍ ᠠᠶᠤᠬᠤ᠂ ᠢᠴᠢᠬᠦ ᠵᠦᠢᠯ ᠥᠴᠦᠬᠡᠨ ᠴᠦ᠍ ᠦᠭᠡᠢ ᠪᠣᠯᠵᠠᠢ᠃ ᠦᠳᠡᠰᠢ ᠪᠣᠯᠵᠤ ᠠᠯᠤᠰ ᠬᠣᠯᠠ ᠶ᠋ᠢᠨ ᠦᠢᠮᠡᠭᠡᠨ᠂ ᠬᠥᠯ ᠮᠠᠯ ᠤ᠋ᠨ ᠳᠠᠭᠤ ᠳᠠᠷᠤᠭᠳᠠᠭᠰᠠᠨ ᠤ᠋ ᠬᠣᠢᠨ᠎ᠠ ᠥᠪᠡᠷ ᠦ᠋ᠨ ᠪᠡᠶ᠎ᠡ ᠶ᠋ᠢ ᠤᠬᠢᠶᠠᠵᠤ ᠠᠷᠠᠴᠢᠯᠠᠵᠤ ᠪᠡᠯᠡᠳᠦᠭᠰᠡᠨ ᠬᠤᠯᠠᠨ ᠨᠢᠴᠦᠭᠦᠨ ᠪᠡᠶ᠎ᠡ ᠶ᠋ᠢᠨ ᠳᠡᠭᠡᠷ᠎ᠡ ᠨᠢᠮᠭᠡᠨ ᠳᠡᠪᠡᠯ ᠬᠡᠳᠦᠷᠦᠭᠡᠳ ᠲᠡᠮᠦᠵᠢᠨ ᠢ᠋ ᠬᠦᠯᠢᠶᠡᠵᠦ ᠪᠠᠢᠪᠠ᠃ ᠥᠨᠥ ᠰᠥᠨᠢ ᠶ᠋ᠢ ᠬᠡᠷᠬᠢᠨ ᠥᠩᠭᠡᠷᠡᠭᠦᠯᠬᠦ ᠡᠴᠡ᠂ ᠬᠤᠯᠠᠨ ᠤ᠋ ᠶᠠᠭᠠᠬᠢᠵᠤ ᠡᠮ᠎ᠡ ᠬᠥᠮᠦᠨ ᠰᠢᠭ ᠠᠭᠠᠰᠢᠯᠠᠵᠤ ᠠᠶᠢᠬᠯᠠᠬᠤ ᠠ᠋ᠴᠠ ᠲᠡᠭᠦᠨ ᠦ᠌ ᠠᠮᠢᠳᠤᠷᠠᠯ ᠪᠠᠰᠠ ᠠᠮᠢ ᠨᠠᠰᠤ ᠬᠠᠮᠢᠶᠠᠷᠬᠤ ᠪᠣᠯᠵᠠᠢ᠃ ᠲᠡᠷᠡ ᠡᠨᠡ ᠵᠠᠮ ᠢ᠋ ᠨᠢᠭᠡᠨᠲᠡ ᠥᠪᠡᠷ ᠢ᠋ᠶ᠋ᠡᠨ ᠰᠣᠩᠭᠣᠭᠰᠠᠨ ᠲᠤᠯᠠ ᠡᠷᠡᠭᠡᠯᠵᠡᠵᠦ ᠲᠡᠭᠡᠨᠡᠭᠡᠯᠵᠡᠬᠦ ᠶᠠᠭᠤᠮ᠎ᠠ ᠦᠭᠡᠢ ᠬᠠᠷᠢᠨ ᠴᠤ᠌ ᠪᠠᠶᠠᠷ ᠬᠥᠷ ᠲᠡᠢ ᠪᠠᠢᠯ᠎ᠠ᠃ ᠬᠤᠯᠠᠨ ᠠᠰᠠᠷᠠᠭᠴᠢ ᠡᠮ᠎ᠡ ᠶ᠋ᠢᠨ ᠢ᠋ᠶ᠋ᠡᠨ ᠶᠠᠭᠠᠬᠢᠵᠤ ᠬᠥᠳᠡᠯᠵᠦ ᠳᠤᠤᠭᠠᠷᠳᠠᠭ ᠢ᠋ ᠲᠣᠪ ᠲᠣᠳᠣᠷᠬᠠᠢ ᠰᠡᠷᠭᠦᠭᠡᠨ ᠰᠠᠨᠠᠪᠠ᠃ ᠰᠠᠨᠠᠬᠤ ᠪᠦᠷᠢ ᠳᠤᠷ᠎ᠠ ᠲᠠᠴᠢᠶᠠᠯ ᠨᠢ ᠣᠷᠭᠢᠯᠬᠤ ᠠᠵᠢ᠃ ᠪᠦᠷ ᠶᠠᠭᠤ ᠬᠢᠬᠦ ᠪᠡᠨ ᠴᠦ᠍ ᠪᠣᠳᠣᠵᠤ ᠲᠥᠯᠥᠪᠯᠡᠵᠡᠢ᠃ ᠣᠳᠣ ᠭᠠᠭᠴᠠᠬᠠᠨ ᠲᠡᠮᠦᠵᠢᠨ ᠦ᠌ ᠢᠷᠡᠬᠦ ᠯᠡ ᠦᠯᠡᠳᠡᠪᠡ᠃ ᠡᠭᠦᠳᠡ ᠭᠡᠨᠡᠳᠲᠡ ᠴᠢᠪ ᠴᠢᠮᠡᠭᠡ ᠦᠭᠡᠢ ᠰᠡᠬᠦᠭᠳᠡᠨ ᠡᠳᠦᠷ ᠦ᠋ᠨ ᠠᠭᠤᠯᠵᠠᠭᠰᠠᠨ ᠳᠣᠭᠰᠢᠨ ᠰᠢᠷ᠎ᠠ ᠨᠢᠳᠦ ᠲᠡᠢ ᠬᠥᠮᠦᠨ ᠰᠡᠭᠦᠳᠡᠷ ᠰᠢᠭ ᠭᠤᠯᠠᠰᠤᠨ ᠣᠷᠣᠵᠤ ᠢᠷᠡᠪᠡ᠃ ᠪᠠᠢᠯᠳᠤᠭᠠᠨ ᠤ᠋ ᠬᠤᠶᠠᠭ ᠳᠤᠭᠤᠯᠠᠭ᠎ᠠ ᠪᠠᠨ ᠲᠠᠢᠯᠵᠤ ᠡᠩ ᠦ᠋ᠨ ᠬᠥᠩᠭᠡᠨ ᠨᠢᠮᠭᠡᠨ ᠳᠡᠪᠡᠯ ᠡᠮᠦᠰᠦᠭᠰᠡᠨ ᠲᠡᠮᠦᠵᠢᠨ ᠤᠯᠠᠮ ᠴᠤ᠌ ᠪᠥᠭᠲᠥᠷ ᠳᠠᠪᠵᠠ ᠵᠢᠵᠢᠭᠬᠡᠨ ᠪᠣᠯᠴᠢᠬᠠᠭᠰᠠᠨ ᠶᠤᠮ ᠰᠢᠭ᠋ ᠦᠵᠡᠭᠳᠡᠪᠡ᠃ ᠣᠯᠠᠨ ᠢ᠋ ᠪᠢᠰᠢᠷᠡᠭᠦᠯᠦᠭᠡᠴᠢ᠂ ᠠᠶᠤᠯᠭᠠᠨ ᠳᠣᠪᠲᠣᠯᠤᠭᠴᠢ᠂ ᠬᠠᠮᠤᠭ ᠢ᠋ ᠳᠡᠢᠯᠦᠭᠴᠢ ᠴᠢ ᠴᠢᠩᠭᠢᠰ ᠬᠠᠭᠠᠨ ᠭᠡᠬᠦ ᠳ᠋ᠦ᠍ ᠳᠠᠩᠴᠤ ᠭᠣᠯᠣᠭᠳᠠᠮᠠᠷ ᠴᠢᠷᠠᠢ ᠮᠠᠭᠤᠲᠠᠢ ᠣᠨᠢᠭᠠᠷ ᠬᠠᠷ᠎ᠠ ᠬᠥᠮᠦᠨ ᠡᠮᠦᠨ᠎ᠡ ᠨᠢ ᠵᠣᠭᠰᠣᠵᠤ ᠪᠠᠢᠯ᠎ᠠ᠃ ᠭᠡᠪᠡᠴᠦ ᠲᠡᠭᠦᠨ ᠦ᠌ ᠲᠣᠭᠰᠢᠨ ᠰᠢᠷ᠎ᠠ ᠨᠢᠳᠦᠨ ᠡᠴᠡ ᠰᠠᠴᠤᠷᠠᠬᠤ ᠣᠮᠣᠭ ᠪᠠᠷᠳᠠᠮ ᠰᠢᠷ᠎ᠠ ᠭᠡᠷᠡᠯ ᠡᠨᠡ ᠬᠥᠮᠦᠨ ᠪᠣᠯ ᠥᠭᠡᠷ᠎ᠡ ᠬᠡᠨ ᠴᠦ᠍ ᠪᠢᠰᠢ ᠲᠡᠮᠦᠵᠢᠨ ᠭᠡᠳᠡᠭ ᠢ᠋ ᠭᠡᠷᠡᠴᠢᠯᠡᠨ᠎ᠡ᠃ ᠬᠤᠯᠠᠨ ᠪᠣᠰᠴᠤ ᠳᠠᠷᠤᠤᠬᠠᠨ ᠢ᠋ᠶ᠋ᠠᠷ ᠮᠡᠬᠦᠢᠨ ᠶᠣᠰᠣᠯᠠᠪᠠ᠃ ᠲᠡᠮᠦᠵᠢᠨ ᠰᠠᠭᠤᠭᠰᠠᠨ ᠦᠭᠡᠢ ᠲᠡᠭᠦᠨ ᠢ᠋ ᠰᠢᠷᠳᠡᠭᠰᠡᠭᠡᠷ ᠵᠣᠭᠰᠣᠨ᠎ᠠ᠃ ᠬᠤᠯᠠᠨ ᠣᠭᠵᠣᠮ ᠬᠥᠳᠡᠯᠵᠦ ᠨᠢᠴᠦᠭᠦᠨ ᠪᠠᠶᠠᠨ ᠳ᠋ᠠᠭᠡᠨ ᠬᠡᠳᠥᠷᠥᠭᠰᠡᠨ ᠳᠡᠪᠡᠯ ᠢ᠋ᠶ᠋ᠡᠨ ᠲᠠᠢᠯᠤᠨ ᠬᠠᠶᠠᠪᠠ᠃ ᠭᠠᠯ ᠤ᠋ᠨ ᠪᠦᠳᠡᠭᠢ ᠭᠡᠷᠡᠯ ᠳ᠋ᠦ᠍ ᠬᠤᠯᠠᠨ ᠤ᠋ ᠬᠠᠲᠠᠭᠤᠷᠠᠵᠤ ᠰᠡᠷᠡᠢᠭᠰᠡᠨ ᠬᠥᠬᠥ᠂ ᠤᠶᠠᠨ ᠪᠣᠯᠪᠠᠴᠤ ᠰᠢᠷᠪᠥᠰᠥᠯᠢᠭ ᠭᠤᠸᠠᠯᠢᠭ ᠪᠠᠶᠠᠨ ᠳ᠋ᠤ᠌ ᠭᠠᠯ ᠤ᠋ᠨ ᠤᠯᠠᠪᠢᠷ ᠲᠤᠶᠠᠭ᠎ᠠ ᠥᠩᠭᠡ ᠶ᠋ᠢᠨ ᠴᠢᠯᠠᠭᠤᠨ ᠰᠡᠢᠯᠪᠦᠷᠢ ᠰᠢᠭ ᠦᠵᠡᠭᠳᠡᠪᠡ᠃ ᠲᠡᠮᠦᠵᠢᠨ ᠬᠦᠴᠦ ᠪᠡᠷ ᠪᠡᠶ᠎ᠡ ᠪᠡᠨ ᠪᠠᠷᠢᠨ ᠬᠡᠨᠡᠭ ᠦᠭᠡᠢ ᠴᠢᠷᠠᠢᠯᠠᠵᠤ ᠪᠠᠢᠬᠤ ᠶ᠋ᠢ ᠬᠤᠯᠠᠨ ᠮᠡᠳᠡᠷᠡᠯ᠎ᠡ᠃ ᠲᠡᠮᠦᠵᠢᠨ ᠢ᠋ ᠰᠢᠭᠤᠳ ᠪᠠᠢᠯᠳᠤᠨ ᠳᠠᠭᠠᠭᠤᠯᠵᠤ ᠡᠷᠬᠡᠨ ᠳ᠋ᠡᠭᠡᠨ ᠣᠷᠣᠭᠤᠯᠬᠤ ᠶ᠋ᠢ ᠬᠤᠯᠠᠨ ᠬᠦᠰᠡᠵᠦ ᠪᠠᠢᠯ᠎ᠠ᠃
| ᠴᠢᠮᠠᠶ᠋ᠢ ᠡᠴᠢᠭᠡ ᠴᠢᠨᠢ ᠨᠠᠳᠠᠳᠤ ᠬᠦᠴᠦ ᠪᠡᠷ ᠠᠪᠴᠢᠷᠠᠵᠤ ᠥᠭᠪᠡ ᠤᠤ? ᠡᠨᠡ ᠪᠣᠯ ᠲᠤᠩ ᠠᠶᠤᠯ ᠲᠠᠢ ᠰᠣᠷᠢᠵᠤ ᠲᠤᠷᠰᠢᠭᠰᠠᠨ ᠠᠰᠠᠭᠤᠯᠲᠠ ᠪᠠᠢᠯ᠎ᠠ᠃ ᠶᠠᠭᠤ ᠭᠡᠵᠦ ᠬᠠᠷᠢᠭᠤᠯᠬᠤ ᠪᠠᠨ ᠬᠤᠯᠠᠨ ᠲᠡᠷᠡ ᠳᠣᠣᠷ᠎ᠠ ᠨᠢ ᠪᠣᠳᠣᠵᠤ ᠣᠯᠪᠠ᠃ ᠲᠠᠭᠠᠯᠠᠭᠳᠠᠬᠤ ᠦᠭᠡᠢ ᠦᠭᠡ ᠬᠡᠯᠡᠪᠡᠯ ᠲᠡᠷᠡ ᠮᠠᠷᠭᠠᠰᠢ ᠥᠷᠯᠥᠭᠡ ᠠᠯᠠᠭᠤᠯᠬᠤ ᠶᠤᠮ ᠤᠤ᠂ ᠠᠯᠢ ᠡᠰᠡᠪᠡᠯ ᠣᠳᠣ ᠲᠡᠭᠦᠨ ᠢ᠋ ᠬᠡᠨ ᠨᠢᠭᠡ ᠴᠡᠷᠢᠭ ᠲᠦ᠍ ᠬᠠᠶᠠᠵᠤ ᠥᠭᠬᠦ ᠪᠠᠢᠪᠠ᠃
| ᠠᠪᠤ ᠮᠢᠨᠢ ᠨᠠᠮᠠᠶ᠋ᠢ ᠲᠠᠨ ᠳ᠋ᠤ᠌ ᠥᠭᠬᠦ᠂ ᠪᠠᠰᠠ ᠲᠠᠨ ᠳ᠋ᠤ᠌ ᠳᠠᠭᠠᠭᠤᠯᠵᠤ ᠢᠷᠡᠬᠦ ᠳᠤᠷ᠎ᠠ ᠦᠭᠡᠢ ᠪᠠᠢᠪᠠ᠃ ᠬᠠᠷᠢᠨ ᠪᠢ ᠬᠠᠭᠠᠨ ᠲᠠᠨ ᠳ᠋ᠤ᠌ ᠢᠷᠡᠬᠦ ᠶ᠋ᠢ ᠡᠴᠢᠭᠡ ᠡᠴᠡ ᠪᠡᠨ ᠭᠤᠶᠤᠵᠤ ᠱᠠᠭᠠᠷᠳᠠᠭᠰᠠᠨ ᠪᠢᠯᠡ ᠭᠡᠵᠦ ᠬᠤᠯᠠᠨ ᠦᠨᠡᠨ ᠦᠭᠡ ᠬᠡᠯᠡᠬᠦ ᠳ᠋ᠡᠭᠡᠨ ᠡᠴᠢᠭᠡ ᠪᠡᠨ ᠶᠡᠷᠦ ᠦᠷᠦ ᠡᠪᠡᠳᠴᠦ ᠬᠠᠢᠷᠠᠯᠠᠭᠰᠠᠨ ᠦᠭᠡᠢ᠃
| ᠴᠢ ᠥᠪᠡᠷ ᠢ᠋ᠶ᠋ᠡᠨ ᠨᠠᠳᠠᠳᠤ ᠢᠷᠡᠶ᠎ᠡ ᠭᠡᠰᠡᠨ ᠭᠡᠨ᠎ᠡ ᠠ᠋᠃ ᠴᠢ ᠶᠠᠭᠤ ᠬᠦᠰᠡᠨ᠎ᠡ? ᠭᠡᠵᠦ ᠲᠡᠮᠦᠵᠢᠨ ᠵᠢᠪᠡᠭᠦᠨ ᠰᠢᠪᠡᠨᠡᠭᠡᠳ ᠨᠢᠭᠡ ᠠᠯᠬᠤᠮ ᠣᠢᠷᠠᠲᠤᠪᠠ᠃ ᠬᠠᠷᠢᠨ ᠬᠤᠯᠠᠨ ᠪᠠᠢᠷᠢᠨ ᠠ᠋ᠴᠠ ᠬᠥᠳᠡᠯᠵᠦ ᠤᠬᠤᠷᠢᠭᠰᠠᠨ ᠦᠭᠡᠢ ᠲᠡᠭᠦᠨ ᠢ᠋ ᠡᠭᠴᠡ ᠰᠢᠷᠲᠡᠵᠦ ᠪᠠᠢᠭᠠᠳ ᠰᠡᠳᠬᠢᠯ ᠦ᠋ᠨ ᠳᠣᠲᠣᠷ᠎ᠠ ᠬᠠᠮᠤᠭ ᠤ᠋ᠨ ᠶᠡᠬᠡ ᠬᠦᠰᠡᠯ ᠢ᠋ᠶ᠋ᠡᠨ ᠰᠢᠭᠤᠳ ᠲᠣᠷᠴᠢᠭᠢᠨᠠᠭᠤᠯᠤᠨ ᠥᠴᠢᠵᠡᠢ᠃
| ᠬᠠᠭᠠᠨ ᠲᠠ ᠭᠤᠷᠪᠠᠨ ᠶᠡᠬᠡ ᠬᠠᠲᠤᠨ ᠲᠠᠢ ᠭᠡᠰᠡᠨ᠃ ᠪᠢ ᠲᠠᠨ ᠤ᠋ ᠳᠥᠷᠪᠡᠳᠡᠬᠢ ᠶᠡᠬᠡ ᠬᠠᠲᠤᠨ ᠪᠣᠯᠬᠤ ᠶ᠋ᠢ ᠬᠦᠰᠡᠨ᠎ᠡ᠃ ᠲᠠ ᠨᠠᠮᠠᠶ᠋ᠢ ᠡᠳ᠋ᠯᠡᠵᠦ ᠰᠣᠷᠢᠵᠤ ᠦᠵᠡᠭᠲᠦᠨ᠃ ᠡᠰᠡ ᠲᠠᠭᠠᠯᠠᠭᠳᠠᠪᠠᠯ ᠥᠷᠯᠥᠭᠡ ᠨᠠᠮᠠᠶ᠋ᠢ ᠠᠯᠠᠵᠤ ᠣᠷᠭᠢ᠃ ᠨᠠᠳᠠᠳᠤ ᠲᠠᠨ ᠤ᠋ ᠬᠠᠲᠤᠨ ᠪᠣᠯᠬᠤ᠂ ᠡᠰᠡ ᠴᠢᠳᠠᠪᠠᠯ ᠦᠬᠦᠬᠦ ᠡᠴᠡ ᠥᠭᠡᠷ᠎ᠡ ᠬᠦᠰᠡᠯ ᠦᠭᠡᠢ ᠭᠡᠵᠦ ᠲᠣᠳᠣ ᠬᠡᠯᠡᠵᠡᠢ᠃ ᠡᠨᠡ ᠣᠮᠣᠭᠯᠠᠩ ᠵᠣᠷᠢᠮᠠᠭ ᠮᠡᠷᠭᠢᠳ ᠪᠦᠰᠡᠭᠦᠢ ᠲᠡᠮᠦᠵᠢᠨ ᠳ᠋ᠦ᠍ ᠲᠠᠭᠠᠯᠠᠭᠳᠠᠵᠤ ᠪᠠᠢᠭᠰᠠᠨ ᠴᠤ᠌ ᠥᠭᠡᠳᠡ ᠡᠴᠡ ᠨᠢ ᠢᠩᠭᠢᠵᠦ ᠠᠴᠢ ᠳᠠᠴᠢ ᠦᠭᠡ ᠬᠠᠶᠠᠬᠤ ᠨᠢ ᠬᠢᠯᠢᠩ ᠢ᠋ ᠨᠢ ᠬᠥᠳᠡᠯᠭᠡᠪᠡ᠃ ᠲᠡᠮᠦᠵᠢᠨ ᠡᠨᠡ ᠳᠡᠩᠳᠡᠭᠦᠦ ᠰᠢᠯᠤᠭᠤᠨ ᠵᠠᠳᠠᠭᠠᠢ᠂ ᠡᠷᠡᠭᠡ ᠴᠡᠭᠡᠷ ᠦᠭᠡᠢ ᠭᠡᠮᠡᠷ ᠦᠭᠡᠨ ᠳ᠋ᠦ᠍ ᠠᠭᠤᠷᠰᠠᠭᠰᠠᠨ ᠳ᠋ᠠᠭᠠᠨ ᠬᠤᠯᠠᠨ ᠢ᠋ ᠵᠡᠷᠯᠢᠭ ᠲᠣᠭᠰᠢᠨ ᠢ᠋ᠶ᠋ᠠᠷ ᠤᠭᠵᠠ ᠲᠡᠳᠡᠨ ᠲᠡᠪᠡᠷᠢᠨ ᠠᠪᠤᠭᠰᠠᠨ ᠨᠢ ᠵᠦᠭᠡᠷ ᠯᠡ ᠰᠢᠭᠤᠳ ᠬᠦᠴᠦᠷᠬᠡᠢᠯᠡᠨ ᠡᠳ᠋ᠯᠡᠶ᠎ᠡ ᠭᠡᠵᠦ ᠪᠣᠳᠣᠭᠰᠠᠨ ᠤ᠋ ᠬᠢ ᠪᠠᠢᠪᠠ᠃ ᠭᠡᠲᠡᠯ᠎ᠡ ᠪᠦᠭᠦᠳᠡ ᠰᠠᠨᠠᠭᠰᠠᠨ ᠤ᠋ ᠡᠰᠡᠷᠭᠦ ᠪᠣᠯᠵᠠᠢ᠃ ᠪᠦᠰᠡᠭᠦᠢ ᠣᠭᠲᠣᠬᠠᠨ ᠴᠤ᠌ ᠡᠰᠡᠷᠭᠦᠴᠡᠭᠰᠡᠨ ᠦᠭᠡᠢ᠂ ᠢᠩᠭᠢᠨ᠎ᠡ ᠭᠡᠵᠦ ᠬᠦᠯᠢᠶᠡᠵᠦ ᠪᠠᠢᠭᠰᠠᠨ ᠶᠤᠮ ᠰᠢᠭ᠋ ᠭᠠᠷ ᠤ᠋ᠨ ᠠᠶ᠎ᠠ ᠪᠠᠷ ᠨᠠᠭᠠᠯᠳᠤᠨ ᠢᠷᠡᠭᠡᠳ ᠵᠣᠭᠰᠣᠭᠰᠠᠨ ᠦᠭᠡᠢ ᠪᠦᠷ ᠲᠡᠮᠦᠵᠢᠨ ᠢ᠋ ᠰᠢᠷᠢᠳᠡᠭ ᠦ᠋ᠨ ᠳᠡᠭᠡᠷ᠎ᠡ ᠲᠦᠯᠬᠢᠨ ᠤᠨᠠᠭᠠᠭᠠᠳ ᠳᠠᠷᠤᠨ ᠠᠪᠴᠠᠢ᠃ ᠲᠡᠮᠦᠵᠢᠨ ᠡᠢᠮᠦ ᠶᠠᠭᠤᠮ᠎ᠠ ᠦᠵᠡᠭᠡ ᠦᠭᠡᠢ ᠲᠤᠯᠠ ᠡᠬᠢᠯᠡᠭᠡᠳ ᠠᠮᠢ ᠪᠠᠨ ᠬᠣᠣᠷᠯᠠᠭᠤᠯᠬᠤ ᠪᠣᠢ ᠭᠡᠵᠦ ᠰᠡᠷᠭᠡᠢᠯᠡᠨ ᠲᠦᠯᠬᠢᠭᠰᠡᠨ ᠪᠣᠯᠪᠠᠴᠤ ᠬᠣᠵᠢᠮᠳᠠᠵᠠᠢ᠃ ᠬᠤᠯᠠᠨ ᠪᠦᠰᠡᠭᠦᠢ ᠳ᠋ᠦ᠍ ᠲᠡᠢᠮᠦ ᠰᠠᠨᠠᠭ᠎ᠠ ᠦᠭᠡᠢ ᠨᠢ ᠲᠡᠷᠡ ᠳᠣᠣᠷ᠎ᠠ ᠪᠠᠨ ᠣᠢᠯᠠᠭᠠᠭᠳᠠᠵᠠᠢ᠃ ᠤᠴᠢᠷ ᠨᠢ ᠬᠤᠯᠠᠨ ᠤ᠋ ᠰᠠᠪᠬᠠᠨ ᠬᠤᠷᠤᠭᠤ ᠨᠤᠭᠤᠳ ᠠᠯᠢ ᠡᠷᠲᠡ ᠱᠠᠯᠠᠮᠠᠭ ᠬᠥᠳᠡᠯᠦᠨ ᠨᠢᠭᠤᠴᠠ ᠡᠷᠬᠡᠲᠡᠨ ᠢ᠋ ᠨᠢ ᠢᠯᠪᠢᠨ ᠲᠠᠭᠠᠯᠠᠵᠤ ᠡᠬᠢᠯᠡᠬᠦ ᠳ᠋ᠦ᠍ ᠲᠡᠮᠦᠵᠢᠨ ᠰᠣᠴᠢᠵᠤ ᠢᠴᠢᠭᠰᠡᠨ ᠴᠦ᠍ ᠡᠮ᠎ᠡ ᠬᠥᠮᠦᠨ ᠢᠩᠭᠢᠵᠦ ᠲᠠᠴᠢᠶᠠᠳᠠᠨ ᠳᠣᠪᠲᠣᠯᠬᠤ ᠨᠢ ᠬᠠᠷᠢᠨ ᠴᠤ᠌ ᠲᠠᠭᠠᠲᠠᠢ ᠰᠠᠨᠠᠭᠳᠠᠭᠠᠳ ᠪᠡᠶ᠎ᠡ ᠪᠡᠨ ᠰᠤᠯᠠᠯᠠᠨ ᠬᠤᠯᠠᠨ ᠤ᠋ ᠭᠠᠷ ᠤ᠋ᠨ ᠠᠶ᠎ᠠ ᠶ᠋ᠢ ᠳᠠᠭᠠᠬᠤ ᠳ᠋ᠠᠭᠠᠨ
| ᠵᠠ ᠶᠠᠭᠠᠬᠢᠬᠤ ᠪᠣᠢ? ᠴᠢ ᠶᠡᠬᠡ ᠵᠣᠷᠢᠭᠲᠠᠢ ᠪᠦᠰᠡᠭᠦᠢ ᠶᠦᠮ᠃ ᠮᠠᠷᠭᠠᠰᠢ ᠬᠦᠰᠡᠭᠰᠡᠨ ᠢ᠋ᠶ᠋ᠡᠷ ᠴᠢᠨᠢ ᠠᠯᠠᠵᠤ ᠤᠷᠭᠢᠶ᠎ᠠ ᠭᠡᠵᠦ ᠪᠣᠳᠣᠭᠰᠠᠨ ᠪᠢᠯᠡ᠁
ᠰᠥᠨᠢ ᠪᠣᠯᠵᠤ ᠰᠠᠭᠠᠷᠢ ᠬᠡᠭᠡᠷ᠎ᠡ ᠶ᠋ᠢᠨ ᠬᠥᠨᠳᠡᠢ ᠳ᠋ᠦ᠍ ᠢᠯᠠᠭᠰᠠᠨ᠂ ᠣᠯᠵᠠᠯᠠᠭᠳᠠᠭᠰᠠᠨ ᠣᠯᠠᠨ ᠬᠥᠮᠦᠰ ᠤᠨᠲᠠᠬᠤ ᠨᠢ ᠤᠨᠲᠠᠵᠤ᠂ᠤᠤᠭᠤᠵᠤ ᠨᠠᠷᠭᠢᠬᠤ ᠨᠢ ᠤᠤᠭᠤᠵᠤ ᠨᠠᠷᠭᠢᠵᠤ᠂ ᠢᠨᠠᠭᠯᠠᠵᠤ ᠠᠮᠠᠷᠠᠭᠯᠠᠬᠤ ᠨᠢ ᠴᠦ᠍ ᠢᠨᠠᠭᠯᠠᠨ ᠠᠮᠠᠷᠠᠭᠯᠠᠵᠤ᠂ ᠶᠠᠳᠠᠷᠠᠵᠤ ᠰᠢᠷᠬᠠᠲᠤᠭᠰᠠᠨ ᠨᠢ ᠶᠣᠣᠯᠠᠵᠤ ᠣᠷᠢᠯᠠᠵᠤ ᠪᠠᠢᠪᠠ᠃ ᠡᠨᠡ ᠰᠥᠨᠢ ᠣᠯᠠᠨ ᠣᠯᠠᠨ ᠬᠡᠦᠬᠡᠳ ᠡᠬᠡ ᠶ᠋ᠢᠨ ᠬᠡᠪᠡᠯᠢ ᠳ᠋ᠦ᠍ ᠣᠯᠳᠠᠵᠤ ᠪᠠᠰᠠ ᠣᠯᠠᠨ ᠬᠥᠮᠦᠨ ᠦᠬᠦᠵᠡᠢ᠃ ᠲᠡᠮᠦᠵᠢᠨ ᠮᠡᠷᠭᠢᠳ ᠦ᠋ᠨ ᠳ᠋ᠠᠢᠷ ᠤᠰᠤᠨ ᠤ᠋ ᠥᠬᠢᠨ ᠬᠤᠯᠠᠨ ᠲᠠᠢ ᠵᠢᠷᠭᠠᠨ ᠴᠡᠩᠭᠡᠬᠦ ᠶ᠋ᠢ ᠪᠦᠭᠦᠳᠡ ᠦᠵᠡᠵᠦ ᠰᠣᠨᠣᠰᠪᠠ᠃ ᠲᠡᠮᠦᠵᠢᠨ ᠦ᠌ ᠭᠡᠷ ᠡᠴᠡ ᠬᠣᠯᠠ ᠦᠭᠡᠢ ᠪᠠᠢᠭᠰᠠᠨ ᠮᠠᠢᠬᠠᠨ ᠤ᠋ ᠪᠠᠨ ᠳᠡᠷᠭᠡᠳᠡ ᠵᠥᠴᠢ ᠪᠣᠳᠣᠯ ᠳ᠋ᠤ᠌ ᠠᠪᠲᠠᠨ ᠤᠳᠠᠭᠠᠨ ᠵᠣᠭᠰᠣᠪᠠ᠃ ᠡᠴᠢᠭᠡ ᠶ᠋ᠢ ᠪᠡᠨ ᠢᠩᠭᠢᠵᠦ ᠡᠯᠳᠡᠪ ᠡᠮᠡᠰ ᠥᠬᠢᠳ ᠲᠡᠢ ᠰᠠᠮᠠᠭᠤᠷᠠᠬᠤ ᠪᠦᠷᠢ ᠵᠥᠴᠢ ᠶ᠋ᠢᠨ ᠰᠡᠳᠬᠢᠯ ᠳᠠᠰᠤᠯ ᠦᠭᠡᠢ ᠪᠡᠷᠬᠡ ᠪᠡᠷ ᠡᠪᠡᠳᠦᠨ ᠰᠢᠨᠠᠯᠵᠤ᠂ ᠬᠣᠯᠠ ᠳ᠋ᠤ᠌ ᠰᠠᠭᠤᠭ᠎ᠠ ᠪᠥᠷᠲᠡ ᠡᠵᠢ ᠶ᠋ᠢ ᠪᠡᠨ ᠦᠷᠦ ᠡᠪᠡᠳᠦᠨ ᠬᠠᠢᠷᠠᠯᠠᠳᠠᠭ ᠪᠢᠯᠡ᠃ ᠥᠨᠥ ᠴᠦ᠍ ᠶᠠᠭ ᠢᠩᠭᠢᠵᠦ ᠵᠣᠭᠰᠣᠯ᠎ᠠ᠃ ᠬᠤᠯᠠᠨ ᠬᠡᠮᠡᠬᠦ ᠮᠡᠷᠭᠢᠳ ᠡᠮ᠎ᠡ ᠶ᠋ᠢᠨ ᠲᠠᠴᠢᠶᠠᠯᠲᠤ ᠳᠠᠭᠤ ᠣᠢᠷ᠎ᠠ ᠣᠷᠴᠢᠮ ᠢ᠋ ᠰᠡᠷᠡᠭᠡᠵᠦ᠂ ᠠᠳᠤᠭᠤᠰᠤᠨ ᠤ᠋ ᠴᠤ᠌ ᠪᠣᠯᠪᠠ ᠰᠠᠷᠠᠯ ᠢ᠋ ᠥᠳᠥᠭᠡᠬᠦ ᠪᠡᠷ ᠠᠵᠢ᠃ ᠡᠴᠢᠭᠡ ᠶ᠋ᠢᠨ ᠢ᠋ᠶ᠋ᠡᠨ ᠡᠨᠡ ᠱᠠᠯᠢᠭ ᠶᠠᠪᠤᠳᠠᠯ ᠢ᠋ ᠵᠥᠴᠢ ᠶᠡᠷᠦ ᠰᠠᠢᠰᠢᠶᠠᠨ ᠪᠣᠳᠣᠭᠰᠠᠨ ᠦᠭᠡᠢ᠃ ᠲᠡᠷᠡ ᠳᠤᠮᠳᠠ ᠪᠠᠨ ᠮᠡᠷᠭᠢᠳ ᠡᠮ᠎ᠡ ᠲᠡᠢ ᠰᠠᠮᠠᠭᠤᠷᠠᠬᠤ ᠨᠢ ᠪᠦᠷ ᠪᠠᠢᠵᠤ ᠪᠣᠯᠣᠰᠢ ᠦᠭᠡᠢ ᠬᠡᠷᠡᠭ ᠭᠡᠵᠦ ᠪᠣᠳᠣᠨ᠎ᠠ᠃ ᠤᠴᠢᠷ ᠨᠢ ᠮᠡᠷᠭᠢᠳ ᠠᠢᠮᠠᠭ ᠪᠣᠯ ᠪᠥᠷᠲᠡ ᠡᠬᠡ ᠶ᠋ᠢᠨ ᠬᠢᠨᠢ ᠪᠠᠰᠠ ᠵᠥᠴᠢ ᠶ᠋ᠢᠨ ᠵᠠᠨᠤᠯᠲᠤ ᠳᠠᠢᠰᠤᠨ ᠪᠢᠯᠡ᠃ ᠢᠩᠭᠢᠵᠦ ᠪᠣᠳᠣᠬᠤ ᠨᠢ ᠡᠬᠡ ᠶ᠋ᠢ ᠪᠡᠨ ᠦᠷᠦ ᠡᠪᠡᠳᠬᠦ ᠡᠴᠡ ᠪᠣᠯᠳᠠᠭ ᠪᠠᠢᠪᠠ᠃ ᠪᠥᠷᠲᠡ ᠡᠬᠡ ᠨᠢ ᠵᠥᠴᠢ ᠶ᠋ᠢᠨ ᠬᠤᠪᠢ ᠳ᠋ᠤ᠌ ᠡᠨᠡ ᠶᠢᠷᠲᠢᠨᠴᠦ ᠶ᠋ᠢᠨ ᠬᠠᠮᠤᠭ ᠤ᠋ᠨ ᠶᠡᠬᠡ ᠵᠣᠪᠠᠵᠤ ᠰᠢᠨᠠᠯᠤᠭᠰᠠᠨ ᠬᠥᠮᠦᠨ ᠶᠦᠮ᠃ ᠬᠤᠯᠠᠨ ᠨᠡᠷᠡᠲᠦ ᠶᠡᠬᠡ ᠲᠠᠴᠢᠶᠠᠯᠲᠤ ᠡᠮ᠎ᠡ ᠡᠴᠡ ᠪᠣᠯᠵᠤ ᠡᠬᠡ ᠨᠢ ᠳᠠᠬᠢᠨ ᠵᠣᠪᠠᠬᠤ ᠶᠤᠮ ᠰᠢᠭ᠋ ᠭᠤᠨᠢᠭᠲᠤ ᠪᠣᠳᠣᠯ ᠲᠥᠷᠥᠭᠡᠳ ᠵᠥᠴᠢ ᠶ᠋ᠢ ᠤᠨᠲᠠᠭᠤᠯᠤᠭᠰᠠᠨ ᠦᠭᠡᠢ᠃
ᠬᠠᠷᠢᠨ ᠬᠤᠯᠠᠨ ᠳ᠋ᠤ᠌ ᠡᠳ᠋ᠯᠡᠭᠦᠯᠵᠦ ᠨᠣᠢᠷ ᠦᠭᠡᠢ ᠬᠣᠨᠣᠭᠰᠠᠨ ᠲᠡᠮᠦᠵᠢᠨ ᠮᠠᠷᠭᠠᠰᠢ ᠡᠳᠦᠷ ᠨᠢ ᠠᠭᠠᠵᠢᠭᠤ ᠥᠨᠳᠡᠢᠬᠦ ᠳ᠋ᠡᠭᠡᠨ ᠤᠷᠢᠳᠤ ᠦᠳᠡᠰᠢ ᠶ᠋ᠢᠨ ᠬᠠᠲᠠᠭᠤ ᠪᠣᠳᠣᠯ ᠰᠢᠢᠳᠪᠦᠷᠢ ᠨᠢ ᠥᠭᠡᠷᠡᠴᠢᠯᠡᠭᠳᠡᠭᠰᠡᠨ ᠳ᠋ᠦ᠍ ᠶᠡᠬᠡᠳᠡ ᠭᠠᠢᠬᠠᠪᠠ᠃ ᠲᠡᠷᠡ ᠬᠤᠯᠠᠨ ᠢ᠋ ᠠᠯᠠᠬᠤ ᠨᠢ ᠪᠦᠦ ᠬᠡᠯᠡ ᠶᠡᠬᠡ ᠵᠣᠷᠢᠭ᠂ ᠬᠡᠮᠵᠢᠶ᠎ᠡ ᠦᠭᠡᠢ ᠲᠠᠴᠢᠶᠠᠯ᠂ ᠢᠨᠠᠭᠯᠠᠬᠤ ᠡᠷᠳᠡᠮ ᠢ᠋ ᠨᠢ ᠦᠨᠡᠯᠡᠵᠦ ᠭᠠᠢᠬᠠᠨ ᠪᠢᠰᠢᠷᠡᠬᠦ ᠳ᠋ᠡᠭᠡᠨ ᠬᠠᠲᠤᠨ ᠪᠠᠭᠤᠯᠭᠠᠬᠤ ᠪᠠᠷ ᠰᠢᠢᠳᠴᠦ ᠡᠯ᠎ᠡ ᠬᠡᠷᠡᠭ ᠦ᠋ᠨ ᠤᠴᠢᠷ ᠢ᠋ ᠡᠬᠢᠯᠡᠭᠡᠳ ᠥᠭᠡᠯᠦᠨ ᠡᠬᠡ ᠳ᠋ᠦ᠍ ᠤᠯᠠᠮᠵᠢᠯᠠᠭᠤᠯᠬᠤ ᠪᠠᠷ ᠪᠤᠭᠤᠷᠴᠢ ᠶ᠋ᠢ ᠬᠡᠷᠦᠯᠦᠨ ᠮᠥᠷᠡᠨ ᠦ᠌ ᠲᠡᠢᠰᠢ ᠲᠥᠪ ᠬᠦᠷᠢᠶ᠎ᠡ ᠤᠷᠤᠭᠤ ᠢᠯᠡᠭᠡᠪᠡ᠃ ᠥᠭᠡᠯᠦᠨ ᠡᠬᠡ ᠳ᠋ᠦ᠍ ᠲᠦᠷᠦᠭᠦᠯᠡᠵᠦ ᠬᠡᠯᠡᠭᠦᠯᠦᠭᠰᠡᠨ ᠦ᠌ ᠤᠴᠢᠷ ᠨᠢ ᠪᠥᠷᠲᠡ ᠶ᠋ᠢᠨ ᠰᠡᠳᠬᠢᠯ ᠢ᠋ ᠡᠮᠵᠡᠭᠯᠡᠬᠦ ᠪᠣᠢ ᠭᠡᠵᠦ ᠰᠠᠨᠠᠭ᠎ᠠ ᠵᠣᠪᠠᠭᠰᠠᠨ ᠤ᠋ ᠬᠢ ᠶᠦᠮ᠃ ᠤᠴᠢᠷ ᠨᠢ ᠬᠤᠯᠠᠨ ᠪᠣᠯ ᠪᠥᠷᠲᠡ ᠶ᠋ᠢ ᠪᠤᠯᠢᠶᠠᠨ ᠠᠪᠠᠴᠢᠵᠤ ᠪᠡᠶ᠎ᠡ ᠰᠡᠳᠬᠢᠯ ᠦ᠋ᠨ ᠵᠣᠪᠠᠯᠠᠩ ᠳ᠋ᠤ᠌ ᠤᠴᠠᠷᠠᠭᠤᠯᠤᠭᠰᠠᠨ ᠮᠡᠷᠭᠢᠳ ᠠᠢᠮᠠᠭ ᠤ᠋ᠨ ᠬᠥᠮᠦᠨ ᠪᠠᠢᠭᠰᠠᠨ ᠤ᠋ ᠬᠢ ᠪᠢᠯᠡ᠃ ᠡᠢᠮᠦ ᠶᠠᠪᠤᠳᠠᠯ ᠢ᠋ ᠪᠥᠷᠲᠡ ᠰᠠᠢᠰᠢᠶᠠᠨ ᠤᠭᠲᠤᠬᠤ ᠦᠭᠡᠢ ᠨᠢ ᠯᠠᠪᠲᠠᠢ᠃ ᠬᠠᠷᠢᠨ ᠥᠭᠡᠯᠦᠨ ᠡᠬᠡ ᠳ᠋ᠡᠭᠡᠨ ᠲᠦᠷᠦᠭᠦᠯᠡᠨ ᠤᠴᠢᠷᠯᠠᠪᠠᠯ ᠡᠪ ᠵᠦᠢ ᠶ᠋ᠢ ᠨᠢ ᠣᠯᠵᠤ ᠵᠥᠪ ᠨᠠᠢᠷᠲᠠᠢ ᠪᠠᠷ ᠰᠢᠢᠳᠪᠦᠷᠢᠯᠡᠬᠦ ᠨᠢ ᠭᠠᠷᠴᠠᠭ᠎ᠠ ᠦᠭᠡᠢ ᠭᠡᠵᠦ ᠲᠡᠮᠦᠵᠢᠨ ᠢᠲᠡᠭᠡᠵᠦ ᠪᠠᠢᠪᠠ᠃ ᠠᠯᠢᠪᠠ ᠬᠦᠨᠳᠦ ᠪᠡᠷᠬᠡ ᠦᠶ᠎ᠡ ᠳ᠋ᠦ᠍ ᠵᠥᠪ ᠢ᠋ ᠬᠡᠯᠡᠵᠦ ᠡᠪ ᠢ᠋ ᠣᠯᠳᠠᠭ ᠨᠢ ᠥᠭᠡᠯᠦᠨ ᠡᠬᠡ ᠶᠦᠮ᠃ ᠪᠤᠭᠤᠷᠴᠢ ᠶ᠋ᠢ ᠢᠯᠡᠭᠡᠭᠰᠡᠨ ᠴᠠᠭᠠᠳᠤ ᠨᠠᠭᠠᠳᠤ ᠨᠠᠷᠢᠨ ᠤᠴᠢᠷ ᠢ᠋ ᠥᠭᠡᠯᠦᠨ ᠡᠬᠡ ᠭᠠᠳᠠᠷᠯᠠᠨ ᠤᠬᠠᠭᠠᠷᠠᠬᠤ ᠨᠢ ᠮᠡᠳᠡᠭᠡᠵᠢ ᠲᠤᠯᠠ ᠲᠡᠮᠦᠵᠢᠨ ᠲᠠᠢᠪᠤᠩ ᠰᠠᠭᠤᠵᠤ᠂ ᠣᠯᠵᠠᠯᠠᠭᠳᠠᠭᠰᠠᠨ ᠮᠡᠷᠭᠢᠳ ᠢ᠋ ᠬᠡᠷᠬᠢᠬᠦ ᠲᠤᠬᠠᠢ ᠬᠥᠪᠡᠭᠦᠳ ᠪᠣᠯᠤᠭᠠᠳ ᠬᠠᠰᠠᠷ ᠤ᠋ᠨ ᠬᠠᠮᠲᠤ ᠵᠥᠪᠯᠡᠯᠳᠦᠪᠡ᠃ ᠪᠠᠰᠠ ᠦᠳᠡᠰᠢ ᠨᠢ ᠬᠤᠯᠠᠨ ᠤ᠋ ᠡᠴᠢᠭᠡ ᠳ᠋ᠠᠢᠷ ᠤᠰᠤᠨ ᠢ᠋ ᠤᠷᠢᠵᠤ ᠳᠠᠢᠯᠠᠬᠤ ᠪᠠᠨ ᠴᠤ᠌ ᠮᠠᠷᠲᠠᠭᠰᠠᠨ ᠦᠭᠡᠢ᠃ ᠲᠡᠮᠦᠵᠢᠨ ᠤᠭ ᠠ᠋ᠴᠠ ᠶᠠᠭᠤᠮ᠎ᠠ ᠶ᠋ᠢ ᠵᠢᠵᠢᠭ ᠭᠡᠵᠦ ᠣᠷᠬᠢᠳᠠᠭ ᠦᠭᠡᠢ ᠵᠠᠩ ᠲᠠᠢ ᠶᠤᠮ᠃ ᠬᠤᠯᠠᠨ ᠤ᠋ ᠲᠡᠮᠦᠵᠢᠨ ᠳ᠋ᠦ᠍ ᠲᠠᠭᠠᠰᠢᠶᠠᠭᠳᠠᠭᠰᠠᠨ ᠨᠢ ᠣᠯᠵᠠᠯᠠᠭᠳᠠᠭᠰᠠᠨ ᠮᠡᠷᠭᠢᠳ ᠦ᠋ᠨ ᠬᠤᠪᠢ ᠵᠠᠶᠠᠭ᠎ᠠ ᠶ᠋ᠢ ᠨᠠᠭᠠᠰᠢᠲᠠᠢ ᠡᠷᠭᠢᠭᠦᠯᠵᠦ᠂ ᠲᠡᠳᠡᠨ ᠢ᠋ ᠬᠦᠷᠢᠶ᠎ᠡ ᠬᠣᠲᠠᠨ ᠳ᠋ᠤᠨᠢ ᠦᠯᠡᠳᠡᠭᠡᠨ ᠵᠠᠭᠤᠨ ᠡᠷᠦᠬᠡ ᠳᠣᠳᠣᠮ ᠳ᠋ᠤ᠌ ᠠᠬᠠᠯᠠᠭᠴᠢ ᠲᠣᠮᠢᠯᠠᠵᠤ᠂ ᠪᠦᠬᠦ ᠮᠡᠷᠭᠢᠳ ᠢ᠋ ᠳ᠋ᠠᠢᠷ ᠤᠰᠤᠨ ᠠᠬᠠᠯᠠᠨ᠎ᠠ ᠭᠡᠵᠦ ᠲᠡᠮᠦᠵᠢᠨ ᠵᠠᠷᠯᠢᠭ ᠪᠠᠭᠤᠯᠭᠠᠪᠠ᠃ ᠬᠤᠯᠠᠨ ᠢ᠋ ᠰᠢᠳᠤᠷᠭᠤ ᠪᠠᠷ ᠠᠰᠠᠷᠠᠨ ᠠᠪᠴᠢᠷᠠᠵᠤ ᠥᠭᠭᠦᠭᠡᠳ ᠪᠠᠰᠠ ᠦᠨᠡᠨ ᠦᠭᠡ ᠪᠡᠨ ᠬᠡᠯᠡᠭᠰᠡᠨ ᠳ᠋ᠦ᠍ ᠨᠠᠶᠠ ᠶ᠋ᠢ ᠨᠥᠬᠥᠷᠯᠡᠵᠦ ᠪᠣᠯᠬᠤ ᠬᠥᠮᠦᠨ ᠭᠡᠵᠦ ᠶᠡᠬᠡᠳᠡ ᠲᠣᠭᠣᠵᠠᠢ᠃
ᠦᠰᠦᠭ ᠠᠮᠢᠯᠠᠭᠤᠯᠤᠭᠴᠢ᠄ ᠠᠯᠲᠠᠨᠴᠡᠴᠡᠭ᠂ ᠬᠡᠷᠡᠢᠳ· ᠮᠥᠩᠬᠡᠨᠠᠰᠤᠨ᠂ ᠨᠠᠷᠠᠨᠲᠤᠶᠠᠭ᠎ᠠ᠂
ᠠᠷᠢᠭᠤᠨ᠂ ᠪᠠᠶᠠᠨᠴᠡᠴᠡᠭ᠂ ᠰᠡᠴᠡᠨᠴᠢᠮᠡᠭ᠂ ᠳᠡᠭᠦᠦᠵᠠᠶᠠᠭ᠎ᠠ᠂ ᠱᠠᠭᠰᠠᠯ
ᠬᠢᠨᠠᠭᠴᠢ᠄ ᠣᠳᠬᠠᠨᠰᠣ᠎ᠠ᠂ ᠲ· ᠬᠦᠮᠦᠵᠢᠯᠲᠦ᠂ ᠠᠷᠢᠭᠤᠨ᠂ ᠠᠷᠢᠭᠤᠨ᠂ ᠰᠡᠬᠡᠭᠡᠷᠡᠯ᠂
ᠮᠣᠩᠭᠣᠯ ᠰᠦᠨᠡᠰᠦ᠂ ᠭᠠᠷᠮ᠎ᠠ
