ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠠᠷᠪᠠ ᠶᠢᠰᠦ〕 Цаг төрийн үймээн – Д ᠂ Намдаг - Амьдралын зам ᠂ нэгдүгээр бүлэг - 19 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠠᠷᠪᠠ ᠶᠢᠰᠦ〕 Цаг төрийн үймээн – Д ᠂ Намдаг - Амьдралын зам ᠂ нэгдүгээр бүлэг - 19

ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠠᠷᠪᠠ ᠶᠢᠰᠦ〕 Цаг төрийн үймээн – Д ᠂ Намдаг - Амьдралын зам ᠂ нэгдүгээр бүлэг - 19

ᠠᠩᠭᠢᠯᠠᠯ:ᠲᠤᠭᠤᠵᠢ ᠷᠣᠮᠠᠨ
2025-08-29

148

ᠠᠢᠯ ᠭᠡᠷ ᠪᠣᠯᠬᠤ ᠶᠡᠭᠡ ᠡᠷᠡᠮᠡᠯᠵᠡᠯ


       ᠶᠠᠭ ᠠᠷᠪᠠᠨ ᠨᠠᠰᠤᠨ ᠠ᠋ᠴᠠ ᠪᠠᠨ ᠠᠪᠤᠭᠠᠳ ᠠᠷᠪᠠᠨ ᠶᠢᠰᠦ ᠬᠦᠷᠲᠡᠯ᠎ᠡ ᠪᠡᠨ ᠡᠷᠬᠢᠮ ᠶᠡᠬᠡ ᠪᠤᠭᠤᠷᠤᠯ ᠪᠠᠭᠰᠢ ᠶ᠋ᠢᠨ ᠵᠠᠷᠯᠢᠭ ᠢ᠋ ᠥᠴᠦᠬᠡᠨ ᠴᠦ᠍ ᠭᠠᠵᠢᠭᠤᠳᠠᠭᠤᠯᠬᠤ ᠦᠭᠡᠢ ᠶ᠋ᠢ ᠬᠢᠴᠢᠶᠡᠩᠭᠦᠢᠯᠡᠨ ᠰᠠᠭᠤᠵᠤ ᠡᠯᠳᠡᠪ ᠲᠥᠷᠥᠯ ᠦ᠋ᠨ ᠡᠷᠢᠶᠡᠨ ᠴᠠᠭᠠᠰᠤ ᠡᠳᠦᠷ ᠪᠦᠷᠢ ᠥᠷᠯᠥᠭᠡ ᠡᠴᠡ ᠠᠪᠤᠭᠠᠳ ᠦᠳᠡᠰᠢ ᠪᠣᠯᠲᠠᠯ᠎ᠠ ᠱᠠᠭᠠᠢᠵᠤ ᠪᠠᠢᠬᠤ ᠳ᠋ᠠᠭᠠᠨ ᠡᠭᠡᠯ ᠬᠥᠮᠦᠨ ᠦ᠌ ᠪᠡᠶ᠎ᠡ ᠳ᠋ᠦ᠍ ᠣᠯᠳᠠᠰᠢ ᠦᠭᠡᠢ ᠴᠢᠬᠤᠯᠠ ᠶ᠋ᠢ ᠥᠪᠡᠷᠲᠡᠭᠡᠨ ᠬᠤᠷᠢᠶᠠᠵᠤ ᠪᠠᠢᠭ᠎ᠠ ᠭᠡᠵᠦ ᠪᠣᠳᠣᠳᠠᠭ ᠪᠠᠢᠭᠰᠠᠨ ᠢ᠋ ᠣᠳᠣ ᠡᠷᠭᠢᠴᠡᠭᠦᠯᠦᠨ ᠦᠵᠡᠬᠦ ᠳ᠋ᠦ᠍ ᠶᠡᠷᠦ ᠪᠠᠵᠠᠭᠠᠯᠲᠠᠢ ᠶᠠᠭᠤᠮ᠎ᠠ ᠪᠢᠰᠢ᠂ ᠬᠠᠷᠢᠨ ᠠᠢᠯ ᠭᠡᠷ ᠪᠣᠯᠬᠤ ᠪᠠ ᠠᠵᠤ ᠲᠥᠷᠥᠨ ᠠᠮᠢᠳᠤᠷᠠᠬᠤ ᠶ᠋ᠢᠨ ᠴᠢᠬᠤᠯᠠ ᠶ᠋ᠢ ᠮᠡᠳᠡᠬᠦ ᠦᠭᠡᠢ᠂ ᠴᠢᠳᠠᠬᠤ ᠦᠭᠡᠢ ᠪᠣᠯᠤᠭᠰᠠᠨ ᠰᠢᠭ᠋ ᠰᠠᠨᠠᠭᠳᠠᠨ ᠭᠣᠣᠯ ᠭᠣᠩᠰᠣᠢᠨ᠎ᠠ᠃ ᠡᠭᠦᠨᠴᠢᠯᠡᠨ ᠬᠣᠷᠢᠨ ᠨᠢᠭᠡ ᠬᠣᠶᠠᠷ ᠲᠠᠢ ᠠ᠋ᠴᠠ ᠪᠠᠨ ᠠᠪᠤᠭᠠᠳ ᠭᠤᠴᠢᠨ ᠨᠢᠭᠡ ᠬᠣᠶᠠᠷ ᠬᠦᠷᠲᠡᠯ᠎ᠡ ᠲᠥᠷᠥ ᠶ᠋ᠢᠨ ᠬᠠᠷ᠎ᠠ ᠬᠥᠮᠦᠨ ᠭᠡᠭᠳᠡᠵᠦ ᠳᠠᠩ ᠤᠯᠤᠰ ᠲᠥᠷᠥ᠂ ᠵᠠᠰᠠᠭ ᠵᠠᠬᠢᠷᠭᠠᠨ ᠤ᠋ ᠠᠵᠢᠯ ᠳ᠋ᠤ᠌ ᠵᠢᠳᠬᠦᠵᠦ ᠪᠠᠢᠬᠤ ᠳ᠋ᠤ᠌ ᠮᠥᠨ ᠲᠡᠷᠡ ᠴᠠᠭ ᠲᠠᠭᠠᠨ ᠡᠷᠬᠢᠮ ᠳᠡᠭᠡᠳᠦ ᠬᠡᠷᠡᠭ ᠲᠦ᠍ ᠵᠢᠳᠬᠦᠵᠦ ᠪᠠᠢᠭ᠎ᠠ  ᠰᠢᠭ᠋ ᠪᠣᠳᠣᠭᠳᠠᠨ ᠤᠨᠲᠠᠬᠤ ᠨᠣᠢᠷ᠂ ᠠᠮᠠᠷᠠᠬᠤ ᠴᠠᠭ ᠢ᠋ ᠮᠠᠷᠲᠠᠭᠤᠯᠵᠤ ᠪᠠᠢᠭᠰᠠᠨ ᠢ᠋ ᠣᠳᠣ ᠦᠵᠡᠬᠦ ᠳ᠋ᠦ᠍ ᠮᠥᠨ ᠱᠠᠯ ᠳᠡᠮᠡᠢ᠂ ᠤᠯᠤᠰ ᠲᠥᠷᠥ ᠶ᠋ᠢᠨ ᠬᠡᠨᠡᠭᠡᠷᠬᠡᠯ ᠪᠣᠯᠵᠤ ᠶᠠᠪᠤᠭᠰᠠᠨ ᠠ᠋ᠴᠠ ᠥᠭᠡᠷ᠎ᠡ ᠶᠠᠭᠤ ᠪᠣᠢ? ᠭᠡᠵᠦ ᠪᠣᠳᠣᠭᠳᠠᠨ᠎ᠠ᠃ ᠢᠩᠭᠢᠭᠡᠳ ᠴᠣᠬᠣᠮ ᠠᠮᠢᠳᠤᠷᠠᠯ ᠳᠡᠭᠡᠷ᠎ᠡ ᠪᠡᠨ ᠶᠠᠮᠠᠷ ᠢ᠋ᠶ᠋ᠠᠷ ᠦᠰᠦᠨ ᠬᠥᠭᠵᠢᠪᠡ ᠭᠡᠪᠡᠯ᠄ ᠬᠤᠪᠴᠠᠰᠤ ᠬᠤᠨᠠᠷ ᠢ᠋ ᠠᠷᠢᠭᠤᠨ ᠴᠡᠪᠡᠷ᠂ ᠶᠣᠰᠣ ᠵᠢᠷᠤᠮ ᠤ᠋ᠨ ᠳᠠᠭᠠᠤ ᠡᠮᠦᠰᠬᠦ᠂ ᠶᠠᠪᠤᠬᠤ ᠭᠢᠰᠬᠢᠬᠦ ᠳ᠋ᠡᠭᠡᠨ ᠤᠳᠠᠭᠠᠨ ᠦᠭᠡᠢ᠂ ᠲᠦᠷᠭᠡᠨ ᠴᠦ᠍ ᠦᠭᠡᠢ ᠪᠠᠢᠬᠤ᠂ ᠬᠠᠷᠢᠶᠠᠯ ᠬᠡᠷᠡᠭᠦᠯ ᠢ᠋ ᠴᠡᠭᠡᠷᠯᠡᠬᠦ᠂ ᠤᠨᠲᠠᠬᠤ ᠨᠣᠢᠷ ᠢᠳᠡᠬᠦ ᠬᠣᠭᠣᠯᠠᠨ ᠳ᠋ᠠᠭᠠᠨ ᠬᠡᠮᠵᠢᠶ᠎ᠡ ᠪᠠᠷᠢᠬᠤ᠂ ᠦᠭᠡ ᠶᠠᠷᠢᠶᠠᠨ ᠳ᠋ᠤ᠌ ᠬᠢᠨᠠᠭᠤᠷ᠂ ᠡᠯᠳᠡᠪ ᠬᠡᠷᠡᠭ ᠲᠦ᠍ ᠰᠤᠯᠠ ᠦᠭᠡ ᠥᠭᠦᠯᠡᠪᠦᠷᠢ ᠦᠭᠡᠢ ᠪᠠᠢᠬᠤ ᠠ᠋ᠴᠠ ᠠᠪᠤᠭᠠᠳ ᠡᠯᠳᠡᠪ ᠬᠡᠷᠡᠭ᠂ ᠬᠥᠮᠦᠨ ᠦ᠌ ᠶᠠᠪᠤᠳᠠᠯ᠂ ᠲᠡᠦᠬᠡ ᠱᠠᠰᠲᠢᠷ᠂ ᠤᠳᠬ᠎ᠠ ᠵᠣᠬᠢᠶᠠᠯ᠂ ᠵᠢᠷ ᠦ᠋ᠨ ᠨᠢᠭᠡᠨ ᠠᠮᠠᠨ ᠵᠣᠬᠢᠶᠠᠯ ᠳᠡᠭᠡᠷ᠎ᠡ ᠪᠣᠯᠪᠠᠴᠤ ᠴᠢᠨᠠᠳᠤ ᠴᠢᠨᠠᠷ ᠦᠨᠳᠦᠰᠦᠨ ᠠᠭᠤᠯᠭ᠎ᠠ ᠶ᠋ᠢ ᠨᠢ ᠭᠤᠷᠪᠠᠨ ᠳᠠᠪᠬᠤᠷ ᠬᠢᠨᠠᠨ᠂ ᠭᠤᠷᠪᠠᠨ ᠲᠠᠯ᠎ᠠ ᠠ᠋ᠴᠠ ᠨᠢ ᠲᠠᠢᠯᠪᠤᠷᠢᠯᠠᠬᠤ ᠶᠣᠰᠣᠲᠠᠢ ᠭᠡᠰᠡᠨ ᠡᠪᠦᠭᠡᠨ ᠪᠠᠭᠰᠢ ᠶ᠋ᠢᠨ ᠰᠤᠷᠭᠠᠮᠵᠢ ᠶ᠋ᠢ ᠴᠠᠭ ᠢᠮᠠᠭᠲᠠ ᠬᠠᠲᠠᠭᠤ ᠪᠠᠷᠢᠮᠲᠠᠯᠠᠭᠰᠠᠨ ᠢ᠋ᠶ᠋ᠠᠷ ᠲᠡᠭᠦᠨ ᠢ᠋ ᠨᠢᠭᠡᠨ ᠶᠣᠰᠣᠨ ᠤ᠋ ᠥᠪᠡᠷ ᠦ᠋ᠨ ᠪᠡᠶ᠎ᠡ ᠮᠠᠬᠠᠪᠣᠳ ᠲᠠᠢ ᠬᠠᠮᠲᠤ ᠲᠥᠷᠥᠭᠰᠡᠨ ᠠᠪᠢᠶᠠᠰ ᠮᠡᠲᠦ ᠪᠣᠯᠭᠠᠭᠰᠠᠨ ᠠᠵᠢ᠃ ᠭᠡᠲᠡᠯ᠎ᠡ ᠣᠳᠣ ᠡᠭᠦᠨ ᠢ᠋ ᠪᠣᠯᠪᠠᠴᠤ ᠡᠷᠭᠢᠴᠡᠭᠦᠯᠦᠨ ᠦᠵᠡᠬᠦ ᠳ᠋ᠦ᠍ ᠣᠯᠠᠨ ᠲᠦᠮᠡᠨ ᠡᠴᠡ ᠭᠣᠴᠣ ᠲᠠᠰᠤᠷᠠᠭᠰᠠᠨ ᠲᠡᠳᠦᠢ ᠦᠭᠡᠢ ᠢᠩᠭᠢᠵᠦ ᠲᠠᠰᠤᠷᠠᠭᠰᠠᠨ ᠢ᠋ᠶ᠋ᠠᠷ ᠢ᠋ᠶ᠋ᠠᠨ ᠣᠯᠠᠨ ᠲᠦᠮᠡᠨ ᠢ᠋ ᠥᠪᠡᠷ ᠲᠡᠭᠡᠨ ᠲᠡᠳᠡᠨ ᠪᠢᠰᠢᠷᠡᠭᠦᠯᠬᠦ ᠵᠠᠮ ᠳ᠋ᠤ᠌ ᠣᠷᠣᠭᠰᠠᠨ ᠠ᠋ᠴᠠ ᠥᠭᠡᠷ᠎ᠡ ᠶᠠᠭᠤᠮ᠎ᠠ ᠦᠭᠡᠢ ᠪᠠᠢᠯ᠎ᠠ᠃ ᠡᠨᠡ ᠤᠴᠢᠷ ᠠ᠋ᠴᠠ ᠣᠳᠣ ᠥᠪᠡᠷ ᠦ᠋ᠨ ᠰᠠᠭᠤᠭ᠎ᠠ ᠭᠡᠷ ᠢ᠋ ᠥᠪᠡᠷ ᠢ᠋ᠶ᠋ᠡᠨ ᠪᠠᠷᠢᠵᠤ ᠴᠢᠳᠠᠬᠤ ᠦᠭᠡᠢ ᠠᠳᠤᠭᠤ ᠮᠠᠯ ᠢ᠋ ᠬᠠᠷᠢᠭᠤᠯᠤᠨ ᠡᠳᠦᠷ ᠰᠥᠨᠢ ᠬᠣᠶᠠᠷ ᠢ᠋ ᠥᠩᠭᠡᠷᠡᠭᠦᠯᠬᠦ ᠪᠠᠢᠲᠤᠭᠠᠢ᠂ ᠤᠷᠭ᠎ᠠ ᠪᠠᠨ ᠪᠠᠷᠢᠨ ᠠᠳᠤᠭᠤᠨ ᠳ᠋ᠤ᠌ ᠣᠴᠢᠭᠠᠳ ᠤᠨᠤᠭ᠎ᠠ ᠮᠣᠷᠢ ᠪᠠᠨ ᠶᠡᠭᠦᠯᠡᠵᠦ ᠦᠯᠦ ᠴᠢᠳᠠᠬᠤ ᠪᠥᠭᠡᠳ ᠲᠡᠭᠦᠨ ᠦ᠌ ᠣᠷᠣᠨ ᠳ᠋ᠤ᠌ ᠡᠨᠡ ᠲᠡᠷᠡ ᠳᠡᠭᠡᠷ᠎ᠡ ᠰᠡᠴᠡᠷᠬᠡᠬᠦ᠂ ᠨᠣᠮᠴᠢᠷᠬᠠᠬᠤ᠂ ᠬᠠᠤᠯᠢ ᠴᠠᠭᠠᠵᠠ᠂ ᠶᠣᠰᠣ ᠶᠠᠩᠪᠠ ᠳᠤᠷᠠᠳᠬᠤ ᠠ᠋ᠴᠠ ᠴᠠᠭᠠᠰᠢ ᠦᠭᠡᠢ ᠪᠡᠨ ᠰᠠᠨᠠᠬᠤ ᠳ᠋ᠤ᠌ ᠥᠪᠡᠷ ᠢ᠋ᠶ᠋ᠡᠨ ᠥᠪᠡᠷ ᠢ᠋ ᠪᠡᠨ ᠠᠮᠢᠳᠤᠷᠠᠭᠤᠯᠤᠭᠴᠢ ᠴᠦ᠍ ᠪᠢᠰᠢ᠂ ᠣᠯᠠᠨ ᠲᠦᠮᠡᠨ ᠢ᠋ᠶ᠋ᠡᠷ ᠲᠡᠵᠢᠭᠡᠯᠭᠡᠬᠦ ᠮᠡᠷᠭᠡᠵᠢᠯ ᠢ᠋ ᠣᠯᠤᠭᠰᠠᠨ ᠯᠤᠢᠪᠠᠷᠴᠢᠨ ᠰᠢᠭ᠋ ᠰᠠᠨᠠᠭᠳᠠᠨ᠎ᠠ᠃ ᠶᠡᠷᠦ ᠠᠵᠤ ᠲᠥᠷᠥᠨ ᠠᠮᠢᠳᠤᠷᠠᠬᠤ᠂ ᠠᠢᠯ ᠭᠡᠷ ᠪᠣᠯᠤᠨ ᠪᠠᠲᠤᠵᠢᠬᠤ ᠶ᠋ᠢ ᠪᠣᠳᠣᠳᠠᠭ ᠦᠭᠡᠢ ᠶᠠᠪᠤᠭᠰᠠᠨ ᠤ᠋ ᠤᠯᠠᠮ ᠠ᠋ᠴᠠ ᠢᠨᠠᠭ ᠠᠮᠠᠷᠠᠭ ᠤ᠋ᠨ ᠭᠦᠨ ᠳ᠋ᠦ᠍ ᠣᠷᠣᠵᠤ ᠴᠢᠳᠠᠭ᠎ᠠ ᠦᠭᠡᠢ ᠪᠠᠢᠬᠤ ᠪᠥᠭᠡᠳ ᠪᠦᠷᠦᠭ ᠢᠴᠢᠮᠡᠲᠡᠭᠡᠢ᠂ ᠪᠤᠰᠤᠳ ᠠ᠋ᠴᠠ ᠭᠠᠵᠢᠭᠤ ᠪᠣᠯᠤᠭᠰᠠᠨ ᠢ᠋ᠶ᠋ᠠᠨ ᠰᠠᠨᠠᠬᠤ ᠳ᠋ᠤ᠌ ᠭᠤᠳᠤᠷᠠᠯᠲᠠᠢ ᠠᠵᠢ᠃ ᠭᠡᠪᠡᠴᠦ ᠥᠪᠡᠷ ᠦ᠋ᠨ ᠪᠡᠶ᠎ᠡ ᠶ᠋ᠢ ᠡᠳᠦᠢ ᠪᠣᠯᠲᠠᠯ᠎ᠠ ᠥᠭᠡᠷ᠎ᠡ ᠪᠤᠰᠤᠳ ᠲᠠᠢ ᠨᠢᠭᠡ ᠶᠡᠬᠡ ᠬᠠᠪᠢᠳᠠᠭᠤᠯᠤᠭ᠎ᠠ ᠦᠭᠡᠢ ᠶ᠋ᠢᠨ ᠡᠴᠦᠰ ᠲᠦ᠍ ᠥᠨᠥᠬᠢ ᠡᠮᠡᠭᠲᠡᠢ ᠲᠡᠢ ᠲᠠᠭᠠᠷᠠᠯᠳᠤᠨ ᠲᠡᠭᠦᠨ ᠢ᠋ ᠡᠳᠦᠷ ᠦ᠋ᠨ ᠪᠣᠳᠣᠯ᠂ ᠰᠥᠨᠢ ᠶ᠋ᠢᠨ ᠵᠡᠭᠦᠳᠦ ᠪᠣᠯᠭᠠᠨ ᠮᠥᠷᠥᠭᠡᠳᠬᠦ ᠪᠣᠯᠤᠭᠰᠠᠨ ᠢ᠋ᠶ᠋ᠠᠨ ᠦᠵᠡᠬᠦ ᠳ᠋ᠦ᠍ ᠡᠷᠬᠡ ᠦᠭᠡᠢ ᠨᠡᠢᠯᠡᠬᠦ ᠶ᠋ᠢᠨ ᠬᠤᠪᠢ ᠢᠷᠦᠭᠡᠯ ᠪᠠᠢᠭ᠎ᠠ ᠠ᠋ᠴᠠ ᠡᠨᠡ ᠪᠣᠯᠪᠠ ᠤᠤ ᠭᠡᠵᠦ ᠰᠡᠳᠬᠢᠭᠳᠡᠨ᠎ᠡ᠃ 
       ᠠᠮᠢᠳᠤᠷᠠᠯ ᠢ᠋ᠶ᠋ᠠᠨ ᠪᠦᠷᠢᠮᠦᠰᠦᠨ ᠥᠭᠡᠷᠡᠴᠢᠯᠡᠬᠦ ᠶ᠋ᠢ ᠰᠢᠲᠦᠭᠡᠳ ᠥᠪ ᠬᠥᠷᠥᠩᠭᠡ᠂ ᠡᠳ᠋ ᠬᠣᠭᠰᠢᠯ ᠶᠠᠭᠤ ᠶᠠᠭᠤᠲᠠᠢ ᠪᠣᠯᠬᠤ ᠪᠠᠨ ᠪᠦᠷᠢᠳᠬᠡᠨ ᠦᠵᠡᠬᠦ ᠳ᠋ᠦ᠍᠂ ᠣᠢᠷ᠎ᠠ ᠵᠠᠭᠤᠷ᠎ᠠ ᠶ᠋ᠢᠨ ᠶᠠᠭᠤᠮ᠎ᠠ ᠠᠬᠤᠭᠤᠯᠬᠤ ᠪᠢᠴᠢᠬᠠᠨ ᠪᠠᠢᠰᠢᠩ ᠪᠦᠬᠦᠢ ᠬᠣᠶᠠᠷ ᠲᠠᠯ᠎ᠠ ᠬᠠᠰᠢᠶ᠎ᠠ᠂ ᠰᠠᠭᠤᠵᠤ ᠪᠠᠢᠭ᠎ᠠ ᠳᠥᠷᠪᠡᠨ ᠬᠠᠨ᠎ᠠ ᠲᠠᠢ ᠭᠡᠷ᠂ ᠰᠣᠯᠢᠵᠤ ᠡᠮᠦᠰᠬᠦ ᠬᠤᠪᠴᠠᠰᠤ ᠨᠤᠭᠤᠳ᠂ ᠮᠥᠩᠭᠥᠨ ᠶᠠᠩᠴᠢᠶᠠᠨ ᠭᠤᠷᠪᠠᠨ ᠵᠠᠭᠤ ᠣᠷᠴᠢᠮ ᠪᠠᠢᠨ᠎ᠠ᠃ ᠡᠨᠡ ᠪᠣᠯ ᠪᠠᠯᠳᠠᠨᠴᠡᠷᠢᠩ ᠦ᠋ᠨ ᠠᠦ᠋ᠲ᠋ᠣᠨᠣᠮᠢᠲᠤ ᠵᠠᠰᠠᠭ ᠢ᠋ ᠠᠩᠬ᠎ᠠ ᠲᠣᠷᠨᠢᠨ ᠲᠣᠭᠲᠠᠨᠢᠭᠰᠠᠨ ᠠ᠋ᠴᠠ ᠠᠪᠤᠭᠠᠳ ᠭᠠᠮᠢᠩ ᠤ᠋ᠨ ᠭᠠᠷ ᠲᠤ ᠣᠷᠣᠨ ᠤᠨᠠᠬᠤ ᠡᠴᠦᠰ ᠦ᠋ᠨ ᠡᠳᠦᠷ ᠢ᠋ ᠬᠦᠷᠲᠡᠯ᠎ᠡ ᠠᠯᠪᠠᠨ ᠠᠵᠢᠯ ᠬᠢᠬᠦ ᠳ᠋ᠡᠭᠡᠨ ᠭᠠᠭᠴᠠ ᠤᠯᠠᠭᠠᠨ ᠮᠥᠩᠭᠥ ᠶ᠋ᠢ ᠳᠡᠮᠡᠢ ᠦᠷᠡᠭᠳᠡᠭᠦᠯᠬᠦ ᠦᠭᠡᠢ ᠬᠤᠷᠢᠶᠠᠭᠰᠠᠨ ᠨᠢ ᠪᠠᠢᠯ᠎ᠠ᠃ 
       ᠬᠥᠳᠡᠭᠡᠬᠢ ᠠᠷᠤ ᠭᠡᠷ ᠨᠢ ᠨᠡᠯᠢᠶᠡᠳ ᠮᠠᠯ ᠲᠠᠢ ᠪᠠᠶᠠᠨ᠃ ᠭᠡᠪᠡᠴᠦ ᠪᠠᠯᠳᠠᠨᠴᠡᠷᠢᠩ ᠨᠢᠭᠡᠨᠲᠡ ᠲᠡᠨᠳᠡ ᠡᠴᠡ ᠬᠠᠷ᠎ᠠ ᠪᠠᠭ᠎ᠠ ᠠ᠋ᠴᠠ ᠪᠠᠨ ᠲᠠᠰᠤᠷᠠᠵᠤ ᠮᠠᠯ ᠤ᠋ᠨ ᠵᠠᠬ᠎ᠠ ᠠ᠋ᠴᠠ ᠬᠣᠯᠠᠳᠠᠵᠠᠢ᠃ ᠬᠣᠶᠠᠷ ᠲᠤ ᠭᠡᠪᠡᠯ᠄ ᠲᠠᠪᠤ ᠵᠢᠷᠭᠤᠭᠠᠨ ᠵᠢᠯ ᠦ᠋ᠨ ᠡᠮᠦᠨ᠎ᠡ ᠡᠴᠢᠭᠡ ᠡᠬᠡ ᠬᠣᠶᠠᠷ ᠢ᠋ᠶ᠋ᠠᠨ ᠣᠢᠷ᠎ᠠ ᠣᠢᠷᠠᠬᠠᠨ ᠨᠠᠰᠤ ᠪᠠᠷᠠᠭᠰᠠᠨ ᠠ᠋ᠴᠠ ᠨᠢ ᠬᠣᠢᠰᠢ ᠬᠦᠨᠳᠦ ᠭᠤᠲᠤᠷᠠᠯ ᠳ᠋ᠤ᠌ ᠳᠠᠷᠤᠭᠳᠠᠨ᠂ ᠣᠴᠢᠬᠤ ᠪᠠᠨ ᠪᠣᠯᠢᠭᠰᠠᠨ ᠪᠥᠭᠡᠳ ᠭᠠᠯ ᠭᠣᠯᠣᠮᠲᠠ ᠶ᠋ᠢ ᠬᠦᠯᠢᠶᠡᠨ ᠠᠪᠤᠭᠰᠠᠨ ᠠᠬ᠎ᠠ᠂ ᠳᠡᠭᠦᠦ ᠡᠴᠡ ᠠᠪᠬᠤ ᠪᠠᠢᠲᠤᠭᠠᠢ ᠭᠣᠷᠢᠳᠠᠬᠤ ᠴᠦ᠍ ᠡᠷᠬᠡ ᠦᠭᠡᠢ ᠭᠡᠵᠦ ᠪᠣᠳᠣᠨ᠎ᠠ᠃ ᠬᠠᠷᠢᠨ ᠠᠬ᠎ᠠ ᠪᠤᠳᠠᠵᠠᠪ ᠭᠡᠭᠴᠢ ᠶ᠋ᠢᠨ ᠢ᠋ᠶ᠋ᠡᠨ ᠵᠢᠯ ᠦ᠋ᠨ ᠵᠢᠯ ᠳ᠋ᠦ᠍ ᠭᠤᠷᠪᠠᠨ ᠬᠣᠨᠢᠨ ᠤ᠋ ᠮᠢᠬ᠎ᠠ᠂ ᠵᠢᠭᠠᠯ ᠵᠤᠭ᠎ᠠ ᠴᠠᠭᠠᠨ ᠢᠳᠡᠭᠡ᠂ ᠲᠠᠪᠤᠨ ᠲᠡᠮᠡᠭᠡ ᠲᠦᠯᠡᠭᠡ ᠣᠷᠣᠭᠤᠯᠵᠤ ᠥᠭᠳᠡᠭ ᠲᠤᠨᠢ ᠪᠠᠶᠠᠷᠯᠠᠨ᠎ᠠ᠃ ᠡᠭᠦᠨ ᠢ᠋ᠶ᠋ᠡᠷ ᠨᠢ ᠪᠠᠯᠳᠠᠨᠴᠡᠷᠢᠩ ᠣᠳᠣ ᠶ᠋ᠢᠨ ᠬᠠᠮᠲᠤ ᠰᠠᠭᠤᠭ᠎ᠠ ᠱᠠᠪᠢ ᠨᠠᠮᠰᠠᠷᠠᠢ ᠶ᠋ᠢᠨ ᠢᠷᠡᠬᠦ ᠶ᠋ᠢᠨ ᠡᠮᠦᠨ᠎ᠡ ᠨᠢᠭᠡ ᠬᠢᠲᠠᠳ ᠲᠣᠭᠣᠭᠠᠴᠢ ᠲᠠᠢ ᠪᠠᠢᠬᠤ ᠳ᠋ᠠᠭᠠᠨ ᠴᠦ᠍ ᠪᠣᠯᠪᠠ᠂ ᠰᠡᠷᠢᠭᠦᠨ ᠤᠯᠠᠷᠢᠯ ᠤ᠋ᠨ ᠵᠢᠷᠭᠤᠭᠠᠨ ᠰᠠᠷ᠎ᠠ ᠶ᠋ᠢ ᠡᠯᠪᠡᠭ ᠠᠪᠴᠤ ᠴᠢᠳᠠᠳᠠᠭ ᠪᠠᠢᠵᠠᠢ᠃  
       ᠥᠩᠭᠡᠷᠡᠭᠰᠡᠨ ᠠᠮᠢᠳᠤᠷᠠᠯ ᠡᠢᠮᠦ ᠪᠥᠭᠡᠳ ᠥᠪ ᠬᠥᠷᠥᠩᠭᠡ ᠨᠢᠮᠭᠡᠨ᠂ ᠡᠬᠡᠨᠡᠷ ᠠᠪᠤᠨ᠎ᠠ ᠭᠡᠬᠦ ᠳ᠋ᠦ᠍ ᠰᠦᠢ  ᠪᠡᠯᠡᠭ ᠲᠦ᠋ᠨᠢ ᠶᠠᠭᠤ ᠥᠭᠬᠦ᠂ ᠨᠠᠢᠷ ᠬᠤᠷᠢᠮ ᠢ᠋ ᠬᠡᠷᠬᠢᠨ ᠶᠠᠭᠤ ᠪᠠᠷ ᠥᠩᠭᠡᠷᠡᠭᠦᠯᠬᠦ᠂ ᠶᠠᠳᠠᠵᠤ ᠣᠷᠣᠨ ᠭᠡᠷ ᠵᠠᠢ ᠦᠭᠡᠢ᠂ ᠡᠭᠦᠨ ᠡᠴᠡ ᠴᠠᠭᠠᠰᠢ ᠬᠠᠨᠢᠯᠠᠨ ᠰᠠᠭᠤᠭᠰᠠᠨ ᠤ᠋ ᠳᠠᠷᠠᠭ᠎ᠠ ᠤᠷᠢᠳᠤ ᠶ᠋ᠢᠨ ᠠᠮᠢᠳᠤᠷᠠᠯ ᠳ᠋ᠤ᠌ ᠬᠦᠷᠦᠯᠴᠡᠳᠡᠭ ᠪᠠᠢᠭᠰᠠᠨ ᠪᠦᠬᠦᠨ ᠢ᠋ᠶ᠋ᠡᠷ ᠢ᠋ᠶ᠋ᠡᠨ ᠬᠦᠷᠦᠯᠴᠡᠬᠦ ᠦᠭᠡᠢ ᠪᠣᠯᠬᠤ ᠵᠡᠷᠭᠡ ᠶ᠋ᠢ ᠰᠠᠨᠠᠬᠤ ᠳ᠋ᠤ᠌ ᠥᠪᠡᠷ ᠦ᠋ᠨ ᠡᠷᠬᠡ ᠦᠭᠡᠢ ᠵᠣᠷᠢᠭ ᠮᠣᠬᠣᠭᠤᠰᠢᠲᠠᠢ᠃ ᠭᠡᠪᠡᠴᠦ ᠪᠠᠯᠳᠠᠨᠴᠡᠷᠢᠩ ᠲᠡᠷᠡ ᠡᠮᠡᠭᠲᠡᠢ ᠡᠴᠡ ᠰᠡᠳᠬᠢᠯ ᠢ᠋ᠶ᠋ᠡᠨ ᠪᠤᠴᠠᠭᠠᠨ ᠠᠪᠴᠤ ᠡᠰᠡ ᠴᠢᠳᠠᠨ᠎ᠠ᠃《ᠦᠭᠡᠢ ᠪᠦᠲᠦᠬᠦ ᠪᠣᠯᠪᠠ ᠤᠤ》 ᠭᠡᠵᠦ ᠬᠣᠭᠣᠰᠣᠨ ᠭᠣᠷᠢᠳᠠᠬᠤ ᠶ᠋ᠢᠨ ᠢ᠋ᠶ᠋ᠡᠨ ᠳᠡᠭᠡᠷ᠎ᠡ《ᠶᠠᠭᠠᠬᠢᠵᠤ ᠢᠩᠭᠢᠵᠦ ᠪᠠᠢᠭᠠᠳ ᠨᠢᠭᠡ ᠪᠣᠯᠭᠠᠶ᠎ᠠ》 ᠭᠡᠵᠦ ᠪᠣᠳᠣᠨ᠎ᠠ᠃ ᠭᠡᠲᠡᠯ᠎ᠡ ᠭᠠᠢ ᠭᠠᠵᠠᠷ ᠳᠣᠣᠷ᠎ᠠ ᠠ᠋ᠴᠠ ᠭᠡᠭᠴᠢ ᠪᠡᠷ ᠭᠠᠷᠤᠵᠠ ᠪᠠᠰᠠ ᠳᠣᠣᠷ᠎ᠠ ᠠ᠋ᠴᠠ ᠪᠠᠨ ᠭᠠᠷᠴᠤ ᠢᠷᠡᠨ᠎ᠡ᠃ ᠨᠢᠭᠡ ᠡᠳᠦᠷ ᠱᠠᠪᠢ᠄ 
       — ᠪᠠᠭᠰᠢ ᠠ᠋᠂ ᠥᠨᠥᠬᠢ ᠠᠷᠪᠠᠭᠠᠢ ᠭᠡᠵᠦ ᠦᠭᠡ ᠪᠡᠨ ᠡᠬᠢᠯᠡᠬᠦ ᠳ᠋ᠦ᠍ᠨᠢ᠂ 
       — ᠶᠠᠭᠤᠨ ᠠᠷᠪᠠᠭᠠᠢ ᠪᠢᠯᠡ? ᠠᠷᠪᠠᠭᠠᠢ ᠭᠡᠵᠦ ᠬᠡᠨ ᠢ᠋ ᠬᠡᠯᠡᠨ᠎ᠡ ᠪᠣᠢ? 
       — ᠶᠠᠭᠠᠬᠢᠪᠠ ᠳᠠ ᠥᠨᠥᠬᠢ ᠡᠪᠡᠳᠴᠢᠲᠡᠨ᠃ ᠲᠡᠷᠡ ᠮᠠᠨᠢ ᠣᠳᠣ ᠪᠦᠷ ᠡᠪ ᠡᠷᠡᠭᠦᠯ ᠪᠣᠯᠤᠭᠰᠠᠨ ᠰᠢᠦ ᠳᠡ᠃  
       — ᠰᠤᠪᠤᠷᠭ᠎ᠠ ᠶ᠋ᠢᠨ ᠢᠷᠣᠭᠠᠷ ᠲᠤ ᠬᠠᠶᠠᠭᠳᠠᠨ ᠦᠬᠦᠯᠦᠭᠦᠲᠡ ᠬᠡᠪᠲᠡᠵᠦ ᠪᠠᠢᠭᠰᠠᠨ ᠬᠥᠮᠦᠨ ᠢ᠋ ᠠᠷᠪᠠᠭᠠᠢ ᠭᠡᠳᠡᠭ ᠪᠠᠢᠵᠠᠢ᠃ ᠲᠡᠭᠦᠨ ᠢ᠋ ᠪᠠᠯᠳᠠᠨᠴᠡᠷᠢᠩ ᠰᠡᠭᠦᠯ ᠦ᠋ᠨ ᠦᠶ᠎ᠡ ᠳ᠋ᠦ᠍ ᠣᠷᠣ ᠲᠠᠰᠤ ᠮᠠᠷᠲᠠᠭᠰᠠᠨ ᠢ᠋ᠶ᠋ᠠᠨ ᠰᠠᠶᠢ ᠰᠠᠨᠠᠪᠠ᠃ 
       — ᠠᠰᠢᠭᠦᠢ ᠳᠡ᠃ ᠣᠳᠣ ᠨᠢᠭᠡᠨᠲᠡ ᠡᠷᠡᠭᠦᠯ ᠪᠣᠯᠤᠭᠰᠠᠨ ᠪᠣᠯ ᠣᠷᠣᠨ ᠨᠤᠲᠤᠭ ᠢ᠋ᠶ᠋ᠠᠨ ᠪᠠᠷᠠᠳᠠᠪᠠᠯ ᠪᠠᠷᠠᠪᠠ ᠳᠠ ᠭᠡᠬᠦ ᠳ᠋ᠦ᠍ ᠱᠠᠪᠢ᠄
       — ᠡᠨᠡ ᠲᠤᠬᠠᠢ ᠶᠠᠷᠢᠭᠰᠠᠨ᠂ ᠭᠡᠲᠡᠯ᠎ᠡ ᠲᠡᠭᠦᠨ ᠳ᠋ᠦ᠍ ᠴᠢᠨᠢ ᠮᠥᠩᠭᠥ ᠶᠠᠩᠴᠢᠶᠠᠨ ᠬᠡᠷᠡᠭᠲᠡᠢ ᠰᠢᠦ ᠳᠡ᠃ 
       — ᠲᠡᠭᠡᠪᠡᠯ ᠶᠠᠭᠠᠬᠢᠬᠤ ᠪᠣᠢ᠂ ᠥᠪᠡᠷ ᠢ᠋ᠶ᠋ᠡᠨ ᠠᠵᠢᠯ ᠬᠢᠵᠦ ᠮᠥᠩᠭᠥ ᠣᠯᠤᠨ᠎ᠠ ᠪᠢᠵᠡ ᠳᠡ᠃ 
       — ᠠᠵᠢᠯ ᠬᠢᠵᠦ ᠮᠥᠩᠭᠥ ᠣᠯᠬᠤ ᠨᠥᠬᠥᠴᠡᠯ ᠦᠭᠡᠢ ᠭᠡᠨ᠎ᠡ᠃ ᠲᠡᠭᠡᠭᠡᠳ ᠲᠠᠨ ᠳ᠋ᠤ᠌ ᠨᠢᠭᠡ ᠪᠠᠷᠠᠯᠬᠠᠨ ᠵᠠᠮ ᠮᠥᠷ ᠢ᠋ᠶ᠋ᠡᠨ ᠵᠢᠭᠠᠯᠭᠠᠬᠤ ᠬᠦᠰᠡᠯ ᠲᠡᠢ ᠭᠡᠬᠦ ᠶᠦᠮ᠂ ᠬᠡᠵᠢᠶ᠎ᠡ ᠢᠷᠡᠭᠦᠯᠬᠦ ᠪᠣᠢ? 
       ᠪᠠᠯᠳᠠᠨᠴᠡᠷᠢᠩ ᠲᠡᠷᠡ ᠬᠥᠮᠦᠨ ᠢ᠋ ᠮᠥᠩᠭᠥ ᠶᠠᠩᠴᠢᠶᠠᠨ ᠤ᠋ ᠲᠤᠰᠠᠯᠠᠮᠵᠢ ᠭᠤᠶᠤᠬᠤ ᠭᠡᠵᠦ ᠪᠠᠢᠭ᠎ᠠ ᠭᠡᠵᠦ ᠪᠣᠳᠣᠨ ᠬᠥᠮᠥᠰᠬᠡ ᠵᠠᠩᠭᠢᠳᠪᠠ᠃ ᠤᠷᠢᠳ ᠡᠮᠦᠨ᠎ᠡ ᠵᠠᠷᠤᠴᠠᠭᠤᠯᠤᠭᠰᠠᠨ ᠢ᠋ᠶ᠋ᠠᠨ ᠪᠣᠳᠣᠵᠤ ᠦᠵᠡᠬᠦ ᠳ᠋ᠦ᠍ ᠬᠣᠷᠢ ᠭᠠᠷᠤᠢ ᠶᠠᠩᠴᠢᠶᠠᠨ ᠪᠣᠯᠤᠭᠰᠠᠨ ᠪᠠᠢᠬᠤ ᠪᠥᠭᠡᠳ ᠭᠡᠪᠡᠴᠦ ᠪᠠᠯᠳᠠᠨᠴᠡᠷᠢᠩ《ᠣᠳᠣ ᠶᠠᠭᠠᠬᠢᠶ᠎ᠠ ᠭᠡᠬᠦ ᠪᠣᠢ᠂ ᠲᠤᠰᠠᠯᠠᠬᠤ ᠠ᠋ᠴᠠ ᠯᠠ ᠪᠢᠰᠢ ᠳᠡ》 ᠭᠡᠵᠦ ᠪᠣᠳᠣᠬᠤ ᠳ᠋ᠠᠭᠠᠨ᠄ 
       — ᠨᠠᠳᠠ ᠲᠠᠢ ᠠᠭᠤᠯᠵᠠᠬᠤ ᠬᠡᠷᠡᠭ ᠦᠭᠡᠢ᠃ ᠵᠦᠭᠡᠷ ᠡᠨᠡ ᠮᠥᠩᠭᠥ ᠪᠡᠷ ᠬᠣᠶᠠᠷ ᠬᠣᠨᠢ ᠬᠤᠳᠠᠯᠳᠤᠨ ᠠᠪᠴᠤ ᠮᠢᠬ᠎ᠠ ᠪᠣᠯᠭᠠᠨ ᠮᠠᠢᠮᠠᠢᠯᠠᠵᠤ ᠬᠥᠯ ᠵᠠᠯᠭᠠᠬᠤ ᠶ᠋ᠢ ᠪᠣᠳᠣ! ᠭᠡᠵᠦ ᠬᠡᠯᠡ ᠭᠡᠳ ᠨᠠᠢ᠍ᠮᠠᠨ ᠶᠠᠩᠴᠢᠶᠠᠨ ᠭᠠᠷᠭᠠᠵᠤ ᠥᠭᠪᠡ᠃ ᠭᠡᠲᠡᠯ᠎ᠡ ᠪᠠᠰᠠ ᠲᠡᠷᠡ ᠡᠷ᠎ᠡ ᠶ᠋ᠢᠨ ᠲᠠᠮᠲᠤᠭ ᠢ᠋ᠶ᠋ᠠᠨ ᠠᠯᠳᠠᠭᠰᠠᠨ ᠮᠠᠭᠤ ᠬᠤᠪᠴᠠᠰᠤ ᠲᠠᠢ ᠨᠢ ᠰᠠᠨᠠᠭᠠᠨ ᠳ᠋ᠤ᠌ ᠣᠷᠣᠪᠠ᠃ ᠶᠡᠷᠦ ᠬᠥᠮᠦᠨ ᠬᠤᠪᠴᠠᠰᠤ ᠦᠭᠡᠢ ᠪᠠᠢᠭᠰᠠᠭᠠᠷ ᠪᠤᠰᠤᠳ ᠲᠤ ᠡᠰᠡ ᠲᠣᠭᠣᠭᠳᠠᠨ ᠠᠵᠢᠯ ᠬᠡᠷᠡᠭ ᠶᠠᠪᠤᠴᠠ ᠦᠭᠡᠢ ᠪᠣᠯᠬᠤ ᠶᠠᠪᠤᠳᠠᠯ ᠪᠠᠢᠳᠠᠭ ᠲᠤᠯᠠ ᠳᠠᠬᠢᠨ ᠬᠡᠳᠦᠨ ᠶᠠᠩᠴᠢᠶᠠᠨ ᠥᠭᠬᠦ ᠪᠣᠯᠪᠠ ᠪᠢᠯᠡ? ᠭᠡᠵᠦ ᠨᠢᠭᠡ ᠪᠣᠳᠣᠭᠰᠠᠨ ᠢ᠋ᠶ᠋ᠠᠨ ᠪᠣᠯᠢᠵᠤ᠂ ᠥᠪᠡᠷ ᠦ᠋ᠨ ᠢ᠋ᠶ᠋ᠡᠨ ᠪᠠᠭ᠎ᠠ ᠵᠡᠷᠭᠡ ᠡᠳ᠋ᠯᠡᠭᠳᠡᠭᠰᠡᠨ ᠴᠢᠰᠴᠡᠦ ᠳᠡᠪᠡᠯ᠂ ᠨᠡᠯᠢᠶᠡᠳ ᠬᠠᠭᠤᠴᠢᠷᠠᠭᠰᠠᠨ ᠪᠣᠯᠪᠠᠴᠤ ᠭᠠᠮᠲᠠᠢ ᠡᠳ᠋ᠯᠡᠭᠰᠡᠨ ᠭᠤᠲᠤᠯ᠂ ᠳᠣᠲᠣᠭᠤᠷ᠂ ᠭᠠᠳᠠᠭᠤᠷ ᠥᠮᠥᠳᠥ᠂ ᠴᠠᠮᠴᠠ᠁ ᠵᠥᠪᠬᠡᠨ ᠮᠠᠯᠠᠭᠠᠢ ᠠ᠋ᠴᠠ ᠪᠤᠰᠤᠳ ᠢ᠋ ᠪᠦᠷᠢᠯᠳᠦᠭᠦᠯᠦᠨ ᠥᠭᠬᠦ ᠪᠡᠷ ᠪᠣᠯᠤᠯ᠎ᠠ᠃ ᠡᠳᠡᠭᠡᠷ ᠢ᠋ ᠱᠠᠪᠢ ᠨᠢ ᠡᠨᠡ ᠲᠡᠷᠡ ᠶ᠋ᠢ ᠣᠩᠭᠢᠴᠢᠨ ᠴᠤᠭᠯᠠᠭᠤᠯᠵᠤ ᠠᠪᠤᠭᠠᠳ ᠪᠣᠭᠣᠵᠤ ᠡᠬᠢᠯᠡᠬᠦ ᠶ᠋ᠢ ᠨᠢ ᠦᠵᠡᠬᠦ ᠳ᠋ᠦ᠍ ᠲᠤᠰ ᠪᠦᠷᠢ ᠪᠡᠨ ᠬᠡᠷᠡᠭᠴᠡᠭᠡ ᠲᠡᠢ ᠵᠦᠢᠯᠡᠰ ᠪᠠᠢᠬᠤ ᠲᠡᠳᠦᠢ ᠦᠭᠡᠢ ᠮᠥᠩᠭᠥ ᠳᠦᠭᠦᠷᠡᠭ ᠦ᠋ᠨ ᠦᠨ᠎ᠡ ᠬᠦᠷᠬᠦ ᠵᠦᠢᠯᠡᠰ ᠪᠠᠢᠬᠤ ᠲᠤᠯᠠ ᠪᠠᠯᠳᠠᠨᠴᠡᠷᠢᠩ ᠳᠣᠲᠣᠷ᠎ᠠ ᠪᠠᠨ ᠬᠠᠷᠠᠭᠤᠰᠤᠨ᠎ᠠ᠃《ᠳᠠᠬᠢᠨ ᠪᠠᠰᠠ ᠭᠠᠢ ᠪᠣᠯᠤᠨ᠎ᠠ ᠪᠣᠢ》 ᠭᠡᠵᠦ ᠪᠣᠳᠣᠬᠤ ᠳ᠋ᠠᠭᠠᠨ᠄  
       — ᠡᠭᠦᠨ ᠡᠴᠡ ᠴᠠᠭᠠᠰᠢ ᠳᠠᠬᠢᠨ ᠭᠣᠷᠢᠳᠠᠬᠤ ᠬᠡᠷᠡᠭ ᠦᠭᠡᠢ ᠭᠡᠵᠦ ᠰᠠᠢᠨ ᠬᠡᠯᠡᠭᠡᠷᠡᠢ ᠭᠡᠵᠦ ᠬᠦᠢᠲᠡᠨ ᠴᠢᠷᠠᠢ ᠪᠠᠷ ᠵᠠᠬᠢᠯ᠎ᠠ᠃ 
       ᠡᠢᠨ ᠬᠦ᠌ ᠨᠢᠭᠡ ᠬᠡᠷᠡᠭ ᠡᠴᠡ ᠪᠡᠶ᠎ᠡ ᠪᠡᠨ ᠵᠠᠢᠯᠠᠭᠤᠯᠤᠭᠰᠠᠨ ᠪᠣᠯᠪᠠᠴᠤ ᠬᠣᠶᠠᠳᠠᠬᠢ ᠬᠡᠷᠡᠭ ᠮᠥᠨ ᠯᠡ ᠳᠣᠣᠷ᠎ᠠ ᠠ᠋ᠴᠠ ᠪᠠᠨ ᠭᠠᠷᠴᠤ ᠢᠷᠡᠯ᠎ᠡ᠃ ᠱᠠᠪᠢ ᠨᠠᠮᠰᠠᠷᠠᠢ ᠥᠭᠡᠷ᠎ᠡ ᠨᠢᠭᠡ ᠡᠳᠦᠷ ᠭᠠᠳᠠᠭᠤᠷ ᠶᠠᠪᠤᠭᠠᠳ ᠢᠷᠡᠬᠦ ᠳ᠋ᠡᠭᠡᠨ᠄  
       — ᠰᠦᠬᠡᠪᠠᠭᠠᠲᠤᠷ ᠲᠠᠨ ᠢ᠋ ᠭᠡᠷ ᠲᠡᠭᠡᠨ ᠢᠷᠡᠨ᠎ᠡ ᠤᠤ? ᠭᠡᠵᠦ ᠪᠠᠢᠨ᠎ᠠ ᠭᠡᠪᠡ᠃ 
       — ᠴᠢ ᠬᠠᠮᠢᠭ᠎ᠠ ᠲᠠᠭᠠᠷᠠᠯᠳᠤᠪᠠ ᠭᠡᠬᠦ ᠳ᠋ᠦ᠍᠂  
       — ᠪᠢ ᠭᠡᠷ ᠢ᠋ᠶ᠋ᠡᠷ ᠨᠢ ᠣᠷᠣᠭᠰᠠᠨ ᠶᠤᠮ᠃  
       — ᠠ! ᠭᠡᠳ ᠪᠠᠯᠳᠠᠨᠴᠡᠷᠢᠩ ᠱᠠᠪᠢ ᠶ᠋ᠢᠨ ᠢ᠋ᠶ᠋ᠡᠨ ᠰᠦᠬᠡᠪᠠᠭᠠᠲᠤᠷ ᠤ᠋ᠨ ᠬᠢ ᠪᠡᠷ ᠪᠠᠢᠨ ᠪᠠᠢᠨ ᠣᠷᠣᠳᠠᠭ ᠪᠣᠯᠤᠭᠰᠠᠨ ᠢ᠋ ᠨᠢ ᠳᠣᠲᠣᠷ᠎ᠠ ᠪᠠᠨ ᠳᠠᠭᠠᠪᠤᠷᠢᠯᠠᠭᠠᠳ ᠥᠪᠡᠷ ᠦ᠋ᠨ ᠢ᠋ᠶ᠋ᠡᠨ ᠪᠡᠶ᠎ᠡ ᠶ᠋ᠢ ᠮᠥᠨ ᠰᠦᠬᠡᠪᠠᠭᠠᠲᠤᠷ ᠤ᠋ᠨ ᠵᠣᠷᠢᠭᠰᠠᠨ ᠦᠢᠯᠡ ᠬᠡᠷᠡᠭ ᠡᠴᠡ ᠳᠠᠷᠤᠢ ᠵᠠᠢᠯᠠᠭᠤᠯᠬᠤ ᠶ᠋ᠢ ᠪᠣᠳᠣᠪᠠ᠃ 
       — ᠪᠡᠶ᠎ᠡ ᠮᠠᠭᠤ᠃  ᠤᠵᠢᠭ ᠡᠪᠡᠳᠴᠢᠨ ᠬᠦᠷᠦᠭᠰᠡᠨ᠂ ᠣᠢᠷ᠎ᠠ ᠶ᠋ᠢᠨ ᠬᠤᠭᠤᠴᠠᠭᠠᠨ ᠳ᠋ᠤ᠌ ᠣᠴᠢᠬᠤ ᠨᠥᠬᠥᠴᠡᠯ ᠦᠭᠡᠢ ᠪᠠᠢᠨ᠎ᠠ ᠭᠡᠵᠦ ᠬᠡᠯᠡᠭᠡᠷᠡᠢ ᠭᠡᠪᠡ᠃ ᠭᠡᠪᠡᠴᠦ ᠤᠭ ᠬᠡᠷᠡᠭ ᠢᠩᠭᠢᠭᠡᠳ ᠵᠣᠭᠰᠣᠭᠰᠠᠨ ᠦᠭᠡᠢ᠂ ᠳᠣᠯᠣᠭ᠎ᠠ ᠬᠣᠨᠣᠭ ᠤ᠋ᠨ ᠳᠠᠷᠠᠭ᠎ᠠ ᠱᠠᠪᠢ᠄  
       — ᠰᠦᠬᠡᠪᠠᠭᠠᠲᠤᠷ ᠲᠠᠨ ᠢ᠋ ᠶᠠᠮᠠᠷ ᠪᠣᠯᠪᠠᠴᠤ ᠥᠨᠥ ᠣᠷᠣᠢ ᠵᠠᠮᠢᠶᠠᠨ ᠭᠤᠸᠠᠢ ᠶ᠋ᠢᠨ ᠳ᠋ᠦ᠍ ᠨᠢᠭᠡ ᠣᠴᠢᠵᠤ ᠦᠵᠡᠨ᠎ᠡ ᠤᠤ? ᠭᠡᠯ᠎ᠡ ᠭᠡᠪᠡ᠃  
       — ᠶᠠᠮᠠᠷ ᠪᠣᠯᠪᠠᠴᠤ ᠭᠡᠰᠡᠨ ᠭᠡᠵᠦ ᠤᠤ? ᠭᠡᠵᠦ ᠰᠣᠴᠢᠨ ᠠᠰᠠᠭᠤᠬᠤ ᠳ᠋ᠤ᠌᠂  
       — ᠲᠡᠢᠮᠦ ᠳᠡ᠂ ᠨᠠᠮᠠᠶ᠋ᠢ ᠵᠠᠪᠠᠯ ᠬᠡᠯᠡᠭᠡᠷᠡᠢ ᠭᠡᠰᠡᠨ᠂  
       — ᠶᠠᠭᠠᠬᠢᠬᠤ ᠬᠡ ᠶᠦᠮ ᠪᠣᠯ ᠮᠡᠳᠡᠪᠡ ᠤᠤ?  
       — ᠮᠡᠳᠡᠭᠰᠡᠨ ᠭᠡᠳ ᠱᠠᠪᠢ ᠣᠷᠣᠭᠰᠢ ᠪᠥᠬᠥᠢᠨ᠄ ᠨᠠᠮ ᠤ᠋ᠨ ᠵᠢᠷᠤᠮᠲᠤ ᠨᠥᠬᠥᠳ ᠴᠤᠭᠯᠠᠷᠠᠨ ᠬᠡᠷᠡᠭ ᠬᠡᠯᠡᠯᠴᠡᠬᠦ ᠶᠦᠮ ᠭᠡᠨ᠎ᠡ ᠪᠢᠯᠡ ᠭᠡᠵᠦ ᠬᠣᠶᠠᠭᠤᠯᠠᠬᠠᠨ ᠢ᠋ᠶ᠋ᠠᠨ ᠪᠠᠢᠭ᠎ᠠ ᠠᠲᠠᠯ᠎ᠠ ᠪᠠᠨ ᠰᠢᠪᠡᠨᠡᠨ ᠬᠡᠯᠡᠪᠡ᠃ ᠪᠠᠯᠳᠠᠨᠴᠡᠷᠢᠩ ᠲᠤᠩ ᠶᠡᠬᠡ ᠭᠠᠢᠬᠠᠯ᠎ᠠ᠃《ᠶᠠᠭᠤᠨ ᠤ᠋ ᠨᠠᠮ ᠤ᠋ᠨ ᠨᠥᠬᠥᠳ ᠪᠣᠢ? ᠤᠯᠠᠭᠠᠨ ᠣᠷᠣᠰ ᠢ᠋ ᠲᠦᠰᠢᠭᠯᠡᠬᠦ ᠨᠢᠭᠡ ᠨᠠᠮ ᠪᠣᠢ ᠪᠣᠯᠤᠭᠰᠠᠨ ᠬᠡᠷᠡᠭ ᠤᠤ?》 ᠭᠡᠵᠦ ᠪᠣᠳᠣᠭᠰᠠᠨ ᠠ᠋ᠴᠠ ᠭᠠᠳᠠᠨ᠎ᠠ᠂《ᠨᠠᠳᠠ ᠤᠯᠤᠰ ᠲᠥᠷᠥ ᠪᠡᠷ ᠬᠥᠭᠡᠭᠡᠴᠡᠯᠳᠦᠬᠦ ᠶ᠋ᠢᠨ ᠬᠡᠷᠡᠭ ᠠᠯᠠᠭ᠎ᠠ᠃ ᠲᠦᠷᠦᠭᠦᠴᠢ ᠶ᠋ᠢᠨ ᠶᠠᠪᠤᠭᠰᠠᠨ᠂ ᠵᠢᠳᠬᠦᠭᠰᠡᠨ ᠪᠦᠬᠦᠨ ᠲᠠᠯᠠᠭᠠᠷ ᠥᠩᠭᠡᠷᠡᠭᠰᠡᠨ ᠳ᠋ᠦ᠍ ᠰᠡᠳᠬᠢᠯ ᠬᠠᠨᠤᠨ ᠵᠦᠭᠡᠷ ᠠᠵᠤ ᠲᠥᠷᠥᠨ ᠠᠮᠢᠳᠤᠷᠠᠬᠤ ᠶ᠋ᠢ ᠪᠣᠳᠣᠶ᠎ᠠ》 ᠭᠡᠵᠦ ᠪᠣᠳᠣᠯ᠎ᠠ᠃ ᠨᠠᠮᠰᠠᠷᠠᠢ ᠬᠠᠵᠠᠭᠤ ᠳ᠋ᠤᠨᠢ ᠶᠠᠭᠤ ᠬᠡᠯᠡᠬᠦ ᠶ᠋ᠢ ᠨᠢ ᠬᠦᠯᠢᠶᠡᠬᠦ ᠪᠠᠢᠳᠠᠯ ᠢ᠋ᠶ᠋ᠠᠷ ᠠᠮᠠ ᠶ᠋ᠢ ᠨᠢ ᠰᠢᠷᠳᠡᠨ᠎ᠡ᠃ ᠴᠠᠢ ᠴᠢᠨᠠᠬᠤ ᠪᠠᠷ ᠵᠤᠤᠬᠠᠨ ᠳ᠋ᠤ᠌ ᠬᠢᠭᠰᠡᠨ ᠬᠠᠭᠤᠷᠠᠢ ᠬᠠᠷ᠎ᠠ ᠮᠣᠳᠣ ᠳᠡᠰ ᠨᠢᠰ ᠣᠴᠢ ᠦᠰᠦᠷᠦᠨ ᠳᠤᠤᠭᠠᠷᠴᠤ᠂ ᠶᠡᠩᠳᠦᠩ ᠵᠤᠤᠬ᠎ᠠ ᠬᠦᠩᠭᠢᠨᠡᠨ ᠪᠠᠢᠬᠤ ᠦᠶ᠎ᠡ ᠳ᠋ᠦ᠍ ᠨᠠᠮᠰᠠᠷᠠᠢ ᠲᠣᠭᠣᠭ᠎ᠠ ᠪᠠᠨ ᠲᠠᠯᠪᠢᠬᠤ ᠶ᠋ᠢ ᠮᠠᠷᠲᠠᠨ ᠰᠠᠭᠤᠭᠰᠠᠭᠠᠷ᠃ 
       — ᠡᠷᠲᠡ ᠡᠳᠦᠷ ᠴᠢ ᠮᠢᠨᠦ ᠣᠵᠢᠭ ᠡᠪᠡᠳᠴᠢᠨ ᠣᠯᠤᠭᠠᠳ ᠪᠠᠢᠨ᠎ᠠ ᠭᠡᠵᠦ ᠬᠡᠯᠡᠭᠡᠷᠡᠢ ᠭᠡᠰᠡᠨ ᠢ᠋ ᠬᠡᠯᠡᠭᠰᠡᠨ ᠤᠤ? 
       — ᠬᠡᠯᠡᠭᠰᠡᠨ᠃  
       — ᠲᠡᠭᠡᠪᠡᠯ ᠤᠭ ᠡᠪᠡᠳᠴᠢᠨ ᠣᠳᠣ ᠤᠯᠠᠮ ᠬᠦᠨᠳᠦᠷᠡᠭᠡᠳ ᠪᠠᠢᠨ᠎ᠠ᠃ ᠨᠥᠬᠥᠳ ᠦ᠋ᠨ ᠦᠢᠯᠡ ᠬᠡᠷᠡᠭ ᠲᠦ᠍ ᠣᠷᠣᠯᠴᠠᠵᠤ ᠴᠢᠳᠠᠬᠤ ᠦᠭᠡᠢ ᠨᠢ ᠭᠡᠵᠦ ᠬᠡᠯᠡᠭᠡᠷᠡᠢ ᠭᠡᠪᠡ᠃  
       ᠨᠠᠮᠰᠠᠷᠠᠢ ᠭᠤᠨᠢᠭ ᠲᠠᠢ ᠪᠠᠷ《ᠵᠠ》 ᠭᠡᠳ ᠪᠣᠰᠤᠨ ᠡᠭᠦᠳᠡ ᠤᠷᠤᠭᠤ ᠶᠠᠪᠤᠭᠰᠠᠨ ᠢ᠋ᠶ᠋ᠠᠨ᠂ 
       — ᠲᠠᠨ ᠤ᠋ ᠡᠨᠡ ᠦᠭᠡ ᠶ᠋ᠢ ᠴᠢᠨᠢ ᠪᠢ ᠰᠢᠭᠤᠳ ᠬᠡᠯᠡᠬᠦ ᠬᠡᠷᠡᠭ ᠤᠤ?  
       — ᠲᠡᠭᠡ! ᠭᠡᠵᠦ ᠪᠠᠯᠳᠠᠨᠴᠡᠷᠢᠩ ᠤᠴᠠᠭᠠᠷᠯᠠᠨ ᠵᠠᠩᠳᠤᠷᠬᠤ ᠠᠶᠠᠲᠠᠢ ᠬᠠᠷᠢᠭᠤᠯᠪᠠ᠃ 
       ᠨᠠᠮᠰᠠᠷᠠᠢ ᠳᠠᠷᠤᠢ ᠡᠷᠭᠢᠨ ᠭᠡᠷ ᠡᠴᠡ ᠭᠠᠷᠬᠤ ᠳ᠋ᠠᠭᠠᠨ ᠠᠭᠤᠷᠯᠠᠭᠰᠠᠨ ᠪᠠᠢᠳᠠᠯ ᠢ᠋ᠶ᠋ᠠᠷ ᠬᠠᠭᠠᠯᠭ᠎ᠠ ᠪᠠᠨ ᠫᠠᠰ ᠪᠠᠭᠤᠯᠭᠠᠨ ᠰᠠᠪᠠᠪᠠ᠃ ᠠᠷᠤ ᠳ᠋ᠤᠨᠢ ᠭᠡᠷ ᠠᠨᠢᠷ ᠴᠢᠮᠡᠭᠡ ᠪᠣᠯᠤᠨ ᠦᠯᠡᠲᠡᠯ᠎ᠡ᠃ ᠵᠤᠤᠬᠠᠨ ᠳ᠋ᠤ᠌ ᠲᠤᠩ ᠰᠠᠶᠢᠬᠠᠨ ᠣᠴᠢ ᠥᠰᠥᠷᠬᠡᠨ ᠳᠦᠷᠡᠯᠵᠡᠵᠦ ᠪᠠᠢᠭᠰᠠᠨ ᠭᠠᠯ ᠬᠦᠷᠲᠡᠯ᠎ᠡ ᠤᠨᠲᠠᠷᠠᠬᠤ ᠲᠠᠢᠰᠢ ᠬᠠᠨᠳᠤᠭᠰᠠᠨ ᠤ᠋ ᠬᠠᠵᠠᠭᠤ ᠳ᠋ᠤ᠌ ᠪᠠᠯᠳᠠᠨᠴᠡᠷᠢᠩ ᠭᠠᠭᠴᠠᠭᠠᠷ ᠱᠠᠪᠢ ᠶ᠋ᠢᠨ ᠢ᠋ᠶ᠋ᠡᠨ ᠲᠤᠬᠠᠢ᠄ 《ᠡᠨᠡ ᠮᠠᠨᠢ ᠰᠦᠬᠡᠪᠠᠭᠠᠲᠤᠷ ᠤ᠋ᠨ ᠦᠢᠯᠡ ᠬᠡᠷᠡᠭ ᠢ᠋ ᠨᠠᠮᠠᠶ᠋ᠢ ᠡᠷᠬᠢᠮᠯᠡᠬᠦ ᠡᠴᠡ ᠢᠯᠡᠭᠦᠦ ᠲᠡᠢ ᠦᠵᠡᠬᠦ ᠪᠣᠯᠤᠭᠰᠠᠨ ᠪᠠᠢᠬᠤ ᠨᠢ ᠶᠠᠭᠤ ᠪᠣᠢ?》 ᠭᠡᠵᠦ ᠪᠣᠳᠣᠪᠠ᠃  
       ᠴᠠᠭᠠᠰᠢ ᠪᠣᠳᠣᠵᠤ ᠦᠵᠡᠬᠦ ᠳ᠋ᠦ᠍ ᠰᠦᠬᠡᠪᠠᠭᠠᠲᠤᠷ ᠨᠠᠰᠤᠨ ᠳ᠋ᠤ᠌ ᠬᠦᠷᠦᠭᠡ ᠦᠭᠡᠢ ᠬᠡᠦᠬᠡᠳ ᠢ᠋ᠶ᠋ᠡᠷ ᠶᠠᠭᠤ ᠬᠢᠬᠦ ᠪᠢᠯᠡ ᠭᠡᠮᠡᠷ ᠪᠠᠢᠪᠠᠴᠤ᠂ ᠡᠨᠡ ᠲᠡᠷᠡ ᠲᠡᠢ ᠬᠡᠯᠡ ᠠᠪᠤᠯᠴᠠᠵᠤ᠂ ᠭᠠᠳᠠᠭᠤᠷ ᠳᠣᠲᠣᠭᠤᠷ ᠶᠠᠭᠤ ᠪᠣᠯᠵᠤ ᠪᠠᠢᠭ᠎ᠠ ᠶ᠋ᠢ ᠲᠠᠩᠨᠠᠭᠤᠯᠳᠠᠬᠤ ᠳ᠋ᠤ᠌ ᠬᠡᠦᠬᠡᠳ ᠣᠨᠴᠠ ᠬᠡᠷᠡᠭᠲᠡᠢ ᠪᠠᠢᠵᠤ ᠪᠣᠯᠤᠮᠠᠷ ᠰᠢᠭ᠋ ᠰᠠᠨᠠᠭᠳᠠᠨ᠎ᠠ᠃ ᠶᠡᠷᠦ ᠱᠠᠪᠢ ᠶ᠋ᠢᠨ ᠢ᠋ᠶ᠋ᠡᠨ ᠰᠡᠭᠦᠯ ᠦ᠋ᠨ ᠦᠶ᠎ᠡ ᠶ᠋ᠢᠨ ᠪᠠᠢᠳᠠᠯ ᠢ᠋ ᠬᠢᠨᠠᠨ ᠦᠵᠡᠬᠦ ᠳ᠋ᠦ᠍ ᠡᠪᠡᠳᠴᠢᠲᠡᠢ ᠬᠥᠮᠦᠨ ᠢ᠋ ᠡᠷᠭᠢᠬᠦ ᠨᠡᠷᠡᠢᠳᠦᠯ ᠢ᠋ᠶ᠋ᠡᠷ ᠡᠳᠦᠷ ᠪᠦᠷᠢ ᠶᠠᠪᠤᠭᠰᠠᠨ ᠢ᠋ ᠨᠢ ᠰᠦᠬᠡᠪᠠᠭᠠᠲᠤᠷ ᠠ᠋ᠴᠠ ᠬᠣᠶᠠᠷ ᠳᠠᠬᠢᠨ ᠬᠡᠯᠡ ᠠᠪᠴᠢᠷᠠᠭᠰᠠᠨ ᠲᠠᠢ ᠨᠢ ᠬᠠᠷᠰᠢᠭᠤᠯᠤᠨ ᠦᠵᠡᠬᠦ ᠳ᠋ᠦ᠍ ᠡᠪᠡᠳᠴᠢᠲᠡᠨ ᠤᠷᠤᠭᠤ ᠪᠢᠰᠢ᠂ ᠰᠦᠬᠡᠪᠠᠭᠠᠲᠤᠷ ᠤᠷᠤᠭᠤ ᠭᠦᠶᠦᠳᠡᠭ ᠪᠠᠢᠵᠠᠢ ᠭᠡᠵᠦ ᠪᠣᠳᠣᠭᠳᠠᠨ᠎ᠠ᠃ ᠡᠢᠮᠦ ᠳ᠋ᠦ᠍ ᠪᠠᠯᠳᠠᠨᠴᠡᠷᠢᠩ ᠱᠠᠪᠢ ᠪᠠᠨ ᠣᠢᠷ᠎ᠠ ᠶ᠋ᠢᠨ ᠬᠤᠭᠤᠴᠠᠭᠠᠨ ᠳ᠋ᠤ᠌ ᠣᠷᠣᠨ ᠨᠤᠲᠤᠭ ᠤᠷᠤᠭᠤ ᠨᠢ ᠶᠠᠪᠤᠭᠤᠯᠤᠶ᠎ᠠ ᠭᠡᠵᠦ ᠪᠣᠳᠣᠯ᠎ᠠ᠃ ᠭᠡᠲᠡᠯ᠎ᠡ ᠥᠪᠡᠷ ᠦ᠋ᠨ ᠬᠢᠨᠢ ᠰᠡᠳᠬᠢᠯ ᠢ᠋ ᠨᠢ ᠪᠤᠯᠢᠶᠠᠭᠰᠠᠨ ᠡᠮᠡᠭᠲᠡᠢ ᠰᠠᠨᠠᠭᠠᠨ ᠳ᠋ᠤ᠌ ᠣᠷᠣᠵᠠᠢ᠃ ᠲᠡᠭᠦᠨ ᠲᠡᠢ ᠠᠭᠤᠯᠵᠠᠬᠤ᠂ ᠶᠠᠳᠠᠵᠤ ᠨᠢᠭᠡ ᠪᠠᠷ᠎ᠠ ᠶ᠋ᠢ ᠨᠢ ᠬᠠᠷᠠᠬᠤ ᠰᠠᠨ ᠭᠡᠬᠦ ᠳ᠋ᠡᠭᠡᠨ ᠭᠡᠷ ᠡᠴᠡ ᠭᠠᠷᠪᠠ᠃ ᠲᠡᠭᠦᠨ ᠦ᠌ ᠭᠤᠷᠪᠠᠨ ᠬᠣᠨᠣᠭ ᠳᠣᠳᠣᠮ ᠤ᠋ᠨ ᠢ᠋ᠶ᠋ᠠᠨ ᠣᠷᠣᠢ ᠪᠠᠭᠰᠢ ᠳ᠋ᠠᠭᠠᠨ ᠪᠠᠷᠠᠯᠬᠠᠳᠠᠭ ᠢ᠋ ᠮᠡᠳᠡᠭᠰᠡᠨ ᠲᠡᠳᠦᠢ ᠦᠭᠡᠢ᠂  ᠵᠡᠭᠦᠨ ᠲᠡᠢ ᠡᠴᠡ ᠢᠷᠡᠳᠡᠭ ᠢ᠋ ᠨᠢ ᠴᠦ᠍ ᠲᠣᠳᠣᠷᠬᠠᠢ ᠮᠡᠳᠡᠭᠰᠡᠨ ᠪᠠᠢᠵᠠᠢ᠃ 
       ᠡᠨᠡ ᠤᠳᠠᠭ᠎ᠠ ᠪᠠᠯᠳᠠᠨᠴᠡᠷᠢᠩ ᠥᠨᠥ ᠡᠮᠡᠭᠲᠡᠢ ᠶ᠋ᠢ ᠵᠡᠭᠦᠨ ᠰᠢᠯᠪᠢ ᠶ᠋ᠢᠨ ᠭᠦᠦᠷ ᠢ᠋ᠶ᠋ᠡᠷ ᠮᠣᠷᠢᠨ ᠲᠡᠷᠭᠡ ᠲᠡᠢ ᠭᠠᠷᠴᠤ ᠢᠷᠡᠬᠦ ᠶ᠋ᠢ ᠨᠢ ᠬᠠᠷᠠᠭᠠᠳ ᠨᠡᠯᠢᠶᠡᠳ ᠬᠣᠯᠠ ᠠ᠋ᠴᠠ ᠢᠷᠡᠳᠡᠭ ᠢ᠋ ᠨᠢ ᠮᠡᠳᠡᠪᠡ᠃ ᠬᠠᠵᠠᠭᠤ ᠪᠠᠷ ᠥᠩᠭᠡᠷᠡᠬᠦ ᠳ᠋ᠦ᠍ᠨᠢ ᠲᠠᠨᠢᠬᠤ ᠬᠥᠮᠦᠨ ᠦ᠌ ᠶᠣᠰᠣᠭᠠᠷ ᠲᠣᠯᠣᠭᠠᠢ ᠳᠣᠬᠢᠨ ᠮᠡᠨᠳᠦᠯᠡᠭᠰᠡᠨ ᠪᠣᠯᠪᠠᠴᠤ ᠶᠠᠭᠠᠬᠢᠵᠤ ᠴᠦ᠍ ᠴᠢᠳᠠᠭᠰᠠᠨ ᠦᠭᠡᠢ ᠪᠢᠯᠡ᠃ ᠦᠳᠡᠰᠢ ᠬᠠᠷᠠᠩᠭᠤᠢ ᠪᠣᠯᠬᠤ ᠳ᠋ᠤ᠌ ᠵᠠᠮᠢᠶᠠᠨ ᠤ᠋ ᠬᠠᠰᠢᠶᠠᠨ ᠤ᠋ ᠬᠠᠪᠢ ᠳ᠋ᠤ᠌ ᠣᠴᠢᠨ ᠡᠷᠭᠢᠯᠳᠦᠵᠦ᠂ ᠡᠮᠡᠭᠲᠡᠢ ᠶ᠋ᠢᠨ ᠱᠤᠳᠤᠷᠭᠤ ᠪᠠᠨ ᠴᠣᠬᠢᠨ᠂ ᠰᠢᠯᠦᠭᠯᠡᠨ ᠳᠠᠭᠤᠯᠠᠵᠤ ᠪᠠᠢᠬᠤ ᠶ᠋ᠢ ᠮᠥᠨ ᠯᠡ ᠣᠯᠵᠤ ᠰᠣᠨᠣᠰᠤᠯ᠎ᠠ᠃ ᠡᠴᠦᠰ ᠲᠦ᠋ᠨᠢ ᠡᠮᠡᠭᠲᠡᠢ ᠶ᠋ᠢᠨ ᠭᠡᠷ ᠡᠴᠡ ᠭᠠᠷᠬᠤ ᠴᠢᠮᠡᠭᠡ ᠪᠡᠷ ᠬᠠᠰᠢᠶᠠᠨ ᠤ᠋ ᠪᠤᠯᠤᠩ ᠤ᠋ᠨ ᠰᠡᠭᠦᠳᠡᠷ ᠲᠦ᠍ ᠬᠣᠷᠭᠣᠳᠠᠨ ᠪᠠᠷ᠎ᠠ ᠰᠡᠭᠦᠳᠡᠷ ᠢ᠋ ᠨᠢ ᠵᠥᠪᠬᠡᠨ ᠬᠣᠯᠠ ᠠ᠋ᠴᠠ ᠬᠠᠷᠠᠨ ᠬᠣᠴᠣᠷᠴᠠᠢ᠃ ᠭᠡᠪᠡᠴᠦ ᠪᠠᠯᠳᠠᠨᠴᠡᠷᠢᠩ ᠳᠠᠷᠠᠭᠠᠴᠢ ᠶ᠋ᠢᠨ ᠭᠤᠷᠪᠠᠳᠠᠬᠢ ᠬᠣᠨᠣᠭ ᠳᠡᠭᠡᠷ᠎ᠡ ᠭᠡᠷ ᠡᠴᠡ ᠨᠡᠯᠢᠶᠡᠳ ᠡᠷᠲᠡ ᠭᠠᠷᠤᠨ ᠰᠡᠯᠪᠢ ᠶ᠋ᠢᠨ ᠭᠦᠦᠷ ᠢ᠋ ᠥᠩᠭᠡᠷᠡᠨ ᠺᠣᠨᠰᠦ᠋ᠯ ᠦ᠋ᠨ ᠳᠡᠨᠵᠢ ᠳᠡᠭᠡᠷ᠎ᠡ ᠭᠠᠷᠤᠨ ᠡᠷᠭᠢᠯᠳᠦᠭᠰᠡᠨ ᠪᠥᠭᠡᠳ ᠲᠡᠷᠡ ᠡᠮᠡᠭᠲᠡᠢ ᠶ᠋ᠢ ᠮᠠᠢᠮᠠᠢ ᠬᠣᠲᠠ ᠠ᠋ᠴᠠ ᠢᠷᠡᠳᠡᠭ ᠢ᠋ ᠨᠢ ᠣᠯᠵᠤ ᠬᠠᠷᠠᠪᠠ᠃ ᠣᠢᠷᠠᠲᠤᠨ ᠢᠷᠡᠬᠦ ᠳ᠋ᠦ᠍ᠨᠢ᠂ ᠡᠩ ᠦ᠋ᠨ ᠶᠠᠪᠤᠭ᠎ᠠ ᠬᠥᠮᠦᠨ ᠪᠣᠯᠬᠤ ᠭᠡᠵᠦ ᠪᠠᠷᠠᠭᠤᠨ ᠲᠡᠢᠰᠢ ᠴᠢᠭᠯᠡᠨ ᠠᠭᠠᠵᠢᠭᠤᠯᠠᠨ  ᠠᠯᠬᠤᠪᠠ᠃ ᠮᠣᠷᠢᠨ ᠲᠤᠭᠤᠷᠠᠢ ᠶ᠋ᠢᠨ ᠴᠢᠮᠡᠭᠡ ᠶᠠᠭᠤ ᠶᠠᠭᠤ ᠦᠭᠡᠢ ᠳᠡᠷᠭᠡᠳᠡ ᠣᠢᠷᠠᠲᠤᠨ ᠢᠷᠡᠬᠦ ᠳ᠋ᠦ᠍ ᠬᠠᠵᠠᠭᠤ ᠲᠡᠢᠰᠢ ᠡᠷᠭᠢᠨ᠄ ᠲᠠ ᠰᠠᠢᠨ ᠪᠠᠢᠨ᠎ᠠ ᠤᠤ? ᠭᠡᠵᠦ ᠵᠢᠯᠣᠭᠣᠴᠢ ᠳ᠋ᠤᠨᠢ ᠮᠡᠨᠳᠦᠯᠡᠭᠡᠳ᠄ ᠲᠠ ᠨᠠᠮᠠᠶ᠋ᠢ ᠵᠢᠭᠠᠬᠠᠨ ᠭᠠᠵᠠᠷ ᠳᠥᠬᠥᠭᠦᠯᠵᠦ ᠥᠭᠭᠦᠨ᠎ᠡ ᠤᠤ ᠭᠡᠵᠦ ᠭᠤᠶᠤᠯ᠎ᠠ᠃ ᠵᠢᠯᠣᠭᠣᠴᠢ ᠮᠣᠷᠢᠨ ᠤ᠋ ᠪᠠᠨ ᠠᠮᠠ ᠶ᠋ᠢ ᠬᠣᠢᠰᠢ ᠲᠠᠲᠠᠪᠠ᠃《ᠢᠩᠭᠢᠨ᠎ᠡ ᠴᠦ᠍ ᠪᠢᠵᠡ》 ᠭᠡᠵᠦ ᠪᠠᠯᠳᠠᠨᠴᠡᠷᠢᠩ ᠳᠣᠲᠣᠷ᠎ᠠ ᠪᠠᠨ ᠬᠦᠯᠢᠶᠡᠵᠦ ᠪᠠᠢᠭᠰᠠᠨ ᠠᠵᠢ᠃ ᠪᠠᠶᠠᠷᠯᠠᠭᠰᠠᠨ ᠴᠢᠷᠠᠢ ᠭᠠᠷᠭᠠᠨ ᠲᠡᠷᠭᠡᠨ ᠦ᠌ ᠬᠢᠨᠢ ᠬᠠᠵᠠᠭᠤ ᠳ᠋ᠤ᠌ ᠣᠴᠢᠨ ᠡᠮᠡᠭᠲᠡᠢ ᠶ᠋ᠢ ᠬᠠᠷᠠᠭᠠᠳ᠄
       — ᠦᠭᠡᠢ ᠲᠠ ᠶᠠᠪᠤᠭ᠎ᠠ ᠶᠤᠮ ᠰᠠᠨ ᠤᠤ? ᠪᠢ ᠡᠢᠰᠢ ᠪᠡᠨ ᠵᠢᠭᠠᠬᠠᠨ ᠭᠠᠵᠠᠷ ᠳᠥᠭᠥᠬᠦ ᠭᠡᠰᠡᠨ ᠶᠦᠮ ᠰᠠᠨ ᠭᠡᠵᠦ ᠲᠡᠭᠡᠨᠡᠭᠡᠯᠵᠡᠬᠦ ᠪᠠᠢᠳᠠᠯ ᠦᠵᠡᠭᠦᠯᠪᠡ᠃ ᠢᠩᠭᠢᠬᠦ ᠶ᠋ᠢ ᠪᠠᠯᠳᠠᠨᠴᠡᠷᠢᠩ ᠲᠤᠩ ᠰᠠᠢᠬᠠᠨ ᠪᠣᠳᠣᠭᠰᠠᠨ ᠪᠥᠭᠡᠳ ᠡᠮᠡᠭᠲᠡᠢ ᠡᠴᠡ ᠨᠠᠷᠠ ᠮᠠᠨᠳᠤᠬᠤ ᠮᠡᠲᠦ ᠰᠠᠢᠬᠠᠨ ᠢ᠋ᠶ᠋ᠠᠷ ᠢᠨᠢᠶᠡᠮᠰᠦᠭᠯᠡᠨ᠄  
       — ᠵᠦᠭᠡᠷ ᠲᠠ ᠰᠠᠭᠤ! ᠭᠡᠳ ᠬᠠᠵᠠᠭᠤ ᠳ᠋ᠠᠭᠠᠨ ᠲᠠᠯᠪᠢᠭᠰᠠᠨ ᠱᠤᠳᠤᠷᠭᠤ ᠪᠠᠨ ᠠᠪᠤᠨ ᠡᠪᠦᠷ ᠳᠡᠭᠡᠷ᠎ᠡ ᠪᠡᠨ ᠲᠠᠯᠪᠢᠪᠠ᠃ ᠢᠩᠭᠢᠬᠦ ᠶ᠋ᠢ ᠨᠢ ᠴᠦ᠍ ᠪᠠᠯᠳᠠᠨᠴᠡᠷᠢᠩ ᠳᠣᠲᠣᠷ᠎ᠠ ᠪᠠᠨ ᠬᠦᠯᠢᠶᠡᠵᠦ ᠪᠠᠢᠭᠰᠠᠨ ᠬᠡᠷᠡᠭ᠃  
       — ᠬᠡᠷᠪᠡ ᠪᠣᠯᠪᠠᠯ ᠭᠡᠷ ᠦ᠋ᠨ ᠢ᠋ᠶ᠋ᠡᠨ ᠭᠠᠳᠠᠭ᠎ᠠ ᠴᠦ᠍ ᠬᠦᠷᠭᠡᠭᠦᠯᠵᠦ ᠪᠣᠯᠬᠤ ᠰᠢᠪ ᠳᠡ ᠭᠡᠬᠦ ᠳ᠋ᠦ᠍ᠨᠢ ᠪᠠᠯᠳᠠᠨᠴᠡᠷᠢᠩ ᠢᠩᠭᠢᠵᠦ ᠬᠡᠯᠡᠨ᠎ᠡ ᠪᠠᠢᠬᠤ ᠭᠡᠵᠦ ᠣᠭᠲᠣ ᠪᠣᠳᠣᠭ᠎ᠠ ᠦᠭᠡᠢ ᠳ᠋ᠡᠭᠡᠨ ᠰᠠᠮᠭᠠᠷᠳᠠᠨ᠄ 
       — ᠵᠦᠭᠡᠷ ᠠ᠋᠂ ᠪᠢ ᠢᠩᠭᠢᠭᠡᠳ ᠪᠠᠭᠤᠨ᠎ᠠ ᠭᠡᠵᠦ ᠬᠡᠯᠡᠯ᠎ᠡ᠃ ᠶᠡᠷᠦ ᠡᠮᠡᠭᠲᠡᠢ ᠶ᠋ᠢᠨ ᠬᠠᠵᠠᠭᠤ ᠳ᠋ᠤ᠌ ᠰᠠᠭᠤᠭᠰᠠᠨ ᠠ᠋ᠴᠠ ᠬᠣᠢᠰᠢ ᠨᠢᠭᠡ ᠯᠡ ᠪᠢᠰᠢ᠃ ᠵᠢᠷᠦᠬᠡ ᠴᠣᠬᠢᠯᠠᠨ᠂ ᠨᠢᠭᠤᠷ ᠤᠯᠠᠢᠨ᠎ᠠ᠃ ᠲᠦᠷ ᠵᠣᠭᠰᠣᠭᠰᠠᠨ ᠲᠡᠷᠭᠡ ᠣᠷᠣᠭᠰᠢ ᠬᠥᠳᠡᠯᠦᠨ ᠪᠥᠮᠪᠦᠭᠡᠨ ᠪᠦᠷᠢᠶᠡᠰᠦᠲᠦ ᠳᠥᠷᠪᠡᠨ ᠳᠤᠭᠤᠢ ᠨᠢ ᠴᠢᠮᠡᠭᠡ ᠦᠭᠡᠢᠬᠡᠨ ᠡᠷᠭᠢᠯᠳᠦᠵᠦ᠂ ᠤᠶᠠᠨ ᠬᠠᠳᠠᠨ ᠨᠤᠮᠤ ᠨᠤᠭᠤᠳ ᠨᠢ ᠢᠯᠢᠨ ᠲᠠᠭᠠᠯᠠᠬᠤ ᠮᠡᠲᠦ ᠨᠠᠮᠢᠯᠵᠠᠨ᠎ᠠ᠃ ᠤᠭ ᠲᠡᠷᠭᠡᠨ ᠦ᠌ ᠪᠦᠷᠬᠦᠭᠦᠯ ᠰᠠᠭᠤᠳᠠᠯ ᠤ᠋ᠨ ᠠᠷᠤ ᠪᠠ ᠬᠣᠶᠠᠷ ᠲᠠᠯ᠎ᠠ ᠶ᠋ᠢᠨ ᠬᠠᠵᠠᠭᠤ ᠶ᠋ᠢ ᠲᠠᠪᠠᠲᠠᠢ ᠬᠠᠯᠬᠠᠯᠠᠭᠰᠠᠨ ᠤ᠋ ᠳᠡᠭᠡᠷ᠎ᠡ᠂ ᠤᠷᠲᠤ ᠲᠠᠯ᠎ᠠ ᠶ᠋ᠢᠨ ᠣᠩᠭᠣᠷᠬᠠᠢ ᠶ᠋ᠢ ᠵᠤᠵᠠᠭᠠᠨ ᠴᠠᠭᠠᠨ ᠨᠡᠬᠡᠢ ᠳᠡᠪᠡᠯ ᠲᠡᠢ ᠵᠢᠯᠣᠭᠣᠴᠢ ᠪᠦᠬᠦ ᠪᠡᠶ᠎ᠡ ᠪᠡᠷ ᠢ᠋ᠶ᠋ᠡᠨ ᠲᠠᠭᠯᠠᠵᠤ᠂ ᠮᠢᠨᠦ ᠠᠷᠤ ᠳ᠋ᠤ᠌ ᠲᠠ ᠨᠠᠷ ᠶᠠᠭᠤ ᠳᠤᠷ᠎ᠠ ᠲᠠᠢ ᠪᠠᠨ ᠬᠡᠯᠡᠯᠴᠡ! ᠦᠨᠦᠰᠦᠯᠴᠡᠭᠰᠡᠨ ᠴᠦ᠍ ᠪᠣᠯᠤᠨ᠎ᠠ ᠭᠡᠰᠡᠨ ᠰᠢᠭ ᠴᠢᠭ ᠠᠵᠢᠭ ᠦᠭᠡᠢ ᠶᠠᠪᠤᠨ᠎ᠠ᠃ ᠭᠡᠯ᠎ᠡ ᠴᠦ᠍ ᠪᠠᠯᠳᠠᠨᠴᠡᠷᠢᠩ ᠳ᠋ᠦ᠍ ᠡᠮᠡᠭᠲᠡᠢ ᠲᠡᠢ ᠶᠠᠷᠢᠯᠴᠠᠬᠤ ᠶᠠᠭᠤᠮ᠎ᠠ ᠠᠯᠠᠭ᠎ᠠ᠃ ᠤᠭ ᠨᠢ ᠪᠦᠬᠦ ᠶᠠᠭᠤᠮ᠎ᠠ ᠤᠷᠢᠳᠴᠢᠯᠠᠨ ᠪᠣᠳᠣᠭᠰᠠᠨ ᠢ᠋ᠶ᠋ᠠᠷ ᠪᠦᠲᠦᠮᠵᠢᠲᠡᠢ ᠨᠢ ᠠᠷᠭ᠎ᠠ ᠦᠭᠡᠢ ᠶᠠᠪᠤᠭᠳᠠᠵᠤ ᠪᠠᠢᠭᠰᠠᠨ ᠨᠢ ᠬᠠᠷᠢᠨ ᠡᠮᠡᠭᠲᠡᠢ ᠶ᠋ᠢᠨ ᠬᠠᠵᠠᠭᠤ ᠳ᠋ᠤ᠌ ᠰᠠᠭᠤᠭᠰᠠᠨ ᠠ᠋ᠴᠠ ᠬᠣᠢᠰᠢ ᠲᠡᠷᠡ ᠲᠠᠯ᠎ᠠ ᠠ᠋ᠴᠠ ᠠᠢᠬᠤᠪᠲᠤᠷ ᠬᠠᠯᠠᠭᠤᠨ ᠴᠣᠷᠭᠢᠨ᠂ ᠤᠷᠢᠳ ᠤ᠋ᠨ ᠬᠡᠮᠵᠢᠶᠡᠯᠡᠰᠢ ᠦᠭᠡᠢ ᠲᠡᠮᠡᠦᠯᠵᠦ ᠪᠠᠢᠭᠰᠠᠨ ᠬᠠᠢᠷ᠎ᠠ ᠵᠠᠮᠬᠠᠷᠠᠨ ᠠᠷᠢᠯᠵᠤ᠂ ᠣᠷᠣᠨ ᠳ᠋ᠤᠨᠢ ᠢᠴᠢᠬᠦ᠂ ᠵᠣᠪᠠᠬᠤ᠂ ᠪᠢᠰᠢᠭᠦᠷᠬᠡᠬᠦ ᠭᠤᠷᠪᠠ ᠴᠡᠭᠡᠵᠢᠨ ᠳ᠋ᠦ᠍ ᠬᠤᠷᠠᠯᠳᠤᠨ ᠬᠣᠭᠣᠯᠠᠢ ᠳ᠋ᠤ᠌ ᠲᠤᠯᠤᠨ ᠪᠥᠭᠡᠮᠨᠡᠷᠡᠨ᠎ᠡ᠃ ᠡᠮᠡᠭᠲᠡᠢ ᠶ᠋ᠢ ᠨᠢᠳᠦᠨ ᠦ᠌ ᠪᠡᠨ ᠪᠤᠯᠤᠩ ᠢ᠋ᠶ᠋ᠠᠷ ᠰᠠᠮ ᠠᠵᠢᠬᠤ ᠳ᠋ᠤ᠌ ᠲᠡᠭᠦᠨ ᠳ᠋ᠦ᠍ ᠢᠴᠢᠵᠦ ᠵᠣᠪᠠᠭᠰᠠᠨ ᠶᠠᠭᠤᠮ᠎ᠠ ᠶᠡᠷᠦ ᠦᠭᠡᠢ᠃ ᠬᠠᠨᠴᠤᠢ ᠳ᠋ᠠᠭᠠᠨ ᠵᠥᠷᠢᠭᠦᠯᠦᠭᠰᠡᠨ ᠭᠠᠷ ᠨᠢ ᠱᠤᠳᠤᠷᠭᠤ ᠴᠣᠬᠢᠬᠤ ᠳᠠᠰᠬᠠᠯ ᠬᠢᠵᠦ ᠪᠠᠢᠭ᠎ᠠ ᠪᠣᠯᠤᠯᠲᠠᠢ ᠬᠥᠳᠡᠯᠵᠦ᠂ ᠠᠮᠠᠨ ᠳ᠋ᠠᠭᠠᠨ ᠰᠢᠯᠦᠭ ᠦ᠋ᠨ ᠠᠶ᠎ᠠ ᠡᠭᠡᠰᠢᠭᠯᠡᠨ᠎ᠡ᠃ ᠡᠭᠦᠨ ᠳ᠋ᠦ᠍ᠨᠢ ᠪᠠᠯᠳᠠᠨᠴᠡᠷᠢᠩ ᠬᠣᠷᠣ ᠬᠥᠳᠡᠯᠦᠨ ᠵᠣᠷᠢᠭ ᠣᠷᠣᠵᠤ᠄ 
       — ᠡᠨᠡ ᠴᠢᠨᠢ ᠶᠠᠭᠤᠨ ᠰᠠᠢᠬᠠᠨ ᠠᠶ᠎ᠠ ᠪᠣᠢ? ᠵᠢᠭᠠᠬᠠᠨ ᠴᠢᠩᠭ᠎ᠠ ᠪᠠᠷ ᠡᠭᠡᠰᠢᠭᠯᠡᠨ᠎ᠡ ᠤᠤ? ᠪᠢ ᠰᠣᠨᠢᠷᠬᠠᠶ᠎ᠠ᠃ 
       — ᠦᠭᠡᠢ ᠡᠨᠡ ᠪᠣᠯ ᠬᠢᠲᠠᠳ ᠰᠢᠯᠦᠭ ᠦ᠋ᠨ ᠠᠶ᠎ᠠ᠃ ᠪᠣᠳᠣᠪᠠᠯ ᠲᠠᠨ ᠳ᠋ᠤ᠌ ᠲᠡᠳᠦᠢ ᠯᠡ ᠰᠣᠨᠢᠷᠬᠠᠭᠳᠠᠬᠤ ᠦᠭᠡᠢ ᠪᠢᠵᠡ᠃ ᠪᠢ ᠵᠦᠭᠡᠷ ᠨᠢᠭᠡ ᠮᠣᠩᠭᠣᠯ ᠰᠢᠯᠦᠭ ᠠᠶᠠᠯᠠᠶ᠎ᠠ᠃  
       — ᠵᠦᠭᠡᠷ᠂ ᠪᠢ ᠣᠢᠯᠠᠭᠠᠨ᠎ᠠ᠃ ᠡᠷᠲᠡ ᠡᠳᠦᠷ ᠪᠠᠭᠰᠢ ᠳ᠋ᠠᠭᠠᠨ ᠰᠢᠭᠦᠯᠭᠡᠵᠦ ᠪᠠᠢᠬᠤ ᠳ᠋ᠤ᠌ ᠴᠢᠨᠢ ᠣᠢᠯᠠᠭᠠᠵᠤ ᠲᠤᠩ ᠶᠡᠬᠡ ᠰᠣᠨᠢᠷᠬᠠᠭᠰᠠᠨ᠃ 
       — ᠠ᠂ ᠲᠡᠢᠮᠦ ᠤᠤ ᠭᠡᠳ ᠡᠮᠡᠭᠲᠡᠢ ᠬᠡᠦᠬᠡᠳ ᠰᠢᠭ ᠪᠠᠶᠠᠷᠯᠠᠨ᠂ ᠬᠣᠭᠣᠯᠠᠢ ᠵᠠᠰᠠᠨ ᠡᠭᠡᠰᠢᠭᠯᠡᠵᠦ ᠡᠬᠢᠯᠡᠪᠡ᠃ ᠡᠨᠡ ᠨᠢ ᠪᠠᠯᠳᠠᠨᠴᠡᠷᠢᠩ ᠦ᠋ᠨ ᠰᠡᠳᠬᠢᠯ ᠢ᠋ ᠠᠷᠭᠠᠳᠠᠬᠤ ᠮᠡᠲᠦ ᠲᠠᠢᠪᠤᠰᠢᠷᠠᠭᠤᠯᠤᠯ᠎ᠠ᠃《ᠬᠥᠮᠦᠨ᠂ ᠬᠥᠮᠦᠨ ᠦ᠌ ᠤᠷᠠᠨ ᠠᠪᠢᠶᠠᠰ ᠢ᠋ ᠰᠣᠨᠢᠷᠬᠠᠬᠤ ᠳ᠋ᠠᠭᠠᠨ ᠨᠢᠳᠦ ᠲᠠᠯᠪᠢᠨ ᠰᠢᠷᠳᠡᠬᠦ ᠪᠣᠯ ᠶᠡᠷᠦ ᠶ᠋ᠢᠨ ᠬᠡᠷᠡᠭ ᠰᠢᠦ ᠳᠡ》 ᠭᠡᠵᠦ ᠰᠡᠳᠬᠢᠯ ᠢ᠋ᠶ᠋ᠡᠨ ᠢᠳᠬᠠᠨ ᠡᠭᠴᠡᠯᠡᠨ ᠬᠠᠷᠠᠬᠤ ᠳ᠋ᠤ᠌᠂ ᠴᠢᠷᠠᠢ ᠨᠢ ᠲᠤᠩ ᠰᠠᠢᠬᠠᠨ᠃《ᠪᠢ ᠥᠪᠡᠷ ᠦ᠋ᠨ ᠢ᠋ᠶ᠋ᠡᠨ ᠤᠷᠠᠨ ᠴᠢᠳᠠᠪᠤᠷᠢ ᠶ᠋ᠢ ᠶᠠᠭᠤᠮ᠎ᠠ ᠮᠡᠳᠡᠳᠡᠭ ᠨᠢᠭᠡᠨ ᠵᠠᠯᠠᠭᠤ ᠡᠷ᠎ᠡ ᠶ᠋ᠢᠨ ᠡᠮᠦᠨ᠎ᠡ ᠵᠦᠭᠡᠷ ᠭᠤᠶᠤᠭᠰᠠᠨ ᠤ᠋ ᠬᠢᠨᠢ ᠤᠷᠮ᠎ᠠ ᠳ᠋ᠤ᠌ ᠰᠣᠨᠢᠷᠬᠠᠭᠤᠯᠵᠤ ᠪᠠᠢᠨ᠎ᠠ》 ᠭᠡᠵᠦ ᠪᠣᠳᠣᠭᠰᠠᠨ ᠢ᠋ᠶ᠋ᠠᠷ ᠢ᠋ᠶ᠋ᠠᠨ ᠲᠡᠷᠡ ᠡᠮᠡᠭᠲᠡᠢ ᠶ᠋ᠢᠨ ᠴᠢᠷᠠᠢ ᠬᠡᠪ ᠦ᠋ᠨ ᠢ᠋ᠶ᠋ᠡᠨ ᠰᠠᠢᠬᠠᠨ ᠠ᠋ᠴᠠ ᠬᠡᠳᠦᠨ ᠬᠤᠪᠢ ᠰᠠᠢᠬᠠᠨ ᠪᠣᠯᠤᠭᠠᠳ ᠪᠠᠢᠭᠰᠠᠨ ᠠᠵᠢ᠃ ᠠᠶᠠᠯᠠᠬᠤ ᠳᠠᠭᠤᠯᠠᠬᠤ ᠨᠢ ᠪᠠᠰᠠ ᠰᠠᠢᠬᠠᠨ᠃ ᠬᠥᠭᠵᠢᠮ ᠦᠭᠡᠢ ᠪᠣᠯᠪᠠᠴᠤ ᠲᠡᠷᠭᠡᠨ ᠦ᠌ ᠵᠥᠭᠡᠯᠡᠨ ᠳᠣᠩᠰᠣᠯᠭ᠎ᠠ᠂ ᠤᠷᠳᠤᠬᠢ ᠮᠣᠷᠢᠨ ᠤ᠋ ᠬᠥᠯ ᠰᠣᠩᠭᠣᠭᠰᠠᠨ ᠭᠢᠰᠬᠢᠯᠲᠡ ᠶ᠋ᠢᠨ ᠴᠢᠮᠡᠭᠡ ᠲᠡᠢ ᠶᠠᠪ ᠴᠠᠪ ᠵᠣᠬᠢᠯᠳᠤᠭᠰᠠᠨ ᠢ᠋ ᠬᠡᠯᠡᠬᠦ ᠤᠤ᠂ ᠪᠠᠯᠳᠠᠨᠴᠡᠷᠢᠩ ᠳ᠋ᠦ᠍ ᠤᠷᠢᠳᠤ ᠶ᠋ᠢᠨ ᠬᠢᠨᠢ ᠤᠬᠠᠭᠠᠨ ᠵᠢᠯᠣᠭᠣ ᠦᠭᠡᠢ ᠳᠤᠷᠠᠯᠠᠭᠰᠠᠨ ᠰᠡᠳᠬᠢᠯ ᠨᠢ ᠡᠷᠭᠢᠨ ᠢᠷᠡᠵᠦ᠂ ᠢᠴᠢᠨ ᠪᠢᠰᠢᠭᠦᠷᠬᠡᠬᠦ ᠶ᠋ᠢ ᠪᠦᠷᠢᠮᠦᠰᠦᠨ ᠮᠠᠷᠲᠠᠭᠳᠠᠭᠤᠯᠪᠠ᠃ ᠡᠮᠡᠭᠲᠡᠢ ᠭᠡᠨᠡᠳᠲᠡ ᠳᠠᠭᠤᠯᠠᠬᠤ ᠪᠠᠨ ᠵᠣᠭᠰᠣᠨ ᠪᠠᠯᠳᠠᠨᠴᠡᠷᠢᠩ ᠢ᠋ ᠡᠭᠴᠡᠯᠡᠨ ᠬᠠᠷᠠᠵᠤ᠄   
       — ᠢᠩᠭᠢᠬᠦ ᠳ᠋ᠦ᠍ ᠲᠠᠨ ᠤ᠋ ᠬᠢ ᠬᠠᠮᠢᠭ᠎ᠠ ᠪᠢᠯᠡ? 
       — ᠮᠠᠨ ᠤ᠋ ᠬᠢ ᠤᠤ? ᠭᠡᠳ ᠪᠠᠯᠳᠠᠨᠴᠡᠷᠢᠩ ᠣᠷᠣᠭᠰᠢ ᠪᠥᠬᠥᠢᠨ ᠲᠡᠷᠭᠡᠨ ᠡᠴᠡ ᠲᠣᠯᠣᠭᠠᠢ ᠭᠠᠷᠭᠠᠨ ᠬᠠᠷᠠᠪᠠ᠃ ᠬᠠᠰᠢᠶ᠎ᠠ ᠨᠢ ᠬᠡᠳᠦᠨ ᠭᠤᠳᠤᠮᠵᠢ ᠶ᠋ᠢᠨ ᠡᠮᠦᠨ᠎ᠡ ᠪᠠᠷᠤᠭ ᠥᠩᠭᠡᠷᠡᠬᠦ ᠭᠡᠵᠦ ᠪᠠᠢᠭ᠎ᠠ ᠦᠵᠡᠭᠳᠡᠨ᠎ᠡ᠃ ᠡᠮᠡᠭᠲᠡᠢ ᠲᠡᠢ ᠪᠠᠯᠳᠠᠨᠴᠡᠷᠢᠩ ᠬᠡᠳᠦᠨ ᠠᠯᠬᠤᠮ ᠪᠣᠯᠪᠠᠴᠤ ᠬᠠᠮᠲᠤ ᠶᠠᠪᠤᠬᠤ ᠶ᠋ᠢ ᠬᠦᠰᠡᠬᠦ ᠠᠵᠢ᠃  
       — ᠮᠠᠨ ᠤ᠋ ᠬᠢ ᠪᠣᠯᠤᠭ᠎ᠠ ᠦᠭᠡᠢ ᠪᠠᠢᠨ᠎ᠠ᠃ ᠪᠠᠭᠰᠢ ᠶ᠋ᠢᠨ ᠬᠢ ᠡᠴᠡ ᠴᠢᠨᠢ ᠴᠠᠭᠠᠨ᠎ᠠ ᠪᠠᠢᠳᠠᠭ ᠶᠤᠮ᠃ 
       — ᠠ ᠲᠡᠢᠮᠦ ᠤᠤ? ᠭᠡᠳ ᠡᠮᠡᠭᠲᠡᠢ ᠳᠠᠬᠢᠨ ᠳᠤᠤᠭᠠᠷᠤᠭᠰᠠᠨ ᠦᠭᠡᠢ᠃ ᠨᠢᠭᠡ ᠦᠶ᠎ᠡ ᠳᠠᠭᠤ ᠴᠢᠮᠡᠭᠡ ᠲᠠᠰᠤᠷᠠᠨ ᠡᠯᠡᠢ ᠬᠤᠯᠡᠢ ᠣᠷᠬᠢᠪᠠ᠃ ᠵᠠᠮᠢᠶᠠᠨ ᠤ᠋ ᠬᠢ ᠣᠢᠷᠠᠲᠤᠬᠤ ᠳ᠋ᠤ᠌ ᠡᠮᠡᠭᠲᠡᠢ ᠵᠢᠯᠣᠭᠣᠴᠢ ᠪᠠᠨ ᠲᠦᠪᠰᠢᠨ ᠭᠤᠸᠠᠢ ᠭᠡᠵᠦ ᠳᠠᠭᠤᠳᠠᠨ᠂ 
       — ᠲᠠ ᠪᠠᠭᠰᠢ ᠶ᠋ᠢᠨ ᠭᠤᠳᠤᠮᠵᠢ ᠪᠠᠷ ᠣᠷᠣᠯ ᠦᠭᠡᠢ ᠠᠷᠤ ᠶ᠋ᠢᠨ ᠬᠢ ᠪᠡᠷ ᠨᠢ ᠶᠠᠪᠤᠭᠠᠷᠠᠢ ᠭᠡᠯ᠎ᠡ᠃ ᠵᠢᠯᠣᠭᠣᠴᠢ ᠡᠷᠭᠢᠵᠦ ᠬᠠᠷᠠᠯ ᠦᠭᠡᠢ ᠪᠡᠷ《ᠵᠠ》 ᠭᠡᠬᠦ ᠨᠢ ᠰᠣᠨᠣᠰᠤᠭᠳᠠᠪᠠ᠃ 
       — ᠦᠭᠡᠢ ᠴᠢᠭ ᠢ᠋ᠶ᠋ᠡᠷ ᠨᠢ ᠶᠠᠪᠤᠪᠠᠯ ᠶᠠᠭᠠᠬᠢᠭᠰᠠᠨ ᠶᠤᠮ ᠪᠣᠢ? ᠵᠠᠮ ᠭᠠᠵᠢᠭᠤᠳᠠᠬᠤ ᠶᠠᠪᠤᠳᠠᠯ ᠠᠯᠠᠭ᠎ᠠ ᠭᠡᠵᠦ ᠪᠠᠯᠳᠠᠨᠴᠡᠷᠢᠩ ᠵᠥᠪᠬᠡᠨ ᠶᠠᠷᠢᠶ᠎ᠠ ᠥᠳᠥᠭᠡᠬᠦ ᠶ᠋ᠢᠨ ᠡᠭᠦᠳᠡᠨ ᠡᠴᠡ ᠬᠡᠯᠡᠪᠡ᠃ ᠡᠮᠡᠭᠲᠡᠢ᠄ 
       — ᠶᠠᠷᠰᠢᠭ ᠭᠡᠵᠦ ᠰᠣᠴᠢᠨ ᠬᠡᠯᠡᠭᠰᠡᠨ ᠢ᠋ᠶ᠋ᠡᠨ ᠳᠣᠷᠣᠭᠰᠢ ᠬᠠᠷᠠᠯ᠎ᠠ᠃ 
       — ᠶᠠᠭᠤᠨ ᠳ᠋ᠤ᠌ ᠲᠡᠷᠡ ᠪᠣᠢ? ᠭᠡᠬᠦ ᠳ᠋ᠦ᠍ 
       — ᠪᠢ ᠲᠠᠨ ᠲᠠᠢ ᠪᠠᠭᠰᠢ ᠶ᠋ᠢᠨ ᠭᠤᠳᠤᠮᠵᠢ ᠪᠠᠷ ᠣᠷᠣᠬᠤ ᠠ᠋ᠴᠠ ᠠᠶᠤᠵᠤ ᠪᠠᠢᠨ᠎ᠠ᠃  
       — ᠶᠠᠭᠤᠨ ᠲᠡᠷᠡ ᠪᠣᠢ?  
       — ᠪᠠᠭᠰᠢ ᠲᠠᠨ ᠲᠠᠢ ᠬᠠᠮᠲᠤ ᠶᠠᠪᠤᠵᠤ ᠪᠠᠢᠬᠤ ᠶ᠋ᠢ ᠬᠠᠷᠠᠪᠠᠯ ᠶᠠᠭᠠᠬᠢᠨ᠎ᠠ ᠭᠡᠳ ᠡᠮᠡᠭᠲᠡᠢ ᠢᠴᠢᠨ ᠨᠢᠭᠤᠷ ᠢ᠋ᠶ᠋ᠠᠨ ᠳᠠᠷᠤᠪᠠ᠃  
       ᠨᠢᠭᠡ ᠮᠡᠳᠡᠬᠦ ᠳ᠋ᠦ᠍ ᠵᠠᠮᠢᠶᠠᠨ ᠤ᠋ ᠬᠢ ᠠᠯᠢ ᠬᠡᠳᠦᠢᠨ ᠦ᠌ ᠥᠩᠭᠡᠷᠡᠵᠦ᠂ ᠬᠦᠷᠢᠶᠡᠨ ᠦ᠌ ᠪᠠᠷᠠᠭᠤᠨ ᠵᠠᠬ᠎ᠠ ᠭᠠᠷᠬᠤ ᠭᠡᠵᠦ ᠶᠠᠪᠤᠪᠠ᠃  
       — ᠵᠠ ᠮᠠᠨ ᠤ᠋ ᠬᠢ ᠡᠨᠳᠡ᠃ ᠪᠢ ᠪᠠᠭᠤᠶ᠎ᠠ ᠭᠡᠬᠦ ᠳ᠋ᠦ᠍ ᠡᠮᠡᠭᠲᠡᠢ᠄ 
       — ᠠ ᠲᠡᠢᠮᠦ ᠤᠤ ᠴᠣᠬᠣᠮ ᠠᠯᠢ ᠬᠠᠭᠠᠯᠭ᠎ᠠ ᠨᠢ ᠪᠣᠢ?  
       — ᠲᠡᠷᠡ ᠬᠠᠭᠠᠯᠭ᠎ᠠ ᠭᠡᠵᠦ ᠲᠣᠯᠣᠭᠠᠢ ᠬᠥᠳᠡᠯᠭᠡᠨ ᠵᠢᠭᠠᠭᠰᠠᠨ ᠪᠣᠯᠪᠠ᠃ 
       — ᠲᠡᠭᠡᠪᠡᠯ ᠲᠠ ᠨᠢᠭᠡᠨᠲᠡ ᠡᠨᠳᠡ ᠢᠷᠡᠭᠰᠡᠨ ᠡᠴᠡ ᠬᠠᠭᠠᠯᠭᠠᠨ ᠳᠡᠭᠡᠷ᠎ᠡ ᠪᠡᠨ ᠪᠠᠭᠤ ᠯᠠ ᠳᠠ᠃ 
       — ᠦᠭᠡᠢ ᠲᠡᠭᠡᠭᠡᠳ ᠴᠦ᠍ ᠶᠠᠭᠠᠬᠢᠬᠤᠪ᠃ 
       ᠤᠷᠤᠭᠰᠢ ᠬᠠᠷᠠᠭᠰᠠᠨ ᠬᠠᠭᠠᠯᠭ᠎ᠠ ᠨᠤᠭᠤᠳ ᠤ᠋ᠨ ᠭᠤᠷᠪᠠᠳᠠᠬᠢ ᠶ᠋ᠢ ᠥᠩᠭᠡᠷᠡᠭᠡᠳ ᠳᠥᠷᠪᠡᠳᠡᠬᠢ ᠳᠡᠭᠡᠷ᠎ᠡ ᠨᠢ ᠪᠠᠯᠳᠠᠨᠴᠡᠷᠢᠩ᠄《ᠮᠠᠨ ᠤ᠋ ᠬᠢ ᠡᠨᠡ》 ᠭᠡᠵᠦ ᠲᠡᠷᠭᠡᠨ ᠡᠴᠡ ᠪᠠᠭᠤᠵᠤ᠄  
       — ᠨᠣᠮ ᠢ᠋ᠶ᠋ᠠᠨ ᠰᠠᠢᠨ ᠰᠢᠭᠦᠯᠭᠡᠷᠡᠢ! ᠭᠡᠳ ᠭᠠᠳᠠᠭ᠎ᠠ ᠪᠠᠨ ᠢᠷᠡᠭᠰᠡᠨ ᠬᠥᠮᠦᠨ ᠦ᠌ ᠶᠣᠰᠣᠭᠠᠷ ᠶᠡᠬᠡ ᠪᠠᠭ᠎ᠠ ᠬᠣᠶᠠᠷ ᠬᠠᠭᠠᠯᠭ᠎ᠠ ᠶ᠋ᠢᠨ ᠪᠠᠭ᠎ᠠ ᠶ᠋ᠢᠨ ᠣᠨᠢᠰᠣᠨ ᠰᠤᠷ ᠢ᠋ ᠲᠡᠳᠡᠨ ᠣᠷᠣᠬᠤ ᠭᠡᠲᠡᠯ᠎ᠡ ᠥᠭᠡᠳᠡ ᠡᠴᠡ ᠨᠢ ᠤᠶᠠᠭ᠎ᠠ ᠠ᠋ᠴᠠ ᠪᠠᠨ ᠠᠯᠳᠠᠷᠠᠭᠰᠠᠨ ᠬᠦᠵᠦᠭᠦᠨ ᠳ᠋ᠡᠭᠡᠨ ᠬᠣᠩᠬᠣ ᠲᠠᠢ ᠨᠣᠬᠠᠢ ᠳᠠᠪᠬᠢᠨ ᠢᠷᠡᠯ᠎ᠡ᠃ ᠬᠠᠭᠠᠯᠭ᠎ᠠ ᠶ᠋ᠢ ᠥᠪᠡᠷ ᠤᠷᠤᠭᠤ ᠪᠠᠨ ᠲᠡᠳᠡᠨ ᠡᠷᠭᠢᠵᠦ᠄  
       — ᠵᠠ ᠵᠠᠮ ᠳ᠋ᠠᠭᠠᠨ ᠰᠠᠢᠨ ᠶᠠᠪᠤᠭᠠᠷᠠᠢ! ᠭᠡᠵᠦ ᠨᠡᠮᠡᠨ ᠬᠡᠯᠡᠪᠡ᠃ 
       ᠡᠨᠡ ᠵᠠᠭᠤᠷ᠎ᠠ ᠲᠡᠷᠭᠡ ᠭᠡᠳᠡᠷᠭᠦ ᠡᠷᠭᠢᠬᠦ ᠭᠡᠵᠦ ᠨᠠᠷᠢᠬᠠᠨ ᠭᠤᠳᠤᠮᠵᠢᠨ᠎ᠡ ᠬᠥᠰᠢᠯᠳᠦᠨ ᠲᠡᠪᠡᠳᠡᠵᠦ ᠪᠠᠢᠭᠰᠠᠨ ᠤᠴᠢᠷ᠂ ᠡᠮᠡᠭᠲᠡᠢ ᠪᠠᠯᠳᠠᠨᠴᠡᠷᠢᠩ ᠦ᠋ᠨ ᠨᠣᠬᠠᠢ ᠠ᠋ᠴᠠ ᠬᠡᠷᠬᠢᠨ ᠠᠶᠤᠨ ᠰᠠᠨᠳᠤᠷᠬᠤ ᠶ᠋ᠢ ᠬᠠᠷᠠᠬᠠᠨ ᠣᠯᠵᠤ ᠬᠠᠷᠠᠭ᠎ᠠ ᠦᠭᠡᠢ ᠪᠠᠢᠯ᠎ᠠ᠃ ᠲᠡᠭᠦᠨ ᠢ᠋ᠶ᠋ᠡᠷ ᠦᠯᠦ ᠪᠠᠷᠠᠮ ᠪᠠᠯᠳᠠᠨᠴᠡᠷᠢᠩ ᠦ᠋ᠨ ᠰᠡᠭᠦᠯᠴᠢ ᠶ᠋ᠢᠨ ᠶᠡᠷᠦ ᠪᠤᠰᠤ ᠶ᠋ᠢᠨ ᠪᠠᠢᠳᠠᠯ ᠢ᠋ᠶ᠋ᠠᠷ ᠬᠡᠯᠡᠭᠰᠡᠨ ᠦᠭᠡ ᠰᠡᠳᠬᠢᠯ ᠳ᠋ᠦ᠍ᠨᠢ ᠨᠢᠭᠡ ᠶ᠋ᠢ ᠣᠷᠣᠭᠤᠯᠤᠭᠰᠠᠨ ᠠᠵᠢ᠃  
       — ᠵᠠ᠂ ᠵᠠ ᠲᠠ ᠥᠪᠡᠷ ᠢ᠋ᠶ᠋ᠡᠨ ᠰᠠᠢᠨ ᠰᠠᠭᠤᠵᠤ ᠪᠠᠢᠭᠠᠷᠠᠢ! ᠭᠡᠵᠦ ᠡᠮᠡᠭᠲᠡᠢ ᠢᠴᠢᠬᠦ ᠪᠠᠶᠠᠷᠯᠠᠬᠤ ᠬᠣᠶᠠᠷ ᠳᠠᠪᠬᠤᠴᠠᠭᠤᠯᠤᠨ ᠢᠨᠢᠶᠡᠮᠰᠦᠭᠯᠡᠪᠡ᠃ ᠲᠡᠭᠡᠭᠡᠳ ᠤᠭ ᠭᠤᠳᠤᠮᠵᠢ ᠶ᠋ᠢ ᠰᠢᠪᠲᠤᠷᠠᠨ ᠪᠤᠯᠤᠩ ᠲᠣᠭᠣᠷᠢᠬᠤ ᠵᠠᠭᠤᠷ᠎ᠠ ᠪᠠᠨ ᠲᠡᠷᠭᠡᠨ ᠡᠴᠡ ᠪᠡᠨ ᠲᠣᠯᠣᠭᠠᠢ ᠭᠠᠷᠭᠠᠨ ᠬᠣᠶᠠᠷ ᠳᠠᠬᠢᠨ ᠡᠷᠭᠢᠨ ᠬᠠᠷᠠᠭᠰᠠᠨ ᠪᠥᠭᠡᠳ ᠲᠡᠷᠡ ᠪᠦᠷᠢ ᠳ᠋ᠡᠭᠡᠨ ᠪᠠᠯᠳᠠᠨᠴᠡᠷᠢᠩ ᠦ᠋ᠨ ᠵᠣᠭᠰᠣᠭᠰᠠᠭᠠᠷ ᠪᠠᠢᠭ᠎ᠠ ᠶ᠋ᠢ ᠬᠠᠷᠠᠨ ᠰᠠᠨᠳᠤᠷᠤᠨ ᠡᠷᠭᠢᠪᠡ᠃ 
       ᠪᠠᠯᠳᠠᠨᠴᠡᠷᠢᠩ ᠡᠮᠡᠭᠲᠡᠢ ᠶ᠋ᠢᠨ ᠪᠠᠷ᠎ᠠ ᠣᠷᠣ ᠰᠤᠷᠠᠭ ᠦᠭᠡᠢ ᠪᠣᠯᠤᠭᠰᠠᠨ ᠬᠣᠢᠨ᠎ᠠ ᠭᠡᠷ ᠤᠷᠤᠭᠤ ᠪᠠᠨ ᠶᠠᠪᠤᠯ᠎ᠠ᠃ ᠰᠡᠳᠬᠢᠯ ᠳ᠋ᠦ᠍ᠨᠢ ᠲᠡᠭᠦᠨ ᠦ᠌ ᠬᠡᠯᠡᠭᠰᠡᠨ ᠦᠭᠡ᠂ ᠬᠥᠳᠡᠯᠦᠭᠰᠡᠨ ᠬᠥᠳᠡᠯᠭᠡᠭᠡᠨ᠂ ᠨᠢᠭᠤᠷ ᠴᠢᠷᠠᠢ ᠨᠢ᠂ ᠨᠠᠮᠪᠠ ᠲᠥᠷᠬᠦ ᠨᠢ ᠨᠢᠳᠦᠨ ᠳ᠋ᠦ᠍ ᠲᠣᠰᠣᠨ ᠪᠣᠳᠣᠭᠳᠠᠨ᠎ᠠ᠃ ᠢᠯᠠᠩᠭᠤᠶ᠎ᠠ《ᠪᠢ ᠡᠷᠲᠡ ᠡᠳᠦᠷ ᠪᠠᠭᠰᠢ ᠳ᠋ᠠᠭᠠᠨ ᠰᠢᠭᠦᠯᠭᠡᠵᠦ ᠪᠠᠢᠬᠤ ᠶ᠋ᠢ ᠴᠢᠨᠢ ᠪᠦᠷᠢᠨ ᠣᠢᠯᠠᠭᠠᠨ ᠰᠣᠨᠢᠷᠬᠠᠭᠰᠠᠨ》 ᠭᠡᠬᠦ ᠳ᠋ᠦ᠍ ᠶᠠᠭᠠᠬᠢᠬᠤ ᠶ᠋ᠢᠨ ᠠᠷᠭ᠎ᠠ ᠦᠭᠡᠢ ᠬᠡᠦᠬᠡᠳ ᠰᠢᠭ ᠪᠠᠶᠠᠷᠯᠠᠨ᠂ ᠠᠷᠢᠭᠤᠨ ᠴᠠᠭᠠᠨ ᠰᠡᠳᠬᠢᠯ ᠲᠡᠢ ᠪᠡᠨ ᠦᠵᠡᠭᠦᠯᠦᠭᠰᠡᠨ ᠨᠢᠭᠡ ᠶᠠᠪᠤᠳᠠᠯ᠂《ᠪᠢ ᠲᠠᠨ ᠲᠠᠢ ᠪᠠᠭᠰᠢ ᠶ᠋ᠢᠨ ᠭᠤᠳᠤᠮᠵᠢ ᠪᠠᠷ ᠶᠠᠪᠤᠬᠤ ᠠ᠋ᠴᠠ ᠠᠶᠤᠨ᠎ᠠ᠂ ᠪᠠᠭᠰᠢ ᠬᠠᠷᠠᠵᠤ ᠣᠷᠬᠢᠪᠠᠯ ᠶᠠᠭᠠᠬᠢᠨ᠎ᠠ》 ᠭᠡᠳ ᠨᠢᠭᠤᠷ ᠳᠠᠷᠤᠨ ᠴᠡᠪᠡᠷ ᠢᠴᠢᠮᠡᠲᠡᠭᠡᠢ ᠪᠡᠨ ᠦᠵᠡᠭᠦᠯᠦᠭᠰᠡᠨ ᠬᠣᠶᠠᠳᠠᠬᠢ ᠶᠠᠪᠤᠳᠠᠯ᠂ ᠬᠠᠮᠤᠭ ᠤ᠋ᠨ ᠡᠴᠦᠰ ᠲᠦ᠍ ᠭᠤᠳᠤᠮᠵᠢ ᠰᠢᠪᠲᠤᠷᠠᠨ ᠪᠤᠯᠤᠩ ᠲᠣᠭᠣᠷᠢᠬᠤ ᠵᠠᠭᠤᠷ᠎ᠠ ᠪᠠᠨ ᠬᠣᠶᠠᠷ ᠳᠠᠬᠢᠨ ᠡᠷᠭᠢᠨ ᠬᠠᠷᠠᠭᠰᠠᠨ ᠡᠳᠡᠭᠡᠷ ᠶᠠᠪᠤᠳᠠᠯ ᠰᠡᠳᠬᠢᠯ ᠳ᠋ᠦ᠍ᠨᠢ ᠡᠭᠦᠷᠢᠳᠡ ᠰᠠᠯᠤᠮ᠎ᠠ ᠦᠭᠡᠢ ᠦᠯᠡᠲᠡᠯ᠎ᠡ᠃

           ᠦᠰᠦᠭ ᠠᠮᠢᠯᠠᠭᠤᠯᠤᠭᠰᠠᠨ ᠨᠢ᠄  ᠳᠠᠪᠰᠢᠯᠲᠦ