ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ – ᠴᠢᠷᠮᠠᠢᠯᠲᠦ - ᠨᠢᠭᠡᠳᠦᠭᠡᠷ ᠪᠦᠯᠦᠭ<2-3> Монгол үндэстний шалгарсан ардчилсан хувьсгалч Шинэлам – Чармаилт - Нэгдүгээр бүлэг–2-3 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ – ᠴᠢᠷᠮᠠᠢᠯᠲᠦ - ᠨᠢᠭᠡᠳᠦᠭᠡᠷ ᠪᠦᠯᠦᠭ<2-3> Монгол үндэстний шалгарсан ардчилсан хувьсгалч Шинэлам – Чармаилт - Нэгдүгээр бүлэг–2-3

ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ – ᠴᠢᠷᠮᠠᠢᠯᠲᠦ - ᠨᠢᠭᠡᠳᠦᠭᠡᠷ ᠪᠦᠯᠦᠭ<2-3> Монгол үндэстний шалгарсан ардчилсан хувьсгалч Шинэлам – Чармаилт - Нэгдүгээр бүлэг–2-3

ᠠᠩᠭᠢᠯᠠᠯ:ᠲᠡᠦᠬᠡ ᠰᠣᠶᠣᠯ
2025-08-28

187

ᠬᠣᠶᠠᠷ᠂ ᠴᠢᠩ ᠤᠯᠤᠰ ᠠ᠋ᠴᠠ ᠬᠣᠢᠰᠢᠬᠢ ᠠᠲᠠᠷ ᠬᠠᠭᠠᠯᠪᠤᠷᠢᠯᠠᠯᠲᠠ

(ᠭᠤᠷᠪᠠ) ᠂ ᠤᠷᠢᠳ ᠤ᠋ᠨ ᠲᠦᠷᠢᠶᠡᠰᠦᠨ ᠭᠠᠵᠠᠷ ᠤ᠋ᠨ ᠲᠠᠲᠠᠪᠤᠷᠢ ᠰᠦᠢ ᠶ᠋ᠢᠨ ᠲᠣᠭᠲᠠᠭᠠᠯ ᠤ᠋ᠳ①


       ᠲᠩᠷᠢ ᠲᠡᠳᠬᠦᠭᠴᠢ ᠶ᠋ᠢᠨ ᠨᠠᠢ᠍ᠮᠠᠳᠤᠭᠠᠷ ᠣᠨ(1743) ᠳ᠋ᠤ᠌ ᠤᠭ ᠲᠠᠪᠢᠨ ᠤ᠋ ᠭᠠᠵᠠᠷ ᠤ᠋ᠨ ᠳᠣᠲᠣᠷᠠᠬᠢ ᠲᠦᠷᠢᠶᠡᠰᠦ ᠶ᠋ᠢ ᠠᠨᠵᠢᠰᠤ ᠪᠦᠷᠢ ᠳ᠋ᠦ᠍ ᠠᠮᠤ ᠨᠢᠭᠡ ᠳ᠋ᠠᠨ᠂ ᠮᠥᠩᠭᠥ ᠨᠢᠭᠡ ᠯᠠᠩ ᠢ᠋ᠶ᠋ᠠᠷ ᠬᠤᠷᠢᠶᠠᠬᠤ ᠪᠠᠷ ᠲᠣᠭᠲᠠᠭᠰᠠᠨ ᠲᠣᠭᠲᠠᠭᠠᠯ ᠪᠣᠢ᠃  
       ᠲᠥᠷᠥ ᠭᠡᠷᠡᠯᠲᠦ ᠶ᠋ᠢᠨ ᠠᠷᠪᠠᠨ ᠳᠣᠯᠣᠳᠤᠭᠠᠷ ᠣᠨ(1837) ᠳ᠋ᠤ᠌ ᠤᠭ ᠤ᠋ᠨ ᠭᠠᠵᠠᠷ ᠤ᠋ᠨ ᠲᠦᠷᠢᠶᠡᠰᠦᠨ ᠢ᠋ ᠠᠨᠵᠢᠰᠤ ᠪᠦᠷᠢ ᠳ᠋ᠦ᠍ ᠲᠠᠪᠤᠨ ᠴᠢᠨ ᠮᠥᠩᠭᠥ ᠨᠡᠮᠡᠭᠳᠡᠭᠦᠯᠦᠭᠰᠡᠨ ᠪᠥᠭᠡᠳ ᠲᠤᠰ ᠵᠢᠯ ᠳ᠋ᠡᠭᠡᠨ ᠡᠰᠡ ᠲᠤᠰᠢᠶᠠᠪᠠᠰᠤ ᠨᠢᠭᠡᠨ ᠬᠤᠪᠢ ᠶ᠋ᠢ ᠬᠣᠶᠠᠷ ᠬᠤᠪᠢ ᠪᠣᠯᠭᠠᠨ ᠠᠪᠤᠭᠤᠯᠬᠤ ᠪᠠᠷ ᠲᠣᠭᠲᠠᠭᠠᠭᠰᠠᠨ ᠲᠣᠭᠲᠠᠭᠠᠯ ᠪᠣᠢ᠃  
       ᠢᠷᠭᠡᠨ ᠤᠯᠤᠰ ᠤ᠋ᠨ ᠡᠬᠢᠨ ᠦ᠌ ᠦᠶ᠎ᠡ ᠳ᠋ᠦ᠍ ᠰᠢᠶᠠᠨ ᠠ᠋ᠴᠠ ᠠᠪᠬᠤ ᠲᠠᠲᠠᠪᠤᠷᠢ ᠭᠠᠢᠯᠢ ᠪᠣᠯᠪᠠᠰᠤ ᠲᠡᠷᠢᠭᠦᠨ ᠭᠠᠵᠠᠷ ᠠ᠋ᠴᠠ ᠮᠦ᠍ ᠪᠦᠷᠢ ᠳ᠋ᠦ᠍ ᠨᠢᠭᠡ ᠶᠤᠸᠠᠨ᠂ ᠠᠳᠠᠭ ᠭᠠᠵᠠᠷ ᠠ᠋ᠴᠠ ᠮᠦ᠍ ᠪᠦᠷᠢ ᠳ᠋ᠦ᠍ ᠳᠣᠯᠣᠭ᠎ᠠ ᠨᠠᠢ᠍ᠮᠠᠨ ᠮᠣᠤ᠂ ᠨᠢᠭᠡ ᠵᠢᠯ ᠳ᠋ᠦ᠍ ᠬᠣᠶᠠᠷ ᠤᠳᠠᠭ᠎ᠠ ᠬᠤᠷᠢᠶᠠᠭᠠᠳ ᠨᠢᠭᠡᠨ ᠬᠠᠭᠠᠰ ᠢ᠋ ᠨᠤᠲᠤᠭ ᠣᠷᠣᠨ ᠤ᠋ ᠵᠠᠷᠤᠯᠭ᠎ᠠ ᠬᠡᠷᠡᠭᠰᠡᠯ ᠳ᠋ᠦ᠍ ᠬᠣᠴᠣᠷᠤᠭᠠᠭᠰᠠᠭᠠᠷ ᠢᠷᠡᠵᠡᠢ᠃ 
       ᠢᠷᠭᠡᠨ ᠤᠯᠤᠰ ᠤ᠋ᠨ ᠭᠤᠴᠢᠨ ᠨᠢᠭᠡᠳᠦᠭᠡᠷ ᠣᠨ(1942)  ᠳᠤ ᠳᠠᠬᠢᠨ ᠲᠣᠭᠲᠠᠭᠠᠵᠤ᠂ ᠤᠤᠯ ᠨᠢ ᠮᠦ᠍ ᠪᠦᠷᠢ ᠳ᠋ᠦ᠍ ᠨᠢᠭᠡᠨ ᠶᠤᠸᠠᠨ ᠤ᠋  ᠬᠤᠷᠢᠶᠠᠯᠭ᠎ᠠ ᠶ᠋ᠢ ᠲᠥᠮᠥᠰᠥ ᠭᠤᠷᠪᠠᠨ ᠰᠠᠭᠤᠯᠠᠭ᠎ᠠ ᠳᠥᠷᠪᠡᠨ ᠱᠧᠩ ᠠᠪᠬᠤ ᠪᠠᠷ ᠲᠣᠭᠲᠠᠭᠠᠭᠰᠠᠨ ᠪᠠᠢᠵᠠᠢ᠃  
       ᠭᠡᠲᠡᠯ᠎ᠡ ᠠᠯᠢ ᠦᠶ᠎ᠡ ᠳ᠋ᠦ᠍ ᠴᠦ᠍ ᠭᠡᠳ ᠮᠣᠩᠭᠣᠯᠴᠤᠳ ᠬᠠᠷᠢᠶᠠᠲᠤ ᠭᠠᠵᠠᠷ ᠰᠢᠷᠣᠢ ᠪᠠᠨ ᠪᠤᠰᠤᠳ ᠲᠤ᠌ ᠨᠢᠭᠡᠮᠦᠰᠦᠨ ᠬᠤᠳᠠᠯᠳᠤᠨ ᠥᠭᠭᠦᠭᠰᠡᠨ ᠶᠣᠰᠣ ᠦᠭᠡᠢ ᠪᠠᠢᠭᠰᠠᠨ ᠪᠣᠯᠬᠣᠷ ᠭᠠᠵᠠᠷ ᠲᠦᠷᠢᠶᠡᠰᠦᠯᠡᠬᠦ ᠳ᠋ᠦ᠍ ᠪᠦᠷ ᠯᠡ ᠵᠠᠭᠤᠨ ᠵᠢᠯ ᠡᠴᠡ ᠨᠠᠭᠠᠰᠢ ᠶᠡᠷᠡᠨ ᠵᠢᠯ᠂ ᠲᠠᠪᠢᠨ ᠵᠢᠯ᠂ ᠭᠤᠴᠢᠨ ᠵᠢᠯ ᠢ᠋ᠶ᠋ᠡᠷ ᠬᠤᠭᠤᠴᠠᠭᠠᠯᠠᠵᠤ ᠲᠦᠷᠢᠶᠡᠰᠦᠯᠡᠨ ᠥᠭᠭᠦᠭᠰᠡᠨ ᠶᠠᠪᠤᠳᠠᠯ ᠪᠠᠢᠵᠠᠢ᠃ ᠡᠨᠡ ᠪᠣᠯ ᠬᠣᠰᠢᠭᠤ ᠶᠠᠮᠤᠨ ᠳ᠋ᠤ᠌ ᠤᠷᠢᠳ ᠬᠠᠳᠠᠭᠠᠯᠠᠵᠤ ᠪᠠᠢᠭᠰᠠᠨ ᠭᠠᠵᠠᠷ ᠲᠠᠯᠪᠢᠬᠤ ᠳ᠋ᠤ᠌ ᠬᠠᠷᠢᠯᠴᠠᠨ ᠪᠠᠢᠭᠤᠯᠤᠭᠰᠠᠨ ᠭᠡᠷ᠎ᠡ ᠪᠢᠴᠢᠭ ᠲᠦ᠍ ᠲᠣᠳᠣᠷᠬᠠᠢ ᠲᠡᠮᠳᠡᠭᠯᠡᠵᠦ ᠪᠣᠢ᠃ ᠭᠠᠭᠴᠠ ᠬᠦ᠌ ᠲᠦᠷᠢᠶᠡᠰᠦᠯᠡᠭᠰᠡᠨ ᠵᠢᠯ ᠬᠤᠭᠤᠴᠠᠭ᠎ᠠ ᠭᠦᠢᠴᠡᠬᠦ ᠦᠶ᠎ᠡ ᠳ᠋ᠦ᠍ ᠭᠡᠷ᠎ᠡ ᠪᠢᠴᠢᠭ ᠦ᠋ᠨ ᠲᠣᠭᠲᠠᠭᠠᠯ ᠢ᠋ ᠦᠨᠳᠦᠰᠦᠯᠡᠵᠦ ᠭᠠᠵᠠᠷ ᠢ᠋ᠶ᠋ᠠᠨ ᠪᠤᠴᠠᠭᠠᠨ ᠠᠪᠤᠨ᠎ᠠ ᠭᠡᠵᠦ ᠲᠡᠮᠳᠡᠭᠯᠡᠭᠰᠡᠨ ᠦᠭᠡᠢ ᠪᠠᠢᠵᠠᠢ᠃   
       ᠬᠠᠭᠤᠴᠢᠨ ᠵᠢᠰᠢᠶᠠᠨ ᠤ᠋ ᠭᠠᠵᠠᠷ( ᠬᠠᠭᠤᠴᠢᠨ ᠫᠠᠢᠰᠠ ᠶ᠋ᠢᠨ ᠭᠠᠵᠠᠷ ᠭᠡᠵᠦ ᠪᠠᠰᠠ ᠬᠡᠯᠡᠳᠡᠭ) ᠢ᠋ ᠪᠣᠯ ᠬᠤᠰᠢᠭᠤᠨ ᠤ᠋ ᠬᠠᠭᠤᠴᠢᠨ ᠳᠠᠩᠰᠠ ᠪᠢᠴᠢᠭ ᠲᠦ᠍ ᠤᠷᠢᠳᠤ ᠲᠦᠷᠢᠶᠡᠰᠦᠨ ᠭᠠᠵᠠᠷ ᠭᠡᠵᠦ ᠲᠡᠮᠳᠡᠭᠯᠡᠵᠦ ᠪᠠᠢᠵᠠᠢ᠃ ᠳᠡᠭᠡᠷ᠎ᠡ ᠳᠤᠷᠠᠳᠤᠭᠰᠠᠨ ᠡᠨᠡ ᠬᠦ᠌ ᠲᠠᠪᠢᠨ ᠭᠠᠵᠠᠷ ᠤ᠋ᠨ ᠥᠷᠭᠡᠨ ᠭᠠᠵᠠᠷ ᠢ᠋ ᠡᠬᠢᠯᠡᠵᠦ ᠲᠠᠯᠪᠢᠭᠰᠠᠨ ᠨᠢ ᠦᠦᠰᠢᠨ ᠬᠤᠰᠢᠭᠤᠨ ᠤ᠋ ᠭᠠᠵᠠᠷ ᠲᠦᠷᠢᠶᠡᠰᠦᠯᠡᠨ ᠲᠠᠯᠪᠢᠭᠰᠠᠨ ᠤ᠋ ᠡᠬᠢᠯᠡᠯᠲᠡ ᠪᠣᠯᠤᠨ᠎ᠠ᠃ ᠨᠢᠭᠡ ᠳ᠋ᠦ᠍᠂ ᠬᠥᠮᠦᠨ ᠠᠮᠠᠨ ᠲᠣᠭ᠎ᠠ ᠶᠡᠬᠡ ᠪᠡᠷ ᠥᠰᠴᠦ ᠨᠡᠮᠡᠭᠳᠡᠵᠡᠢ᠃ ᠬᠣᠶᠠᠷ ᠲᠤ᠌᠂ ᠴᠢᠩ ᠤᠯᠤᠰ ᠤ᠋ᠨ ᠵᠠᠰᠠᠭ ᠤ᠋ᠨ ᠭᠠᠵᠠᠷ ᠤᠯᠠᠮ ᠢ᠋ᠶ᠋ᠠᠷ ᠢᠯᠵᠠᠷᠠᠨ ᠳᠣᠷᠣᠢᠲᠠᠭᠰᠠᠨ ᠢ᠋ᠶ᠋ᠠᠷ ᠠᠯᠪᠠᠨ ᠲᠦᠰᠢᠮᠡᠯ ᠵᠠᠷᠯᠢᠭ ᠤ᠋ᠨ ᠰᠠᠢᠳ ᠭᠡᠭᠴᠢ ᠪᠦᠷ ᠯᠡ ᠠᠪᠬᠤ ᠢᠳᠡᠬᠦ ᠶ᠋ᠢ ᠡᠮᠦᠨ᠎ᠡ ᠪᠡᠨ ᠲᠠᠯᠪᠢᠵᠤ᠂ ᠠᠰᠢᠭ ᠣᠯᠵᠠᠪᠤᠷᠢ ᠳ᠋ᠤ᠌ ᠰᠢᠨᠤᠬᠠᠢᠷᠠᠨ᠂ ᠭᠠᠵᠠᠷ ᠣᠷᠣᠨ ᠤ᠋ ᠠᠰᠢᠭ ᠭᠠᠷᠤᠯᠲᠠ ᠪᠤᠶᠤ ᠳᠡᠭᠡᠷ᠎ᠡ ᠡᠴᠡ ᠢᠷᠡᠬᠦ ᠮᠥᠩᠭᠥ ᠵᠣᠭᠣᠰ ᠢ᠋ ᠵᠠᠪᠰᠠᠷ ᠠ᠋ᠴᠠ ᠨᠢ ᠳᠠᠯᠢᠮᠳᠠᠭᠤᠯᠵᠤ ᠠᠷᠠᠳ ᠲᠦᠮᠡᠨ ᠢ᠋ ᠮᠥᠯᠵᠢᠨ ᠳᠠᠷᠤᠯᠠᠬᠤ ᠶ᠋ᠢ ᠨᠢᠳᠦᠨ ᠡᠮᠦᠨᠡᠬᠢ ᠬᠠᠷᠠᠯᠲᠠ ᠪᠠᠨ ᠪᠣᠯᠭᠠᠭᠰᠠᠨ ᠲᠤᠯᠠ ᠮᠣᠩᠭᠣᠯ ᠬᠤᠰᠢᠭᠤᠳ ᠲᠤ᠌ ᠠᠲᠠᠷ ᠬᠠᠭᠤᠯᠪᠤᠷᠢᠯᠠᠬᠤ ᠰᠠᠢᠳ ᠲᠣᠮᠢᠯᠠᠨ ᠭᠠᠷᠭᠠᠵᠤ᠂ ᠰᠠᠢᠨᠲᠤᠷ᠎ᠠ᠂ ᠬᠥᠬᠡᠬᠣᠲᠠ ᠳ᠋ᠤ᠌ ᠲᠤᠰᠬᠠᠢ ᠠᠲᠠᠷ ᠬᠠᠭᠤᠯᠪᠤᠷᠢᠯᠠᠬᠤ ᠶ᠋ᠢ ᠡᠷᠬᠢᠯᠡᠬᠦ ᠲᠣᠪᠴᠢᠶ᠎ᠠ ᠭᠠᠷᠭᠠᠵᠤ ᠲᠤᠰᠬᠠᠢᠯᠠᠨ ᠮᠣᠩᠭᠣᠯ ᠬᠤᠰᠢᠭᠤᠳ ᠲᠤ᠌ ᠶᠡᠬᠡ ᠪᠡᠷ ᠠᠲᠠᠷ ᠬᠠᠭᠠᠯᠪᠤᠷᠢᠯᠠᠬᠤ ᠶ᠋ᠢ ᠬᠦᠴᠦᠯᠡᠨ ᠱᠠᠭᠠᠷᠳᠠᠬᠤ ᠪᠣᠯᠵᠠᠢ᠃ 

᠎— — — —
 ① ᠪᠢᠴᠢᠭ ᠦ᠋ᠨ ᠬᠥᠮᠦᠨ ᠬᠠᠭᠤᠴᠢᠨ ᠰᠡᠬᠡᠭᠡᠲᠡᠨ ᠴᠠᠭᠠᠨᠳᠦᠩ ᠠᠪᠤᠭᠠᠢ ᠶ᠋ᠢᠨ ᠪᠢᠴᠢᠭᠰᠡᠨ《ᠦᠦᠰᠢᠨ ᠲᠡᠦᠬᠡ》᠂ 1982 ᠣᠨ ᠤ᠋ ᠲᠣᠰᠣᠨ ᠪᠠᠷ ᠤ᠋ᠨ ᠬᠡᠪᠯᠡᠯ ᠦ᠋ᠨ ᠤᠭ ᠡᠬᠡ ᠡᠴᠡ ᠰᠡᠢᠷᠡᠭᠦᠯᠪᠡ᠃   

        ᠦᠰᠦᠭ ᠠᠮᠢᠯᠠᠭᠤᠯᠤᠭᠴᠢ᠄ ᠴᠤᠯᠮᠤᠨᠭᠡᠷᠡᠯ᠂ ᠰᠠᠷᠠᠨᠲᠤᠶᠠᠭ᠎ᠠ᠂ ᠪᠠᠯ 
            ᠬᠢᠨᠠᠭᠴᠢ᠄ ᠣᠳᠬᠣᠨᠴᠡᠴᠡᠭ