ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ – ᠴᠢᠷᠮᠠᠢᠯᠲᠦ - ᠨᠢᠭᠡᠳᠦᠭᠡᠷ ᠪᠦᠯᠦᠭ<2–2> Монгол үндэстний шалгарсан ардчилсан хувьсгалч Шинэлам – Чармаилт - Нэгдүгээр бүлэг–2–2
ᠬᠣᠶᠠᠷ᠂ ᠴᠢᠩ ᠤᠯᠤᠰ ᠠ᠋ᠴᠠ ᠬᠣᠢᠰᠢᠬᠢ ᠠᠲᠠᠷ ᠬᠠᠭᠠᠯᠪᠤᠷᠢᠯᠠᠯᠲᠠ
(ᠬᠣᠶᠠᠷ)᠂ ᠪᠠᠷᠰᠤᠬᠠᠢ ᠥᠷᠲᠡᠭᠡᠨ ᠦ᠌ ᠭᠠᠵᠠᠷ ᠰᠢᠷᠣᠢ ᠶ᠋ᠢᠨ ᠲᠡᠮᠡᠴᠡᠯᠳᠦᠭᠡᠨ①
ᠡᠨᠡ ᠥᠷᠲᠡᠭᠡ ᠨᠢ ᠦᠦᠰᠢᠨ ᠬᠤᠰᠢᠭᠤᠨ ᠤ᠋ ᠭᠠᠵᠠᠷ ᠲᠤ ᠪᠠᠢᠭᠤᠯᠤᠭᠰᠠᠨ ᠤᠴᠢᠷ ᠠ᠋ᠴᠠ ᠦᠦᠰᠢᠨ ᠬᠤᠰᠢᠭᠤᠨ ᠤ᠋ ᠬᠢᠨ ᠲᠤᠬᠠᠢ ᠶ᠋ᠢᠨ ᠭᠠᠵᠠᠷ ᠠ᠋ᠴᠠ ᠲᠠᠪᠢᠨ ᠡᠷᠦᠬᠡ ᠮᠠᠯᠴᠢᠳ ᠢ᠋ ᠲᠤᠰ ᠥᠷᠲᠡᠭᠡᠨ ᠳ᠋ᠦ᠍ ᠰᠣᠩᠭᠣᠨ ᠲᠣᠬᠢᠷᠠᠭᠤᠯᠵᠤ ᠲᠤᠰᠬᠠᠢᠯᠠᠨ ᠥᠷᠲᠡᠭᠡᠨ ᠦ᠌ ᠵᠠᠩᠭᠢ᠂ ᠬᠦᠨᠳᠦ ᠲᠤᠰᠢᠶᠠᠯ ᠵᠡᠷᠭᠡ ᠶ᠋ᠢ ᠲᠣᠮᠢᠯᠠᠨ ᠲᠤᠰ ᠥᠷᠲᠡᠭᠡᠨ ᠦ᠌ ᠠᠯᠢᠪᠠ ᠠᠯᠪᠠᠨ ᠠᠵᠢᠯ ᠢ᠋ ᠭᠠᠷᠳᠠᠨ ᠭᠦᠢᠴᠡᠳᠬᠡᠭᠦᠯᠵᠦ ᠪᠠᠢᠭᠰᠠᠨ ᠠᠵᠢ᠃ ᠡᠢᠮᠦ ᠡᠴᠡ ᠡᠨᠡ ᠬᠦ᠌ ᠲᠠᠪᠢᠨ ᠥᠷᠲᠡᠭᠡ ᠨᠢ ᠮᠠᠨᠵᠤ ᠴᠢᠩ ᠤᠯᠤᠰ ᠲᠤ ᠵᠠᠬᠢᠳᠠᠯ ᠴᠢᠮᠡᠭᠡ᠂ ᠠᠯᠪᠠᠨ ᠵᠠᠷᠯᠢᠭ᠂ ᠡᠳ᠋ ᠪᠣᠳᠠᠰ ᠢ᠋ ᠳᠠᠮᠵᠢᠭᠤᠯᠤᠨ ᠬᠦᠷᠭᠡᠬᠦ ᠶ᠋ᠢᠨ ᠬᠠᠮᠲᠤ ᠥᠷᠲᠡᠭᠡ ᠪᠡᠷ ᠶᠠᠪᠤᠬᠤ ᠠᠯᠪᠠᠨ ᠤ᠋ ᠬᠥᠮᠦᠰ ᠦ᠋ᠨ ᠬᠣᠭᠣᠯᠠ ᠬᠦᠨᠡᠰᠦ ᠬᠣᠨᠣᠭ ᠤ᠋ᠨ ᠰᠢᠭᠦᠰᠦ᠂ ᠤᠨᠤᠭ᠎ᠠ ᠶ᠋ᠢᠨ ᠮᠣᠷᠢ᠂ ᠲᠡᠭᠡᠭᠡᠪᠦᠷᠢ ᠶ᠋ᠢᠨ ᠲᠡᠷᠭᠡ ᠬᠠᠰᠠᠭ ᠵᠡᠷᠭᠡ ᠶ᠋ᠢ ᠪᠡᠯᠡᠳᠬᠡᠵᠦ ᠥᠭᠳᠡᠭ ᠪᠠᠢᠵᠠᠢ᠃ ᠲᠤᠰ ᠥᠷᠲᠡᠭᠡᠨ ᠦ᠌ ᠠᠯᠪᠠᠨ ᠠᠵᠢᠯ ᠶᠠᠪᠤᠳᠠᠯ ᠢ᠋ ᠬᠣᠰᠢᠭᠤ ᠵᠠᠰᠠᠭ ᠤ᠋ᠨ ᠶᠠᠮᠤᠨ ᠠ᠋ᠴᠠ ᠬᠠᠮᠢᠶᠠᠷᠬᠤ ᠮᠥᠷᠲᠡᠭᠡᠨ ᠮᠠᠨᠵᠤ ᠶ᠋ᠢᠨ ᠥᠷᠲᠡᠭᠡᠨ ᠶᠠᠮᠤᠨ ᠠ᠋ᠴᠠ ᠳᠠᠪᠬᠤᠷ ᠤᠳᠤᠷᠢᠳᠴᠤ ᠪᠠᠢᠪᠠ᠃ ᠥᠷᠲᠡᠭᠡᠨ ᠳ᠋ᠦ᠍ ᠲᠣᠮᠢᠯᠠᠭᠳᠠᠭᠰᠠᠳ ᠨᠢ ᠥᠷᠲᠡᠭᠡ ᠪᠡᠨ ᠪᠦᠲᠦᠭᠡᠨ ᠪᠠᠢᠭᠤᠯᠬᠤ ᠮᠠᠯᠴᠢᠳ ᠮᠥᠷᠲᠡᠭᠡᠨ ᠮᠥᠨ ᠴᠦ᠍ ᠥᠷᠲᠡᠭᠡ ᠪᠡᠨ ᠬᠠᠮᠠᠭᠠᠯᠠᠵᠤ ᠠᠯᠪᠠᠨ ᠤ᠋ ᠡᠭᠦᠷᠭᠡ ᠶ᠋ᠢ ᠭᠦᠢᠴᠡᠳᠬᠡᠬᠦ ᠴᠡᠷᠢᠭ ᠮᠥᠨ᠃ ᠥᠷᠲᠡᠭᠡᠨ ᠳ᠋ᠦ᠍ ᠣᠷᠣᠭᠰᠠᠨ ᠡᠷᠦᠬᠡ ᠶ᠋ᠢᠨ15~60 ᠨᠠᠰᠤᠨ ᠤ᠋ ᠬᠣᠭᠣᠷᠣᠨᠳᠣᠬᠢ ᠡᠷᠡᠭᠲᠡᠢᠴᠦᠳ ᠢ᠋ ᠥᠷᠲᠡᠭᠡᠨ ᠦ᠌ ᠬᠤᠶᠠᠭ ᠭᠡᠬᠦ ᠪᠤᠶᠤ ᠥᠷᠲᠡᠭᠡᠨ ᠴᠡᠷᠢᠭ ᠬᠡᠮᠡᠵᠦ᠂ ᠲᠡᠳᠡ ᠥᠷᠲᠡᠭᠡ ᠪᠡᠷ ᠨᠠᠭᠠᠰᠢ ᠴᠠᠭᠠᠰᠢ ᠳᠠᠮᠵᠢᠭᠤᠯᠬᠤ ᠠᠯᠢᠪᠠ ᠠᠯᠪᠠᠨ ᠤ᠋ ᠤᠴᠢᠷ ᠶᠠᠪᠤᠳᠠᠯ ᠢ᠋ ᠪᠡᠶ᠎ᠡ ᠪᠡᠷ ᠢ᠋ᠶ᠋ᠡᠨ ᠭᠦᠢᠴᠡᠳᠬᠡᠳᠡᠭ᠃
ᠪᠠᠷᠰᠤᠬᠠᠢ ᠪᠣᠯ ᠦᠦᠰᠢᠨ ᠬᠤᠰᠢᠭᠤᠨ ᠤ᠋ ᠤᠮᠠᠷᠠᠲᠤ ᠵᠠᠬ᠎ᠠ ᠳ᠋ᠤ᠌ ᠪᠠᠢᠭᠰᠠᠨ ᠨᠢᠭᠡᠨ ᠭᠠᠵᠠᠷ ᠤ᠋ᠨ ᠨᠡᠷ᠎ᠡ(ᠥᠨᠥ ᠡᠵᠡᠨ ᠬᠣᠷᠣᠭ᠎ᠠ ᠬᠤᠰᠢᠭᠤᠨ ᠤ᠋ ᠨᠠᠷᠢᠨ ᠰᠢᠯᠢ ᠰᠢᠶᠠᠩ ᠤ᠋ᠨ ᠭᠠᠵᠠᠷ ᠲᠤ ᠪᠣᠢ) ᠪᠥᠭᠡᠳ ᠥᠷᠲᠡᠭᠡᠨ ᠦ᠌ ᠭᠠᠵᠠᠷ ᠨᠢ400 ᠲᠡᠭᠰᠢ ᠳᠥᠷᠪᠡᠯᠵᠢᠨ ᠺᠢᠯᠣᠮᠧᠲ᠋ᠷ ᠨᠤᠲᠤᠭ ᠳᠡᠪᠢᠰᠬᠡᠷ ᠳᠡᠭᠡᠷ᠎ᠡ ᠪᠠᠢᠭᠤᠯᠤᠭᠳᠠᠭᠰᠠᠨ ᠶᠤᠮ᠃ ᠮᠠᠨᠵᠤ ᠶ᠋ᠢᠨ ᠥᠷᠲᠡᠭᠡᠨ ᠶᠠᠮᠤᠨ ᠠ᠋ᠴᠠ ᠥᠷᠲᠡᠭᠡ ᠪᠠᠢᠭᠤᠯᠬᠤ ᠭᠠᠵᠠᠷ ᠢ᠋ ᠶᠡᠷᠦ ᠨᠢ ᠥᠷᠲᠡᠭᠡᠨ ᠦ᠌ ᠬᠣᠭᠣᠷᠣᠨᠳᠣᠬᠢ ᠵᠠᠢ ᠶ᠋ᠢ80~100 ᠭᠠᠵᠠᠷ ᠤ᠋ᠨ ᠬᠣᠭᠣᠷᠣᠨᠳᠣ ᠤᠰᠤᠨ ᠤ᠋ ᠲᠤᠩᠭᠠᠯᠠᠭ᠂ ᠡᠪᠡᠰᠦᠨ ᠦ᠌ ᠰᠣᠷᠭᠣᠭ ᠰᠢᠮᠡᠯᠢᠭ ᠭᠠᠵᠠᠷ ᠢ᠋ ᠰᠣᠩᠭᠣᠵᠤ ᠲᠣᠬᠢᠷᠠᠭᠤᠯᠳᠠᠭ᠃ ᠡᠢᠮᠦ ᠡᠴᠡ ᠪᠠᠷᠰᠤᠬᠠᠢ ᠪᠣᠯ ᠲᠤᠬᠠᠢ ᠶ᠋ᠢᠨ ᠦᠶ᠎ᠡ ᠳ᠋ᠡᠭᠡᠨ ᠦᠦᠰᠢᠨ ᠬᠤᠰᠢᠭᠤᠨ ᠤ᠋ ᠨᠡᠷᠡᠲᠡᠢ ᠰᠠᠢᠬᠠᠨ ᠪᠡᠯᠴᠢᠭᠡᠷ ᠤᠰᠤᠨ ᠤ᠋ ᠨᠢᠭᠡ ᠪᠠᠢᠭᠰᠠᠨ᠃
ᠴᠢᠩ ᠤᠯᠤᠰ ᠤ᠋ᠨ ᠵᠠᠰᠠᠭ ᠤ᠋ᠨ ᠭᠠᠵᠠᠷ ᠤ᠋ᠨ ᠠᠯᠬᠤᠮ ᠠᠯᠬᠤᠮ ᠢ᠋ᠶ᠋ᠠᠷ ᠢᠯᠵᠢᠷᠡᠨ ᠳᠣᠷᠣᠢᠲᠠᠬᠤ ᠶ᠋ᠢᠨ ᠳᠠᠭᠠᠤ ᠲᠡᠢᠨ ᠳᠠᠵᠢᠨ ᠪᠠ ᠪᠠᠢᠭᠠᠯᠢ ᠶ᠋ᠢᠨ ᠭᠠᠢ ᠭᠠᠮᠰᠢᠭ ᠤ᠋ᠨ ᠬᠦᠨᠳᠦ ᠬᠣᠬᠢᠷᠠᠯ ᠠ᠋ᠴᠠ ᠪᠣᠯᠵᠤ ᠤᠯᠤᠰ ᠤ᠋ᠨ ᠰᠠᠩ ᠨᠢ ᠵᠢᠯ ᠡᠴᠡ ᠵᠢᠯ ᠬᠣᠭᠣᠰᠣᠷᠠᠵᠤ ᠠᠷᠭ᠎ᠠ ᠪᠤᠰᠤ ᠭᠠᠢᠯᠢ ᠲᠦᠷᠢᠶᠡᠰᠦ ᠪᠡᠨ ᠵᠢᠯ ᠳᠠᠷᠠᠭᠠᠯᠠᠨ ᠨᠡᠮᠡᠭᠳᠡᠭᠦᠯᠵᠦ᠂ ᠡᠬᠡ ᠤᠯᠤᠰ ᠤ᠋ᠨ ᠤᠮᠠᠷᠠᠲᠤ ᠣᠷᠣᠨ ᠳ᠋ᠤ᠌ ᠶᠡᠬᠡ ᠪᠡᠷ ᠠᠲᠠᠷ ᠬᠠᠭᠠᠯᠪᠤᠷᠢᠯᠠᠬᠤ ᠠᠷᠭ᠎ᠠ ᠬᠡᠮᠵᠢᠶ᠎ᠡ ᠠᠪᠴᠤ ᠬᠦᠨᠳᠦ ᠨᠣᠴᠢᠲᠠᠢ ᠳᠠᠷᠤᠭᠠᠰᠤ ᠳᠠᠬᠤ ᠪᠠᠨ ᠠᠷᠭᠠᠴᠠᠬᠤ ᠪᠣᠯᠪᠠ᠃ ᠠᠲᠠᠷ ᠬᠠᠭᠠᠯᠪᠤᠷᠢᠯᠠᠬᠤ ᠰᠢᠷᠦᠭᠦᠨ ᠰᠢᠭᠤᠷᠭ᠎ᠠ ᠨᠢ ᠮᠠᠨᠵᠤ ᠶ᠋ᠢᠨ ᠡᠩᠬᠡ ᠠᠮᠤᠭᠤᠯᠠᠩ ᠬᠠᠭᠠᠨ ᠤ᠋ ᠬᠣᠷᠢᠭᠠᠳ ᠣᠨ ᠠ᠋ᠴᠠ ᠬᠣᠢᠰᠢ ᠥᠷᠭᠡᠵᠢᠭᠡᠳ ᠣᠷᠳᠣᠰ ᠤ᠋ᠨ ᠥᠨᠳᠥᠷᠯᠢᠭ ᠳᠠᠬᠢ ᠭᠠᠩ ᠬᠠᠭᠤᠷᠠᠢ ᠲᠠᠴᠢᠷ ᠨᠢᠮᠭᠡᠨ ᠬᠥᠷᠥᠰᠥ ᠰᠢᠷᠣᠢ ᠶ᠋ᠢ ᠬᠦᠷᠲᠡᠯ᠎ᠡ ᠣᠷᠭᠢᠯ ᠦᠭᠡᠢ ᠠᠨᠵᠢᠰᠤᠨ ᠬᠣᠰᠢᠭᠤ ᠶ᠋ᠢᠨ ᠮᠥᠷ ᠭᠠᠷᠭᠠᠵᠤ ᠱᠠᠵᠢᠯᠠᠵᠤ ᠲᠠᠷᠢᠬᠤ ᠪᠣᠯᠪᠠ᠃ ᠡᠩᠬᠡ ᠠᠮᠤᠭᠤᠯᠠᠩ ᠤ᠋ᠨ ᠭᠤᠴᠢᠨ ᠵᠢᠷᠭᠤᠳᠤᠭᠠᠷ ᠣᠨ(1697 ᠣᠨ) ᠠ᠋ᠴᠠ ᠡᠬᠢᠯᠡᠨ ᠦᠦᠰᠢᠨ ᠦ᠌ ᠡᠮᠦᠨ᠎ᠡ ᠬᠢᠵᠠᠭᠠᠷ ᠳᠠᠬᠢ ᠤᠷᠲᠤ ᠴᠠᠭᠠᠨ ᠬᠡᠷᠡᠮ ᠡᠴᠡ ᠳᠥᠴᠢᠨ ᠭᠠᠵᠠᠷ ᠤ᠋ᠨ ᠭᠠᠳᠠᠭᠤᠷ ᠠᠲᠠᠷ ᠬᠠᠭᠠᠯᠪᠤᠷᠢᠯᠠᠨ ᠲᠠᠷᠢᠶᠠᠯᠠᠵᠤ ᠪᠣᠯᠬᠤ ᠪᠠᠷ ᠲᠣᠭᠲᠠᠭᠠᠵᠤ᠂ ᠡᠩᠬᠡ ᠠᠮᠤᠭᠤᠯᠠᠩ ᠤ᠋ᠨ ᠲᠠᠪᠢᠨ ᠨᠠᠢ᠍ᠮᠠᠳᠤᠭᠠᠷ ᠣᠨ(1719 ᠣᠨ) ᠪᠣᠯᠬᠤ ᠳ᠋ᠤ᠌ ᠴᠠᠭᠠᠨ ᠬᠡᠷᠡᠮ ᠡᠴᠡ ᠭᠤᠴᠢᠨ ᠭᠠᠵᠠᠷ ᠤ᠋ᠨ ᠭᠠᠳᠠᠭᠤᠷ ᠳᠠᠩ ᠭᠠᠭᠴᠠ ᠲᠠᠷᠢᠶᠠᠴᠢᠳ ᠲᠤ ᠲᠦᠷᠢᠶᠡᠰᠦᠯᠡᠨ ᠲᠠᠷᠢᠭᠤᠯᠬᠤ ᠶ᠋ᠢ ᠵᠥᠪᠰᠢᠶᠡᠷᠡᠵᠦ᠂ ᠨᠠᠢᠷᠠᠯᠲᠤ ᠲᠥᠪ ᠦ᠋ᠨ ᠠᠷᠪᠠᠳᠤᠭᠠᠷ ᠣᠨ(1732 ᠣᠨ) ᠳ᠋ᠤ᠌ ᠣᠷᠳᠣᠰ ᠨᠤᠲᠤᠭ ᠲᠤ᠌ ᠬᠦᠨᠳᠦ ᠰᠦᠷᠡᠬᠡᠢ ᠭᠠᠩ ᠭᠠᠮᠰᠢᠭ ᠪᠣᠯᠤᠭᠰᠠᠨ ᠳ᠋ᠤ᠌᠂ ᠮᠠᠨᠵᠤ ᠶ᠋ᠢᠨ ᠵᠠᠰᠠᠭ ᠤ᠋ᠨ ᠭᠠᠵᠠᠷ ᠠ᠋ᠴᠠ ᠳᠠᠬᠢᠨ ᠪᠠᠰᠠ ᠠᠷᠪᠠᠨ ᠭᠠᠵᠠᠷ ᠥᠷᠭᠡᠨ ᠢ᠋ᠶ᠋ᠡᠷ ᠥᠷᠭᠡᠳᠬᠡᠵᠦ ᠪᠣᠯᠬᠤ ᠪᠠᠷ ᠵᠥᠪᠰᠢᠶᠡᠷᠡᠵᠡᠢ᠃ ᠲᠩᠷᠢ ᠲᠡᠳᠬᠦᠭᠴᠢ ᠶ᠋ᠢᠨ ᠨᠠᠢ᠍ᠮᠠᠳᠤᠭᠠᠷ ᠣᠨ(1743 ᠣᠨ) ᠪᠣᠯᠬᠤ ᠳ᠋ᠤ᠌ ᠮᠠᠨᠵᠤ ᠴᠢᠩ ᠦ᠋ᠨ ᠵᠠᠰᠠᠭ ᠤ᠋ᠨ ᠭᠠᠵᠠᠷ ᠠ᠋ᠴᠠ ᠲᠤᠰᠬᠠᠢᠯᠠᠨ ᠠᠲᠠᠷ ᠬᠠᠭᠠᠯᠪᠤᠷᠢᠯᠠᠬᠤ ᠶ᠋ᠢ ᠰᠢᠢᠳᠬᠡᠬᠦ ᠲᠦᠩ ᠊ᠾᠢ ᠰᠠᠢᠳ ᠢ᠋ ᠱᠠᠨᠰᠢ ᠮᠣᠵᠢ ᠶ᠋ᠢᠨ ᠰᠠᠢᠨᠲᠤᠷ᠎ᠠ ᠰᠢᠶᠠᠨ(ᠣᠳᠣ ᠶ᠋ᠢᠨ ᠱᠧᠨ ᠮᠦ᠍ ᠰᠢᠶᠠᠨ) ᠳ᠋ᠤ᠌ ᠲᠣᠮᠢᠯᠠᠨ ᠰᠠᠭᠤᠯᠭᠠᠵᠤ ᠠᠲᠠᠷ ᠬᠠᠭᠠᠯᠪᠤᠷᠢᠯᠠᠨ ᠲᠦᠷᠢᠶᠡᠰᠦ ᠬᠤᠷᠢᠶᠠᠬᠤ ᠶ᠋ᠢ ᠬᠠᠮᠢᠶᠠᠷᠤᠭᠤᠯᠪᠠ᠃ ᠡᠭᠦᠨ ᠡᠴᠡ ᠡᠬᠢᠯᠡᠨ ᠣᠷᠳᠣᠰ ᠤ᠋ᠨ ᠡᠯ᠎ᠡ ᠬᠤᠰᠢᠭᠤᠳ ᠤ᠋ᠨ ᠵᠠᠰᠠᠭ ᠨᠣᠶᠠᠳ ᠠᠲᠠᠷ ᠬᠠᠭᠠᠯᠪᠤᠷᠢᠯᠠᠬᠤ ᠪᠠᠷ ᠥᠪ ᠬᠥᠷᠥᠩᠭᠡ ᠪᠣᠯᠭᠠᠵᠤ ᠠᠰᠢᠭ ᠬᠣᠨᠵᠢᠪᠤᠷᠢ ᠳ᠋ᠤ᠌ ᠨᠢᠳᠦ ᠤᠯᠠᠢᠵᠤ᠂ ᠵᠢᠯ ᠪᠦᠷᠢ ᠪᠡᠭᠡᠵᠢᠩ ᠳ᠋ᠦ᠍ ᠬᠦᠷᠴᠦ ᠴᠢᠶᠠᠨ ᠴᠢᠩ ᠮᠧᠨ ᠳᠡᠭᠡᠷ᠎ᠡ ᠭᠠᠷᠴᠤ ᠵᠢᠰᠢᠶᠠᠨ ᠳ᠋ᠤ᠌ ᠰᠠᠭᠤᠨ ᠬᠠᠭᠠᠳ ᠨᠣᠶᠠᠳ ᠲᠤ᠌ ᠪᠠᠷᠠᠯᠬᠠᠵᠤ᠂ ᠶᠡᠬᠡ ᠪᠡᠷ ᠪᠡᠯᠡᠭ ᠰᠡᠯᠲᠡ ᠬᠦᠷᠭᠡᠨ ᠨᠡᠷ᠎ᠡ ᠠᠯᠳᠠᠷ ᠢ᠋ᠶ᠋ᠠᠨ ᠮᠠᠨᠳᠤᠭᠤᠯᠤᠨ ᠵᠡᠷᠭᠡ ᠬᠡᠷᠬᠡᠮ ᠨᠡᠮᠡᠭᠦᠯᠵᠦ᠂《ᠭᠠᠪᠢᠶᠠᠨ ᠲᠡᠮᠳᠡᠭᠯᠡᠯ》 ᠣᠯᠬᠤ ᠶ᠋ᠢᠨ ᠬᠣᠢᠨ᠎ᠠ ᠠ᠋ᠴᠠ ᠬᠥᠭᠡᠭᠡᠴᠡᠯᠳᠦᠨ᠂ ᠦᠯᠡᠮᠵᠢ ᠮᠥᠩᠭᠥ ᠵᠣᠭᠣᠰ ᠰᠦᠢᠳᠬᠡᠵᠦ ᠵᠢᠷᠭᠠᠨ ᠴᠡᠩᠭᠡᠯᠳᠦᠬᠦ ᠪᠣᠯᠪᠠ᠃ ᠲᠡᠳᠡ ᠣᠷᠣᠨ ᠨᠤᠲᠤᠭ ᠤ᠋ᠨ ᠮᠠᠯᠴᠢᠨ ᠠᠷᠠᠳ ᠤ᠋ᠨ ᠭᠠᠰᠢᠭᠤᠨ ᠵᠣᠪᠠᠯᠠᠩ ᠢ᠋ ᠦᠯᠦ ᠬᠠᠢᠬᠤᠷᠤᠨ ᠲᠡᠳᠡᠨᠦᠰ ᠢ᠋ ᠥᠩ ᠰᠢᠮᠡᠯᠢᠭ ᠪᠡᠯᠴᠢᠭᠡᠷ ᠤᠰᠤᠨ ᠠ᠋ᠴᠠ ᠨᠢ ᠶᠡᠬᠡ ᠪᠡᠷ ᠤᠮᠠᠷᠠᠰᠢ ᠨᠡᠭᠦᠯᠭᠡᠨ ᠰᠢᠯᠵᠢᠭᠦᠯᠵᠦ ᠴᠠᠭᠠᠨ ᠬᠡᠷᠡᠮ ᠦ᠋ᠨ ᠳᠣᠲᠣᠷᠠᠬᠢ ᠲᠠᠷᠢᠶᠠᠴᠢᠳ ᠢ᠋ ᠶᠡᠬᠡ ᠬᠡᠮᠵᠢᠶ᠎ᠡ ᠪᠡᠷ ᠣᠷᠣᠭᠤᠯᠤᠨ ᠠᠪᠴᠢᠷᠠᠵᠤ᠂ ᠠᠲᠠᠷ ᠬᠠᠭᠠᠯᠪᠤᠷᠢᠯᠠᠨ ᠭᠠᠵᠠᠷ ᠲᠦᠷᠢᠶᠡᠰᠦᠯᠡᠨ ᠬᠤᠳᠠᠯᠳᠤᠵᠤ ᠶᠠᠭᠠᠷᠠᠯᠳᠤᠪᠠ᠃ ᠡᠨᠡ ᠦᠶ᠎ᠡ ᠳ᠋ᠦ᠍ ᠦᠦᠰᠢᠨ ᠬᠤᠰᠢᠭᠤᠨ ᠠ᠋ᠴᠠ ᠲᠦᠷᠢᠶᠡᠰᠦᠯᠡᠵᠦ ᠭᠠᠷᠭᠠᠭᠰᠠᠨ ᠭᠠᠵᠠᠷ ᠰᠢᠷᠣᠢ ᠪᠠᠷᠤᠭ ᠮᠢᠩᠭᠠᠨ ᠴᠢᠩ ᠡᠴᠡ ᠳᠡᠭᠡᠭᠰᠢ ᠪᠠᠢᠭᠰᠠᠨ ᠪᠥᠭᠡᠳ ᠲᠡᠦᠬᠡᠨ ᠳ᠋ᠦ᠍ ᠡᠭᠦᠨ ᠢ᠋ ᠬᠠᠭᠤᠴᠢᠨ ᠵᠢᠰᠢᠶᠠᠨ ᠭᠠᠵᠠᠷ ᠪᠤᠶᠤ ᠬᠠᠭᠤᠴᠢᠨ ᠲᠦᠷᠢᠶᠡᠰᠦᠨ ᠭᠠᠵᠠᠷ ᠭᠡᠵᠦ ᠬᠡᠯᠡᠳᠡᠭ᠃ ᠡᠨᠡ ᠬᠦ᠌ ᠪᠠᠢᠳᠠᠯ ᠳᠣᠣᠷ᠎ᠠ ᠨᠤᠲᠤᠭ ᠪᠡᠯᠴᠢᠭᠡᠷ ᠡᠴᠡ ᠪᠡᠨ ᠬᠠᠭᠠᠴᠠᠵᠤ ᠠᠮᠢᠳᠤᠷᠠᠬᠤ ᠶ᠋ᠢᠨ ᠠᠷᠭ᠎ᠠ ᠦᠭᠡᠢ ᠪᠣᠯᠤᠭᠰᠠᠨ ᠦᠦᠰᠢᠨ ᠬᠤᠰᠢᠭᠤᠨ ᠤ᠋ ᠮᠠᠯᠴᠢᠳ ᠤᠷᠢᠳ ᠬᠣᠵᠢᠳ ᠣᠯᠠᠨ ᠤᠳᠠᠭ᠎ᠠ ᠶ᠋ᠢᠨ ᠳᠤᠭᠤᠢᠯᠠᠩ ᠤ᠋ᠨ ᠬᠤᠷᠠᠯ ᠪᠤᠶᠤ ᠡᠰᠡᠷᠭᠦᠴᠡᠯ ᠦ᠋ᠨ ᠬᠥᠳᠡᠯᠭᠡᠭᠡᠨ ᠢ᠋ ᠥᠷᠨᠢᠭᠦᠯᠵᠦ ᠠᠲᠠᠷ ᠬᠠᠭᠠᠯᠪᠤᠷᠢᠯᠠᠨ ᠭᠠᠵᠠᠷ ᠲᠦᠷᠢᠶᠡᠰᠦᠯᠡᠬᠦ ᠶ᠋ᠢ ᠡᠷᠡᠰ ᠬᠣᠷᠢᠭᠯᠠᠵᠤ ᠪᠠᠢᠯ᠎ᠠ᠃
ᠴᠢᠩ ᠤᠯᠤᠰ ᠤ᠋ᠨ ᠪᠠᠳᠠᠷᠠᠭᠤᠯᠲᠤ ᠲᠥᠷᠥ ᠶ᠋ᠢᠨ ᠰᠡᠭᠦᠯᠴᠢ ᠶ᠋ᠢᠨ ᠦᠶ᠎ᠡ ᠪᠣᠯᠬᠤ ᠳ᠋ᠤ᠌᠂ ᠮᠠᠨᠵᠤ ᠶ᠋ᠢᠨ ᠵᠠᠰᠠᠭ ᠤ᠋ᠨ ᠭᠠᠵᠠᠷ ᠨᠢ ᠤᠯᠤᠰ ᠤ᠋ᠨ ᠭᠠᠳᠠᠭᠠᠳᠤ ᠳ᠋ᠠᠭᠠᠨ ᠳᠤᠮᠳᠠᠳᠤ ᠶᠠᠫᠣᠨ ᠤ᠋ ᠬᠥᠬᠡ ᠮᠣᠷᠢᠨ ᠵᠢᠯ ᠦ᠋ᠨ ᠲᠡᠢᠨ ᠪᠣᠯᠤᠨ ᠶᠠᠫᠣᠨ ᠣᠷᠣᠰ ᠤ᠋ᠨ ᠲᠡᠢᠨ ᠳ᠋ᠦ᠍ ᠳᠠᠭᠠᠷᠢᠭᠳᠠᠵᠤ᠂ ᠤᠯᠤᠰ ᠤ᠋ᠨ ᠳᠣᠲᠣᠭᠠᠳᠤ ᠳ᠋ᠤ᠌ ᠢ ᠾᠧ ᠲᠤᠸᠠᠨ ᠤ᠋ ᠬᠥᠳᠡᠯᠭᠡᠭᠡᠨ ᠳ᠋ᠦ᠍ ᠤᠴᠠᠷᠠᠵᠤ ᠴᠡᠷᠢᠭ ᠲᠡᠢᠨ ᠦ᠌ ᠵᠠᠷᠤᠳᠠᠯ ᠬᠡᠷᠡᠭᠰᠡᠯ ᠤᠯᠠᠮ ᠨᠡᠮᠡᠭᠳᠡᠵᠦ ᠤᠯᠤᠰ ᠤ᠋ᠨ ᠡᠳ᠋ ᠦ᠋ᠨ ᠵᠠᠰᠠᠭ ᠨᠢ ᠤᠯᠠᠮ ᠭᠦᠵᠢᠷᠳᠡᠭᠰᠡᠨ ᠡᠴᠡ ᠭᠠᠵᠠᠷ ᠪᠣᠯᠭᠠᠨ ᠳ᠋ᠤ᠌ ᠠᠲᠠᠷ ᠬᠠᠭᠠᠯᠪᠤᠷᠢᠯᠠᠬᠤ ᠠᠯᠪᠠᠨ ᠲᠢᠩᠬᠢᠮ ᠭᠠᠷᠭᠠᠵᠤ ᠠᠯᠠᠭ᠎ᠠ ᠶ᠋ᠢᠨ ᠴᠢᠨᠡᠭᠡᠨ ᠠᠲᠠᠷ ᠢ᠋ ᠴᠦ᠍ ᠬᠠᠭᠠᠯᠬᠤ ᠦᠭᠡᠢ ᠪᠠᠢᠬᠤ ᠶ᠋ᠢᠨ ᠠᠷᠭ᠎ᠠ ᠦᠭᠡᠢ ᠬᠡᠮᠵᠢᠶᠡᠨ ᠳ᠋ᠦ᠍ ᠬᠦᠷᠴᠡᠢ᠃ ᠪᠠᠳᠠᠷᠠᠭᠤᠯᠲᠤ ᠲᠥᠷᠥ ᠶ᠋ᠢᠨ ᠬᠣᠷᠢᠨ ᠨᠠᠢ᠍ᠮᠠᠳᠤᠭᠠᠷ ᠣᠨ(1902 ᠣᠨ) ᠠ᠋ᠴᠠ ᠡᠬᠢᠯᠡᠨ ᠬᠥᠬᠡᠬᠣᠲᠠ ᠳ᠋ᠤ᠌ ᠠᠲᠠᠷ ᠬᠠᠭᠠᠯᠪᠤᠷᠢᠯᠠᠬᠤ ᠶ᠋ᠢ ᠲᠤᠰᠬᠠᠢ ᠬᠠᠮᠢᠶᠠᠷᠬᠤ ᠠᠯᠪᠠᠨ ᠲᠢᠩᠬᠢᠮ ᠭᠠᠷᠭᠠᠵᠤ ᠢ ᠬᠦ ᠭᠡᠭᠴᠢ ᠮᠠᠨᠵᠤ ᠰᠠᠢᠳ ᠢ᠋ ᠲᠣᠮᠢᠯᠠᠨ ᠰᠠᠭᠤᠯᠭᠠᠵᠤ ᠥᠪᠥᠷ ᠮᠣᠩᠭᠣᠯ ᠤ᠋ᠨ ᠥᠷᠭᠡᠨ ᠠᠭᠤᠳᠠᠮ ᠪᠠᠷᠠᠭᠤᠨ ᠬᠡᠰᠡᠭ ᠦ᠋ᠨ ᠲᠠᠯ᠎ᠠ ᠨᠤᠲᠤᠭ ᠲᠤ᠌ ᠨᠡᠢᠳᠡᠮ ᠠᠲᠠᠷ ᠬᠠᠭᠠᠯᠪᠤᠷᠢᠯᠠᠬᠤ ᠥᠷᠨᠢᠯᠲᠡ ᠶ᠋ᠢ ᠬᠢᠪᠡ᠃ ᠠᠲᠠᠷ ᠬᠠᠭᠠᠯᠪᠤᠷᠢᠯᠠᠬᠤ ᠲᠥᠯᠥᠪᠯᠡᠭᠡ ᠡᠬᠢᠨ ᠳ᠋ᠡᠭᠡᠨ ᠲᠤᠩ ᠶᠠᠪᠤᠭᠤᠷᠢ ᠮᠠᠭᠤᠲᠠᠢ ᠪᠠᠢᠭᠰᠠᠨ ᠳ᠋ᠤ᠌ ᠪᠠᠳᠠᠷᠠᠭᠤᠯᠲᠤ ᠲᠥᠷᠥ ᠶ᠋ᠢᠨ ᠬᠣᠷᠢ ᠶᠢᠰᠦᠳᠦᠭᠡᠷ ᠣᠨ(1903 ᠣᠨ) ᠠ᠋ᠴᠠ ᠡᠬᠢᠯᠡᠵᠦ ᠴᠢᠩ ᠤᠯᠤᠰ ᠤ᠋ᠨ ᠵᠠᠰᠠᠭ ᠤ᠋ᠨ ᠭᠠᠵᠠᠷ ᠨᠢ ᠳᠠᠬᠢᠨ《ᠨᠢᠭᠡ ᠳ᠋ᠦ᠍ ᠢᠳᠬᠠᠵᠤ ᠬᠣᠶᠠᠷ ᠲᠤ᠌ ᠶᠠᠯᠠᠯᠠᠬᠤ》 ᠲᠥᠷᠥ ᠶ᠋ᠢᠨ ᠪᠣᠳᠣᠯᠭ᠎ᠠ ᠠᠪᠤᠭᠰᠠᠨ ᠠ᠋ᠴᠠ ᠡᠯ᠎ᠡ ᠴᠢᠭᠤᠯᠭᠠᠨ ᠬᠤᠰᠢᠭᠤᠳ ᠤ᠋ᠨ ᠵᠠᠰᠠᠭ ᠨᠣᠶᠠᠳ ᠥᠷᠭᠡᠨ ᠣᠯᠠᠨ ᠮᠠᠯᠴᠢᠳ ᠤ᠋ᠨ ᠦᠬᠦᠵᠦ ᠰᠡᠬᠡᠬᠦ ᠶ᠋ᠢ ᠦᠯᠦ ᠬᠠᠢᠬᠤᠷᠤᠨ ᠶᠡᠬᠡ ᠪᠡᠷ ᠠᠲᠠᠷ ᠬᠠᠭᠠᠯᠪᠤᠷᠢᠯᠠᠬᠤ ᠪᠠᠷ ᠨᠡᠷ᠎ᠡ ᠮᠡᠳᠡᠭᠦᠯᠬᠦ ᠪᠣᠯᠵᠠᠢ᠃
ᠪᠠᠳᠠᠷᠠᠭᠤᠯᠲᠤ ᠲᠥᠷᠥ ᠶ᠋ᠢᠨ ᠭᠤᠴᠢᠳᠤᠭᠠᠷ ᠣᠨ(1904 ᠣᠨ) ᠳ᠋ᠤ᠌ ᠦᠦᠰᠢᠨ ᠬᠤᠰᠢᠭᠤᠨ ᠤ᠋ ᠵᠠᠰᠠᠭ ᠨᠣᠶᠠᠨ ᠴᠠᠭᠳᠤᠷᠰᠡᠷᠡᠩ ᠬᠥᠬᠡᠬᠣᠲᠠ ᠳ᠋ᠤ᠌ ᠳᠠᠭᠤᠳᠠᠭᠳᠠᠨ ᠬᠦᠷᠦᠭᠡᠳ᠂ ᠪᠠᠢᠳᠠᠯ ᠤ᠋ᠨ ᠬᠤᠪᠢᠷᠠᠯ ᠢ᠋ ᠳᠠᠭᠠᠵᠤ ᠴᠢᠩ ᠤᠯᠤᠰ ᠤ᠋ᠨ ᠵᠠᠰᠠᠭ ᠤ᠋ᠨ ᠭᠠᠵᠠᠷ ᠲᠤ᠌ ᠦᠨᠡᠨᠴᠢ ᠪᠠᠢᠬᠤ ᠪᠠᠨ ᠢᠯᠡᠳᠬᠡᠨ᠂ ᠠᠲᠠᠷ ᠬᠠᠭᠠᠯᠪᠤᠷᠢᠯᠠᠬᠤ ᠶᠠᠪᠤᠳᠠᠯ ᠳ᠋ᠤ᠌ ᠢᠳᠡᠪᠬᠢᠲᠡᠢ ᠪᠡᠷ ᠨᠡᠷ᠎ᠡ ᠮᠡᠳᠡᠭᠦᠯᠵᠦ ᠪᠦᠬᠦ ᠬᠤᠰᠢᠭᠤᠨ ᠤ᠋ ᠠᠲᠠᠷ ᠭᠠᠵᠠᠷ ᠢ᠋ ᠨᠡᠢᠳᠡᠮ ᠬᠠᠭᠠᠯᠪᠤᠷᠢᠯᠠᠬᠤ ᠪᠠᠷ ᠮᠡᠳᠡᠭᠦᠯᠦᠭᠰᠡᠨ ᠦ᠌ ᠬᠠᠮᠲᠤ ᠽᠢ ᠰᠢ ᠲᠠᠢᠬᠡᠦ ᠶ᠋ᠢᠨ ᠳᠠᠯᠠᠨ ᠨᠠᠰᠤᠨ ᠤ᠋ ᠪᠠᠶᠠᠷ ᠲᠤ᠌ ᠵᠣᠷᠢᠭᠤᠯᠵᠤ ᠬᠤᠰᠢᠭᠤᠨ ᠤ᠋ ᠵᠡᠭᠦᠨ ᠡᠮᠦᠨ᠎ᠡ ᠪᠡᠶ᠎ᠡ ᠳ᠋ᠡᠬᠢ ᠲᠦᠯᠡᠩᠬᠡᠢ ᠶ᠋ᠢᠨ ᠣᠪᠣᠭ᠎ᠠ᠂ ᠠᠪᠠᠢᠰᠤ᠂ ᠪᠠᠬᠠᠢ ᠪᠤᠯᠠᠭ᠂ ᠳᠠᠭᠤᠲᠤ ᠪᠦᠷᠢᠳᠦ᠂ ᠯᠠᠪᠷᠤᠩ ᠤ᠋ᠨ ᠰᠦᠮ᠎ᠡ᠂ ᠶᠠᠰᠢᠯᠲᠤ ᠲᠣᠯᠣᠭᠠᠢ᠂ ᠬᠣᠢᠰᠤᠨ ᠬᠣᠰᠢᠭᠤ ᠵᠡᠷᠭᠡ ᠬᠣᠢᠰᠢ ᠡᠮᠦᠨᠡᠰᠢ86 ᠭᠠᠵᠠᠷ ᠥᠷᠭᠡᠨ᠂ ᠵᠡᠭᠦᠨᠰᠢ ᠪᠠᠷᠠᠭᠤᠨᠰᠢ40 ᠭᠠᠵᠠᠷ ᠤᠷᠲᠤ᠂ ᠪᠠᠷᠤᠭ800 ᠣᠷᠴᠢᠮ ᠲᠡᠭᠰᠢ ᠳᠥᠷᠪᠡᠯᠵᠢᠨ ᠺᠢᠯᠣᠮᠧᠲ᠋ᠷ ᠪᠡᠯᠴᠢᠭᠡᠷ ᠨᠤᠲᠤᠭ ᠢ᠋ᠶ᠋ᠠᠨ ᠲᠠᠷᠢᠶᠠᠴᠢᠳ ᠲᠤ᠌ ᠲᠦᠷᠢᠶᠡᠰᠦᠯᠡᠨ ᠬᠤᠳᠠᠯᠳᠤᠵᠤ5000 ᠯᠠᠩ ᠮᠥᠩᠭᠥᠨ ᠦ᠌ ᠪᠡᠯᠡᠭ ᠡᠷᠭᠦᠬᠦ ᠪᠡᠷ ᠮᠡᠳᠡᠭᠦᠯᠵᠡᠢ᠃ ᠴᠠᠭᠳᠤᠷᠰᠡᠷᠡᠩ ᠨᠣᠶᠠᠨ ᠤ᠋ ᠡᠢᠮᠦᠷᠬᠦᠦ ᠢᠳᠡᠪᠬᠢᠲᠦ ᠣᠪᠣᠷ ᠢ᠋ ᠠᠲᠠᠷ ᠬᠠᠭᠠᠯᠪᠤᠷᠢᠯᠠᠬᠤ ᠠᠯᠪᠠᠨ ᠲᠢᠩᠬᠢᠮ ᠡᠴᠡ ᠰᠠᠢᠰᠢᠶᠠᠨ ᠮᠠᠭᠲᠠᠵᠤ ᠵᠣᠷᠢᠭᠤᠯᠤᠭᠰᠠᠨ ᠤ᠋ ᠬᠠᠮᠲᠤ ᠢ ᠬᠦ ᠲᠤᠰᠬᠠᠢᠯᠠᠨ ᠦᠦᠰᠢᠨ ᠬᠤᠰᠢᠭᠤᠨ ᠳ᠋ᠤ᠌ ᠸᠸᠢᠢ᠍ᠶᠤᠸᠠᠨ ᠲᠣᠮᠢᠯᠠᠨ᠂ ᠠᠯᠪᠠᠨ ᠲᠠᠷᠢᠶᠠᠯᠠᠩ ᠤ᠋ᠨ ᠴᠢᠣ᠌ᠸᠠᠨ《全》 ᠭᠡᠰᠡᠨ ᠦᠭᠡ ᠠᠪᠴᠤ᠂ ᠠᠲᠠᠷ ᠬᠠᠭᠠᠯᠪᠤᠷᠢᠯᠠᠬᠤ ᠶᠠᠪᠤᠳᠠᠯ ᠢ᠋ ᠱᠠᠭᠠᠷᠳᠠᠨ ᠪᠦᠬᠦ ᠬᠤᠰᠢᠭᠤᠨ ᠤ᠋ ᠠᠲᠠᠷ ᠬᠠᠭᠠᠯᠪᠤᠷᠢᠯᠠᠬᠤ ᠲᠥᠯᠥᠪᠯᠡᠭᠡ ᠶ᠋ᠢ ᠶᠠᠷᠢᠯᠴᠠᠨ ᠨᠠᠢᠳᠠᠪᠤᠷᠢᠵᠢᠭᠤᠯᠤᠭᠰᠠᠨ ᠪᠠᠢᠨ᠎ᠠ᠃ ᠪᠠᠳᠠᠷᠠᠭᠤᠯᠲᠤ ᠲᠥᠷᠥ ᠶ᠋ᠢᠨ ᠭᠤᠴᠢᠨ ᠨᠢᠭᠡᠳᠦᠭᠡᠷ ᠣᠨ(1905 ᠣᠨ) ᠤ᠋ ᠡᠪᠦᠯ ᠡᠳᠡᠭᠡᠷ ᠸᠸᠢᠢ᠍ᠶᠤᠸᠡᠨ ᠨᠢ ᠬᠤᠰᠢᠭᠤᠨ ᠤ᠋ ᠲᠦᠰᠢᠮᠡᠳ ᠪᠠ ᠲᠠᠷᠢᠶ᠎ᠠ ᠲᠠᠷᠢᠬᠤ ᠢᠷᠭᠡᠨᠴᠤᠳ ᠤ᠋ᠨ ᠬᠠᠮᠲᠤ᠂ ᠦᠦᠰᠢᠨ ᠬᠤᠰᠢᠭᠤᠨ ᠤ᠋ ᠪᠡᠯᠴᠢᠭᠡᠷ ᠨᠤᠲᠤᠭ ᠤ᠋ᠨ ᠳᠤᠮᠳᠠᠭᠤᠷ35 ᠭᠠᠵᠠᠷ ᠤ᠋ᠨ ᠥᠷᠭᠡᠨ ᠢ᠋ᠶ᠋ᠡᠷ ᠵᠡᠭᠦᠨᠰᠢ ᠪᠠᠷᠠᠭᠤᠨᠰᠢ ᠨᠡᠢᠳᠡᠮ ᠲᠠᠷᠢᠶᠠᠯᠠᠵᠤ ᠪᠣᠯᠬᠤ ᠪᠠᠷ ᠲᠠᠰᠤᠯᠤᠨ ᠬᠡᠮᠵᠢᠵᠦ ᠲᠡᠮᠳᠡᠭ ᠫᠠᠢᠰᠠ ᠬᠠᠲᠠᠵᠤ ᠭᠠᠷᠭᠠᠵᠠᠢ᠃ ᠡᠨᠡ ᠬᠦ᠌ ᠪᠠᠢᠳᠠᠯ ᠳᠣᠣᠷ᠎ᠠ ᠴᠣᠭᠲᠤᠸᠴᠢᠷ᠂ ᠨᠠᠰᠤᠨᠪᠠᠲᠤ᠂ ᠤᠤᠪᠠ᠂ ᠪᠠᠶᠠᠨᠰᠡᠢᠨ᠂ ᠷᠠᠭᠪᠠᠵᠠᠯᠰᠠᠨ ᠨᠠᠷ ᠤ᠋ᠨ ᠤᠳᠤᠷᠢᠳᠤᠯᠭ᠎ᠠ ᠳᠣᠣᠷ᠎ᠠ ᠪᠦᠬᠦ ᠬᠤᠰᠢᠭᠤᠨ ᠤ᠋ ᠬᠡᠪᠴᠢᠶᠡᠨ ᠳ᠋ᠦ᠍ ᠠᠲᠠᠷ ᠬᠠᠭᠠᠯᠪᠤᠷᠢᠯᠠᠬᠤ ᠶ᠋ᠢ ᠬᠣᠷᠢᠭᠯᠠᠨ ᠡᠰᠡᠷᠭᠦᠴᠡᠬᠦ ᠠᠷᠪᠠᠨ ᠬᠣᠶᠠᠷ ᠳᠤᠭᠤᠢᠯᠠᠩ ᠢ᠋ ᠵᠣᠬᠢᠶᠠᠨ ᠪᠠᠢᠭᠤᠯᠵᠤ᠂ ᠬᠠᠯᠢᠭᠤᠲᠤ ᠶ᠋ᠢᠨ ᠰᠦᠮ᠎ᠡ ᠳ᠋ᠦ᠍ ᠠᠯᠪᠠᠨ ᠭᠠᠵᠠᠷ ᠪᠠᠢᠭᠤᠯᠵᠤ2000 ᠭᠠᠷᠤᠢ ᠬᠥᠮᠦᠨ ᠢ᠋ ᠵᠣᠬᠢᠶᠠᠨ ᠪᠠᠢᠭᠤᠯᠤᠨ ᠴᠤᠭᠯᠠᠭᠤᠯᠵᠤ᠂ ᠪᠢᠯᠠᠭᠤ ᠰᠢᠳᠡᠮ ᠡᠭᠦᠷᠴᠦ ᠲᠡᠳᠡᠭᠡᠷ ᠸᠸᠢᠢ᠍ᠶᠤᠸᠡᠨ ᠪᠠ ᠲᠦᠷᠢᠶᠡᠰᠦᠨ ᠲᠠᠷᠢᠶᠠᠴᠢᠨ ᠵᠢᠴᠢ ᠬᠤᠰᠢᠭᠤᠨ ᠠ᠋ᠴᠠ ᠲᠣᠮᠢᠯᠠᠭᠰᠠᠨ ᠲᠦᠰᠢᠮᠡᠳ ᠳᠤᠭᠠᠷᠵᠠᠪ᠂ ᠮᠡᠷᠭᠡᠨᠴᠤᠭᠲᠤ᠂ ᠰᠡᠩᠭᠡᠵᠡᠪ ᠬᠢᠭᠡᠳ ᠲᠦᠮᠡᠨᠪᠠᠶᠠᠷ᠂ ᠲᠦᠮᠡᠨᠳᠡᠯᠭᠡᠷ ᠵᠡᠷᠭᠡ ᠬᠥᠮᠦᠰ ᠢ᠋ ᠬᠠᠮᠲᠤ ᠳ᠋ᠤᠨᠢ ᠦᠯᠳᠡᠨ ᠬᠥᠭᠡᠭᠡᠵᠦ᠂ ᠬᠤᠰᠢᠭᠤᠨ ᠤ᠋ ᠪᠠᠷᠠᠭᠤᠨ ᠵᠠᠬ᠎ᠠ ᠶ᠋ᠢᠨ ᠭᠤᠷᠪᠠᠨ ᠰᠠᠯᠠᠭᠠᠨ ᠲᠣᠬᠣᠢ ᠭᠡᠳᠡᠭ ᠭᠠᠵᠠᠷ ᠠ᠋ᠴᠠ ᠡᠬᠢᠯᠡᠨ ᠳᠡᠭᠡᠰᠦᠯᠡᠨ ᠬᠡᠮᠵᠢᠭᠰᠡᠨ ᠭᠠᠵᠠᠷ ᠤ᠋ᠨ ᠳᠤᠮᠳᠠᠭᠤᠷ ᠵᠡᠭᠦᠨ ᠵᠠᠬ᠎ᠠ ᠶ᠋ᠢᠨ ᠳᠣᠭᠣᠯᠲᠠᠢ ᠶ᠋ᠢᠨ ᠰᠦᠮ᠎ᠡ ᠪᠡᠷ ᠥᠩᠭᠡᠷᠡᠲᠡᠯ᠎ᠡ ᠬᠥᠭᠡᠭᠡᠵᠦ ᠭᠠᠷᠭᠠᠪᠠ᠃ ᠡᠨᠡ ᠬᠣᠭᠣᠷᠣᠨᠳᠣ ᠲᠡᠳᠡᠨᠦᠰ ᠦ᠋ᠨ ᠠᠯᠢᠪᠠ ᠳᠡᠭᠡᠰᠦᠯᠡᠨ ᠬᠡᠮᠵᠢᠭᠰᠡᠨ ᠭᠠᠵᠠᠷ ᠢ᠋ ᠪᠦᠷ ᠬᠦᠴᠦᠨ ᠦᠭᠡᠢ ᠪᠣᠯᠭᠠᠵᠤ᠂ ᠬᠠᠲᠠᠵᠤ ᠪᠣᠰᠬᠠᠭᠰᠠᠨ ᠲᠡᠮᠳᠡᠭ ᠫᠠᠢᠰᠠ ᠶ᠋ᠢ ᠨᠢ ᠪᠦᠷ ᠮᠤᠯᠲᠤᠯᠤᠨ ᠠᠪᠴᠤ ᠭᠠᠯᠳᠠᠭᠰᠠᠨ ᠪᠢᠯᠡ᠃ ᠡᠭᠦᠨ ᠦ᠌ ᠬᠠᠮᠲᠤ᠂ ᠡᠳᠡᠭᠡᠷ ᠭᠠᠵᠠᠷ ᠣᠷᠣᠨ ᠤ᠋ ᠠᠢᠯ ᠡᠷᠦᠬᠡ ᠨᠦ᠍ᠭᠦᠳ ᠢ᠋ ᠵᠣᠬᠢᠶᠠᠨ ᠪᠠᠢᠭᠤᠯᠤᠨ ᠠᠷᠪᠠᠨ ᠡᠷᠦᠬᠡ ᠳ᠋ᠦ᠍ ᠨᠢᠭᠡ ᠳᠠᠭᠠᠭᠠᠮᠠᠯ ᠰᠣᠩᠭᠣᠨ ᠲᠣᠬᠢᠷᠠᠭᠤᠯᠵᠤ ᠨᠤᠲᠤᠭ ᠪᠡᠯᠴᠢᠭᠡᠷ ᠢ᠋ᠶ᠋ᠡᠨ ᠬᠠᠮᠠᠭᠠᠯᠠᠬᠤ ᠡᠭᠦᠷᠭᠡ ᠶ᠋ᠢ ᠬᠠᠷᠢᠭᠤᠴᠠᠭᠤᠯᠪᠠ᠃ ᠡᠢᠮᠦ ᠪᠠᠢᠳᠠᠯ ᠳᠣᠣᠷ᠎ᠠ ᠴᠠᠭᠳᠤᠷᠰᠡᠷᠡᠩ ᠵᠠᠰᠠᠭ ᠨᠣᠶᠠᠨ ᠴᠤ᠌ ᠠᠷᠭ᠎ᠠ ᠠᠭᠠᠰᠢ ᠠᠯᠳᠠᠵᠤ᠂ ᠳᠤᠭᠤᠢᠯᠠᠩ ᠤ᠋ᠨ ᠣᠯᠠᠨ ᠢ᠋ ᠢᠳᠬᠠᠨ ᠬᠡᠯᠡᠬᠦ ᠳ᠋ᠡᠭᠡᠨ᠄《ᠤᠷᠢᠳ ᠪᠢ ᠵᠠᠩᠵᠤᠨ ᠰᠠᠢᠳ ᠤ᠋ᠨ ᠭᠠᠵᠠᠷ ᠲᠤ᠌ ᠠᠲᠠᠷ ᠬᠠᠭᠠᠯᠪᠤᠷᠢᠯᠠᠬᠤ ᠶᠠᠪᠤᠳᠠᠯ ᠢ᠋ ᠮᠡᠳᠡᠭᠦᠯᠬᠦ ᠳ᠋ᠡᠭᠡᠨ<ᠵᠣᠬᠢᠰᠯᠠᠨ ᠲᠠᠯᠪᠢᠰᠤᠭᠠᠢ> ᠭᠡᠰᠡᠨ ᠶᠦᠮ᠂ ᠭᠡᠪᠡᠴᠦ ᠵᠠᠩᠵᠤᠨ ᠰᠠᠢᠳ ᠤ᠋ᠨ ᠭᠠᠵᠠᠷ ᠠ᠋ᠴᠠ ᠢ ᠬᠦ ᠶ᠋ᠢᠨ ᠲᠢᠩᠬᠢᠮ ᠳ᠋ᠦ᠍ ᠬᠢᠲᠠᠳ ᠢ᠋ᠶ᠋ᠠᠷ ᠣᠷᠴᠢᠭᠤᠯᠵᠤ ᠬᠦᠷᠭᠡᠬᠦ ᠳ᠋ᠡᠭᠡᠨ<ᠴᠢᠤᠸᠡᠨ ᠴᠢ ᠫᠦ ᠭᠧᠩ全旗普垦> ᠭᠡᠵᠦ ᠪᠤᠷᠤᠭᠤ ᠪᠠᠷ ᠮᠤᠰᠬᠢᠨ ᠣᠷᠴᠢᠭᠤᠯᠤᠭᠰᠠᠨ ᠲᠤᠯᠠ᠂ ᠪᠢᠳᠡ ᠠᠷᠭ᠎ᠠ ᠪᠤᠰᠤ ᠳᠡᠭᠡᠷ᠎ᠡ ᠡᠴᠡ<ᠴᠢᠤᠸᠡᠨ> ᠠᠪᠬᠤ ᠭᠡᠰᠡᠨ ᠱᠠᠭᠠᠷᠳᠠᠯᠭ᠎ᠠ ᠳᠣᠣᠷ᠎ᠠ35 ᠭᠠᠵᠠᠷ ᠤ᠋ᠨ ᠥᠷᠭᠡᠨ ᠢ᠋ᠶ᠋ᠡᠷ ᠵᠡᠭᠦᠨᠰᠢ ᠪᠠᠷᠠᠭᠤᠨᠰᠢ ᠳᠡᠭᠡᠰᠦᠯᠡᠬᠦ ᠳ᠋ᠦ᠍ ᠬᠦᠷᠦᠭᠰᠡᠨ 48 ᠪᠢᠯᠡ》 ᠭᠡᠵᠦ ᠣᠯᠠᠨ ᠢ᠋ ᠮᠡᠬᠡᠯᠡᠪᠡ᠃ ᠲᠡᠷᠡ ᠨᠢᠭᠡ ᠲᠠᠯ᠎ᠠ ᠪᠠᠷ ᠳᠤᠭᠤᠢᠯᠠᠩ ᠤ᠋ᠨ ᠣᠯᠠᠨ ᠢ᠋ ᠠᠷᠭᠠᠳᠠᠨ ᠲᠠᠷᠬᠠᠭᠠᠬᠤ ᠪᠠᠷ ᠢᠳᠬᠠᠨ᠂ ᠨᠥᠭᠦᠭᠡ ᠲᠠᠯ᠎ᠠ ᠪᠠᠷ ᠳᠤᠭᠤᠢᠯᠠᠩ ᠤ᠋ᠨ ᠬᠥᠳᠡᠯᠭᠡᠭᠡᠨ ᠳ᠋ᠦ᠍ ᠲᠦᠰᠢᠭ ᠲᠤᠯᠭᠠᠭᠤᠷᠢ ᠪᠣᠯᠵᠤ ᠪᠠᠢᠭᠰᠠᠨ ᠲᠤᠬᠠᠢ ᠶ᠋ᠢᠨ ᠦᠶ᠎ᠡ ᠶ᠋ᠢᠨ ᠦᠦᠰᠢᠨ ᠬᠤᠰᠢᠭᠤᠨ ᠤ᠋ ᠪᠠᠷᠠᠭᠤᠨ ᠲᠤᠰᠠᠯᠠᠭᠴᠢ ᠪᠠᠢᠭᠰᠠᠨ ᠴᠣᠭᠲᠤᠸᠴᠢᠷ ᠵᠡᠷᠭᠡ ᠨᠢᠭᠡᠨ ᠪᠦᠯᠦᠭ ᠳᠤᠭᠤᠢᠯᠠᠩ ᠤ᠋ᠨ ᠬᠥᠳᠡᠯᠭᠡᠭᠡᠨ ᠦ᠌ ᠤᠳᠤᠷᠢᠳᠤᠭᠴᠢ ᠬᠥᠮᠦᠰ ᠢ᠋ ᠶᠡᠬᠡ ᠵᠣᠣ ᠶ᠋ᠢᠨ ᠴᠢᠭᠤᠯᠭᠠᠨ ᠳᠠ ᠳ᠋ᠤ᠌ ᠨᠢᠭᠤᠴᠠ ᠪᠠᠷ ᠵᠠᠭᠠᠯᠳᠤᠵᠤ ᠠᠲᠠᠷ ᠬᠠᠭᠠᠯᠪᠤᠷᠢᠯᠠᠬᠤ ᠶ᠋ᠢ ᠡᠰᠡᠷᠭᠦᠴᠡᠭᠰᠡᠨ ᠡᠲᠡᠭᠡᠳ ᠭᠡᠵᠦ ᠶᠠᠯ᠎ᠠ ᠲᠤᠯᠭᠠᠨ ᠮᠡᠳᠡᠭᠦᠯᠵᠦ ᠪᠠᠢᠪᠠ᠃ ᠡᠭᠦᠨ ᠦ᠌ ᠵᠡᠷᠭᠡᠴᠡᠭᠡ ᠪᠡᠷ ᠲᠡᠷᠡ ᠪᠠᠰᠠ ᠨᠢᠭᠤᠴᠠ ᠪᠠᠷ ᠬᠤᠤᠪᠢᠯᠳᠤᠨ ᠳᠡᠭᠡᠭᠰᠢ ᠪᠡᠨ ᠢᠳᠡᠪᠬᠢᠲᠡᠢ ᠪᠡᠷ ᠠᠲᠠᠷ ᠬᠠᠭᠠᠯᠪᠤᠷᠢᠯᠠᠬᠤ ᠪᠠᠷ ᠮᠡᠳᠡᠭᠦᠯᠵᠦ ᠳᠣᠷᠣᠭᠰᠢ ᠪᠠᠨ ᠡᠭᠡᠯ ᠠᠷᠠᠳ ᠢ᠋ ᠠᠶᠤᠯᠭᠠᠨ ᠰᠦᠷᠳᠡᠭᠦᠯᠬᠦ ᠬᠣᠶᠠᠷ ᠨᠢᠭᠤᠷᠲᠤ ᠠᠷᠭ᠎ᠠ ᠶ᠋ᠢ ᠬᠡᠷᠡᠭᠯᠡᠨ ᠪᠠᠳᠠᠷᠠᠭᠤᠯᠲᠤ ᠲᠥᠷᠥ ᠶ᠋ᠢᠨ ᠬᠣᠷᠢᠨ ᠳᠣᠯᠣᠳᠤᠭᠠᠷ ᠣᠨ ᠠ᠋ᠴᠠ ᠭᠤᠴᠢᠨ ᠬᠣᠶᠠᠳᠤᠭᠠᠷ ᠣᠨ(1901~1906) ᠪᠣᠯᠲᠠᠯ᠎ᠠ ᠵᠢᠷᠭᠤᠭᠠᠨ ᠵᠢᠯ ᠦ᠋ᠨ ᠳᠣᠲᠣᠷ᠎ᠠ ᠪᠦᠬᠦ ᠬᠤᠰᠢᠭᠤᠨ ᠤ᠋ ᠡᠮᠦᠨ᠎ᠡ ᠵᠠᠬ᠎ᠠ᠂ ᠵᠡᠭᠦᠨ ᠵᠠᠬ᠎ᠠ ᠬᠢᠵᠠᠭᠠᠷ ᠤ᠋ᠨ ᠬᠣᠶᠠᠷ ᠬᠥᠪᠡᠭᠡ ᠳ᠋ᠡᠬᠢ ᠶᠡᠬᠡ ᠪᠣᠳᠣᠩ᠂ ᠪᠠᠭ᠎ᠠ ᠪᠣᠳᠣᠩ᠂ ᠲᠠᠪᠤᠨ ᠠᠢᠰᠤᠨ ᠲᠠᠯ᠎ᠠ᠂ ᠵᠠᠮ ᠤ᠋ᠨ ᠵᠠᠳᠠᠭᠠᠢ᠂ ᠣᠣ ᠲᠣᠬᠣᠢ᠂ ᠬᠠᠷ᠎ᠠ ᠬᠤᠳᠳᠤᠭ᠂ ᠲᠦᠯᠡᠩᠬᠡᠢ ᠣᠪᠣᠭ᠎ᠠ᠂ ᠪᠠᠢ ᠪᠤᠯᠠᠭ᠂ ᠠᠢᠪᠠᠰᠤ᠂ ᠳᠠᠭᠤᠲᠤ ᠪᠦᠷᠢᠳᠦ᠂ ᠯᠠᠪᠷᠤᠩ ᠤ᠋ᠨ ᠰᠦᠮ᠎ᠡ᠂ ᠶᠠᠰᠢᠯᠲᠤ ᠲᠣᠯᠣᠭᠠᠢ᠂ ᠭᠦᠢᠯᠡᠰᠦᠨ ᠬᠣᠰᠢᠭᠤ᠂ ᠬᠣᠲᠣᠢ ᠶ᠋ᠢᠨ ᠵᠠᠳᠠᠭᠠᠢ᠂ ᠵᠡᠭᠦᠨ ᠤᠯᠠᠭᠠᠨ ᠬᠣᠰᠢᠭᠤ᠂ ᠪᠠᠷᠠᠭᠤᠨ ᠤᠯᠠᠭᠠᠨ ᠬᠣᠰᠢᠭᠤ᠂ ᠰᠢᠷ᠎ᠠ ᠲᠠᠯ᠎ᠠ᠂ ᠪᠠᠶᠠᠨ ᠴᠠᠢᠳᠠᠮ᠂ ᠬᠠᠯᠳᠤᠢ ᠶ᠋ᠢᠨ ᠣᠷᠣᠢ᠂ ᠨᠠᠷᠠᠨ ᠬᠤᠳᠳᠤᠭ᠂ ᠶᠣᠳᠣᠷᠲᠤ᠂ ᠴᠠᠭᠠᠨ ᠪᠤᠯᠠᠭ᠂ ᠳᠥᠷᠪᠡᠨ ᠤᠰᠤᠨ ᠰᠢᠯᠢ᠂ ᠴᠢᠪᠠᠭ᠎ᠠ ᠶ᠋ᠢᠨ ᠰᠢᠯᠢ᠂ ᠪᠠᠨᠴᠢᠨ ᠰᠦᠮ᠎ᠡ᠂ ᠬᠤᠵᠢᠷᠲᠤ᠂ ᠠᠯᠠᠪᠤᠷ᠂ ᠨᠠᠷᠠᠨ ᠭᠤᠤᠲᠤ ᠶᠤᠤᠷ ᠤ᠋ᠨ ᠣᠷᠣᠢ᠂ ᠶᠠᠰᠤᠲᠤ᠂ ᠬᠠᠪᠢᠷᠭ᠎ᠠ ᠶ᠋ᠢᠨ ᠤᠰᠤ᠂ ᠪᠠᠭ᠎ᠠ ᠴᠠᠢᠳᠠᠮ᠂ ᠵᠡᠭᠦᠨ ᠴᠠᠢᠳᠠᠮ᠂ ᠭᠤᠷᠭᠤᠤᠯᠲᠤ ᠶ᠋ᠢᠨ ᠭᠣᠣᠯ᠂ ᠰᠢᠪᠠᠭᠤᠨ ᠤᠯᠠᠭᠠᠨ᠂ ᠱᠦᠦᠷᠭᠡ᠂ ᠵᠠᠮ ᠤ᠋ᠨ ᠴᠠᠢᠳᠠᠮ᠂ ᠬᠠᠪᠴᠠᠭᠠᠢ ᠶ᠋ᠢᠨ ᠰᠦᠮ᠎ᠡ᠂ ᠰᠠᠲᠠᠭᠠᠷ᠂ ᠪᠠᠭ᠎ᠠ ᠬᠣᠭᠣᠯᠠᠢᠲᠦ᠂ ᠤᠷᠤᠰᠬᠠᠯ᠂ ᠯᠦᠩ ᠦ᠋ᠨ ᠴᠠᠢᠳᠠᠮ᠂ ᠪᠣᠷᠤᠴᠢᠴᠠᠷᠭᠠᠨᠡ᠂ ᠵᠠᠯᠠᠭ᠎ᠠ ᠶ᠋ᠢᠨ ᠣᠪᠣᠭ᠎ᠠ᠂ ᠬᠥᠬᠡ ᠡᠷᠭᠢ᠂ ᠴᠠᠭᠠᠨ ᠮᠣᠷᠢ᠂ ᠲᠦᠰᠢ᠂ ᠤᠯᠠᠭᠠᠨ ᠥᠯᠥᠩ᠂ ᠡᠷᠢᠶᠡᠨ ᠲᠣᠯᠣᠭᠠᠢ᠂ ᠮᠠᠩᠬ᠎ᠠ᠂ ᠤᠷᠲᠤ ᠶ᠋ᠢᠨ ᠴᠠᠢᠳᠠᠮ᠂ ᠪᠦᠷᠢᠳᠦ ᠬᠡᠴᠡᠭᠦᠦ ᠶ᠋ᠢᠨ ᠭᠣᠣᠯ᠂ ᠰᠢᠷ᠎ᠠ ᠪᠦᠷᠢᠳᠦ᠂ ᠬᠠᠷ᠎ᠠ ᠵᠠᠭᠠᠷᠠᠭ᠂ ᠵᠤᠰᠠᠯᠠᠩ᠂ ᠪᠠᠶᠠᠨ ᠬᠣᠭᠣᠯᠠᠢ᠂ ᠬᠣᠯᠪᠤᠭᠠᠯᠵᠢ᠂ ᠬᠥᠬᠡ ᠮᠣᠳᠣᠨ ᠬᠣᠭᠣᠯᠠᠢ᠂ ᠬᠦᠢ ᠶ᠋ᠢᠨ ᠵᠠᠳᠠᠭᠠᠢ᠂ ᠡᠮᠭᠡᠭ ᠦ᠋ᠨ ᠴᠠᠢᠳᠠᠮ᠂ ᠵᠢᠭᠴᠢ ᠶ᠋ᠢᠨ ᠴᠠᠢᠳᠠᠮ᠂ ᠬᠣᠩᠬᠣᠲᠤ ᠶ᠋ᠢᠨ ᠴᠠᠢᠳᠠᠮ᠂ ᠮᠣᠳᠣᠨ ᠰᠢᠯᠢ᠂ ᠳᠠᠭᠤᠲᠤ᠂ ᠲᠤᠤᠬᠠᠢ ᠶ᠋ᠢᠨ ᠭᠣᠣᠯ᠂ ᠠᠷᠴᠠᠲᠠᠢ ᠶ᠋ᠢᠨ ᠪᠠᠯᠠᠷ᠂ ᠵᠠᠩᠭᠤᠲᠤ ᠶ᠋ᠢᠨ ᠴᠠᠢᠳᠠᠮ᠂ ᠪᠤᠮᠪᠠ ᠶ᠋ᠢᠨ ᠬᠥᠳᠡᠭᠡ᠂ ᠨᠠᠷᠢᠨ ᠴᠠᠢᠳᠠᠮ᠂ ᠳᠠᠪᠠᠭᠠᠲᠤ ᠬᠣᠭᠣᠯᠠᠢᠲᠦ᠂ ᠯᠠᠮᠠ ᠶ᠋ᠢᠨ ᠴᠠᠢᠳᠠᠮ᠂ ᠬᠠᠷ᠎ᠠ ᠵᠠᠳᠠᠭᠠᠢ᠂ ᠭᠡᠨ᠎ᠡ ᠶ᠋ᠢᠨ ᠴᠠᠢᠳᠠᠮ᠂ ᠮᠣᠯᠣᠢ ᠶ᠋ᠢᠨ ᠴᠠᠢᠳᠠᠮ᠂ ᠣᠤ ᠲᠠᠯ᠎ᠠ᠂ ᠪᠠᠳᠠᠢ ᠶ᠋ᠢᠨ ᠴᠠᠢᠳᠠᠮ᠂ ᠠᠷᠤ ᠳᠠᠷᠠᠰᠤ᠂ ᠬᠣᠢᠪᠤᠷ ᠲᠠᠯ᠎ᠠ᠂ ᠴᠠᠭᠠᠨ ᠪᠠᠯᠭᠠᠰᠤ᠂ ᠮᠣᠭᠠᠢᠲᠤ᠂ ᠰᠡᠪᠬᠦᠯ᠂ ᠬᠣᠣᠷ ᠤ᠋ᠨ ᠬᠣᠰᠢᠭᠤ᠂ ᠬᠠᠯᠢᠭᠤᠲᠤ ᠶ᠋ᠢᠨ ᠭᠣᠣᠯ᠂ ᠭᠠᠷᠤᠳᠢ ᠶ᠋ᠢᠨ ᠲᠣᠬᠣᠢ᠂ ᠴᠠᠭᠠᠨ᠌ᠤ᠋ᠪᠤᠭᠠ᠂ ᠳᠠᠭᠤᠲᠤ ᠶ᠋ᠢᠨ ᠵᠠᠳᠠᠭᠠᠢ᠂ ᠡᠷᠬᠡᠲᠦ ᠴᠢᠪᠠᠭᠠᠨ ᠬᠠᠷ᠎ᠠ ᠲᠣᠯᠣᠭᠠᠢ᠂ ᠬᠤᠢᠯᠠ ᠶ᠋ᠢᠨ ᠬᠥᠳᠡᠭᠡ᠂ ᠬᠥᠪᠥᠩᠲᠦ ᠶ᠋ᠢᠨ ᠪᠤᠯᠠᠭ᠂ ᠨᠠᠷᠢᠨ ᠭᠣᠣᠯ᠂ ᠪᠣᠷᠣᠲᠣᠯᠤᠭᠠᠢ᠂ ᠬᠣᠶᠠᠷ ᠤᠰᠤᠨ ᠲᠠᠯ᠎ᠠ᠂ ᠴᠠᠭᠠᠨ ᠪᠠᠯᠭᠠᠰᠤ ᠵᠡᠷᠭᠡ ᠵᠡᠭᠦᠨᠰᠢ ᠪᠠᠷᠠᠭᠤᠨᠰᠢ ᠪᠠᠨ280 ᠭᠠᠵᠠᠷ ᠤ᠋ᠨ ᠤᠷᠲᠤ᠂ ᠠᠷᠪᠠ ᠠ᠋ᠴᠠ ᠨᠠᠶᠠ ᠶᠡᠷᠡᠨ ᠭᠠᠵᠠᠷ ᠤ᠋ᠨ ᠥᠷᠭᠡᠨ ᠢ᠋ᠶ᠋ᠡᠷ ᠪᠠᠷᠤᠭ6000 ᠴᠢᠩ ᠨᠤᠲᠤᠭ ᠪᠡᠯᠴᠢᠭᠡᠷ ᠢ᠋ᠶ᠋ᠡᠨ ᠲᠠᠷᠢᠶᠠᠴᠢᠳ ᠲᠤ᠌ ᠲᠦᠷᠢᠶᠡᠰᠦᠯᠡᠨ ᠬᠤᠳᠠᠯᠳᠤᠭᠰᠠᠨ ᠪᠠᠢᠨ᠎ᠠ᠃
ᠶᠠᠭ ᠡᠨᠡ ᠬᠦ᠌ ᠬᠤᠤᠪᠢᠯᠳᠤᠭᠠᠨ ᠤ᠋ ᠳᠤᠮᠳᠠ ᠦᠦᠰᠢᠨ ᠨᠣᠶᠠᠨ ᠴᠠᠭᠳᠤᠷᠰᠡᠷᠡᠩ ᠡᠴᠡ ᠪᠠᠳᠠᠷᠠᠭᠤᠯᠲᠤ ᠲᠥᠷᠥ ᠶ᠋ᠢᠨ ᠭᠤᠴᠢᠨ ᠬᠣᠶᠠᠳᠤᠭᠠᠷ ᠣᠨ(1906) ᠳ᠋ᠤ᠌ ᠬᠠᠨᠢᠲᠠᠨ ᠥᠯᠵᠡᠢᠳᠡᠯᠭᠡᠷ ᠢ᠋ ᠰᠡᠮᠡᠬᠡᠷ ᠲᠣᠮᠢᠯᠠᠨ ᠶᠠᠪᠤᠭᠤᠯᠵᠤ ᠪᠠᠷᠰᠤᠬᠠᠢ ᠲᠠᠪᠢᠨ ᠥᠷᠲᠡᠭᠡ ᠪᠡᠷ ᠭᠣᠣᠯ ᠪᠣᠯᠭᠠᠭᠰᠠᠨ ᠦᠦᠰᠢᠨ ᠬᠤᠰᠢᠭᠤᠨ ᠤ᠋ ᠬᠣᠢᠲᠤ ᠵᠠᠬ᠎ᠠ ᠪᠠᠷ ᠬᠢ ᠨᠢᠭᠡ ᠬᠡᠰᠡᠭ ᠨᠤᠲᠤᠭ ᠪᠡᠯᠴᠢᠭᠡᠷ ᠢ᠋ ᠱᠠᠨᠰᠢ ᠮᠣᠵᠢ ᠶ᠋ᠢᠨ ᠰᠠᠢᠨᠲᠤᠷ᠎ᠠ ᠰᠢᠶᠠᠨ ᠤ᠋ ᠸᠠᠩ ᠳᠠ ᠿᠧᠨ᠂ ᠵᠠᠩ ᠬᠠᠢ ᠰᠢ ᠵᠡᠷᠭᠡ ᠢᠷᠭᠡᠨᠴᠤᠳ ᠲᠤ᠌ ᠲᠦᠷᠢᠶᠡᠰᠦᠯᠡᠨ ᠬᠤᠳᠠᠯᠳᠤᠭᠤᠯᠤᠭᠰᠠᠨ ᠪᠠᠢᠯ᠎ᠠ᠃ ᠲᠤᠬᠠᠢ ᠶ᠋ᠢᠨ ᠦᠶ᠎ᠡ ᠶ᠋ᠢᠨ ᠪᠠᠷᠰᠤᠬᠠᠢ ᠥᠷᠲᠡᠭᠡ ᠶ᠋ᠢ ᠬᠠᠮᠢᠶᠠᠷᠤᠭᠰᠠᠨ ᠬᠦᠨᠳᠦ ᠰᠣᠭᠲᠣᠷᠵᠠᠪ ᠠ᠋ᠴᠠ ᠮᠡᠳᠡᠭᠦᠯᠦᠭᠰᠡᠨ ᠪᠢᠴᠢᠭ ᠲᠦ᠍᠄《ᠪᠠᠳᠠᠷᠠᠭᠤᠯᠲᠤ ᠲᠥᠷᠥ ᠶ᠋ᠢᠨ ᠭᠤᠴᠢᠨ ᠬᠣᠶᠠᠳᠤᠭᠠᠷ ᠣᠨ ᠠ᠋ᠴᠠ ᠡᠬᠢᠯᠡᠨ ᠮᠠᠨ ᠤ᠋ ᠥᠷᠲᠡᠭᠡᠨ ᠦ᠌ ᠠᠭᠲᠠ ᠮᠣᠷᠢᠨ ᠤ᠋ ᠪᠡᠯᠴᠢᠭᠡᠷ ᠦ᠋ᠨ ᠬᠡᠰᠡᠭ ᠭᠠᠵᠠᠷ ᠢ᠋ ᠭᠧᠩ ᠦ ᠡᠴᠡ ᠸᠸᠢᠢ᠍ᠶᠤᠸᠠᠨ ᠴᠡᠷᠢᠭ ᠢᠷᠡᠵᠦ ᠨᠡᠭᠡᠭᠡᠨ ᠬᠠᠭᠠᠯᠬᠤ ᠲᠠᠷᠢᠶᠠᠯᠠᠩ ᠪᠣᠯᠭᠠᠵᠤ᠂ ᠬᠢᠲᠠᠳ ᠢᠷᠭᠡᠨᠴᠤᠳ ᠲᠤ᠌ ᠲᠤᠰᠢᠶᠠᠭᠰᠠᠨ ᠠ᠋ᠴᠠ ᠬᠣᠢᠰᠢ ᠲᠠᠷᠢᠶᠠᠯᠠᠩ ᠤ᠋ᠨ ᠢᠷᠭᠡᠨᠴᠤᠳ ᠵᠢᠯ ᠪᠦᠷᠢ ᠨᠡᠮᠡᠭᠳᠡᠭᠰᠡᠭᠡᠷ᠁ ᠣᠯᠠᠨ ᠵᠦᠢᠯ ᠦ᠋ᠨ ᠴᠢᠷᠦᠭᠳᠡᠬᠦ᠂ ᠲᠦᠯᠬᠢᠭᠳᠡᠬᠦ ᠭᠠᠰᠢᠭᠤᠨ ᠵᠣᠪᠠᠯᠠᠩ ᠳ᠋ᠤ᠌ ᠤᠴᠠᠷᠠᠵᠤ ᠬᠠᠷᠢᠶᠠᠲᠤ ᠥᠷᠲᠡᠭᠡᠨ ᠦ᠌ ᠣᠯᠠᠨ ᠠᠯᠪᠠᠨ ᠶᠠᠮᠤᠲᠠᠳ ᠬᠤᠶᠠᠭ ᠠᠷᠠᠳ ᠪᠢᠳᠡᠨ ᠢ᠋ ᠰᠠᠭᠤᠬᠤ ᠨᠤᠲᠤᠭ ᠤᠤᠭᠤᠬᠤ ᠤᠰᠤ ᠦᠭᠡᠢ ᠪᠣᠯᠭᠠᠨ ᠴᠢᠬᠤᠯᠳᠠᠭᠤᠯᠵᠤ ᠠᠷᠭ᠎ᠠ ᠪᠤᠰᠤ ᠣᠯᠠᠨ ᠬᠣᠰᠢᠭᠤ ᠨᠤᠲᠤᠭ ᠲᠤ᠌ ᠪᠤᠲᠠᠷᠠᠨ ᠰᠠᠷᠨᠢᠵᠤ ᠨᠡᠭᠦᠨ ᠶᠠᠪᠤᠬᠤ ᠳ᠋ᠤ᠌ ᠬᠦᠷᠪᠡ᠁》 ᠭᠡᠵᠡᠢ᠃ ᠡᠨᠡ ᠬᠦ᠌ ᠪᠠᠢᠳᠠᠯ ᠨᠢ ᠦᠷᠭᠦᠯᠵᠢᠯᠡᠨ ᠬᠥᠭᠵᠢᠭᠡᠳ ᠪᠠᠳᠠᠷᠠᠭᠤᠯᠲᠤ ᠲᠥᠷᠥ ᠶ᠋ᠢᠨ ᠭᠤᠴᠢᠨ ᠳᠥᠷᠪᠡᠳᠦᠭᠡᠷ ᠣᠨ(1908) ᠪᠣᠯᠬᠤ ᠳ᠋ᠤ᠌ ᠨᠤᠲᠤᠭ ᠤ᠋ᠨ ᠮᠠᠯᠴᠢᠳ ᠨᠢ ᠲᠠᠷᠢᠶᠠᠴᠢᠳ ᠪᠠ ᠸᠠᠩ ᠬᠦᠩ ᠯᠦ᠍ᠭᠡ ᠲᠠᠷᠢᠶᠠᠨ ᠭᠠᠵᠠᠷ ᠤ᠋ᠨ ᠤᠴᠢᠷ ᠲᠤ᠌ ᠵᠠᠷᠭᠤ ᠲᠡᠮᠡᠴᠡᠯᠳᠦᠭᠡᠨ ᠪᠣᠯᠵᠤ᠂ ᠬᠣᠶᠠᠷ ᠡᠲᠡᠭᠡᠳ ᠱᠠᠲᠤ ᠳᠠᠷᠠᠭᠠᠯᠠᠨ ᠳᠡᠭᠡᠭᠰᠢ ᠮᠡᠳᠡᠭᠦᠯᠪᠡ᠃ ᠲᠤᠰ ᠵᠢᠯ ᠨᠢ ᠰᠥᠢ᠍ᠶᠦᠸᠡᠨ ᠦ᠌ ᠵᠠᠩᠵᠤᠨ ᠤ᠋ ᠭᠠᠵᠠᠷ ᠠ᠋ᠴᠠ ᠪᠢᠴᠢᠭ ᠴᠡᠷᠢᠭ ᠦ᠋ᠨ ᠲᠦᠰᠢᠮᠡᠳ ᠲᠣᠮᠢᠯᠠᠨ ᠢᠷᠡᠭᠦᠯᠵᠦ ᠶᠡᠬᠡ ᠵᠣᠣ ᠴᠢᠭᠤᠯᠭᠠᠨ ᠤ᠋ ᠳᠠ ᠶ᠋ᠢᠨ ᠭᠠᠵᠠᠷ ᠠ᠋ᠴᠠ ᠪᠠᠰᠠ ᠲᠦᠰᠢᠮᠡᠯ ᠰᠡᠷᠡᠩᠳᠣᠷᠵᠢ ᠨᠠᠷ ᠢ᠋ ᠲᠣᠮᠢᠯᠠᠨ ᠭᠠᠷᠭᠠᠵᠤ ᠦᠦᠰᠢᠨ᠂ ᠵᠠᠰᠠᠭ᠂ ᠵᠢᠶᠦ᠋ᠨ ᠸᠠᠩ ᠭᠤᠷᠪᠠᠨ ᠬᠤᠰᠢᠭᠤᠨ ᠤ᠋ ᠲᠦᠰᠢᠮᠡᠳ ᠪᠠ ᠲᠤᠰ ᠥᠷᠲᠡᠭᠡᠨ ᠦ᠌ ᠵᠠᠩᠭᠢ ᠡᠷᠬᠢᠮᠳᠠᠯᠠᠢ ᠨᠠᠷ ᠲᠠᠢ ᠬᠠᠮᠲᠤ ᠲᠤᠬᠠᠢ ᠶ᠋ᠢᠨ ᠭᠠᠵᠠᠷ ᠲᠤ᠌ ᠬᠦᠷᠴᠦ ᠵᠠᠷᠭᠤ ᠲᠡᠮᠡᠴᠡᠯᠳᠦᠭᠡᠨ ᠪᠣᠯᠤᠭᠰᠠᠨ ᠨᠤᠲᠤᠭ ᠪᠡᠯᠴᠢᠭᠡᠷ ᠪᠠ ᠲᠠᠷᠢᠶᠠᠨ ᠭᠠᠵᠠᠷ ᠢ᠋ ᠪᠠᠢᠴᠠᠭᠠᠨ ᠲᠣᠳᠣᠷᠬᠠᠢᠯᠠᠵᠤ ᠰᠢᠢᠳᠪᠦᠷᠢ ᠭᠠᠷᠭᠠᠭᠰᠠᠨ ᠪᠠᠢᠨ᠎ᠠ᠃ ᠡᠭᠦᠨ ᠳ᠋ᠦ᠍ ᠲᠦᠷᠢᠶᠡᠰᠦᠯᠡᠨ ᠲᠠᠷᠢᠶᠠᠯᠠᠬᠤ ᠭᠠᠵᠠᠷ ᠤ᠋ᠨ ᠬᠡᠪᠴᠢᠶ᠎ᠡ ᠬᠢᠵᠠᠭᠠᠷ ᠢ᠋ ᠳᠡᠭᠡᠰᠦᠯᠡᠨ ᠬᠡᠮᠵᠢᠵᠦ ᠭᠠᠷᠭᠠᠭᠠᠳ ᠲᠤᠰᠬᠠᠢᠯᠠᠨ ᠫᠠᠢᠰᠠ ᠲᠡᠮᠳᠡᠭ ᠪᠣᠰᠬᠠᠵᠤ ᠳᠠᠬᠢᠨ ᠥᠷᠭᠡᠳᠬᠡᠨ ᠲᠠᠷᠢᠵᠤ ᠪᠣᠯᠬᠤ ᠦᠭᠡᠢ ᠭᠡᠵᠡᠢ᠃ ᠬᠠᠭᠤᠴᠢᠨ ᠣᠪᠣᠭ᠎ᠠ ᠲᠠᠬᠢᠬᠤ ᠲᠩᠷᠢ ᠶ᠋ᠢᠨ ᠭᠠᠵᠠᠷ ᠢ᠋ ᠦᠯᠡᠳᠡᠭᠡᠵᠦ ᠲᠠᠷᠢᠶ᠎ᠠ ᠲᠠᠷᠢᠵᠤ ᠪᠣᠯᠬᠤ ᠦᠭᠡᠢ᠂ ᠨᠢᠭᠡᠨᠲᠡ ᠬᠡᠮᠵᠢᠨ ᠲᠣᠭᠲᠠᠭᠠᠭᠰᠠᠨ ᠭᠠᠵᠠᠷ ᠲᠤ᠌ ᠲᠠᠷᠢᠶ᠎ᠠ ᠲᠠᠷᠢᠬᠤ ᠶ᠋ᠢ ᠮᠣᠩᠭᠣᠯᠴᠤᠳ ᠬᠦᠯᠢᠶᠡᠰᠦᠯᠡᠨ ᠪᠣᠭᠣᠭᠳᠠᠭᠤᠯᠵᠤ ᠬᠡᠷᠡᠭ ᠤᠷᠰᠢᠭ ᠳᠡᠭᠳᠡᠭᠡᠵᠦ ᠪᠣᠯᠬᠤ ᠦᠭᠡᠢ ᠭᠡᠮᠡᠨ ᠲᠣᠭᠲᠠᠭᠠᠨ ᠰᠢᠢᠳᠪᠦᠷᠢᠯᠡᠵᠡᠢ᠃
ᠭᠡᠪᠡᠴᠦ ᠳᠠᠷᠠᠭ᠎ᠠ ᠵᠢᠯ ᠦ᠋ᠨ ᠬᠢᠨᠢ ᠬᠠᠪᠤᠷ ᠠ᠋ᠴᠠ ᠡᠬᠢᠯᠡᠵᠦ ᠲᠠᠷᠢᠶᠠᠯᠠᠩ ᠤ᠋ᠨ ᠢᠷᠭᠡᠨᠴᠤᠳ ᠦᠷᠭᠦᠯᠵᠢᠯᠡᠨ ᠦᠦᠰᠢᠨ ᠬᠤᠰᠢᠭᠤᠨ ᠤ᠋ ᠡᠷᠬᠡᠰᠢᠭᠦᠯᠦᠨ ᠳᠠᠬᠢᠳᠠᠭ ᠵᠤᠯᠠ ᠶ᠋ᠢᠨ ᠣᠪᠣᠭ᠎ᠠ ᠶ᠋ᠢ ᠡᠪᠳᠡᠯᠡᠵᠦ ᠮᠣᠩᠭᠣᠯᠴᠤᠳ ᠤ᠋ᠨ ᠳᠡᠭᠡᠳᠦᠰ ᠦ᠋ᠨ ᠬᠡᠭᠦᠷ ᠣᠩᠭᠣᠨ ᠢ᠋ ᠠᠭᠤᠳᠠᠯᠤᠨ ᠬᠡᠮᠵᠢᠨ ᠲᠣᠭᠲᠠᠭᠠᠭᠰᠠᠨ ᠲᠦᠷᠢᠶᠡᠰᠦᠨ ᠭᠠᠵᠠᠷ ᠠ᠋ᠴᠠ ᠭᠠᠳᠠᠭᠰᠢ ᠪᠠᠨ ᠶᠡᠬᠡ ᠬᠡᠮᠵᠢᠶ᠎ᠡ ᠪᠡᠷ ᠡᠯᠭᠦᠨ ᠲᠠᠷᠢᠶᠠᠯᠠᠵᠤ ᠡᠬᠢᠯᠡᠭᠰᠡᠨ ᠳ᠋ᠦ᠍᠂ ᠳᠤᠭᠤᠢᠯᠠᠩ ᠤ᠋ᠨ ᠬᠢᠨ ᠣᠯᠵᠤ ᠮᠡᠳᠡᠭᠡᠳ ᠭᠠᠷᠮ᠎ᠠ(ᠭᠠᠷᠮᠠᠰᠢᠳᠡᠢ) ᠲᠦᠷᠦᠭᠦᠲᠡᠢ ᠵᠠᠭᠤ ᠭᠠᠷᠤᠢ ᠬᠥᠮᠦᠰ ᠢ᠋ ᠲᠣᠮᠢᠯᠠᠨ ᠶᠠᠪᠤᠭᠤᠯᠪᠠ᠃ ᠲᠡᠳᠡ ᠪᠠᠷᠰᠤᠬᠠᠢ ᠲᠠᠪᠢᠨ ᠥᠷᠲᠡᠭᠡ ᠪᠡᠷ ᠲᠠᠷᠢᠶᠠᠯᠠᠵᠤ ᠪᠠᠢᠭᠰᠠᠨ ᠢᠷᠭᠡᠨᠴᠤᠳ ᠢ᠋ ᠦᠯᠳᠡᠨ ᠬᠥᠭᠡᠭᠡᠵᠦ᠂ ᠲᠡᠳᠡᠨᠦᠰ ᠦ᠋ᠨ ᠲᠠᠷᠢᠶᠠᠨ ᠣᠪᠣᠬᠠᠢ ᠮᠠᠢᠮᠠᠢ ᠶ᠋ᠢᠨ ᠭᠡᠷ ᠪᠠᠢᠰᠢᠩ ᠢ᠋ ᠭᠠᠯᠳᠠᠨ ᠲᠦᠯᠡᠵᠦ᠂ ᠮᠠᠯ ᠤᠨᠤᠭ᠎ᠠ᠂ ᠠᠨᠵᠢᠰᠤ ᠪᠤᠷᠠᠨᠲᠠᠭ ᠢ᠋ ᠨᠢ ᠬᠤᠷᠢᠶᠠᠮᠵᠢᠯᠠᠨ ᠠᠪᠴᠤ ᠱᠠᠲᠤ ᠳᠠᠷᠠᠭᠠᠯᠠᠨ ᠳᠡᠭᠡᠭᠰᠢ ᠪᠡᠨ ᠮᠡᠳᠡᠭᠦᠯᠵᠡᠢ᠃ ᠲᠡᠳᠡᠭᠡᠷ ᠬᠥᠭᠡᠭᠡᠭᠳᠡᠨ ᠶᠠᠪᠤᠭᠰᠠᠨ ᠲᠠᠷᠢᠶᠠᠴᠢᠳ ᠰᠡᠢᠨᠳᠤᠷᠡ ᠰᠢᠶᠠᠨ ᠤ᠋ ᠬᠠᠮᠲᠤ ᠮᠡᠳᠡᠭᠴᠢ ᠶ᠋ᠢᠨ ᠭᠠᠵᠠᠷ ᠲᠤ᠌ ᠲᠤᠰ ᠬᠡᠷᠡᠭ ᠤᠴᠢᠷ ᠢ᠋ ᠵᠠᠭᠠᠯᠳᠤᠭᠰᠠᠨ ᠳ᠋ᠤ᠌᠂ ᠵᠠᠩ ᠬᠠᠢ ᠰᠢ ᠵᠡᠷᠭᠡ ᠬᠥᠮᠦᠰ ᠬᠣᠶᠠᠷ ᠵᠠᠭᠤ ᠭᠠᠷᠤᠢ ᠵᠡᠪᠰᠡᠭᠲᠦ ᠬᠥᠮᠦᠰ ᠢ᠋ ᠴᠤᠭᠯᠠᠭᠤᠯᠵᠤ ᠢᠷᠡᠭᠡᠳ ᠬᠡᠯᠡᠯᠴᠡᠭᠡ ᠬᠢᠬᠦ ᠨᠡᠷ᠎ᠡ ᠪᠡᠷ ᠳᠤᠭᠤᠢᠯᠠᠩ ᠤ᠋ᠨ ᠣᠯᠠᠨ ᠢ᠋ ᠮᠡᠬᠡᠯᠡᠵᠦ ᠭᠠᠷ ᠬᠣᠭᠣᠰᠣᠨ ᠮᠠᠯᠴᠢᠳ ᠲᠤ᠌ ᠫᠤᠤ ᠰᠤᠮᠤ ᠬᠥᠳᠡᠯᠭᠡᠵᠦ ᠳᠤᠭᠤᠢᠯᠠᠩ ᠤ᠋ᠨ ᠬᠥᠮᠦᠰ ᠢ᠋ ᠳᠠᠷᠤᠩᠭᠤᠢᠯᠠᠵᠤ᠂ ᠬᠦᠨᠳᠦ ᠰᠦᠷᠡᠬᠡᠢ ᠬᠡᠷᠡᠭ ᠤᠷᠰᠢᠭ ᠢ᠋ ᠳᠡᠭᠳᠡᠭᠡᠭᠰᠡᠨ ᠶᠦᠮ᠃
ᠲᠤᠬᠠᠢ ᠶ᠋ᠢᠨ ᠦᠶ᠎ᠡ ᠳ᠋ᠦ᠍ ᠪᠠᠷᠰᠤᠬᠠᠢ ᠥᠷᠲᠡᠭᠡᠨ ᠦ᠌ ᠵᠠᠩᠭᠢ ᠡᠷᠬᠢᠮᠳᠠᠯᠠᠢ ᠶ᠋ᠢᠨ1909 ᠣᠨ ᠤ᠋ ᠪᠢᠴᠢᠭᠰᠡᠨ ᠮᠡᠳᠡᠭᠦᠯᠦᠯᠲᠡ ᠳ᠋ᠦ᠍᠄《ᠡᠨᠡ ᠵᠢᠯ ᠦ᠋ᠨ ᠭᠤᠷᠪᠠᠨ ᠰᠠᠷ᠎ᠠ ᠶ᠋ᠢᠨ ᠳᠥᠷᠪᠡᠨ ᠳ᠋ᠦ᠍ ᠦᠦᠰᠢᠨ ᠦ᠌ ᠳᠤᠭᠤᠢᠯᠠᠩ ᠤ᠋ᠨ ᠬᠢᠨ ᠠᠷᠠᠳ ᠢ᠋ᠶ᠋ᠠᠨ ᠳᠠᠭᠠᠭᠤᠯᠵᠤ ᠮᠢᠨᠦ ᠭᠡᠷ ᠲᠦ᠍ ᠢᠷᠡᠵᠦ ᠬᠡᠯᠡᠭᠰᠡᠨ ᠨᠢ<ᠪᠠᠷᠰᠤᠬᠠᠢ ᠥᠷᠲᠡᠭᠡᠨ ᠦ᠌ ᠲᠣᠭᠲᠠᠮᠠᠯ ᠪᠠᠢᠭᠤᠯᠤᠭᠰᠠᠨ ᠠᠨᠤ ᠮᠠᠨ ᠤ᠋ ᠦᠦᠰᠢᠨ ᠬᠤᠰᠢᠭᠤᠨ ᠠ᠋ᠴᠠ ᠴᠡᠷᠢᠭ ᠲᠣᠮᠢᠯᠠᠨ ᠭᠠᠷᠭᠠᠵᠤ ᠪᠠᠰᠠ ᠮᠠᠨ ᠤ᠋ ᠬᠤᠰᠢᠭᠤᠨ ᠤ᠋ ᠵᠡᠭᠦᠨ ᠡᠲᠡᠭᠡᠳ ᠦ᠋ᠨ ᠵᠠᠬ᠎ᠠ ᠭᠠᠵᠠᠷ ᠠ᠋ᠴᠠ ᠨᠢᠭᠡᠨ ᠬᠡᠰᠡᠭ ᠭᠠᠵᠠᠷ ᠢ᠋ ᠬᠤᠪᠢᠶᠠᠨ ᠥᠭᠴᠦ ᠡᠳᠡᠭᠡᠷ ᠴᠡᠷᠢᠭ ᠦ᠋ᠳ ᠢ᠋ ᠰᠠᠭᠤᠯᠭᠠᠬᠤ ᠪᠠ ᠮᠠᠯ ᠠᠳᠤᠭᠤᠯᠠᠭᠤᠯᠵᠤ ᠪᠡᠯᠴᠢᠭᠡᠷ ᠪᠣᠯᠭᠠᠵᠤᠬᠤᠢ᠃ ᠡᠭᠦᠨ ᠢ᠋ ᠦᠨᠡᠨ ᠳ᠋ᠡᠭᠡᠨ ᠪᠣᠯ ᠢᠷᠡᠬᠦ ᠣᠳᠬᠤ ᠠᠯᠪᠠᠨ ᠪᠢᠴᠢᠭ ᠢ᠋ ᠤᠯᠠᠮᠵᠢᠯᠠᠨ ᠬᠦᠷᠭᠡᠬᠦ ᠳ᠋ᠦ᠍ ᠪᠡᠯᠡᠳᠬᠡᠵᠦᠬᠦᠢ᠃ ᠡᠢᠮᠦ ᠡᠴᠡ ᠡᠨᠡ ᠭᠠᠵᠠᠷ ᠢ᠋ ᠦᠯᠡᠳᠡᠭᠡᠪᠡᠰᠦ ᠵᠣᠬᠢᠬᠤ ᠪᠥᠯᠥᠭᠡ᠃ ᠡᠳᠦᠭᠡ ᠬᠡᠨ ᠲᠠᠨ ᠢ᠋ ᠢᠷᠭᠡᠨᠴᠤᠳ ᠲᠤ᠌ ᠬᠤᠳᠠᠯᠳᠤᠨ ᠥᠭᠴᠦ ᠲᠠᠷᠢᠶ᠎ᠠ ᠲᠠᠷᠢᠭᠤᠯ ᠭᠡᠰᠡᠨ ᠪᠣᠢ᠂ ᠬᠡᠷᠪᠡ ᠠᠲᠠᠷ ᠲᠠᠷᠢᠰᠤᠭᠠᠢ ᠬᠡᠮᠡᠪᠡᠰᠦ ᠪᠢᠳᠡ ᠳᠠᠷᠤᠢ ᠭᠠᠵᠠᠷ ᠪᠠ ᠴᠡᠷᠢᠭ ᠢ᠋ᠶ᠋ᠡᠨ ᠴᠥᠮ ᠲᠡᠳᠡᠨ ᠬᠤᠷᠢᠶᠠᠵᠤ ᠬᠤᠰᠢᠭᠤᠨ ᠳ᠋ᠠᠭᠠᠨ ᠬᠠᠷᠢᠭᠤᠯᠰᠤᠭᠠᠢ> ᠭᠡᠮᠡᠨ ᠬᠡᠯᠡᠭᠰᠡᠨ ᠢ᠋ᠶ᠋ᠡᠷ ᠭᠱᠠᠨ ᠵᠠᠭᠤᠷ᠎ᠠ ᠨᠢᠭᠡ ᠥᠷᠲᠡᠭᠡᠨ ᠦ᠌ ᠣᠯᠠᠨ ᠴᠡᠷᠢᠭ ᠦ᠋ᠳ ᠢ᠋ ᠪᠦᠷᠢᠨ᠎ᠡ ᠠᠪᠴᠤ ᠶᠠᠪᠤᠵᠤᠬᠤᠢ᠁ ᠪᠠᠢᠴᠠᠭᠠᠪᠠᠰᠤ ᠣᠯᠠᠨ ᠥᠷᠲᠡᠭᠡᠨ ᠦ᠌ ᠬᠡᠮᠡᠭᠴᠢ ᠤᠵᠠᠭᠤᠷ ᠠ᠋ᠴᠠ ᠣᠯᠠᠨ ᠬᠠᠷᠢᠶᠠᠲᠤ ᠬᠤᠰᠢᠭᠤᠨ ᠠ᠋ᠴᠠ ᠡᠯ᠎ᠡ ᠥᠷᠲᠡᠭᠡᠨ ᠳ᠋ᠦ᠍ ᠢᠳᠬᠠᠨ ᠣᠷᠣᠭᠤᠯᠵᠤ ᠠᠯᠪᠠ ᠬᠠᠭᠠᠨ ᠲᠡᠩᠨᠡᠵᠦ ᠠᠯᠪᠠᠨ ᠪᠢᠴᠢᠭ ᠢ᠋ ᠤᠯᠠᠮᠵᠢᠯᠠᠨ ᠬᠦᠷᠭᠡᠬᠦ ᠪᠥᠯᠥᠭᠡ᠃ ᠶᠠᠭᠤᠨᠠᠢ ᠰᠠᠨᠠᠭᠠᠨ ᠤ᠋ ᠳᠤᠷ᠎ᠠ ᠪᠠᠷ ᠵᠣᠭᠰᠣᠭᠠᠨ ᠪᠣᠭᠣᠭᠳᠠᠭᠤᠯᠵᠤ ᠴᠢᠳᠠᠬᠤ ᠪᠣᠢ! ᠡᠳᠦᠭᠡ ᠦᠦᠰᠢᠨ ᠬᠤᠰᠢᠭᠤᠨ ᠤ᠋ ᠳᠤᠭᠤᠢᠯᠠᠩ ᠤ᠋ᠨ ᠬᠢᠨ ᠢᠷᠭᠡᠨᠴᠤᠳ ᠲᠠᠷᠢᠶ᠎ᠠ ᠲᠠᠷᠢᠬᠤ ᠶ᠋ᠢᠨ ᠤᠴᠢᠷ ᠬᠠᠷᠢᠶᠠᠲᠤ ᠴᠡᠷᠢᠭ ᠢ᠋ ᠪᠦᠷᠢᠨ᠎ᠡ ᠠᠪᠴᠤ ᠶᠠᠪᠤᠭᠰᠠᠨ ᠲᠤᠯᠠ ᠴᠢᠬᠤᠯᠠ ᠠᠯᠪᠠᠨ᠎ᠠ ᠰᠠᠭᠠᠲᠠᠭᠤᠯᠬᠤ ᠶᠠᠪᠤᠳᠠᠯ ᠪᠣᠯᠭᠤᠵᠠᠢ ᠭᠡᠮᠡᠨ ᠠᠶᠤᠮᠤᠢ》 ᠭᠡᠮᠡᠨ ᠪᠢᠴᠢᠵᠡᠢ᠃1909ᠣᠨ ᠤ᠋5 ᠰᠠᠷ᠎ᠠ ᠶ᠋ᠢᠨ13 ᠳ᠋ᠤ᠌ ᠦᠦᠰᠢᠨ ᠬᠤᠰᠢᠭᠤᠨ ᠤ᠋ ᠲᠠᠢᠵᠢ ᠬᠠᠷᠠᠴᠤᠰ ᠣᠯᠠᠨ ᠠ᠋ᠴᠠ ᠶᠡᠬᠡ ᠵᠣᠣ ᠴᠢᠭᠤᠯᠭᠠᠨ ᠤ᠋ ᠲᠡᠷᠢᠭᠦᠨ ᠵᠠᠰᠠᠭ ᠪᠡᠢᠰᠡ ᠠᠷᠪᠢᠨᠪᠠᠶᠠᠷ ᠤ᠋ᠨ ᠲᠣᠮᠢᠯᠠᠭᠰᠠᠨ ᠲᠦᠰᠢᠮᠡᠯ ᠦ᠋ᠳ ᠲᠦ᠍ ᠥᠭᠭᠦᠭᠰᠡᠨ ᠡᠷᠭᠦᠯᠲᠡ ᠪᠢᠴᠢᠭ ᠲᠦ᠍᠄《ᠰᠠᠢᠨᠲᠤᠷ᠎ᠠ ᠰᠢᠶᠠᠨ ᠤ᠋ ᠬᠠᠷᠢᠶᠠᠲᠤ ᠢᠷᠭᠡᠨ ᠺᠤᠸᠠ ᠽᠢ ᠨᠠᠷ(ᠵᠠᠩ ᠬᠠᠢ ᠰᠢ) ᠮᠠᠨ ᠤ᠋ ᠬᠤᠰᠢᠭᠤᠨ ᠤ᠋ ᠵᠡᠭᠦᠨ ᠬᠣᠢᠲᠤ ᠡᠲᠡᠭᠡᠳ ᠦ᠋ᠨ ᠵᠤᠯᠠ ᠶ᠋ᠢᠨ ᠣᠪᠣᠭᠠᠨ ᠤ᠋ ᠡᠩᠭᠡᠷ ᠵᠡᠷᠭᠡ ᠶ᠋ᠢᠨ ᠭᠠᠵᠠᠷ ᠥᠴᠦᠬᠡᠨ ᠮᠠᠢᠮᠠᠢ ᠬᠢᠵᠦ ᠰᠠᠭᠤᠭᠠᠳ ᠨᠡᠯᠢᠶᠡᠳ ᠤᠳᠠᠪᠠ᠃ ᠭᠡᠨᠡᠳᠲᠡ ᠡᠨᠡ ᠵᠢᠯ ᠡᠴᠡ ᠭᠠᠵᠠᠷ ᠪᠡᠯᠴᠢᠭᠡᠷ ᠢ᠋ ᠡᠪᠳᠡᠯᠡᠨ ᠶᠡᠬᠡ ᠪᠡᠷ ᠲᠠᠷᠢᠶ᠎ᠠ ᠲᠠᠷᠢᠭᠰᠠᠨ ᠪᠠ ᠴᠢᠩᠭᠢᠰ ᠬᠠᠭᠠᠨ ᠤ᠋ ᠵᠠᠩᠵᠤᠨ ᠪᠠᠭᠠᠲᠤᠷ ᠬᠠᠷᠰᠠᠪᠣᠯᠣᠳ ᠰᠠᠢᠨ ᠵᠢᠷᠤᠮᠲᠤ ᠲᠦᠰᠢᠮᠡᠳ ᠦ᠋ᠨ ᠡᠷᠬᠡᠰᠢᠶᠡᠯᠲᠦ ᠣᠩᠭᠣᠨ ᠱᠠᠷᠢᠯ ᠢ᠋ ᠳᠤᠷ᠎ᠠ ᠪᠠᠷ ᠡᠪᠳᠡᠵᠦ ᠠᠪᠰᠠ ᠬᠣᠪᠲᠣ ᠶ᠋ᠢ ᠨᠢ ᠭᠠᠷᠭᠠᠵᠤ ᠠᠯᠲᠠ ᠮᠥᠩᠭᠥ ᠡᠷᠳᠡᠨᠢ ᠶ᠋ᠢᠨ ᠵᠦᠢᠯ ᠢ᠋ ᠬᠤᠯᠠᠭᠤᠨ ᠠᠪᠴᠤ ᠪᠠᠰᠠ ᠲᠡᠭᠦᠨ ᠦ᠌ ᠣᠩᠭᠣᠨ ᠬᠠᠢᠯᠠᠰᠤᠲᠠᠢ ᠶ᠋ᠢᠨ ᠭᠣᠣᠯ ᠳᠣᠭᠰᠢᠨ ᠡᠵᠡᠳ ᠲᠡᠢ ᠶᠡᠬᠡ ᠮᠣᠳᠣᠳ ᠢ᠋ ᠴᠠᠪᠴᠢᠵᠤ ᠵᠠᠭᠤᠭᠠᠳ ᠪᠢᠯᠠᠭᠤ ᠰᠢᠳᠠᠮ ᠪᠡᠯᠡᠳᠬᠡᠭᠰᠡᠨ ᠪᠠ ᠮᠥᠨ ᠲᠡᠭᠦᠨ ᠦ᠌ ᠣᠩᠭᠣᠨ ᠵᠡᠪᠡ ᠪᠥᠭᠡᠳ ᠬᠠᠷ᠎ᠠ ᠬᠣᠷᠢᠭᠤᠯ ᠤ᠋ᠨ ᠭᠠᠵᠠᠷ ᠢ᠋ ᠵᠣᠷᠢᠭ ᠳᠤᠷ᠎ᠠ ᠪᠠᠷ ᠢ᠋ᠶ᠋ᠠᠨ ᠡᠪᠳᠡᠨ ᠲᠠᠷᠢᠵᠤ ᠪᠠᠰᠠ ᠴᠡᠷᠢᠭ ᠦ᠋ᠨ ᠵᠡᠪᠰᠡᠭ ᠪᠡᠯᠡᠳᠬᠡᠵᠦ ᠬᠡᠷᠴᠡᠭᠡᠢ ᠲᠣᠭᠰᠢᠨ ᠰᠦᠷ ᠮᠠᠨᠳᠤᠭᠤᠯᠵᠤ ᠬᠡᠳᠦᠨ ᠵᠠᠭᠤᠨ ᠬᠥᠮᠦᠨ ᠢ᠋ ᠴᠤᠭᠯᠠᠭᠤᠯᠵᠤ᠂ ᠪᠡᠶ᠎ᠡ ᠪᠡᠨ ᠯᠢᠶᠠᠩ ᠳ᠋ᠠᠢ ᠶ᠋ᠢᠨ ᠸᠧᠢᠢ᠍ᠶᠤᠸᠠᠨ ᠭᠡᠮᠡᠨ ᠬᠠᠭᠤᠷᠮᠠᠭ ᠠᠭᠠᠰᠢᠯᠠᠵᠤ ᠬᠣᠰᠢᠭᠤ ᠨᠡᠢᠲᠡ ᠪᠡᠷ ᠡᠷᠬᠡᠰᠢᠭᠦᠯᠦᠨ ᠳᠠᠬᠢᠳᠠᠭ ᠲᠣᠭᠰᠢᠨ ᠰᠢᠲᠦᠭᠡᠨ ᠵᠤᠯᠠ ᠶ᠋ᠢᠨ ᠣᠪᠣᠭᠠᠨ ᠳᠡᠭᠡᠷ᠎ᠡ ᠭᠠᠷᠴᠤ ᠮᠠᠢᠬᠠᠨ ᠭᠡᠷ ᠪᠠᠷᠢᠵᠤ ᠣᠪᠣᠭᠠᠨ ᠤ᠋ ᠬᠦ᠋ᠦ ᠰᠠᠩ ᠢ᠋ ᠤᠤᠯᠭᠠᠯᠠᠨ ᠠᠪᠴᠤ ᠭᠠᠬᠠᠢ ᠲᠠᠬᠢᠶ᠎ᠠ ᠬᠣᠨᠢ ᠢᠮᠠᠭ᠎ᠠ ᠲᠡᠷᠢᠭᠦᠲᠡᠨ ᠢ᠋ ᠠᠯᠠᠵᠤ ᠴᠢᠰᠤᠨ ᠢ᠋ ᠤᠷᠤᠰᠬᠠᠨ ᠬᠠᠳᠠ ᠶ᠋ᠢ ᠨᠤᠷᠠᠭᠠᠵᠤ ᠣᠪᠣᠭᠠᠨ ᠤ᠋ ᠪᠤᠷᠭᠠᠰᠤ ᠶ᠋ᠢ ᠲᠦᠯᠡᠵᠦ ᠬᠡ ᠭᠤᠸ᠎ᠠ ᠢᠳᠡᠵᠦ ᠡᠯᠳᠡᠪ ᠪᠤᠵᠠᠷ ᠶᠠᠭᠤᠮ᠎ᠠ ᠪᠠᠷ ᠪᠤᠵᠠᠷᠯᠠᠵᠤ ᠶᠡᠬᠡ ᠲᠠᠬᠢᠯᠭ᠎ᠠ ᠶ᠋ᠢ ᠴᠦ᠍ ᠣᠰᠣᠯᠳᠠᠭᠤᠯᠵᠤ ᠦᠶ᠎ᠡ ᠤᠯᠠᠷᠢᠨ ᠳᠠᠬᠢᠳᠠᠭ ᠲᠠᠢᠭᠠᠨ ᠵᠠᠩᠭᠢ ᠨᠢ ᠲᠡᠭᠦᠨᠴᠡ ᠰᠢᠯᠲᠠᠭᠠᠯᠠᠨ ᠡᠪᠡᠳᠴᠢᠨ ᠲᠣᠰᠴᠤ ᠢᠯᠠᠷᠢ ᠪᠣᠯᠤᠭᠰᠠᠨ ᠦᠭᠡᠢ᠂ ᠳᠠᠭᠠᠯᠳᠤᠨ ᠦᠬᠦᠭᠰᠡᠨ ᠬᠥᠮᠦᠨ ᠴᠦ᠍ ᠠᠯᠢ ᠣᠯᠠᠨ ᠪᠥᠭᠡᠳ ᠪᠠᠰᠠ ᠪᠢᠳᠡᠨ ᠦ᠌ ᠡᠪᠦᠭᠡᠳ ᠦ᠋ᠨ ᠪᠤᠮᠪᠠ ᠬᠡᠭᠦᠷ ᠢ᠋ ᠡᠷᠢᠨ ᠡᠪᠳᠡᠵᠦ ᠲᠠᠷᠢᠭᠰᠠᠨ ᠰᠢᠯᠲᠠᠭᠠᠨ ᠢ᠋ᠶ᠋ᠠᠷ ᠨᠤᠲᠤᠭ ᠤᠰᠤ ᠬᠥᠮᠦᠨ ᠮᠠᠯ ᠳ᠋ᠤ᠌ ᠭᠠᠩ ᠭᠠᠮᠰᠢᠭ ᠡᠪᠡᠳᠴᠢᠨ ᠲᠠᠬᠤᠯ ᠮᠠᠰᠢ ᠠᠷᠪᠢᠳᠤᠭᠰᠠᠨ ᠪᠢᠯᠡ᠃ ᠪᠠᠰᠠ ᠮᠣᠩᠭᠣᠯᠴᠤᠳ ᠤ᠋ᠨ ᠨᠠᠮᠤᠷ ᠲᠤ᠌ ᠬᠠᠮᠤᠷᠤᠨ ᠬᠤᠷᠢᠶᠠᠬᠤ ᠬᠠᠪᠤᠷ ᠲᠤᠨᠢ ᠡᠴᠡᠩᠬᠡᠢ ᠲᠤᠷᠠᠩᠬᠠᠢ ᠮᠠᠯ ᠪᠤᠲᠠ ᠪᠠᠨ ᠲᠡᠵᠢᠭᠡᠨ ᠤᠨᠳᠤᠷᠤᠭᠤᠯᠬᠤ ᠪᠠᠷ ᠪᠡᠯᠡᠳᠬᠡᠭᠰᠡᠨ ᠭᠣᠣ ᠬᠦᠷᠢᠶ᠎ᠡ ᠴᠠᠩ ᠦᠲᠦᠷᠮ᠎ᠡ ᠳ᠋ᠡᠬᠢ ᠡᠪᠡᠰᠦ ᠪᠠ ᠲᠥᠮᠥᠰᠥ ᠶ᠋ᠢ ᠬᠤᠯᠠᠭᠠᠢᠯᠠᠨ ᠠᠪᠴᠤ ᠶᠠᠪᠤᠭᠰᠠᠨ ᠪᠠ ᠦᠯᠡᠳᠡᠭᠰᠡᠨ ᠢ᠋ ᠭᠠᠯᠳᠠᠵᠤ ᠲᠦᠯᠡᠭᠰᠡᠨ ᠪᠠᠢᠨ᠎ᠠ᠃ ᠲᠡᠳᠡ ᠨᠠᠷ ᠪᠠᠰᠠ ᠡᠨᠡ ᠬᠦ᠌ ᠥᠩ ᠰᠢᠮᠡᠯᠢᠭ ᠨᠤᠲᠤᠭ ᠪᠡᠯᠴᠢᠭᠡᠷ ᠢ᠋ ᠡᠵᠡᠯᠡᠨ ᠠᠪᠬᠤ ᠪᠠᠷ ᠴᠦ᠍ ᠭᠣᠷᠢᠳᠠᠵᠠᠢ᠃ ᠡᠢᠮᠦ ᠡᠴᠡ ᠪᠢᠳᠡ ᠡᠳᠡᠭᠡᠷ ᠮᠠᠢᠮᠠᠢ ᠶ᠋ᠢᠨ ᠢᠷᠭᠡᠨᠴᠤᠳ ᠢ᠋ ᠡᠨᠡ ᠬᠦ᠌ ᠭᠠᠵᠠᠷ ᠠ᠋ᠴᠠ ᠬᠥᠭᠡᠭᠡᠨ ᠭᠠᠷᠭᠠᠬᠤ ᠪᠠᠷ ᠰᠠᠢᠨᠳᠤᠷᠠ ᠶ᠋ᠢᠨ ᠬᠠᠮᠲᠤ ᠮᠡᠳᠡᠭᠴᠢ ᠶ᠋ᠢᠨ ᠨᠣᠶᠠᠨ ᠳ᠋ᠤ᠌ ᠬᠦᠷᠲᠡᠯ᠎ᠡ ᠤᠭ ᠤᠴᠢᠷ ᠢ᠋ ᠮᠡᠳᠡᠭᠦᠯᠦᠭᠰᠡᠨ ᠪᠠᠢᠯ᠎ᠠ ᠁ ᠠᠯᠢ ᠡᠲᠡᠭᠡᠳ ᠴᠦ᠍ ᠬᠡᠷᠡᠭ ᠥᠳᠥᠭᠡᠵᠦ ᠪᠣᠯᠬᠤ ᠦᠭᠡᠢ ᠭᠡᠵᠦ ᠴᠢᠭᠤᠯᠭᠠᠨ ᠠ᠋ᠴᠠ ᠰᠡᠷᠡᠩᠳᠣᠷᠵᠢ᠂ ᠬᠤᠰᠢᠭᠤᠨ ᠠ᠋ᠴᠠ ᠲᠦᠮᠡᠨᠪᠠᠶᠠᠷ᠂ ᠥᠷᠲᠡᠭᠡᠨ ᠡᠴᠡ ᠡᠷᠬᠢᠮᠳᠠᠯᠠᠢ ᠨᠠᠷ ᠢ᠋ ᠭᠠᠷᠭᠠᠵᠤ ᠰᠤᠷᠭᠠᠨ ᠬᠥᠮᠦᠵᠢᠭᠦᠯᠦᠭᠰᠡᠨ ᠪᠣᠯᠪᠠᠴᠤ᠂ ᠭᠠᠭᠴᠠ ᠬᠦ᠌ ᠲᠠᠷᠢᠶᠠᠴᠢᠨ ᠢᠷᠭᠡᠨᠴᠤᠳ ᠢᠳᠬᠠᠨ ᠬᠣᠷᠢᠭᠯᠠᠬᠤ ᠶ᠋ᠢ ᠦᠯᠦ ᠬᠠᠢᠬᠤᠷᠤᠨ ᠦᠷᠭᠦᠯᠵᠢᠯᠡᠨ ᠣᠩᠭᠣᠨ ᠬᠡᠭᠦᠷ ᠢ᠋ ᠡᠪᠳᠡᠨ ᠲᠠᠷᠢᠶᠠᠯᠠᠵᠤ ᠮᠠᠨ ᠤ᠋ ᠬᠤᠰᠢᠭᠤᠨ ᠤ᠋ ᠭᠠᠵᠠᠷ ᠢ᠋ ᠡᠯᠭᠦᠨ ᠲᠠᠷᠢᠵᠤ ᠪᠠᠢᠬᠤ ᠲᠤᠯᠠ ᠪᠢᠳᠡ ᠠᠷᠭ᠎ᠠ ᠪᠤᠰᠤ ᠁ ᠪᠡᠷᠬᠡᠳᠡᠵᠦ ᠲᠡᠳᠡᠨ ᠦ᠌ ᠡᠭᠦᠷ ᠪᠣᠯᠬᠤ ᠨᠠᠷᠢᠨ ᠰᠢᠯᠢ ᠳ᠋ᠡᠬᠢ(ᠸᠠᠨ ᠱᠧᠩ ᠬᠦᠢ) ᠭᠡᠳᠡᠭ ᠬᠤᠳᠠᠯᠳᠤᠭᠠᠴᠢᠨ ᠤ᠋ ᠫᠦᠰᠡ ᠶ᠋ᠢᠨ ᠭᠡᠷ ᠪᠠᠢᠰᠢᠩ ᠢ᠋ ᠲᠦᠯᠡᠵᠦ ᠮᠠᠢᠮᠠᠢ ᠶ᠋ᠢᠨ ᠵᠠᠩᠭᠤᠢᠳᠠ ᠯᠢᠦᠢ ᠾᠧᠦ ᠳ᠋ᠠᠨ ᠵᠡᠷᠭᠡ ᠬᠥᠮᠦᠰ ᠢ᠋ ᠬᠥᠭᠡᠭᠡᠨ ᠶᠠᠪᠤᠭᠤᠯᠵᠤ ᠁ ᠲᠡᠳᠡᠨ ᠦ᠌ ᠶᠡᠬᠡ ᠪᠠᠭ᠎ᠠ ᠮᠣᠷᠢ29᠂ ᠯᠠᠭᠤᠰᠠ3᠂ ᠡᠯᠵᠢᠭᠡ3᠂ ᠦᠬᠡᠷ94᠂ ᠬᠣᠨᠢ142 ᠲᠣᠯᠣᠭᠠᠢ ᠮᠠᠯ ᠢ᠋ ᠬᠠᠮᠤᠷᠤᠨ ᠠᠪᠴᠤ ᠮᠡᠢᠷᠡᠨ ᠡᠷᠬᠡᠰᠢᠯᠢ᠂ ᠡᠪᠦᠭᠡᠨ ᠠᠷᠪᠢᠨᠭᠡᠰᠢᠭ᠂ ᠱᠡᠨᠰᠢ ᠶ᠋ᠢᠨ ᠢᠷᠭᠡᠨ ᠬᠤᠸᠠᠩ ᠽᠢ ᠪᠦᠦ ᠡᠯ ᠨᠠᠷ ᠤ᠋ᠨ ᠳᠡᠷᠭᠡᠳᠡ ᠳᠠᠩᠰᠠ ᠦᠢᠯᠡᠳᠴᠦ ᠭᠡᠷᠡᠴᠢᠯᠡᠭᠦᠯᠪᠡ》 ᠭᠡᠵᠦ ᠮᠡᠳᠡᠭᠦᠯᠵᠡᠢ᠃《ᠸᠠᠨ ᠱᠧᠩ ᠬᠦᠢ》 ᠭᠡᠳᠡᠭ ᠬᠤᠳᠠᠯᠳᠤᠭᠠᠨ ᠤ᠋ ᠫᠦᠰᠡ ᠪᠣᠯ ᠱᠸᠨ ᠮᠦ᠍ ᠰᠢᠶᠠᠨ ᠤ᠋ ᠳᠥᠴᠢᠨ ᠨᠠᠢ᠍ᠮᠠᠨ ᠡᠷᠦᠬᠡ ᠢᠷᠭᠡᠨᠴᠤᠳ ᠤ᠋ᠨ ᠬᠠᠮᠲᠤᠷᠠᠨ ᠭᠠᠷᠭᠠᠭᠰᠠᠨ ᠠᠷᠠᠯᠵᠢᠶ᠎ᠠ ᠶ᠋ᠢᠨ ᠳᠡᠯᠭᠡᠭᠦᠷ ᠪᠠᠢᠵᠠᠢ᠃ ᠡᠨᠡ ᠪᠣᠯ ᠬᠡᠪᠲᠦ ᠶᠣᠰᠣᠨ ᠤ᠋ ᠲᠡᠷᠢᠭᠦᠨ ᠣᠨ(1909) ᠦ᠌ ᠬᠠᠪᠤᠷ ᠤ᠋ᠨ ᠰᠡᠭᠦᠯ ᠰᠠᠷ᠎ᠠ ᠶ᠋ᠢᠨ ᠬᠣᠷᠢᠨ ᠬᠣᠶᠠᠷ ᠲᠤ᠌ ᠳᠤᠭᠤᠢᠯᠠᠩ ᠤ᠋ᠨ ᠣᠯᠠᠨ ᠤ᠋ ᠪᠠᠷᠰᠤᠬᠠᠢ ᠥᠷᠲᠡᠭᠡ ᠳ᠋ᠡᠬᠢ ᠠᠲᠠᠷ ᠬᠠᠭᠠᠯᠪᠤᠷᠢᠯᠠᠭᠰᠠᠨ ᠲᠠᠷᠢᠶᠠᠴᠢᠳ ᠢ᠋ ᠦᠯᠳᠡᠨ ᠬᠥᠭᠡᠭᠡᠵᠦ ᠶᠠᠪᠤᠭᠤᠯᠤᠭᠰᠠᠨ ᠪᠣᠳᠠᠲᠤ ᠶᠠᠪᠤᠴᠠ ᠶ᠋ᠢᠨ ᠲᠤᠬᠠᠢ ᠮᠡᠳᠡᠭᠦᠯᠦᠯᠲᠡ ᠪᠣᠯᠤᠨ᠎ᠠ᠃ ᠡᠨᠡ ᠬᠦ᠌ ᠬᠡᠷᠡᠭ ᠤᠴᠢᠷ ᠡᠭᠦᠰᠦᠭᠰᠡᠨ ᠦ᠌ ᠳᠠᠷᠠᠭ᠎ᠠ ᠶᠡᠬᠡ ᠵᠣᠣ ᠶ᠋ᠢᠨ ᠴᠢᠭᠤᠯᠭᠠᠨ᠂ ᠰᠦᠢ᠍ᠶᠤᠸᠡᠨ ᠦ᠌ ᠵᠠᠩᠵᠤᠨ ᠤ᠋ ᠭᠠᠵᠠᠷ ᠵᠢᠴᠢ ᠱᠸᠨ ᠮᠦ᠍ ᠰᠢᠶᠠᠨ ᠤ᠋ ᠬᠠᠮᠲᠤ ᠮᠡᠳᠡᠭᠴᠢ ᠶ᠋ᠢᠨ ᠭᠠᠵᠠᠷ ᠲᠤ᠌ ᠤᠳᠠᠭ᠎ᠠ ᠳᠠᠷᠠᠭᠠᠯᠠᠨ ᠮᠡᠳᠡᠭᠦᠯᠦᠯᠲᠡ ᠬᠢᠭᠰᠡᠨ ᠳ᠋ᠦ᠍ ᠳᠡᠭᠡᠷ᠎ᠡ ᠡᠴᠡ ᠴᠦ᠍ ᠡᠨᠡ ᠬᠦ᠌ ᠠᠰᠠᠭᠤᠳᠠᠯ ᠢ᠋ ᠳᠠᠷᠤᠢ ᠲᠦᠷᠭᠡᠨ ᠰᠢᠢᠳᠪᠦᠷᠢᠯᠡᠰᠦᠭᠡᠢ ᠭᠡᠵᠦ ᠬᠣᠰᠢᠭᠤ ᠵᠠᠰᠠᠭ ᠤ᠋ᠨ ᠭᠠᠵᠠᠷ ᠲᠤ᠌ ᠮᠡᠳᠡᠭᠳᠡᠵᠡᠢ᠃ ᠦᠦᠰᠢᠨ ᠦ᠌ ᠳᠤᠭᠤᠢᠯᠠᠩ ᠤ᠋ᠨ ᠬᠢᠨ ᠡᠨᠡ ᠬᠦ᠌ ᠪᠠᠢᠳᠠᠯ ᠳᠣᠣᠷ᠎ᠠ ᠡᠶ᠎ᠡ ᠪᠡᠷ ᠰᠢᠢᠳᠪᠦᠷᠢᠯᠡᠶ᠎ᠡ ᠭᠡᠮᠡᠨ ᠲᠤᠰ ᠵᠢᠯ ᠦ᠋ᠨ(1909) ᠵᠤᠨ ᠤ᠋ ᠳᠤᠮᠳᠠ ᠰᠠᠷ᠎ᠠ ᠶ᠋ᠢᠨ ᠰᠢᠨ᠎ᠡ ᠶ᠋ᠢᠨ ᠳᠥᠷᠪᠡᠨ ᠳ᠋ᠦ᠍ ᠬᠠᠮᠢᠶ᠎ᠠ ᠪᠦᠬᠦᠢ ᠬᠥᠮᠦᠰ ᠢ᠋ ᠲᠣᠮᠢᠯᠠᠨ ᠶᠠᠪᠤᠭᠤᠯᠵᠤ ᠰᠡᠢᠨᠳᠤᠷᠡ ᠶ᠋ᠢᠨ ᠢᠷᠭᠡᠨ ᠯᠢᠦᠢ ᠾᠧᠦ ᠳ᠋ᠠᠨ ᠤ᠋ ᠭᠡᠷ ᠲᠦ᠍ ᠬᠦᠷᠬᠦ ᠳ᠋ᠦ᠍ ᠵᠠᠩ ᠬᠠᠢ ᠰᠢ ᠨᠢᠭᠡᠨᠲᠡ ᠳᠤᠲᠠᠭᠠᠨ ᠶᠠᠪᠤᠭᠰᠠᠨ ᠭᠡᠵᠦ ᠰᠣᠨᠣᠰᠴᠠᠢ᠃ ᠳᠤᠭᠤᠢᠯᠠᠩ ᠤ᠋ᠨ ᠬᠢᠨ ᠳᠠᠬᠢᠭᠠᠳ《ᠰᠠᠪᠠ ᠠᠭᠤᠯᠵᠠᠷ ᠤ᠋ᠨ ᠭᠠᠵᠠᠷ ᠢ᠋ ᠦᠵᠡᠬᠦ ᠪᠡᠷ ᠶᠠᠪᠤᠵᠤ ᠨᠠᠷᠢᠨ ᠰᠢᠯᠢ ᠶ᠋ᠢᠨ ᠪᠣᠢᠰᠢᠯ ᠤ᠋ᠨ ᠭᠣᠣᠯ ᠢ᠋ ᠥᠩᠭᠡᠷᠡᠵᠦ ᠶᠡᠬᠡ ᠤᠰᠤ ᠬᠡᠮᠡᠬᠦ ᠭᠠᠵᠠᠷ ᠬᠦᠷᠬᠦ ᠳ᠋ᠦ᠍ ᠭᠡᠨᠡᠳᠲᠡ ᠢᠷᠭᠡᠨᠴᠤᠳ ᠴᠡᠷᠢᠭ ᠳᠠᠭᠠᠭᠤᠯᠤᠨ ᠬᠦᠷᠴᠦ ᠢᠷᠡᠭᠡᠳ ᠪᠢᠳᠡᠨ ᠢ᠋ ᠫᠤᠤᠳᠠᠪᠠ᠃ ᠡᠨᠡ ᠪᠣᠯ ᠵᠠᠩ ᠬᠠᠢ ᠰᠢ ᠶ᠋ᠢᠨ ᠦᠢᠯᠡᠳᠦᠭᠰᠡᠨ ᠬᠡᠷᠡᠭ ᠪᠢᠯᠡ᠃ ᠮᠠᠨ ᠤ᠋ ᠬᠥᠮᠦᠨ ᠦ᠌ ᠵᠠᠷᠢᠮ ᠢ᠋ ᠨᠢ ᠠᠯᠠᠵᠤ ᠵᠠᠷᠢᠮ ᠢ᠋ ᠨᠢ ᠬᠦᠨᠳᠦ ᠰᠢᠷᠬᠠᠲᠤᠭᠤᠯᠤᠭᠰᠠᠨ ᠪᠢᠯᠡ᠃ ᠡᠨᠡ ᠬᠦ᠌ ᠴᠡᠷᠢᠭ ᠦ᠋ᠳ ᠪᠢᠳᠡᠨ ᠢ᠋ ᠬᠥᠭᠡᠭᠡᠵᠦ ᠫᠤᠤᠳᠠᠭᠰᠠᠭᠠᠷ ᠵᠢᠭᠦᠷ ᠦ᠋ᠨ ᠭᠣᠣᠯ ᠤ᠋ᠨ ᠠᠮᠠᠰᠠᠷ ᠥᠩᠭᠡᠷᠡᠲᠡᠯ᠎ᠡ ᠬᠥᠭᠡᠭᠡᠭᠡᠳ ᠪᠤᠴᠠᠪᠠ᠃ ᠲᠡᠳᠡᠨᠦᠰ ᠪᠤᠴᠠᠬᠤ ᠵᠠᠮ ᠳ᠋ᠠᠭᠠᠨ ᠯᠢᠦᠢ ᠾᠧᠦ ᠳ᠋ᠠᠨ ᠪᠠ ᠵᠠᠷᠢᠮ ᠮᠣᠩᠭᠣᠯ ᠡᠷᠦᠬᠡ ᠨᠦ᠍ᠭᠦᠳ ᠢ᠋ ᠲᠦᠢᠮᠡᠷᠳᠡᠨ ᠰᠢᠲᠠᠭᠠᠵᠤ ᠥᠪ ᠬᠥᠷᠥᠩᠭᠡ ᠶ᠋ᠢ ᠨᠢ ᠴᠥᠮ ᠪᠤᠯᠢᠶᠠᠵᠤ ᠶᠠᠪᠤᠵᠠᠢ᠃ ᠡᠭᠦᠨ ᠢ᠋ ᠯᠢᠦᠢ ᠾᠧᠦ ᠳ᠋ᠠᠨ᠂ ᠬᠠᠢ ᠰᠥᠩ ᠰᠥᠩ᠂ ᠤᠷᠢᠳᠤ ᠲᠤᠰᠢᠶᠠᠯ ᠤ᠋ᠨ ᠵᠠᠩᠭᠢ ᠴᠣᠭᠲᠠᠢ ᠨᠠᠷ ᠲᠣᠳᠣᠷᠬᠠᠢ ᠮᠡᠳᠡᠬᠦ ᠪᠢᠯᠡ》 ᠭᠡᠵᠦ ᠳᠤᠭᠤᠢᠯᠠᠩ ᠤ᠋ᠨ ᠣᠯᠠᠨ ᠠ᠋ᠴᠠ ᠲᠤᠬᠠᠢ ᠶ᠋ᠢᠨ ᠦᠶ᠎ᠡ ᠶ᠋ᠢᠨ ᠮᠡᠳᠡᠭᠦᠯᠦᠯᠲᠡ ᠳ᠋ᠡᠭᠡᠨ ᠢᠩᠭᠢᠵᠦ ᠲᠣᠳᠣᠷᠬᠠᠢᠯᠠᠭᠰᠠᠨ ᠪᠠᠢᠳᠠᠭ᠃ ᠡᠢᠨ ᠬᠦ᠌ ᠬᠦᠨᠳᠦ ᠨᠣᠴᠢᠲᠠᠢ ᠪᠠᠢᠳᠠᠯ ᠳᠣᠣᠷ᠎ᠠ᠂ ᠬᠣᠰᠢᠭᠤ ᠵᠠᠰᠠᠭ ᠨᠣᠶᠠᠨ ᠴᠠᠭᠳᠤᠷᠰᠡᠷᠡᠩ ᠶᠡᠬᠡ ᠵᠣᠣ ᠶ᠋ᠢᠨ ᠴᠢᠭᠤᠯᠭᠠᠨ ᠤ᠋ ᠳᠠᠭᠤᠳᠠᠯᠭ᠎ᠠ ᠪᠠᠷ ᠲᠤᠰ ᠵᠢᠯ ᠦ᠋ᠨ ᠨᠠᠮᠤᠷ ᠤ᠋ᠨ ᠳᠤᠮᠳᠠ ᠰᠠᠷ᠎ᠠ ᠶ᠋ᠢᠨ ᠬᠣᠷᠢᠨ ᠳ᠋ᠤ᠌ ᠪᠠᠷᠰᠤᠬᠠᠢ ᠥᠷᠲᠡᠭᠡᠨ ᠭᠠᠵᠠᠷ ᠲᠤ᠌ ᠪᠡᠶ᠎ᠡ ᠪᠡᠷ ᠢ᠋ᠶ᠋ᠡᠨ ᠬᠦᠷᠴᠦ ᠵᠠᠭᠤᠨ ᠰᠠᠢᠳ ᠤ᠋ᠨ ᠭᠠᠵᠠᠷ ᠲᠣᠮᠢᠯᠠᠨ ᠢᠷᠡᠭᠦᠯᠦᠭᠰᠡᠨ ᠲᠦᠩ ᠯᠢᠩ ᠪᠠ ᠣᠯᠠᠨ ᠸᠧᠢ᠍ᠢᠶᠦᠸᠠᠨ ᠵᠢᠴᠢ ᠰᠠᠢᠨᠳᠤᠷᠠ ᠶ᠋ᠢᠨ ᠬᠠᠮᠲᠤ ᠮᠡᠳᠡᠭᠴᠢ ᠨᠠᠰᠤᠬᠢᠨ ᠵᠠᠩᠵᠤᠨ ᠨᠠᠷ ᠲᠠᠢ ᠨᠢᠭᠤᠷ ᠤᠴᠠᠷᠠᠵᠤ ᠡᠯ᠎ᠡ ᠲᠡᠮᠡᠴᠡᠭᠰᠡᠨ ᠬᠡᠷᠡᠭ ᠤᠴᠢᠷ ᠢ᠋ ᠨᠠᠷᠢᠨ ᠰᠢᠭᠦᠵᠦ ᠨᠠᠮᠤᠷ ᠤ᠋ᠨ ᠰᠡᠭᠦᠯ ᠰᠠᠷ᠎ᠠ ᠶ᠋ᠢᠨ ᠰᠢᠨ᠎ᠡ ᠶ᠋ᠢᠨ ᠲᠠᠪᠤᠨ ᠨᠡᠷᠡᠲᠡᠢ《ᠪᠠᠷᠰᠤᠬᠠᠢ ᠥᠷᠲᠡᠭᠡᠨ ᠦ᠌ ᠴᠢᠭᠤᠯᠭᠠᠨ》 ᠢ᠋ ᠬᠤᠷᠠᠯᠳᠤᠭᠤᠯᠵᠤ ᠠᠩᠬ᠎ᠠ ᠠᠯᠬᠤᠮ ᠤ᠋ᠨ ᠰᠢᠢᠳᠪᠦᠷᠢᠯᠡᠯᠲᠡ ᠶ᠋ᠢ ᠭᠠᠷᠭᠠᠭᠰᠠᠨ ᠪᠠᠢᠨ᠎ᠠ᠃ ᠡᠨᠡ ᠤᠳᠠᠭ᠎ᠠ ᠶ᠋ᠢᠨ ᠴᠢᠭᠤᠯᠭᠠᠨ ᠢ᠋ᠶ᠋ᠠᠷ ᠭᠠᠷᠭᠠᠭᠰᠠᠨ ᠰᠢᠢᠳᠪᠦᠷᠢᠯᠡᠯᠲᠡ ᠨᠢ《ᠲᠠᠷᠢᠶᠠᠴᠢᠳ ᠤ᠋ᠨ ᠭᠠᠵᠠᠷ ᠪᠤᠯᠢᠶᠠᠯᠳᠤᠨ ᠲᠠᠷᠢᠭᠰᠠᠨ ᠬᠡᠷᠡᠭ ᠨᠢ ᠪᠠᠭ᠎ᠠ ᠤᠴᠢᠷ ᠪᠥᠭᠡᠳ ᠦᠦᠰᠢᠨ ᠬᠤᠰᠢᠭᠤᠨ ᠤ᠋ ᠳᠤᠭᠤᠢᠯᠠᠩ ᠤ᠋ᠨ ᠬᠥᠮᠦᠰ ᠦ᠋ᠨ ᠤᠯᠠ ᠪᠣᠯᠤᠨ ᠴᠤᠭᠯᠠᠷᠠᠵᠤ᠂ ᠶᠡᠬᠡ ᠵᠢᠷᠦᠬᠡ ᠶ᠋ᠢ ᠪᠠᠷᠢᠨ ᠴᠡᠷᠢᠭ ᠯᠦ᠍ᠭᠡ ᠳᠠᠢᠯᠠᠯᠳᠤᠭᠰᠠᠨ ᠬᠡᠷᠡᠭ ᠶᠡᠬᠡ ᠪᠣᠯᠵᠤ ᠬᠠᠤᠯᠢ ᠶᠣᠰᠣ ᠶ᠋ᠢ ᠶᠡᠬᠡᠳᠡ ᠵᠥᠷᠢᠴᠡᠵᠦᠬᠦᠢ ᠁ ᠡᠭᠦᠨ ᠦ᠌ ᠬᠠᠮᠲᠤ ᠬᠥᠮᠦᠨ ᠦ᠌ ᠮᠠᠢᠮᠠᠢ ᠶ᠋ᠢᠨ ᠭᠡᠷ ᠣᠷᠣᠨ ᠢ᠋ ᠲᠦᠯᠡᠭᠰᠡᠨ ᠨᠢ ᠲᠠᠨ ᠤ᠋ ᠬᠣᠰᠢᠭᠤ ᠴᠢᠷᠦᠭᠳᠡᠯ ᠶᠡᠬᠡᠳᠦᠭᠰᠡᠨ ᠤᠴᠢᠷ ᠠ᠋ᠴᠠ ᠣᠭᠲᠣ ᠥᠭᠬᠦ ᠰᠠᠨᠠᠭ᠎ᠠ ᠦᠭᠡᠢ ᠪᠣᠯᠤᠭᠰᠠᠨ ᠤ᠋ ᠰᠢᠨᠵᠢ ᠲᠡᠮᠳᠡᠭ ᠶᠦᠮ᠃ ᠡᠢᠮᠦ ᠡᠴᠡ ᠬᠤᠯᠠᠭᠠᠢᠯᠠᠨ ᠠᠪᠠᠴᠢᠭᠰᠠᠨ ᠮᠠᠯ ᠢ᠋ ᠨᠡᠬᠡᠮᠵᠢᠯᠡᠨ ᠠᠪᠴᠢᠷᠠᠵᠤ ᠲᠤᠰᠢᠶᠠᠬᠤ ᠪᠥᠭᠡᠳ ᠬᠡᠷᠡᠭ ᠳᠡᠭᠳᠡᠭᠡᠭᠰᠡᠨ ᠲᠣᠮᠣ ᠲᠦᠷᠦᠭᠦᠴᠦᠳ ᠢ᠋ ᠪᠠᠷᠢᠵᠤ᠂ ᠳ᠋ᠦᠩᠱᠧᠩ ᠲᠢᠩᠬᠢᠮ ᠳ᠋ᠦ᠍ ᠲᠤᠰᠢᠶᠠᠨ ᠰᠢᠢᠳᠬᠡᠭᠦᠯᠵᠦ᠂ ᠠᠯᠢᠪᠠ ᠬᠣᠬᠢᠷᠠᠯ ᠰᠦᠢᠳᠦᠯ ᠢ᠋ ᠲᠥᠯᠥᠬᠦ ᠬᠡᠷᠡᠭᠲᠡᠢ》 ᠭᠡᠵᠦ ᠰᠢᠢᠳᠬᠡᠭᠰᠡᠨ ᠪᠠᠢᠨ᠎ᠠ᠃ ᠳᠠᠷᠠᠭ᠎ᠠ ᠡᠳᠦᠷ ᠨᠢ ᠲᠠᠢᠵᠢ ᠡᠷᠳᠡᠨᠢᠰᠠᠩ᠂ ᠠᠷᠠᠳ ᠮᠥᠩᠬᠡᠪᠤᠶᠠᠨ᠂ ᠪᠠᠲᠤᠪᠤᠶᠠᠨ ᠭᠤᠷᠪᠠᠭᠤᠯᠠ ᠶ᠋ᠢ ᠪᠠᠷᠢᠵᠤ ᠳ᠋ᠦᠩᠱᠧᠩ ᠲᠢᠩᠬᠢᠮ ᠳ᠋ᠦ᠍ ᠲᠤᠰᠢᠶᠠᠭᠰᠠᠨ ᠪᠥᠭᠡᠳ ᠪᠤᠰᠤᠳ ᠵᠠᠭᠠᠯᠳᠤᠭᠳᠠᠭᠰᠠᠨ ᠪᠠᠷᠠᠭᠤᠨ ᠲᠦᠩ ᠯᠢᠶᠠᠨ ᠤ᠋ ᠵᠠᠬᠢᠷᠤᠭᠴᠢ ᠠᠷᠪᠢᠨᠬᠡᠰᠢᠭ᠂ ᠬᠠᠯᠢᠭᠤᠲᠤ ᠶ᠋ᠢᠨ ᠰᠦᠮ᠎ᠡ ᠶ᠋ᠢᠨ ᠳᠡ ᠯᠠᠮᠠ ᠫᠤᠩᠰᠤᠭ᠂ ᠲᠠᠢᠵᠢ ᠥᠯᠵᠡᠢᠳᠡᠯᠭᠡᠷ᠂ ᠪᠢᠴᠢᠭᠡᠴᠢ ᠮᠡᠢᠷᠡᠨ ᠤᠪᠠᠢ᠂ ᠮᠡᠢᠷᠡᠨ ᠲᠦᠮᠡᠨᠪᠠᠶᠠᠷ᠂ ᠵᠠᠬᠢᠷᠤᠭᠴᠢ ᠰᠡᠩᠭᠡᠷᠢᠨᠴᠢᠨ᠂ ᠠᠷᠠᠳ ᠮᠠᠰᠢᠪᠠᠲᠤ᠂ ᠷᠠᠪᠵᠠᠢ᠂ ᠰᠡᠷᠡᠩ᠂ ᠭᠤᠯᠭᠤᠷᠵᠠᠯᠰᠠᠨ ᠵᠡᠷᠭᠡ ᠠᠷᠪᠠ ᠭᠠᠷᠤᠢ ᠬᠥᠮᠦᠰ ᠨᠢ ᠪᠠᠷᠢᠭᠳᠠᠭᠰᠠᠨ ᠦᠭᠡᠢ ᠭᠡᠵᠦ ᠮᠡᠳᠡᠭᠦᠯᠵᠡᠢ᠃ 9 ᠦ᠌ ᠡᠳᠦᠷ ᠪᠣᠯᠬᠤ ᠳ᠋ᠤ᠌ ᠪᠤᠯᠢᠶᠠᠨ ᠠᠪᠠᠴᠢᠭᠰᠠᠨ ᠮᠣᠷᠢ ᠦᠬᠡᠷ ᠯᠠᠭᠤᠰᠠ ᠡᠯᠵᠢᠭᠡ ᠬᠣᠨᠢ ᠢᠮᠠᠭ᠎ᠠ ᠨᠡᠢᠲᠡ271 ᠲᠣᠯᠣᠭᠠᠢ ᠪᠠ ᠠᠨᠵᠢᠰᠤ ᠪᠤᠷᠠᠨᠲᠠᠭ ᠵᠡᠷᠭᠡ ᠶ᠋ᠢ ᠴᠦ᠍ ᠲᠣᠭ᠎ᠠ ᠶᠣᠰᠣᠭᠠᠷ ᠪᠤᠴᠠᠭᠠᠵᠤ ᠢᠯᠭᠠᠷᠠᠭᠤᠯᠤᠭᠰᠠᠨ ᠪᠥᠭᠡᠳ ᠪᠤᠰᠤᠳ ᠡᠯ᠎ᠡ ᠵᠦᠢᠯ ᠦ᠋ᠨ ᠲᠥᠯᠥᠪᠦᠷᠢ ᠶ᠋ᠢᠨ ᠮᠥᠩᠭᠥ10955.23 ᠯᠠᠩ ᠢ᠋ ᠭᠤᠷᠪᠠᠨ ᠬᠤᠭᠤᠴᠠᠭ᠎ᠠ ᠬᠤᠪᠢᠶᠠᠨ ᠲᠥᠯᠥᠵᠦ ᠳᠠᠭᠤᠰᠬᠤ ᠪᠠᠷ ᠬᠡᠯᠡᠯᠴᠡᠨ ᠲᠣᠭᠲᠠᠵᠠᠢ᠃ ᠡᠭᠦᠨ ᠳ᠋ᠦ᠍ ᠬᠡᠷᠪᠡ ᠮᠠᠯ ᠢ᠋ᠶ᠋ᠠᠷ ᠲᠥᠯᠥᠬᠦ ᠳ᠋ᠦ᠍ ᠬᠦᠷᠪᠡᠯ ᠮᠣᠷᠢ12 ᠯᠠᠩ᠂ ᠦᠬᠡᠷ8 ᠯᠠᠩ᠂ ᠬᠣᠨᠢ7 ᠴᠢᠨ ᠮᠥᠩᠭᠥ ᠪᠡᠷ ᠨᠤᠭᠤᠯᠤᠨ ᠪᠣᠳᠣᠨ᠎ᠠ ᠭᠡᠵᠡᠢ᠃ ᠭᠡᠪᠡᠴᠦ ᠲᠤᠰ ᠰᠡᠢ᠍ᠳᠪᠤᠷᠢᠯᠠᠯᠲᠠ ᠨᠡᠢᠲᠡᠯᠡᠭᠳᠡᠭᠰᠡᠨ ᠡᠴᠡ ᠬᠣᠢᠰᠢ ᠶᠡᠷᠦ ᠨᠢ ᠳᠤᠭᠤᠢᠯᠠᠩ ᠤ᠋ᠨ ᠣᠯᠠᠨ ᠤ᠋ ᠡᠰᠡᠷᠭᠦᠴᠡᠯ ᠢ᠋ ᠣᠯᠵᠤ ᠡᠨᠡ ᠬᠦ᠌ ᠲᠥᠯᠥᠪᠦᠷᠢ ᠶ᠋ᠢᠨ ᠮᠥᠩᠭᠥᠨ ᠦ᠌ ᠪᠤᠴᠠᠭᠠᠯᠲᠠ ᠶ᠋ᠢ ᠠᠷᠭ᠎ᠠ ᠪᠦᠬᠦᠨ ᠢ᠋ ᠰᠦᠪᠡᠭᠴᠢᠯᠡᠨ ᠬᠣᠷᠢᠭᠯᠠᠬᠤ᠂ ᠤᠳᠠᠭᠠᠰᠢᠷᠠᠭᠤᠯᠬᠤ᠂ ᠡᠰᠡᠷᠭᠦᠴᠡᠬᠦ ᠠᠷᠭ᠎ᠠ ᠬᠡᠮᠵᠢᠶ᠎ᠡ ᠶ᠋ᠢ ᠠᠪᠴᠤ ᠪᠠᠢᠪᠠ᠃1909 ᠣᠨ ᠠ᠋ᠴᠠ1913 ᠣᠨ ᠪᠣᠯᠲᠠᠯᠠᠬᠢ ᠲᠠᠪᠤᠨ ᠵᠢᠯ ᠦ᠋ᠨ ᠳᠣᠲᠣᠷ᠎ᠠ ᠵᠠᠷᠯᠢᠭ ᠤ᠋ᠨ ᠰᠠᠢᠳ ᠬᠣᠯᠠᠳᠠᠬᠢᠨ ᠢ᠋ ᠠᠮᠤᠷᠵᠢᠭᠤᠯᠬᠤ ᠬᠣᠲᠠ ᠶ᠋ᠢᠨ ᠵᠠᠩᠵᠤᠨ ᠤ᠋ ᠭᠠᠵᠠᠷ᠂ ᠶᠡᠬᠡ ᠵᠣᠣ ᠶ᠋ᠢᠨ ᠴᠢᠭᠤᠯᠭᠠᠨ ᠤ᠋ ᠭᠠᠵᠠᠷ᠂ ᠰᠠᠢᠨᠳᠤᠷᠠ ᠶ᠋ᠢᠨ ᠬᠠᠮᠲᠤ ᠮᠡᠳᠡᠭᠴᠢ ᠶ᠋ᠢᠨ ᠭᠠᠵᠠᠷ ᠵᠢᠴᠢ ᠱᠠᠨᠰᠢ ᠮᠣᠵᠢ ᠶ᠋ᠢᠨ ᠲᠡᠮᠡᠭᠡᠲᠦ ᠬᠣᠲᠠ ᠶ᠋ᠢᠨ ᠹᠦ ᠶ᠋ᠢᠨ ᠭᠠᠵᠠᠷ ᠠ᠋ᠴᠠ ᠤᠳᠠᠭ᠎ᠠ ᠳᠠᠷᠠᠭᠠᠯᠠᠨ ᠵᠠᠷᠯᠢᠭ ᠵᠢᠭᠠᠪᠤᠷᠢ ᠪᠠᠭᠤᠯᠭᠠᠵᠤ ᠦᠦᠰᠢᠨ ᠬᠤᠰᠢᠭᠤᠨ ᠤ᠋ ᠪᠠᠷᠰᠤᠬᠠᠢ᠂ ᠬᠠᠯᠢᠭᠤᠲᠤ᠂ ᠳᠠᠷᠬᠠᠨ ᠯᠠᠮᠠ ᠵᠡᠷᠭᠡ ᠭᠠᠵᠠᠷ ᠤ᠋ᠳ ᠲᠤ᠌ ᠭᠤᠷᠪᠠᠨ ᠤᠳᠠᠭ᠎ᠠ ᠶ᠋ᠢᠨ ᠶᠡᠬᠡ ᠴᠢᠭᠤᠯᠭᠠᠨ ᠢ᠋ ᠬᠤᠷᠠᠯᠳᠤᠭᠤᠯᠵᠤ ᠳᠡᠭᠡᠭᠰᠢ ᠳᠣᠭᠣᠭᠰᠢ ᠪᠠᠨ ᠠᠯᠪᠠᠨ ᠪᠢᠴᠢᠭ᠂ ᠡᠷᠭᠦᠯᠲᠡ ᠶ᠋ᠢᠨ ᠪᠢᠴᠢᠭ ᠢ᠋ ᠨᠡᠢᠲᠡ49 ᠬᠤᠪᠢ ᠭᠦᠶᠦᠯᠭᠡᠵᠢ᠃ ᠡᠨᠡ ᠪᠣᠯ ᠳᠤᠭᠤᠢᠯᠠᠩ ᠤ᠋ᠨ ᠬᠢᠨ ᠦ᠌ ᠨᠢᠭᠤᠴᠠ ᠲᠡᠮᠡᠴᠡᠯ ᠬᠢᠭᠰᠡᠨ ᠲᠠᠪᠤᠨ ᠵᠢᠯ ᠪᠣᠯᠬᠤ ᠶᠤᠮ᠃ ᠡᠨᠳᠡ ᠪᠢᠳᠡ ᠴᠠᠭᠳᠤᠷᠰᠡᠷᠡᠩ ᠨᠣᠶᠠᠨ1909 ᠣᠨ ᠤ᠋ ᠡᠪᠦᠯ ᠦ᠋ᠨ ᠲᠡᠷᠢᠭᠦᠨ ᠰᠠᠷ᠎ᠠ ᠶ᠋ᠢᠨ ᠭᠤᠴᠢᠨ ᠤ᠋ ᠡᠳᠦᠷ ᠦ᠋ᠨ ᠨᠢᠭᠡᠨ ᠬᠤᠪᠢ ᠡᠷᠭᠦᠯᠲᠡ ᠡᠴᠡ ᠳᠤᠭᠤᠢᠯᠠᠩ ᠤ᠋ᠨ ᠣᠯᠠᠨ ᠤ᠋ ᠲᠤᠬᠠᠢ ᠶ᠋ᠢᠨ ᠦᠶ᠎ᠡ ᠲᠥᠯᠥᠪᠦᠷᠢ ᠶ᠋ᠢ ᠡᠰᠡᠷᠭᠦᠴᠡᠵᠦ ᠪᠠᠢᠭᠰᠠᠨ ᠪᠣᠳᠠᠲᠤ ᠠᠬᠤᠢ ᠪᠠᠢᠳᠠᠯ ᠢ᠋ ᠣᠢᠯᠠᠭᠠᠵᠤ ᠪᠣᠯᠤᠨ᠎ᠠ᠃ ᠴᠠᠭᠳᠤᠷᠰᠡᠷᠡᠩ ᠨᠣᠶᠠᠨ ᠤ᠋ ᠴᠢᠭᠤᠯᠭᠠᠨ ᠳᠠ ᠶ᠋ᠢᠨ ᠭᠠᠵᠠᠷ ᠲᠤ᠌ ᠮᠡᠳᠡᠭᠦᠯᠦᠭᠰᠡᠨ ᠪᠢᠴᠢᠭ ᠲᠦ᠍᠄《᠁ ᠪᠠᠷᠰᠤᠬᠠᠢ ᠥᠷᠲᠡᠭᠡᠨ ᠦ᠌ ᠬᠡᠷᠡᠭ ᠢ᠋ ᠳᠠᠭᠤᠰᠬᠠᠬᠤ ᠶ᠋ᠢᠨ ᠲᠥᠯᠥᠭᠡ᠂ ᠮᠢᠨᠦ ᠵᠠᠬᠢᠶ᠎ᠠ ᠪᠠᠷ ᠪᠤᠰᠢᠭᠤ ᠮᠠᠩᠯᠠᠢᠵᠢᠷᠭᠠᠯ᠂ ᠰᠠᠢᠨᠭᠡᠰᠢᠭ ᠵᠡᠷᠭᠡ ᠬᠥᠮᠦᠰ ᠢ᠋ ᠲᠣᠮᠢᠯᠠᠵᠤ᠂ ᠲᠣᠯᠢ ᠰᠤᠪᠤᠷᠭ᠎ᠠ ᠶ᠋ᠢᠨ ᠬᠥᠳᠡᠭᠡ ᠣᠩᠭᠣᠨ ᠠᠷᠤ᠂ ᠲᠠᠪᠤᠨ ᠲᠣᠯᠣᠭᠠᠢ ᠵᠡᠷᠭᠡ ᠭᠠᠵᠠᠷ ᠤ᠋ᠳ ᠲᠤ᠌ ᠬᠦᠷᠴᠦ ᠮᠣᠷᠢ ᠲᠡᠮᠡᠭᠡ ᠨᠡᠢᠲᠡ ᠭᠤᠴᠢᠭᠠᠳ ᠢ᠋ ᠲᠤᠰᠬᠠᠨ ᠠᠪᠴᠤ᠂ ᠡᠪᠦᠯ ᠦ᠋ᠨ ᠡᠬᠢᠨ ᠰᠠᠷ᠎ᠠ ᠶ᠋ᠢᠨ ᠠᠷᠪᠠᠨ ᠳᠥᠷᠪᠡᠨ ᠦ᠌ ᠡᠳᠦᠷ ᠠᠷᠠᠳ ᠰᠡᠷᠡᠪ ᠦ᠋ᠨ ᠭᠡᠷ ᠲᠦ᠍ ᠢᠷᠡᠲᠡᠯ᠎ᠡ ᠰᠥᠨᠢ ᠣᠷᠣᠢ ᠭᠡᠨᠡᠳᠲᠡ ᠲᠠᠨᠢᠬᠤ ᠦᠭᠡᠢ ᠬᠡᠳᠦᠨ ᠵᠠᠯᠠᠭᠤ ᠬᠥᠮᠦᠰ ᠢᠷᠡᠵᠦ ᠮᠠᠩᠯᠠᠢᠵᠢᠷᠭᠠᠯ ᠮᠢᠨᠦ ᠪᠡᠶ᠎ᠡ ᠶ᠋ᠢ ᠴᠢᠷᠦᠵᠦ ᠭᠠᠷᠭᠠᠭᠠᠳ ᠵᠢᠷᠠᠨ ᠬᠥᠮᠦᠨ ᠦ᠌ ᠳᠤᠮᠳᠠ ᠠᠪᠠᠴᠢᠵᠤ ᠲᠠᠯᠪᠢᠭᠠᠳ ᠳᠣᠭᠰᠢᠨ ᠰᠦᠷ ᠭᠠᠷᠭᠠᠨ ᠬᠡᠯᠡᠭᠰᠡᠨ ᠨᠢ <ᠡᠢᠮᠦ ᠬᠡᠭᠡᠷ᠎ᠡ ᠭᠠᠳᠠᠭᠤᠷ ᠠᠢᠯ ᠡᠷᠦᠬᠡ ᠡᠴᠡ ᠬᠡᠳᠦ ᠬᠡᠳᠦᠨ ᠬᠤᠯᠠᠭᠠᠢᠴᠢ ᠤᠯᠠᠭ᠎ᠠ ᠪᠠᠷᠠᠯᠠᠬᠤ ᠶ᠋ᠢ ᠠᠷᠠᠳ ᠪᠢᠳᠡ ᠨᠠᠷ ᠳᠠᠭᠠᠵᠤ ᠴᠢᠳᠠᠬᠤ ᠦᠭᠡᠢ> ᠭᠡᠮᠡᠨ ᠪᠠᠷᠬᠢᠷᠠᠯᠳᠤᠵᠤ᠂ ᠠᠪᠴᠤ ᠶᠠᠪᠤᠵᠤ ᠪᠠᠢᠭᠰᠠᠨ ᠮᠣᠷᠢ ᠲᠡᠮᠡᠭᠡ ᠪᠦᠭᠦᠳᠡ ᠶ᠋ᠢ ᠪᠤᠯᠢᠶᠠᠨ ᠠᠪᠴᠤ ᠶᠠᠪᠤᠪᠠ ᠭᠡᠵᠦ ᠮᠠᠩᠯᠠᠢᠵᠢᠷᠭᠠᠯ ᠮᠡᠳᠡᠭᠦᠯᠵᠦ ᠪᠠᠢᠨ᠎ᠠ》 ᠭᠡᠰᠡᠨ ᠪᠥᠭᠡᠳ《ᠪᠠᠰᠠ ᠵᠠᠩᠭᠢ ᠴᠣᠭᠲᠤ ᠶ᠋ᠢᠨ ᠮᠡᠳᠡᠭᠦᠯᠦᠭᠰᠡᠨ ᠨᠢ᠄ ᠡᠪᠦᠯ ᠦ᠋ᠨ ᠲᠡᠷᠢᠭᠦᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠴᠣᠭᠲᠤ ᠳ᠋ᠤ᠌ ᠰᠤᠮᠤᠨ ᠵᠠᠩᠭᠢ ᠤᠷᠲᠤᠨᠠᠰᠤᠨ ᠠ᠋ᠴᠠ ᠤᠯᠠᠭ᠎ᠠ ᠶ᠋ᠢᠨ ᠮᠣᠷᠢ ᠬᠣᠶᠠᠷ ᠢ᠋ ᠠᠪᠴᠢᠷᠠᠭᠠᠳ ᠬᠡᠯᠡᠭᠰᠡᠨ ᠨᠢ᠄<ᠣᠳᠣ ᠨᠢᠭᠡ ᠲᠡᠮᠡᠭᠡ ᠳᠤᠲᠠᠭᠤ᠂ ᠬᠡᠳᠦᠨ ᠡᠳᠦᠷ ᠡᠴᠡ ᠠᠪᠴᠢᠷᠠᠶ᠎ᠠ> ᠭᠡᠳ ᠶᠠᠪᠤᠪᠠ᠃ ᠬᠦᠯᠢᠶᠡᠵᠦ ᠪᠠᠢᠭᠠᠳ ᠠᠷᠪᠠᠨ ᠬᠦᠷᠬᠦ ᠳ᠋ᠦ᠍ ᠪᠤᠰᠤᠳ ᠮᠠᠯ ᠢ᠋ ᠴᠦ᠍ ᠪᠦᠷᠢᠳᠬᠡᠵᠦ ᠢᠷᠡᠭᠦᠯᠦᠭᠡᠳ ᠠᠯᠪᠠᠨ ᠵᠦᠭ ᠶᠠᠪᠤᠵᠤ ᠪᠠᠷᠴᠢᠭᠡᠷ ᠦ᠋ᠨ ᠴᠠᠢᠳᠠᠮ ᠳ᠋ᠤ᠌ ᠪᠠᠢᠭ᠎ᠠ ᠴᠡᠴᠡᠭ ᠦ᠋ᠨ ᠭᠡᠷ ᠲᠦ᠍ ᠦᠳᠡᠯᠡᠵᠦ ᠪᠠᠢᠲᠠᠯ᠎ᠠ ᠬᠠᠷᠯᠠᠨ ᠪᠠᠲᠤᠰᠡᠷᠡᠩ᠂ ᠳᠠᠷᠬᠠᠳ ᠰᠡᠷᠭᠦᠯᠡᠩ᠂ ᠯᠠᠮᠠ ᠡᠷᠢᠨᠴᠢᠨ ᠨᠠᠷ ᠬᠥᠭᠡᠭᠡᠨ ᠢᠷᠡᠵᠦ ᠬᠡᠯᠡᠭᠰᠡᠨ ᠨᠢ᠄<ᠪᠢᠳᠡ ᠡᠨᠡ ᠬᠦ᠌ ᠤᠯᠠᠭ᠎ᠠ ᠶ᠋ᠢᠨ ᠠᠯᠪᠠ ᠶ᠋ᠢ ᠳᠠᠭᠠᠬᠤ ᠦᠭᠡᠢ᠂ ᠲᠦᠩᠰᠥ᠋ᠢ᠂ ᠪᠦᠷᠢᠳᠦ᠂ ᠨᠠᠷᠢᠨ ᠭᠣᠣᠯ ᠵᠡᠷᠭᠡ ᠭᠤᠷᠪᠠᠨ ᠭᠠᠵᠠᠷ ᠤ᠋ᠨ ᠣᠯᠠᠩᠬᠢ ᠠ᠋ᠴᠠ ᠡᠨᠡ ᠬᠦ᠌ ᠤᠯᠠᠭ᠎ᠠ ᠶ᠋ᠢᠨ ᠠᠯᠪᠠ ᠶ᠋ᠢ ᠪᠤᠯᠢᠶᠠᠨ ᠠᠪ ᠭᠡᠯᠡ> ᠭᠡᠵᠦ ᠠᠪᠴᠤ ᠶᠠᠪᠤᠵᠤ ᠪᠠᠢᠭᠰᠠᠨ ᠮᠣᠷᠢ ᠲᠡᠮᠡᠭᠡ ᠶ᠋ᠢ ᠨᠢ ᠪᠦᠷ ᠪᠤᠯᠢᠶᠠᠨ ᠠᠪᠴᠤ ᠶᠠᠪᠤᠯ᠎ᠠ ᠭᠡᠵᠦ ᠮᠡᠳᠡᠭᠦᠯᠪᠡ》 ᠭᠡᠪᠡ᠃
ᠳᠤᠭᠤᠢᠯᠠᠩ ᠤ᠋ᠨ ᠣᠯᠠᠩᠬᠢ ᠠ᠋ᠴᠠ ᠡᠨᠡ ᠮᠡᠲᠦ ᠬᠠᠷᠰᠢ ᠰᠠᠭᠠᠳ ᠤᠴᠠᠷᠠᠭᠤᠯᠵᠤ ᠪᠠᠢᠭᠰᠠᠨ ᠠ᠋ᠴᠠ ᠴᠠᠭᠳᠤᠷᠰᠡᠷᠡᠩ ᠨᠣᠶᠠᠨ ᠤ᠋ ᠡᠨᠡ ᠬᠦ᠌ ᠲᠥᠯᠥᠪᠦᠷᠢ ᠶ᠋ᠢᠨ ᠮᠥᠩᠭᠥ ᠪᠡᠨ ᠮᠠᠯᠴᠢᠳ ᠠ᠋ᠴᠠ ᠲᠤᠰᠬᠠᠨ ᠠᠪᠴᠤ ᠲᠥᠯᠥᠭᠦᠯᠬᠦ ᠲᠥᠯᠥᠪᠯᠡᠭᠡ ᠨᠢ ᠲᠤᠩ ᠶᠠᠪᠤᠭᠤᠷᠢ ᠮᠠᠭᠤᠲᠠᠢ ᠪᠠᠢᠪᠠ᠃ ᠡᠢᠮᠦ ᠪᠠᠢᠳᠠᠯ ᠳᠣᠣᠷ᠎ᠠ ᠬᠡᠪᠲᠦ ᠶᠣᠰᠣᠲᠤ ᠶ᠋ᠢᠨ ᠲᠡᠷᠢᠭᠦᠨ ᠣᠨ(1909) ᠦ᠌ ᠡᠪᠦᠯ ᠦ᠋ᠨ ᠲᠡᠷᠢᠭᠦᠨ ᠰᠠᠷ᠎ᠠ ᠶ᠋ᠢᠨ ᠬᠣᠷᠢᠨ ᠳᠥᠷᠪᠡᠨ ᠳ᠋ᠦ᠍ ᠴᠢᠭᠤᠯᠭᠠᠨ ᠳᠠᠷᠤᠭ᠎ᠠ ᠠᠷᠪᠢᠨᠪᠠᠶᠠᠷ ᠪᠡᠶ᠎ᠡ ᠪᠡᠷ ᠢ᠋ᠶ᠋ᠡᠨ ᠦᠦᠰᠢᠨ ᠬᠤᠰᠢᠭᠤᠨ ᠳ᠋ᠤ᠌ ᠬᠦᠷᠴᠦ ᠨᠡᠷ᠎ᠡ ᠮᠠᠭᠤᠲᠤ《ᠬᠠᠯᠢᠭᠤᠲᠤ ᠶ᠋ᠢᠨ ᠴᠢᠭᠤᠯᠭᠠᠨ》 ᠢ᠋ ᠬᠤᠷᠠᠯᠳᠤᠭᠤᠯᠵᠤ᠂ ᠬᠢᠲᠠᠳ ᠰᠠᠢᠳ ᠤ᠋ᠳ ᠢᠷᠡᠵᠦ ᠮᠣᠩᠭᠣᠯ ᠲᠦᠰᠢᠮᠡᠳ ᠢ᠋ ᠵᠠᠭᠠᠮ᠎ᠠ ᠠ᠋ᠴᠠ ᠨᠢ ᠵᠠᠭᠠᠮᠠᠳᠠᠵᠤ ᠴᠢᠷᠦᠭᠡᠳ ᠳᠠᠩ ᠳᠡᠭᠡᠷ᠎ᠡ ᠭᠠᠷᠭᠠᠨ ᠰᠥᠭᠦᠳᠦᠭᠦᠯᠵᠦ ᠪᠠᠢᠭᠠᠳ ᠴᠢᠩᠭ᠎ᠠ ᠰᠢᠢᠳᠬᠡᠵᠡᠢ᠃ ᠲᠤᠰ ᠤᠳᠠᠭ᠎ᠠ ᠶ᠋ᠢᠨ ᠴᠢᠭᠤᠯᠭᠠᠨ ᠢ᠋ᠶ᠋ᠠᠷ ᠦᠦᠰᠢᠨ ᠦ᠌ ᠨᠣᠶᠠᠨ ᠲᠦᠰᠢᠮᠡᠳ ᠠᠷᠭ᠎ᠠ ᠪᠤᠰᠤ ᠬᠣᠲᠣᠩ ᠤ᠋ᠨ ᠴᠠᠭᠠᠨ ᠨᠠᠭᠤᠷ ᠤ᠋ᠨ ᠬᠤᠵᠢᠷ ᠢ᠋ ᠬᠤᠭᠤᠴᠠᠭᠠᠨ ᠲᠠᠯᠪᠢᠵᠤ ᠲᠡᠭᠦᠨ ᠡᠴᠡ ᠣᠯᠬᠤ ᠮᠥᠩᠭᠥ ᠶ᠋ᠢ ᠡᠯ᠎ᠡ ᠲᠥᠯᠥᠪᠦᠷᠢ ᠶ᠋ᠢᠨ ᠮᠥᠩᠭᠥᠨ ᠳ᠋ᠦ᠍ ᠨᠡᠢᠯᠡᠭᠦᠯᠦᠨ ᠥᠭᠬᠦ ᠪᠡᠷ ᠪᠣᠯᠵᠤ᠂ ᠲᠡᠭᠦᠨᠴᠢᠯᠡᠨ ᠦᠷᠭᠦᠯᠵᠢᠯᠡᠨ ᠮᠠᠯᠴᠢᠳ ᠠ᠋ᠴᠠ ᠴᠤ᠌ ᠲᠥᠯᠥᠪᠦᠷᠢ ᠶ᠋ᠢᠨ ᠮᠥᠩᠭᠥ ᠲᠤᠰᠬᠠᠵᠤ ᠠᠪᠬᠤ ᠪᠠᠷ ᠴᠢᠩᠭ᠎ᠠ ᠱᠠᠭᠠᠷᠳᠠᠯᠭ᠎ᠠ ᠲᠠᠯᠪᠢᠭᠰᠠᠨ ᠪᠠᠢᠨ᠎ᠠ᠃ ᠭᠡᠪᠡᠴᠦ ᠥᠷᠭᠡᠨ ᠣᠯᠠᠨ ᠮᠠᠯᠴᠢᠳ ᠨᠢ ᠳᠤᠭᠤᠢᠯᠠᠩ ᠤ᠋ᠨ ᠲᠦᠰᠢᠭ ᠲᠤᠯᠭᠠᠭᠤᠷᠢ ᠳᠣᠣᠷ᠎ᠠ ᠡᠨᠡ ᠬᠦ᠌ ᠲᠥᠯᠥᠪᠦᠷᠢ ᠶ᠋ᠢᠨ ᠲᠤᠰᠬᠠᠯ ᠤ᠋ᠨ ᠮᠥᠩᠭᠥ ᠶ᠋ᠢ ᠬᠦᠯᠢᠶᠡᠨ ᠠᠪᠬᠤ ᠦᠭᠡᠢ ᠡᠯᠳᠡᠪ ᠰᠢᠯᠲᠠᠭᠠᠨ ᠳᠤᠷᠠᠳᠴᠤ᠄《ᠡᠨᠡ ᠵᠢᠯ ᠭᠠᠩ ᠭᠠᠴᠢᠭ ᠬᠦᠨᠳᠦ ᠰᠦᠷᠡᠬᠡᠢ ᠪᠣᠯᠪᠠ》 ᠭᠡᠬᠦ ᠪᠤᠶᠤ《 ᠡᠨᠡ ᠵᠢᠯ ᠡᠨᠳᠡ ᠡᠷᠲᠡ ᠬᠢᠷᠠᠭᠤ ᠤᠨᠠᠵᠤ ᠬᠤᠷᠢᠶᠠᠯᠲᠠ ᠦᠭᠡᠢ ᠪᠣᠯᠪᠠ》 ᠭᠡᠵᠦ ᠮᠡᠳᠡᠭᠦᠯᠦᠨ ᠲᠡᠳᠡᠭᠡᠷ ᠲᠥᠯᠥᠪᠦᠷᠢ ᠶ᠋ᠢᠨ ᠮᠥᠩᠭᠥ ᠥᠭᠬᠦ ᠶ᠋ᠢ ᠡᠰᠡᠷᠭᠦᠴᠡᠨ ᠤᠳᠠᠭᠠᠰᠢᠷᠠᠭᠤᠯᠵᠤ ᠪᠠᠢᠯ᠎ᠠ᠃ ᠡᠨᠡ ᠬᠦ᠌ ᠪᠠᠢᠳᠠᠯ ᠳᠣᠣᠷ᠎ᠠ ᠬᠣᠰᠢᠭᠤ ᠨᠣᠶᠠᠨ ᠴᠠᠭᠳᠤᠷᠰᠡᠷᠡᠩ ᠬᠡᠪᠲᠦ ᠶᠣᠰᠣᠲᠤ ᠶ᠋ᠢᠨ ᠭᠤᠷᠪᠠᠳᠤᠭᠠᠷ ᠣᠨ(1911) ᠦ᠌ ᠵᠤᠨ ᠤ᠋ ᠰᠡᠭᠦᠯ ᠰᠠᠷ᠎ᠠ ᠶ᠋ᠢᠨ ᠰᠢᠨ᠎ᠡ ᠶ᠋ᠢᠨ ᠨᠠᠢ᠍ᠮᠠᠨ ᠳ᠋ᠤ᠌ ᠪᠠᠨᠴᠢᠨ ᠰᠦᠮ᠎ᠡ ᠳᠡᠭᠡᠷ᠎ᠡ ᠶᠡᠬᠡ ᠴᠢᠭᠤᠯᠭᠠᠨ ᠴᠢᠭᠤᠯᠭᠠᠯᠠᠵᠤ᠂ ᠦᠦᠰᠢᠨ ᠦ᠌ ᠳᠤᠭᠤᠢᠯᠠᠩ ᠤ᠋ᠨ ᠬᠥᠳᠡᠯᠭᠡᠭᠡᠨ ᠢ᠋ ᠡᠷᠡᠰ ᠳᠠᠷᠤᠩᠭᠤᠢᠯᠠᠬᠤ ᠪᠠᠷ ᠲᠣᠭᠲᠠᠭᠰᠠᠨ ᠪᠥᠭᠡᠳ ᠪᠠᠷᠰᠤᠬᠠᠢ ᠲᠠᠪᠢᠨ ᠥᠷᠲᠡᠭᠡ ᠲᠡᠢ ᠵᠠᠬ᠎ᠠ ᠬᠢᠵᠠᠭᠠᠷ ᠵᠠᠯᠭᠠᠯᠳᠤᠵᠤ ᠪᠠᠢᠭᠰᠠᠨ ᠵᠡᠭᠦᠨ ᠬᠣᠢᠰᠢ ᠪᠠᠨ ᠬᠠᠩᠭᠢᠨ ᠬᠤᠰᠢᠭᠤᠨ ᠤ᠋ ᠰᠠᠪᠠ᠂ ᠵᠡᠭᠦᠨᠰᠢ ᠪᠡᠨ ᠵᠢᠶᠦ᠋ᠨ ᠸᠠᠩ ᠤ᠋ᠨ ᠬᠤᠰᠢᠭᠤᠨ ᠤ᠋ ᠰᠠᠪᠠ ᠠᠭᠤᠯᠵᠠᠷ ᠳᠠᠬᠢ ᠦᠦᠰᠢᠨ ᠬᠤᠰᠢᠭᠤᠨ ᠤ᠋ ᠨᠠᠷᠢᠨ ᠰᠢᠯᠢ᠂ ᠠᠳᠤᠤᠬᠠᠢ᠂ ᠪᠤᠬᠠᠨᠳᠠᠢ᠂ ᠪᠠᠪᠠᠨᠳᠠᠢ᠂ ᠬᠠᠰᠢᠶᠠᠲᠤ᠂ ᠲᠤᠩᠭᠠᠯᠠᠭ ᠤ᠋ᠨ ᠭᠣᠣᠯ ᠵᠡᠷᠭᠡ ᠥᠷᠭᠡᠨ ᠠᠭᠤᠳᠠᠮ ᠥᠩ ᠰᠢᠮᠡᠯᠢᠭ ᠨᠤᠲᠤᠭ ᠪᠡᠯᠴᠢᠭᠡᠷ ᠢ᠋ᠶ᠋ᠡᠨ ᠱᠠᠨᠰᠢ ᠮᠣᠵᠢ ᠶ᠋ᠢᠨ ᠰᠠᠢᠨᠲᠤᠷ᠎ᠠ ᠰᠢᠶᠠᠨ ᠤ᠋ ᠯᠢᠦᠢ ᠾᠧᠦ ᠳ᠋ᠠᠨ ᠤ᠋ ᠪᠦᠯᠦᠭ ᠲᠦ᠍ ᠲᠦᠷᠢᠶᠡᠰᠦ ᠪᠡᠷ ᠳᠠᠷᠤᠵᠤ ᠥᠭᠭᠦᠭᠡᠳ᠂ ᠡᠨᠡ ᠬᠡᠰᠡᠭ ᠭᠠᠵᠠᠷ ᠤ᠋ᠨ ᠡᠪᠡᠰᠦ ᠪᠡᠯᠴᠢᠭᠡᠷ ᠦ᠋ᠨ ᠠᠴᠤᠭ᠂ ᠨᠤᠲᠤᠭ ᠳᠡᠪᠢᠰᠬᠡᠷ ᠦ᠋ᠨ ᠲᠦᠷᠢᠶᠡᠰᠦ ᠶ᠋ᠢ ᠴᠥᠮ ᠠᠪᠬᠤ ᠦᠭᠡᠢ ᠪᠡᠷ ᠲᠣᠭᠲᠠᠭᠠᠵᠤ᠂ ᠬᠡᠳᠦᠨ ᠵᠢᠯ ᠢ᠋ᠶ᠋ᠡᠷ ᠨᠡᠬᠡᠯᠴᠡᠭᠡᠳ ᠰᠠᠯᠳᠠᠭ ᠦᠭᠡᠢ ᠥᠷᠢ ᠴᠢᠷᠦᠭᠳᠡᠯ ᠢ᠋ᠶ᠋ᠡᠨ ᠢᠯᠭᠠᠷᠠᠭᠤᠯᠤᠭᠰᠠᠨ ᠪᠠᠢᠨ᠎ᠠ᠃ ᠡᠢᠮᠦ ᠡᠴᠡ ᠳᠤᠮᠳᠠᠳᠤ ᠢᠷᠭᠡᠨ ᠤᠯᠤᠰ ᠤ᠋ᠨ ᠦᠶ᠎ᠡ ᠳ᠋ᠦ᠍ ᠡᠨᠡ ᠬᠦ᠌ ᠬᠡᠰᠡᠭ ᠭᠠᠵᠠᠷ ᠨᠤᠲᠤᠭ ᠢ᠋ ᠰᠠᠢᠨᠲᠤᠷ᠎ᠠ ᠰᠢᠶᠠᠨ ᠤ᠋ ᠳᠣᠯᠣᠳᠤᠭᠠᠷ ᠴᠢᠦᠢ(ᠨᠤᠲᠤᠭ) ᠭᠡᠮᠡᠨ ᠬᠤᠪᠢᠶᠠᠵᠤ ᠨᠡᠷᠡᠯᠡᠵᠦ ᠪᠠᠢᠭᠠᠳ ᠴᠢᠯᠥᠭᠡᠯᠡᠭᠳᠡᠭᠰᠡᠨ ᠦ᠌ ᠳᠠᠷᠠᠭ᠎ᠠ ᠣᠳᠣ ᠶ᠋ᠢᠨ ᠶᠡᠬᠡ ᠵᠣᠣ ᠠᠢᠮᠠᠭ ᠤ᠋ᠨ ᠡᠵᠡᠨ ᠬᠣᠷᠣᠭ᠎ᠠ ᠬᠤᠰᠢᠭᠤᠨ ᠳ᠋ᠤ᠌ ᠬᠤᠪᠢᠶᠠᠨ ᠣᠷᠣᠭᠤᠯᠤᠭᠰᠠᠨ ᠶᠤᠮ᠃
ᠡᠨᠡ ᠤᠳᠠᠭ᠎ᠠ ᠶ᠋ᠢᠨ ᠦᠦᠰᠢᠨ ᠬᠤᠰᠢᠭᠤᠨ ᠤ᠋ ᠳᠤᠭᠤᠢᠯᠠᠩ ᠤ᠋ᠨ ᠬᠥᠳᠡᠯᠭᠡᠭᠡᠨ ᠨᠢ1901 ᠣᠨ ᠠ᠋ᠴᠠ ᠬᠣᠢᠰᠢ ᠡᠬᠢᠯᠡᠵᠦ ᠪᠠᠶᠠᠨᠰᠠᠢᠨ᠂ ᠷᠠᠭᠪᠠᠵᠠᠯᠰᠠᠨ᠂ ᠴᠣᠭᠲᠤᠸᠴᠢᠷ᠂ ᠨᠠᠰᠤᠨᠪᠠᠲᠤ᠂ ᠤᠸᠠ᠂ ᠨᠠᠷ ᠤ᠋ᠨ ᠤᠳᠤᠷᠢᠳᠤᠯᠭ᠎ᠠ ᠳᠣᠣᠷ᠎ᠠ ᠨᠤᠲᠤᠭ ᠪᠡᠯᠴᠢᠭᠡᠷ ᠢ᠋ᠶ᠋ᠡᠨ ᠬᠠᠮᠠᠭᠠᠯᠠᠵᠤ᠂ ᠥᠷᠭᠡᠨ ᠣᠯᠠᠨ ᠮᠠᠯᠴᠢᠨ ᠠᠷᠠᠳ ᠤ᠋ᠨ ᠢ᠋ᠶ᠋ᠠᠨ ᠠᠰᠢᠭ ᠲᠤᠰᠠ ᠶ᠋ᠢ ᠬᠠᠮᠠᠭᠠᠯᠠᠬᠤ ᠪᠠᠷ ᠭᠣᠣᠯ ᠠᠭᠤᠯᠭ᠎ᠠ ᠪᠠᠨ ᠪᠣᠯᠭᠠᠭᠰᠠᠨ ᠣᠯᠠᠨ ᠲᠦᠮᠡᠨᠴᠢ ᠴᠢᠨᠠᠷᠲᠠᠢ ᠬᠥᠳᠡᠯᠭᠡᠭᠡᠨ ᠪᠠᠢᠭᠰᠠᠨ ᠠ᠋ᠴᠠ ᠪᠠᠨ ᠠᠷᠪᠠ ᠭᠠᠷᠤᠢ ᠵᠢᠯ ᠦ᠋ᠨ ᠲᠤᠷᠰᠢᠬᠢ ᠲᠡᠮᠡᠴᠡᠯ ᠢ᠋ᠶ᠋ᠡᠷ ᠳᠠᠮᠵᠢᠭᠠᠳ1911 ᠣᠨ ᠳ᠋ᠤ᠌ ᠬᠠᠯᠢᠭᠤᠲᠤ ᠶ᠋ᠢᠨ ᠵᠡᠭᠦᠨ ᠬᠣᠢᠲᠤ ᠨᠡᠮᠡᠬᠦ ᠶ᠋ᠢᠨ ᠴᠠᠢᠳᠠᠮ ᠭᠡᠳᠡᠭ ᠭᠠᠵᠠᠷ ᠳᠤᠭᠤᠢᠯᠠᠩ ᠤ᠋ᠨ ᠴᠤᠭᠯᠠᠭᠠᠨ ᠪᠣᠯᠵᠤ ᠥᠯᠵᠡᠢᠵᠢᠷᠭᠠᠯ ᠰᠢᠨᠠᠯᠠᠮ᠎ᠠ ᠪᠠᠷ ᠲᠦᠷᠦᠭᠦᠦ ᠪᠣᠯᠭᠠᠭᠰᠠᠨ ᠠᠷᠪᠠᠨ ᠨᠢᠭᠡᠨ ᠳᠤᠭᠤᠢᠯᠠᠩ ᠤ᠋ᠨ ᠳᠣᠲᠣᠷ᠎ᠠ ᠠ᠋ᠴᠠ ᠢᠳᠡᠪᠬᠢᠲᠡᠨ ᠢ᠋ᠶ᠋ᠡᠨ ᠰᠣᠩᠭᠣᠵᠤ᠂《ᠣᠯᠠᠨ ᠤ᠋ ᠵᠥᠪᠯᠡᠯ》 ᠢ᠋ ᠪᠠᠢᠭᠤᠯᠵᠤ᠂ ᠨᠤᠲᠤᠭ ᠤᠰᠤ ᠪᠠᠨ ᠬᠠᠮᠠᠭᠠᠯᠠᠬᠤ ᠪᠠᠷ ᠤᠷᠢᠳᠠᠯ ᠪᠣᠯᠭᠠᠭᠰᠠᠨ ᠲᠡᠮᠡᠴᠡᠯ ᠢᠶᠡᠨ ᠨᠡᠩ ᠭᠦᠨᠵᠡᠭᠡᠢᠷᠡᠭᠦᠯᠦᠨ ᠨᠢᠭᠡᠨ ᠠᠷᠠᠳᠴᠢᠯᠠᠭᠰᠠᠨ ᠬᠤᠪᠢᠰᠬᠠᠯᠲᠤ ᠬᠥᠳᠡᠯᠭᠡᠭᠡᠨ ᠪᠣᠯᠵᠤ ᠦᠦᠰᠢᠨ ᠬᠤᠰᠢᠭᠤᠨ ᠤ᠋ ᠵᠠᠰᠠᠭ ᠨᠣᠶᠠᠨ ᠴᠠᠭᠳᠤᠷᠰᠡᠷᠡᠩ ᠦ᠋ᠨ ᠵᠠᠰᠠᠭ ᠤ᠋ᠨ ᠡᠷᠬᠡ ᠶ᠋ᠢ ᠨᠢ ᠬᠠᠰᠤᠵᠤ ᠠᠭᠤᠤ ᠶᠡᠬᠡ ᠠᠷᠠᠳᠴᠢᠯᠠᠭᠰᠠᠨ ᠬᠤᠪᠢᠰᠬᠠᠯ ᠦᠦᠰᠢᠨ ᠬᠤᠰᠢᠭᠤᠨ ᠳ᠋ᠤ᠌ ᠠᠩᠬ᠎ᠠ ᠤᠳᠠᠭ᠎ᠠ ᠢᠯᠠᠯᠲᠠ ᠣᠯᠵᠤ ᠪᠦᠬᠦ ᠴᠢᠭᠤᠯᠭᠠᠨ᠂ ᠴᠢᠨᠠᠭᠰᠢᠯᠠᠨ ᠤᠯᠤᠰ ᠣᠷᠣᠨ ᠢ᠋ ᠴᠦ᠍ ᠳᠣᠩᠰᠣᠯᠭᠠᠭᠰᠠᠨ ᠪᠠᠢᠨ᠎ᠠ᠃
— — — —
①《ᠶᠡᠬᠡ ᠵᠣᠣ ᠶ᠋ᠢᠨ ᠰᠣᠶᠣᠯ ᠲᠡᠦᠬᠡ ᠶ᠋ᠢᠨ ᠮᠠᠲ᠋ᠧᠷᠢᠶᠠᠯ》 ᠤ᠋ᠨ ᠳᠣᠯᠣᠳᠤᠭᠠᠷ ᠡᠮᠬᠢᠳᠬᠡᠯ᠂1996 ᠣᠨ ᠤ᠋ ᠬᠡᠪᠯᠡᠯ᠂ ᠡᠷᠬᠡᠰᠡᠴᠡᠨ ᠦ᠌ ᠵᠣᠬᠢᠶᠠᠯ᠃
ᠵᠡᠭᠦᠯᠲᠡ
ᠲᠤᠰ ᠥᠭᠦᠯᠡᠯ ᠳ᠋ᠦ᠍《᠁ ᠴᠢᠭᠤᠯᠭᠠᠨ ᠳᠠᠷᠤᠭ᠎ᠠ᠂ ᠠᠷᠪᠢᠨᠪᠠᠶᠠᠷ ᠪᠡᠶ᠎ᠡ ᠪᠡᠷ ᠢ᠋ᠶ᠋ᠡᠨ ᠦᠦᠰᠢᠨ ᠬᠤᠰᠢᠭᠤᠨ ᠳ᠋ᠤ᠌ ᠬᠦᠷᠴᠦ ᠨᠡᠷ᠎ᠡ ᠮᠠᠭᠤᠲᠤ ᠬᠠᠯᠢᠭᠤᠲᠤ ᠶ᠋ᠢᠨ ᠴᠢᠭᠤᠯᠭᠠᠨ ᠢ᠋ ᠬᠤᠷᠠᠯᠳᠤᠭᠤᠯᠵᠤ᠁》 ᠭᠡᠵᠦ ᠪᠢᠴᠢᠵᠦ ᠪᠣᠢ᠃ ᠵᠠᠷᠢᠮ ᠪᠤᠭᠤᠷᠤᠯᠴᠤᠳ ᠤ᠋ᠨ ᠬᠡᠯᠡᠬᠦ ᠪᠡᠷ᠂ ᠬᠠᠩᠭᠢᠨ ᠳᠠ ᠠᠷᠪᠢᠨᠪᠠᠶᠠᠷ1909 ᠣᠨ ᠳ᠋ᠤ᠌ ᠦᠦᠰᠢᠨ ᠬᠤᠰᠢᠭᠤᠨ ᠤ᠋ ᠰᠢᠨᠡᠰᠦᠮ᠎ᠡ ᠳ᠋ᠦ᠍ ᠢᠷᠡᠵᠦ ᠴᠢᠭᠤᠯᠭᠠᠨ ᠴᠢᠭᠤᠯᠭᠠᠯᠠᠵᠤ᠂ ᠳᠠᠷᠠᠭ᠎ᠠ ᠵᠢᠯ ᠨᠢ1910 ᠣᠨ ᠳ᠋ᠤ᠌ ᠳᠠᠬᠢᠨ ᠪᠠᠰᠠ ᠰᠢᠨᠡᠰᠦᠮ᠎ᠡ ᠳᠡᠭᠡᠷ᠎ᠡ ᠢᠷᠡᠵᠦ ᠴᠢᠭᠤᠯᠠᠭᠠᠯᠠᠵᠤ᠂ ᠳᠤᠭᠤᠢᠯᠠᠩ ᠤ᠋ᠨ ᠬᠥᠮᠦᠰ ᠢ᠋ ᠶᠠᠯᠠᠳᠠᠵᠤ ᠲᠠᠷᠬᠠᠭᠠᠭᠰᠠᠨ ᠪᠥᠭᠡᠳ ᠸᠠᠩ ᠬᠦᠩ ᠨᠣᠶᠠᠳ ᠪᠠ ᠬᠠᠷᠠᠴᠤᠳ ᠬᠠᠮᠲᠤ ᠪᠠᠷ ᠰᠠᠬᠢᠬᠤ ᠳᠦᠷᠢᠮ ᠭᠣᠷᠢᠮ ᠢ᠋ ᠲᠣᠭᠲᠠᠭᠠᠭᠰᠠᠨ ᠭᠡᠨ᠎ᠡ᠃ ᠸᠠᠩ ᠪᠤᠤ ᠱᠠᠨ ᠤ᠋《ᠰᠢᠨᠠᠯᠠᠮ᠎ᠠ ᠶ᠋ᠢᠨ ᠴᠢᠬᠤᠯᠠ ᠦᠢᠯᠡ ᠶᠠᠪᠤᠳᠠᠯ ᠤ᠋ᠨ ᠲᠣᠪᠴᠢᠶᠠᠨ》 ᠭᠡᠬᠦ ᠨᠣᠮ ᠳ᠋ᠤ᠌ ᠴᠤ᠌ ᠡᠨᠡ ᠬᠡᠯᠡᠯᠭᠡ ᠪᠡᠷ ᠪᠢᠴᠢᠵᠦ ᠪᠣᠢ᠃
ᠦᠨᠡᠨ ᠳ᠋ᠡᠭᠡᠨ᠂ ᠡᠨᠡ ᠤᠳᠠᠭᠠᠨ ᠤ᠋ ᠴᠢᠭᠤᠯᠭᠠᠨ ᠢ᠋ ᠦᠦᠰᠢᠨ ᠬᠤᠰᠢᠭᠤᠨ ᠤ᠋ ᠳᠠᠷᠬᠠᠨ ᠯᠠᠮᠠ ᠶ᠋ᠢᠨ ᠰᠦᠮ᠎ᠡ ᠳᠡᠭᠡᠷ᠎ᠡ ᠴᠢᠭᠤᠯᠭᠠᠯᠠᠭᠰᠠᠨ ᠶᠤᠮ᠃ ᠲᠤᠰ ᠳ᠋ᠤᠭᠠᠷ ᠲᠤ᠌ ᠰᠡᠢᠷᠡᠭᠦᠯᠦᠭᠰᠡᠨ ᠥᠭᠦᠯᠡᠯ ᠳ᠋ᠦ᠍《᠁ ᠲᠠᠢᠵᠢ ᠡᠷᠳᠡᠨᠢᠰᠠᠩ᠂ ᠠᠷᠠᠳ ᠮᠥᠩᠬᠡᠪᠤᠶᠠᠨ᠂ ᠪᠠᠲᠤᠪᠤᠶᠠᠨ ᠭᠤᠷᠪᠠᠭᠤᠯᠠ ᠶ᠋ᠢ ᠪᠠᠷᠢᠵᠤ ᠳ᠋ᠦᠩᠱᠧᠩ ᠲᠢᠩᠬᠢᠮ ᠳ᠋ᠦ᠍ ᠲᠤᠰᠢᠶᠠᠭᠰᠠᠨ᠁》 ᠭᠡᠵᠦ ᠪᠢᠴᠢᠵᠦ ᠪᠣᠢ᠂ ᠡᠭᠦᠨ ᠢ᠋ ᠨᠡᠩ ᠲᠣᠳᠣᠷᠬᠠᠢᠯᠠᠪᠠᠰᠤ ᠲᠤᠰ ᠴᠢᠭᠤᠯᠭᠠᠨ ᠠ᠋ᠴᠠ ᠮᠥᠩᠬᠡᠪᠤᠶᠠᠨ ᠢ᠋ ᠠᠯᠠᠬᠤ ᠪᠠᠷ ᠲᠣᠭᠲᠠᠭᠠᠭᠰᠠᠨ ᠭᠡᠨ᠎ᠡ᠃ ᠭᠡᠪᠡᠴᠦ ᠮᠥᠩᠬᠡᠪᠤᠶᠠᠨ ᠡᠨᠡ ᠴᠢᠮᠡᠭᠡ ᠠᠨᠢᠷ ᠢ᠋ ᠨᠢᠭᠤᠴᠠ ᠪᠠᠷ ᠰᠣᠨᠣᠰᠤᠭᠠᠳ ᠤᠶᠠᠭ᠎ᠠ ᠪᠠᠨ ᠲᠠᠢᠯᠵᠤ ᠳᠤᠲᠠᠭᠠᠭᠰᠠᠨ ᠲᠤᠯᠠ ᠲᠡᠭᠦᠨ ᠦ᠌ ᠳᠡᠭᠦᠦ ᠯᠠᠮᠠ(ᠨᠡᠷ᠎ᠡ ᠶ᠋ᠢ ᠨᠢ ᠮᠡᠳᠡᠬᠦ ᠦᠭᠡᠢ) ᠶ᠋ᠢ ᠨᠢ ᠮᠥᠩᠬᠡᠪᠤᠶᠠᠨ ᠤ᠋ ᠣᠷᠣᠨ ᠳ᠋ᠤ᠌ ᠵᠣᠯᠢᠶ᠎ᠠ ᠪᠣᠯᠭᠠᠵᠤ ᠠᠯᠠᠭᠰᠠᠨ ᠭᠡᠳᠡᠭ᠃ ᠮᠥᠩᠬᠡᠪᠤᠶᠠᠨ ᠤ᠋ ᠳᠤᠲᠠᠭᠠᠵᠤ ᠭᠠᠷᠤᠭᠰᠠᠨ ᠲᠤᠬᠠᠢ ᠵᠣᠬᠢᠶᠠᠭᠰᠠᠨ ᠳᠠᠭᠤᠤ ᠶ᠋ᠢᠨ ᠰᠢᠯᠦᠭ ᠲᠦ᠍᠄《ᠳᠠᠯᠠᠨ ᠵᠢᠩ ᠦ᠋ᠨ ᠲᠡᠮᠦᠷ ᠭᠢᠨᠵᠢ ᠶ᠋ᠢ ᠲᠠᠰᠤᠯᠵᠤ ᠠᠮᠠᠷᠠᠯ᠎ᠠ ᠳᠠ/ ᠳᠠᠷᠬᠠᠨ ᠯᠠᠮᠠ ᠶ᠋ᠢᠨ ᠰᠦᠮ᠎ᠡ ᠶ᠋ᠢᠨ ᠠᠷᠤ ᠪᠠᠷ/ ᠳᠤᠲᠠᠭᠠᠭᠠᠳ ᠭᠠᠷᠤᠯ᠎ᠠ ᠪᠢ/ ᠬᠠᠷ᠎ᠠ ᠰᠠᠭᠠᠷᠠᠯ ᠮᠣᠷᠢᠨ ᠤ᠋ ᠪᠠᠨ ᠪᠤᠶᠠᠨ ᠳ᠋ᠤ᠌/ ᠬᠠᠩᠭᠢᠨ ᠬᠤᠰᠢᠭᠤᠨ ᠳ᠋ᠤ᠌ ᠬᠦᠷᠦᠯ᠎ᠡ ᠪᠢ/ ᠬᠠᠷᠢᠨ ᠴᠤ᠌ ᠨᠠᠮᠠᠶ᠋ᠢ ᠪᠠᠨ ᠢᠩᠭᠢᠬᠦ ᠶ᠋ᠢ ᠮᠡᠳᠡᠭᠰᠡᠨ ᠪᠣᠯ/ ᠬᠠᠢᠷᠠᠨ ᠴᠤ᠌ ᠵᠣ᠌ ᠢ ᠪᠠᠢᠵᠠᠢ》 ᠭᠡᠵᠦ ᠪᠣᠢ᠃ ᠡᠨᠡ ᠨᠢ ᠥᠨᠥ ᠪᠣᠯᠲᠠᠯ᠎ᠠ ᠣᠷᠳᠣᠰ ᠠᠷᠠᠳ ᠤ᠋ᠨ ᠳᠠᠭᠤᠤ ᠪᠠᠷ ᠳᠠᠭᠤᠯᠠᠭᠳᠠᠵᠤ ᠪᠠᠢᠭᠰᠠᠭᠠᠷ᠃ ᠡᠭᠦᠨ ᠡᠴᠡ ᠦᠵᠡᠪᠡᠯ ᠥᠨᠥ ᠶ᠋ᠢᠨ ᠦᠦᠰᠢᠨ ᠬᠤᠰᠢᠭᠤᠨ ᠤ᠋ ᠲᠤᠭ ᠰᠤᠮᠤᠨ ᠳ᠋ᠠᠬᠢ ᠳᠠᠷᠬᠠᠨ ᠯᠠᠮᠠ ᠭᠠᠴᠠᠭᠠᠨ ᠤ᠋ ᠳᠠᠷᠬᠠᠨ ᠯᠠᠮᠠ ᠶ᠋ᠢᠨ ᠰᠦᠮ᠎ᠡ ᠳᠡᠭᠡᠷ᠎ᠡ ᠴᠢᠭᠤᠯᠭᠠᠯᠠᠭᠰᠠᠨ ᠪᠠᠢᠵᠤ ᠮᠡᠳᠡᠨ᠎ᠡ᠃
ᠦᠰᠦᠭ ᠠᠮᠢᠯᠠᠭᠤᠯᠤᠭᠴᠢ᠄ ᠴᠤᠯᠮᠤᠨᠭᠡᠷᠡᠯ᠂ ᠰᠠᠷᠠᠨᠲᠤᠶᠠᠭ᠎ᠠ᠂ ᠪᠠᠯ ᠣᠶᠤᠨᠪᠠᠲᠤ᠂ ᠪᠠᠳᠮᠠᠰᠡᠴᠡᠨ
ᠬᠢᠨᠠᠭᠴᠢ᠄ ᠣᠳᠬᠣᠨᠴᠡᠴᠡᠭ᠂ ᠮᠧᠢ ᠬᠤᠸᠠ᠂ ᠴᠤᠯᠮᠤᠨᠭᠡᠷᠡᠯ᠂ ᠣᠶᠤᠨᠪᠠᠲᠤ᠂ ᠤᠢᠭᠤᠷᠵᠢᠨ·ᠣᠳᠬᠣᠨᠪᠠᠪᠠ᠂ ᠪᠠᠯ
