ᠪᠣᠷᠣᠭᠠᠨ - ᠪ· ᠡᠷᠬᠢᠮᠵᠢᠷᠭᠠᠯ Boroon-B·ÉrhémžargaБороон-Б·Эрхэмжаргал ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠷᠣᠭᠠᠨ - ᠪ· ᠡᠷᠬᠢᠮᠵᠢᠷᠭᠠᠯ Boroon-B·ÉrhémžargaБороон-Б·Эрхэмжаргал

ᠪᠣᠷᠣᠭᠠᠨ - ᠪ· ᠡᠷᠬᠢᠮᠵᠢᠷᠭᠠᠯ Boroon-B·ÉrhémžargaБороон-Б·Эрхэмжаргал

2025-08-31

1465

ᠪᠣᠷᠣᠭᠠᠨ

   ᠦᠭᠡ᠄ ᠪ· ᠡᠷᠬᠢᠮᠵᠢᠷᠭᠠᠯ 
   ᠤᠶᠠᠩᠭᠠᠯᠠᠭᠴᠢ᠄ ᠠᠰᠬᠠᠨ 

ᠨᠤᠲᠤᠭ ᠲᠤ᠌ 
ᠪᠣᠷᠣᠭᠠᠨ ᠣᠷᠣᠬᠤ ᠶ᠋ᠢ 
ᠬᠦᠰᠡᠨ᠎ᠡ ᠪᠢ 

ᠨᠣᠭᠣᠭᠠᠨ ᠳ᠋ᠤ᠌ 
ᠮᠠᠯ ᠴᠠᠳᠬᠤ ᠶ᠋ᠢ 
ᠬᠠᠷᠠᠨ᠎ᠠ ᠪᠢ 

ᠵᠠᠳᠠᠭᠠᠢ ᠳ᠋ᠤ᠌ 
ᠰᠢᠪᠠᠭᠤᠳ ᠤᠮᠪᠠᠬᠤ ᠶ᠋ᠢ 
ᠰᠣᠨᠢᠷᠬᠠᠨ᠎ᠠ ᠪᠢ 

ᠵᠢᠷᠭᠠᠯ ᠲᠠᠢ
ᠮᠠᠯᠴᠢᠳ ᠠᠮᠢᠳᠤᠷᠠᠬᠤ ᠶ᠋ᠢ
ᠢᠲᠡᠭᠡᠨ᠎ᠡ ᠪᠢ

ᠡᠭᠦᠳᠡᠨ ᠳ᠋ᠦ᠍
ᠬᠠᠷᠢᠶᠠᠴᠠᠢ ᠶᠠᠷᠢᠬᠤ ᠶ᠋ᠢ 
ᠰᠣᠨᠣᠰᠤᠨ᠎ᠠ ᠪᠢ

ᠡᠵᠢ ᠳ᠋ᠦ᠍ ᠪᠡᠨ
《ᠮᠥᠩᠬᠡ ᠶ᠋ᠢᠨ ᠤᠰᠤ》 ᠶ᠋ᠢ
ᠰᠠᠨᠠᠨ᠎ᠠ ᠪᠢ᠃

  ᠦᠰᠦᠭ ᠠᠮᠢᠯᠠᠭᠤᠯᠤᠭᠴᠢ᠄ ᠭᠡᠷᠡᠯ
  ᠦᠰᠦᠭ ᠬᠠᠳᠠᠭᠴᠢ᠄ ᠪᠠᠢ· ᠰᠠᠷᠠᠨ᠎ᠠ