ᠪᠤᠳᠠᠭᠠᠴᠢᠨ ᠬᠦᠦ-ᠲᠠᠩᠭᠤᠳ ᠤ᠋ᠨ ᠭᠠᠯᠰᠠᠩBudaachin khüü-Tangadyn GalsanБудаачин хүү-Тангадын Галсан
ᠪᠤᠳᠠᠭᠠᠴᠢᠨ ᠬᠦᠦ
ᠨᠠᠢᠷᠠᠭᠤᠯᠤᠭᠰᠠᠨ ᠨᠢ᠄ ᠲᠠᠩᠭᠤᠳ ᠤ᠋ᠨ ᠭᠠᠯᠰᠠᠩ
ᠬᠥᠷᠪᠡᠭᠦᠯᠦᠭᠰᠡᠨ ᠨᠢ ᠄ ᠪᠡ᠊ · ᠳᠠᠮᠳᠢᠨᠰᠦ᠋ᠷᠦᠩ
1957 ᠣᠨ ᠳ᠋ᠤ᠌ ᠮᠣᠩᠭᠣᠯ ᠤ᠋ᠨ ᠵᠣᠬᠢᠶᠠᠯᠴᠢᠳ ᠤ᠋ᠨ ᠬᠣᠶᠠᠳᠤᠭᠠᠷ ᠶᠡᠬᠡ ᠬᠤᠷᠠᠯ ᠬᠤᠷᠠᠯᠳᠤᠵᠠᠢ᠃ ᠡᠨᠡ ᠬᠤᠷᠠᠯ ᠳ᠋ᠤ᠌ ᠣᠷᠣᠰ《ᠺᠣᠮᠢᠰᠰᠠᠷ》 ᠲᠠᠢ ᠪᠤᠷᠢᠶᠠᠳ ᠵᠣᠬᠢᠶᠠᠯᠴᠢ᠂ ᠬᠢᠲᠠᠳ《ᠺᠠᠲ᠋ᠠᠷ》 ᠲᠠᠢ ᠥᠪᠥᠷ ᠮᠣᠩᠭᠣᠯ ᠵᠣᠬᠢᠶᠠᠯᠴᠢ ᠢᠷᠡᠵᠡᠭᠡᠭᠰᠡᠨ ᠨᠢ《ᠶᠡᠬᠡ ᠭᠦᠷᠦᠨ ᠳ᠋ᠦ᠍ ᠪᠠᠭ᠎ᠠ ᠦᠨᠳᠦᠰᠦᠲᠡᠨ ᠦ᠌ ᠣᠣᠬᠠ ᠵᠣᠬᠢᠶᠠᠯ ᠴᠣ ᠬᠥᠭᠵᠢᠵᠦ ᠯᠡ ᠪᠠᠢᠳᠠᠭ ᠶᠤᠮ ᠰᠢᠦ! ᠪᠢᠳᠡ ᠪᠠᠭ᠎ᠠ ᠶᠠᠰᠤᠲᠠᠨ ᠦᠨᠳᠦᠰᠦᠲᠡᠨ ᠦ᠌ ᠬᠡᠯᠡ ᠰᠣᠶᠣᠯ ᠢ᠋ ᠤᠰᠠᠳᠬᠠᠳᠠᠭ ᠦᠭᠡᠢ ᠤᠯᠠᠮ ᠬᠥᠭᠵᠢᠭᠦᠯᠬᠦ ᠤᠷᠤᠭᠰᠢᠯᠠᠭᠤᠯᠤᠨ ᠴᠡᠴᠡᠭᠯᠡᠭᠦᠯᠵᠦ ᠪᠠᠢᠳᠠᠭ ᠰᠢᠦ》 ᠭᠡᠰᠡᠨ ᠤᠯᠤᠰ ᠲᠥᠷᠥ ᠶ᠋ᠢᠨ ᠳᠠᠯᠳᠠ ᠤᠳᠬ᠎ᠠ ᠶ᠋ᠢ ᠢᠯᠡᠳᠬᠡᠭᠰᠡᠨ ᠨᠢ ᠢᠯᠡᠷᠬᠡᠢ᠃ ᠡᠭᠦᠨ ᠢ᠋ ᠵᠦᠩ ᠰᠤᠪᠢᠨ ᠢ᠋ᠶ᠋ᠠᠷ ᠢ᠋ᠶ᠋ᠠᠨ ᠮᠡᠳᠡᠷᠡᠭᠰᠡᠨ ᠪᠠ᠊ · ᠷᠢᠨᠴᠢᠨ ᠭᠤᠸᠠᠢ ᠶᠡᠬᠡ ᠬᠤᠷᠠᠯ ᠤ᠋ᠨ ᠵᠠᠪᠰᠠᠷᠯᠠᠭ᠎ᠠ ᠬᠢᠲᠠᠳ ᠤ᠋ᠨ ᠲᠥᠯᠥᠭᠡᠯᠡᠭᠴᠢᠳ ᠲᠡᠢ ᠠᠭᠤᠯᠵᠠᠩᠬᠠᠨ
— ᠮᠠᠯᠴᠢᠨᠬᠦᠦ ᠭᠤᠸᠠᠢ᠂ ᠲᠠ ᠵᠣᠬᠢᠶᠠᠯ ᠢ᠋ᠶ᠋ᠠᠨ ᠶᠠᠮᠠᠷ ᠬᠡᠯᠡ ᠪᠡᠷ ᠲᠤᠭᠤᠷᠪᠢᠳᠠᠭ ᠪᠣᠢ? ᠭᠡᠵᠦ ᠰᠤᠨᠵᠢᠨ① ᠠᠰᠠᠭᠤᠭᠰᠠᠨ ᠳ᠋ᠤ᠌
— ᠬᠢᠲᠠᠳ ᠬᠡᠯᠡ ᠪᠡᠷ ᠪᠢᠴᠢᠳᠡᠭ ᠬᠡᠮᠡᠵᠡᠢ᠃
ᠷᠢᠨᠴᠢᠨ ᠶᠡᠬᠡ ᠯᠡ ᠭᠤᠲᠤᠷᠠᠩᠭᠤᠢ ᠠᠶᠠᠰ ᠢ᠋ᠶ᠋ᠠᠷ
— ᠦ ᠲᠡᠭᠡᠪᠡᠯ ᠲᠠ ᠴᠢᠨᠢ
ᠮᠠᠯᠴᠢᠨ ᠬᠦᠦ ᠪᠢᠰᠢ
ᠪᠤᠳᠠᠭᠠᠴᠢᠨ ᠬᠦᠦ ᠶᠦᠮ ᠪᠠᠢᠨ᠎ᠠ ᠳᠠ ᠭᠡᠮᠡᠨ ᠭᠣᠣᠯ ᠤᠷᠤᠭᠤ ᠨᠢ ᠭᠠᠯ ᠣᠷᠣᠲᠠᠯ᠎ᠠ ᠴᠠᠭᠠᠰᠢᠯᠠᠭᠤᠯᠤᠭᠰᠠᠨ ᠭᠡᠨ᠎ᠡ ᠠ᠋᠃
ᠡᠨᠡ ᠨᠢ ᠶᠡᠬᠡ ᠭᠦᠷᠦᠨ ᠦ᠌ ᠳᠣᠲᠣᠷᠠᠬᠢ ᠦᠨᠳᠦᠰᠦᠲᠡᠨ ᠦ᠌ ᠴᠥᠭᠡᠩᠬᠢ ᠨᠢ᠂ ᠡᠬᠡ ᠬᠡᠯᠡ ᠪᠡᠷ ᠢ᠋ᠶ᠋ᠡᠨ ᠶᠠᠷᠢᠵᠤ᠂ ᠲᠤᠭᠤᠷᠪᠢᠵᠤ ᠪᠠᠢᠬᠤ ᠶᠣᠰᠣᠲᠠᠢ ᠶ᠋ᠢ ᠥᠭᠦᠯᠡᠭᠰᠡᠨ ᠰᠡᠩᠬᠡᠷᠡᠭᠦᠯᠭᠡ ᠪᠠᠢᠵᠤᠬᠤᠢ᠃
※ᠰᠣᠨᠵᠢᠨ— ᠦ ᠡᠷᠢᠵᠦ ᠱᠣᠣᠯᠠᠬᠤ᠂ ᠦᠭᠡ ᠪᠡᠷ ᠬᠣᠨᠵᠢᠬᠤ᠃
ᠢᠷᠡᠯᠲᠡ ᠄ 《ᠠᠤᠭ᠎ᠠ ᠱᠣᠭᠴᠢ ᠷᠢᠨᠴᠢᠨ ᠦ᠌ ᠠᠶᠤᠩᠭᠠᠨ ᠶᠡᠬᠡ ᠦᠭᠡᠰ》 ᠨᠣᠮ ᠠ᠋ᠴᠠ ᠰᠡᠢᠷᠡᠭᠦᠯᠪᠡ᠃
ᠬᠦᠳᠡᠯᠭᠡᠨᠲᠦ ᠵᠢᠷᠤᠭ ᠢ᠋ ᠰᠦᠯᠵᠢᠶᠡᠨ ᠡᠴᠡ ᠰᠣᠩᠭᠣᠪᠠ᠃
ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ
