ᠮᠠᠷᠭᠠᠰᠢ -ᠲᠤᠭᠴᠢ ᠯᠤᠪᠰᠠᠩ Margaash-Tugch LuvsanМаргааш-Тугч Лувсан
ᠮᠠᠷᠭᠠᠰᠢ
ᠵᠣᠬᠢᠶᠠᠭᠴᠢ᠄ ᠲᠤᠭᠴᠢ ᠯᠤᠪᠰᠠᠩ
ᠤᠶᠠᠩᠭᠠᠯᠠᠭᠴᠢ᠄ ᠬᠠᠷᠭᠤᠢ
ᠨᠠᠷᠠ ᠵᠢᠷᠭᠠᠭᠰᠠᠨ ᠵᠦᠭ ᠡᠴᠡ ᠡᠪᠦᠭᠡ ᠮᠢᠨᠢ
ᠮᠠᠷᠭᠠᠰᠢ ᠢᠷᠡᠨ᠎ᠡ
ᠴᠣᠩᠬᠣ ᠪᠠᠷ ᠶᠠᠭᠤᠨ ᠳ᠋ᠤ᠌ ᠭᠥᠶᠥᠯᠳᠡᠳᠡᠭ ᠪᠣᠢ ᠭᠡᠵᠦ
ᠴᠣᠬᠣᠮ ᠨᠢᠭᠡ ᠵᠠᠩᠨᠠᠨ᠎ᠠ
ᠴᠢᠳᠥᠷ ᠦᠭᠡᠢ ᠠᠳᠤᠭᠤᠳ ᠬᠣᠷᠭᠣᠳᠠᠳᠠᠭ
ᠴᠢᠨᠠᠳᠤ ᠨᠤᠲᠤᠭ ᠢ᠋ᠶ᠋ᠠᠨ ᠦᠭᠡᠢᠯᠡᠭᠡᠳ
ᠴᠢ ᠶᠠᠭᠤ ᠬᠢᠵᠦ ᠪᠠᠢᠭᠰᠠᠨ ᠪᠣᠢ ᠭᠡᠵᠦ
ᠨᠠᠮ᠎ᠠ ᠶ᠋ᠢ ᠵᠠᠩᠳᠤᠷᠤᠨ᠎ᠠ
ᠢᠰᠡᠭᠡᠢ ᠭᠡᠷ ᠮᠢᠨᠢ ᠶᠠᠭᠠᠬᠢᠯ᠎ᠠ ᠭᠡᠳ
ᠴᠢᠮ᠎ᠠ ᠶ᠋ᠢ ᠵᠠᠨᠴᠢᠨ᠎ᠠ
ᠣᠪᠣᠭᠠᠯᠠᠭᠰᠠᠨ ᠦᠨᠡᠰᠦ ᠶ᠋ᠢ ᠬᠡᠨ ᠭᠠᠵᠠᠷ ᠲᠤ᠌ ᠣᠷᠣᠭᠤᠯᠪᠠ ᠭᠡᠵᠦ
ᠠᠭᠤᠷᠰᠠᠵᠤ ᠪᠦᠭᠦᠳᠡ ᠶ᠋ᠢ ᠲᠠᠰᠢᠭᠤᠷᠳᠠᠨᠠ
ᠮᠠᠷᠭᠠᠰᠢ ᠪᠣᠯᠬᠤ ᠠ᠋ᠴᠠ ᠬᠥᠮᠦᠰ ᠠᠶᠤᠨ᠎ᠠ
ᠭᠡᠲᠡᠯ᠎ᠡ ᠪᠢ
ᠠᠶᠤᠵᠤ ᠦᠭᠡᠢ᠂ ᠬᠠᠷᠢᠨ ᠪᠠᠶᠠᠷᠯᠠᠨ᠎ᠠ
ᠬᠡᠷᠪᠡ ᠡᠪᠦᠭᠡ ᠮᠢᠨᠢ ᠢᠷᠡᠳᠡᠭ ᠯᠡ ᠪᠣᠯ ᠶᠠᠭᠠᠬᠢᠪᠠᠯ ᠶᠠᠭᠠᠬᠢᠭ
ᠡᠪᠦᠭᠡ ᠡᠴᠡ ᠪᠡᠨ ᠴᠢᠳᠠᠯ ᠰᠤᠷᠤᠨ᠎ᠠ
ᠡᠷ᠎ᠡ ᠶ᠋ᠢᠨ ᠮᠤᠩ ᠲᠠᠢ ᠶᠠᠪᠤᠵᠤ
ᠡᠷᠳᠡᠮ ᠦ᠋ᠨ ᠰᠢᠳᠢ ᠶ᠋ᠢ ᠦᠵᠡᠭᠦᠯᠦᠨ᠎ᠡ
ᠶᠠᠰᠢᠯ ᠤ᠋ᠨ ᠴᠣᠭ ᠲᠠᠢ ᠬᠣᠪᠣᠩ ᠢ᠋ᠶ᠋ᠠᠨ ᠲᠡᠪᠡᠷᠢᠵᠦ
ᠶᠠᠷᠪᠢᠭ ᠦᠭᠡᠢ ᠪᠡᠶ᠎ᠡ ᠪᠡᠨ ᠬᠥᠯᠴᠥᠭᠡᠨᠡ
ᠲᠤᠭᠤᠯ ᠤ᠋ᠨ ᠠᠷᠠᠰᠤᠨ ᠲᠤᠯᠤᠮ ᠢ᠋ᠶ᠋ᠠᠨ ᠡᠭᠦᠷᠴᠦ
ᠳᠣᠮᠣᠭ ᠪᠢᠰᠢ ᠲᠡᠦᠬᠡ ᠪᠡᠨ ᠴᠤᠭᠯᠠᠭᠤᠯᠤᠨ᠎ᠠ
ᠮᠠᠷᠭᠠᠰᠢ᠁
ᠦᠰᠦᠭ ᠠᠮᠢᠯᠠᠭᠤᠯᠤᠭᠴᠢ᠄ ᠲᠤᠭᠴᠢ ᠯᠤᠪᠰᠠᠩ
ᠦᠰᠦᠭ ᠬᠠᠳᠠᠭᠴᠢ᠄ ᠪᠠᠢ ᠰᠠᠷᠠᠨ᠎ᠠ
ᠬᠢᠨᠠᠭᠴᠢ ᠪᠠᠭᠰᠢ᠄ ᠲᠤᠭᠴᠢ ᠯᠤᠪᠰᠠᠩ
