ᠮᠣᠩᠭᠣᠯ ᠬᠣᠨᠢ-ᠲᠠᠪᠤᠨ ᠬᠣᠰᠢᠭᠤ ᠮᠠᠯ ᠤ᠋ᠨ ᠲᠣᠪᠴᠢ ᠲᠠᠨᠢᠯᠴᠠᠭᠤᠯᠭ᠎ᠠ-ᠳᠣᠯᠣᠳ • ᠨᠠᠮᠵᠢᠯMongol khoniМонгол хонь-Таван хушуу малын товч танилчуулга
ᠮᠣᠩᠭᠣᠯ ᠬᠣᠨᠢ-ᠲᠠᠪᠤᠨ ᠬᠣᠰᠢᠭᠤ ᠮᠠᠯ ᠤ᠋ᠨ ᠲᠣᠪᠴᠢ ᠲᠠᠨᠢᠯᠴᠠᠭᠤᠯᠭ᠎ᠠ

ᠲᠠᠪᠤᠨ ᠬᠣᠰᠢᠭᠤ ᠮᠠᠯ ᠤ᠋ᠨ ᠲᠣᠪᠴᠢ ᠲᠠᠨᠢᠯᠴᠠᠭᠤᠯᠭ᠎ᠠ
ᠳᠣᠯᠣᠳ • ᠨᠠᠮᠵᠢᠯ
ᠮᠣᠩᠭᠣᠯ ᠬᠣᠨᠢ᠂ ᠬᠣᠨᠢᠨ ᠤ᠋ ᠡᠭᠦᠯᠳᠡᠷ ᠦ᠋ᠨ ᠠᠩᠭᠢᠯᠠᠯ ᠳ᠋ᠤ᠌᠂ ᠪᠣᠭᠣᠨᠢ ᠥᠭᠡᠬᠦᠨ ᠰᠡᠭᠦᠯᠲᠦ᠂ ᠪᠦᠳᠦᠭᠦᠨ ᠨᠣᠣᠰᠣᠲᠤ᠂ ᠡᠷᠲᠡᠨ ᠦ᠌ ᠡᠭᠦᠯᠳᠡᠷ ᠦ᠋ᠨ ᠬᠡᠪᠴᠢᠶᠡᠨ ᠳ᠋ᠦ᠍ ᠬᠠᠷᠢᠶᠠᠯᠠᠭᠳᠠᠨ᠎ᠠ᠃
ᠮᠣᠩᠭᠣᠯ ᠬᠣᠨᠢ ᠪᠣᠯ᠂ ᠮᠣᠩᠭᠣᠯ ᠤ᠋ᠨ ᠥᠨᠳᠥᠷᠯᠢᠭ ᠪᠣᠯᠤᠨ ᠲᠡᠭᠦᠨ ᠦ᠌ ᠣᠷᠴᠢᠨ ᠳ᠋ᠠᠬᠢ ᠭᠠᠵᠠᠷ ᠣᠷᠣᠨ ᠳ᠋ᠤ᠌᠂ ᠤᠷᠲᠤ ᠤᠳᠠᠭᠠᠨ ᠲᠡᠦᠬᠡᠨ ᠬᠤᠭᠤᠴᠠᠭᠠᠨ᠎ᠠ ᠮᠣᠩᠭᠣᠯᠴᠤᠳ ᠤ᠋ᠨ ᠴᠥᠬᠥᠷᠡᠯᠲᠡ ᠦᠭᠡᠢ ᠨᠢᠮᠪᠠᠢ ᠰᠢᠯᠢᠨ ᠪᠣᠢᠵᠢᠭᠤᠯᠤᠯᠲᠠ ᠪᠠᠷ ᠳᠠᠮᠵᠢᠨ ᠪᠣᠢ ᠪᠣᠯᠤᠭᠰᠠᠨ᠂ ᠲᠤᠬᠠᠢ ᠶ᠋ᠢᠨ ᠭᠠᠵᠠᠷ ᠤ᠋ᠨ ᠪᠠᠢᠭᠠᠯᠢ ᠣᠷᠴᠢᠨ ᠠᠬᠤᠢ ᠳ᠋ᠤ᠌ ᠵᠣᠬᠢᠴᠠᠭᠰᠠᠨ ᠮᠥᠷᠲᠡᠭᠡᠨ ᠬᠥᠮᠦᠰ ᠦ᠋ᠨ ᠠᠬᠤᠢ ᠠᠮᠢᠳᠤᠷᠠᠯ ᠤ᠋ᠨ ᠬᠡᠷᠡᠭᠴᠡᠭᠡ ᠱᠠᠭᠠᠷᠳᠠᠯᠭ᠎ᠠ ᠶ᠋ᠢ ᠬᠠᠩᠭᠠᠵᠤ ᠴᠢᠳᠠᠬᠤᠢᠴᠠ ᠮᠢᠬ᠎ᠠ᠂ ᠨᠣᠣᠰᠣ᠂ ᠰᠦ᠂ ᠠᠷᠠᠰᠤ ᠵᠡᠷᠭᠡ ᠣᠯᠠᠨ ᠵᠦᠢᠯ ᠦ᠋ᠨ ᠭᠠᠷᠤᠯᠲᠠ ᠶ᠋ᠢ ᠨᠢᠭᠡᠨ ᠴᠣᠭᠴᠠ ᠪᠡᠶ᠎ᠡ ᠳ᠋ᠡᠭᠡᠨ ᠤᠶᠠᠯᠳᠤᠭᠤᠯᠤᠭᠰᠠᠨ᠂ ᠪᠡᠶ᠎ᠡ ᠴᠣᠭᠴᠠ ᠴᠢᠭᠢᠷᠠᠭ᠂ ᠤᠳᠤᠮᠰᠢᠯ ᠨᠢ ᠲᠣᠭᠲᠠᠭᠤᠨ᠂ ᠠᠭᠤᠷ ᠠᠮᠢᠰᠬᠤᠯ ᠡᠷᠡᠰ ᠲᠠᠰᠤ ᠬᠤᠪᠢᠷᠠᠯᠲᠠ ᠶᠡᠬᠡᠲᠡᠢ ᠪᠠᠢᠭᠠᠯᠢ ᠶ᠋ᠢᠨ ᠣᠷᠴᠢᠨ ᠠᠬᠤᠢ ᠳ᠋ᠤ᠌ ᠵᠣᠬᠢᠴᠠᠵᠤ ᠴᠢᠳᠠᠳᠠᠭ᠂ ᠲᠡᠰᠪᠦᠷᠢ ᠳᠠᠭᠠᠭᠠᠴᠠ ᠰᠠᠢᠲᠠᠢ ᠳᠡᠯᠡᠬᠡᠢ ᠳ᠋ᠦ᠍ ᠬᠣᠪᠣᠷᠬᠠᠨ ᠬᠣᠨᠢ ᠶᠤᠮ᠂ ᠵᠢᠯ ᠲᠤᠷᠰᠢ ᠪᠡᠯᠴᠢᠭᠡᠷ ᠦ᠋ᠨ ᠮᠠᠯᠵᠢᠯᠭ᠎ᠠ ᠪᠠᠷ ᠡᠪᠦᠯ ᠬᠠᠪᠤᠷ ᠤ᠋ᠨ ᠵᠤᠳ ᠭᠠᠮᠰᠢᠭ ᠢ᠋ ᠠᠵᠢᠭ ᠦᠭᠡᠢ ᠬᠡᠪ ᠦ᠋ᠨ ᠪᠠᠢᠳᠠᠯ ᠢ᠋ᠶ᠋ᠠᠷ ᠲᠤᠭᠤᠯᠤᠨ ᠦᠰᠦᠨ ᠦᠷᠡᠵᠢᠳᠡᠭ᠂ ᠡᠪᠡᠰᠦ ᠪᠡᠯᠴᠢᠭᠡᠷ ᠦ᠋ᠨ ᠤᠷᠭᠤᠴᠠ ᠶ᠋ᠢᠨ ᠬᠤᠭᠤᠴᠠᠭᠠᠨ ᠳ᠋ᠤ᠌ ᠬᠠᠷᠢᠭᠤᠯᠭ᠎ᠠ ᠪᠠᠷ ᠲᠠᠷᠭᠤ ᠠᠪᠤᠯᠲᠠ ᠨᠢ ᠮᠠᠰᠢ ᠲᠦᠷᠭᠡᠨ᠂ ᠮᠠᠯᠵᠢᠬᠤ ᠳ᠋ᠤ᠌ ᠳᠥᠭᠥᠮ᠂ ᠮᠠᠯᠵᠢᠯᠭ᠎ᠠ ᠶ᠋ᠢᠨ ᠪᠡᠯᠡ ᠣᠷᠣᠭᠤᠯᠤᠯᠲᠠ ᠪᠠᠭ᠎ᠠ᠂ ᠬᠠᠷᠢᠴᠠᠩᠭᠤᠢ ᠪᠠᠷ ᠠᠰᠢᠭ ᠣᠯᠵᠠᠪᠤᠷᠢ ᠶᠡᠬᠡᠲᠡᠢ᠂ ᠪᠣᠭᠣᠨᠢ ᠥᠭᠡᠬᠦᠨ ᠰᠡᠭᠦᠯᠲᠦ᠂ ᠪᠦᠳᠦᠭᠦᠨ ᠨᠣᠣᠰᠣᠲᠤ (ᠬᠣᠯᠢᠮᠠᠭ ᠨᠣᠣᠰᠣᠲᠤ)᠂ ᠡᠷᠲᠡᠨ ᠦ᠌ ᠡᠭᠦᠯᠳᠡᠷ ᠦ᠋ᠨ ᠬᠣᠨᠢ ᠶᠤᠮ᠃
ᠮᠣᠩᠭᠣᠯ ᠬᠣᠨᠢᠨ ᠤ᠋ ᠲᠠᠷᠬᠠᠴᠠ ᠶ᠋ᠢᠨ ᠬᠡᠪᠴᠢᠶ᠎ᠡ ᠮᠠᠰᠢ ᠥᠷᠭᠡᠨ ᠳᠡᠯᠭᠡᠷ᠂ ᠲᠣᠭ᠎ᠠ ᠲᠣᠯᠣᠭᠠᠢ ᠲᠤᠩ ᠠᠷᠪᠢᠨ ᠪᠠᠢᠳᠠᠭ᠃ ᠨᠢᠭᠡ ᠮᠢᠩᠭ᠎ᠠ ᠶᠢᠰᠦᠨ ᠵᠠᠭᠤ ᠶᠡᠷᠡᠭᠡᠳ ᠣᠨ ᠤ᠋ ᠡᠬᠢᠨ ᠦ᠌ ᠦᠶ᠎ᠡ ᠪᠡᠷ ᠮᠠᠨ ᠤ᠋ ᠤᠯᠤᠰ ᠲᠤ᠌ ᠮᠠᠯᠵᠢᠵᠤ ᠪᠠᠢᠭᠰᠠᠨ 2000 ᠭᠠᠷᠤᠢ ᠲᠦᠮᠡᠨ ᠮᠣᠩᠭᠣᠯ ᠬᠣᠨᠢᠨ ᠠ᠋ᠴᠠ ᠨᠢᠭᠡ ᠮᠢᠩᠭ᠎ᠠ ᠭᠠᠷᠤᠢ ᠲᠦᠮᠡ ᠶ᠋ᠢ ᠨᠢ ᠥᠪᠥᠷ ᠮᠣᠩᠭᠣᠯ ᠳ᠋ᠤ᠌ ᠮᠠᠯᠵᠢᠵᠤ ᠪᠠᠢᠭᠰᠠᠨ ᠶᠤᠮ᠃ ᠣᠳᠣᠬᠠᠨ ᠳ᠋ᠤ᠌᠂ ᠮᠣᠩᠭᠣᠯ ᠬᠣᠨᠢ ᠶ᠋ᠢ ᠨᠡᠯᠢᠶᠡᠳ ᠲᠥᠪᠯᠡᠷᠡᠩᠭᠦᠢ ᠪᠡᠷ ᠣᠯᠠᠨ ᠲᠣᠭ᠎ᠠ ᠪᠠᠷ ᠮᠠᠯᠵᠢᠵᠤ ᠪᠠᠢᠭ᠎ᠠ ᠭᠠᠵᠠᠷ ᠣᠷᠣᠨ ᠪᠣᠯ ᠮᠣᠩᠭᠣᠯ ᠤᠯᠤᠰ ᠪᠣᠯᠤᠨ ᠮᠠᠨ ᠤ᠋ ᠤᠯᠤᠰ ᠤ᠋ᠨ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠪᠣᠯᠤᠨ᠎ᠠ᠂ ᠡᠭᠦᠨ ᠡᠴᠡ ᠭᠠᠳᠠᠨ᠎ᠠ᠂ ᠣᠷᠣᠰ ᠤᠯᠤᠰ ᠲᠤ᠌ ᠪᠠᠰᠠ ᠣᠯᠠᠨ ᠲᠣᠭ᠎ᠠ ᠪᠠᠷ ᠮᠠᠯᠵᠢᠵᠤ ᠪᠠᠢᠨ᠎ᠠ᠂ ᠮᠠᠨ ᠤ᠋ ᠤᠯᠤᠰ ᠤ᠋ᠨ ᠰᠢᠨᠵᠢᠶᠠᠩ᠂ ᠬᠥᠬᠡᠨᠠᠭᠤᠷ᠂ ᠭᠠᠨᠰᠦ᠂ ᠨᠢᠩᠰᠢᠶᠠ᠂ ᠱᠠᠨᠰᠢ᠂ ᠱᠠᠨ ᠰᠢ᠂ ᠾᠧᠪᠧᠢ᠂ ᠾᠧᠨᠠᠨ᠂ ᠠᠨᠾᠥ᠋ᠢ᠂ ᠱᠠᠨᠳᠦ᠋ᠩ᠂ ᠯᠢᠶᠣᠤᠨᠢᠩ᠂ ᠬᠢᠷᠢᠨ᠂ ᠬᠠᠷᠠᠮᠦ᠋ᠷᠡᠨ ᠵᠡᠷᠭᠡ ᠮᠣᠵᠢ ᠣᠷᠣᠨ ᠳ᠋ᠤ᠌ ᠠᠳᠠᠯᠢ ᠪᠤᠰᠤ ᠬᠡᠮᠵᠢᠶ᠎ᠡ ᠪᠡᠷ ᠮᠠᠯᠵᠢᠵᠤ ᠪᠠᠢᠨ᠎ᠠ᠃ ᠰᠣᠯᠣᠩᠭᠣᠰ ᠪᠣᠯᠤᠨ ᠶᠠᠫᠣᠨ ᠤᠯᠤᠰ ᠲᠤ᠌ ᠮᠣᠩᠭᠣᠯ ᠬᠣᠨᠢ ᠪᠠᠢᠭᠰᠠᠨ ᠲᠤᠬᠠᠢ ᠮᠡᠳᠡᠭᠡᠯᠡᠯ ᠪᠠᠰᠠ ᠪᠠᠢᠳᠠᠭ᠃
ᠮᠣᠩᠭᠣᠯ ᠬᠣᠨᠢᠨ ᠤ᠋ ᠪᠡᠶ᠎ᠡ ᠪᠢᠯᠳᠠᠷ᠂ ᠰᠢᠨᠵᠢ ᠪᠠᠢᠳᠠᠯ ᠄ ᠬᠤᠴᠠ ᠣᠯᠠᠩᠬᠢ ᠨᠢ ᠤᠭᠠᠯᠵᠠᠨ ᠡᠪᠡᠷ ᠲᠡᠢ᠂ ᠡᠮ᠎ᠡ ᠬᠣᠨᠢᠨ ᠤ᠋ ᠶᠡᠬᠡᠩᠬᠢ ᠨᠢ ᠡᠪᠡᠷ ᠦᠭᠡᠢ᠂ ᠬᠠᠮᠠᠷ ᠨᠢ ᠪᠠᠭ᠎ᠠ ᠵᠡᠷᠭᠡ ᠮᠣᠩᠬᠣᠷ᠂ ᠲᠣᠯᠣᠭᠠᠢ ᠶ᠋ᠢᠨ ᠶᠡᠬᠡ ᠪᠠᠭ᠎ᠠ ᠨᠢ ᠲᠡᠩᠴᠡᠭᠦᠨ ᠲᠣᠬᠢᠯᠢᠭ᠂ ᠴᠢᠬᠢ ᠨᠢ ᠳᠤᠮᠳᠠ ᠵᠡᠷᠭᠡ᠂ ᠬᠦᠵᠦᠭᠦᠨ ᠦ᠌ ᠤᠷᠲᠤ ᠨᠢ ᠲᠣᠬᠢᠷᠠᠮᠵᠢᠲᠠᠢ ᠪᠥᠭᠡᠳ ᠮᠢᠬᠠᠯᠢᠭ᠂ ᠥᠷᠭᠡᠨ ᠲᠡᠨᠢᠭᠦᠨ ᠴᠡᠭᠡᠵᠢ ᠲᠡᠢ᠂ ᠨᠢᠷᠤᠭᠤ ᠲᠡᠭᠰᠢ᠂ ᠶᠡᠬᠡ ᠪᠡᠶ᠎ᠡ ᠤᠷᠲᠤᠯᠢᠭ᠂ ᠳᠥᠷᠪᠡᠨ ᠬᠥᠯ ᠦ᠋ᠨ ᠭᠢᠰᠬᠢᠯᠲᠡ ᠲᠥᠪ ᠪᠥᠭᠡᠳ ᠢᠳᠡᠯᠢᠭ᠂ ᠲᠤᠭᠤᠷᠠᠢ ᠨᠢ ᠪᠡᠬᠢᠯᠢᠭ ᠬᠠᠲᠠᠭᠤ᠂ ᠥᠭᠡᠬᠦᠨ ᠰᠡᠭᠦᠯ ᠨᠢ ᠲᠣᠮᠣ ᠪᠣᠯᠪᠠᠴᠤ ᠪᠣᠷᠪᠢ ᠠ᠋ᠴᠠ ᠪᠠᠨ ᠬᠡᠲᠦᠷᠡᠳᠡᠭ ᠦᠭᠡᠢ᠃ ᠮᠠᠯᠵᠢᠵᠤ ᠪᠠᠢᠭ᠎ᠠ ᠭᠠᠵᠠᠷ ᠤ᠋ᠨ ᠪᠠᠢᠭᠠᠯᠢ ᠣᠷᠴᠢᠨ ᠲᠣᠭᠣᠷᠢᠨ ᠤ᠋ ᠨᠥᠬᠥᠴᠡᠯ ᠰᠢᠯᠲᠠᠭᠠᠨ ᠤ᠋ ᠠᠳᠠᠯᠢ ᠪᠤᠰᠤ ᠠ᠋ᠴᠠ ᠪᠣᠯᠵᠤ ᠡᠯ᠎ᠡ ᠭᠠᠵᠠᠷ ᠳᠠᠬᠢ ᠮᠣᠩᠭᠣᠯ ᠬᠣᠨᠢᠨ ᠤ᠋ ᠪᠡᠶ᠎ᠡ ᠶ᠋ᠢᠨ ᠶᠡᠬᠡ ᠪᠠᠭ᠎ᠠ ᠪᠣᠯᠤᠨ ᠮᠢᠬᠠᠨ ᠭᠠᠷᠴᠠ᠂ ᠨᠣᠣᠰᠣᠨ ᠴᠢᠨᠠᠷ ᠵᠡᠷᠭᠡ ᠵᠠᠷᠢᠮ ᠰᠢᠨᠵᠢ ᠣᠨᠴᠠᠯᠢᠭ ᠨᠢ ᠬᠣᠭᠣᠷᠣᠨᠳᠣ ᠪᠠᠨ ᠨᠡᠯᠢᠶᠡᠳ ᠵᠥᠷᠢᠶ᠎ᠡ ᠲᠡᠢ ᠪᠣᠯᠵᠠᠢ᠃ ᠡᠨᠡ ᠲᠤᠬᠠᠢ ᠮᠠᠨ ᠤ᠋ ᠤᠯᠤᠰ ᠤ᠋ᠨ ᠳᠣᠲᠣᠷᠠᠬᠢ ᠵᠠᠷᠢᠮ ᠣᠷᠣᠨ ᠨᠤᠲᠤᠭ ᠲᠠᠬᠢ ᠮᠣᠩᠭᠣᠯ ᠬᠣᠨᠢ ᠪᠠᠷ ᠵᠢᠱ᠌ᠢᠶᠡᠯᠡᠬᠦ ᠳ᠋ᠦ᠍᠂ ᠦᠵᠦᠮᠦᠴᠢᠨ ᠬᠣᠨᠢ᠂ ᠰᠥᠨᠢᠳ ᠬᠣᠨᠢ᠂ ᠪᠠᠷᠭᠤ ᠬᠣᠨᠢ᠂ ᠣᠷᠢᠶᠠᠩᠬᠠᠨ ᠬᠣᠨᠢ᠂ ᠰᠢᠨᠵᠢᠶᠠᠩ ᠤ᠋ᠨ ᠪᠠᠶᠠᠨᠪᠤᠯᠠᠭ ᠤ᠋ᠨ ᠬᠠᠷ᠎ᠠ ᠲᠣᠯᠣᠭᠠᠢᠲᠤ ᠬᠣᠨᠢ ᠭᠡᠬᠦ ᠮᠡᠲᠦ ᠣᠯᠠᠨ ᠠᠷᠪᠢᠨ ᠭᠠᠵᠠᠷ ᠣᠷᠣᠨ ᠤ᠋ ᠣᠨᠴᠠᠯᠢᠭᠲᠤ ᠰᠢᠯᠢᠳᠡᠭ ᠡᠭᠦᠯᠳᠡᠷ ᠨᠦ᠍ᠭᠦᠳ ᠪᠣᠢ᠃
ᠮᠠᠨ ᠤ᠋ ᠤᠯᠤᠰ ᠤ᠋ᠨ ᠳᠣᠲᠣᠷ᠎ᠠ ᠭᠠᠵᠠᠷ ᠤ᠋ᠨ ᠮᠣᠵᠢ ᠣᠷᠣᠨ ᠳ᠋ᠤ᠌ ᠦᠷᠡᠵᠢᠭᠦᠯᠦᠨ ᠥᠰᠬᠡᠵᠦ ᠪᠠᠢᠬᠤ ᠨᠡᠷᠡᠲᠦ ᠰᠢᠯᠢᠳᠡᠭ ᠡᠭᠦᠯᠳᠡᠷ ᠦ᠋ᠨ ᠬᠣᠨᠢ ᠨᠤᠭᠤᠳ ᠠ᠋ᠴᠠ ᠵᠢᠱ᠌ᠢᠶᠡᠯᠡᠪᠡᠯ ᠄ ᠨᠢᠩᠰᠢᠶᠠ ᠶ᠋ᠢᠨ ᠬᠣᠲᠣᠩ ᠦᠨᠳᠦᠰᠦᠲᠡᠨ ᠦ᠌ ᠥᠪᠡᠷᠲᠡᠭᠡᠨ ᠵᠠᠰᠠᠬᠤ ᠣᠷᠣᠨ ᠳ᠋ᠤ᠌ ᠮᠠᠯᠵᠢᠵᠤ ᠪᠠᠢᠬᠤ ᠦᠶᠡᠯᠡᠭᠰᠡᠨ ᠰᠠᠢᠬᠠᠨ ᠠᠲᠤᠷᠢᠶ᠎ᠠ ᠨᠤᠭᠤᠯᠣᠭᠠᠰᠤᠲᠣ ᠰᠥᠭᠡᠮ ᠤᠷᠲᠤ ᠰᠠᠳᠠᠷᠠᠭᠰᠠᠨ ᠴᠠᠭᠠᠨ ᠦᠰᠦ ᠲᠡᠢ ᠰᠡᠩᠰᠡᠨ ᠬᠤᠷᠠᠭᠠᠨ ᠠᠷᠠᠰᠤ ᠭᠠᠷᠳᠠᠭ ᠳᠠᠩ ᠶᠠᠩ ᠬᠣᠨᠢ᠂ ᠱᠠᠨᠰᠢ ᠮᠣᠵᠢ ᠶ᠋ᠢᠨ ᠭᠠᠵᠠᠷ ᠴᠢᠷᠦᠮ ᠲᠣᠮᠣ ᠤᠷᠲᠤ ᠥᠭᠡᠬᠦᠨ ᠰᠡᠭᠦᠯᠲᠦ ᠲᠦᠩ ᠶᠠᠩ ᠬᠣᠨᠢ᠂ ᠾᠧᠪᠧᠢ ᠶ᠋ᠢᠨ ᠡᠮᠦᠨ᠎ᠡ ᠬᠡᠰᠡᠭ᠂ ᠾᠧᠨᠠᠨ ᠤ᠋ ᠬᠣᠢᠲᠤ ᠬᠡᠰᠡᠭ ᠵᠢᠴᠢ ᠱᠠᠨᠳᠦ᠋ᠩ ᠦ᠋ᠨ ᠪᠠᠷᠠᠭᠤᠨ ᠬᠡᠰᠡᠭ ᠦ᠋ᠨ ᠭᠠᠵᠠᠷ ᠤ᠋ᠳ ᠢ᠋ᠶ᠋ᠠᠷ ᠥᠰᠬᠡᠨ ᠮᠠᠯᠵᠢᠵᠤ ᠪᠠᠢᠬᠤ ᠪᠠᠭ᠎ᠠ ᠥᠭᠡᠬᠦᠨ ᠰᠡᠭᠦᠯᠲᠦ ᠬᠠᠨ ᠶᠠᠩ ᠬᠣᠨᠢ ᠪᠣᠯᠤᠨ ᠵᠧᠵᠢᠶᠠᠩ ᠮᠣᠵᠢ ᠶ᠋ᠢᠨ ᠲᠡᠢ ᠬᠡᠦ ᠨᠠᠭᠤᠷ ᠣᠷᠴᠢᠮ ᠢ᠋ᠶ᠋ᠠᠷ ᠲᠡᠵᠢᠭᠡᠨ ᠮᠠᠯᠵᠢᠵᠤ ᠪᠠᠢᠭ᠎ᠠ᠂ ᠦᠰᠦᠨ ᠦ᠌ ᠦᠵᠦᠭᠦᠷ ᠨᠢ ᠠᠷᠠᠰᠤ ᠪᠠᠨ ᠨᠠᠯᠠᠭᠰᠠᠨ ᠶᠠᠩᠵᠤ ᠶ᠋ᠢᠨ ᠰᠠᠢᠬᠠᠨ ᠬᠡ ᠤᠭᠠᠯᠵᠠᠨ ᠪᠤᠶᠤ ᠤᠰᠤᠨ ᠠᠷ ᠶᠠᠩᠵᠤᠲᠠᠢ ᠦᠰᠦᠨ ᠬᠤᠸᠠᠷ ᠲᠠᠢ ᠴᠢᠨᠳᠠᠭᠠᠨ ᠴᠠᠭᠠᠨ ᠨᠢᠯᠬ᠎ᠠ ᠬᠤᠷᠠᠭᠠᠨ ᠠᠷᠠᠰᠤ ᠭᠠᠷᠳᠠᠭ ᠬᠡᠦ ᠶᠠᠩ ᠬᠣᠨᠢ ᠵᠡᠷᠭᠡ ᠪᠣᠯ ᠪᠦᠷ ᠮᠣᠩᠭᠣᠯ ᠬᠣᠨᠢ ᠶᠢ ᠲᠤᠬᠠᠢ ᠶ᠋ᠢᠨ ᠭᠠᠵᠠᠷ ᠨᠤᠲᠤᠭ ᠲᠤ᠌ ᠤᠷᠲᠤ ᠬᠤᠭᠤᠴᠠᠭᠠᠨ᠎ᠠ ᠮᠠᠯᠵᠢᠨ ᠤᠯᠠᠷᠢᠨ ᠬᠤᠪᠢᠰᠴᠤ ᠡᠭᠦᠰᠦᠭᠰᠡᠨ ᠡᠭᠦᠯᠳᠡᠷ ᠨᠦ᠍ᠭᠦᠳ ᠪᠣᠯᠤᠨ᠎ᠠ᠃ ᠡᠭᠦᠨᠴᠡ ᠭᠠᠳᠠᠨ᠎ᠠ᠂ ᠮᠠᠨ ᠤ᠋ ᠤᠯᠤᠰ ᠤ᠋ᠨ ᠥᠪᠡᠷᠲᠡᠭᠡᠨ ᠪᠣᠢᠵᠢᠭᠤᠯᠤᠨ ᠭᠠᠷᠭᠠᠭᠰᠠᠨ ᠰᠢᠨ᠎ᠡ ᠡᠭᠦᠯᠳᠡᠷ ᠦ᠋ᠨ ᠬᠣᠨᠢ ᠨᠤᠭᠤᠳ ᠄ ᠰᠢᠨᠵᠢᠶᠠᠩ ᠤ᠋ᠨ ᠨᠠᠷᠢᠨ ᠨᠣᠣᠰᠣᠲᠤ ᠬᠣᠨᠢ᠂ ᠵᠡᠭᠦᠨ ᠬᠣᠢᠲᠤ ᠣᠷᠣᠨ ᠤ᠋ ᠨᠠᠷᠢᠨ ᠨᠣᠣᠰᠣᠲᠤ ᠬᠣᠨᠢ᠂ ᠥᠪᠥᠷ ᠮᠣᠩᠭᠣᠯ ᠤ᠋ᠨ ᠨᠠᠷᠢᠨ ᠨᠣᠣᠰᠣᠲᠤ ᠬᠣᠨᠢ᠂ ᠠᠤᠬᠠᠨ ᠤ᠋ ᠨᠠᠷᠢᠨ ᠨᠣᠣᠰᠣᠲᠤ ᠬᠣᠨᠢ᠂ ᠣᠷᠳᠣᠰ ᠤ᠋ᠨ ᠨᠠᠷᠢᠨ ᠨᠣᠣᠰᠣᠲᠤ ᠬᠣᠨᠢ᠂ ᠭᠠᠨᠰᠦ ᠶ᠋ᠢᠨ ᠨᠠᠷᠢᠨ ᠨᠣᠣᠰᠣᠲᠤ ᠬᠣᠨᠢ ᠵᠡᠷᠭᠡ ᠨᠠᠷᠢᠨ ᠨᠣᠣᠰᠣᠲᠤ ᠡᠭᠦᠯᠳᠡᠷ ᠦ᠋ᠨ ᠬᠣᠨᠢ ᠪᠣᠯᠤᠨ ᠭᠠᠨᠰᠦ ᠶ᠋ᠢᠨ ᠨᠠᠷᠢᠪᠲᠤᠷ ᠨᠣᠣᠰᠣᠲᠤ ᠬᠣᠨᠢ᠂ ᠥᠪᠥᠷ ᠮᠣᠩᠭᠣᠯ ᠤ᠋ᠨ ᠨᠠᠷᠢᠪᠲᠤᠷ ᠨᠣᠣᠰᠣᠲᠤ ᠵᠡᠷᠭᠡ ᠶᠡᠬᠡ ᠠᠷᠪᠢᠨ ᠨᠠᠷᠢᠪᠲᠤᠷ ᠨᠣᠣᠰᠣᠲᠤ ᠬᠣᠨᠢᠨ ᠡᠭᠦᠯᠳᠡᠷ ᠢ᠋ ᠪᠣᠢᠵᠢᠭᠤᠯᠬᠤ ᠳ᠋ᠤ᠌ ᠮᠣᠩᠭᠣᠯ ᠬᠣᠨᠢ ᠶ᠋ᠢ ᠡᠬᠡ ᠤᠳᠤᠮ ᠢ᠋ᠶ᠋ᠠᠷ ᠬᠡᠷᠡᠭᠯᠡᠭᠰᠡᠨ ᠶᠦᠮ᠃
ᠮᠣᠩᠭᠣᠯ ᠬᠣᠨᠢᠨ ᠤ᠋ ᠵᠢᠰᠦ᠄ ᠮᠣᠩᠭᠣᠯ ᠬᠣᠨᠢᠨ ᠤ᠋ ᠶᠡᠬᠡ ᠪᠡᠶ᠎ᠡ ᠶ᠋ᠢᠨ ᠵᠢᠰᠦ ᠨᠢ ᠴᠠᠭᠠᠨ ᠪᠣᠯᠪᠠᠴᠤ᠂ ᠣᠯᠠᠩᠬᠢ ᠨᠢ ᠬᠠᠷ᠎ᠠ ᠲᠦᠷᠦᠭᠦᠦ ᠪᠤᠶᠤ ᠬᠦᠷᠡᠩ ᠲᠦᠷᠦᠭᠦᠦ᠂ ᠬᠠᠷ᠎ᠠ ᠨᠢᠳᠦᠨ᠂ ᠪᠣᠷᠣ ᠨᠢᠳᠦᠨ ᠵᠡᠷᠭᠡ ᠲᠣᠯᠣᠭᠠᠢ ᠶ᠋ᠢᠨ ᠬᠡᠰᠡᠭ ᠦ᠋ᠨ ᠦᠰᠦᠨ ᠦ᠌ ᠥᠩᠭᠡ ᠨᠢ ᠠᠳᠠᠯᠢ ᠦᠭᠡᠢ ᠥᠭᠡᠷ᠎ᠡ ᠵᠢᠰᠦᠮ ᠲᠡᠢ ᠪᠥᠭᠡᠳ ᠵᠠᠷᠢᠮ ᠨᠢ ᠪᠠᠰᠠ ᠰᠢᠭᠢᠷ᠎ᠡ ᠠᠯᠠᠭ ᠪᠠᠢᠳᠠᠭ᠂ ᠶᠡᠬᠡᠩᠬᠢ ᠭᠠᠵᠠᠷ ᠤ᠋ᠨ ᠳᠠᠩ ᠴᠠᠭᠠᠨ ᠵᠢᠰᠦᠮ ᠦ᠋ᠨ ᠬᠣᠨᠢᠳ ᠨᠢ ᠶᠡᠬᠡ ᠲᠥᠯᠥᠪ 20% ᠣᠷᠴᠢᠮ ᠠ᠋ᠴᠠ ᠬᠡᠲᠦᠷᠡᠬᠦ ᠦᠭᠡᠢ ᠰᠢᠭ ᠪᠠᠢᠳᠠᠭ᠂ ᠪᠠᠰᠠ ᠴᠥᠭᠡᠪᠦᠷᠢ ᠲᠣᠭᠠᠨ ᠤ᠋ ᠬᠣᠨᠢᠳ ᠨᠢ ᠥᠭᠡᠷ᠎ᠡ ᠪᠤᠰᠤᠳ ᠵᠢᠰᠦᠮ ᠲᠡᠢ ᠪᠣᠢ᠃
ᠮᠣᠩᠭᠣᠯ ᠬᠣᠨᠢᠨ ᠤ᠋ ᠪᠡᠶ᠎ᠡ ᠶ᠋ᠢᠨ ᠬᠡᠮᠵᠢᠯᠲᠡ ᠶ᠋ᠢᠨ ᠳᠤᠮᠳᠠᠴᠢᠯᠠᠭᠰᠠᠨ ᠬᠡᠮᠵᠢᠭᠳᠡᠯ
ᠪᠦᠳᠦᠭᠦᠨ ᠬᠤᠴᠠ᠄ ᠴᠡᠭᠡᠵᠢᠨ ᠬᠡᠰᠡᠭ ᠦ᠋ᠨ ᠥᠨᠳᠥᠷ 70.1 ᠰᠡᠨᠲ᠋ᠢᠮᠧᠲ᠋ᠷ᠂ ᠪᠡᠶ᠎ᠡ ᠶ᠋ᠢᠨ ᠲᠠᠰᠢᠭᠤ ᠤᠷᠲᠤ 74.8 ᠰᠡᠨᠲ᠋ᠢᠮᠧᠲ᠋ᠷ᠂ ᠴᠡᠭᠡᠵᠢᠨ ᠪᠦᠰᠡᠯᠡᠭᠦᠷ 101.2 ᠰᠡᠨᠲ᠋ᠢᠮᠧᠲ᠋ᠷ᠂ ᠠᠮᠢᠳᠤ ᠶ᠋ᠢᠨ ᠵᠢᠩ 75.4 ᠺᠢᠯᠣᠭ᠌ᠷᠠᠮ ︔
ᠪᠦᠳᠦᠭᠦᠨ ᠡᠮ᠎ᠡ ᠬᠣᠨᠢ ᠄ ᠴᠡᠭᠡᠵᠢᠨ ᠬᠡᠰᠡᠭ ᠦ᠋ᠨ ᠥᠨᠳᠥᠷ 65.6 ᠰᠡᠨᠲ᠋ᠢᠮᠧᠲ᠋ᠷ᠂ ᠪᠡᠶ᠎ᠡ ᠶ᠋ᠢᠨ ᠲᠠᠰᠢᠭᠤ ᠤᠷᠲᠤ 69.9᠂ ᠴᠡᠭᠡᠵᠢᠨ ᠪᠦᠰᠡᠯᠡᠭᠦᠷ 89.4 ᠰᠡᠨᠲ᠋ᠢᠮᠧᠲ᠋ᠷ᠂ ᠠᠮᠢᠳᠤ ᠶ᠋ᠢᠨ ᠵᠢᠩ 63.1 ᠺᠢᠯᠣᠭ᠌ᠷᠠᠮ ︔
ᠲᠥᠯᠥᠭᠡᠨ ᠬᠤᠴᠠ (ᠰᠢᠳᠦᠯᠡᠩ ᠬᠤᠴᠠ) ᠄ ᠴᠡᠭᠡᠵᠢᠨ ᠬᠡᠰᠡᠭ ᠦ᠋ᠨ ᠥᠨᠳᠥᠷ 65.2 ᠰᠡᠨᠲ᠋ᠢᠮᠧᠲ᠋ᠷ᠂ ᠪᠡᠶ᠎ᠡ ᠶ᠋ᠢᠨ ᠲᠠᠰᠢᠭᠤ ᠤᠷᠲᠤ 68.3 ᠰᠡᠨᠲ᠋ᠢᠮᠧᠲ᠋ᠷ᠂ ᠴᠡᠭᠡᠵᠢᠨ ᠪᠦᠰᠡᠯᠡᠭᠦᠷ 91.1 ᠰᠡᠨᠲ᠋ᠢᠮᠧᠲ᠋ᠷ᠂ ᠠᠮᠢᠳᠤ ᠶ᠋ᠢᠨ ᠵᠢᠩ 54.7 ᠺᠢᠯᠣᠭ᠌ᠷᠠᠮ ︔
ᠥᠬᠢᠨ ᠲᠥᠯᠥᠭᠡ (ᠰᠢᠳᠦᠯᠡᠩ ᠡᠮ᠎ᠡ ᠬᠣᠨᠢ) ᠄ ᠴᠡᠭᠡᠵᠢᠨ ᠬᠡᠰᠡᠭ ᠦ᠋ᠨ ᠥᠨᠳᠥᠷ 61.5 ᠰᠡᠨᠲ᠋ᠢᠮᠧᠲ᠋ᠷ᠂ ᠪᠡᠶ᠎ᠡ ᠶ᠋ᠢᠨ ᠲᠠᠰᠢᠭᠤ ᠤᠷᠲᠤ 64.8 ᠰᠡᠨᠲ᠋ᠢᠮᠧᠲ᠋ᠷ᠂ ᠴᠡᠭᠡᠵᠢᠨ ᠪᠦᠰᠡᠯᠡᠭᠦᠷ 85.2 ᠰᠡᠨᠲ᠋ᠢᠮᠧᠲ᠋ᠷ᠂ ᠠᠮᠢᠳᠤ ᠶ᠋ᠢᠨ ᠵᠢᠩ 46.7 ᠺᠢᠯᠣᠭ᠌ᠷᠠᠮ ︔
ᠰᠠᠶᠢ ᠭᠠᠷᠤᠭᠰᠠᠨ ᠨᠢᠯᠬ᠎ᠠ ᠡᠷ᠎ᠡ ᠬᠤᠷᠠᠭᠠᠨ ᠤ᠋ ᠠᠮᠢᠳᠤ ᠶ᠋ᠢᠨ ᠵᠢᠩ᠄ 3.66 ᠺᠢᠯᠣᠭ᠌ᠷᠠᠮ ︔ ᠨᠢᠯᠬ᠎ᠠ ᠥᠬᠢᠨ ᠬᠤᠷᠠᠭᠠᠨ ᠤ᠋ ᠠᠮᠢᠳᠤ ᠶ᠋ᠢᠨ ᠵᠢᠩ᠄ 3.31 ᠺᠢᠯᠣᠭ᠌ᠷᠠᠮ᠃
ᠮᠣᠩᠭᠣᠯ ᠬᠣᠨᠢᠨ ᠤ᠋ ᠨᠣᠣᠰᠣᠨ ᠭᠠᠷᠴᠠ ᠶ᠋ᠢᠨ ᠬᠡᠮᠵᠢᠶ᠎ᠡ ᠪᠣᠯᠤᠨ ᠨᠣᠣᠰᠣᠨ ᠤ᠋ ᠪᠦᠷᠢᠯᠳᠦᠬᠦᠨ ᠢ᠋ ᠢᠯᠡᠳᠬᠡᠭᠰᠡᠨ ᠬᠡᠮᠵᠢᠭᠳᠡᠯ
ᠨᠣᠣᠰᠣᠨ ᠭᠠᠷᠴᠠ ᠶ᠋ᠢᠨ ᠬᠡᠮᠵᠢᠶ᠎ᠡ ᠄ ᠪᠦᠳᠦᠭᠦᠨ ᠬᠤᠴᠠ᠄ 1.5 — 2.2 ᠺᠢᠯᠣᠭ᠌ᠷᠠᠮ ︔ ᠪᠦᠳᠦᠭᠦᠨ ᠡᠮ᠎ᠡ ᠬᠣᠨᠢ ᠄ 1 — 1.8 ᠺᠢᠯᠣᠭ᠌ᠷᠠᠮ᠃
ᠨᠣᠣᠰᠣᠨ ᠤ᠋ ᠪᠦᠷᠢᠯᠳᠦᠬᠦᠨ (ᠳᠤᠮᠳᠠᠴᠢ ᠬᠡᠮᠵᠢᠭᠳᠡᠯ)᠄ ᠪᠡᠶ᠎ᠡ ᠨᠣᠣᠰᠣᠨ ᠤ᠋ ᠪᠦᠷᠢᠯᠳᠦᠬᠦᠨ ᠢ᠋ ᠲᠥᠷᠥᠯ ᠵᠦᠢᠯ ᠠᠩᠭᠢᠯᠠᠪᠠᠯ᠂ ᠪᠦᠳᠦᠭᠦᠨ ᠨᠣᠣᠰᠣ (ᠭᠣᠣᠯ ᠲᠠᠢ ᠨᠣᠣᠰᠣ᠂ ᠰᠤᠷ ᠭᠡᠵᠦ ᠪᠠᠰᠠ ᠬᠡᠯᠡᠳᠡᠭ) 3.79%᠂ ᠰᠣᠢᠷ ᠦᠰᠦ (ᠢᠮᠠᠭᠠᠨ ᠦᠰᠦ) 15.23%᠂ ᠪᠡᠰᠡᠷᠡᠭ ᠨᠣᠣᠰᠣ (ᠨᠣᠣᠰᠣᠨ ᠤ᠋ ᠭᠣᠣᠯ ᠨᠢ ᠲᠠᠰᠤᠯᠳᠠᠭᠰᠠᠨ ᠪᠤᠶᠤ ᠳᠤᠰᠤᠯ ᠮᠠᠶᠢᠭ ᠲᠠᠢ᠂ ᠨᠠᠷᠢᠨ ᠤ᠋ ᠬᠡᠮᠵᠢᠶ᠎ᠡ ᠨᠢ ᠪᠦᠳᠦᠭᠦᠨ ᠨᠣᠣᠰᠣ ᠪᠣᠯᠤᠨ ᠨᠣᠯᠤᠤᠷ ᠤ᠋ᠨ ᠬᠣᠭᠣᠷᠣᠨᠳᠣ ᠶ᠋ᠢᠨ ᠬᠡᠯᠪᠡᠷᠢᠲᠦ ᠨᠣᠣᠰᠣ) 4.76%᠂ ᠨᠣᠯᠤᠤᠷ (ᠭᠣᠣᠯ ᠦᠭᠡᠢ ᠨᠣᠣᠰᠣ᠂ ᠶᠡᠷᠦ ᠶ᠋ᠢᠨ ᠬᠡᠯᠡᠯᠭᠡ ᠪᠡᠷ ᠪᠣᠯ ᠨᠠᠷᠢᠨ ᠨᠣᠣᠰᠣ ᠭᠡᠵᠦ ᠬᠡᠯᠡᠳᠡᠭ)76.22%᠃ ᠮᠣᠩᠭᠣᠯ ᠬᠣᠨᠢᠨ ᠤ᠋ ᠨᠣᠣᠰᠣᠨ ᠪᠦᠷᠢᠯᠳᠦᠬᠦᠨ ᠦ᠌ ᠪᠠᠢᠳᠠᠯ ᠨᠢ ᠶᠡᠬᠡ ᠲᠥᠯᠥᠪ ᠲᠡᠭᠡᠨ ᠳᠡᠭᠡᠷ᠎ᠡ ᠢᠯᠡᠳᠬᠡᠭᠰᠡᠨ ᠵᠠᠷᠢᠮ ᠬᠡᠮᠵᠢᠯᠲᠡ ᠶ᠋ᠢᠨ ᠮᠠᠲ᠋ᠧᠷᠢᠶᠠᠯ ᠮᠡᠲᠦ ᠪᠣᠯᠪᠠᠴᠤ᠂ ᠡᠯ᠎ᠡ ᠭᠠᠵᠠᠷ ᠳᠠᠬᠢ ᠬᠣᠨᠢᠨ ᠨᠣᠣᠰᠣᠨ ᠪᠦᠷᠢᠯᠳᠦᠬᠦᠨ ᠨᠢ ᠬᠣᠭᠣᠷᠣᠨᠳᠣ ᠪᠠᠨ ᠮᠠᠰᠢ ᠶᠡᠬᠡ ᠵᠥᠷᠢᠶ᠎ᠡ ᠲᠡᠢ᠃ ᠥᠪᠥᠷ ᠮᠣᠩᠭᠣᠯ ᠤ᠋ᠨ ᠳᠤᠮᠳᠠ ᠪᠠᠷᠠᠭᠤᠨ ᠬᠡᠰᠡᠭ ᠦ᠋ᠨ ᠭᠠᠵᠠᠷ ᠣᠷᠣᠨ ᠳ᠋ᠠᠬᠢ ᠮᠣᠩᠭᠣᠯ ᠬᠣᠨᠢᠨ ᠤ᠋ ᠨᠣᠣᠰᠣᠨ ᠳ᠋ᠤ᠌ ᠰᠣᠢᠷ ᠦᠰᠦ (ᠢᠮᠠᠭᠠᠨ ᠦᠰᠦ) ᠪᠠᠢᠳᠠᠭ ᠦᠭᠡᠢ ᠪᠣᠯᠬᠣᠷ ᠬᠡᠪᠢᠰ ᠨᠡᠬᠡᠮᠡᠯ ᠦ᠋ᠨ ᠳᠡᠭᠡᠳᠦ ᠳᠡᠰ ᠦ᠋ᠨ ᠣᠬᠢ ᠰᠠᠢᠨ ᠲᠦᠭᠦᠬᠡᠢ ᠮᠠᠲ᠋ᠧᠷᠢᠶᠠᠯ ᠢ᠋ᠶ᠋ᠠᠷ ᠬᠡᠷᠡᠭᠯᠡᠭᠳᠡᠳᠡᠭ᠃
ᠨᠣᠣᠰᠣᠨ ᠤ᠋ ᠨᠠᠷᠢᠨ ᠤ᠋ ᠬᠡᠮᠵᠢᠶ᠎ᠡ (ᠳᠤᠮᠳᠠᠴᠢ ᠬᠡᠮᠵᠢᠭᠳᠡᠯ)᠄ ᠪᠦᠳᠦᠭᠦᠨ ᠨᠣᠣᠰᠣ (ᠭᠣᠣᠯ ᠲᠠᠢ ᠨᠣᠣᠰᠣ) 54.04 ᠮᠢᠺᠷᠣᠨ᠂ ᠰᠣᠢᠷ ᠦᠰᠦ (ᠢᠮᠠᠭᠠᠨ ᠦᠰᠦ)109.46 ᠮᠢᠺᠷᠣᠨ᠂ ᠪᠡᠰᠡᠷᠡᠭ ᠨᠣᠣᠰᠣ (ᠪᠦᠳᠦᠭᠦᠨ ᠨᠣᠣᠰᠣ ᠪᠣᠯᠤᠨ ᠨᠣᠯᠤᠤᠷ ᠤ᠋ᠨ ᠬᠣᠭᠣᠷᠣᠨᠳᠣ ᠶ᠋ᠢᠨ ᠬᠡᠯᠪᠡᠷᠢᠲᠦ ᠨᠣᠣᠰᠣ)37.93 ᠮᠢᠺᠷᠣᠨ᠂ ᠨᠣᠯᠤᠤᠷ (ᠭᠣᠣᠯ ᠦᠭᠡᠢ ᠨᠣᠣᠰᠣ) 20.22 ᠮᠢᠺᠷᠣᠨ᠃
ᠨᠣᠣᠰᠣᠨ ᠤ᠋ ᠨᠢᠭ ᠦ᠋ᠨ ᠬᠡᠮᠵᠢᠶ᠎ᠡ᠄ ᠲᠠᠯᠤᠨ ᠤ᠋ ᠠᠷᠤ᠂ ᠴᠡᠭᠡᠵᠢᠨ ᠳᠤᠮᠳᠠ ᠬᠡᠰᠡᠭ ᠦ᠋ᠨ ᠨᠣᠣᠰᠣᠨ ᠤ᠋ ᠨᠢᠭ ᠨᠢ᠂ ᠨᠢᠭᠡ ᠲᠡᠭᠰᠢ ᠳᠥᠷᠪᠡᠯᠵᠢᠨ ᠰᠡᠨᠲ᠋ᠢᠮᠧᠲ᠋ᠷ ᠲᠠᠯᠠᠪᠠᠢ ᠳ᠋ᠤ᠌᠂ 1500 — 3400 ᠰᠢᠷᠬᠡᠭ ᠨᠣᠣᠰᠣ ᠪᠣᠢ᠃
ᠨᠣᠣᠰᠣᠨ ᠤ᠋ ᠲᠡᠨᠢᠢᠯᠭᠡᠭᠰᠡᠨ ᠤᠷᠲᠤ ᠶ᠋ᠢᠨ ᠬᠡᠮᠵᠢᠶ᠎ᠡ (ᠳᠤᠮᠳᠠᠴᠢ ᠬᠡᠮᠵᠢᠭᠳᠡᠯ)᠄ ᠪᠦᠳᠦᠭᠦᠨ ᠨᠣᠣᠰᠣ(ᠭᠣᠣᠯ ᠲᠠᠢ ᠨᠣᠣᠰᠣ)9.8 ᠰᠡᠨᠲ᠋ᠢᠮᠧᠲ᠋ᠷ᠂ ᠰᠣᠢᠷ ᠦᠰᠦ(ᠢᠮᠠᠭᠠᠨ ᠦᠰᠦ)8.4 ᠰᠡᠨᠲ᠋ᠢᠮᠧᠲ᠋ᠷ᠂ ᠪᠡᠰᠡᠷᠡᠭ ᠨᠣᠣᠰᠣ (ᠪᠦᠳᠦᠭᠦᠨ ᠨᠣᠣᠰᠣ ᠪᠣᠯᠤᠨ ᠨᠣᠯᠤᠤᠷ ᠤ᠋ᠨ ᠬᠣᠭᠣᠷᠣᠨᠳᠣ ᠶ᠋ᠢᠨ ᠬᠡᠯᠪᠡᠷᠢᠲᠦ ᠨᠣᠣᠰᠣ)10.4 ᠰᠡᠨᠲ᠋ᠢᠮᠧᠲ᠋ᠷ᠂ ᠨᠣᠯᠤᠤᠷ (ᠭᠣᠣᠯ ᠦᠭᠡᠢ ᠨᠣᠣᠰᠣ)8.5 ᠰᠡᠨᠲ᠋ᠢᠮᠧᠲ᠋ᠷ᠃
ᠮᠢᠬᠠᠨ ᠭᠠᠷᠤᠯᠲᠠ ᠄ ᠨᠢᠲᠤᠯᠭᠠ ᠶ᠋ᠢᠨ ᠭᠠᠷᠴᠠ ᠨᠢ 50% ᠣᠷᠴᠢᠮ᠂ ᠣᠨᠴᠠᠭᠠᠢ ᠵᠠᠷᠢᠮ ᠨᠢ 60% ᠬᠦᠷᠬᠦ ᠴᠦ᠍ ᠪᠣᠢ᠃
ᠢᠬᠡᠷᠡᠯᠡᠬᠦ ᠨᠣᠷᠮ᠎ᠠ ᠨᠢ ᠶᠡᠷᠦ ᠶ᠋ᠢᠨ ᠪᠠᠢᠳᠠᠯ ᠳ᠋ᠤ᠌᠂ 5% ᠠ᠋ᠴᠠ ᠬᠡᠲᠦᠷᠡᠬᠦ ᠦᠭᠡᠢ ᠪᠠᠢᠳᠠᠭ ᠪᠣᠯᠪᠠᠴᠤ᠂ ᠡᠪᠡᠰᠦ ᠪᠡᠯᠴᠢᠭᠡᠷ ᠦ᠋ᠨ ᠨᠥᠬᠥᠴᠡᠯ ᠣᠨᠴᠠ ᠰᠠᠢᠨ ᠪᠤᠶᠤ ᠲᠠᠷᠭᠤ ᠬᠦᠴᠦ ᠶᠡᠬᠡ ᠰᠠᠢᠨ ᠪᠠᠢᠳᠠᠯ ᠳᠣᠣᠷ᠎ᠠ᠂ ᠢᠬᠡᠷᠡᠯᠡᠬᠦ ᠨᠣᠷᠮ᠎ᠠ ᠨᠢ ᠶᠡᠬᠡᠪᠡᠷ ᠳᠡᠭᠡᠭᠰᠢᠯᠡᠳᠡᠭ᠃
ᠮᠣᠩᠭᠣᠯ ᠬᠣᠨᠢᠨ ᠤ᠋ ᠢᠯᠡᠭᠦᠦ ᠨᠢᠭᠡ ᠦᠶ᠎ᠡ ᠰᠡᠭᠡᠷ (ᠰᠡᠭᠡᠷ ᠶᠠᠰᠤ ᠨᠢ ᠢᠯᠡᠭᠦᠦ ᠨᠢᠭᠡ ᠦᠶ᠎ᠡ᠂ ᠬᠠᠪᠢᠷᠭ᠎ᠠ ᠨᠢ ᠢᠯᠡᠭᠦᠦ ᠨᠢᠭᠡᠨ ᠬᠣᠣᠰ) ᠪᠤᠶᠤ ᠢᠯᠡᠭᠦᠦ ᠨᠢᠭᠡ ᠦᠶ᠎ᠡ ᠨᠢᠷᠤᠭᠤ ᠶᠠᠰᠤ ᠲᠠᠢ ᠪᠠᠢᠬᠤ ᠤᠳᠤᠮᠰᠢᠯ ᠤ᠋ᠨ ᠰᠢᠨᠵᠢ ᠣᠨᠴᠠᠯᠢᠭ ᠨᠢ ᠮᠣᠩᠭᠣᠯ ᠤᠳᠤᠮ ᠤ᠋ᠨ ᠬᠣᠨᠢ ᠠ᠋ᠴᠠ ᠪᠤᠰᠤᠳ ᠲᠥᠷᠥᠯ ᠦ᠋ᠨ ᠬᠣᠨᠢᠨ ᠤ᠋ ᠡᠭᠦᠯᠳᠡᠷ ᠲᠦ᠍ ᠦᠯᠦ ᠪᠠᠢᠬᠤ ᠣᠨᠴᠠᠭᠠᠢ ᠨᠢᠭᠡᠨ ᠥᠪᠡᠷᠮᠢᠴᠡ ᠰᠢᠨᠵᠢ ᠣᠨᠴᠠᠯᠢᠭ ᠶᠤᠮ᠂ ᠲᠡᠭᠦᠨ ᠦ᠌ ᠡᠨᠡ ᠬᠦ᠌ ᠥᠪᠡᠷᠮᠢᠴᠡ ᠰᠢᠨᠵᠢ ᠣᠨᠴᠠᠯᠢᠭ ᠤ᠋ᠨ ᠤᠳᠤᠮᠰᠢᠯ ᠨᠢ ᠮᠠᠰᠢ ᠴᠢᠩᠭ᠎ᠠ ᠪᠠᠢᠳᠠᠭ᠃ 1982 ᠣᠨ ᠳ᠋ᠤ᠌᠂ ᠵᠠᠩ ᠱᠢ ᠴᠤᠸᠠᠨ᠂ ᠮᠥᠩᠬᠡ᠂ ᠮᠠᠨᠠᠨ᠎ᠠ᠂ ᠨᠠᠮᠵᠢᠯ ᠨᠠᠷ ᠤ᠋ᠨ ᠵᠡᠭᠦᠨ ᠦᠵᠦᠮᠦᠴᠢᠨ ᠪᠠ ᠪᠠᠷᠠᠭᠤᠨ ᠦᠵᠦᠮᠦᠴᠢᠨ ᠬᠤᠰᠢᠭᠤᠨ ᠳ᠋ᠤ᠌ ᠬᠢᠭᠰᠡᠨ ᠦᠵᠦᠮᠦᠴᠢᠨ ᠬᠣᠨᠢᠨ ᠤ᠋ ᠰᠤᠳᠤᠯᠤᠯᠲᠠ ᠳ᠋ᠤ᠌᠂ ᠰᠡᠭᠡᠷ ᠶᠠᠰᠤ ᠨᠢ 14 ᠦᠶ᠎ᠡ᠂ 14 ᠬᠣᠣᠰ ᠬᠠᠪᠢᠷᠭ᠎ᠠ ᠲᠠᠢ ᠬᠣᠨᠢ 20% ᠣᠷᠴᠢᠮ ᠢ᠋ ᠨᠢ ᠡᠵᠡᠯᠡᠵᠦ᠂ 7 ᠦᠶ᠎ᠡ ᠨᠢᠷᠤᠭᠤᠨ ᠶᠠᠰᠤ ᠲᠠᠢ ᠬᠣᠨᠢ 40% ᠣᠷᠴᠢᠮ ᠢ᠋ ᠨᠢ ᠡᠵᠡᠯᠡᠵᠦ ᠪᠠᠢᠪᠠ (ᠶᠡᠷᠦ ᠶ᠋ᠢᠨ ᠬᠣᠨᠢ ᠪᠣᠯ᠂ ᠰᠡᠭᠡᠷ ᠶᠠᠰᠤ ᠨᠢ 13 ᠦᠶ᠎ᠡ᠂ 13 ᠬᠣᠣᠰ ᠬᠠᠪᠢᠷᠭ᠎ᠠ ᠲᠠᠢ᠂ ᠨᠢᠷᠤᠭᠤ ᠶᠠᠰᠤ 6 ᠦᠶ᠎ᠡ ᠲᠡᠢ ᠪᠠᠢᠳᠠᠭ)᠃ 1991 ᠣᠨ ᠳ᠋ᠤ᠌᠂ ᠮᠥᠩᠬᠡ᠂ ᠨᠠᠮᠵᠢᠯ ᠨᠠᠷ ᠠᠪᠠᠭ᠎ᠠ ᠬᠤᠰᠢᠭᠤᠨ ᠤ᠋ ᠣᠷᠢᠶᠠᠩᠬᠠᠨ ᠬᠣᠨᠢᠨ ᠳ᠋ᠤ᠌ ᠬᠢᠭᠰᠡᠨ ᠰᠤᠳᠤᠯᠤᠯᠲᠠ ᠳ᠋ᠤ᠌᠂ ᠰᠡᠭᠡᠷ ᠶᠠᠰᠤ ᠨᠢ 14 ᠦᠶ᠎ᠡ᠂ 14 ᠬᠣᠣᠰ ᠬᠠᠪᠢᠷᠭ᠎ᠠ ᠲᠠᠢ ᠬᠣᠨᠢ 18.8% ᠶ᠋ᠢ ᠡᠵᠡᠯᠡᠵᠦ ᠪᠠᠢᠪᠠ᠃ ᠡᠨᠡ ᠲᠤᠬᠠᠢ ᠪᠤᠰᠤᠳ ᠭᠠᠵᠠᠷ ᠬᠢᠭᠰᠡᠨ ᠪᠠᠭ᠎ᠠ ᠬᠡᠪᠴᠢᠶᠡᠨ ᠦ᠌ ᠬᠡᠮᠵᠢᠯᠲᠡ ᠶ᠋ᠢᠨ ᠪᠠᠢᠳᠠᠯ ᠠ᠋ᠴᠠ ᠢᠯᠡᠳᠬᠡᠪᠡᠯ᠂ 1998 ᠣᠨ ᠳ᠋ᠤ᠌᠂ ᠵᠡᠭᠦᠨ ᠰᠥᠨᠢᠳ ᠦ᠋ᠨ ᠨᠢᠭᠡᠨ ᠰᠦᠷᠦᠭ ᠬᠣᠨᠢᠨ ᠳ᠋ᠤ᠌ ᠬᠡᠮᠵᠢᠯᠲᠡ ᠬᠢᠬᠦ ᠳ᠋ᠦ᠍᠂ ᠢᠯᠡᠭᠦᠦ ᠨᠢᠭᠡ ᠦᠶ᠎ᠡ ᠰᠡᠭᠡᠷ ᠶᠠᠰᠤ᠂ ᠢᠯᠡᠭᠦᠦ ᠨᠢᠭᠡᠨ ᠬᠣᠣᠰ ᠬᠠᠪᠢᠷᠭ᠎ᠠ ᠲᠠᠢ ᠨᠢ 15% ᠣᠷᠴᠢᠮ ᠪᠠᠢᠪᠠ᠂ 1986 ᠣᠨ ᠤ᠋ ᠬᠠᠪᠤᠷ᠂ ᠥᠪᠥᠷ ᠮᠣᠩᠭᠣᠯ ᠤ᠋ᠨ ᠮᠠᠯ ᠠᠵᠤ ᠠᠬᠤᠢ ᠶ᠋ᠢᠨ ᠰᠤᠷᠭᠠᠭᠤᠯᠢ ᠶ᠋ᠢᠨ ᠲᠤᠷᠰᠢᠯᠲᠠ ᠶ᠋ᠢᠨ ᠲᠠᠯᠠᠪᠠᠢ ᠳ᠋ᠠᠬᠢ 471 ᠥᠪᠥᠷ ᠮᠣᠩᠭᠣᠯ ᠤ᠋ᠨ ᠨᠠᠷᠢᠨ ᠨᠣᠣᠰᠣᠲᠤ ᠡᠮ᠎ᠡ ᠬᠣᠨᠢ ᠶ᠋ᠢ ᠬᠡᠮᠵᠢᠨ ᠪᠠᠢᠴᠠᠭᠠᠬᠤ ᠳ᠋ᠤ᠌᠂ ᠢᠯᠡᠭᠦᠦ ᠨᠢᠭᠡ ᠦᠶ᠎ᠡ ᠰᠡᠭᠡᠷ ᠶᠠᠰᠤ᠂ ᠢᠯᠡᠭᠦᠦ ᠨᠢᠭᠡᠨ ᠬᠣᠣᠰ ᠬᠠᠪᠢᠷᠭ᠎ᠠ ᠲᠠᠢ ᠬᠣᠨᠢ 14 ᠪᠠᠢᠪᠠ (ᠲᠤᠰ ᠡᠭᠦᠯᠳᠡᠷ ᠦ᠋ᠨ ᠬᠣᠨᠢᠨ ᠤ᠋ ᠡᠬᠡ ᠤᠳᠤᠮ ᠨᠢ ᠪᠦᠷ ᠮᠣᠩᠭᠣᠯ ᠬᠣᠨᠢ ᠪᠣᠯᠬᠣᠷ᠂ ᠢᠯᠡᠭᠦᠦ ᠨᠢᠭᠡ ᠦᠶ᠎ᠡ ᠰᠡᠭᠡᠷ ᠶᠠᠰᠤ᠂ ᠢᠯᠡᠭᠦᠦ ᠨᠢᠭᠡᠨ ᠬᠣᠣᠰ ᠬᠠᠪᠢᠷᠭᠠᠨ ᠤ᠋ ᠰᠢᠨᠵᠢ ᠣᠨᠴᠠᠯᠢᠭ ᠨᠢ ᠬᠣᠢᠴᠢ ᠦᠶ᠎ᠡ ᠳ᠋ᠡᠭᠡᠨ ᠵᠣᠬᠢᠬᠤ ᠬᠡᠮᠵᠢᠶ᠎ᠡ ᠪᠡᠷ ᠤᠳᠤᠮᠰᠢᠭᠰᠠᠨ ᠪᠣᠯᠤᠯᠲᠠᠢ)᠃ ᠠᠳᠠᠯᠢ ᠮᠠᠯᠵᠢᠯᠭ᠎ᠠ ᠶ᠋ᠢᠨ ᠨᠥᠬᠥᠴᠡᠯ ᠳᠣᠣᠷ᠎ᠠ᠂ ᠡᠢᠮᠦᠷᠬᠦ ᠢᠯᠡᠭᠦᠦ ᠨᠢᠭᠡ ᠦᠶ᠎ᠡ ᠰᠡᠭᠡᠷ ᠶᠠᠰᠤ᠂ ᠢᠯᠡᠭᠦᠦ ᠨᠢᠭᠡᠨ ᠬᠣᠣᠰ ᠬᠠᠪᠢᠷᠭ᠎ᠠ ᠲᠠᠢ ᠬᠣᠨᠢᠨ ᠤ᠋ ᠮᠢᠬᠠᠨ ᠭᠠᠷᠴᠠ ᠨᠢ᠂ ᠶᠡᠷᠦ ᠶ᠋ᠢᠨ ᠰᠡᠭᠡᠷ ᠶᠠᠰᠤ ᠨᠢ 13 ᠦᠶ᠎ᠡ᠂ 13 ᠬᠣᠣᠰ ᠬᠠᠪᠢᠷᠭ᠎ᠠ ᠲᠠᠢ ᠬᠣᠨᠢ ᠠ᠋ᠴᠠ 4 — 6 ᠵᠢᠩ ᠣᠷᠴᠢᠮ ᠮᠢᠬ᠎ᠠ ᠢᠯᠡᠭᠦᠦ ᠭᠠᠷᠬᠤ ᠪᠣᠯᠣᠮᠵᠢᠲᠠᠢ ᠪᠠᠢᠭ᠎ᠠ ᠶ᠋ᠢ ᠵᠠᠩ ᠱᠢ ᠴᠤᠸᠠᠨ᠂ ᠮᠥᠩᠬᠡ᠂ ᠮᠠᠨᠠᠨ᠎ᠠ᠂ ᠨᠠᠮᠵᠢᠯ ᠨᠠᠷ ᠤ᠋ᠨ ᠬᠢᠭᠰᠡᠨ ᠦᠵᠦᠮᠦᠴᠢᠨ ᠬᠣᠨᠢᠨ ᠤ᠋ ᠰᠤᠳᠤᠯᠤᠯᠲᠠ ᠬᠡᠮᠵᠢᠯᠲᠡ ᠭᠡᠷᠡᠴᠢᠯᠡᠪᠡ᠃
ᠮᠣᠩᠭᠣᠯ ᠬᠣᠨᠢ ᠪᠣᠯ᠂ ᠬᠤᠪᠢᠷᠠᠯᠲᠠ ᠶᠡᠬᠡᠲᠡᠢ᠂ ᠨᠥᠬᠥᠴᠡᠯ ᠮᠠᠭᠤ ᠰᠢᠭ᠋ ᠪᠠᠢᠭᠠᠯᠢ ᠶ᠋ᠢᠨ ᠣᠷᠴᠢᠨ ᠠᠬᠤᠢ ᠳ᠋ᠤ᠌ ᠲᠡᠰᠪᠦᠷᠢ ᠳᠠᠭᠠᠭᠠᠴᠠ ᠲᠠᠢ ᠪᠠᠷ ᠵᠣᠬᠢᠴᠠᠨ᠂ ᠬᠡᠪ ᠦ᠋ᠨ ᠪᠠᠢᠳᠠᠯ ᠢ᠋ᠶ᠋ᠠᠷ ᠦᠰᠦᠨ ᠦᠷᠡᠵᠢᠵᠦ ᠴᠢᠳᠠᠳᠠᠭ᠂ ᠮᠠᠯᠵᠢᠯᠭ᠎ᠠ ᠶ᠋ᠢᠨ ᠵᠠᠷᠤᠳᠠᠯ ᠪᠠᠭ᠎ᠠ᠂ ᠣᠯᠵᠠ ᠠᠰᠢᠭ ᠶᠡᠬᠡᠲᠡᠢ᠂ ᠬᠥᠮᠦᠰ ᠦ᠋ᠨ ᠠᠮᠢᠳᠤᠷᠠᠯ᠂ ᠦᠢᠯᠡᠳᠪᠦᠷᠢᠯᠡᠯ᠂ ᠠᠵᠤ ᠠᠬᠤᠢ ᠶ᠋ᠢᠨ ᠬᠡᠷᠡᠭᠴᠡᠭᠡ ᠱᠠᠭᠠᠷᠳᠠᠯᠭ᠎ᠠ ᠳ᠋ᠤ᠌ ᠲᠣᠬᠢᠷᠠᠭᠰᠠᠨ ᠴᠢᠨᠠᠷ ᠰᠠᠢᠲᠠᠢ ᠮᠢᠬ᠎ᠠ᠂ ᠨᠣᠣᠰᠣ᠂ ᠰᠦ᠂ ᠠᠷᠠᠰᠤ ᠵᠡᠷᠭᠡ ᠣᠯᠠᠨ ᠵᠦᠢᠯ ᠦ᠋ᠨ ᠴᠢᠨᠠᠷᠯᠢᠭ ᠰᠠᠢᠨ ᠭᠠᠷᠤᠯᠲᠠ ᠬᠠᠩᠭᠠᠬᠤ ᠲᠠᠯ᠎ᠠ ᠪᠠᠷ ᠢ᠋ᠶ᠋ᠠᠨ ᠥᠭᠡᠷ᠎ᠡ ᠪᠤᠰᠤᠳ ᠲᠥᠷᠥᠯ ᠦ᠋ᠨ ᠡᠭᠦᠯᠳᠡᠷ ᠦ᠋ᠨ ᠬᠣᠨᠢᠳ ᠲᠤ᠌ ᠦᠯᠦ ᠪᠠᠢᠬᠤ ᠮᠠᠰᠢ ᠣᠯᠠᠨ ᠵᠦᠢᠯ ᠦ᠋ᠨ ᠳᠠᠪᠠᠭᠤᠯᠢᠭ ᠲᠠᠯ᠎ᠠ ᠲᠠᠢ᠂ ᠲᠤᠩ ᠬᠣᠪᠣᠷᠬᠠᠨ ᠨᠢᠭᠡᠨ ᠰᠢᠯᠢᠳᠡᠭ ᠰᠠᠢᠨ ᠡᠭᠦᠯᠳᠡᠷ ᠦ᠋ᠨ ᠬᠣᠨᠢ ᠪᠣᠯᠬᠣᠷ᠂ ᠬᠣᠢᠰᠢᠳᠠ ᠲᠡᠭᠦᠨ ᠦ᠌ ᠡᠨᠡ ᠬᠦ᠌ ᠳᠠᠪᠠᠭᠤᠯᠢᠭ ᠲᠠᠯ᠎ᠠ ᠶ᠋ᠢ ᠬᠠᠮᠠᠭᠠᠯᠠᠨ ᠬᠥᠭᠵᠢᠭᠦᠯᠬᠦ ᠶ᠋ᠢᠨ ᠵᠡᠷᠭᠡᠴᠡᠭᠡᠪᠡᠷ ᠵᠠᠷᠢᠮ ᠳᠠᠯᠳᠠ ᠵᠦᠢᠯᠡᠰ ᠢ᠋ ᠤᠯᠠᠮ ᠭᠦᠨᠵᠡᠭᠡᠢ ᠨᠠᠷᠢᠨ ᠰᠤᠳᠤᠯᠤᠨ ᠰᠢᠨᠵᠢᠯᠡᠵᠦ᠂ ᠪᠣᠢ ᠪᠦᠬᠦᠢ ᠳᠠᠪᠠᠭᠤᠯᠢᠭ ᠰᠢᠨᠵᠢ ᠣᠨᠴᠠᠯᠢᠭ ᠢ᠋ ᠨᠢ ᠤᠯᠠᠮ ᠪᠠᠳᠠᠷᠠᠭᠤᠯᠤᠨ ᠰᠠᠢᠬᠠᠨ ᠠᠰᠢᠭᠯᠠᠪᠠᠯ ᠵᠣᠬᠢᠨ᠎ᠠ᠃ ᠶᠠᠮᠠᠷ ᠨᠢᠭᠡᠨ ᠨᠢᠳᠦᠨ ᠡᠮᠦᠨᠡᠬᠢ ᠠᠰᠢᠭ ᠣᠯᠵᠠᠪᠤᠷᠢ ᠶ᠋ᠢ ᠪᠣᠳᠣᠵᠤ᠂ ᠠᠯᠢ ᠨᠢᠭᠡᠨ ᠭᠠᠷᠤᠯᠲᠠ ᠶ᠋ᠢ ᠨᠢ ᠨᠡᠮᠡᠭᠳᠡᠭᠦᠯᠬᠦ ᠪᠤᠶᠤ ᠬᠠᠯᠠᠨ ᠰᠠᠢᠵᠢᠷᠠᠭᠤᠯᠬᠤ ᠭᠡᠵᠦ ᠠᠯᠤᠰ ᠤ᠋ᠨ ᠲᠥᠰᠥᠪ ᠲᠥᠯᠥᠪᠯᠡᠭᠡ ᠦᠭᠡᠢ᠂ ᠮᠡᠷᠭᠡᠵᠢᠯ ᠦ᠋ᠨ ᠵᠢᠯᠣᠭᠣᠳᠤᠯᠭ᠎ᠠ ᠦᠭᠡᠢ ᠪᠡᠷ ᠬᠠᠮᠢᠶ᠎ᠠ ᠨᠠᠮᠢᠶ᠎ᠠ ᠦᠭᠡᠢ ᠡᠷᠯᠢᠰᠡᠵᠢᠭᠦᠯᠬᠦ ᠠᠵᠢᠯᠯᠠᠭ᠎ᠠ ᠬᠢᠬᠦ ᠶ᠋ᠢ ᠣᠨᠴᠠ ᠬᠢᠴᠢᠶᠡᠵᠦ᠂ ᠮᠣᠩᠭᠣᠯ ᠬᠣᠨᠢᠨ ᠤ᠋ ᠰᠢᠯᠢᠳᠡᠭ ᠰᠠᠢᠨ ᠤᠳᠤᠮᠰᠢᠯ ᠤ᠋ᠨ ᠰᠢᠨᠵᠢ ᠴᠢᠨᠠᠷ ᠢ᠋ ᠨᠢ ᠦᠨᠡᠨ ᠪᠠᠲᠤᠲᠠᠢ ᠴᠡᠪᠡᠷ ᠢ᠋ᠶ᠋ᠡᠷ ᠨᠢ ᠬᠠᠮᠠᠭᠠᠯᠠᠨ ᠬᠥᠭᠵᠢᠭᠦᠯᠬᠦ ᠨᠢ ᠲᠤᠢᠯ ᠤ᠋ᠨ ᠴᠢᠬᠤᠯᠠ ᠶᠤᠮ᠃
ᠮᠣᠩᠭᠣᠯ ᠬᠣᠨᠢ Монгол Хонь
ᠬᠢᠲᠠᠳ ᠨᠡᠷ᠎ᠡ᠄ 蒙古羊
ᠦᠰᠦᠭ ᠠᠮᠢᠯᠠᠭᠤᠯᠤᠭᠴᠢ᠄ ᠳᠣᠯᠣᠳ • ᠨᠠᠮᠵᠢᠯ
ᠬᠢᠨᠠᠭᠴᠢ᠄ ᠣᠳᠬᠠᠨᠰᠣ᠎ᠠ
