ᠵᠣᠴᠢᠳ ᠲᠠᠢ ᠬᠠᠷᠢᠴᠠᠬᠤ ᠤᠬᠠᠭᠠᠨ 2-ᠬᠣᠨᠢᠴᠢᠨ ᠦᠯᠵᠡᠢᠰᠦ᠋ᠷᠥᠩZochidtoi kharitsakh ukhaanЗочидтой харьцах ухаан ᠠᠵᠤ ᠠᠬᠤᠢ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠣᠴᠢᠳ ᠲᠠᠢ ᠬᠠᠷᠢᠴᠠᠬᠤ ᠤᠬᠠᠭᠠᠨ 2-ᠬᠣᠨᠢᠴᠢᠨ ᠦᠯᠵᠡᠢᠰᠦ᠋ᠷᠥᠩZochidtoi kharitsakh ukhaanЗочидтой харьцах ухаан

ᠵᠣᠴᠢᠳ ᠲᠠᠢ ᠬᠠᠷᠢᠴᠠᠬᠤ ᠤᠬᠠᠭᠠᠨ 2-ᠬᠣᠨᠢᠴᠢᠨ ᠦᠯᠵᠡᠢᠰᠦ᠋ᠷᠥᠩZochidtoi kharitsakh ukhaanЗочидтой харьцах ухаан

ᠠᠩᠭᠢᠯᠠᠯ:ᠠᠵᠤ ᠠᠬᠤᠢ
2025-08-29

172

   ᠳ᠋ᠣᠺᠲ᠋ᠣᠷ ᠬᠣᠨᠢᠴᠢᠨ ᠦᠯᠵᠡᠢᠰᠦ᠋ᠷᠥᠩ 
    ᠵᠠᠬ᠎ᠠ ᠵᠡᠭᠡᠯᠢ ᠶ᠋ᠢᠨ ᠭᠣᠣᠯ ᠭᠦᠢᠯᠭᠡᠭᠡᠨ ᠪᠣᠯ ᠲᠠᠸᠠᠷ ᠪᠣᠯᠤᠨ᠎ᠠ ᠃ ᠬᠥᠮᠦᠰ ᠦ᠋ᠨ ᠣᠯᠠᠨ ᠲᠥᠷᠥᠯ ᠦ᠋ᠨ ᠬᠡᠷᠡᠭᠯᠡᠭᠡᠨ ᠦ᠌ ᠲᠠᠸᠠᠷ᠂ ᠦᠢᠯᠡᠳᠪᠦᠷᠢᠯᠡᠯ ᠢ᠋ᠶ᠋ᠡᠷ ᠳᠠᠮᠵᠢᠨ ᠬᠡᠷᠡᠭᠯᠡᠭᠴᠢᠳ ᠦ᠋ᠨ ᠭᠠᠷ ᠲᠤ᠌ ᠬᠦᠷᠴᠦ ᠬᠡᠷᠡᠭᠯᠡᠭᠡᠨ ᠳ᠋ᠦ᠍ ᠣᠷᠣᠳᠠᠭ᠃ ᠬᠡᠷᠡᠭᠯᠡᠭᠴᠢᠳ ᠥᠪᠡᠷ ᠲᠡᠭᠡᠨ ᠬᠡᠷᠡᠭᠲᠡᠢ ᠲᠠᠸᠠᠷ ᠢ᠋ ᠰᠣᠩᠭᠣᠬᠤ ᠳ᠋ᠤ᠌ ᠲᠠᠸᠠᠷ ᠤ᠋ᠨ ᠦᠨ᠎ᠡ ᠮᠠᠰᠢ ᠴᠢᠬᠤᠯᠠ ᠡᠭᠦᠷᠭᠡ ᠭᠦᠢᠴᠡᠳᠬᠡᠳᠡᠭ ᠪᠢᠯᠡ᠃ ᠣᠯᠠᠩᠬᠢ ᠬᠡᠷᠡᠭᠯᠡᠭᠴᠢᠳ ᠦᠨ᠎ᠡ ᠬᠠᠩᠰᠢ ᠶ᠋ᠢᠨ ᠬᠤᠪᠢ ᠳ᠋ᠤ᠌ ᠬᠠᠷᠢᠴᠠᠩᠭᠤᠢ ᠬᠢᠮᠳᠠ ᠮᠥᠷᠲᠡᠭᠡᠨ ᠴᠢᠨᠠᠷ ᠤ᠋ᠨ ᠬᠤᠪᠢ ᠳ᠋ᠤ᠌ ᠵᠦᠭᠡᠷ ᠰᠢᠭ ᠲᠠᠸᠠᠷ ᠢ᠋ ᠣᠯᠵᠤ ᠠᠪᠬᠤ ᠶ᠋ᠢ ᠬᠦᠰᠡᠳᠡᠭ᠃ ᠲᠡᠭᠡᠪᠡᠯ 
ᠦᠢᠯᠡᠳᠪᠦᠷᠢᠯᠡᠭᠴᠢᠳ ᠲᠠᠸᠠᠷ ᠤ᠋ᠨ ᠦᠨ᠎ᠡ ᠶ᠋ᠢ ᠬᠡᠷᠬᠢᠨ ᠲᠣᠭᠲᠠᠭᠠᠪᠠᠯ ᠢᠯᠡᠭᠦᠦ ᠬᠡᠷᠡᠭᠯᠡᠭᠴᠢᠳ ᠲᠦ᠍ ᠬᠦᠷᠴᠦ ᠴᠢᠳᠠᠬᠤ ᠪᠣᠢ᠂ ᠦᠨ᠎ᠡ ᠪᠣᠯᠤᠨ ᠴᠢᠨᠠᠷ ᠶᠠᠮᠠᠷ ᠬᠣᠯᠪᠣᠭ᠎ᠠ ᠲᠠᠢ ᠪᠠᠢᠳᠠᠭ ᠪᠣᠢ? 
ᠦᠢᠯᠡᠳᠪᠦᠷᠢᠯᠡᠭᠴᠢᠳ ᠵᠠᠬ᠎ᠠ ᠳᠡᠯᠭᠡᠭᠦᠷ ᠲᠦ᠍ ᠣᠷᠣᠯᠴᠠᠬᠤ ᠶ᠋ᠢᠨ ᠵᠣᠷᠢᠯᠭ᠎ᠠ ᠪᠣᠯ᠂ ᠬᠡᠷᠡᠭᠯᠡᠭᠴᠢᠳ ᠲᠦ᠍ ᠬᠡᠷᠡᠭᠲᠡᠢ ᠲᠠᠸᠠᠷ ᠦᠢᠯᠡᠳᠪᠦᠷᠢᠯᠡᠬᠦ ᠪᠡᠷ ᠳᠠᠮᠵᠢᠨ ᠠᠰᠢᠭ ᠣᠷᠣᠯᠭ᠎ᠠ ᠡᠭᠦᠳᠬᠦ ᠶᠠᠪᠤᠳᠠᠯ ᠪᠣᠯᠤᠨ᠎ᠠ᠃ ᠡᠨᠡᠬᠦ ᠠᠰᠢᠭ ᠣᠷᠣᠯᠭ᠎ᠠ ᠭᠣᠣᠯ ᠨᠢ ᠮᠠᠨ  ᠤ᠋ ᠲᠠᠸᠠᠷ ᠤ᠋ᠨ ᠪᠣᠷᠣᠯᠠᠭᠤᠯᠤᠯᠲᠠ ᠪᠠᠷ ᠳᠠᠮᠵᠢᠨ ᠪᠣᠢ ᠪᠣᠯᠳᠠᠭ᠃ ᠳᠠᠷᠤᠢ ᠪᠣᠷᠣᠯᠠᠭᠤᠯᠤᠯᠲᠠ ᠶ᠋ᠢᠨ ᠣᠷᠣᠯᠭ᠎ᠠ᠂ ᠲᠠᠸᠠᠷ ᠤ᠋ᠨ ᠦᠨ᠎ᠡ ᠬᠠᠩᠰᠢ ᠬᠢᠭᠡᠳ ᠲᠠᠸᠠᠷ ᠤ᠋ᠨ ᠬᠤᠳᠠᠯᠳᠤᠭᠰᠠᠨ ᠬᠡᠮᠵᠢᠶᠡᠨ ᠦ᠌ ᠦᠷᠡᠵᠢᠪᠦᠷᠢ ᠪᠠᠢᠳᠠᠭ᠃ ᠲᠡᠢᠮᠦ ᠡᠴᠡ ᠦᠢᠯᠡᠳᠪᠦᠷᠢᠯᠡᠭᠴᠢᠳ ᠦ᠋ᠨ ᠬᠤᠪᠢ ᠳ᠋ᠤ᠌ ᠢᠯᠡᠭᠦᠦ ᠠᠰᠢᠭ ᠣᠷᠣᠯᠭ᠎ᠠ ᠲᠠᠢ ᠪᠠᠢᠬᠤ ᠶ᠋ᠢ ᠬᠦᠰᠡᠳᠡᠭ᠂ ᠬᠡᠷᠡᠭᠯᠡᠭᠴᠢᠳ ᠦ᠋ᠨ ᠬᠤᠪᠢ ᠳ᠋ᠤ᠌ ᠬᠢᠮᠳᠠ᠂ ᠴᠢᠨᠠᠷ ᠰᠠᠢᠨ ᠲᠠᠸᠠᠷ ᠣᠯᠬᠤ ᠶ᠋ᠢ ᠪᠣᠳᠣᠳᠠᠭ ᠨᠢ ᠪᠦᠷ ᠲᠠᠸᠠᠷ ᠤ᠋ᠨ ᠦᠨ᠎ᠡ ᠬᠠᠩᠰᠢ ᠲᠠᠢ ᠰᠢᠭᠤᠳ ᠬᠣᠯᠪᠣᠭ᠎ᠠ ᠲᠠᠢ᠃ ᠪᠢᠳᠡ ᠵᠠᠬ᠎ᠠ ᠳᠡᠯᠭᠡᠭᠦᠷ ᠲᠦ᠍ ᠣᠷᠣᠯᠴᠠᠬᠤ ᠳ᠋ᠠᠭᠠᠨ ᠲᠠᠸᠠᠷ ᠤ᠋ᠨ  ᠦᠨ᠎ᠡ ᠪᠡᠨ ᠬᠡᠷᠬᠢᠨ ᠲᠣᠭᠲᠠᠭᠠᠪᠠᠯ ᠵᠣᠬᠢᠬᠤ᠂ ᠦᠨ᠎ᠡ ᠲᠣᠭᠲᠠᠭᠠᠬᠤ ᠳ᠋ᠤ᠌ ᠶᠠᠭᠤ ᠶᠠᠭᠤ ᠠᠩᠬᠠᠷᠬᠤ ᠴᠢᠬᠤᠯᠠ ᠲᠠᠢ ᠪᠠᠢᠳᠠᠭ ᠲᠠᠯ᠎ᠠ ᠪᠠᠷ ᠡᠨᠳᠡ ᠥᠭᠦᠯᠡᠨ᠎ᠡ᠃ 
ᠨᠢᠭᠡ ᠂ ᠥᠪᠡᠷ ᠦ᠋ᠨ ᠥᠷᠲᠡᠭ 
ᠲᠠᠸᠠᠷ ᠤ᠋ᠨ ᠦᠨ᠎ᠡ ᠶ᠋ᠢ ᠲᠣᠭᠲᠠᠭᠠᠬᠤ ᠬᠠᠮᠤᠭ ᠭᠣᠣᠯ ᠦᠨᠳᠦᠰᠦᠯᠡᠯ ᠪᠣᠯ ᠶᠠᠭᠠᠬᠢᠬᠤ ᠠᠷᠭ᠎ᠠ ᠦᠭᠡᠢ ᠲᠠᠸᠠᠷ ᠤ᠋ᠨ ᠥᠪᠡᠷ  ᠦ᠋ᠨ ᠥᠷᠲᠡᠭ ᠪᠣᠯᠤᠨ᠎ᠠ᠃ ᠵᠠᠬ᠎ᠠ ᠳᠡᠯᠭᠡᠭᠦᠷ ᠳᠡᠭᠡᠷ᠎ᠡ ᠠᠳᠠᠯᠢ ᠲᠥᠰᠦᠭᠡᠲᠡᠢ ᠲᠠᠸᠠᠷ ᠮᠠᠰᠢ ᠣᠯᠠᠨ ᠪᠠᠢᠳᠠᠭ ᠴᠤ᠌ ᠦᠨ᠎ᠡ ᠬᠠᠩᠰᠢ  ᠶ᠋ᠢᠨ ᠬᠤᠪᠢ ᠳ᠋ᠤ᠌ ᠬᠣᠭᠣᠷᠣᠨᠳᠣ ᠪᠠᠨ ᠥᠭᠡᠷ᠎ᠡ ᠥᠭᠡᠷ᠎ᠡ ᠪᠠᠢᠳᠠᠭ᠃ ᠡᠨᠡ ᠨᠢ ᠪᠦᠷ ᠥᠪᠡᠷ ᠦ᠋ᠨ ᠥᠷᠲᠡᠭ ᠦ᠋ᠨ ᠠᠳᠠᠯᠢ ᠪᠤᠰᠤ  ᠠ᠋ᠴᠠ ᠮᠠᠰᠢ ᠶᠡᠬᠡ ᠰᠢᠯᠲᠠᠭᠠᠯᠠᠭᠰᠠᠨ ᠪᠠᠢᠳᠠᠭ᠃ ᠲᠡᠢᠮᠦ  ᠎ᠡᠴᠡ ᠥᠪᠡᠷ ᠦ᠋ᠨ ᠦᠢᠯᠡᠳᠪᠦᠷᠢᠯᠡᠭᠰᠡᠨ ᠲᠠᠸᠠᠷ ᠤ᠋ᠨ ᠦᠨ᠎ᠡ ᠶ᠋ᠢ ᠲᠣᠭᠲᠠᠭᠠᠬᠤ ᠳ᠋ᠠᠭᠠᠨ ᠡᠬᠢᠯᠡᠭᠡᠳ ᠥᠪᠡᠷ ᠦ᠋ᠨ ᠥᠷᠲᠡᠭ ᠢ᠋ ᠵᠥᠪ ᠲᠣᠭᠠᠴᠢᠯᠠᠵᠤ ᠰᠤᠷᠬᠤ ᠬᠡᠷᠡᠭᠲᠡᠢ᠃ ᠡᠭᠦᠨ ᠦ᠌ ᠰᠠᠭᠤᠷᠢᠨ ᠳᠡᠭᠡᠷ᠎ᠡ ᠪᠢᠳᠡ ᠲᠠᠸᠠᠷ ᠢ᠋ ᠦᠢᠯᠡᠳᠪᠦᠷᠢᠯᠡᠬᠦ ᠳ᠋ᠦ᠍ ᠬᠣᠷᠣᠭᠳᠠᠠᠭᠰᠠᠨ ᠬᠣᠷᠣᠭᠳᠠᠯ᠂ ᠵᠠᠬ᠎ᠠ ᠳᠡᠯᠭᠡᠭᠦᠷ ᠦ᠋ᠨ ᠪᠥᠭᠡᠮ ᠦ᠋ᠨ ᠦᠨ᠎ᠡ᠂ ᠵᠢᠵᠢᠭᠯᠡᠭᠡᠨ ᠦ᠌ ᠦᠨ᠎ᠡ ᠲᠤᠰ ᠲᠤᠰ ᠲᠤ᠌ ᠨᠢ ᠢᠯᠭᠠᠵᠤ᠂ ᠪᠣᠷᠣᠯᠠᠭᠤᠯᠠᠯᠬᠤ ᠳ᠋ᠤ᠌ ᠬᠡᠷᠡᠭᠯᠡᠬᠦ ᠵᠠᠷᠤᠳᠠᠯ ᠢ᠋ᠶ᠋ᠠᠨ ᠪᠣᠳᠣᠵᠤ᠂ ᠠᠰᠢᠭ ᠢ᠋ᠶ᠋ᠠᠨ ᠬᠡᠳᠦᠨ ᠬᠤᠪᠢ ᠪᠠᠢᠬᠤ ᠶ᠋ᠢ ᠲᠣᠭᠲᠠᠭᠠᠭᠰᠠᠨ ᠤ᠋ ᠰᠠᠭᠤᠷᠢᠨ ᠳᠡᠭᠡᠷ᠎ᠡ ᠲᠠᠸᠠᠷ  ᠤ᠋ᠨ ᠶᠠᠭ ᠵᠠᠬ᠎ᠠ ᠳᠡᠯᠭᠡᠭᠦᠷ ᠳᠡᠭᠡᠷ᠎ᠡ ᠬᠤᠳᠠᠯᠳᠤᠬᠤ ᠦᠨ᠎ᠡ ᠶ᠋ᠢ ᠲᠣᠭᠲᠠᠭᠠᠵᠤ ᠭᠠᠷᠭᠠᠨ᠎ᠠ᠃ ᠲᠡᠢᠮᠦ ᠪᠢᠰᠢ᠂ ᠪᠢᠳᠡ ᠪᠤᠰᠤᠳ ᠬᠥᠮᠦᠨ ᠬᠡᠳᠦᠢ ᠪᠡᠷ ᠬᠤᠳᠠᠯᠳᠤᠵᠤ ᠪᠠᠢᠪᠠᠯ ᠲᠡᠭᠦᠨ ᠲᠡᠢ ᠠᠳᠠᠯᠢ ᠦᠨ᠎ᠡ ᠪᠡᠷ ᠬᠤᠳᠠᠯᠳᠤᠨ᠎ᠠ ᠭᠡᠮᠡᠨ ᠦᠵᠡᠵᠦ ᠪᠣᠯᠬᠤ ᠦᠭᠡᠢ᠃ ᠭᠡᠬᠦ ᠳ᠋ᠡᠭᠡᠨ ᠥᠪᠡᠷ  ᠦ᠋ᠨ ᠲᠠᠸᠠᠷ ᠤ᠋ᠨ ᠦᠨ᠎ᠡ ᠪᠡᠨ ᠪᠤᠰᠤᠳ ᠠᠳᠠᠯᠢᠬᠠᠨ ᠲᠠᠸᠠᠷ ᠤ᠋ᠨ ᠦᠨ᠎ᠡ ᠶ᠋ᠢ ᠰᠤᠳᠤᠯᠤᠭᠰᠠᠨ ᠤ᠋ ᠰᠠᠭᠤᠷᠢᠨ ᠳᠡᠭᠡᠷ᠎ᠡ ᠬᠠᠷᠢᠴᠠᠭᠤᠯᠤᠭᠴᠢ ᠪᠣᠯᠭᠠᠬᠤ ᠨᠢ ᠵᠦᠢᠲᠡᠢ ᠃ 
ᠬᠣᠶᠠᠷ ᠂ ᠥᠨᠳᠥᠷ ᠦᠨ᠎ᠡ ᠲᠣᠭᠲᠠᠭᠠᠬᠤ 
ᠪᠣᠷᠣᠯᠠᠭᠤᠯᠤᠯᠲᠠ ᠶ᠋ᠢᠨ ᠣᠷᠣᠯᠭ᠎ᠠ ᠶ᠋ᠢ ᠨᠡᠮᠡᠭᠳᠡᠭᠦᠯᠬᠦ ᠬᠠᠮᠤᠭ ᠠᠰᠢᠭᠲᠠᠢ ᠠᠷᠭ᠎ᠠ ᠪᠣᠯ ᠲᠠᠸᠠᠷ ᠤ᠋ᠨ ᠦᠨ᠎ᠡ ᠶ᠋ᠢ ᠥᠰᠬᠡᠵᠦ᠂ ᠥᠨᠳᠥᠷ ᠦᠨ᠎ᠡ ᠲᠡᠢ ᠬᠤᠳᠠᠯᠳᠤᠬᠤ ᠪᠣᠯᠤᠨ᠎ᠠ᠃ ᠲᠡᠢᠮᠦ ᠡᠴᠡ ᠪᠢᠳᠡ ᠠᠳᠠᠯᠢᠬᠠᠨ ᠲᠠᠸᠠᠷ ᠢ᠋ ᠶᠠᠭᠠᠬᠢᠵᠤ ᠪᠤᠰᠤᠳ ᠠ᠋ᠴᠠ ᠥᠨᠳᠥᠷ ᠦᠨ᠎ᠡ ᠲᠡᠢ ᠬᠤᠳᠠᠯᠳᠤᠬᠤ ᠶ᠋ᠢ ᠰᠤᠳᠤᠯᠬᠤ ᠨᠢ ᠠᠰᠢᠭ ᠣᠷᠣᠯᠭ᠎ᠠ ᠪᠠᠨ ᠨᠡᠮᠡᠭᠳᠡᠭᠦᠯᠬᠦ ᠭᠣᠣᠯ ᠠᠷᠭ᠎ᠠ ᠵᠠᠮ ᠪᠣᠯᠳᠠᠭ᠃ ᠭᠡᠪᠡᠴᠦ ᠲᠠᠸᠠᠷ ᠤ᠋ᠨ ᠦᠨ᠎ᠡ ᠶ᠋ᠢ ᠦᠨᠳᠦᠰᠦᠯᠡᠯ ᠦᠭᠡᠢ ᠪᠡᠷ ᠳᠤᠷ᠎ᠠ ᠪᠠᠷ ᠥᠨᠳᠥᠷ ᠦᠨ᠎ᠡ ᠲᠣᠭᠲᠠᠭᠠᠵᠤ ᠪᠣᠯᠬᠤ ᠦᠭᠡᠢ᠃ ᠬᠡᠷᠡᠭᠯᠡᠭᠴᠢᠳ ᠬᠢᠮᠳᠠ᠂ ᠴᠢᠨᠠᠷ ᠰᠠᠢᠨ ᠲᠠᠸᠠᠷ ᠠᠪᠬᠤ ᠶ᠋ᠢ ᠬᠦᠰᠡᠳᠡᠭ ᠡᠴᠡ ᠪᠢᠳᠡ ᠬᠡᠳᠦ ᠥᠨᠳᠥᠷ ᠦᠨ᠎ᠡ ᠲᠣᠭᠲᠠᠭᠠᠬᠤ ᠨᠢ ᠬᠡᠷᠡᠭᠯᠡᠭᠴᠢ ᠦᠭᠡᠢ ᠪᠣᠯᠵᠤ ᠶᠠᠮᠠᠷ ᠴᠤ᠌ ᠠᠰᠢᠭ ᠣᠷᠣᠯᠭ᠎ᠠ ᠣᠯᠬᠤ ᠪᠣᠯᠤᠮᠵᠢ ᠦᠭᠡᠢ ᠪᠣᠯᠳᠠᠭ᠃ ᠡᠢᠮᠦ ᠡᠴᠡ ᠪᠢᠳᠡ ᠣᠨᠳᠤᠰᠢᠭᠤᠯᠬᠤ ᠠᠷᠭ᠎ᠠ ᠶᠢ ᠠᠪᠬᠤ ᠶ᠋ᠢ ᠰᠤᠷᠴᠤ ᠪᠤᠰᠤᠳ ᠠ᠋ᠴᠠ ᠢᠯᠭᠠᠷᠠᠬᠤ ᠬᠡᠷᠡᠭᠲᠡᠢ᠃ ᠬᠡᠷᠡᠭᠯᠡᠭᠴᠢᠳ ᠴᠢᠨᠠᠷ ᠰᠠᠢᠨ ᠵᠦᠢᠯ ᠠᠪᠬᠤ ᠶ᠋ᠢ ᠬᠦᠰᠡᠳᠡᠭ ᠎ᠡᠴᠠ ᠪᠢᠳᠡ ᠠᠯᠢ ᠪᠣᠯᠬᠤ ᠰᠠᠢᠨ ᠴᠢᠨᠠᠷ ᠤ᠋ᠨ ᠤᠭ ᠮᠠᠲ᠋ᠧᠷᠢᠶᠠᠯ ᠬᠡᠷᠡᠭᠯᠡᠵᠦ᠂ ᠪᠣᠯᠪᠠᠰᠤᠷᠠᠭᠤᠯᠬᠤ ᠶᠠᠪᠤᠴᠠ ᠶ᠋ᠢ ᠢᠯᠡᠭᠦᠦ ᠪᠠᠷᠢᠮᠵᠢᠶᠠᠯᠠᠵᠤ᠂ ᠴᠢᠨᠠᠷ ᠤ᠋ᠨ ᠬᠤᠪᠢ ᠳ᠋ᠤ᠌ ᠰᠠᠢᠨ ᠮᠥᠷᠲᠡᠭᠡᠨ ᠲᠣᠭᠲᠠᠭᠤᠨ ᠪᠠᠢᠯᠭᠠᠵᠤ᠂ ᠤᠷᠲᠤ ᠤᠳᠠᠭᠠᠨ ᠬᠤᠭᠤᠴᠠᠭᠠᠨ ᠳ᠋ᠤ᠌ ᠠᠳᠠᠯᠢᠬᠠᠨ ᠴᠢᠨᠠᠷ ᠲᠠᠢ ᠲᠠᠸᠠᠷ ᠬᠠᠩᠭᠠᠪᠠᠯ ᠬᠡᠷᠡᠭᠯᠡᠭᠴᠢ ᠶ᠋ᠢᠨ ᠢᠲᠡᠭᠡᠯ ᠬᠦᠨᠳᠦ ᠶ᠋ᠢ ᠣᠯᠵᠤ ᠴᠢᠳᠠᠬᠤ ᠪᠠᠷ ᠪᠠᠷᠠᠬᠤ ᠦᠭᠡᠢ ᠂ ᠥᠪᠡᠷ ᠦ᠋ᠨ ᠥᠷᠲᠡᠭ ᠪᠣᠯᠤᠨ ᠴᠢᠨᠠᠷ ᠲᠤ᠌ ᠦᠨᠳᠦᠰᠦᠯᠡᠨ ᠪᠤᠰᠤᠳ ᠠᠳᠠᠯᠢᠬᠠᠨ ᠲᠠᠸᠠᠷ ᠠ᠋ᠴᠠ ᠥᠨᠳᠥᠷ ᠦᠨ᠎ᠡ ᠪᠡᠷ ᠬᠤᠳᠠᠯᠳᠤᠬᠤ ᠪᠣᠯᠤᠮᠵᠢ ᠪᠦᠷᠢᠣᠳᠡᠭ᠃ 
ᠭᠤᠷᠪᠠ ᠂ ᠬᠢᠮᠳᠠ ᠦᠨ᠎ᠡ ᠲᠣᠭᠲᠠᠭᠠᠬᠤ 
ᠪᠢᠳᠡ ᠪᠣᠷᠣᠯᠠᠭᠤᠯᠤᠯᠲᠠ ᠶ᠋ᠢᠨ ᠣᠷᠣᠯᠭ᠎ᠠ ᠶ᠋ᠢᠨ ᠲᠣᠮᠢᠶᠠᠨ ᠠ᠋ᠴᠠ ᠦᠵᠡᠵᠦ ᠭᠠᠷᠬᠤ ᠪᠠᠰᠠ ᠨᠢᠭᠡ ᠵᠦᠢᠯ ᠪᠣᠯ ᠪᠣᠷᠣᠯᠠᠭᠤᠯᠤᠯᠲᠠ ᠶ᠋ᠢᠨ ᠬᠡᠮᠵᠢᠶ᠎ᠡ ᠶ᠋ᠢ ᠥᠷᠭᠡᠳᠬᠡᠬᠦ ᠪᠡᠷ  ᠳᠠᠮᠵᠢᠨ ᠨᠡᠮᠡᠭᠳᠡᠭᠦᠯᠵᠦ ᠴᠢᠳᠠᠬᠤ ᠪᠣᠯᠤᠨ᠎ᠠ᠃ ᠪᠣᠷᠣᠯᠠᠭᠤᠯᠤᠯᠲᠠ ᠶ᠋ᠢᠨ ᠬᠡᠮᠵᠢᠶ᠎ᠡ ᠶ᠋ᠢ ᠥᠷᠭᠡᠳᠬᠡᠬᠦ ᠳ᠋ᠦ᠍ ᠵᠠᠪᠠᠯ ᠱᠠᠭᠠᠷᠳᠠᠭᠳᠠᠬᠤ ᠵᠦᠢᠯ ᠪᠣᠯ ᠥᠷᠭᠡᠨ ᠬᠡᠪᠴᠢᠶᠡᠨ ᠦ᠌ ᠵᠠᠬ᠎ᠠ ᠳᠡᠯᠭᠡᠭᠦᠷ ᠪᠣᠯᠤᠨ᠎ᠠ᠃ ᠡᠭᠦᠨ ᠳ᠋ᠦ᠍ ᠡᠷᠬᠡᠪᠰᠢ ᠨᠢᠭᠡᠨ ᠲᠣᠮᠣ ᠵᠠᠬ᠎ᠠ ᠳᠡᠯᠭᠡᠭᠦᠷ ᠪᠠᠢᠵᠤ ᠂ ᠮᠠᠨ ᠤ᠋ ᠲᠠᠸᠠᠷ ᠨᠡᠩ ᠢᠯᠡᠭᠦᠦ ᠪᠣᠷᠣᠯᠠᠭᠤᠯᠤᠭᠳᠠᠵᠤ᠂ ᠰᠠᠶᠢ ᠪᠣᠷᠣᠯᠠᠭᠤᠯᠤᠯᠲᠠ ᠶ᠋ᠢᠨ ᠬᠡᠮᠵᠢᠶ᠎ᠡ ᠡᠴᠡ ᠥᠨᠳᠥᠷ ᠦᠷ᠎ᠡ ᠠᠰᠢᠭ ᠣᠯᠤᠨ᠎ᠠ᠃ 
ᠡᠨᠡ ᠪᠠᠢᠳᠠᠯ ᠳ᠋ᠤ᠌ ᠮᠠᠨ ᠤ᠋ ᠤᠯᠠᠮᠵᠢᠯᠠᠯᠲᠤ ᠦᠢᠯᠡᠳᠪᠦᠷᠢᠯᠡᠯ ‍ᠤᠨ ᠬᠢᠵᠠᠭᠠᠷᠳᠡᠮᠡᠯ ᠲᠠᠯ᠎ᠠ ᠢᠯᠡᠷᠴᠤ᠂ ᠭᠠᠷ ᠠᠷᠭ᠎ᠠ ᠪᠠᠷ ᠪᠤᠶᠤ ᠵᠢᠵᠢᠭ ᠬᠡᠯᠪᠡᠷᠢ ᠶ᠋ᠢᠨ ᠦᠢᠯᠡᠳᠪᠦᠷᠢᠯᠡᠯ ᠦ᠋ᠨ ᠬᠡᠮᠵᠢᠶ᠎ᠡ ᠨᠢ ᠬᠠᠩᠭᠠᠵᠤ ᠴᠢᠳᠠᠬᠤ ᠦᠭᠡᠢ ᠪᠣᠯᠵᠤ ᠬᠠᠩᠭᠠᠯᠭ᠎ᠠ ᠬᠡᠷᠡᠭᠴᠡᠭᠡᠨ ᠦ᠌ ᠵᠥᠷᠢᠴᠡᠯ ᠢ᠋ ᠪᠣᠢ ᠪᠣᠯᠭᠠᠳᠠᠭ᠃ ᠡᠢᠮᠦ ᠡᠴᠡ ᠡᠨᠡ ᠲᠣᠬᠢᠶᠠᠯᠳᠤᠯ ᠳ᠋ᠤ᠌ ᠣᠯᠠᠩᠬᠢ ᠳ᠋ᠤ᠌ ᠪᠠᠨ ᠮᠠᠰᠢᠨᠴᠢᠯᠠᠬᠤ᠂ ᠲᠣᠮᠣ ᠦᠢᠯᠡᠳᠪᠦᠷᠢᠯᠡᠯ ᠦ᠋ᠨ ᠠᠷᠭ᠎ᠠ ᠶ᠋ᠢ ᠠᠪᠴᠤ᠂ ᠬᠥᠮᠦᠨ ᠦ᠌ ᠬᠦᠴᠦᠨ ᠢ᠋ ᠪᠠᠭᠠᠰᠬᠠᠬᠤ ᠶ᠋ᠢᠨ ᠳᠠᠭᠠᠤ᠂ ᠥᠪᠡᠷ ᠦ᠋ᠨ ᠥᠷᠲᠡᠭ ᠢ᠋ ᠳᠣᠷᠣᠭᠰᠢᠯᠠᠭᠤᠯᠤᠨ᠂ ᠵᠠᠬ᠎ᠠ ᠳᠡᠯᠭᠡᠭᠦᠷ ᠦ᠋ᠨ ᠥᠷᠢᠰᠦᠯᠳᠦᠬᠦ ᠬᠦᠴᠦᠨ ᠢ᠋ᠶ᠋ᠡᠨ ᠤᠯᠠᠮ ᠨᠢᠭᠡ ᠠᠯᠬᠤᠮ ᠨᠡᠮᠡᠭᠳᠡᠭᠦᠯᠵᠦ᠂ ᠲᠣᠮᠣ ᠵᠠᠬ᠎ᠠ ᠳᠡᠯᠭᠡᠭᠦᠷ ᠲᠦ᠍ ᠣᠷᠣᠳᠠᠭ᠃ ᠲᠡᠢᠮᠦ  ᠡᠴᠡ ᠪᠣᠷᠣᠯᠠᠭᠤᠯᠤᠯᠲᠠ ᠶ᠋ᠢᠨ ᠬᠡᠮᠵᠢᠶ᠎ᠡ ᠶ᠋ᠢ ᠦᠷᠭᠡᠣᠭᠡᠬᠦ ᠨᠢ ᠢᠯᠡᠭᠦᠦ ᠬᠢᠮᠳᠠᠬᠠᠨ ᠦᠨ᠎ᠡ ᠪᠡᠷ ᠪᠣᠷᠣᠯᠠᠭᠤᠯᠬᠤ ᠨᠥᠬᠥᠴᠡᠯ ᠢ᠋ ᠪᠦᠷᠢᠳᠦᠭᠦᠯᠳᠡᠭ᠃ ᠲᠠᠸᠠᠷ ᠤ᠋ᠨ ᠪᠣᠷᠣᠯᠠᠭᠤᠯᠤᠯᠲᠠ ᠪᠣᠯ ᠦᠨ᠎ᠡ ᠪᠡᠷ ᠳᠠᠮᠵᠢᠨ ᠵᠣᠴᠢᠨ ᠲᠠᠢ ᠬᠠᠷᠢᠴᠠᠬᠤ ᠤᠬᠠᠭᠠᠨ ᠮᠥᠨ᠃ ᠲᠡᠢᠮᠦ  ᠡᠴᠡ ᠦᠨ᠎ᠡ ᠬᠠᠩᠰᠢ ᠪᠠᠨ ᠬᠡᠷᠬᠢᠨ ᠲᠣᠭᠲᠠᠭᠠᠬᠤ ᠠ᠋ᠴᠠ ᠵᠣᠴᠢᠨ ᠤ᠋ ᠪᠠᠢᠳᠠᠯ ᠮᠠᠰᠢ ᠥᠭᠡᠷ᠎ᠡ ᠪᠠᠢᠳᠠᠭ᠃ ᠡᠢᠮᠦ ᠡᠴᠡ ᠵᠠᠪᠠᠯ ᠲᠠᠸᠠᠷ ᠤ᠋ᠨ ᠦᠨ᠎ᠡ ᠶ᠋ᠢ ᠥᠪᠡᠷ ᠦ᠋ᠨ ᠥᠷᠲᠡᠭ ᠢ᠋ᠶ᠋ᠡᠷ ᠰᠠᠭᠤᠷᠢ ᠪᠣᠯᠭᠠᠵᠤ᠂ ᠵᠠᠬ᠎ᠠ ᠳᠡᠯᠭᠡᠭᠦᠷ ᠦ᠋ᠨ ᠬᠠᠷᠠᠯᠲᠠ ᠂ ᠥᠪᠡᠷ ᠦ᠋ᠨ ᠲᠠᠸᠠᠷ ᠤ᠋ᠨ ᠴᠢᠨᠠᠷ  ᠢ᠋ᠶ᠋ᠠᠨ ᠦᠨᠳᠦᠰᠦᠯᠡᠨ ᠦᠨ᠎ᠡ ᠲᠣᠭᠲᠠᠭᠠᠨ ᠪᠣᠷᠣᠯᠠᠭᠤᠯᠤᠲᠠ ᠶ᠋ᠢᠨ ᠣᠷᠣᠯᠭ᠎ᠠ ᠡᠭᠦᠳᠴᠦ ᠂ ᠣᠷᠣᠭᠰᠢ ᠬᠥᠭᠵᠢᠬᠦ ᠬᠡᠷᠡᠭᠲᠡᠢ᠃ 
ᠪᠣᠷᠣᠯᠠᠭᠤᠯᠤᠯᠲᠠ ᠪᠣᠯ ᠨᠢᠭᠡ ᠴᠠᠭ ᠤ᠋ᠨ ᠦᠢᠯᠡᠳᠦᠯ ᠪᠢᠰᠢ ᠪᠣᠯᠬᠣᠷ ᠵᠠᠪᠠᠯ ᠲᠠᠸᠠᠷ ᠤ᠋ᠨ ᠨᠡᠷ᠎ᠡ᠂ ᠱᠣᠰᠢᠭ᠎ᠠ ᠪᠠᠢᠵᠤ ᠡᠨᠡ ᠶᠡᠬᠡ ᠵᠠᠬ᠎ᠠ ᠳᠡᠯᠭᠡᠭᠦᠷ ᠳᠡᠭᠡᠷ᠎ᠡ ᠣᠨᠴᠠᠭᠠᠢᠷᠠᠵᠤ ᠂ ᠪᠤᠰᠤᠳ ᠡᠴᠡ ᠪᠡᠨ ᠢᠯᠭᠠᠷᠠᠵᠤ ᠂ ᠲᠠᠨᠢᠭᠳᠠᠵᠤ ᠴᠢᠳᠠᠨ᠎ᠠ ᠃

   ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ