ᠭᠣᠮᠪᠣ ᠬᠡ ᠬᠡ -ᠳᠦᠭᠦᠷᠡᠩ ᠠᠯᠲᠠᠩᠭᠤᠸ᠎ᠠ Гомбо гэ гэ-Дүүрэн АлдангооGombo ge ge ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠣᠮᠪᠣ ᠬᠡ ᠬᠡ -ᠳᠦᠭᠦᠷᠡᠩ ᠠᠯᠲᠠᠩᠭᠤᠸ᠎ᠠ Гомбо гэ гэ-Дүүрэн АлдангооGombo ge ge

ᠭᠣᠮᠪᠣ ᠬᠡ ᠬᠡ -ᠳᠦᠭᠦᠷᠡᠩ ᠠᠯᠲᠠᠩᠭᠤᠸ᠎ᠠ Гомбо гэ гэ-Дүүрэн АлдангооGombo ge ge

2025-08-28

459

ᠭᠣᠮᠪᠣ ᠬᠡ ᠬᠡ

   ᠬᠣᠷᠴᠢᠨ ᠠᠷᠠᠳ ᠤ᠋ᠨ ᠳᠠᠭᠤᠤ 
        ᠳᠦᠭᠦᠷᠡᠩ 
        ᠠᠯᠲᠠᠩᠭᠤᠸ᠎ᠠ ᠳᠠᠭᠤᠯᠠᠨ᠎ᠠ 

ᠰᠠᠷᠠᠯ ᠮᠣᠷᠢ ᠲᠠᠢ ᠭᠣᠮᠪᠣ ᠬᠡ ᠬᠡ ᠨᠢ ᠬᠦ ᠠ ᠬᠠ ᠠ ᠬᠠ ᠬᠥ 
ᠰᠠᠷᠠᠭᠤᠯ ᠲᠠᠯ᠎ᠠ ᠶ᠋ᠢᠨ ᠵᠠᠮ ᠢ᠋ᠶ᠋ᠠᠷ ᠰᠠᠵᠢᠯᠠᠭᠤᠯᠤᠭᠠᠳ ᠢᠷᠡᠯ᠎ᠡ ᠬᠦ 
ᠰᠠᠢᠬᠠᠨ ᠵᠠᠩ ᠲᠠᠢ ᠨᠡᠷᠡᠭᠦᠢ ᠠᠩᠭ᠎ᠠ ᠨᠢ ᠬᠦ ᠠ ᠬᠠ ᠠ ᠬᠠ ᠬᠥ 
ᠰᠠᠷᠠᠪᠴᠢᠨ ᠳᠣᠣᠷ᠎ᠠ ᠪᠠᠨ ᠵᠣᠭᠰᠣᠴᠢᠬᠠᠭᠠᠳ ᠰᠠᠷᠠᠪᠴᠢᠯᠠᠵᠤ ᠪᠠᠢᠨ᠎ᠠ ᠬᠦ 

ᠪᠤᠭᠤᠷᠤᠯ ᠮᠣᠷᠢ ᠲᠠᠢ ᠭᠣᠮᠪᠣ ᠬᠡ ᠬᠡ ᠨᠢ ᠬᠦ ᠠ ᠬᠠ ᠠ ᠬᠠ ᠬᠥ 
ᠪᠣᠷᠣ ᠮᠠᠩᠬ᠎ᠠ ᠶ᠋ᠢᠨ ᠵᠠᠮ ᠢ᠋ᠶ᠋ᠠᠷ ᠢ᠋ᠶ᠋ᠠᠨ ᠪᠤᠲᠠᠷᠠᠭᠤᠯᠤᠭᠠᠳ ᠢᠷᠡᠯ᠎ᠡ ᠬᠦ 
ᠪᠤᠯᠪᠠᠷᠠᠢᠬᠠᠨ ᠲᠥᠷᠥᠭᠰᠡᠨ ᠨᠡᠷᠡᠭᠦᠢ ᠠᠩᠭ᠎ᠠ ᠨᠢ ᠬᠦ ᠠ ᠬᠠ ᠠ ᠬᠠ ᠬᠥ 
ᠪᠣᠰᠤᠭ᠎ᠠ ᠭᠡᠷ ᠦ᠋ᠨ ᠢ᠋ᠶ᠋ᠡᠨ ᠬᠠᠵᠠᠭᠤ ᠳ᠋ᠠᠭᠠᠨ ᠵᠣᠭᠰᠣᠭᠠᠳ ᠪᠠᠷᠠᠯᠠᠵᠤ ᠪᠠᠢᠨ᠎ᠠ ᠬᠦ 

ᠰᠢ ᠭᠤᠸᠠ ᠶ᠋ᠢᠨ ᠰᠥᠮᠥᠰᠦ ᠨᠢ ᠠᠮᠲᠠ ᠪᠠᠷ ᠶᠠᠮᠠᠷ ᠠ ᠬᠥ ᠠ ᠬᠠ ᠠ ᠬᠠ ᠬᠥ
ᠴᠢᠨ ᠸᠠᠩ ᠨᠣᠶᠠᠨ ᠤ᠋ ᠴᠡᠷᠢᠭ ᠠᠬ᠎ᠠ ᠮᠢᠨᠢ ᠰᠠᠨᠠᠯ ᠢ᠋ᠶ᠋ᠠᠷ ᠶᠠᠮᠠᠷ ᠪᠠ ᠬᠦ
ᠰᠢ ᠭᠤᠸᠠ ᠶ᠋ᠢᠨ ᠰᠥᠮᠥᠰᠦ ᠨᠢ ᠠᠮᠲᠠ ᠪᠠᠷ ᠰᠠᠢᠨ ᠠ ᠬᠥ ᠠ ᠬᠠ ᠠ ᠬᠠ ᠬᠥ
ᠴᠢᠨ ᠸᠠᠩ ᠨᠣᠶᠠᠨ ᠤ᠋ ᠴᠡᠷᠢᠭ ᠦ᠋ᠨ ᠠᠩᠭ᠎ᠠ ᠮᠢᠨᠢ ᠰᠠᠨᠠᠯ ᠢ᠋ᠶ᠋ᠠᠷ ᠰᠠᠢᠨ ᠠ ᠬᠥ

ᠳᠡ ᠭᠤᠸᠠ ᠶ᠋ᠢᠨ ᠰᠥᠮᠥᠰᠦ ᠨᠢ ᠠᠮᠲᠠ ᠪᠠᠷ ᠶᠠᠮᠠᠷ ᠠ ᠬᠥ ᠠ ᠬᠠ ᠠ ᠬᠠ ᠬᠥ
ᠳᠡ ᠸᠠᠩ ᠨᠣᠶᠠᠨ ᠤ᠋ ᠴᠡᠷᠢᠭ  ᠠᠬ᠎ᠠ ᠮᠢᠨᠢ ᠰᠠᠨᠠᠯ ᠢ᠋ᠶ᠋ᠠᠷ ᠶᠠᠮᠠᠷ ᠠ ᠬᠥ
ᠳᠡ ᠭᠤᠸᠠ ᠶ᠋ᠢᠨ ᠰᠥᠮᠥᠰᠦ ᠨᠢ ᠠᠮᠲᠠ ᠪᠠᠷ ᠰᠠᠢᠨ ᠠ ᠬᠥ ᠠ ᠬᠠ ᠠ ᠬᠠ ᠬᠥ
ᠳᠡ ᠸᠠᠩ ᠨᠣᠶᠠᠨ ᠤ᠋ ᠴᠡᠷᠢᠭ ᠠᠩᠭ᠎ᠠ ᠮᠢᠨᠢ ᠰᠠᠨᠠᠯ ᠢ᠋ᠶ᠋ᠠᠷ ᠰᠠᠢᠨ ᠠ ᠬᠥ

   ᠦᠰᠦᠭ ᠠᠮᠢᠯᠠᠭᠤᠯᠤᠭᠴᠢ᠄ ᠰᠣᠳᠣ 
   ᠦᠰᠦᠭ ᠬᠠᠲᠠᠭᠴᠢ᠄ ᠰᠣᠳᠣ
   ᠬᠢᠨᠠᠭᠴᠢ᠄ ᠰᠣᠳᠣ