ᠮᠣᠩᠭᠣᠯ ᠬᠡᠯᠡᠴᠡ ᠶ᠋ᠢᠨ ᠬᠥᠮᠦᠵᠢᠯ— ᠡᠪ ᠦᠭᠡᠢ ᠣᠯᠵᠠ ᠡᠴᠡМонгол хэлцийн хүмүүжил— эвгүй олзооцMongol kheltsiin khümüüjil— evgüi olzoots ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠬᠡᠯᠡᠴᠡ ᠶ᠋ᠢᠨ ᠬᠥᠮᠦᠵᠢᠯ— ᠡᠪ ᠦᠭᠡᠢ ᠣᠯᠵᠠ ᠡᠴᠡМонгол хэлцийн хүмүүжил— эвгүй олзооцMongol kheltsiin khümüüjil— evgüi olzoots

ᠮᠣᠩᠭᠣᠯ ᠬᠡᠯᠡᠴᠡ ᠶ᠋ᠢᠨ ᠬᠥᠮᠦᠵᠢᠯ— ᠡᠪ ᠦᠭᠡᠢ ᠣᠯᠵᠠ ᠡᠴᠡМонгол хэлцийн хүмүүжил— эвгүй олзооцMongol kheltsiin khümüüjil— evgüi olzoots

2025-08-28

701

ᠮᠣᠩᠭᠣᠯ ᠬᠡᠯᠡᠴᠡ ᠶ᠋ᠢᠨ ᠬᠥᠮᠦᠵᠢᠯ— ᠡᠪ ᠦᠭᠡᠢ ᠣᠯᠵᠠ ᠡᠴᠡ

  — ᠡᠪ ᠦᠭᠡᠢ ᠣᠯᠵᠠ ᠡᠴᠡ 
ᠡᠪᠲᠡᠢ ᠭᠠᠷᠤᠵᠠ ᠳᠡᠭᠡᠷ᠎ᠡ
ᠬᠥᠲᠥᠯᠦᠭᠴᠢ᠄ ᠬᠤᠷᠳᠤᠨᠬᠦᠤ
ᠣᠯᠵᠠ ᠳ᠋ᠤ᠌ ᠣᠯᠠᠨ ᠡᠵᠡᠨ ᠲᠡᠢ
ᠭᠠᠷᠤᠵᠠ ᠳ᠋ᠤ᠌ ᠭᠠᠭᠴᠠ ᠡᠵᠡᠨ ᠲᠡᠢ᠃
ᠣᠯᠵᠠ ᠶ᠋ᠢᠨ ᠤᠷᠮ᠎ᠠ ᠶᠡᠬᠡ ᠭᠠᠷᠤᠵᠠ ᠶ᠋ᠢᠨ ᠭᠠᠰᠢᠭᠤᠨ ᠶᠡᠬᠡ᠃
ᠣᠯᠵᠠ ᠶ᠋ᠢᠨ ᠡᠰᠡᠷᠭᠦ ᠭᠠᠷᠤᠵᠠ ᠪᠠᠢᠳᠠᠭ
ᠣᠰᠣᠯ ᠤ᠋ᠨ ᠡᠰᠡᠷᠭᠦ ᠵᠥᠪ ᠪᠠᠢᠳᠠᠭ ᠃
ᠮᠡᠬᠡᠯᠡᠵᠦ ᠣᠯᠤᠭᠰᠠᠨ ᠣᠯᠵᠠ ᠪᠤᠵᠠᠷ
ᠨᠡᠬᠡᠵᠦ ᠣᠯᠤᠭᠰᠠᠨ ᠲᠤᠰᠢᠶᠠᠯ ᠪᠤᠵᠠᠷ ᠃
ᠠᠵᠢᠯᠯᠠᠵᠤ ᠣᠯᠤᠭᠰᠠᠨ ᠠᠰᠢᠭ ᠴᠡᠪᠡᠷ
ᠠᠷᠴᠢᠵᠤ ᠵᠦᠯᠭᠦᠭᠰᠡᠨ ᠲᠣᠯᠢ ᠴᠡᠪᠡᠷ᠃
ᠨᠢᠭᠤᠷ ᠦᠭᠡᠢ ᠣᠯᠵᠠ ᠡᠴᠡ ᠨᠢᠭᠤᠷ ᠲᠠᠢ ᠭᠠᠷᠤᠵᠠ ᠳᠡᠭᠡᠷ᠎ᠡ᠃
ᠡᠪ ᠦᠭᠡᠢ ᠣᠯᠵᠠ ᠡᠴᠡ
ᠡᠪᠲᠡᠢ ᠭᠠᠷᠤᠵᠠ ᠳᠡᠭᠡᠷ᠎ᠡ᠃
ᠮᠠᠭᠤ ᠣᠯᠵᠠ ᠡᠴᠡ
ᠰᠠᠢᠨ ᠭᠠᠷᠤᠵᠠ᠃
ᠵᠦᠢ ᠦᠭᠡᠢ ᠣᠯᠵᠠ ᠡᠴᠡ ᠵᠦᠢᠲᠡᠢ ᠭᠠᠷᠤᠵᠠ ᠳᠡᠭᠡᠷ᠎ᠡ᠃
ᠨᠢᠭᠦᠯ ᠬᠢᠵᠦ ᠪᠠᠶᠠᠵᠢᠭᠰᠠᠨ ᠡᠴᠡ
ᠨᠢᠴᠦᠭᠦᠨ ᠶᠠᠪᠤᠭᠰᠠᠨ ᠨᠢ ᠳᠡᠭᠡᠷ᠎ᠡ᠃ ᠪᠤᠯᠢᠬᠠᠢᠯᠠᠵᠤ ᠣᠯᠤᠭᠰᠠᠨ ᠣᠯᠵᠠ ᠡᠴᠡ
ᠪᠤᠷᠬᠠᠨ ᠰᠡᠳᠬᠢᠯ ᠦ᠋ᠨ ᠭᠠᠷᠤᠵᠠ ᠳᠡᠭᠡᠷ᠎ᠡ ᠃
ᠬᠥᠮᠦᠨ ᠦ᠌ ᠪᠤᠶᠠᠨ ᠬᠥᠮᠦᠨ ᠳ᠋ᠦ᠍ ᠵᠣᠬᠢᠬᠤ ᠦᠭᠡᠢ
ᠨᠣᠬᠠᠢ ᠶ᠋ᠢᠨ ᠭᠡᠳᠡᠰᠦᠨ ᠳ᠋ᠦ᠍ ᠲᠣᠰᠣ ᠵᠣᠬᠢᠬᠤ ᠦᠭᠡᠢ᠃
ᠬᠥᠮᠦᠨ ᠦ᠌ ᠪᠤᠶᠠᠨ ᠬᠥᠮᠦᠨ ᠳ᠋ᠦ᠍ ᠰᠢᠩᠭᠡᠳᠡᠭ ᠦᠭᠡᠢ
ᠬᠦᠳᠦᠰᠦᠨ ᠬᠤᠪᠴᠠᠰᠤ ᠨᠣᠶᠠᠨ ᠳ᠋ᠤ᠌ ᠵᠣᠬᠢᠳᠠᠭ ᠦᠭᠡᠢ᠃
ᠢᠮᠠᠭ᠎ᠠ ᠲᠠᠷᠭᠤᠯᠠᠪᠠᠴᠤ ᠰᠡᠭᠦᠯ ᠨᠢ ᠲᠠᠷᠭᠤᠯᠠᠬᠤ ᠦᠭᠡᠢ
ᠶᠠᠷ᠎ᠠ ᠳᠣᠯᠢᠶᠠᠪᠠᠴᠤ ᠨᠣᠬᠠᠢ ᠲᠠᠷᠭᠤᠯᠠᠬᠤ ᠦᠭᠡᠢ ᠃
ᠬᠦᠴᠦ ᠪᠡᠷ ᠢ᠋ᠶ᠋ᠡᠨ ᠶᠠᠪᠤᠵᠤ ᠣᠯᠤᠭᠰᠠᠨ ᠶᠠᠭᠤᠮ᠎ᠠ
ᠬᠣᠳᠣᠭᠣᠳᠣᠨ ᠳ᠋ᠤ᠌ ᠣᠷᠣᠪᠠᠴᠤ ᠰᠢᠩᠭᠡᠭᠦᠷᠢᠲᠡᠢ᠂
ᠬᠥᠮᠦᠨ ᠢ᠋ ᠬᠢᠬᠠᠵᠤ ᠣᠯᠤᠭᠰᠠᠨ ᠶᠠᠭᠤᠮ᠎ᠠ
ᠭᠡᠳᠡᠰᠦᠨ ᠳ᠋ᠦ᠍ ᠣᠷᠣᠪᠠᠴᠤ ᠶᠠᠶᠠ ᠲᠠᠢ᠃
ᠣᠯᠬᠤ ᠶᠠᠭᠤᠮᠠᠨ ᠳ᠋ᠤ᠌
ᠣᠭᠣᠰᠣᠷ ᠦᠭᠡᠢ᠃
ᠣᠳᠣ ᠪᠠᠨ ᠪᠠᠷᠠᠭᠰᠠᠨ ᠲᠩᠷᠢ ᠭᠡᠵᠦ ᠦᠭᠡᠢ
ᠣᠯᠵᠠ ᠪᠠᠨ ᠪᠠᠷᠠᠭᠰᠠᠨ ᠬᠥᠮᠦᠨ ᠭᠡᠵᠦ ᠦᠭᠡᠢ᠃
ᠡᠷ᠎ᠡ ᠬᠥᠮᠦᠨ ᠳ᠋ᠦ᠍ ᠣᠯᠤᠭᠰᠠᠨ ᠣᠯᠵᠠ ᠡᠴᠡ
ᠣᠯᠤᠭ᠎ᠠ ᠦᠭᠡᠢ ᠣᠯᠵᠠ ᠶᠡᠬᠡ᠃
ᠣᠯᠵᠠ ᠶ᠋ᠢ ᠣᠯᠠᠨ ᠢ᠋ᠶ᠋ᠠᠷ
ᠲᠡᠢᠨ ᠢ᠋ ᠳᠠᠶᠠᠭᠠᠷ ᠃
ᠣᠯᠵᠠ ᠣᠯᠪᠠᠯ ᠣᠯᠠᠨ ᠢ᠋ᠶ᠋ᠠᠷ ᠢ᠋ᠶ᠋ᠠᠨ
ᠭᠠᠷᠤᠵᠠ ᠭᠠᠷᠪᠠᠯ ᠭᠠᠭᠴᠠᠭᠠᠷ ᠢ᠋ᠶ᠋ᠠᠨ᠃
ᠣᠯᠵᠠ ᠶ᠋ᠢ ᠣᠯᠠᠭᠤᠯᠠ ᠪᠠᠨ
ᠣᠯᠤᠭᠰᠠᠨ ᠢ᠋ ᠴᠥᠮ ᠢ᠋ᠶ᠋ᠡᠷ ᠢ᠋ᠶ᠋ᠡᠨ ᠃
ᠤᠷᠤᠯᠳᠤᠵᠤ ᠬᠢᠬᠦ ᠪᠡᠨ ᠤᠷᠢᠳᠠᠪᠡᠷ ᠪᠣᠳᠣ
ᠣᠯᠵᠠ ᠠᠰᠢᠭ ᠢ᠋ᠶ᠋ᠠᠨ ᠳᠠᠷᠠᠭ᠎ᠠ ᠳ᠋ᠤ᠌ ᠨᠢ ᠪᠣᠳᠣ ᠂
ᠬᠥᠮᠦᠨ ᠦ᠌ ᠶᠠᠭᠤᠮᠠᠨ ᠳ᠋ᠤ᠌ ᠪᠤᠤ ᠰᠢᠨᠤ
ᠬᠦᠷᠲᠡᠭᠰᠡᠨ ᠬᠥᠷᠥᠩᠭᠡ ᠪᠡᠨ ᠪᠤᠤ ᠴᠢᠮᠠᠯᠠ᠃
ᠠᠰᠢᠭ ᠤ᠋ᠨ ᠬᠣᠢᠨ᠎ᠠ ᠡᠴᠡ ᠪᠤᠤ ᠬᠥᠭᠡᠭᠡᠴᠡᠯᠳᠦ
ᠠᠬ᠎ᠠ ᠳᠡᠭᠦᠦ ᠰᠠᠳᠤᠨ ᠢ᠋ᠶ᠋ᠠᠨ ᠪᠤᠤ ᠮᠡᠬᠡᠯᠡ᠃
ᠡᠪ ᠦᠭᠡᠢ ᠣᠯᠵᠠ ᠶ᠋ᠢ ᠪᠢᠲᠡᠭᠡᠢ ᠰᠠᠨᠠ
ᠡᠪᠲᠡᠢ ᠭᠠᠷᠤᠵᠠ ᠶ᠋ᠢ ᠪᠢᠲᠡᠭᠡᠢ ᠬᠠᠢᠷᠠᠯᠠ᠃
  ᠢᠷᠡᠯᠲᠡ᠄ ᠠᠷᠤ ᠬᠣᠷᠴᠢᠨ ᠤ᠋ ᠬᠠᠮ ᠵᠠᠭᠤᠴᠢᠯᠠᠭᠤᠷ ᠡᠴᠡ ᠰᠡᠢᠷᠡᠭᠦᠯᠪᠡ᠃
  ᠦᠰᠦᠭ ᠠᠮᠢᠯᠠᠭᠤᠯᠤᠭᠰᠠᠨ ᠨᠢ᠄ ᠴᠢ᠊· ᠤᠷᠠᠨᠴᠡᠴᠡᠭ