ᠰᠢᠱᠦ ᠮᠡᠢᠷᠡᠨ - ᠴᠠᠭᠠᠨᠪᠠᠷᠰ Шиш мэйрэн-Цагаанбар ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠱᠦ ᠮᠡᠢᠷᠡᠨ - ᠴᠠᠭᠠᠨᠪᠠᠷᠰ Шиш мэйрэн-Цагаанбар

ᠰᠢᠱᠦ ᠮᠡᠢᠷᠡᠨ - ᠴᠠᠭᠠᠨᠪᠠᠷᠰ Шиш мэйрэн-Цагаанбар

2025-08-28

423

ᠰᠢᠱᠦ ᠮᠡᠢᠷᠡᠨ

    ᠴᠠᠭᠠᠨᠪᠠᠷᠰ ᠳᠠᠭᠤᠯᠠᠪᠠ 
       ᠬᠣᠷᠴᠢᠨ ᠠᠷᠠᠳ ᠤ᠋ᠨ ᠳᠠᠭᠤᠤ 

ᠰᠢᠱᠦ ᠮᠡᠢᠷᠡᠨ ᠴᠡᠷᠢᠭ ᠢ᠋ᠶ᠋ᠡᠨ ᠠᠪᠤᠭᠠᠳ ᠳᠠᠢᠰᠤᠨ ᠳᠠᠷᠤᠬᠤ ᠪᠠᠷ ᠮᠣᠷᠳᠠᠭᠰᠠᠨ ᠶᠤᠮ ᠠ᠋᠂ ᠴᠡᠴᠡᠭ ᠬᠠᠲᠤᠨ ᠬᠦᠷᠭᠡᠵᠦ ᠭᠠᠷᠴᠤ ᠢᠷᠡᠴᠢᠬᠡᠭᠡᠳ ᠤᠷᠲᠤ ᠠ᠋ᠴᠠ ᠨᠢ ᠬᠠᠨᠳᠤᠭᠠᠳ ᠬᠡᠯᠡᠴᠢᠬᠡᠭᠰᠡᠨ ᠠ᠋᠄

ᠬᠥᠬᠡ ᠨᠣᠮᠢᠨ ᠵᠢᠩᠰᠡ ᠲᠡᠢ ᠰᠢᠱᠦ ᠮᠡᠢᠷᠡᠨ ᠠ᠋ ᠬᠦᠢ ᠠ ᠬᠦᠢ ᠮᠡᠢᠷᠡᠨ ᠬᠦᠢ 
ᠴᠡᠷᠢᠭ ᠣᠯᠠᠨ ᠢ᠋ᠶ᠋ᠠᠨ ᠳᠠᠭᠠᠭᠤᠯᠴᠢᠬᠠᠭᠠᠳ ᠮᠣᠷᠳᠠᠭᠠᠳ ᠭᠠᠷᠤᠯ᠎ᠠ ᠬᠦᠢ 
ᠴᠡᠪᠡᠷᠬᠡᠨ ᠲᠥᠷᠥᠭᠡᠳ ᠲᠡᠭᠡᠭᠰᠡᠨ ᠴᠡᠴᠡᠭ ᠬᠠᠲᠤᠨ ᠠ᠋ ᠬᠦᠢ ᠠ ᠬᠦᠢ ᠮᠡᠢᠷᠡᠨ ᠬᠦᠢ 
ᠴᠣᠩᠬᠣᠨ ᠤ᠋ ᠪᠠᠨ ᠢᠷᠣᠭᠠᠷ ᠢ᠋ᠶ᠋ᠠᠨ ᠵᠣᠭᠰᠣᠭᠠᠳ ᠯᠠ ᠬᠦᠷᠭᠡᠵᠦ ᠪᠠᠢᠨ᠎ᠠ ᠬᠦᠢ 

ᠤᠯᠠᠭᠠᠨ ᠨᠣᠮᠢᠨ ᠵᠢᠩᠰᠡ ᠲᠡᠢ ᠰᠢᠱᠦ ᠮᠡᠢᠷᠡᠨ ᠠ᠋ ᠬᠦᠢ ᠠ ᠬᠦᠢ ᠮᠡᠢᠷᠡᠨ ᠬᠦᠢ 
ᠤᠯᠤᠰ ᠣᠯᠠᠨ ᠢ᠋ᠶ᠋ᠠᠨ ᠳᠠᠭᠠᠭᠤᠯᠴᠢᠬᠠᠭᠠᠳ ᠮᠣᠷᠳᠠᠭᠠᠳ ᠭᠠᠷᠤᠯ᠎ᠠ ᠬᠦᠢ 
ᠤᠴᠠᠷᠠᠭᠠᠳ ᠲᠡᠭᠡᠭᠰᠡᠨ ᠡᠬᠡᠨᠡᠷ ᠨᠢ ᠪᠣᠯᠤᠭᠰᠠᠨ ᠴᠡᠴᠡᠭ ᠬᠠᠲᠤᠨ ᠠ᠋ ᠬᠦᠢ ᠠ ᠬᠦᠢ ᠮᠡᠢᠷᠡᠨ ᠬᠦᠢ 
ᠬᠦᠷᠢᠶᠡᠨ ᠦ᠌ ᠳᠤᠮᠳᠠ ᠪᠠᠨ ᠵᠣᠭᠰᠣᠴᠢᠬᠠᠭᠠᠳ ᠬᠦᠷᠭᠡᠵᠦ ᠪᠠᠢᠨ᠎ᠠ ᠰᠢᠦ ᠬᠦᠢ 

ᠰᠢᠱᠦ ᠮᠡᠢᠷᠡᠨ ᠡᠭᠦᠨ ᠢ᠋ ᠦᠵᠡᠭᠡᠳ ᠲᠡᠰᠬᠦ ᠶᠦᠮ ᠤᠤ? ᠮᠣᠷᠢᠨ ᠠ᠋ᠴᠠ ᠪᠠᠨ ᠡᠷᠭᠢᠵᠦ ᠪᠠᠭᠤᠭᠠᠳ ᠡᠬᠡᠨᠡᠷ ᠦ᠋ᠨ ᠢ᠋ᠶ᠋ᠡᠨ ᠤᠷᠲᠤ ᠠ᠋ᠴᠠ ᠨᠢ ᠬᠠᠨᠳᠤᠭᠠᠳ ᠨᠢᠳᠦᠨ ᠨᠢᠯᠪᠤᠰᠤ ᠪᠠᠨ ᠨᠢᠭᠡ ᠵᠦᠯᠭᠦᠴᠢᠬᠡᠭᠡᠳ ᠬᠡᠯᠡᠴᠢᠬᠡᠭᠰᠡᠨ ᠠ᠋᠄

ᠵᠣᠣ ᠶ᠋ᠢᠨ ᠣᠷᠣᠨ ᠭᠡᠳᠡᠭ ᠳᠡ ᠬᠣᠯᠠ ᠠ᠋ᠴᠠ ᠬᠣᠯᠠ ᠶᠠ ᠬᠦᠢ ᠠ ᠬᠦᠢ ᠴᠡᠴᠡᠭ ᠠ᠋ ᠬᠦᠢ
ᠵᠤᠷᠭᠠᠨ ᠶᠠᠮᠤᠨ ᠤ᠋ ᠵᠠᠷᠯᠢᠭ ᠭᠡᠳᠡᠭ ᠴᠢᠨᠢ ᠬᠠᠲᠠᠭᠤ ᠠ᠋ᠴᠠ ᠬᠠᠲᠠᠭᠤ ᠶᠠ ᠬᠦᠢ
ᠵᠤᠷᠭᠠᠨ ᠶᠠᠮᠤᠨ ᠤ᠋ ᠪᠠᠨ ᠵᠠᠷᠯᠢᠭ ᠢ᠋ ᠭᠦᠢᠴᠡᠳᠬᠡᠭᠰᠡᠨ ᠦ᠌ ᠰᠡᠭᠦᠯᠡᠷ ᠠ᠋ ᠬᠦᠢ ᠠ ᠬᠦᠢ ᠴᠡᠴᠡᠭ ᠠ᠋ ᠬᠦᠢ
ᠵᠢᠷᠠ ᠴᠤ᠌ ᠭᠠᠷᠤᠭᠠᠳ ᠵᠠᠵᠢᠨ ᠦᠰᠦ ᠪᠡᠨ ᠴᠡᠢᠪᠡᠴᠦ ᠵᠢᠷᠭᠠᠭᠠᠳ ᠰᠠᠭᠤᠶ᠎ᠠ ᠬᠣᠶᠠᠭᠤᠯᠠ ᠪᠠᠨ ᠬᠦᠢ

ᠡᠨᠡ ᠬᠦ ᠲᠥᠪᠡᠳ ᠦ᠋ᠨ ᠣᠷᠣᠨ ᠭᠡᠳᠡᠭ ᠴᠢᠨᠢ ᠬᠣᠯᠠ ᠠ᠋ᠴᠠ ᠬᠣᠯᠠ ᠶᠠ ᠬᠦᠢ ᠠ ᠬᠦᠢ ᠴᠡᠴᠡᠭ ᠠ᠋ ᠬᠦᠢ
ᠡᠵᠡᠨ ᠵᠤᠷᠭᠠᠨ ᠤ᠋ ᠵᠠᠷᠯᠢᠭ ᠭᠡᠳᠡᠭ ᠴᠢᠨᠢ ᠬᠠᠲᠠᠭᠤ ᠠ᠋ᠴᠠ ᠬᠠᠲᠠᠭᠤ ᠶᠠ ᠬᠦᠢ
ᠡᠵᠡᠨ ᠵᠤᠷᠭᠠᠨ ᠤ᠋ ᠪᠠᠨ ᠵᠠᠷᠯᠢᠭ ᠢ᠋ ᠭᠦᠢᠴᠡᠳᠬᠡᠭᠰᠡᠨ ᠦ᠌ ᠰᠡᠭᠦᠯᠡᠷ ᠠ᠋ ᠬᠦᠢ ᠠ ᠬᠦᠢ ᠴᠡᠴᠡᠭ ᠠ᠋ ᠬᠦᠢ
ᠦᠳᠡᠯᠦᠭᠡ ᠴᠦ᠍ ᠪᠤᠭᠤᠷᠤᠯ ᠪᠣᠯᠲᠠᠯ᠎ᠠ ᠪᠠᠨ ᠬᠣᠶᠠᠭᠤᠯᠠ ᠪᠠᠨ ᠵᠢᠷᠭᠠᠭᠠᠳ ᠰᠠᠭᠤᠶ᠎ᠠ ᠪᠣᠯᠬᠤ ᠦᠭᠡᠢ ᠤᠤ ᠬᠦᠢ

ᠴᠡᠴᠡᠭ ᠬᠠᠲᠤᠨ ᠡᠨᠡ ᠦᠭᠡ ᠶ᠋ᠢ ᠰᠣᠨᠣᠰᠤᠭᠠᠳ ᠶᠡᠬᠡ ᠪᠠᠶᠠᠷᠯᠠᠵᠠᠢ ᠰᠢᠦ ᠂ ᠡᠷ᠎ᠡ ᠳ᠋ᠦ᠍ ᠪᠡᠨ ᠨᠢᠭᠡ ᠰᠠᠨᠠᠭᠤᠯᠵᠤ ᠬᠡᠯᠡᠶ᠎ᠡ ᠭᠡᠳ ᠤᠷᠲᠤ ᠠ᠋ᠴᠠ ᠨᠢ ᠬᠠᠨᠳᠤᠭᠠᠳ ᠬᠡᠯᠡᠵᠦ ᠪᠠᠢᠨ᠎ᠠ᠄

ᠬᠠᠳᠠᠨ ᠤ᠋ ᠪᠠᠨ ᠴᠢᠯᠠᠭᠤᠨ ᠳ᠋ᠤ᠌ ᠠᠳᠠᠯᠢ ᠬᠠᠳᠠᠭᠤᠴᠢᠯᠠᠵᠤ ᠶᠠᠪᠤ ᠳᠠ ᠬᠦᠢ ᠠ ᠬᠦᠢ ᠮᠡᠢᠷᠡᠨ ᠬᠦᠢ
ᠬᠠᠮᠤᠭ ᠣᠯᠠᠨ ᠮᠣᠩᠭᠣᠯᠴᠤᠳ ᠢ᠋ᠶ᠋ᠠᠨ ᠬᠠᠷᠠᠭᠠᠯᠵᠠᠵᠤ ᠶᠠᠪᠤ ᠳᠠ ᠬᠦᠢ
ᠬᠠᠷᠪᠤᠭᠠᠳ ᠢᠷᠡᠬᠦ ᠰᠤᠮᠤ ᠠ᠋ᠴᠠ ᠵᠠᠢᠯᠠᠭᠠᠳ ᠭᠠᠷ ᠳᠠ ᠬᠦᠢ ᠠ ᠬᠦᠢ ᠮᠡᠢᠷᠡᠨ ᠬᠦᠢ
ᠬᠠᠮᠲᠤᠲᠠᠭᠰᠠᠨ ᠡᠬᠡᠨᠡᠷ ᠴᠡᠴᠡᠭ ᠨᠠᠳᠠ ᠶ᠋ᠢ ᠪᠡᠨ ᠰᠠᠨᠠᠭᠠᠯᠵᠠᠵᠤ ᠶᠠᠪᠤ ᠳᠠ ᠴᠢ ᠮᠢᠨᠢ ᠠ᠋ ᠬᠦᠢ

ᠠᠭᠤᠯᠠᠨ ᠤ᠋ ᠪᠠᠨ ᠴᠢᠯᠠᠭᠤᠨ ᠳ᠋ᠤ᠌ ᠠᠳᠠᠯᠢᠬᠠᠨ ᠬᠠᠳᠠᠭᠤᠴᠢᠯᠠᠵᠤ ᠶᠠᠪᠤ ᠳᠠ ᠬᠦᠢ ᠠ ᠬᠦᠢ ᠮᠡᠢᠷᠡᠨ ᠬᠦᠢ
ᠤᠯᠤᠰ ᠣᠯᠠᠨ ᠮᠣᠩᠭᠣᠯᠴᠤᠳ ᠢ᠋ᠶ᠋ᠠᠨ ᠦᠵᠡᠵᠦ ᠶᠠᠪᠤ ᠳᠠ ᠴᠢ ᠮᠢᠨᠢ ᠠ᠋ ᠬᠦᠢ
ᠦᠰᠦᠷᠦᠭᠡᠳ ᠢᠷᠡᠬᠦ ᠰᠤᠮᠤ ᠠ᠋ᠴᠠ ᠵᠠᠢᠯᠠᠭᠠᠳ ᠭᠠᠷ ᠳᠠ ᠬᠦᠢ ᠠ ᠬᠦᠢ ᠮᠡᠢᠷᠡᠨ ᠬᠦᠢ
ᠡᠬᠡᠨᠡᠷ ᠢ᠋ᠶ᠋ᠡᠨ ᠪᠣᠯᠤᠭᠰᠠᠨ ᠴᠡᠴᠡᠭ ᠨᠠᠮ᠎ᠠ ᠶ᠋ᠢ ᠪᠡᠨ ᠰᠠᠨᠠᠭᠠᠯᠵᠠᠵᠤ ᠶᠠᠪᠤ ᠳᠠ ᠴᠢ ᠮᠢᠨᠢ ᠠ᠋ ᠬᠦᠢ


ᠰᠢᠱᠤ᠌ ᠮᠡᠢᠷᠡᠨ ᠴᠡᠷᠢᠭ ᠢ᠋ᠶ᠋ᠡᠨ ᠳᠠᠭᠠᠭᠤᠯᠤᠭᠠᠳ ᠮᠣᠷᠳᠠᠭᠠᠳ ᠶᠠᠪᠤᠵᠠᠢ᠂ ᠴᠡᠴᠡᠭ ᠬᠠᠲᠤᠨ ᠭᠡᠷ ᠲᠦ᠍ ᠪᠡᠨ ᠪᠠᠢᠭᠰᠠᠭᠠᠷ ᠪᠠᠢᠭᠠᠳ ᠡᠳᠦᠷ ᠰᠥᠨᠢ ᠦᠭᠡᠢ ᠪᠣᠳᠣᠬᠤ ᠦᠭᠡᠢ ᠶᠦᠮ ᠤᠤ ᠳᠠ᠂ ᠪᠣᠳᠣᠭᠠᠳ ᠪᠣᠳᠣᠭᠠᠳ᠁ ᠳᠣᠲᠣᠷ᠎ᠠ ᠪᠠᠨ ᠪᠣᠳᠣᠬᠤ ᠳ᠋ᠤ᠌ ᠪᠠᠨ ᠭᠠᠯ ᠢ᠋ᠶ᠋ᠠᠨ ᠬᠢᠪᠡᠴᠦ ᠬᠡᠯᠡᠴᠢᠬᠡᠭᠰᠡᠨ ᠠ᠋᠄

ᠠ᠋ᠠᠪᠤ ᠳᠡᠭᠡᠳᠦ ᠶ᠋ᠢᠨ ᠴᠢᠨᠢ ᠣᠷᠣᠨ ᠪᠣᠯᠤᠨ ᠭᠠᠵᠠᠷ ᠢ᠋ ᠨᠢ ᠠᠪᠤᠭᠠᠳ ᠬᠡᠯᠡᠪᠡᠯ ᠠ᠋ ᠬᠦᠢ ᠠ ᠬᠦᠢ ᠮᠡᠢᠷᠡᠨ ᠬᠦᠢ
ᠠᠯᠲᠠᠨ ᠭᠠᠳᠠᠰᠤ ᠠᠭᠤᠯᠠᠨ ᠤ᠋ ᠪᠠᠨ ᠡᠩᠭᠡᠷ ᠳᠣᠣᠷ᠎ᠠ ᠨᠢ ᠪᠢᠰᠢ ᠤᠤ ᠬᠦᠢ
ᠠᠪᠤᠭᠰᠠᠨ ᠡᠬᠡᠨᠡᠷ ᠴᠡᠴᠡᠭ ᠬᠠᠲᠤᠨ ᠴᠢᠨᠢ ᠠᠷᠭ᠎ᠠ ᠯᠠ ᠦᠭᠡᠢ ᠪᠣᠯᠪᠠᠴᠤ ᠠ᠋ ᠬᠦᠢ ᠠ ᠬᠦᠢ ᠮᠡᠢᠷᠡᠨ ᠬᠦᠢ
ᠠᠯᠠᠭᠠᠨ ᠭᠠᠷ ᠤ᠋ᠨ ᠪᠢᠴᠢᠭ ᠢ᠋ᠶ᠋ᠡᠷ ᠢ᠋ᠶ᠋ᠡᠨ ᠴᠦ᠍ ᠲᠤᠯᠠᠳᠠ ᠠᠰᠠᠭᠤᠵᠤ ᠪᠣᠯᠤᠨ᠎ᠠ ᠪᠠ ᠨᠠᠳᠠ ᠶ᠋ᠢ ᠪᠡᠨ ᠬᠦᠢ

ᠡᠴᠢᠭᠡ ᠳᠡᠭᠡᠳᠦ ᠶ᠋ᠢᠨ ᠰᠠᠭᠤᠭᠰᠠᠨ ᠭᠠᠵᠠᠷ ᠢ᠋ ᠨᠢ ᠠᠪᠤᠭᠠᠳ ᠬᠡᠯᠡᠪᠡᠯ ᠠ᠋ ᠬᠦᠢ ᠠ ᠬᠦᠢ ᠮᠡᠢᠷᠡᠨ ᠬᠦᠢ
ᠡᠷᠳᠡᠨᠢ ᠭᠠᠳᠠᠰᠤ ᠠᠭᠤᠯᠠᠨ ᠤ᠋ ᠪᠠᠨ ᠡᠩᠭᠡᠷ ᠳᠣᠣᠷ᠎ᠠ ᠨᠢ ᠪᠢᠰᠢ ᠤᠤ ᠬᠦᠢ
ᠥᠪᠡᠷ ᠦ᠋ᠨ ᠡᠬᠡᠨᠡᠷ ᠴᠡᠴᠡᠭ ᠬᠠᠲᠤᠨ ᠢ᠋ᠶ᠋ᠠᠨ ᠡᠪ ᠦᠭᠡᠢ ᠪᠣᠳᠣᠪᠠᠴᠤ ᠠ᠋ ᠬᠦᠢ ᠠ ᠬᠦᠢ ᠮᠡᠢᠷᠡᠨ ᠬᠦᠢ
ᠥᠪᠡᠷ ᠦ᠋ᠨ ᠭᠠᠷ ᠤ᠋ᠨ ᠪᠢᠴᠢᠭ ᠢ᠋ᠶ᠋ᠡᠷ ᠢ᠋ᠶ᠋ᠡᠨ ᠴᠦ᠍ ᠲᠤᠯᠠᠳᠠ ᠠᠰᠠᠭᠤᠵᠤ ᠪᠣᠯᠤᠨ᠎ᠠ ᠨᠠᠳᠠ ᠶ᠋ᠢ ᠪᠡᠨ ᠬᠦᠢ

ᠢᠩᠭᠢᠵᠦ ᠭᠠᠴᠢᠭᠳᠠᠭᠠᠳ ᠡᠳᠦᠷ ᠡᠳᠦᠷ ᠪᠣᠳᠣᠭᠠᠳ ᠬᠡᠯᠡᠵᠦ ᠶᠠᠷᠢᠵᠤ ᠪᠠᠢᠲᠠᠯ᠎ᠠ ᠶᠠᠭᠠᠬᠢᠪᠠ ᠳᠠ? ᠭᠡᠬᠦᠯᠡᠷ ᠳᠠᠢᠰᠤᠨ ᠢ᠋ᠶ᠋ᠠᠨ ᠳᠠᠷᠤᠭᠠᠳ ᠳᠠᠷᠬᠠᠨ ᠴᠣᠯᠠ ᠪᠠᠨ ᠣᠯᠤᠭᠰᠠᠨ ᠶᠤᠮ ᠠ᠋ ᠂ ᠰᠢᠱᠦ ᠮᠡᠢᠷᠡᠨ ᠳ᠋ᠦ᠍ ᠪᠠᠭ᠎ᠠ ᠬᠠᠲᠤᠨ ᠲᠠᠲᠠᠵᠤ ᠥᠭᠴᠢᠬᠡᠭᠡᠳ ᠭᠡᠷ ᠲᠦ᠍ ᠨᠢ ᠶᠠᠪᠤᠭᠤᠯᠬᠤ ᠦᠭᠡᠢ ᠯᠠᠢ ᠂ ᠡᠳᠦᠷ ᠨᠠᠭᠤᠢ ᠤᠳᠠᠭᠰᠠᠨ ᠤ᠋ ᠰᠡᠭᠦᠯᠡᠷ ᠲᠡᠨᠳᠡ ᠡᠴᠡ ᠬᠡᠯᠡᠵᠦ ᠭᠠᠷᠭᠠᠭᠰᠠᠨ ᠦᠭᠡ ᠨᠢ ᠶᠠᠭᠤ ᠶᠤᠮ ᠳᠠ? ᠭᠡᠪᠡᠯ ᠰᠢᠱᠦ ᠮᠡᠢᠷᠡᠨ ᠳᠠᠢᠰᠤᠨ ᠤ᠋ ᠳᠣᠯᠣᠭᠠᠨ ᠳ᠋ᠤ᠌ ᠣᠷᠣᠭᠠᠳ ᠠᠯᠠᠭᠳᠠᠴᠢᠬᠠᠵᠠᠢ ᠭᠡᠰᠡᠨ ᠦᠭᠡ ᠭᠠᠷᠴᠠᠢ᠂ ᠡᠨᠳᠡ ᠡᠴᠡ ᠲᠡᠨᠳᠡ ᠡᠴᠡ ᠬᠡᠯᠡᠯᠴᠡᠭᠰᠡᠭᠡᠷ ᠢᠷᠡᠬᠦ ᠳ᠋ᠦ᠍ ᠴᠡᠴᠡᠭ ᠬᠠᠲᠤᠨ ᠣᠯᠤᠭᠠᠳ ᠰᠣᠨᠣᠰᠴᠢᠬᠠᠬᠤ ᠦᠭᠡᠢ ᠶᠦᠮ ᠤᠤ? ᠰᠣᠴᠢᠭᠰᠠᠨ ᠠᠳᠠᠯᠢ ᠭᠦᠶᠦᠵᠦ ᠪᠣᠰᠤᠭᠠᠳ ᠲᠦᠯᠡᠰᠢ ᠳᠣᠶᠢᠩ ᠰᠢᠲᠠᠭᠠᠵᠤ ᠥᠭᠭᠦᠨ᠎ᠡ ᠭᠡᠳ ᠬᠡᠭᠡᠷ᠎ᠡ ᠭᠠᠳᠠᠨ᠎ᠠ ᠣᠴᠢᠭᠠᠳ ᠴᠠᠭᠠᠨ ᠢ᠋ ᠡᠮᠦᠰᠦᠭᠡᠳ ᠪᠡᠯᠪᠡᠰᠦᠷᠡᠵᠦ ᠢᠷᠡᠭᠡᠳ ᠬᠡᠯᠡᠴᠢᠬᠡᠭᠰᠡᠨ ᠠ᠋᠄

ᠬᠠᠪᠤᠷ ᠤ᠋ᠨ ᠭᠤᠷᠪᠠᠨ ᠰᠠᠷ᠎ᠠ ᠨᠢ ᠪᠣᠯᠤᠭᠠᠳ ᠢᠷᠡᠭᠰᠡᠨ ᠦ᠌ ᠰᠡᠭᠦᠯᠡᠷ ᠬᠦᠢ ᠠ ᠬᠠ ᠬᠦᠢ ᠶᠠ ᠬᠦᠢ
ᠬᠠᠮᠤᠭ ᠣᠯᠠᠨ ᠴᠡᠴᠡᠭ ᠪᠣᠯᠤᠨ ᠬᠤᠸᠠᠷ ᠤ᠋ᠨ ᠳᠡᠯᠭᠡᠷᠡᠭᠡᠳ ᠢᠷᠡᠬᠦ ᠨᠢ ᠰᠠᠢᠬᠠᠨ ᠠ᠋ ᠬᠦᠢ
ᠬᠠᠮᠲᠤᠲᠠᠭᠰᠠᠨ ᠡᠷ᠎ᠡ ᠮᠡᠢᠷᠡᠨ ᠴᠢᠮ᠎ᠠ ᠪᠠᠨ ᠪᠣᠳᠣᠭᠠᠳ ᠢᠷᠡᠪᠡᠯ ᠠ᠋ ᠬᠦᠢ ᠠ ᠬᠦᠢ ᠮᠡᠢᠷᠡᠨ ᠬᠦᠢ
ᠬᠠᠪᠲᠠᠭᠠᠢ ᠴᠡᠭᠡᠵᠢᠨ ᠦ᠌ ᠳᠣᠲᠣᠷ᠎ᠠ ᠮᠢᠨᠢ ᠬᠠᠷᠠᠯᠠᠭᠠᠳ ᠯᠠ ᠢᠷᠡᠨ᠎ᠡ ᠬᠦᠢ

ᠭᠤᠷᠪᠠᠨ ᠰᠠᠷ᠎ᠠ ᠨᠢ ᠪᠣᠯᠤᠭᠠᠳ ᠯᠠ ᠢᠷᠡᠪᠡᠯ ᠠ᠋ ᠬᠦᠢ ᠠ ᠬᠦᠢ ᠮᠡᠢᠷᠡᠨ ᠬᠦᠢ
ᠭᠤᠷᠪᠠᠨ ᠥᠩᠭᠡ ᠶ᠋ᠢᠨ ᠭᠤᠯᠭᠤᠢ ᠬᠤᠸᠠᠷ ᠤ᠋ᠨ ᠳᠡᠯᠭᠡᠷᠡᠭᠡᠳ ᠢᠷᠡᠬᠦ ᠨᠢ ᠰᠠᠢᠬᠠᠨ ᠠ᠋ ᠬᠦᠢ
ᠥᠪᠡᠷ ᠦ᠋ᠨ ᠡᠷ᠎ᠡ ᠮᠡᠢᠷᠡᠨ ᠴᠢᠮ᠎ᠠ ᠪᠠᠨ ᠪᠣᠳᠣᠭᠠᠳ ᠢᠷᠡᠪᠡᠯ ᠠ᠋ ᠬᠦᠢ ᠠ ᠬᠠ ᠬᠦᠢ ᠶᠠ ᠬᠦᠢ
ᠡᠪᠴᠢᠭᠦᠦ ᠪᠣᠯᠤᠨ ᠴᠡᠭᠡᠵᠢᠨ ᠦ᠌ ᠮᠢᠨᠢ ᠳᠣᠲᠣᠷ᠎ᠠ ᠡᠪᠬᠡᠷᠡᠭᠡᠳ ᠢᠷᠡᠨ᠎ᠡ ᠶᠠᠭᠠᠬᠢᠶ᠎ᠠ ᠬᠦᠢ

ᠬᠡᠭᠡᠷ᠎ᠡ ᠠᠪᠠᠴᠢᠭᠠᠳ ᠲᠦᠯᠡᠰᠢ ᠳᠣᠶᠢᠩ ᠰᠢᠲᠠᠭᠠᠴᠢᠬᠠᠭᠠᠳ ᠨᠢᠳᠦᠨ ᠨᠢᠯᠪᠤᠰᠤ ᠪᠠᠨ ᠵᠦᠯᠭᠦᠵᠦ ᠵᠠᠪᠳᠤᠬᠤ ᠦᠭᠡᠢ ᠤᠨᠠᠭᠠᠭᠠᠳ᠂ ᠴᠡᠴᠡᠭ ᠬᠠᠲᠤᠨ ᠰᠥᠭᠥᠳᠴᠦ ᠰᠠᠭᠤᠭᠠᠳ ᠰᠢᠲᠠᠭᠠᠵᠤ ᠪᠠᠢᠭᠠᠳ ᠬᠡᠯᠡᠵᠦ ᠯᠡ ᠪᠠᠢᠨ᠎ᠠ ᠰᠢᠦ᠄

ᠠᠪᠤ ᠪᠣᠯᠤᠨ ᠮᠥᠮᠥ ᠬᠣᠶᠠᠭᠤᠯᠠ ᠶ᠋ᠢᠨ ᠰᠠᠨᠠᠯ ᠢ᠋ ᠨᠢ ᠮᠡᠳᠡᠨ᠎ᠡ ᠬᠦᠢ ᠠ ᠬᠠ ᠬᠦᠢ ᠶᠠ ᠬᠦᠢ
ᠡᠬᠡᠨᠡᠷ ᠴᠢᠨᠢ ᠪᠣᠯᠤᠭᠰᠠᠨ ᠴᠡᠴᠡᠭ ᠪᠡᠶ᠎ᠡ ᠮᠢᠨᠢ ᠡᠷᠦᠬᠡ ᠳ᠋ᠦ᠍ ᠪᠡᠨ ᠰᠠᠭᠤᠭᠠᠳ ᠬᠦᠯᠢᠶᠡᠶ᠎ᠡ ᠬᠦᠢ
ᠥᠪᠡᠷ ᠦ᠋ᠨ ᠡᠷ᠎ᠡ ᠮᠢᠨᠢ ᠰᠢᠱᠦ ᠮᠡᠢᠷᠡᠨ ᠮᠢᠨᠢ ᠡᠨᠳᠡᠯ᠎ᠡ ᠭᠡᠵᠦ ᠯᠡ ᠭᠡᠨ᠎ᠡ ᠰᠢᠦ ᠬᠦᠢ ᠠ ᠬᠠ ᠬᠦᠢ ᠶᠠ ᠬᠦᠢ
ᠢᠳᠡᠭᠡᠨ ᠪᠣᠯᠤᠨ ᠤᠮᠳᠠᠭᠠᠨ ᠬᠣᠶᠠᠭᠤᠯᠠ ᠪᠠᠨ ᠡᠷᠭᠦᠵᠦ ᠪᠠᠢᠨ᠎ᠠ ᠴᠢᠮ᠎ᠠ ᠳ᠋ᠤ᠌ ᠪᠠᠨ ᠬᠦᠢ

ᠠᠭᠠᠷ ᠬᠤᠷᠮᠤᠰᠲᠠ ᠲᠡᠭᠷᠢ ᠳᠡᠭᠡᠷ᠎ᠡ ᠣᠳᠣ ᠮᠠᠨᠢ ᠨᠢᠭᠡ ᠠ᠋ ᠬᠦᠢ ᠠ ᠬᠠ ᠬᠦᠢ ᠶᠠ ᠬᠦᠢ
ᠠᠯᠲᠠᠨ ᠳᠡᠯᠡᠬᠡᠢ ᠶ᠋ᠢᠨ ᠭᠠᠵᠠᠷ ᠳᠡᠭᠡᠷ᠎ᠡ ᠤᠴᠠᠷᠠᠵᠤ ᠠᠭᠤᠯᠵᠠᠪᠠ ᠬᠣᠶᠠᠭᠤᠯᠠ ᠪᠠᠨ ᠬᠦᠢ
ᠠᠷᠢᠭᠤᠨ ᠰᠠᠢᠬᠠᠨ ᠪᠡᠶ᠎ᠡ ᠴᠢᠨᠢ ᠦᠭᠡᠢ ᠯᠠᠢ ᠭᠡᠨ᠎ᠡ ᠰᠢᠦ ᠬᠦᠢ ᠠ ᠬᠦᠢ ᠮᠡᠢᠷᠡᠨ ᠬᠦᠢ
ᠠᠮᠲᠠᠲᠠᠢ ᠢᠳᠡᠭᠡᠨ ᠢ᠋ᠶ᠋ᠡᠨ ᠡᠷᠭᠦᠵᠦ ᠪᠠᠢᠨ᠎ᠠ ᠰᠢᠦ ᠠᠮᠰᠠᠵᠤ ᠵᠣᠭᠣᠭᠯᠠᠨ᠎ᠠ ᠪᠣᠯᠪᠠ ᠤᠤ ᠳᠠ ᠬᠦᠢ

ᠰᠢᠱᠦ ᠮᠡᠢᠷᠡᠨ ᠭᠡᠨᠡᠳᠲᠡ ᠪᠠᠢᠭᠰᠠᠭᠠᠷ ᠳᠣᠲᠣᠷ᠎ᠠ ᠨᠢ ᠭᠧ ᠶᠢᠩ ᠪᠣᠯᠤᠭᠠᠳ ᠭᠡᠷ ᠨᠤᠲᠤᠭ ᠢ᠋ᠶ᠋ᠠᠨ ᠰᠠᠨᠠᠴᠢᠬᠠᠵᠠᠢ ᠂ ᠠᠯᠪᠠᠨ ᠶᠠᠮᠤᠨ ᠠ᠋ᠴᠠ ᠣᠴᠢᠭᠠᠳ ᠭᠡᠷ ᠲᠦ᠍ ᠪᠡᠨ ᠬᠠᠷᠢᠬᠤ ᠭᠤᠶᠤᠳᠠᠯ ᠭᠤᠶᠤᠵᠤ ᠢᠷᠡᠭᠡᠳ ᠬᠡᠯᠡᠴᠢᠬᠡᠭᠰᠡᠨ ᠠ᠋᠄

ᠠᠯᠪᠠᠨ ᠵᠤᠷᠭᠠᠨ ᠶᠠᠮᠤᠨ ᠠ᠋ᠴᠠ ᠪᠠᠨ ᠭᠤᠶᠤᠴᠢᠯᠠᠯ ᠭᠤᠶᠤᠪᠠ ᠬᠦᠢ ᠠ ᠬᠠ ᠬᠦᠢ ᠶᠠ ᠬᠦᠢ
ᠠᠳᠠᠯ ᠭᠡᠷ ᠲᠦ᠍ ᠪᠡᠨ ᠡᠷᠭᠢᠶ᠎ᠡ ᠭᠡᠵᠦ ᠪᠠᠢᠨ᠎ᠠ ᠠᠶᠠᠯᠠᠭᠠᠳ ᠭᠠᠷᠤᠭᠠᠳ ᠢᠷᠡᠯ᠎ᠡ ᠶᠠ ᠬᠦᠢ
ᠠᠮᠠᠷᠠᠭ ᠬᠠᠲᠤᠨ ᠴᠡᠴᠡᠭ ᠠᠩᠭ᠎ᠠ ᠪᠠᠨ ᠪᠣᠳᠣᠭᠠᠳ ᠢᠷᠡᠪᠡᠯ ᠠ᠋ ᠬᠦᠢ ᠠ ᠬᠠ ᠬᠦᠢ ᠶᠠ ᠬᠦᠢ
ᠠᠶᠤᠤᠯᠢᠬᠠᠢ ᠪᠣᠯᠤᠨ ᠴᠡᠭᠡᠵᠢᠨ ᠦ᠌ ᠮᠢᠨᠢ ᠳᠣᠲᠣᠷ᠎ᠠ ᠬᠥᠪᠬᠡᠯᠵᠡᠭᠡᠳ ᠢᠷᠡᠨ᠎ᠡ ᠬᠦᠢ

ᠡᠵᠡᠨ ᠵᠤᠷᠭᠠᠨ ᠶᠠᠮᠤᠨ ᠠ᠋ᠴᠠ ᠪᠠᠨ ᠭᠤᠶᠤᠴᠢᠯᠠᠯ ᠢ᠋ ᠪᠡᠨ ᠭᠤᠶᠤᠪᠠ ᠬᠦᠢ ᠠ ᠬᠠ ᠬᠦᠢ ᠶᠠ ᠬᠦᠢ
ᠡᠷᠦᠬᠡ ᠭᠡᠷ ᠲᠦ᠍ ᠪᠡᠨ ᠡᠷᠭᠢᠶ᠎ᠡ ᠭᠡᠵᠦ ᠪᠠᠢᠨ᠎ᠠ ᠠᠶᠠᠯᠠᠭᠠᠳ ᠭᠠᠷᠤᠭᠠᠳ ᠢᠷᠡᠯ᠎ᠡ ᠶᠠ ᠬᠦᠢ
ᠠᠪᠤᠭᠰᠠᠨ ᠡᠬᠡᠨᠡᠷ ᠴᠡᠴᠡᠭ ᠬᠠᠲᠤᠨ ᠢ᠋ᠶ᠋ᠠᠨ ᠪᠣᠳᠣᠭᠠᠳ ᠢᠷᠡᠪᠡᠯ ᠠ᠋ ᠬᠦᠢ ᠠ ᠬᠠ ᠬᠦᠢ ᠶᠠ ᠬᠦᠢ
ᠠᠶᠤᠤᠯᠢᠬᠠᠢ ᠪᠣᠯᠤᠨ ᠴᠡᠭᠡᠵᠢᠨ ᠦ᠌ ᠮᠢᠨᠢ ᠳᠣᠲᠣᠷ᠎ᠠ ᠬᠥᠪᠬᠡᠯᠵᠡᠭᠡᠳ ᠯᠡ ᠢᠷᠡᠨ᠎ᠡ ᠬᠦᠢ

ᠶᠠᠪᠤᠭᠰᠠᠭᠠᠷ ᠪᠠᠢᠭᠠᠳ ᠤᠳᠠᠨ᠎ᠠ ᠤᠤ ᠳᠠ ᠂ ᠠᠢᠯ ᠢ᠋ᠶ᠋ᠠᠨ ᠣᠢᠷ᠎ᠠ ᠪᠣᠯᠤᠭᠠᠳ ᠢᠷᠡᠲᠡᠯ᠎ᠡ ᠠᠢᠯ ᠤ᠋ᠨ ᠠᠷᠤ ᠳᠡᠭᠡᠷ᠎ᠡ ᠡᠵᠡᠭᠦᠢ ᠲᠠᠯ᠎ᠠ ᠳᠡᠭᠡᠷ᠎ᠡ ᠨᠢᠭᠡᠨ ᠴᠠᠭᠠᠨ ᠢ᠋ ᠡᠮᠦᠰᠦᠭᠰᠡᠨ ᠡᠬᠡᠨᠡᠷ ᠲᠦᠯᠡᠰᠢ ᠳᠣᠶᠢᠩ ᠰᠢᠲᠠᠭᠠᠴᠢᠬᠠᠭᠠᠳ ᠨᠢᠭᠡ ᠦᠭᠡ ᠬᠡᠯᠡᠵᠦ ᠯᠡ ᠪᠠᠢᠨ᠎ᠠ᠃ ᠭᠠᠢᠬ᠎ᠠ ᠠᠯᠳᠠᠷᠠᠭᠠᠳ ᠮᠣᠷᠢᠨ ᠠ᠋ᠴᠠ ᠪᠠᠨ ᠪᠠᠭᠤᠵᠤ ᠴᠢᠩᠨᠠᠵᠤ ᠪᠠᠢᠲᠠᠯ᠎ᠠ ᠴᠡᠴᠡᠭ ᠬᠡᠯᠡᠵᠦ ᠪᠠᠢᠨ᠎ᠠ᠄

ᠭᠠᠯ ᠢ᠋ᠶ᠋ᠠᠨ ᠬᠢᠶ᠎ᠡ ᠭᠡᠪᠡᠴᠦ ᠭᠠᠭᠴᠠᠭᠠᠷ ᠢ᠋ᠶ᠋ᠠᠨ ᠬᠦᠢ ᠠ ᠬᠠ ᠬᠦᠢ ᠶᠠ ᠬᠦᠢ
ᠭᠠᠴᠢᠭᠳᠠᠵᠤ ᠢᠷᠡᠭᠡᠳ ᠬᠡᠯᠡᠭᠡᠳ ᠲᠡᠭᠡᠪᠡᠴᠦ ᠬᠣᠭᠣᠰᠣᠨ ᠪᠣᠯᠪᠠ ᠬᠦᠢ
ᠳ᠋ᠧᠩ ᠳ᠋ᠦ᠍ ᠪᠡᠨ ᠰᠠᠭᠤᠶ᠎ᠠ ᠭᠡᠬᠦᠯᠡᠷ ᠳᠡ ᠭᠠᠭᠴᠠᠭᠠᠷ ᠢ᠋ᠶ᠋ᠠᠨ ᠬᠦᠢ ᠠ ᠬᠠ ᠬᠦᠢ ᠶᠠ ᠬᠦᠢ
ᠲᠠᠩᠰᠢᠵᠤ ᠳᠡᠩᠰᠡᠯᠲᠡᠯ᠎ᠡ ᠰᠠᠨᠠᠨ᠎ᠠ ᠭᠡᠪᠡᠴᠦ ᠳᠡ ᠦᠭᠡᠢ ᠯᠠᠢ ᠪᠣᠯᠪᠠ ᠬᠦᠢ

ᠥᠪᠡᠷ ᠦ᠋ᠨ ᠡᠷ᠎ᠡ ᠰᠢᠱᠦ ᠮᠡᠢᠷᠡᠨ ᠮᠢᠨᠢ ᠦᠭᠡᠢ ᠯᠠᠢ ᠪᠣᠯᠪᠠ ᠬᠦᠢ ᠠ ᠬᠠ ᠬᠦᠢ ᠶᠠ ᠬᠦᠢ
ᠡᠬᠡᠨᠡᠷ ᠴᠢᠨᠢ ᠪᠣᠯᠤᠭᠰᠠᠨ ᠴᠡᠴᠡᠭ ᠪᠡᠶ᠎ᠡ ᠮᠢᠨᠢ ᠥᠷᠥᠭᠡᠰᠦᠨ ᠪᠣᠯᠤᠭᠠᠳ ᠶᠣᠯᠣᠭᠣᠪᠠ ᠬᠦᠢ ᠃
ᠠᠪᠤᠭᠰᠠᠨ ᠡᠷ᠎ᠡ ᠮᠢᠨᠢ ᠰᠢᠱᠦ ᠮᠡᠢᠷᠡᠨ ᠮᠢᠨᠢ ᠠᠯᠠᠭᠳᠠᠵᠠᠢ ᠭᠡᠨ᠎ᠡ ᠬᠦᠢ ᠠ ᠬᠠ ᠬᠦᠢ ᠶᠠ ᠬᠦᠢ
ᠠᠮᠠᠷᠠᠭ ᠬᠠᠲᠤᠨ ᠴᠢᠨᠢ ᠴᠡᠴᠡᠭ ᠪᠡᠶ᠎ᠡ ᠮᠢᠨᠢ ᠪᠡᠯᠪᠡᠰᠦᠨ ᠪᠣᠯᠤᠭᠠᠳ ᠶᠣᠯᠣᠭᠣᠪᠠ ᠬᠦᠢ ᠃

ᠡᠨᠡ ᠶᠠᠩᠵᠤ ᠪᠠᠷ ᠬᠡᠯᠡᠵᠦ ᠶᠠᠷᠢᠵᠤ ᠪᠠᠢᠲᠠᠯ᠎ᠠ ᠰᠢᠱᠦ ᠮᠡᠢᠷᠡᠨ ᠭᠠᠢᠬᠠᠰᠢ ᠠᠯᠳᠠᠷᠠᠵᠠᠢ ᠬᠦᠢ᠂ ᠡᠨᠡ ᠶᠠᠭᠠᠬᠢᠭᠠᠳ ᠢᠩᠭᠢᠵᠦ ᠠᠭᠠᠰᠢᠯᠠᠵᠤ ᠪᠠᠢᠬᠤ ᠪᠣᠢ? ᠶᠠᠭᠤ ᠭᠡᠵᠦ ᠢᠩᠭᠢᠵᠦ ᠲᠦᠯᠡᠰᠢ ᠳᠣᠶᠢᠩ ᠥᠭᠴᠦ ᠪᠠᠢᠨ᠎ᠠ? ᠨᠠᠳᠠ ᠶ᠋ᠢ ᠡᠨᠡ ᠢᠷᠣᠯᠠᠵᠤ ᠪᠠᠢᠨ᠎ᠠ ᠤᠤ ᠳᠠ᠂ ᠶᠠᠩᠵᠤ ᠨᠢ᠃ ᠠᠯᠭᠤᠷ ᠢ᠋ᠶ᠋ᠠᠷ ᠠᠯᠬᠤᠭᠤᠯᠤᠭᠠᠳ ᠬᠦᠷᠦᠭᠡᠳ ᠢᠷᠡᠭᠰᠡᠨ ᠶᠦᠮ ᠠ᠋᠃ ᠵᠠᠬ᠎ᠠ ᠳ᠋ᠤ᠌ ᠨᠢ ᠢᠷᠡᠭᠡᠳ ᠮᠣᠷᠢᠨ ᠠ᠋ᠴᠠ ᠪᠠᠨ ᠪᠠᠭᠤᠪᠠ ᠭᠡᠲᠡᠯ᠎ᠡ ᠴᠡᠴᠡᠭ ᠣᠯᠤᠭᠠᠳ ᠦᠵᠡᠴᠢᠬᠡᠬᠦ ᠦᠭᠡᠢ ᠤᠤ? ᠦᠵᠡᠨ᠎ᠡ ᠭᠡᠯ᠎ᠡ᠂ ᠡᠷ᠎ᠡ ᠨᠢ ᠬᠦᠷᠦᠭᠡᠳ ᠢᠷᠡᠵᠡᠢ ᠰᠢᠦ ᠬᠦᠢ᠂ ᠠᠶ᠎ᠠ᠂ ᠦᠬᠦᠯ᠎ᠡ ᠭᠡᠰᠡᠨ᠂ ᠡᠨᠡ ᠶᠠᠭᠠᠬᠢᠭᠠᠳ ᠢᠩᠭᠢᠵᠦ ᠬᠦᠷᠴᠦ ᠢᠷᠡᠭᠰᠡᠨ ᠶᠦᠮ ᠳᠡ?ᠮᠡᠯᠡᠷᠡᠴᠢᠬᠡᠵᠡᠢ ᠂ ᠰᠢᠱᠦ ᠮᠡᠢᠷᠡᠨ ᠢᠷᠡᠭᠡᠳ ᠭᠠᠷ ᠠ᠋ᠴᠠ ᠨᠢ ᠠᠳᠬᠤᠴᠢᠬᠠᠭᠠᠳ᠂ ᠨᠢᠳᠦᠨ ᠨᠢᠯᠪᠤᠰᠤ ᠪᠠᠨ ᠵᠦᠯᠭᠦᠭᠡᠳ ᠬᠡᠯᠡᠵᠦ ᠥᠭᠭᠦᠭᠰᠡᠨ ᠨᠢ ᠠ᠋᠄

ᠠᠭᠲᠠ ᠬᠦᠯᠦᠭ ᠮᠣᠷᠢᠨ ᠤ᠋ ᠪᠠᠨ ᠳᠡᠭᠡᠷ᠎ᠡ ᠤᠨᠤᠬᠤ ᠦᠭᠡᠢ ᠶᠦᠮ ᠤᠤ ᠬᠦᠢ ᠠ ᠬᠦᠢ ᠴᠡᠴᠡᠭ ᠠ᠋ ᠬᠦᠢ
ᠠᠳᠠᠯ ᠪᠣᠯᠤᠨ ᠡᠷᠦᠬᠡ ᠳ᠋ᠦ᠍ ᠪᠡᠨ ᠡᠷᠭᠢᠶ᠎ᠡ ᠠᠮᠠᠷᠠᠭ ᠬᠣᠶᠠᠭᠤᠯᠠ ᠪᠠᠨ ᠬᠡᠯᠡᠯᠴᠡᠶ᠎ᠡ ᠬᠦᠢ
ᠦᠷᠢᠶ᠎ᠡ ᠬᠦᠯᠦᠭ ᠮᠣᠷᠢᠨ ᠤ᠋ ᠪᠠᠨ ᠳᠡᠭᠡᠷ᠎ᠡ ᠤᠨᠤᠬᠤ ᠦᠭᠡᠢ ᠶᠦᠮ ᠤᠤ ᠬᠦᠢ ᠠ ᠬᠦᠢ ᠴᠡᠴᠡᠭ ᠠ᠋ ᠬᠦᠢ
ᠡᠷᠦᠬᠡ ᠭᠡᠷ ᠲᠦ᠍ ᠪᠡᠨ ᠡᠷᠭᠢᠵᠦ ᠯᠡ ᠪᠠᠢᠭᠠᠳ ᠡᠪᠲᠡᠢ ᠬᠣᠶᠠᠭᠤᠯᠠ ᠪᠠᠨ ᠬᠡᠯᠡᠯᠴᠡᠶ᠎ᠡ ᠬᠦᠢ

ᠴᠡᠴᠡᠭ ᠨᠢᠭᠡ ᠴᠦ᠍ (ᠬᠡᠰᠡᠭ ᠵᠠᠭᠤᠷ᠎ᠠ) ᠮᠡᠯᠡᠷᠡᠴᠢᠬᠡᠭᠡᠳ ᠠᠰᠠᠭᠤᠵᠤ ᠪᠠᠢᠨ᠎ᠠ᠄ ᠣᠯᠠᠨ ᠲᠦᠮᠡᠨ ᠡᠴᠡ ᠰᠣᠨᠣᠰᠬᠤᠯᠠᠷ ᠴᠢᠮ᠎ᠠ ᠶ᠋ᠢ ᠦᠭᠡᠢ ᠯᠠᠢ ᠭᠡᠵᠡᠢ᠂ ᠡᠭᠦᠨ ᠲᠡᠢ ᠪᠢ ᠳᠣᠯᠣᠭᠠᠨ ᠡᠳᠦᠷ ᠴᠢᠮ᠎ᠠ ᠳ᠋ᠤ᠌ ᠲᠦᠯᠡᠰᠢ ᠳᠣᠶᠢᠩ ᠰᠢᠲᠠᠭᠠᠵᠤ ᠥᠭᠴᠦ ᠪᠠᠢᠨ᠎ᠠ ᠂ ᠶᠢᠷᠲᠢᠨᠴᠦ ᠳᠡᠯᠡᠬᠡᠢ ᠳ᠋ᠦ᠍ ᠡᠷ᠎ᠡ ᠡᠮ᠎ᠡ ᠪᠣᠯᠴᠢᠬᠠᠭᠠᠳ ᠡᠯᠪᠡᠷᠢᠯ ᠢ᠋ ᠭᠦᠢᠴᠡᠳᠬᠡᠬᠦ ᠦᠭᠡᠢ ᠪᠣᠯ ᠲᠠᠭᠠᠷᠠᠬᠤ ᠦᠭᠡᠢ ᠂ ᠢᠩᠭᠢᠵᠦ ᠪᠣᠳᠣᠭᠠᠳ ᠪᠢ ᠰᠢᠲᠠᠭᠠᠵᠤ ᠪᠠᠢᠭᠰᠠᠨ ᠶᠤᠮ ᠠ᠋᠃ ᠰᠢᠱᠦ ᠮᠡᠢᠷᠡᠨ ᠡᠭᠦᠨ ᠢ᠋ ᠰᠣᠨᠣᠰᠤᠭᠠᠳ᠄ 《ᠮᠣᠷᠢᠨ ᠳᠡᠭᠡᠷ᠎ᠡ ᠰᠤᠨᠳᠠᠯᠠ᠂ ᠬᠣᠶᠠᠭᠤᠯᠠ ᠪᠠᠨ ᠶᠠᠪᠤᠶ᠎ᠠ 》 ᠭᠡᠳ ᠣᠨᠣᠭᠤᠯᠤᠮᠠᠭᠴᠠ ᠠᠳᠠᠯ ᠭᠡᠷ ᠲᠦ᠍ ᠪᠡᠨ ᠠᠪᠤᠭᠠᠳ ᠢᠷᠡᠵᠡᠢ ᠂ ᠣᠷᠣᠵᠤ ᠢᠷᠡᠨᠡᠷᠡᠨ ᠬᠣᠶᠠᠭᠤᠯᠠ ᠪᠠᠨ ᠳ᠋ᠦᠢ ᠪᠡᠷ ( ᠬᠣᠣᠰ ᠢ᠋ᠶ᠋ᠠᠷ) ᠰᠠᠭᠤᠴᠢᠬᠠᠭᠠᠳ ᠰᠢᠱᠦ ᠮᠡᠢᠷᠡᠨ ᠤᠷᠲᠤ ᠠ᠋ᠴᠠ ᠨᠢ ᠬᠠᠨᠳᠤᠭᠠᠳ ᠬᠡᠯᠡᠵᠦ ᠪᠠᠢᠨ᠎ᠠ ᠰᠢᠦ᠄

ᠠᠯᠪᠠᠨ ᠵᠤᠷᠭᠠᠨ ᠶᠠᠮᠤᠨ ᠳ᠋ᠤ᠌ ᠪᠠᠨ ᠪᠡᠶ᠎ᠡ ᠮᠢᠨᠢ ᠡᠷᠭᠢᠬᠦ ᠪᠡᠷ ᠢ᠋ᠶ᠋ᠡᠨ ᠦᠭᠡᠢ ᠯᠠᠢ ᠬᠦᠢ ᠠ ᠬᠠ ᠬᠦᠢ ᠶᠠ ᠬᠦᠢ
ᠠᠪᠤᠭᠰᠠᠨ ᠡᠬᠡᠨᠡᠷ ᠴᠡᠴᠡᠭ ᠴᠢᠮ᠎ᠠ ᠲᠠᠢ ᠵᠢᠷᠭᠠᠭᠠᠳ ᠰᠠᠭᠤᠶ᠎ᠠ ᠬᠣᠶᠠᠭᠤᠯᠠ ᠪᠠᠨ ᠬᠦᠢ
ᠡᠵᠡᠨ ᠵᠤᠷᠭᠠᠨ ᠶᠠᠮᠤᠨ ᠳ᠋ᠤ᠌ ᠪᠠᠨ ᠪᠡᠶ᠎ᠡ ᠮᠢᠨᠢ ᠡᠷᠭᠢᠬᠦ ᠪᠡᠷ ᠢ᠋ᠶ᠋ᠡᠨ ᠦᠭᠡᠢ ᠯᠠᠢ ᠬᠦᠢ ᠠ ᠬᠠ ᠬᠦᠢ ᠶᠠ ᠬᠦᠢ
ᠡᠬᠡᠨᠡᠷ ᠪᠣᠯᠤᠭᠰᠠᠨ ᠴᠡᠴᠡᠭ ᠴᠢᠮ᠎ᠠ ᠲᠠᠢ ᠵᠢᠷᠭᠠᠭᠠᠳ ᠰᠠᠭᠤᠶ᠎ᠠ ᠬᠣᠶᠠᠭᠤᠯᠠ ᠪᠠᠨ ᠬᠦᠢ

ᠳᠠᠭᠤᠤ ᠶ᠋ᠢᠨ ᠦᠭᠡ ᠬᠠᠩᠭᠠᠭᠴᠢ ᠶ᠋ᠢᠨ ᠸᠢᠴᠠᠲ ‍ᠤᠨ ᠨᠡᠷ᠎ᠡ ᠄ ᠮᠸᠢ ᠯᠢ ᠳ᠋ᠢ  ᠰᠢᠨ ᠴᠢᠩ
ᠦᠰᠦᠭ ᠠᠮᠢᠯᠠᠭᠤᠯᠤᠭᠰᠠᠨ ᠨᠢ᠄ ᠭᠠᠸᠠ
ᠦᠰᠦᠭ ᠬᠠᠲᠠᠭᠰᠠᠨ ᠨᠢ ᠄ ᠭᠠᠸᠠ
ᠬᠢᠨᠠᠭᠴᠢ ᠪᠠᠭᠰᠢ ᠄ᠮᠥᠴᠢᠷ
ᠬᠦᠳᠡᠯᠭᠡᠨᠲᠦ ᠵᠢᠷᠤᠭ  ᠤᠨ  ᠰᠡᠭᠦᠳᠡᠷ  ᠢ  ᠥᠪᠥᠷ ᠮᠣᠩᠭᠣᠯ  ᠤ᠋ᠨ ᠵᠢᠷᠤᠭᠲᠤ ᠰᠡᠳᠬᠦᠯ  ᠡᠴᠡ ᠬᠠᠭᠤᠯᠪᠠ᠂