ᠳᠥᠴᠢᠨ ᠳᠥᠷᠪᠡᠨ ᠭᠠᠢᠬᠠᠯᠲᠠᠢ《ᠬᠠᠷ᠎ᠠ》Дөчин дөрвөн гайхалтай“хар”Döchin dörvön gaikhaltai“khar” ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠥᠴᠢᠨ ᠳᠥᠷᠪᠡᠨ ᠭᠠᠢᠬᠠᠯᠲᠠᠢ《ᠬᠠᠷ᠎ᠠ》Дөчин дөрвөн гайхалтай“хар”Döchin dörvön gaikhaltai“khar”

ᠳᠥᠴᠢᠨ ᠳᠥᠷᠪᠡᠨ ᠭᠠᠢᠬᠠᠯᠲᠠᠢ《ᠬᠠᠷ᠎ᠠ》Дөчин дөрвөн гайхалтай“хар”Döchin dörvön gaikhaltai“khar”

2025-08-28

240

    ᠬᠠᠷ᠎ᠠ ᠬᠥᠮᠦᠨ ᠮᠠᠨᠢ ᠭᠡᠵᠦ ᠬᠠᠷ᠎ᠠ ᠪᠣᠷᠣ ᠠᠵᠢᠯ ᠳ᠋ᠤ᠌ ᠶᠠᠭ ᠶᠠᠭᠤᠮ᠎ᠠ᠃ ᠬᠠᠷ᠎ᠠ ᠨᠢᠳᠦ ᠪᠡᠨ ᠬᠠᠭ᠎ᠠ  ᠲᠠᠲᠠᠮᠠᠭᠴᠠ ᠯᠠ ᠬᠠᠷ᠎ᠠ ᠪᠠᠭ᠎ᠠ ᠶ᠋ᠢᠨ ᠨᠠᠢᠵᠠ ᠪᠠᠨ ᠬᠠᠮᠢᠭ᠎ᠠ ᠡᠴᠡ ᠴᠦ᠍ ᠶᠦᠮ ᠲᠤᠰᠬᠤ ᠭᠡᠵᠦ ᠬᠠᠷ᠎ᠠ ᠮᠠᠶᠢᠭ ᠭᠠᠷᠭᠠᠨ᠂ ᠬᠠᠷ᠎ᠠ ᠠᠷᠢᠬᠢ ᠬᠠᠳᠠᠭ ᠬᠣᠶᠠᠷ ᠢ᠋ ᠡᠪᠦᠷᠯᠡᠭᠡᠳ᠂ ᠬᠠᠷ᠎ᠠ ᠥᠷᠯᠥᠭᠡᠭᠦᠷ ᠬᠠᠷ᠎ᠠ ᠮᠣᠷᠢᠨ ᠤ᠋ ᠪᠠᠨ ᠬᠠᠷ᠎ᠠ ᠬᠤᠷᠳᠤ ᠪᠠᠷ ᠨᠢ ᠳᠠᠪᠬᠢᠭᠤᠯᠤᠨ᠂ ᠬᠠᠷ᠎ᠠ ᠰᠠᠯᠬᠢ ᠲᠠᠲᠠᠭᠤᠯᠤᠭᠠᠳ ᠭᠠᠷᠤᠭᠰᠠᠨ᠃ ᠬᠠᠷ᠎ᠠ ᠪᠦᠷᠦᠢ ᠶ᠋ᠢᠨ ᠦᠶ᠎ᠡ ᠳ᠋ᠦ᠍ ᠯᠡ ᠬᠠᠷ᠎ᠠ ᠤᠰᠤ ᠪᠠᠨ ᠵᠠᠯᠭᠢᠯᠠᠭᠠᠳ ᠬᠠᠷ᠎ᠠ ᠲᠣᠯᠣᠭᠠᠢ ᠪᠠᠨ ᠴᠤ᠌ ᠮᠠᠷᠲᠠᠭᠰᠠᠨ ᠡᠷ᠎ᠡ ᠬᠠᠷ᠎ᠠ ᠨᠢᠭᠡ ᠶᠠᠭᠤᠮ᠎ᠠ᠂ ᠬᠠᠷ᠎ᠠ ᠠᠯᠬᠤᠬ᠎ᠠ ᠯᠠ ᠦᠯᠡᠳᠡᠭᠰᠡᠨ ᠬᠥᠭᠰᠢᠨ ᠮᠣᠷᠢᠨ ᠤ᠋ ᠪᠠᠨ ᠬᠠᠷ᠎ᠠ ᠬᠥᠯᠥᠰᠥ ᠶ᠋ᠢ ᠨᠢ ᠪᠠᠷᠠᠵᠤ ᠢᠷᠡᠭᠡᠳ᠂ ᠬᠠᠷ᠎ᠠ ᠨᠣᠪᠰᠢ ᠶ᠋ᠢᠨ ᠬᠠᠷ᠎ᠠ ᠳᠡᠪᠵᠢᠶᠡᠨ ᠲᠠᠲᠠᠵᠤ《ᠮᠠᠭᠤ ᠬᠠᠷ᠎ᠠ ᠰᠤᠪᠠᠢ ᠡᠮ᠎ᠡ ᠶ᠋ᠢᠨ ᠬᠠᠷ᠎ᠠ ᠲᠣᠯᠣᠭᠠᠢ ᠶ᠋ᠢ ᠨᠢ ᠬᠠᠭ᠎ᠠ ᠴᠣᠬᠢᠨ᠎ᠠ 》ᠭᠡᠳ ᠬᠠᠷ᠎ᠠ ᠪᠦᠯᠦᠭ ᠦ᠋ᠨ ᠬᠢ ᠰᠢᠭ ᠠᠭᠰᠤᠮᠨᠠᠭᠠᠳ ᠪᠠᠢᠪᠠᠯ ᠬᠠᠷ᠎ᠠ ᠬᠡᠯᠡ ᠠᠮᠠ ᠴᠤ᠌ ᠶᠠᠭᠠᠮᠠᠢ᠂ ᠬᠠᠷᠢᠨ ᠬᠠᠷ᠎ᠠ ᠳᠠᠷᠤᠭᠠᠰᠤ᠃ ᠬᠠᠶᠠ ᠪᠢ ᠪᠦᠷ ᠬᠠᠷ᠎ᠠ ᠭᠡᠷ ᠲᠦ᠍ ᠴᠦ᠍ ᠬᠢᠴᠢᠬᠡᠮᠡᠷ ᠬᠠᠷ᠎ᠠ ᠰᠠᠨᠠᠬᠤ ᠶᠤᠮ᠃ ᠠᠷᠠᠢ ᠬᠠᠷ᠎ᠠ ᠨᠢᠭᠦᠯ ᠴᠦ᠍ ᠶᠤᠮ ᠤᠤ ᠳᠧ ᠁  ᠲᠡᠭᠡᠪᠡᠯ ᠮᠠᠷᠭᠠᠰᠢ ᠪᠢ ᠬᠠᠷ᠎ᠠ ᠯᠠᠮ᠎ᠠ ᠶᠢᠨ ᠲᠠᠷᠨᠢ ᠰᠢᠭ᠋ ᠶᠠᠩᠰᠢᠬᠤ ᠴᠤ᠌ ᠦᠭᠡᠢ᠃ ᠬᠠᠷ᠎ᠠ ᠳᠠᠯᠠᠩ ᠲᠠᠢ ᠭᠣᠯᠣᠩᠬᠠᠢ ᠵᠤᠰᠠᠭ ᠰᠢᠭ᠋ ᠢ᠋ᠶ᠋ᠡᠨ ᠬᠠᠷ᠎ᠠ ᠰᠡᠳᠬᠢᠯ ᠭᠠᠷᠭᠠᠵᠤ᠂ ᠬᠠᠷ᠎ᠠ ᠱᠥᠯᠥ ᠴᠦ᠍ ᠪᠤᠴᠠᠯᠬ᠋ᠠᠯ ᠦᠭᠡᠢ ᠬᠠᠷ᠎ᠠ ᠬᠣᠣᠷᠲᠠᠢ ᠪᠠᠷ ᠰᠢᠷᠠᠳᠤᠬ᠋ᠤᠯᠵᠤ᠂ ᠪᠠᠢᠨᠠᠤ᠂ ᠸᠢᠴᠠᠲ ᠢ᠋ ᠨᠢ ᠬᠠᠷ᠎ᠠ ᠳᠠᠩᠰᠠᠨ ᠳ᠋ᠤ᠌ ᠬᠢᠭᠡᠳ᠂ ᠪᠠᠢᠳᠠᠭ ᠡᠪᠦᠯ ᠦ᠋ᠨ ᠬᠠᠷ᠎ᠠ ᠢᠳᠡᠰᠢᠨ ᠦ᠌ ᠪᠡᠨ ᠬᠠᠭᠠᠰ ᠢ᠋ ᠠᠪᠤᠭᠠᠳ᠂ ᠭᠡᠷᠡᠴᠢ ᠦᠭᠡᠢ ᠬᠠᠷ᠎ᠠ ᠲᠡᠷᠭᠡ ᠪᠡᠨ ᠮᠤᠰᠬᠢᠨ᠂ ᠬᠥᠮᠦᠨ ᠬᠠᠷ᠎ᠠ ᠡᠴᠡ ᠵᠠᠮ ᠤ᠋ᠨ ᠬᠠᠷ᠎ᠠ ᠶ᠋ᠢ ᠰᠤᠷᠠᠭᠯᠠᠵᠤ᠂ ᠬᠠᠮᠢᠭ᠎ᠠ ᠴᠤ᠌ ᠪᠣᠯᠤᠭ ᠶᠠᠪᠤᠮᠠᠷ ᠪᠠᠢᠨ᠎ᠠ᠂ ᠬᠠᠷ᠎ᠠ ᠰᠠᠪᠠᠷ ᠢ᠋ᠶ᠋ᠠᠷ ᠬᠠᠷ᠎ᠠ ᠮᠥᠩᠭᠥ ᠶ᠋ᠢ ᠪᠢᠰᠢ᠂ ᠬᠠᠷᠢᠨ ᠬᠠᠷ᠎ᠠ ᠴᠡᠭᠡᠵᠢᠨ ᠳ᠋ᠦ᠍ ᠪᠡᠨ ᠲᠦᠰᠢᠵᠦ ᠬᠠᠷ᠎ᠠ ᠮᠠᠢᠮᠠᠢ ᠴᠤ᠌ ᠬᠢᠵᠦ ᠬᠠᠷ᠎ᠠ ᠠᠮᠢ ᠪᠠᠨ ᠲᠡᠵᠢᠭᠡᠮᠡᠷ ᠪᠠᠢᠨ᠎ᠠ᠂ ᠬᠠᠷ᠎ᠠ ᠤᠬᠠᠭᠠᠨ ᠢ᠋ᠶ᠋ᠠᠷ ᠢ᠋ᠶ᠋ᠠᠨ ᠵᠢᠳᠬᠦᠵᠦ ᠬᠠᠷ᠎ᠠ ᠲᠠᠮᠠᠬᠢ ᠲᠠᠲᠠᠭᠰᠠᠨ ᠶᠤᠮᠰᠢᠭ ᠬᠣᠷᠣᠮ ᠴᠤ᠌ ᠭᠡᠰᠡᠨ ᠠᠮᠠᠷᠠᠮᠠᠷ ᠪᠠᠢᠨ᠎ᠠ᠂《ᠬᠠᠷ᠎ᠠ ᠶ᠋ᠢ ᠲᠠᠬᠢᠬᠰᠠᠨ》ᠬᠠᠷ᠎ᠠ ᠳᠠᠷᠤᠭᠰᠠᠨ ᠠᠮᠢᠳᠤᠷᠠᠯ ᠡᠴᠡ ᠬᠠᠷ᠎ᠠ ᠠᠯᠪᠠ ᠪᠠᠷ ᠥᠪᠡᠷ ᠢ᠋ ᠪᠡᠨ ᠰᠡᠷᠢᠭᠡᠮᠡᠷ ᠪᠠᠢᠨ᠎ᠠ ! ᠠᠷᠤ ᠡᠴᠡ ᠮᠢᠨᠢ ᠬᠠᠷ᠎ᠠ ᠶᠠᠷᠢᠶ᠎ᠠ ᠯᠠ ᠱᠤᠤᠭᠢᠬᠤ ᠪᠠᠢᠬᠤ ᠳᠠ ᠁