ᠵᠣᠴᠢᠳ ᠲᠠᠢ ᠬᠠᠷᠢᠴᠠᠬᠤ ᠤᠬᠠᠭᠠᠨ Зочидтой харьцах ухаан-хоньчин Zochidtoi kharitsakh ukhaan-khonichin ᠠᠵᠤ ᠠᠬᠤᠢ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠣᠴᠢᠳ ᠲᠠᠢ ᠬᠠᠷᠢᠴᠠᠬᠤ ᠤᠬᠠᠭᠠᠨ Зочидтой харьцах ухаан-хоньчин Zochidtoi kharitsakh ukhaan-khonichin

ᠵᠣᠴᠢᠳ ᠲᠠᠢ ᠬᠠᠷᠢᠴᠠᠬᠤ ᠤᠬᠠᠭᠠᠨ Зочидтой харьцах ухаан-хоньчин Zochidtoi kharitsakh ukhaan-khonichin

ᠠᠩᠭᠢᠯᠠᠯ:ᠠᠵᠤ ᠠᠬᠤᠢ
2025-08-28

205

    ᠳ᠋ᠣᠺᠲ᠋ᠣᠷ ᠬᠣᠨᠢᠴᠢᠨ ᠦᠯᠵᠡᠢᠰᠦ᠋ᠷᠥᠩ 

ᠡᠵᠡᠩᠨᠡᠯᠲᠡ ᠶ᠋ᠢᠨ ᠤᠬᠠᠭᠠᠨ ᠤ᠋ ᠳᠥᠷᠪᠡᠨ ᠭᠣᠣᠯ ᠪᠦᠷᠢᠯᠳᠦᠬᠦᠨ ᠪᠣᠯ ᠲᠠᠸᠠᠷ᠂ ᠦᠨ᠎ᠡ ᠬᠠᠩᠰᠢ᠂ ᠵᠠᠷ ᠰᠤᠷᠲᠠᠯᠴᠢᠯᠠᠭ᠎ᠠ᠂ ᠭᠦᠢᠯᠭᠡᠭᠡᠨ ᠪᠣᠯᠬᠤ ᠶᠤᠮ᠃ ᠡᠨᠡ ᠳᠥᠷᠪᠡᠨ ᠵᠦᠢᠯ ᠨᠡᠢᠯᠡᠵᠦ ᠪᠠᠢᠵᠤ ᠨᠢᠭᠡᠨ ᠪᠦᠷᠢᠨ ᠪᠦᠲᠦᠨ ᠡᠵᠡᠩᠨᠡᠯᠲᠡ ᠶ᠋ᠢᠨ ᠶᠠᠪᠤᠴᠠ ᠪᠣᠯᠳᠠᠭ᠃ ᠡᠢᠮᠦ  ᠡᠴᠡ ᠡᠨᠡ ᠳᠥᠷᠪᠡᠨ ᠵᠦᠢᠯ ᠢ᠋ ᠥᠪᠡᠷ ᠦ᠋ᠨ ᠪᠣᠳᠠᠲᠠᠢ ᠠᠵᠢᠯ ᠦᠢᠯᠡᠰ᠂ ᠠᠮᠢᠳᠤᠷᠠᠯ ᠲᠠᠢ ᠤᠶᠠᠯᠳᠤᠭᠤᠯᠵᠤ ᠰᠤᠷᠬᠤ ᠨᠢ ᠮᠠᠨ ᠤ᠋ ᠬᠣᠢᠰᠢᠳᠠ ᠶ᠋ᠢᠨ ᠬᠥᠭᠵᠢᠯᠲᠡ ᠳ᠋ᠦ᠍ ᠶᠡᠬᠡᠬᠡᠨ ᠠᠴᠢ ᠬᠣᠯᠪᠣᠭᠳᠠᠯ ᠲᠠᠢ᠃ ᠡᠬᠢᠯᠡᠭᠡᠳ ᠪᠢᠳᠡ ᠲᠠᠸᠠᠷ ᠤ᠋ᠨ ᠲᠤᠬᠠᠢ ᠣᠢᠯᠭᠠᠶ᠎ᠠ᠃ 
ᠪᠢᠳᠡ ᠲᠠᠸᠠᠷ ᠭᠡᠬᠦ ᠪᠡᠷ ᠬᠤᠳᠠᠯᠳᠤᠬᠤ ᠪᠠᠷ ᠪᠠᠢᠭ᠎ᠠ ᠲᠠᠸᠠᠷ ᠢ᠋  ᠬᠡᠯᠡᠳᠡᠭ ᠭᠡᠮᠡᠨ ᠣᠢᠯᠭᠠᠳᠠᠭ᠃ ᠡᠵᠡᠩᠨᠡᠯᠲᠡ ᠳᠡᠭᠡᠷ᠎ᠡ ᠲᠠᠸᠠᠷ ᠭᠡᠳᠡᠭ ᠪᠣᠯ ᠬᠤᠳᠠᠯᠳᠤᠬᠤ ᠭᠡᠵᠦ ᠪᠠᠢᠭ᠎ᠠ ᠲᠠᠸᠠᠷ ᠤ᠋ᠨ ᠲᠤᠰ ᠪᠡᠶ᠎ᠡ  ᠡᠴᠡ ᠭᠠᠳᠠᠨ᠎ᠠ ᠲᠡᠭᠦᠨ ᠦ᠌ ᠨᠡᠷ᠎ᠡ᠂ ᠣᠨᠴᠠᠯᠢᠭ᠂ ᠪᠠᠭᠯᠠᠭ᠎ᠠ ᠪᠣᠭᠣᠯᠲᠠ᠂ ᠵᠢᠷᠤᠭ ᠲᠥᠰᠥᠪ᠂ ᠶᠡᠬᠡ ᠪᠠᠭ᠎ᠠ᠂ ᠲᠥᠷᠥᠯ ᠵᠦᠢᠯ ᠬᠣᠢᠨᠠᠬᠢ ᠦᠢᠯᠡᠴᠢᠯᠡᠭᠡ ᠶ᠋ᠢ ᠪᠠᠭᠲᠠᠭᠠᠭᠰᠠᠨ ᠪᠦᠬᠦ ᠶᠠᠪᠤᠴᠠ ᠶ᠋ᠢ ᠵᠢᠭᠠᠵᠤ ᠪᠠᠢᠨ᠎ᠠ᠃ ᠬᠡᠷᠪᠡ ᠲᠠᠸᠠᠷ ᠤ᠋ᠨ ᠡᠳᠡᠭᠡᠷ ᠰᠢᠨᠵᠢ ᠶ᠋ᠢ ᠬᠤᠷᠢᠶᠠᠩᠭᠤᠢᠯᠠᠪᠠᠯ ᠶᠡᠷᠦᠩᠬᠡᠢ ᠳ᠋ᠡᠭᠡᠨ ᠭᠤᠷᠪᠠᠨ ᠳᠡᠰ ᠳᠠᠪᠬᠤᠷᠭ᠎ᠠ ᠪᠣᠯᠭᠠᠨ ᠬᠤᠪᠢᠶᠠᠵᠤ ᠪᠣᠯᠤᠨ᠎ᠠ᠃ 
ᠨᠢᠭᠡ ᠂ ᠲᠠᠸᠠᠷ ᠤ᠋ᠨ ᠴᠥᠮ᠎ᠡ ᠪᠣᠯᠬᠤ ᠥᠷᠲᠡᠭ 
ᠲᠠᠸᠠᠷ ᠪᠣᠯᠭᠠᠨ ᠥᠪᠡᠷ ᠦ᠋ᠨ ᠭᠡᠰᠡᠨ ᠦᠢᠯᠡᠳᠦᠯ ᠬᠡᠷᠡᠭᠴᠡᠭᠡ᠂ ᠣᠨᠴᠠᠯᠢᠭ ᠰᠢᠨᠵᠢ ᠲᠡᠢ ᠪᠠᠢᠳᠠᠭ᠃ ᠳᠠᠷᠤᠢ ᠥᠪᠡᠷ ᠥᠪᠡᠷ ᠬᠡᠷᠡᠭᠯᠡᠭᠴᠢᠳ ᠲᠦ᠍ ᠬᠠᠩᠭᠠᠬᠤ ᠥᠷᠲᠡᠭ ᠦ᠋ᠨ ᠬᠡᠮᠵᠢᠶ᠎ᠡ ᠪᠠᠢᠳᠠᠭ᠃ ᠡᠨᠡ ᠪᠣᠯ ᠲᠤᠰ ᠲᠠᠸᠠᠷ ᠤ᠋ᠨ ᠴᠥᠮ᠎ᠡ ᠪᠣᠯᠤᠨ᠎ᠠ᠃ ᠵᠠᠬ᠎ᠠ ᠳᠡᠯᠭᠡᠭᠦᠷ ᠳᠡᠭᠡᠷ᠎ᠡ ᠠᠳᠠᠯᠢ ᠲᠥᠰᠦᠭᠡᠲᠡᠢ ᠲᠠᠸᠠᠷ ᠵᠥᠩᠳᠡᠭᠡᠨ ᠴᠦ᠍ ᠬᠥᠮᠦᠰ ᠬᠡᠷᠡᠭᠯᠡᠬᠦ ᠳ᠋ᠡᠭᠡᠨ ᠥᠪᠡᠷ ᠥᠪᠡᠷ ᠦ᠋ᠨ ᠢ᠋ᠶ᠋ᠡᠨ ᠬᠡᠷᠡᠭᠴᠡᠭᠡᠨ ᠳ᠋ᠦ᠍ ᠲᠣᠬᠢᠷᠠᠭᠤᠯᠤᠨ ᠠᠳᠠᠯᠢ ᠪᠤᠰᠤ ᠶ᠋ᠢ ᠰᠣᠩᠭᠣᠳᠠᠭ᠃ ᠡᠨᠡ ᠴᠦ᠍ ᠲᠡᠳᠡᠨ ᠦ᠌ ᠥᠪᠡᠷ ᠥᠪᠡᠷ ᠦ᠋ᠨ ᠥᠷᠲᠡᠭ ᠨᠢ ᠠᠳᠠᠯᠢ ᠪᠤᠰᠤ ᠠ᠋ᠴᠠ ᠪᠣᠯᠤᠭᠰᠠᠨ ᠶᠤᠮ᠃ ᠲᠡᠷᠡ ᠮᠥᠷᠲᠡᠭᠡᠨ ᠲᠠᠸᠠᠷ ᠤ᠋ᠨ ᠡᠨᠡᠬᠦ ᠴᠥᠮ᠎ᠡ ᠪᠣᠯᠬᠤ ᠥᠷᠲᠡᠭ ᠨᠢ ᠬᠤᠪᠢᠷᠠᠳᠠᠭ ᠦᠭᠡᠢ᠂ ᠥᠪᠡᠷ ᠦ᠋ᠨ ᠭᠡᠰᠡᠨ ᠬᠡᠷᠡᠭᠯᠡᠭᠴᠢᠳ ᠲᠦ᠍ ᠬᠠᠨᠳᠤᠭᠤᠯᠤᠨ ᠪᠠᠢᠳᠠᠭ᠃ ᠲᠡᠢᠮᠦ ᠡᠴᠡ ᠬᠡᠷᠪᠡ ᠡᠨᠡᠬᠦ ᠲᠠᠸᠠᠷ ᠤ᠋ᠨ ᠴᠥᠮ᠎ᠡ ᠪᠣᠯᠬᠤ ᠥᠷᠲᠡᠭ ᠨᠢ ᠬᠤᠪᠢᠷᠠᠪᠠᠯ ᠲᠡᠷᠡ ᠨᠢ ᠥᠭᠡᠷ᠎ᠡ ᠲᠥᠷᠥᠯ ᠦ᠋ᠨ ᠲᠠᠸᠠᠷ ᠪᠣᠯᠤᠨ ᠬᠤᠪᠢᠷᠠᠵᠤ᠂ ᠬᠡᠷᠡᠭᠯᠡᠭᠴᠢᠳ ᠦ᠋ᠨ ᠤᠤᠯ ᠤ᠋ᠨ ᠬᠡᠷᠡᠭᠴᠡᠭᠡᠨ ᠳ᠋ᠦ᠍ ᠨᠡᠢᠴᠡᠬᠦ ᠦᠭᠡᠢ ᠪᠣᠯᠬᠤ ᠶᠤᠮ᠃ ᠲᠡᠢᠮᠦ ᠡᠴᠡ ᠲᠠᠸᠠᠷ ᠤ᠋ᠨ ᠴᠥᠮ᠎ᠡ ᠪᠣᠯᠬᠤ ᠥᠷᠲᠡᠭ ᠪᠣᠯ ᠲᠠᠸᠠᠷ ᠤ᠋ᠨ ᠪᠤᠰᠤᠳ ᠲᠠᠸᠠᠷ ᠠ᠋ᠴᠠ ᠢᠯᠭᠠᠷᠠᠬᠤ ᠦᠨᠳᠦᠰᠦᠨ ᠣᠨᠴᠠᠯᠢᠭ ᠰᠢᠨᠵᠢ ᠪᠣᠯᠤᠨ᠎ᠠ ᠃ 
ᠬᠣᠶᠠᠷ ᠂ ᠲᠠᠸᠠᠷ ᠤ᠋ᠨ ᠳᠦᠷᠰᠦ ᠪᠠᠢᠳᠠᠯ 
ᠲᠠᠸᠠᠷ ᠤ᠋ᠨ ᠭᠠᠳᠠᠷ ᠳᠦᠷᠰᠦ ᠪᠠᠢᠳᠠᠯ ᠪᠣᠯ ᠲᠠᠸᠠᠷ ᠤ᠋ᠨ ᠬᠡᠷᠡᠭᠯᠡᠭᠴᠢᠳ ᠲᠦ᠍ ᠣᠯᠭᠣᠬᠤ ᠰᠢᠭᠤᠳ ᠲᠤᠰᠬᠠᠯ ᠪᠠᠢᠳᠠᠭ ᠠ᠋ᠴᠠ᠂ ᠲᠠᠸᠠᠷ ᠤ᠋ᠨ ᠭᠠᠳᠠᠷ ᠳᠦᠷᠰᠦ ᠪᠠᠢᠳᠠᠯ ᠢ᠋ᠶ᠋ᠠᠷ ᠳᠠᠮᠵᠢᠭᠤᠯᠤᠨ ᠥᠪᠡᠷ  ᠦ᠋ᠨ ᠪᠦᠲᠦᠭᠡᠭᠳᠡᠬᠦᠨ ᠢ᠋ᠶ᠋ᠡᠨ ᠬᠡᠷᠡᠭᠯᠡᠭᠴᠢᠳ ᠲᠦ᠍ ᠵᠥᠪ ᠣᠢᠯᠠᠭᠠᠭᠤᠯᠬᠤ ᠨᠢ ᠮᠠᠰᠢ ᠴᠢᠬᠤᠯᠠ᠃ ᠬᠡᠷᠡᠭᠯᠡᠭᠴᠢ᠂ ᠲᠠᠸᠠᠷ  ᠤ᠋ᠨ ᠭᠠᠳᠠᠷ ᠳᠦᠷᠰᠦ ᠪᠠᠢᠳᠠᠯ᠂ ᠨᠡᠷ᠎ᠡ᠂ ᠪᠠᠭᠯᠠᠭ᠎ᠠ ᠪᠣᠭᠣᠯᠲᠠ᠂ ᠶᠡᠬᠡ ᠪᠠᠭ᠎ᠠ ᠵᠡᠷᠭᠡ ᠣᠨᠴᠠᠯᠢᠭ ᠠ᠋ᠴᠠ ᠨᠢ ᠡᠬᠢᠯᠡᠨ ᠲᠠᠨᠢᠵᠤ ᠣᠢᠯᠭᠠᠳᠠᠭ᠃ ᠲᠡᠢᠮᠦ ᠡᠴᠡ ᠲᠠᠸᠠᠷ ᠤ᠋ᠨ ᠥᠪᠡᠷ ᠦ᠋ᠨ ᠭᠡᠰᠡᠨ ᠴᠢᠨᠠᠷ᠂ ᠣᠨᠴᠠᠯᠢᠭ ᠰᠢᠨᠵᠢ ᠪᠡᠷ ᠢ᠋ᠶ᠋ᠡᠨ ᠪᠤᠰᠤᠳ ᠠ᠋ᠴᠠ ᠢᠯᠭᠠᠷᠠᠳᠠᠭ ᠰᠢᠭ᠋ ᠲᠠᠸᠠᠷ ᠤ᠋ᠨ ᠳᠦᠷᠰᠦ ᠪᠠᠢᠳᠠᠯ ᠢ᠋ᠶ᠋ᠠᠷ ᠢ᠋ᠶ᠋ᠠᠨ ᠪᠤᠰᠤᠳ ᠠ᠋ᠴᠠ ᠢᠯᠭᠠᠷᠠᠵᠤ᠂ ᠬᠥᠮᠦᠰ ᠲᠦ᠍ ᠥᠪᠡᠷ ᠢ᠋ ᠪᠡᠨ ᠲᠠᠨᠢᠭᠤᠯᠬᠤ ᠬᠡᠷᠡᠭᠲᠡᠢ᠃ ᠲᠡᠷᠡ ᠮᠥᠷᠲᠡᠭᠡᠨ ᠭᠠᠳᠠᠷ ᠳᠦᠷᠰᠦ ᠪᠠᠢᠳᠠᠯ ᠤ᠋ᠨ ᠨᠡᠷ᠎ᠡ ᠪᠠᠭᠯᠠᠭ᠎ᠠ ᠪᠣᠭᠣᠳᠠᠯ᠂ ᠵᠢᠷᠤᠭ ᠳᠦᠷᠰᠦ ᠵᠡᠷᠭᠡ ᠲᠠᠯ᠎ᠠ ᠪᠠᠷ ᠥᠪᠡᠷ  ᠦ᠋ᠨ ᠲᠠᠸᠠᠷ ᠤ᠋ᠨ ᠴᠥᠮ᠎ᠡ ᠶ᠋ᠢᠨ ᠣᠨᠴᠠᠯᠢᠭ ᠢ᠋ᠶ᠋ᠠᠨ ᠢᠯᠡᠷᠡᠭᠦᠯᠬᠦ ᠨᠢ ᠥᠪᠡᠷ ᠦ᠋ᠨ ᠲᠠᠸᠠᠷ ᠢ᠋ᠶ᠋ᠠᠨ ᠬᠡᠷᠡᠭᠯᠡᠭᠴᠢ ᠳ᠋ᠦ᠍ ᠤᠯᠠᠮ ᠭᠦᠨ ᠲᠠᠨᠢᠭᠤᠯᠬᠤ  ᠶ᠋ᠢᠨ ᠡᠬᠢ ᠪᠣᠯᠳᠠᠭ᠃ 
ᠭᠤᠷᠪᠠ ᠂ ᠲᠠᠸᠠᠷ ᠤ᠋ᠨ ᠳᠠᠭᠠᠯᠲᠠ ᠦᠢᠯᠡᠳᠦᠯ 
ᠲᠠᠸᠠᠷ ᠤ᠋ᠨ ᠭᠣᠣᠯ ᠦᠢᠯᠡᠳᠦᠯ ᠬᠡᠷᠡᠭᠴᠡᠭᠡ ᠪᠣᠯ ᠶᠠᠭᠠᠬᠢᠬᠤ ᠠᠷᠭ᠎ᠠ ᠦᠭᠡᠢ ᠲᠠᠸᠠᠷ ᠤ᠋ᠨ ᠭᠣᠣᠯ ᠴᠥᠮ᠎ᠡ ᠪᠣᠯᠬᠤ ᠥᠷᠲᠡᠭ ᠢ᠋ᠶ᠋ᠡᠷ ᠳᠠᠮᠵᠢᠭᠤᠯᠤᠨ ᠬᠡᠷᠡᠭᠯᠡᠭᠴᠢᠳ ᠦ᠋ᠨ ᠬᠡᠷᠡᠭᠴᠡᠭᠡ ᠱᠠᠭᠠᠷᠳᠠᠯᠭ᠎ᠠ ᠶ᠋ᠢ ᠬᠠᠩᠭᠠᠬᠤ ᠶᠠᠪᠤᠳᠠᠯ ᠪᠣᠯᠤᠨ᠎ᠠ᠃ ᠭᠡᠲᠡᠯ᠎ᠡ ᠪᠣᠳᠠᠲᠤ ᠠᠮᠢᠳᠤᠷᠠᠯ ᠳᠡᠭᠡᠷ᠎ᠡ ᠲᠠᠸᠠᠷ ᠤ᠋ᠨ ᠬᠡᠷᠡᠭᠯᠡᠭᠴᠢᠳ ᠲᠦ᠍ ᠬᠦᠷᠲᠡᠭᠡᠬᠦ ᠦᠢᠯᠡᠳᠦᠯ ᠬᠡᠷᠡᠭᠴᠡᠭᠡ ᠡᠭᠦᠨ ᠢ᠋ᠶ᠋ᠡᠷ ᠵᠣᠭᠰᠣᠳᠠᠭ ᠦᠭᠡᠢ᠂ ᠨᠡᠢᠭᠡᠮ ᠳᠡᠭᠡᠷ᠎ᠡ ᠮᠠᠰᠢ ᠣᠯᠠᠨ ᠳᠠᠭᠠᠯᠲᠠ ᠦᠢᠯᠡᠳᠦᠯ ᠢ᠋ ᠪᠣᠢ ᠪᠣᠯᠭᠠᠳᠠᠭ᠃  
ᠵᠢᠱ᠌ᠢᠶ᠎ᠡ ᠨᠢ ᠨᠢᠭᠡ ᠵᠠᠬ᠎ᠠ ᠭᠣᠶᠣ ᠬᠤᠪᠴᠠᠰᠤ ᠲᠡᠷᠡ ᠬᠥᠮᠦᠨ ᠦ᠌ ᠬᠤᠪᠴᠠᠰᠤᠯᠠᠬᠤ ᠬᠡᠷᠡᠭᠴᠡᠭᠡ ᠶ᠋ᠢ ᠬᠠᠩᠭᠠᠭᠠᠳ ᠵᠣᠭᠰᠣᠬᠤ ᠦᠭᠡᠢ᠂ ᠲᠡᠭᠦᠨ ᠢ᠋ ᠪᠤᠰᠤᠳ ᠠ᠋ᠴᠠ ᠢᠯᠭᠠᠷᠠᠭᠤᠯᠵᠤ᠂ ᠲᠡᠭᠦᠨ ᠳ᠋ᠦ᠍ ᠪᠠᠶᠠᠷ ᠪᠠᠬᠠᠳᠤᠯ᠂ ᠤᠷᠮ᠎ᠠ ᠵᠣᠷᠢᠭ ᠥᠭᠬᠦ ᠡᠴᠡ ᠭᠠᠳᠠᠨ᠎ᠠ ᠲᠡᠷᠡ ᠬᠥᠮᠦᠨ ᠳ᠋ᠦ᠍ ᠮᠠᠰᠢ ᠶᠡᠬᠡ ᠥᠪᠡᠷ ᠲᠡᠭᠡᠨ ᠢᠲᠡᠭᠡᠬᠦ ᠢᠲᠡᠭᠡᠯ ᠣᠯᠭᠣᠳᠠᠭ᠃ ᠡᠭᠦᠨ ᠢ᠋ᠶ᠋ᠡᠷ ᠴᠦ᠍ ᠵᠣᠭᠰᠣᠬᠤ ᠦᠭᠡᠢ ᠨᠢᠭᠡ ᠰᠠᠢᠨ ᠲᠠᠸᠠᠷ ᠨᠢ ᠭᠠᠵᠠᠷ ᠣᠷᠣᠨ ᠤ᠋ ᠣᠨᠴᠠᠯᠢᠭ ᠢ᠋ ᠬᠠᠷᠠᠭᠤᠯᠵᠤ᠂ ᠨᠡᠷ᠎ᠡ ᠬᠦᠨᠳᠦ ᠶ᠋ᠢ ᠨᠡᠮᠡᠭᠳᠡᠭᠦᠯᠦᠨ᠂ ᠪᠤᠰᠤᠳ ᠲᠤ᠌ ᠲᠠᠨᠢᠭᠤᠯᠬᠤ ᠦᠢᠯᠡᠳᠦᠯ ᠲᠡᠢ᠃ ᠡᠰᠡᠷᠭᠦ ᠪᠡᠷ ᠪᠣᠯ ᠨᠡᠢᠭᠡᠮ ᠨᠡᠢᠲᠡ ᠳ᠋ᠦ᠍ ᠮᠠᠭᠤ ᠨᠥᠯᠥᠭᠡ ᠦᠵᠡᠭᠦᠯᠵᠦ᠂ ᠥᠪᠡᠷ ᠦ᠋ᠨ ᠲᠠᠸᠠᠷ ᠪᠦᠲᠦᠭᠡᠭᠳᠡᠬᠦᠨ ᠦ᠌ ᠨᠡᠷ᠎ᠡ ᠬᠦᠨᠳᠦ ᠶ᠋ᠢ ᠤᠯᠠᠮ ᠤᠨᠠᠭᠠᠳᠠᠭ ᠭᠡᠳᠡᠭ ᠢ᠋ ᠪᠠᠰᠠ ᠰᠠᠨᠠᠬᠤ ᠬᠡᠷᠡᠭᠲᠡᠢ᠃ 
ᠬᠡᠷᠡᠭᠯᠡᠭᠴᠢᠳ ᠦ᠋ᠨ ᠲᠦᠪᠰᠢᠨ᠂ ᠰᠣᠨᠢᠷᠬᠠᠯ᠂ ᠬᠡᠷᠡᠭᠴᠡᠭᠡ ᠱᠠᠭᠠᠷᠳᠠᠯᠭ᠎ᠠ ᠠ᠋ᠴᠠ ᠪᠣᠯᠤᠭᠠᠳ ᠲᠠᠸᠠᠷ ᠤ᠋ᠨ ᠰᠣᠩᠭᠣᠯᠲᠠ ᠥᠭᠡᠷ᠎ᠡ ᠥᠭᠡᠷ᠎ᠡ ᠪᠠᠢᠳᠠᠭ᠃ ᠡᠨᠡ ᠪᠠᠢᠳᠠᠯ ᠳ᠋ᠤ᠌ ᠵᠣᠬᠢᠴᠠᠭᠤᠯᠬᠤ  ᠶ᠋ᠢᠨ ᠲᠥᠯᠥᠭᠡ ᠲᠠᠸᠠᠷ ᠢ᠋ ᠪᠡᠨ ᠳᠣᠲᠣᠷ᠎ᠠ ᠨᠢ ᠶᠡᠷᠦᠩᠬᠡᠢ ᠳ᠋ᠤ᠌ ᠪᠡᠨ ᠦᠨᠡᠲᠡᠢ ᠲᠠᠸᠠᠷ᠂ ᠬᠢᠮᠳᠠ ᠲᠠᠸᠠᠷ᠂ ᠪᠡᠯᠡᠭᠯᠡᠬᠦ ᠲᠠᠸᠠᠷ ᠭᠡᠮᠡᠨ ᠭᠤᠷᠪᠠᠨ ᠲᠥᠷᠥᠯ ᠬᠤᠪᠢᠶᠠᠳᠠᠭ᠃ ᠬᠢᠮᠳᠠ ᠲᠠᠸᠠᠷ ᠭᠡᠳᠡᠭ ᠪᠣᠯ ᠮᠠᠨᠤᠰ  ᠤ᠋ᠨ ᠶᠡᠷᠦᠳᠡ ᠶ᠋ᠢᠨ ᠬᠡᠷᠡᠭᠯᠡᠳᠡᠭ᠂ ᠣᠯᠠᠩᠬᠢ ᠲᠣᠭᠠᠨ ᠤ᠋ ᠬᠡᠷᠡᠭᠯᠡᠭᠴᠢ  ᠶ᠋ᠢᠨ ᠬᠡᠷᠡᠭᠴᠡᠭᠡ ᠱᠠᠭᠠᠷᠳᠠᠯᠭ᠎ᠠ ᠶ᠋ᠢ ᠬᠠᠩᠭᠠᠭᠰᠠᠨ ᠲᠠᠸᠠᠷ ᠪᠣᠯᠤᠨ᠎ᠠ ᠃ ᠦᠨᠡᠲᠡᠢ ᠲᠠᠸᠠᠷ ᠭᠡᠳᠡᠭ ᠪᠣᠯ ᠵᠠᠷᠢᠮ ᠨᠢᠭᠡ ᠥᠨᠳᠥᠷ ᠵᠡᠷᠭᠡᠯᠡᠯ ᠦ᠋ᠨ ᠱᠠᠭᠠᠷᠳᠠᠯᠭ᠎ᠠ ᠳ᠋ᠤ᠌ ᠵᠣᠷᠢᠭᠤᠯᠤᠭᠰᠠᠨ ᠪᠦᠲᠦᠭᠡᠭᠳᠡᠬᠦᠨ ᠪᠣᠯᠤᠨ᠎ᠠ᠃ ᠬᠠᠷᠢᠨ ᠪᠡᠯᠡᠭᠯᠡᠬᠦ ᠲᠠᠸᠠᠷ ᠭᠡᠳᠡᠭ ᠪᠣᠯ ᠬᠥᠮᠦᠰ ᠲᠤ᠌ ᠥᠪᠡᠷ ᠢ᠋ ᠪᠡᠨ ᠲᠠᠨᠢᠭᠤᠯᠬᠤ᠂ ᠬᠦᠩᠬᠡᠯᠲᠡ ᠦᠵᠡᠭᠦᠯᠬᠦ ᠵᠣᠷᠢᠯᠭ᠎ᠠ  ᠠ᠋ᠴᠠ ᠭᠠᠷᠭᠠᠭᠰᠠᠨ ᠠᠳᠠᠯᠢᠬᠠᠨ ᠴᠢᠨᠠᠷ ᠤ᠋ᠨ ᠲᠠᠸᠠᠷ ᠪᠣᠯᠤᠨ᠎ᠠ᠃ ᠲᠡᠢᠮᠦ ᠡᠴᠡ ᠡᠳᠡᠭᠡᠷ ᠪᠣᠯ ᠬᠠᠷᠢᠴᠠᠩᠭᠤᠢ ᠣᠢᠯᠭᠠᠯᠲᠠ ᠪᠣᠯᠬᠤ ᠠ᠋ᠴᠠ ᠰᠢᠨᠵᠢ ᠴᠢᠨᠠᠷ᠂ ᠦᠢᠯᠡᠳᠦᠯ ᠬᠡᠷᠡᠭᠴᠡᠭᠡᠨ ᠦ᠌ ᠬᠤᠪᠢ ᠳ᠋ᠤ᠌ ᠶᠠᠮᠠᠷ ᠨᠢᠭᠡ ᠣᠨᠴᠠᠭᠠᠢ ᠵᠥᠷᠢᠶ᠎ᠡ ᠪᠠᠢᠬᠤ ᠦᠭᠡᠢ ᠶᠣᠮ᠃ 
ᠡᠵᠡᠩᠨᠡᠯᠲᠡ ᠶ᠋ᠢᠨ ᠭᠣᠣᠯ ᠵᠠᠭᠤᠴᠢᠯᠠᠭᠴᠢ ᠪᠣᠯᠬᠤ ᠲᠠᠸᠠᠷ ᠢ᠋ᠶ᠋ᠠᠷ ᠳᠠᠮᠵᠢᠨ ᠪᠢᠳᠡ ᠵᠣᠴᠢᠨ ᠲᠠᠢ ᠪᠠᠨ ᠬᠠᠷᠢᠴᠠᠳᠠᠭ᠃ ᠲᠡᠢᠮᠦ ᠎ᠡᠴᠡ ᠵᠣᠴᠢᠨ ᠲᠠᠢ ᠪᠠᠨ ᠵᠥᠪ ᠬᠠᠷᠢᠴᠠᠬᠤ ᠳ᠋ᠤ᠌ ᠡᠬᠢᠯᠡᠭᠡᠳ ᠥᠪᠡᠷ  ᠦ᠋ᠨ ᠲᠠᠸᠠᠷ ᠢ᠋ᠶ᠋ᠠᠨ ᠰᠠᠢᠨ ᠰᠤᠳᠤᠯᠵᠤ᠂ ᠵᠣᠴᠢᠳ ᠤ᠋ᠨ ᠬᠡᠷᠡᠭᠴᠡᠭᠡ ᠱᠠᠭᠠᠷᠳᠠᠯᠭ᠎ᠠ ᠳ᠋ᠤ᠌ ᠨᠡᠢᠴᠡᠭᠦᠯᠦᠨ ᠬᠢᠬᠦ ᠪᠣᠯ ᠥᠪᠡᠷ ᠦ᠋ᠨ ᠭᠡᠰᠡᠨ ᠵᠣᠴᠢᠳ ᠲᠠᠢ ᠪᠣᠯᠵᠤ᠂ ᠵᠠᠬ᠎ᠠ ᠳᠡᠯᠭᠡᠭᠦᠷ ᠳᠡᠭᠡᠷ᠎ᠡ ᠣᠷᠣᠨ ᠪᠠᠢᠷᠢ ᠪᠠᠨ ᠡᠵᠡᠯᠡᠬᠦ ᠶ᠋ᠢᠨ ᠡᠬᠢᠨ ᠦ᠌ ᠱᠠᠲᠤ ᠦᠶ᠎ᠡ ᠪᠣᠯᠤᠨ᠎ᠠ᠃

   ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ