ᠵᠣᠴᠢᠳ ᠡᠭᠦᠳᠬᠦ 4-ᠬᠣᠨᠢᠴᠢᠨ ᠦᠯᠵᠡᠢᠰᠦ᠋ᠷᠥᠩ
ᠳ᠋ᠣᠺᠲ᠋ᠣᠷ ᠬᠣᠨᠢᠴᠢᠨ ᠦᠯᠵᠡᠢᠰᠦ᠋ᠷᠥᠩ
ᠲᠠᠸᠠᠷ ᠢ᠋ ᠬᠥᠮᠦᠰ ᠬᠤᠳᠠᠯᠳᠤᠬᠤ ᠶ᠋ᠢᠨ ᠲᠥᠯᠥᠭᠡ ᠦᠢᠯᠡᠳᠪᠦᠷᠢᠯᠡᠭᠰᠡᠨ ᠭᠡᠮᠡᠨ ᠣᠢᠯᠭᠠᠳᠠᠭ᠃ ᠡᠨᠡ ᠪᠣᠯ ᠪᠤᠷᠤᠭᠤ ᠶᠤᠮ᠃ ᠲᠠᠸᠠᠷ ᠤ᠋ᠨ ᠦᠨᠡᠨᠬᠦ ᠬᠡᠷᠡᠭᠴᠡᠭᠡ ᠨᠢ ᠬᠥᠮᠦᠰ ᠦ᠋ᠨ ᠶᠠᠮᠠᠷ ᠨᠢᠭᠡᠨ ᠬᠡᠷᠡᠭᠴᠡᠭᠡ ᠶ᠋ᠢ ᠬᠠᠩᠭᠠᠬᠤ ᠶ᠋ᠢᠨ ᠲᠥᠯᠥᠭᠡ ᠪᠠᠢᠳᠠᠭ᠃ ᠭᠡᠪᠡᠴᠦ ᠡᠨᠡ ᠨᠢ ᠵᠠᠪᠠᠯ ᠬᠤᠳᠠᠯᠳᠤᠬᠤ ᠶᠠᠪᠤᠴᠠ ᠪᠠᠷ ᠳᠠᠮᠵᠢᠨ ᠪᠡᠶᠡᠯᠡᠳᠡᠭ᠃ ᠳᠠᠷᠤᠢ ᠪᠢᠳᠡᠨ ᠦ᠌ ᠲᠠᠸᠠᠷ ᠢ᠋ ᠬᠤᠳᠠᠯᠳᠤᠨ ᠠᠪᠤᠭᠰᠠᠨ ᠵᠣᠴᠢᠨ ᠪᠠᠢᠬᠤ ᠬᠡᠷᠡᠭᠲᠡᠢ᠃ ᠲᠡᠭᠡᠪᠡᠯ ᠪᠢᠳᠡᠨ ᠦ᠌ ᠲᠠᠸᠠᠷ ᠢ᠋ ᠠᠩᠬ᠎ᠠ ᠬᠤᠳᠠᠯᠳᠤᠵᠤ ᠠᠪᠴᠤ ᠪᠠᠢᠭ᠎ᠠ ᠬᠥᠮᠦᠨ ᠢ᠋ ᠰᠢᠨ᠎ᠡ ᠵᠣᠴᠢᠨ ᠭᠡᠨ᠎ᠡ᠃ ᠪᠢᠳᠡ ᠪᠠᠢᠩᠭᠤ ᠡᠢᠮᠦᠷᠬᠦ ᠰᠢᠨ᠎ᠡ ᠵᠣᠴᠢᠨ ᠲᠠᠢ ᠪᠠᠢᠵᠤ᠂ ᠮᠠᠨ ᠤ᠋ ᠲᠠᠸᠠᠷ ᠰᠢᠨ᠎ᠡ ᠵᠠᠬ᠎ᠠ ᠵᠡᠭᠡᠯᠢ ᠲᠡᠢ ᠪᠣᠯᠵᠤ ᠲᠠᠰᠤᠷᠠᠯᠲᠠ ᠦᠭᠡᠢ ᠬᠥᠭᠵᠢᠵᠦ ᠴᠢᠳᠠᠨ᠎ᠠ᠃ ᠲᠡᠢᠮᠦ ᠡᠴᠡ ᠰᠢᠨ᠎ᠡ ᠵᠣᠴᠢᠨ ᠣᠯᠬᠤ ᠪᠣᠯ ᠲᠠᠸᠠᠷ ᠢ᠋ᠶ᠋ᠠᠨ ᠪᠣᠷᠣᠯᠠᠭᠤᠯᠬᠤ ᠵᠢᠴᠢ ᠪᠢᠳᠡᠨ ᠦ᠌ ᠬᠢᠵᠦ ᠪᠠᠢᠭ᠎ᠠ ᠦᠢᠯᠡᠰ ᠢ᠋ᠶ᠋ᠡᠨ ᠬᠥᠭᠵᠢᠭᠦᠯᠬᠦ ᠳ᠋ᠦ᠍ ᠵᠠᠪᠠᠯ ᠶᠠᠪᠤᠬᠤ ᠵᠠᠮ ᠮᠥᠨ᠃ ᠲᠡᠭᠡᠪᠡᠯ ᠪᠢᠳᠡ ᠬᠡᠷᠬᠢᠨ ᠰᠢᠨ᠎ᠡ ᠵᠣᠴᠢᠨ ᠲᠠᠢ ᠪᠣᠯᠬᠤ ᠪᠣᠢ?
ᠨᠢᠭᠡ ᠂ ᠨᠢᠭᠡᠳᠦᠯᠲᠡᠢ ᠴᠢᠮᠡᠭᠡ ᠵᠠᠩᠭᠢ ᠲᠠᠢ ᠪᠠᠢᠬᠤ ᠠᠩᠬ᠎ᠠ ᠪᠢᠳᠡᠨ ᠦ᠌ ᠲᠠᠸᠠᠷ ᠢ᠋ ᠣᠢᠯᠠᠭᠠᠵᠤ ᠮᠡᠳᠡᠵᠦ ᠪᠠᠢᠭ᠎ᠠ ᠬᠡᠷᠡᠭᠯᠡᠭᠴᠢᠳ ᠲᠦ᠍ ᠠᠪᠴᠤ ᠬᠡᠯᠡᠪᠡᠯ᠂ ᠲᠡᠳᠡ ᠬᠡᠷᠡᠭᠯᠡᠵᠦ ᠦᠵᠡᠭᠡ ᠦᠭᠡᠢ ᠡᠴᠡ ᠮᠠᠨ ᠤ᠋ ᠲᠠᠸᠠᠷ ᠤ᠋ᠨ ᠲᠤᠬᠠᠢ ᠣᠢᠯᠠᠭᠠᠯᠲᠠ ᠶ᠋ᠢ ᠪᠢᠳᠡᠨ ᠦ᠌ ᠲᠠᠨᠢᠯᠴᠠᠭᠤᠯᠭ᠎ᠠ ᠠ᠋ᠴᠠ ᠣᠯᠵᠤ ᠮᠡᠳᠡᠬᠦ ᠨᠢ ᠣᠯᠠᠨᠲᠠᠢ᠃ ᠡᠨᠡ ᠪᠠᠢᠳᠠᠯ ᠳ᠋ᠤ᠌ ᠪᠢᠳᠡ ᠬᠡᠷᠡᠭᠯᠡᠭᠴᠢᠳ ᠲᠦ᠍ ᠵᠠᠪᠠᠯ ᠨᠢᠭᠡᠳᠦᠯᠲᠡᠢ ᠴᠢᠮᠡᠭᠡ ᠵᠠᠩᠭᠢ ᠶ᠋ᠢ ᠬᠦᠷᠭᠡᠵᠦ ᠥᠭᠬᠦ ᠬᠡᠷᠡᠭᠲᠡᠢ᠃ ᠲᠡᠢᠮᠦ ᠪᠢᠰᠢ᠂ ᠬᠡᠨ ᠨᠢᠭᠡᠨ ᠦ᠌ ᠬᠢᠨᠢ ᠬᠡᠯᠡᠬᠦ ᠨᠢ ᠬᠣᠭᠣᠷᠣᠨᠳᠣ ᠪᠠᠨ ᠠᠳᠠᠯᠢ ᠦᠭᠡᠢ᠂ ᠵᠥᠷᠢᠶ᠎ᠡ ᠲᠡᠢ ᠪᠣᠯᠪᠠᠯ ᠬᠡᠷᠡᠭᠯᠡᠭᠴᠢᠳ ᠢ᠋ ᠲᠤᠰ ᠲᠠᠸᠠᠷ ᠲᠤ᠌ ᠢᠲᠡᠭᠡᠯ ᠠᠯᠳᠠᠭᠤᠯᠬᠤ ᠪᠤᠶᠤ ᠴᠢᠨᠠᠭᠰᠢᠯᠠᠭᠠᠳ ᠰᠡᠵᠢᠭ ᠲᠥᠷᠥᠭᠦᠯᠳᠡᠭ᠃
ᠬᠣᠶᠠᠷ ᠂ ᠵᠣᠴᠢᠨ ᠤ᠋ ᠬᠡᠷᠡᠭᠴᠡᠭᠡ ᠳᠤᠷᠠᠰᠢᠯ ᠢ᠋ ᠣᠢᠯᠭᠠᠬᠤ
ᠵᠠᠬ᠎ᠠ ᠳᠡᠯᠭᠡᠭᠦᠷ ᠳᠡᠭᠡᠷ᠎ᠡ ᠠᠳᠠᠯᠢᠬᠠᠨ ᠪᠤᠶᠤ ᠲᠥᠰᠦᠭᠡᠲᠡᠢ ᠲᠠᠸᠠᠷ ᠵᠥᠩᠳᠡᠭᠡᠨ ᠪᠠᠢᠳᠠᠭ᠃ ᠲᠡᠢᠮᠦ ᠡᠴᠡ ᠬᠡᠷᠡᠭᠯᠡᠭᠴᠢᠳ ᠦ᠋ᠨ ᠰᠣᠩᠭᠣᠯᠲᠠ ᠴᠤ᠌ ᠮᠠᠰᠢ ᠥᠷᠭᠡᠨ ᠪᠠᠢᠵᠤ᠂ ᠵᠠᠬ᠎ᠠ ᠳᠡᠯᠭᠡᠭᠦᠷ ᠦ᠋ᠨ ᠥᠷᠢᠰᠦᠯᠳᠦᠭᠡᠨ ᠮᠠᠰᠢ ᠰᠢᠷᠦᠭᠦᠨ ᠪᠠᠢᠳᠠᠭ᠃ ᠡᠨᠡ ᠪᠠᠢᠳᠠᠯ ᠳ᠋ᠤ᠌ ᠥᠪᠡᠷ ᠦ᠋ᠨ ᠲᠠᠸᠠᠷ ᠢ᠋ᠶ᠋ᠠᠨ ᠪᠣᠷᠣᠯᠠᠭᠤᠯᠬᠤ ᠳ᠋ᠤ᠌ ᠡᠬᠢᠯᠡᠭᠡᠳ ᠬᠡᠷᠡᠭᠯᠡᠭᠴᠢᠳ ᠦ᠋ᠨ ᠢ᠋ᠶ᠋ᠡᠨ ᠬᠡᠷᠡᠭᠴᠡᠭᠡ ᠱᠠᠭᠠᠷᠳᠠᠯᠭ᠎ᠠ᠂ ᠳᠤᠷᠠᠰᠢᠯ ᠢ᠋ ᠵᠥᠪ ᠣᠢᠯᠠᠭᠠᠭᠰᠠᠨ ᠪᠠᠢᠵᠤ᠂ ᠶᠠᠭ ᠲᠡᠳᠡᠨ ᠦ᠌ ᠠᠪᠬᠤ ᠭᠡᠵᠦ ᠪᠠᠢᠭ᠎ᠠ ᠲᠠᠸᠠᠷ ᠢ᠋ ᠨᠢ ᠭᠣᠣᠯᠳᠠᠵᠤ ᠲᠠᠨᠢᠯᠴᠠᠭᠤᠯᠵᠤ ᠥᠭᠬᠦ ᠪᠤᠶᠤ ᠲᠡᠭᠦᠨ ᠢ᠋ ᠨᠢ ᠬᠠᠩᠭᠠᠪᠠᠯ ᠮᠠᠨ ᠤ᠋ ᠲᠠᠸᠠᠷ ᠢ᠋ ᠠᠪᠴᠤ ᠪᠢᠳᠡᠨ ᠦ᠌ ᠰᠢᠨ᠎ᠡ ᠵᠣᠴᠢᠨ ᠪᠣᠯᠬᠤ ᠪᠦᠷᠢᠨ ᠪᠣᠯᠤᠮᠵᠢ ᠲᠠᠢ ᠶᠤᠮ ᠃
ᠭᠤᠷᠪᠠ ᠂ ᠬᠤᠳᠠᠯᠳᠤᠬᠤ ᠴᠠᠭ ᠬᠤᠭᠤᠴᠠᠭ᠎ᠠ ᠪᠠᠨ ᠵᠥᠪ ᠰᠣᠩᠭᠣᠬᠤ
ᠵᠣᠴᠢᠨ ᠢ᠋ ᠬᠡᠵᠢᠶᠡᠳᠡ ᠵᠥᠪ ᠭᠡᠵᠦ ᠶᠠᠷᠢᠳᠠᠭ᠃ ᠡᠨᠡ ᠨᠢ ᠪᠢᠳᠡᠨ ᠳ᠋ᠦ᠍ ᠵᠣᠴᠢᠨ ᠢ᠋ ᠵᠠᠪᠠᠯ ᠬᠦᠨᠳᠦᠳᠬᠡᠬᠦ ᠬᠡᠷᠡᠭᠲᠡᠢ ᠭᠡᠳᠡᠭ ᠢ᠋ ᠬᠡᠯᠡᠵᠦ ᠪᠠᠢᠭ᠎ᠠ ᠶᠠᠪᠤᠳᠠᠯ ᠪᠣᠯᠤᠨ᠎ᠠ᠃ ᠲᠠᠸᠠᠷ ᠢ᠋ ᠬᠤᠳᠠᠯᠳᠤᠵᠤ ᠠᠪᠬᠤ ᠡᠰᠡᠬᠦ ᠨᠢ ᠪᠦᠷᠢᠨ ᠵᠣᠴᠢᠳ ᠲᠤ᠌ ᠪᠠᠢᠳᠠᠭ ᠠ᠋ᠴᠠ᠂ ᠪᠢᠳᠡ ᠵᠣᠴᠢᠳ ᠤᠨ ᠰᠣᠩᠭᠣᠯᠲᠠ ᠶ᠋ᠢ ᠬᠦᠨᠳᠦᠳᠬᠡᠬᠦ ᠬᠡᠷᠡᠭᠲᠡᠢ᠃ ᠪᠢᠳᠡ ᠡᠷᠬᠡᠪᠰᠢ ᠵᠣᠴᠢᠳ ᠤ᠋ᠨ ᠬᠦᠰᠡᠵᠦ ᠪᠠᠢᠭ᠎ᠠ ᠵᠦᠢᠯ ᠳ᠋ᠦ᠍ ᠦᠨᠡᠨ ᠵᠥᠪ ᠬᠠᠷᠢᠭᠤᠯᠲᠠ ᠥᠭᠬᠦ ᠡᠴᠡ ᠪᠢᠰᠢ᠂ ᠵᠣᠴᠢᠨ ᠪᠣᠯᠭᠠᠨ ᠤ᠋ ᠬᠤᠳᠠᠯᠳᠤᠨ ᠠᠪᠬᠤ ᠶ᠋ᠢ ᠱᠠᠭᠠᠷᠳᠠᠵᠤ ᠪᠣᠯᠬᠤ ᠦᠭᠡᠢ᠃ ᠲᠠᠨ ᠤ᠋ ᠦᠭᠭᠦᠭᠰᠡᠨ ᠦᠨᠡᠨ ᠵᠥᠪ ᠲᠠᠢᠯᠪᠤᠷᠢᠯᠠᠯᠲᠠ ᠪᠤᠴᠠᠭᠠᠳ ᠲᠡᠳᠡᠨ ᠢ᠋ ᠰᠢᠨ᠎ᠡ ᠵᠣᠴᠢᠨ ᠪᠣᠯᠬᠤ ᠳ᠋ᠤ᠌ ᠨᠥᠯᠥᠭᠡᠯᠡᠬᠦ ᠪᠣᠯᠤᠨ᠎ᠠ᠃
ᠳᠥᠷᠪᠡ ᠂ ᠠᠯᠪᠠᠳᠠᠯᠭ᠎ᠠ ᠪᠠᠷ ᠬᠤᠳᠠᠯᠳᠤᠬᠤ ᠦᠭᠡᠢ ᠪᠠᠢᠬᠤ
ᠲᠠᠸᠠᠷ ᠨᠢ ᠬᠥᠮᠦᠰ ᠦ᠋ᠨ ᠶᠠᠮᠠᠷ ᠨᠢᠭᠡᠨ ᠬᠡᠷᠡᠭᠴᠡᠭᠡᠨ ᠳ᠋ᠦ᠍ ᠲᠣᠬᠢᠷᠠᠭᠰᠠᠨ ᠪᠠᠢᠳᠠᠭ ᠮᠥᠷᠲᠡᠭᠡᠨ ᠬᠡᠷᠡᠭᠯᠡᠭᠴᠢᠳ ᠴᠦ᠍ ᠥᠪᠡᠷ ᠲᠡᠭᠡᠨ ᠲᠣᠬᠢᠷᠠᠭᠰᠠᠨ ᠲᠠᠸᠠᠷ ᠢ᠋ᠶ᠋ᠠᠨ ᠯᠠ ᠰᠣᠩᠭᠣᠳᠠᠭ ᠠ᠋ᠴᠠ᠂ ᠪᠢᠳᠡ ᠲᠠᠸᠠᠷ ᠢ᠋ᠶ᠋ᠠᠨ ᠬᠤᠳᠠᠯᠳᠤᠬᠤ ᠳ᠋ᠠᠭᠠᠨ ᠵᠠᠪᠠᠯ ᠬᠡᠷᠡᠭᠯᠡᠭᠴᠢᠳ ᠦ᠋ᠨ ᠬᠡᠷᠡᠭᠴᠡᠭᠡᠨ ᠳ᠋ᠦ᠍ ᠲᠣᠬᠢᠷᠠᠭᠰᠠᠨ ᠲᠠᠸᠠᠷ ᠢ᠋ ᠬᠤᠳᠠᠯᠳᠤᠬᠤ ᠬᠡᠷᠡᠭᠲᠡᠢ᠃ ᠲᠡᠢᠮᠦ ᠪᠢᠰᠢ ᠬᠡᠷᠡᠭᠯᠡᠭᠴᠢᠳ ᠦ᠋ᠨ ᠬᠡᠷᠡᠭᠴᠡᠭᠡ ᠳᠤᠷᠠᠰᠢᠯ ᠳ᠋ᠤ᠌ ᠲᠣᠬᠢᠷᠠᠬᠤ ᠦᠭᠡᠢ ᠵᠦᠢᠯ ᠢ᠋ ᠠᠯᠪᠠᠳᠠᠯᠭ᠎ᠠ ᠪᠠᠷ ᠬᠤᠳᠠᠯᠳᠤᠵᠤ ᠦᠭᠭᠦᠪᠡᠯ ᠲᠠᠸᠠᠷ ᠬᠡᠷᠡᠭᠴᠡᠭᠡᠨ ᠳ᠋ᠡᠭᠡᠨ ᠬᠦᠷᠴᠦ ᠴᠢᠳᠠᠬᠤ ᠦᠭᠡᠢ ᠮᠥᠷᠲᠡᠭᠡᠨ ᠬᠡᠷᠡᠭᠯᠡᠭᠴᠢᠳ ᠴᠦ᠍ ᠡᠭᠦᠨ ᠡᠴᠡ ᠪᠣᠯᠵᠤ ᠲᠤᠰ ᠲᠠᠸᠠᠷ ᠢ᠋ ᠬᠡᠷᠡᠭᠯᠡᠵᠦ ᠴᠢᠳᠠᠬᠤ ᠦᠭᠡᠢ ᠬᠣᠬᠢᠷᠠᠯ ᠳ᠋ᠤ᠌ ᠤᠴᠠᠷᠠᠳᠠᠭ᠃
ᠲᠠᠪᠤ ᠂ ᠪᠣᠳᠠᠲᠠᠢ ᠲᠠᠢ ᠨᠡᠢᠴᠡᠬᠦ ᠬᠡᠷᠡᠭᠲᠡᠢ
ᠲᠠᠸᠠᠷ ᠨᠢ ᠶᠠᠮᠠᠷ ᠨᠢᠭᠡᠨ ᠬᠡᠷᠡᠭᠴᠡᠭᠡᠨ ᠳ᠋ᠦ᠍ ᠵᠣᠷᠢᠭᠤᠯᠤᠭᠳᠠᠭᠰᠠᠨ ᠪᠠᠢᠳᠠᠭ ᠠ᠋ᠴᠠ᠂ ᠬᠡᠷᠡᠭᠯᠡᠭᠴᠢ ᠬᠡᠷᠡᠭᠯᠡᠬᠦ ᠳ᠋ᠡᠭᠡᠨ ᠵᠠᠪᠠᠯ ᠲᠠᠸᠠᠷ ᠤ᠋ᠨ ᠰᠢᠨᠵᠢ ᠴᠢᠨᠠᠷ᠂ ᠦᠢᠯᠡᠳᠦᠯ ᠬᠡᠷᠡᠭᠴᠡᠭᠡ ᠶ᠋ᠢ ᠦᠨᠡᠨ ᠵᠥᠪ ᠣᠢᠯᠠᠭᠠᠭᠰᠠᠨ ᠰᠠᠭᠤᠷᠢᠨ ᠳᠡᠭᠡᠷ᠎ᠡ ᠠᠪᠴᠤ ᠬᠡᠷᠡᠭᠯᠡᠨ᠎ᠡ᠃ ᠡᠢᠮᠦ ᠡᠴᠡ ᠬᠡᠷᠡᠭᠯᠡᠭᠴᠢᠳ ᠲᠦ᠍ ᠲᠠᠸᠠᠷ ᠤ᠋ᠨ ᠢ᠋ᠶ᠋ᠠᠨ ᠲᠤᠬᠠᠢ ᠦᠨᠡᠨ ᠵᠥᠪ᠂ ᠪᠣᠳᠠᠲᠠᠢ ᠮᠡᠳᠡᠭᠡᠯᠡᠯ ᠥᠭᠬᠦ ᠬᠡᠷᠡᠭᠲᠡᠢ᠃ ᠲᠡᠢᠮᠦ ᠪᠢᠰᠢ᠂ ᠬᠡᠢ ᠬᠣᠭᠣᠰᠣᠨ ᠮᠠᠭᠲᠠᠬᠤ᠂ ᠪᠣᠳᠠᠲᠠᠢ ᠳ᠋ᠤ᠌ ᠨᠡᠢᠴᠡᠬᠦ ᠦᠭᠡᠢ ᠬᠡᠲᠦᠷᠡᠭᠦᠯᠵᠦ ᠬᠡᠯᠡᠬᠦ ᠨᠢ ᠤᠷᠪᠠᠭᠤ ᠪᠠᠷ ᠬᠡᠷᠡᠭᠯᠡᠭᠴᠢᠳ ᠢ᠋ ᠬᠣᠬᠢᠷᠠᠭᠤᠯᠬᠤ ᠪᠠᠷ ᠪᠠᠷᠠᠬᠤ ᠦᠭᠡᠢ᠂ ᠠᠪᠬᠤ ᠪᠣᠯᠤᠮᠵᠢ ᠶ᠋ᠢ ᠨᠢ ᠦᠭᠡᠢ ᠪᠣᠯᠭᠠᠵᠤ᠂ ᠰᠢᠨ᠎ᠡ ᠵᠣᠴᠢᠨ ᠢ᠋ᠶ᠋ᠠᠨ ᠠᠯᠳᠠᠬᠤ ᠪᠣᠯᠤᠨ᠎ᠠ ᠃
ᠵᠢᠷᠭᠤᠭ᠎ᠠ ᠂ ᠢᠳᠡᠪᠬᠢ ᠣᠷᠭᠢᠯᠤᠮ᠎ᠠ ᠰᠡᠳᠬᠢᠯᠭᠡ ᠲᠡᠢ ᠪᠠᠢᠬᠤ
ᠵᠣᠴᠢᠳ ᠥᠪᠡᠷ ᠲᠦ᠍ ᠬᠡᠷᠡᠭᠴᠡᠭᠡ ᠲᠡᠢ ᠲᠠᠸᠠᠷ ᠢ᠋ᠶ᠋ᠠᠨ ᠯᠠ ᠠᠪᠬᠤ ᠶ᠋ᠢ ᠵᠣᠷᠢᠳᠠᠭ ᠴᠤ᠌᠂ ᠵᠣᠴᠢᠳ ᠲᠤ᠌ ᠬᠠᠩᠭᠠᠬᠤ ᠨᠢ ᠵᠥᠪᠬᠡᠨ ᠲᠠᠸᠠᠷ ᠪᠢᠰᠢ ᠶᠣᠮ᠃ ᠲᠠᠸᠠᠷ ᠢ᠋ ᠳᠠᠭᠠᠭᠠᠳ ᠪᠢᠳᠡ ᠵᠠᠪᠠᠯ ᠰᠠᠢᠨ ᠦᠢᠯᠡᠴᠢᠯᠡᠭᠡ ᠬᠦᠷᠭᠡᠬᠦ ᠬᠡᠷᠡᠭᠲᠡᠢ᠃ ᠢᠩᠭᠢᠵᠦ ᠪᠠᠢᠵᠤ ᠪᠢᠳᠡᠨ ᠦ᠌ ᠲᠠᠸᠠᠷ ᠢ᠋ ᠵᠣᠴᠢᠳ ᠢᠯᠡᠭᠦᠦ ᠬᠦᠯᠢᠶᠡᠵᠦ ᠠᠪᠬᠤ ᠪᠣᠯᠤᠮᠵᠢ ᠲᠠᠢ ᠪᠣᠯᠵᠤ᠂ ᠪᠢᠳᠡ ᠴᠤ᠌ ᠢᠯᠡᠭᠦᠦ ᠣᠯᠠᠨ ᠰᠢᠨ᠎ᠡ ᠵᠣᠴᠢᠨ ᠲᠠᠢ ᠪᠣᠯᠵᠤ ᠴᠢᠳᠠᠨ᠎ᠠ᠃
ᠳᠣᠯᠣᠭ᠎ᠠ ᠂ ᠭᠠᠳᠠᠷ ᠳᠦᠷᠢ ᠂ ᠣᠪᠣᠷ ᠰᠤᠷᠲᠠᠯ ᠢ᠋ᠶ᠋ᠠᠨ ᠠᠩᠬᠠᠷᠬᠤ
ᠲᠠᠸᠠᠷ ᠢ᠋ᠶ᠋ᠠᠨ ᠪᠣᠷᠣᠯᠠᠭᠤᠯᠬᠤ ᠪᠣᠯ ᠨᠢᠭᠡ ᠵᠦᠢᠯ ᠦ᠋ᠨ ᠦᠢᠯᠡᠴᠢᠯᠡᠭᠡ ᠬᠠᠩᠭᠠᠬᠤ ᠶᠠᠪᠤᠳᠠᠯ ᠪᠣᠯᠤᠨ᠎ᠠ᠃ ᠣᠳᠣᠬᠢ ᠵᠠᠬ᠎ᠠ ᠳᠡᠯᠭᠡᠭᠦᠷ ᠦ᠋ᠨ ᠠᠵᠤ ᠠᠬᠤᠢ ᠶ᠋ᠢᠨ ᠨᠥᠬᠥᠴᠡᠯ ᠳ᠋ᠦ᠍ ᠪᠢᠳᠡ ᠭᠠᠭᠴᠠ ᠥᠪᠡᠷ ᠦ᠋ᠨ ᠲᠠᠸᠠᠷ ᠤ᠋ᠨ ᠴᠢᠨᠠᠷ ᠲᠤ᠌ ᠲᠦᠰᠢᠭᠯᠡᠭᠡᠳ ᠵᠠᠬ᠎ᠠ ᠳᠡᠯᠭᠡᠭᠦᠷ ᠦ᠋ᠨ ᠥᠷᠢᠰᠦᠯᠳᠦᠭᠡᠨ ᠳ᠋ᠦ᠍ ᠪᠦᠷᠢᠨ ᠢᠯᠠᠨ᠎ᠠ ᠭᠡᠵᠦ ᠪᠠᠢᠬᠤ ᠦᠭᠡᠢ᠃ ᠬᠠᠷᠢᠨ ᠪᠦᠬᠦᠢᠯᠡ ᠦᠢᠯᠡᠴᠢᠯᠡᠭᠡ ᠪᠡᠷ ᠢ᠋ᠶ᠋ᠡᠨ ᠳᠡᠮᠵᠢᠵᠦ ᠵᠣᠴᠢᠨ ᠢ᠋ ᠲᠠᠲᠠᠬᠤ ᠪᠣᠯᠤᠮᠵᠢ ᠲᠠᠢ᠃ ᠡᠭᠦᠨ ᠳ᠋ᠦ᠍ ᠪᠣᠷᠣᠯᠠᠭᠤᠯᠤᠭᠴᠢ ᠶ᠋ᠢᠨ ᠭᠠᠳᠠᠷ ᠳᠦᠷᠢ᠂ ᠣᠪᠣᠷ ᠰᠤᠷᠲᠠᠯ ᠴᠤ᠌ ᠵᠣᠴᠢᠳ ᠢ᠋ ᠮᠠᠰᠢ ᠶᠡᠬᠡ ᠨᠥᠯᠥᠭᠡᠯᠡᠳᠡᠭ᠃
ᠪᠢᠳᠡ ᠮᠠᠰᠢ ᠣᠯᠠᠨ ᠠᠷᠭ᠎ᠠ ᠪᠠᠷᠢᠯ ᠢ᠋ᠶ᠋ᠠᠷ ᠳᠠᠮᠵᠢᠨ ᠮᠠᠨ ᠤ᠋ ᠲᠠᠸᠠᠷ ᠢ᠋ ᠰᠣᠨᠢᠷᠬᠠᠳᠠᠭ᠂ ᠠᠪᠬᠤ ᠪᠣᠯᠤᠮᠵᠢ ᠲᠠᠢ ᠬᠥᠮᠦᠰ ᠢ᠋ ᠣᠯᠵᠤ ᠪᠡᠯᠡᠳᠬᠡᠯ ᠵᠣᠴᠢᠨ ᠪᠣᠯᠭᠠᠵᠤ ᠴᠢᠳᠠᠭᠰᠠᠨ ᠪᠠᠢᠳᠠᠭ᠃ ᠡᠳᠡᠭᠡᠷ ᠪᠡᠯᠡᠳᠬᠡᠯ ᠵᠣᠴᠢᠨ ᠢ᠋ ᠪᠢᠳᠡ ᠰᠢᠨ᠎ᠡ ᠵᠣᠴᠢᠨ ᠪᠣᠯᠭᠠᠵᠤ ᠴᠢᠳᠠᠭᠰᠠᠨ ᠢ᠋ᠶ᠋ᠠᠷ ᠰᠠᠶᠢ ᠮᠠᠨ ᠤ᠋ ᠲᠠᠸᠠᠷ ᠪᠣᠷᠣᠯᠠᠭᠤᠯᠤᠭᠳᠠᠨᠠ᠃ ᠡᠢᠮᠦ ᠡᠴᠡ ᠪᠢᠳᠡ ᠰᠢᠨ᠎ᠡ ᠵᠣᠴᠢᠨ ᠳ᠋ᠠᠭᠠᠨ ᠰᠠᠢᠨ ᠲᠠᠸᠠᠷ ᠬᠠᠩᠭᠠᠬᠤ ᠶ᠋ᠢᠨ ᠳᠠᠭᠠᠤ ᠦᠨᠡᠨ ᠵᠥᠪ ᠦᠢᠯᠡᠴᠢᠯᠡᠭᠡ ᠬᠠᠩᠭᠠᠵᠤ ᠪᠠᠢᠵᠤ᠂ ᠲᠡᠳᠡᠨ ᠢ᠋ ᠵᠢᠩᠬᠢᠨᠢ ᠬᠡᠷᠡᠭᠯᠡᠭᠴᠢ ᠪᠡᠨ ᠪᠣᠯᠭᠠᠵᠤ ᠪᠣᠯᠤᠨ᠎ᠠ᠃
ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ
