ᠡᠬᠡ ᠬᠡᠯᠡ- ᠰᠢᠯᠦᠭЭх хэл-шүлэг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠬᠡᠯᠡ- ᠰᠢᠯᠦᠭЭх хэл-шүлэг

ᠡᠬᠡ ᠬᠡᠯᠡ- ᠰᠢᠯᠦᠭЭх хэл-шүлэг

2022-10-04

3355

ᠡᠬᠡ ᠬᠡᠯᠡ

ᠶᠡᠬᠡ ᠰᠠᠢᠬᠠᠨ ᠬᠡᠯᠡ ᠶᠢ 
ᠲᠡᠭᠦᠰ ᠰᠠᠢᠬᠠᠨ ᠬᠡᠯᠡᠶ᠎ᠡ
ᠲᠦᠷᠭᠡᠨ ᠲᠦᠷᠭᠡᠨ ᠬᠡᠯᠡᠶ᠎ᠡ
ᠲᠡᠭᠦᠯᠳᠡᠷ ᠲᠦᠷᠭᠡᠨ ᠲᠣᠳᠣ ᠬᠡᠯᠡᠶ᠎ᠡ

ᠪᠡᠯᠭᠡ ᠳᠡᠮᠪᠡᠷᠢᠯ ᠲᠠᠢ ᠦᠭᠡ ᠶᠢ 
ᠪᠡᠯᠡᠨ ᠴᠡᠴᠡᠯᠢᠭ ᠬᠡᠯᠡᠶ᠎ᠡ
ᠭᠠᠴᠢᠵᠤ ᠵᠦᠳᠡᠷᠡᠯ ᠦᠭᠡᠢ ᠬᠡᠯᠡᠶ᠎ᠡ
ᠱᠠᠭᠰᠢᠵᠤ ᠭᠠᠢᠬᠠᠲᠠᠯ᠎ᠠ ᠬᠡᠯᠡᠶ᠎ᠡ

ᠳᠠᠭᠠᠭᠠᠮᠠᠭᠠᠢ ᠰᠠᠢᠨ ᠬᠡᠯᠡ ᠶᠢ 
ᠬᠡᠨ ᠎ᠡᠴᠡ ᠴᠦ᠍ ᠢᠯᠡᠭᠦᠦ ᠬᠡᠯᠡᠶ᠎ᠡ
ᠬᠡᠯᠡ ᠪᠡᠨ ᠵᠦᠭᠰᠢᠷᠡᠲᠡᠯ᠎ᠡ ᠬᠡᠯᠡᠶ᠎ᠡ
ᠰᠢᠨᠲᠠᠷᠠᠵᠤ ᠬᠠᠢᠬᠤᠷᠤᠯ ᠦᠭᠡᠢ ᠬᠡᠯᠡᠶ᠎ᠡ
ᠱᠠᠭᠰᠢᠵᠤ ᠭᠠᠢᠬᠠᠲᠠᠯ᠎ᠠ ᠬᠡᠯᠡᠶ᠎ᠡ

ᠰᠠᠢᠬᠠᠨ ᠰᠠᠢᠬᠠᠨ ᠦᠭᠡᠰ ‍ᠢ
ᠰᠠᠨᠠᠨ ᠰᠠᠨᠠᠨ ᠬᠡᠯᠡᠶ᠎ᠡ
ᠰᠡᠳᠬᠢᠯ ‍ᠢᠶ᠋ᠡᠨ ᠰᠦᠷᠴᠦ ᠬᠡᠯᠡᠶ᠎ᠡ
ᠰᠡᠳᠬᠢᠬᠦᠢ ᠪᠡᠨ ᠬᠥᠭᠵᠢᠭᠦᠯᠵᠦ ᠬᠡᠯᠡᠶ᠎ᠡ

ᠤᠷᠠᠨ ᠦᠭᠡᠰ ‍ᠦᠨ ᠴᠢᠭᠤᠯᠭᠠᠨ ‍ᠢ
ᠤᠶᠠᠩᠭᠠᠯᠠᠨ ᠢᠷᠠᠭᠤ ᠬᠡᠯᠡᠶ᠎ᠡ
ᠤᠷᠠᠯᠢᠬ ᠪᠣᠯᠭᠠᠨ ᠠᠮᠢᠯᠠᠭᠤᠯᠵᠤ ᠬᠡᠯᠡᠶ᠎ᠡ
ᠤᠯᠠᠮ ᠰᠠᠢᠬᠠᠨ ᠳᠡᠯᠭᠡᠷᠡᠭᠦᠯᠵᠦ ᠬᠡᠯᠡᠶ᠎ᠡ
ᠤᠷᠮ᠎ᠠ ᠵᠣᠷᠢᠬ ᠨᠡᠮᠡᠵᠦ ᠬᠡᠯᠡᠶ᠎ᠡ

ᠦᠭᠡᠰ ‍ᠦᠨ ᠰᠠᠩ ‍ᠢᠶ᠋ᠠᠨ
ᠪᠠᠶᠠᠯᠢᠬᠵᠢᠭᠤᠯᠵᠤ ᠬᠡᠯᠡᠶ᠎ᠡ
ᠦᠨᠳᠦᠰᠦᠲᠡᠨ ‍ᠦ ᠰᠣᠶᠣᠯ ‍ᠢᠶ᠋ᠠᠷ ‍ᠢᠶ᠋ᠠᠨ
ᠪᠠᠬᠠᠷᠬᠠᠵᠤ ᠬᠡᠯᠡᠶ᠎ᠡ
ᠬᠠᠷᠢ ᠣᠯᠠᠨ ‍ᠤ ᠬᠠᠷᠢᠶᠠᠯ ‍ᠤᠨ
ᠦᠭᠡ ᠎ᠪᠡᠷ ᠰᠣᠯᠢᠯ ᠦᠭᠡᠢ
ᠬᠠᠮᠤᠭ ‍ᠤᠨ ᠰᠠᠢᠬᠠᠨ ᠬᠡᠯᠡ ᠎ᠪᠡᠨ
ᠬᠠᠢᠷᠠᠯᠠᠨ ᠬᠠᠢᠷᠠᠯᠠᠨ ᠬᠡᠯᠡᠶ᠎ᠡ
ᠬᠠᠴᠢᠨ ᠨᠠᠨᠳᠢᠩᠨᠠᠵᠤ ᠬᠡᠯᠡᠶ᠎ᠡ
ᠢᠨᠢᠶᠡᠵᠦ ᠪᠡᠶᠡᠰᠲᠡᠯ᠎ᠡ ᠬᠡᠯᠡᠶ᠎ᠡ
ᠤᠯᠠᠮ ᠰᠠᠢᠬᠠᠨ ᠳᠡᠯᠭᠡᠷᠡᠭᠦᠯᠵᠦ
ᠡᠭᠡᠰᠢᠭᠯᠡᠭᠦᠯᠦᠨ ᠢᠷᠦᠭᠡᠵᠦ ᠬᠡᠯᠡᠶ᠎ᠡ