ᠮᠣᠩᠭᠣᠯ ᠬᠡᠯᠡᠴᠡ ᠶ᠋ᠢᠨ ᠬᠥᠮᠦᠵᠢᠯ— ᠪᠤᠰᠤᠳ ᠲᠤ᠌ ᠲᠤᠰᠠᠯᠠᠬᠤ ᠲᠤᠬᠠᠢМонгол хэлцийн хүмүүжил— Бусдад туслах тухай ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠬᠡᠯᠡᠴᠡ ᠶ᠋ᠢᠨ ᠬᠥᠮᠦᠵᠢᠯ— ᠪᠤᠰᠤᠳ ᠲᠤ᠌ ᠲᠤᠰᠠᠯᠠᠬᠤ ᠲᠤᠬᠠᠢМонгол хэлцийн хүмүүжил— Бусдад туслах тухай

ᠮᠣᠩᠭᠣᠯ ᠬᠡᠯᠡᠴᠡ ᠶ᠋ᠢᠨ ᠬᠥᠮᠦᠵᠢᠯ— ᠪᠤᠰᠤᠳ ᠲᠤ᠌ ᠲᠤᠰᠠᠯᠠᠬᠤ ᠲᠤᠬᠠᠢМонгол хэлцийн хүмүүжил— Бусдад туслах тухай

2025-08-26

693

ᠪᠤᠰᠤᠳ ᠲᠤ᠌ ᠲᠤᠰᠠᠯᠠᠬᠤ ᠲᠤᠬᠠᠢ

     ᠬᠤᠷᠳᠤᠨᠬᠦᠦ 
ᠬᠥᠮᠦᠨ ᠬᠥᠮᠦᠨ ᠦ᠌ ᠬᠦᠴᠦᠨ ᠳ᠋ᠦ᠍ 
ᠵᠢᠭᠠᠰᠤ ᠤᠰᠤᠨ ᠤ᠋ ᠬᠦᠴᠦᠨ ᠳ᠋ᠦ᠍᠃
ᠬᠥᠮᠦᠨ ᠬᠥᠮᠦᠨ ᠦ᠌ ᠬᠦᠴᠦᠨ ᠳ᠋ᠦ᠍ 
ᠬᠥᠭᠥᠷᠭᠡ ᠲᠤᠯᠭᠠᠭᠤᠷᠢ ᠶ᠋ᠢᠨ ᠬᠦᠴᠦᠨ ᠳ᠋ᠦ᠍᠃
ᠳᠠᠮ ᠳᠠᠮ ᠳ᠋ᠤ᠌ ᠪᠠᠨ 
ᠳᠡᠭᠡᠰᠦ ᠡᠷᠴᠢᠮ ᠳ᠋ᠦ᠍ ᠪᠡᠨ᠃
ᠬᠥᠮᠦᠨ ᠲᠡᠢ ᠭᠠᠵᠠᠷ ᠬᠥᠮᠦᠨ ᠥᠯᠪᠡᠷᠴᠦ ᠦᠬᠦᠳᠡᠭ ᠦᠭᠡᠢ 
ᠡᠪᠡᠰᠦ ᠲᠡᠢ ᠭᠠᠵᠠᠷ ᠮᠠᠯ ᠥᠯᠪᠡᠷᠴᠦ ᠦᠬᠦᠳᠡᠭ ᠦᠭᠡᠢ᠃
ᠬᠥᠮᠦᠨ ᠬᠥᠮᠦᠨ ᠳ᠋ᠦ᠍ ᠪᠡᠨ 
ᠬᠦᠯᠦᠭ ᠢᠵᠢᠯᠢ ᠳ᠋ᠦ᠍ ᠪᠡᠨ᠃
ᠭᠠᠷ ᠭᠠᠷ ᠢ᠋ᠶ᠋ᠠᠨ ᠤᠬᠢᠶᠠᠳᠠᠭ
ᠬᠥᠮᠦᠨ ᠬᠥᠮᠦᠨ ᠢ᠋ᠶ᠋ᠡᠨ ᠲᠤᠰᠠᠯᠠᠳᠠᠭ᠃
ᠬᠥᠮᠦᠨ ᠳ᠋ᠦ᠍ ᠲᠤᠰᠠ ᠬᠢᠪᠡᠯ
ᠥᠪᠡᠷ ᠲᠦ᠍ ᠲᠤᠰᠠ ᠢᠷᠡᠨ᠎ᠡ᠃
ᠬᠥᠮᠦᠨ ᠦ᠌ ᠬᠡᠷᠡᠭ ᠪᠦᠲᠦᠪᠡᠯ
ᠥᠪᠡᠷ ᠦ᠋ᠨ ᠬᠡᠷᠡᠭ ᠪᠦᠲᠦᠨ᠎ᠡ᠃
ᠲᠤᠰᠠ ᠭᠡᠪᠡᠯ ᠠᠴᠢ ᠲᠠᠢ ᠪᠣᠯᠤᠨ᠎ᠠ
ᠲᠤᠭᠤᠯ ᠲᠡᠵᠢᠭᠡᠪᠡᠯ ᠦᠬᠡᠷ ᠲᠡᠢ ᠪᠣᠯᠤᠨ᠎ᠠ᠃
ᠣᠯᠠᠨ ᠠᠮᠢᠲᠠᠨ ᠢ᠋ ᠲᠤᠰᠠᠯᠠᠪᠠᠯ
ᠠᠯᠳᠠᠷ ᠨᠡᠷ᠎ᠡ ᠳᠡᠯᠭᠡᠷᠡᠬᠦ᠃
ᠬᠥᠮᠦᠨ ᠳ᠋ᠦ᠍ ᠲᠤᠰᠠ ᠬᠢᠪᠡᠯ
ᠬᠥᠳᠡᠭᠡ ᠴᠢᠨᠡᠭᠡᠨ ᠵᠢᠷᠭᠠᠯ ᠃
ᠲᠡᠩᠬᠡᠷᠡᠭᠰᠡᠨ ᠬᠣᠢᠨ᠎ᠠ ᠲᠡᠮᠡᠭᠡ ᠥᠭᠴᠦ ᠲᠤᠰᠠᠯᠠᠬᠤ ᠠ᠋ᠴᠠ ᠪᠠᠨ
ᠲᠡᠪᠡᠳᠡᠭᠰᠡᠨ ᠦᠶ᠎ᠡ ᠳ᠋ᠦ᠍ ᠪᠡᠨ ᠢᠮᠠᠭ᠎ᠠ ᠥᠭᠴᠦ ᠲᠤᠰᠠᠯᠠᠬᠤ᠃
ᠲᠡᠩᠬᠡᠯᠡᠭᠦᠨ ᠶᠠᠪᠤᠬᠤ ᠳ᠋ᠤ᠌ ᠲᠡᠮᠡᠭᠡ ᠪᠡᠷ ᠲᠤᠰᠠᠯᠠᠬᠤ ᠠ᠋ᠴᠠ
ᠲᠡᠪᠡᠳᠡᠵᠦ ᠶᠠᠪᠤᠬᠤ ᠳ᠋ᠤ᠌ ᠲᠡᠪᠡᠨᠡ ᠪᠡᠷ ᠲᠤᠰᠠᠯᠠᠭᠰᠠᠨ ᠳᠡᠭᠡᠷ᠎ᠡ᠃
ᠲᠠᠭᠠᠷᠠᠭᠰᠠᠨ ᠬᠥᠮᠦᠨ ᠳ᠋ᠦ᠍ ᠳᠠᠬᠤ ᠬᠦᠷᠭᠡᠵᠦ
ᠲᠥᠭᠡᠷᠢᠭᠰᠡᠨ ᠬᠥᠮᠦᠨ ᠳ᠋ᠦ᠍ ᠵᠠᠮ ᠵᠢᠭᠠᠬᠤ᠃
ᠲᠠᠭᠠᠷᠠᠭᠰᠠᠨ ᠬᠥᠮᠦᠨ ᠳ᠋ᠦ᠍ ᠳᠠᠬᠤ ᠬᠦᠷᠭᠡᠵᠦ
ᠤᠮᠳᠠᠭᠠᠰᠤᠭᠰᠠᠨ ᠬᠥᠮᠦᠨ ᠳ᠋ᠦ᠍ ᠤᠮᠳᠠ ᠬᠦᠷᠭᠡᠬᠦ᠃
ᠬᠠᠵᠠᠢᠬᠤ ᠳ᠋ᠤ᠌ ᠨᠢ ᠲᠤᠯᠬᠤ
ᠬᠡᠯᠪᠡᠢᠬᠦ ᠳ᠋ᠦ᠍ ᠨᠢ ᠲᠦᠰᠢᠬᠦ᠃
ᠬᠠᠷᠠᠩᠭᠤᠢ ᠳ᠋ᠤ᠌ ᠵᠤᠯᠠ ᠪᠣᠯᠵᠤ
ᠬᠠᠯᠠᠭᠤᠨ ᠳ᠋ᠤ᠌ ᠰᠡᠭᠦᠳᠡᠷ ᠪᠣᠯᠵᠤ᠃
ᠭᠠᠩᠳᠠᠭᠰᠠᠨ ᠴᠠᠭ ᠲᠤ᠌ ᠪᠣᠷᠣᠭᠠᠨ
ᠭᠠᠴᠢᠭᠳᠠᠭᠰᠠᠨ ᠴᠠᠭ ᠲᠤ᠌ ᠲᠤᠰᠠᠯᠠᠮᠵᠢ᠃
ᠦᠬᠡᠷ ᠢ᠋ᠶ᠋ᠡᠷ ᠲᠤᠰᠠᠯᠠᠬᠤ ᠪᠠᠷ ᠢ᠋ᠶ᠋ᠠᠨ
ᠦᠭᠡ ᠪᠡᠷ ᠲᠤᠰᠠᠯᠠ᠃
ᠮᠠᠢ ᠭᠡᠳ ᠥᠭᠬᠦ ᠶᠠᠭᠤᠮ᠎ᠠ ᠦᠭᠡᠢ ᠪᠣᠯᠪᠠᠴᠤ
ᠮᠡᠨᠳᠦ ᠭᠡᠰᠡᠨ ᠦᠭᠡ ᠪᠡᠨ ᠬᠡᠯᠡᠵᠦ ᠪᠣᠢ᠃
ᠦᠭᠡ ᠪᠡᠷ ᠬᠠᠪᠰᠤᠷᠪᠠᠯ ᠥᠭᠡᠳᠡᠯᠡᠨ᠎ᠡ
ᠬᠥᠯ ᠢ᠋ᠶ᠋ᠡᠷ ᠬᠠᠪᠰᠤᠷᠪᠠᠯ ᠤᠨᠠᠨ᠎ᠠ᠃
ᠦᠬᠡᠷ ᠦ᠋ᠨ ᠨᠡᠮᠡᠷᠢ ᠡᠴᠡ
ᠦᠭᠡᠨ ᠦ᠌ ᠨᠡᠮᠡᠷᠢ᠃
ᠠᠮᠢᠨᠴᠢᠷ ᠬᠥᠮᠦᠨ ᠢ᠋ ᠪᠤᠤ ᠲᠤᠰᠠᠯᠠ
ᠠᠯᠵᠠᠭᠤ ᠬᠥᠮᠦᠨ ᠢ᠋ ᠪᠤᠤ ᠬᠠᠪᠰᠤᠷ
ᠮᠠᠭᠤ ᠳ᠋ᠤ᠌ ᠲᠤᠰᠠ ᠪᠤᠤ ᠬᠦᠷᠭᠡ
ᠰᠠᠢᠨ ᠳ᠋ᠤ᠌ ᠲᠣᠢᠳ ᠪᠤᠤ ᠬᠦᠷᠭᠡ᠃
ᠮᠠᠭᠤ ᠬᠥᠮᠦᠨ ᠢ᠋ ᠲᠡᠵᠢᠭᠡᠬᠦ ᠪᠡᠷ ᠢ᠋ᠶ᠋ᠡᠨ
ᠰᠠᠢᠨ ᠨᠣᠬᠠᠢ ᠲᠡᠵᠢᠭᠡ᠃
ᠮᠠᠭᠤ ᠬᠥᠮᠦᠨ ᠢ᠋ ᠡᠨᠡᠷᠢᠪᠡᠯ
ᠮᠣᠭᠠᠢ ᠡᠪᠦᠷᠯᠡᠭᠰᠡᠨ ᠲᠡᠢ ᠠᠳᠠᠯᠢ᠃
ᠨᠡᠭᠦᠷᠡᠰᠦ ᠵᠦᠯᠭᠦᠭᠡᠳ ᠥᠩᠭᠡ ᠭᠠᠷᠬᠤ ᠦᠭᠡᠢ
ᠨᠢᠭᠦᠯᠲᠡᠨ ᠢ᠋ ᠲᠡᠳᠬᠦᠭᠡᠳ ᠪᠤᠶᠠᠨ ᠪᠣᠯᠬᠤ ᠦᠭᠡᠢ᠃
ᠰᠠᠢᠨ ᠳ᠋ᠤ᠌ ᠠᠴᠢ ᠬᠦᠷᠭᠡᠪᠡᠯ ᠮᠠᠷᠲᠠᠬᠤ ᠦᠭᠡᠢ
ᠮᠠᠭᠤ ᠳ᠋ᠤ᠌ ᠲᠤᠰᠠ ᠬᠦᠷᠭᠡᠪᠡᠯ ᠮᠡᠳᠡᠬᠦ ᠦᠭᠡᠢ᠃
ᠮᠠᠭᠤ ᠬᠥᠮᠦᠨ ᠳ᠋ᠦ᠍ ᠬᠦᠷᠭᠡᠭᠰᠡᠨ ᠲᠤᠰᠠ
ᠬᠤᠵᠢᠷ ᠲᠠᠢ ᠭᠠᠵᠠᠷ ᠲᠠᠷᠢᠭᠰᠠᠨ ᠲᠠᠷᠢᠶ᠎ᠠ᠃
ᠡᠷᠭᠢᠬᠦ ᠳ᠋ᠦ᠍ ᠲᠤᠰᠠ ᠬᠢᠬᠦ ᠪᠡᠷ
ᠡᠯᠡᠰᠦᠨ ᠳ᠋ᠦ᠍ ᠲᠣᠰᠣ ᠬᠢᠭᠰᠡᠨ ᠳᠡᠭᠡᠷ᠎ᠡ
ᠠᠴᠢ ᠬᠡᠯᠡᠪᠡᠯ ᠲᠤᠰᠠ ᠬᠠᠷᠢᠨ᠎ᠠ
ᠠᠵᠢᠷᠭ᠎ᠠ ᠤᠨᠤᠪᠠᠯ ᠭᠡᠭᠦᠦ ᠬᠤᠰᠠᠷᠠᠨ᠎ᠠ᠃
ᠠᠴᠢᠶ᠎ᠠ ᠪᠠᠨ ᠭᠣᠭᠣᠵᠢᠭᠤᠯᠵᠤ ᠪᠠᠷᠠᠨ᠎ᠠ
ᠠᠴᠢ ᠪᠠᠨ ᠭᠠᠪᠢᠶᠠᠯᠠᠵᠤ ᠪᠠᠷᠠᠨ᠎ᠠ᠃
ᠠᠴᠢ ᠰᠠᠨᠠᠪᠠᠯ ᠤᠷᠤᠭᠤᠳᠠᠨ᠎ᠠ
ᠠᠴᠢ ᠬᠠᠷᠢᠭᠤᠯᠪᠠᠯ ᠥᠭᠡᠳᠡᠯᠡᠨ᠎ᠡ᠃
ᠡᠮᠨᠡᠪᠡᠯ ᠡᠳᠡᠭᠡᠲᠡᠯ᠎ᠡ
ᠲᠡᠳᠬᠦᠪᠡᠯ ᠲᠡᠩᠬᠡᠷᠡᠲᠡᠯ᠎ᠡ᠃
ᠰᠤᠨᠳᠠᠯᠠᠪᠠᠯ ᠭᠡᠷ ᠲᠦ᠍ ᠨᠢ ᠬᠦᠷᠲᠡᠯ᠎ᠡ
ᠲᠤᠰᠠᠯᠠᠪᠠᠯ ᠲᠤᠢᠯ ᠳ᠋ᠤ᠌ ᠨᠢ ᠲᠤᠯᠲᠠᠯ᠎ᠠ᠃
ᠬᠦᠵᠦᠭᠦᠨ ᠡᠴᠡ ᠵᠡᠭᠦᠭᠰᠡᠨ ᠪᠤᠷᠬᠠᠨ ᠭᠡᠭᠡᠬᠦ ᠡᠴᠡ ᠪᠢᠰᠢ
ᠬᠥᠮᠦᠨ ᠳ᠋ᠦ᠍ ᠥᠭᠭᠦᠭᠰᠡᠨ ᠶᠠᠭᠤᠮ᠎ᠠ ᠭᠡᠭᠡᠬᠦ ᠦᠭᠡᠢ᠃
ᠲᠤᠰᠠᠲᠤ ᠶᠠᠪᠤᠳᠠᠯ ᠢ᠋ ᠣᠯᠠᠨ ᠭᠡᠮᠡᠨ ᠪᠢᠲᠡᠭᠡᠢ ᠰᠠᠨᠳᠤᠷ
ᠬᠣᠣᠷᠲᠤ ᠦᠢᠯᠡᠰ ᠢ᠋ ᠥᠴᠦᠬᠡᠨ ᠭᠡᠮᠡᠨ ᠪᠤᠤ ᠰᠡᠳᠡ᠃
ᠠᠴᠢ ᠨᠢ ᠡᠮᠦᠨ᠎ᠡ ᠪᠡᠨ
ᠲᠤᠰᠠ ᠨᠢ ᠬᠣᠢᠨ᠎ᠠ ᠪᠠᠨ
ᠥᠪᠡᠷ ᠦ᠋ᠨ ᠲᠤᠰᠠ ᠪᠠᠨ ᠤᠷᠢᠳᠠᠪᠡᠷ ᠥᠭ
ᠨᠥᠬᠥᠷ ᠦ᠋ᠨ ᠲᠤᠰᠠ ᠶ᠋ᠢ ᠰᠡᠭᠦᠯ ᠳ᠋ᠦ᠍ ᠨᠢ ᠠᠪ᠃
ᠬᠥᠮᠦᠨ ᠦ᠌ ᠲᠤᠰᠠᠲᠠᠢ ᠨᠢ ᠰᠠᠢᠨ ᠦᠬᠡᠷ ᠦ᠋ᠨ ᠦᠰᠦᠲᠡᠢ ᠨᠢ ᠰᠠᠢᠨ᠃
ᠬᠥᠭᠰᠢᠨ ᠢ᠋ ᠦᠵᠡᠪᠡᠯ ᠬᠦᠨᠳᠦᠯᠡᠵᠦ ᠶᠠᠪᠤ
ᠬᠦᠴᠢᠷᠳᠡᠨ ᠢ᠋ ᠦᠵᠡᠪᠡᠯ ᠲᠤᠰᠠᠯᠠᠵᠤ ᠶᠠᠪᠤ᠃
ᠪᠡᠶ᠎ᠡ ᠶ᠋ᠢᠨ ᠠᠮᠤᠷ ᠢ᠋ ᠪᠤᠤ ᠬᠠᠷᠠ
ᠪᠤᠰᠤᠳ ᠲᠤ᠌ ᠲᠤᠰᠠᠯᠠᠬᠤ ᠶ᠋ᠢ ᠪᠤᠤ ᠮᠠᠷᠲᠠ᠃   
   ᠢᠷᠡᠯᠲᠡ᠄ ᠠᠷᠤ ᠬᠣᠷᠴᠢᠨ ᠤ᠋ ᠬᠠᠮ ᠵᠠᠭᠤᠴᠢᠯᠠᠭᠤᠷ ᠠ᠋ᠴᠠ ᠰᠡᠢᠷᠡᠭᠦᠯᠪᠡ᠃
   ᠦᠰᠦᠭ ᠠᠮᠢᠯᠠᠭᠤᠯᠤᠭᠰᠠᠨ ᠨᠢ᠄ ᠴᠢ᠊· ᠤᠷᠠᠨᠴᠡᠴᠡᠭ