ᠵᠣᠴᠢᠳ ᠡᠭᠦᠳᠬᠦ 3-ᠬᠣᠨᠢᠴᠢᠨ ᠦᠯᠵᠡᠢᠰᠦ᠋ᠷᠥᠩ
ᠳ᠋ᠣᠺᠲ᠋ᠣᠷ ᠬᠣᠨᠢᠴᠢᠨ ᠦᠯᠵᠡᠢᠰᠦ᠋ᠷᠥᠩ
ᠪᠢᠳᠡ ᠥᠩᠭᠡᠷᠡᠭᠰᠡᠨ ᠬᠢᠴᠢᠶᠡᠯ ᠦ᠋ᠳ ᠢ᠋ᠶ᠋ᠡᠷ ᠪᠡᠯᠡᠳᠬᠡᠯ ᠵᠣᠴᠢᠨ ᠢ᠋ ᠬᠡᠷᠬᠢᠨ ᠴᠣᠭᠯᠠᠭᠤᠬᠤ ᠂ ᠬᠡᠷᠬᠢᠨ ᠰᠢᠨ᠎ᠡ ᠵᠣᠴᠢᠨ ᠢ᠋ ᠲᠠᠲᠠᠬᠤ ᠲᠠᠯ᠎ᠠ ᠪᠠᠷ ᠰᠤᠷᠤᠯᠴᠠᠭᠰᠠᠨ ᠪᠢᠯᠡ᠃ ᠣᠳᠣ ᠪᠢᠳᠡ ᠵᠠᠯᠭᠠᠭᠠᠳ ᠰᠢᠨ᠎ᠡ ᠵᠣᠴᠢᠨ ᠢ᠋ᠶ᠋ᠠᠨ ᠬᠡᠷᠬᠢᠨ ᠮᠠᠨ ᠤ᠋ ᠲᠠᠨᠢᠯ ᠵᠣᠴᠢᠨ ᠪᠣᠯᠭᠠᠬᠤ ᠲᠠᠯ᠎ᠠ ᠪᠠᠷ ᠰᠤᠳᠤᠯᠬᠤ ᠪᠣᠯᠤᠨ᠎ᠠ᠃ ᠲᠠᠨᠢᠯ ᠵᠣᠴᠢᠨ ᠭᠡᠳᠡᠭ ᠪᠣᠯ ᠮᠠᠨ ᠤ᠋ ᠲᠠᠸᠠᠷ ᠢ᠋ ᠪᠠᠢᠩᠭᠤ ᠠᠪᠴᠤ ᠬᠡᠷᠡᠭᠯᠡᠳᠡᠭ ᠲᠡᠳᠡᠭᠡᠷ ᠬᠥᠮᠦᠰ ᠪᠣᠯᠬᠤ ᠶᠤᠮ᠃
ᠶᠠᠮᠠᠷ ᠨᠢᠭᠡᠨ ᠠᠵᠢᠯ ᠦᠢᠯᠡᠰ ᠤᠷᠲᠤ ᠤᠳᠠᠭᠠᠨ ᠬᠥᠭᠵᠢᠬᠦ ᠶ᠋ᠢ ᠵᠣᠷᠢᠳᠠᠭ ᠡᠴᠠ ᠨᠢᠳᠦᠨ ᠡᠮᠦᠨᠡᠬᠢ ᠠᠰᠢᠭ ᠢ᠋ ᠬᠥᠬᠡᠭᠡᠴᠢᠯᠳᠤᠳᠡᠭ ᠨᠢ ᠴᠥᠭᠡᠨ᠃ ᠡᠨᠡ ᠨᠢ ᠨᠢᠭᠡ ᠲᠠᠯ᠎ᠠ ᠪᠠᠷ ᠪᠢᠳᠡᠨ ᠢ᠋ ᠮᠠᠰᠢ ᠶᠡᠬᠡ ᠢᠲᠡᠭᠡᠯ ᠲᠡᠢ᠂ ᠲᠣᠭᠲᠠᠪᠤᠷᠢᠲᠠᠢ ᠠᠵᠢᠯᠯᠠᠬᠤ ᠶ᠋ᠢ ᠱᠠᠭᠠᠷᠳᠠᠳᠠᠭ ᠮᠥᠷᠲᠡᠭᠡᠨ ᠨᠥᠭᠦᠭᠡ ᠲᠠᠯ᠎ᠠ ᠪᠠᠷ ᠬᠡᠷᠡᠭᠯᠡᠭᠴᠢ ᠨᠠᠷ ᠴᠤ᠌ ᠡᠢᠮᠦᠷᠬᠦ ᠢᠲᠡᠭᠡᠯ ᠬᠦᠨᠳᠦ ᠲᠡᠢ᠂ ᠤᠷᠲᠤ ᠬᠤᠭᠤᠴᠠᠭᠠᠨ ᠳ᠋ᠤ᠌ ᠬᠡᠷᠡᠭᠯᠡᠬᠦ ᠪᠣᠯᠤᠮᠵᠢ ᠲᠠᠢ ᠲᠠᠸᠠᠷ ᠢ᠋ ᠣᠯᠬᠤ ᠶ᠋ᠢ ᠬᠦᠰᠡᠳᠡᠭ᠃ ᠡᠢᠮᠦᠷᠬᠦ ᠤᠷᠲᠤ ᠬᠤᠭᠤᠴᠠᠭᠠᠨ ᠳ᠋ᠤ᠌ ᠮᠠᠨ ᠤ᠋ ᠪᠦᠲᠦᠭᠡᠭᠰᠡᠨ ᠲᠠᠸᠠᠷ ᠢ᠋ ᠬᠡᠷᠡᠭᠯᠡᠳᠡᠭ ᠬᠥᠮᠦᠰ ᠪᠣᠯ ᠶᠠᠭᠠᠬᠢᠬᠤ ᠠᠷᠭ᠎ᠠ ᠦᠭᠡᠢ ᠪᠢᠳᠡᠨ ᠦ᠌ ᠲᠠᠨᠢᠯ ᠵᠣᠴᠢᠨ ᠪᠣᠯᠤᠨ᠎ᠠ᠃ ᠲᠡᠢᠮᠦ ᠡᠴᠡ ᠲᠠᠨᠢᠯ ᠵᠣᠴᠢᠨ ᠲᠠᠢ ᠪᠠᠢᠬᠤ ᠨᠢ ᠲᠠᠸᠠᠷ ᠢ᠋ᠶ᠋ᠠᠨ ᠦᠷᠭᠦᠯᠵᠢ ᠶ᠋ᠢᠨ ᠴᠢᠨᠠᠷ ᠲᠠᠢ ᠪᠣᠷᠣᠯᠠᠭᠤᠯᠵᠤ᠂ ᠠᠵᠢᠯ ᠦᠢᠯᠡᠰ ᠠᠰᠢᠭ ᠣᠷᠣᠯᠭ᠎ᠠ ᠲᠠᠢ ᠪᠠᠢᠬᠤ ᠶ᠋ᠢᠨ ᠴᠢᠬᠤᠯᠠ ᠪᠠᠲᠤᠯᠭ᠎ᠠ ᠪᠣᠯᠳᠠᠭ ᠃
ᠠᠵᠢᠯ ᠦᠢᠯᠡᠰ ᠦ᠋ᠨ ᠠᠰᠢᠭ ᠣᠷᠣᠯᠭ᠎ᠠ ᠭᠣᠣᠯ ᠨᠢ ᠵᠣᠴᠢᠨ ᠤ᠋ ᠪᠦᠬᠦ ᠥᠷᠲᠡᠭ ᠡᠴᠡ ᠢᠷᠡᠯᠲᠡᠢ᠃ ᠵᠣᠴᠢᠨ ᠤ᠋ ᠪᠦᠬᠦ ᠥᠷᠲᠡᠭ ᠭᠡᠳᠡᠭ ᠪᠣᠯ ᠵᠣᠴᠢᠨ ᠤ᠋ ᠮᠠᠨ ᠳ᠋ᠤ᠌ ᠣᠯᠭᠣᠵᠤ ᠪᠠᠢᠭ᠎ᠠ ᠠᠰᠢᠭ ᠬᠣᠨᠵᠢᠪᠤᠷᠢ ᠶ᠋ᠢ ᠵᠢᠭᠠᠵᠤ ᠪᠠᠢᠨ᠎ᠠ᠃ ᠲᠡᠢᠮᠦ ᠡᠴᠡ ᠵᠣᠴᠢᠨ ᠤ᠋ ᠪᠦᠬᠦ ᠥᠷᠲᠡᠭ ᠢ᠋ ᠮᠠᠨ ᠤ᠋ ᠭᠣᠣᠯ ᠬᠤᠳᠠᠯᠳᠤᠨ ᠠᠪᠤᠭᠴᠢ ᠪᠣᠯᠬᠤ ᠲᠠᠨᠢᠯ ᠵᠣᠴᠢᠨ ᠢ᠋ᠶ᠋ᠠᠷ ᠳᠠᠮᠵᠢᠨ ᠨᠡᠮᠡᠭᠳᠡᠭᠦᠯᠬᠦ ᠨᠢ ᠬᠠᠮᠤᠭ ᠤ᠋ᠨ ᠠᠰᠢᠭ ᠲᠠᠢ᠂ ᠦᠷ᠎ᠡ ᠳ᠋ᠦᠩ ᠲᠡᠢ ᠠᠵᠢᠯᠯᠠᠭ᠎ᠠ ᠪᠣᠯᠬᠤ ᠶᠤᠮ᠃ ᠵᠣᠴᠢᠨ ᠤ᠋ ᠪᠦᠬᠦ ᠥᠷᠲᠡᠭ ᠢ᠋ ᠣᠢᠯᠭᠠᠬᠤ ᠳ᠋ᠤ᠌ ᠲᠡᠭᠦᠨ ᠦ᠌ ᠲᠣᠮᠢᠶ᠎ᠠ ᠶ᠋ᠢ ᠮᠡᠳᠡᠬᠦ ᠬᠡᠷᠡᠭᠲᠡᠢ᠃ ᠳᠠᠷᠤᠢ ᠵᠣᠴᠢᠨ ᠤ᠋ ᠳᠤᠮᠳᠠᠴᠢ ᠴᠡᠪᠡᠷ ᠣᠷᠣᠯᠭ᠎ᠠ ᠶ᠋ᠢ ᠨᠡᠢᠲᠡ ᠬᠤᠳᠠᠯᠳᠤᠨ ᠠᠪᠤᠭᠰᠠᠨ ᠲᠣᠭ᠎ᠠ ᠪᠠᠷ ᠦᠷᠡᠵᠢᠭᠦᠯᠦᠭᠰᠡᠨ ᠦ᠌ ᠳ᠋ᠦᠩ ᠮᠥᠨ᠃ ᠠᠳᠠ ᠶᠠᠷᠢᠵᠤ ᠪᠠᠢᠭ᠎ᠠ ᠵᠣᠴᠢᠨ ᠤ᠋ ᠳᠤᠮᠳᠠᠴᠢ ᠴᠡᠪᠡᠷ ᠣᠷᠣᠯᠭ᠎ᠠ ᠭᠡᠳᠡᠭ ᠪᠣᠯ ᠮᠠᠨ ᠤ᠋ ᠡᠩ ᠦ᠋ᠨ ᠣᠢᠯᠭᠠᠯᠲᠠ ᠳ᠋ᠠᠬᠢ ᠬᠤᠳᠠᠯᠳᠤᠭᠰᠠᠨ ᠣᠷᠣᠯᠭ᠎ᠠ ᠠ᠋ᠴᠠ ᠥᠪᠡᠷ ᠦ᠋ᠨ ᠥᠷᠲᠡᠭ ᠢ᠋ ᠬᠠᠰᠤᠭᠠᠳ ᠭᠠᠷᠭᠠᠬᠤ ᠠ᠋ᠴᠠ ᠢᠯᠡᠭᠦᠦ ᠨᠢᠭᠡ ᠵᠣᠴᠢᠨ ᠢ᠋ ᠦᠯᠡᠳᠡᠭᠡᠬᠦ ᠵᠠᠷᠤᠳᠠᠯ ᠢ᠋ ᠨᠡᠮᠡᠵᠦ ᠬᠠᠰᠤᠳᠠᠭ᠃ ᠳᠠᠷᠤᠢ ᠡᠨᠡᠬᠦ ᠵᠣᠴᠢᠨ ᠢ᠋ ᠮᠠᠨ ᠤ᠋ ᠲᠠᠸᠠᠷ ᠢ᠋ ᠳᠠᠬᠢᠨ ᠠᠪᠤᠭᠤᠯᠬᠤ ᠂ ᠲᠠᠨᠢᠯ ᠵᠣᠴᠢᠨ ᠪᠣᠯᠭᠠᠬᠤ ᠳᠤ ᠵᠠᠷᠤᠴᠠᠭᠤᠯᠤᠭᠰᠠᠨ ᠵᠠᠷᠤᠳᠠᠯ ᠨᠡᠮᠡᠭᠳᠡᠳᠡᠭ᠃ ᠨᠡᠢᠲᠡ ᠬᠤᠳᠠᠯᠳᠤᠨ ᠠᠪᠤᠭᠰᠠᠨ ᠲᠣᠭ᠎ᠠ ᠭᠡᠳᠡᠭ ᠪᠣᠯ ᠵᠣᠴᠢᠨ ᠤ᠋ ᠢᠷᠡᠭᠰᠡᠨ ᠤᠳᠠᠭ᠎ᠠ ᠪᠣᠯᠤᠨ᠎ᠠ᠃ᠡᠢᠮᠦ ᠡᠴᠡ ᠵᠣᠴᠢᠨ ᠤ᠋ ᠪᠦᠬᠦ ᠥᠷᠲᠡᠭ ᠢ᠋ ᠨᠡᠮᠡᠭᠳᠡᠭᠦᠯᠬᠦ ᠳ᠋ᠦ᠍ ᠶᠠᠭᠠᠬᠢᠬᠤ ᠠᠷᠭ᠎ᠠ ᠦᠭᠡᠢ ᠲᠠᠨᠢᠯ ᠵᠣᠴᠢᠨ ᠢ᠋ ᠪᠣᠢ ᠪᠣᠯᠭᠠᠬᠤ ᠨᠢ ᠵᠠᠪᠠᠯ ᠱᠠᠭᠠᠷᠳᠠᠭᠳᠠᠬᠤ ᠵᠦᠢᠯ ᠮᠥᠨ᠃ ᠲᠠᠨᠢᠯ ᠵᠣᠴᠢᠨ ᠪᠠᠢᠵᠤ ᠰᠠᠶᠢ ᠢᠯᠡᠭᠦᠦ ᠬᠤᠳᠠᠯᠳᠤᠨ ᠠᠪᠤᠯᠲᠠ ᠪᠣᠢ ᠪᠣᠯᠳᠠᠭ᠃ ᠮᠥᠨ ᠳᠤᠮᠳᠠᠴᠢ ᠵᠣᠴᠢᠨ ᠢ᠋ ᠦᠯᠡᠳᠡᠭᠡᠬᠦ ᠵᠠᠷᠤᠳᠠᠯ ᠢ᠋ ᠭᠡᠮᠨᠡᠬᠦ ᠪᠣᠯᠤᠮᠵᠢ ᠲᠠᠢ ᠃ ᠲᠡᠭᠡᠪᠡᠯ ᠪᠣᠳᠠᠲᠠᠢ ᠶᠠᠮᠠᠷ ᠠᠷᠭ᠎ᠠ ᠤ᠋ᠳ ᠢ᠋ᠶ᠋ᠠᠷ ᠵᠣᠴᠢᠨ ᠤ᠋ ᠪᠦᠬᠦ ᠥᠷᠲᠡᠭ ᠢ᠋ ᠨᠡᠮᠡᠭᠳᠡᠭᠦᠯᠵᠦ ᠪᠣᠯᠬᠤ ᠪᠣᠢ?
ᠨᠢᠭᠡ ᠂ ᠬᠤᠳᠠᠯᠳᠤᠬᠤ ᠦᠨ᠎ᠡ ᠶ᠋ᠢ ᠥᠰᠬᠡᠬᠦ
ᠲᠠᠸᠠᠷ ᠤ᠋ᠨ ᠦᠨ᠎ᠡ ᠬᠡᠪ ᠦ᠋ᠨ ᠪᠠᠢᠳᠠᠯ ᠳ᠋ᠤ᠌ ᠬᠣᠶᠠᠷ ᠲᠣᠬᠢᠶᠠᠯᠳᠤᠯ ᠳ᠋ᠤ᠌ ᠵᠠᠪᠠᠯ ᠥᠰᠳᠡᠭ᠃ ᠨᠢᠭᠡ ᠨᠢ ᠲᠠᠸᠠᠷ ᠤ᠋ᠳ ᠬᠠᠩᠭᠠᠯᠭ᠎ᠠ ᠬᠡᠷᠡᠭᠴᠡᠭᠡᠨ ᠳ᠋ᠡᠭᠡᠨ ᠬᠦᠷᠬᠦ ᠦᠭᠡᠢ ᠪᠠᠢᠳᠠᠯ ᠳ᠋ᠤ᠌ ᠦᠨ᠎ᠡ ᠵᠠᠬ᠎ᠠ ᠳᠡᠯᠭᠡᠭᠦᠷ ᠦ᠋ᠨ ᠲᠣᠬᠢᠷᠠᠭᠤᠯᠭ᠎ᠠ ᠪᠠᠷ ᠳᠠᠮᠵᠢᠨ ᠥᠰᠳᠡᠭ᠃ ᠨᠥᠭᠦᠭᠡ ᠨᠢ ᠲᠠᠸᠠᠷ ᠢ᠋ ᠦᠢᠯᠡᠳᠪᠦᠷᠢᠯᠡᠬᠦ ᠳ᠋ᠦ᠍ ᠬᠡᠷᠡᠭᠰᠡᠬᠦ ᠮᠠᠲ᠋ᠧᠷᠢᠶᠠᠯ ᠤ᠋ᠨ ᠦᠨ᠎ᠡ ᠥᠰᠴᠦ᠂ ᠥᠪᠡᠷ ᠦ᠋ᠨ ᠥᠷᠲᠡᠭ ᠨᠡᠮᠡᠭᠳᠡᠭᠰᠡᠨ ᠪᠠᠢᠳᠠᠯ ᠳᠣᠣᠷ᠎ᠠ ᠦᠨ᠎ᠡ ᠥᠰᠬᠦ ᠱᠠᠭᠠᠷᠳᠠᠯᠭ᠎ᠠ ᠲᠠᠢ ᠪᠣᠯᠳᠠᠭ᠃ ᠡᠨᠡ ᠲᠣᠬᠢᠶᠠᠯᠳᠤᠯ ᠳ᠋ᠤ᠌ ᠬᠡᠷᠪᠡ ᠦᠨ᠎ᠡ ᠥᠰᠬᠦ ᠦᠭᠡᠢ ᠪᠣᠯ ᠠᠳᠠᠯᠢᠬᠠᠨ ᠴᠢᠨᠠᠷ ᠲᠠᠢ ᠲᠠᠸᠠᠷ ᠢ᠋ ᠦᠢᠯᠡᠳᠪᠦᠷᠢᠯᠡᠬᠦ ᠳ᠋ᠦ᠍ ᠬᠦᠴᠢᠷ ᠪᠣᠯᠵᠤ᠂ ᠮᠠᠨ ᠤ᠋ ᠲᠠᠸᠠᠷ ᠢ᠋ ᠭᠣᠣᠯ ᠬᠡᠷᠡᠭᠯᠡᠭᠴᠢ ᠪᠣᠯᠬᠤ ᠲᠠᠨᠢᠯ ᠵᠣᠴᠢᠨ ᠢ᠋ ᠬᠣᠬᠢᠷᠠᠭᠤᠯᠵᠤ᠂ ᠴᠢᠨᠠᠭᠰᠢᠯᠠᠨ ᠵᠣᠴᠢᠨ ᠢ᠋ᠶ᠋ᠠᠠ ᠠᠯᠳᠠᠵᠤ ᠮᠡᠳᠡᠨ᠎ᠡ᠃ ᠡᠢᠮᠦ ᠡᠴᠡ ᠴᠢᠬᠤᠯᠠ ᠲᠠᠢ ᠦᠶ᠎ᠡ ᠳ᠋ᠦ᠍ ᠲᠠᠸᠠᠷ ᠤ᠋ᠨ ᠦᠨ᠎ᠡ ᠶ᠋ᠢ ᠥᠰᠬᠡᠬᠦ ᠨᠢ ᠲᠠᠸᠠᠷ ᠤ᠋ᠨ ᠶᠠᠰᠤ ᠴᠢᠨᠠᠷ ᠢ᠋ ᠪᠠᠲᠤᠯᠠᠵᠤ᠂ ᠲᠠᠨᠢᠯ ᠵᠣᠴᠢᠨ ᠢ᠋ ᠪᠡᠨ ᠬᠠᠮᠠᠭᠠᠯᠠᠬᠤ ᠦᠢᠯᠡᠳᠦᠯ ᠲᠡᠢ᠃
ᠬᠣᠶᠠᠷ ᠂ ᠪᠤᠰᠤᠳ ᠲᠠᠸᠠᠷ ᠢ᠋ ᠬᠤᠳᠠᠯᠳᠤᠬᠤ
ᠪᠢᠳᠡ ᠲᠠᠨᠢᠯ ᠵᠣᠴᠢᠨ ᠲᠠᠢ ᠪᠠᠢᠨ᠎ᠠ ᠭᠡᠳᠡᠭ ᠪᠣᠯ ᠪᠢᠳᠡ ᠪᠣᠯᠤᠨ ᠪᠢᠳᠡᠨ ᠦ᠌ ᠲᠠᠸᠠᠷ ᠵᠣᠴᠢᠨ ᠤ᠋ ᠬᠡᠷᠡᠭᠴᠡᠭᠡ ᠱᠠᠭᠠᠷᠳᠠᠯᠭ᠎ᠠ ᠳ᠋ᠤ᠌ ᠨᠡᠢᠴᠡᠵᠦ ᠪᠠᠢᠬᠤ ᠮᠥᠷᠲᠡᠭᠡᠨ ᠵᠣᠴᠢᠳ ᠤ᠋ᠨ ᠢᠲᠡᠭᠡᠯ ᠬᠦᠯᠢᠶᠡᠵᠦ ᠪᠠᠢᠭ᠎ᠠ ᠶ᠋ᠢᠨ ᠢᠯᠡᠷᠡᠯ ᠮᠥᠨ᠃ ᠡᠨᠡ ᠪᠠᠢᠳᠠᠯ ᠳᠣᠣᠷ᠎ᠠ ᠪᠢᠳᠡ ᠪᠤᠰᠤᠳ ᠴᠢᠨᠠᠷ ᠲᠠᠢ᠂ ᠬᠡᠷᠡᠭᠴᠡᠭᠡ ᠲᠡᠢ ᠲᠠᠸᠠᠷ ᠢ᠋ ᠳᠠᠭᠠᠯᠳᠠᠭᠤᠯᠤᠨ ᠬᠤᠳᠠᠯᠳᠤᠬᠤ ᠨᠢ ᠵᠣᠴᠢᠳ ᠤ᠋ᠨ ᠬᠡᠷᠡᠭᠴᠡᠭᠡ ᠱᠠᠭᠠᠷᠳᠠᠯᠭ᠎ᠠ ᠳ᠋ᠤ᠌ ᠨᠡᠢᠴᠡᠬᠦ ᠪᠡᠷ ᠪᠠᠷᠠᠬᠤ ᠦᠭᠡᠢ᠂ ᠵᠣᠴᠢᠳ ᠴᠤ᠌ ᠢᠲᠡᠭᠡᠯ ᠲᠡᠢ ᠭᠠᠵᠠᠷ ᠠ᠋ᠴᠠ ᠪᠠᠨ ᠬᠡᠷᠡᠭ ᠲᠡᠢ ᠵᠦᠢᠯ ᠢ᠋ᠶ᠋ᠡᠨ ᠰᠠᠨᠠᠭ᠎ᠠ ᠠᠮᠤᠷ ᠠᠪᠴᠤ ᠬᠡᠷᠡᠭᠯᠡᠬᠦ ᠶᠦᠮ᠃ ᠡᠨᠡ ᠨᠢ ᠪᠢᠳᠡᠨ ᠳ᠋ᠦ᠍ ᠠᠪᠴᠤ ᠬᠡᠯᠡᠪᠡᠯ ᠨᠢᠭᠡ ᠵᠣᠴᠢᠨ ᠳᠡᠭᠡᠷ᠎ᠡ ᠡᠴᠡ ᠣᠯᠬᠤ ᠳᠤᠮᠳᠠᠴᠢ ᠴᠡᠪᠡᠷ ᠣᠷᠣᠯᠭ᠎ᠠ ᠶ᠋ᠢ ᠨᠡᠮᠡᠭᠳᠡᠭᠦᠯᠵᠦ ᠂ ᠵᠣᠴᠢᠨ ᠤ᠋ ᠪᠦᠬᠦ ᠥᠷᠲᠡᠭ ᠢ᠋ ᠨᠡᠮᠡᠭᠳᠡᠭᠦᠯᠵᠦ ᠴᠢᠳᠠᠨ᠎ᠠ᠃
ᠭᠤᠷᠪᠠ ᠂ ᠬᠤᠳᠠᠯᠳᠤᠨ ᠠᠪᠬᠤ ᠳᠠᠪᠲᠠᠮᠵᠢ ᠶ᠋ᠢ ᠨᠡᠮᠡᠭᠳᠡᠭᠦᠯᠬᠦ
ᠰᠤᠳᠤᠯᠭᠠᠨ ᠢ᠋ ᠦᠨᠳᠦᠰᠦᠯᠡᠪᠡᠯ᠂ ᠨᠢᠭᠡ ᠰᠢᠨ᠎ᠡ ᠵᠣᠴᠢᠨ ᠢ᠋ ᠣᠯᠬᠤ ᠳ᠋ᠤ᠌ ᠵᠠᠷᠤᠴᠠᠭᠤᠯᠬᠤ ᠥᠷᠲᠡᠭ ᠨᠢ᠂ ᠨᠢᠭᠡ ᠲᠠᠨᠢᠯ ᠵᠣᠴᠢᠨ ᠢ᠋ ᠬᠠᠮᠠᠭᠠᠯᠠᠬᠤ ᠳ᠋ᠤ᠌ ᠵᠠᠷᠤᠴᠠᠭᠤᠯᠬᠤ ᠥᠷᠲᠡᠭ ᠡᠴᠡ ᠨᠠᠢ᠍ᠮᠠ ᠳᠠᠬᠢᠨ ᠶᠡᠬᠡ ᠪᠠᠢᠳᠠᠭ᠃ ᠡᠢᠮᠦ ᠡᠴᠡ ᠪᠢᠳᠡ ᠲᠠᠨᠢᠯ ᠵᠣᠴᠢᠨ ᠢ᠋ᠶ᠋ᠡᠨ ᠬᠠᠮᠠᠭᠠᠯᠠᠵᠤ ᠬᠤᠳᠠᠯᠳᠤᠨ ᠠᠪᠬᠤ ᠳᠠᠪᠲᠠᠮᠵᠢ ᠶ᠋ᠢ ᠨᠡᠮᠡᠭᠳᠡᠭᠦᠯᠬᠦ ᠨᠢ ᠰᠢᠭᠤᠳ ᠵᠣᠴᠢᠨ ᠤ᠋ ᠪᠦᠬᠦ ᠥᠷᠲᠡᠭ ᠢ᠋ ᠦᠷᠡᠵᠢᠭᠦᠯᠬᠦ ᠦᠢᠯᠡᠳᠦᠯ ᠢ᠋ᠶ᠋ᠡᠷ ᠨᠡᠮᠡᠭᠳᠡᠭᠦᠯᠵᠦ᠂ ᠪᠠᠰᠠ ᠵᠣᠴᠢᠨ ᠢ᠋ ᠦᠯᠡᠳᠡᠭᠡᠬᠦ ᠵᠠᠷᠤᠳᠠᠯ ᠢ᠋ ᠭᠡᠮᠨᠡᠳᠡᠭ᠃ ᠲᠠᠨᠢᠯ ᠵᠣᠴᠢᠨ ᠠᠷᠪᠢᠳᠠᠬᠤ ᠨᠢ ᠪᠤᠴᠠᠭᠠᠳ ᠪᠢᠳᠡᠨ ᠲᠠᠸᠠᠷ ᠤ᠋ᠨ ᠢᠲᠡᠭᠡᠯ ᠬᠦᠨᠳᠦ ᠶ᠋ᠢ ᠤᠯᠠᠮ ᠨᠡᠮᠡᠭᠳᠡᠭᠦᠯᠵᠦ᠂ ᠰᠢᠨ᠎ᠡ ᠵᠣᠴᠢᠨ ᠲᠠᠲᠠᠵᠤ ᠠᠪᠴᠢᠷᠠᠬᠤ ᠪᠣᠯᠤᠮᠵᠢ ᠭᠠᠷᠴᠤ ᠢᠷᠡᠳᠡᠭ᠃ ᠲᠡᠢᠮᠦ ᠡᠴᠡ ᠲᠠᠨᠢᠯ ᠵᠣᠴᠢᠨ ᠢ᠋ ᠬᠡᠷᠬᠢᠨ ᠥᠪᠡᠷ ᠦ᠋ᠨ ᠣᠢᠷ᠎ᠠ ᠬᠠᠪᠢ ᠳ᠋ᠠᠭᠠᠨ ᠪᠠᠢᠯᠭᠠᠵᠤ᠂ ᠬᠡᠷᠡᠭᠴᠡᠭᠡ ᠱᠠᠭᠠᠷᠳᠠᠯᠭ᠎ᠠ ᠶ᠋ᠢ ᠨᠢ ᠢᠯᠡᠭᠦᠦ ᠮᠡᠳᠡᠵᠦ᠂ ᠰᠠᠨᠠᠯ ᠰᠠᠨᠠᠭᠤᠯᠭ᠎ᠠ ᠶ᠋ᠢ ᠨᠢ ᠰᠣᠨᠣᠰᠬᠤ ᠨᠢ ᠪᠢᠳᠡᠨ ᠦ᠌ ᠲᠠᠸᠠᠷ ᠤ᠋ᠨ ᠶᠠᠰᠤ ᠴᠢᠨᠠᠷ ᠢ᠋ᠶ᠋ᠠᠨ ᠤᠯᠠᠮ ᠨᠡᠮᠡᠭᠳᠡᠭᠦᠯᠵᠦ᠂ ᠦᠷ᠎ᠡ ᠠᠰᠢᠭ ᠢ᠋ᠶ᠋ᠠᠨ ᠥᠰᠬᠡᠵᠦ᠂ ᠠᠷᠠᠯᠵᠢᠶ᠎ᠠ ᠬᠤᠳᠠᠯᠳᠤᠭ᠎ᠠ ᠪᠠᠨ ᠰᠠᠢᠵᠢᠷᠠᠭᠤᠯᠬᠤ ᠳ᠋ᠤ᠌ ᠴᠢᠬᠤᠯᠠ ᠦᠢᠯᠡᠳᠦᠯ ᠲᠡᠢ᠃
ᠠᠷᠠᠯᠵᠢᠶ᠎ᠠ ᠬᠤᠳᠠᠯᠳᠤᠭᠠᠨ ᠤ᠋ ᠠᠰᠢᠭ ᠣᠷᠣᠯᠭ᠎ᠠ ᠶ᠋ᠢ ᠨᠡᠮᠡᠭᠳᠡᠭᠦᠯᠬᠦ ᠳ᠋ᠦ᠍ ᠵᠣᠴᠢᠨ ᠤ᠋ ᠪᠦᠬᠦ ᠥᠷᠲᠡᠭ ᠢ᠋ ᠨᠡᠮᠡᠭᠳᠡᠭᠦᠯᠬᠦ ᠬᠡᠷᠡᠭ ᠲᠡᠢ᠃ ᠡᠭᠦᠨ ᠳ᠋ᠦ᠍ ᠵᠣᠴᠢᠨ ᠮᠠᠰᠢ ᠴᠢᠬᠤᠯᠠ᠂ ᠲᠡᠷᠡ ᠳᠣᠳᠣᠮ ᠲᠠᠨᠢᠯ ᠵᠣᠴᠢᠨ ᠤ᠋ ᠡᠭᠦᠷᠭᠡ ᠬᠠᠮᠤᠭ ᠶᠡᠬᠡ ᠪᠠᠢᠳᠠᠭ᠃ ᠲᠡᠢᠮᠦ ᠡᠴᠡ ᠪᠢᠳᠡ ᠠᠷᠭ᠎ᠠ ᠪᠦᠬᠦᠨ ᠢ᠋ ᠰᠦᠪᠡᠭᠴᠢᠯᠡᠵᠦ ᠪᠠᠢᠭᠠᠳ ᠲᠠᠨᠢᠯ ᠵᠣᠴᠢᠨ ᠢ᠋ ᠪᠡᠨ ᠬᠠᠮᠠᠭᠠᠯᠠᠬᠤ ᠪᠣᠯ᠂ ᠥᠪᠡᠷ ᠦ᠋ᠨ ᠲᠠᠸᠠᠷ ᠤ᠋ᠨ ᠪᠣᠷᠣᠯᠠᠭᠤᠯᠭ᠎ᠠ ᠪᠠᠨ ᠨᠡᠮᠡᠭᠳᠡᠭᠦᠯᠵᠦ᠂ ᠠᠰᠢᠭ ᠣᠷᠣᠯᠭ᠎ᠠ ᠪᠠᠨ ᠥᠷᠭᠡᠵᠢᠭᠦᠯᠬᠦ ᠬᠠᠮᠤᠭ ᠤ᠋ᠨ ᠠᠰᠢᠭ ᠲᠠᠢ ᠵᠠᠮ ᠮᠥᠨ᠃
ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ
