ᠨᠠᠮᠤᠷ ᠤ᠋ᠨ ᠬᠤᠷ᠎ᠠ-ᠭᠦᠩᠭᠠᠷНамрын хур– Гүнгар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠮᠤᠷ ᠤ᠋ᠨ ᠬᠤᠷ᠎ᠠ-ᠭᠦᠩᠭᠠᠷНамрын хур– Гүнгар

ᠨᠠᠮᠤᠷ ᠤ᠋ᠨ ᠬᠤᠷ᠎ᠠ-ᠭᠦᠩᠭᠠᠷНамрын хур– Гүнгар

2025-08-25

2184

ᠨᠠᠮᠤᠷ ᠤ᠋ᠨ ᠬᠤᠷ᠎ᠠ

     ᠵᠣᠬᠢᠶᠠᠭᠴᠢ᠄ ᠭᠦᠩᠭᠠᠷ 
     ᠤᠶᠠᠩᠭᠠᠯᠠᠭᠴᠢ᠄ ᠰᠡᠳᠮᠠᠨᠢ 

ᠨᠠᠮᠤᠷ ᠢ᠋ᠶ᠋ᠠᠷ ᠪᠠᠭᠤᠭᠰᠠᠨ ᠰᠤᠪᠤᠳ ᠤ᠋ᠨ ᠬᠡᠯᠬᠢᠶ᠎ᠡ 
ᠨᠠᠢᠵᠠ ᠪᠠᠨ ᠰᠠᠨᠠᠭᠰᠠᠨ ᠬᠠᠢᠷ᠎ᠠ ᠶ᠋ᠢᠨ ᠰᠢᠪᠡᠨᠡᠭᠡ 
ᠨᠠᠪᠴᠢᠰ ᠳᠡᠪᠵᠢᠶᠡᠷᠡᠭᠰᠡᠨ ᠰᠢᠷᠭᠠᠯ ᠣᠷᠴᠢᠨ 
ᠨᠠᠢᠷᠠᠯ ᠳᠠᠭᠤᠨ ᠤ᠋ ᠰᠣᠳᠣᠨ ᠠᠶᠠᠯᠭᠤ ᠠ᠋! 

ᠰᠥᠨᠢᠵᠢᠨ ᠦᠷᠭᠦᠯᠵᠢᠯᠡᠭᠰᠡᠨ ᠵᠡᠭᠦᠳᠦᠨ ᠴᠥᠷᠬᠡᠯᠡᠭᠡ 
ᠰᠦᠯᠳᠡ ᠮᠠᠨᠳᠠᠭᠠᠭᠰᠠᠨ ᠪᠣᠰᠤᠭ᠎ᠠ ᠤᠶᠠᠩᠭ᠎ᠠ 
ᠰᠦ ᠠᠩᠬᠢᠯᠤᠭᠰᠠᠨ ᠲᠡᠭᠷᠢ ᠶ᠋ᠢᠨ ᠬᠡᠰᠢᠭ 
ᠰᠥᠰᠥ ᠡᠷᠴᠢᠯᠡᠭᠰᠡᠨ ᠠᠶᠠᠨ ᠤ᠋ ᠴᠤᠪᠤᠭ᠎ᠠ ᠠ᠋!

ᠴᠢᠭᠢᠭ ᠡᠴᠡ ᠬᠤᠷᠠᠭᠰᠠᠨ ᠤᠰᠤᠨ ᠳᠠᠪᠠᠯᠭᠠᠨ
ᠴᠡᠴᠡᠭᠡᠰ ᠲᠦ᠍ ᠬᠦᠷᠭᠡᠭᠰᠡᠨ ᠠᠮᠢᠨ ᠰᠢᠨᠳᠠᠰᠤ
ᠴᠢᠬᠡ ᠬᠠᠷᠠᠭᠰᠠᠨ ᠰᠡᠳᠬᠢᠯ ᠦ᠋ᠨ ᠴᠢᠪᠬᠠᠳᠠᠰᠤ
ᠴᠡᠭᠡ ᠦᠨᠦᠷᠲᠦᠭᠰᠡᠨ ᠰᠠᠴᠤᠯᠢ ᠶ᠋ᠢᠨ ᠳᠡᠭᠡᠵᠢ ᠠ᠋!

ᠡᠭᠦᠯᠡ ᠬᠥᠯᠭᠡᠯᠡᠭᠰᠡᠨ ᠯᠤᠤᠰ ᠤ᠋ᠨ ᠬᠠᠭᠠᠨ
ᠡᠰᠡᠨᠢᠯ ᠬᠤᠷᠤᠢᠯᠠᠭᠰᠠᠨ ᠬᠤᠷ᠎ᠠ ᠶ᠋ᠢᠨ ᠰᠢᠪᠡᠷᠡᠭᠡ
ᠡᠷᠬᠡᠰ ᠲᠡᠭᠷᠢ ᠶ᠋ᠢᠨ ᠡᠯᠪᠡᠷᠢᠯ ᠦ᠋ᠨ ᠠᠳᠢᠰ
ᠡᠷᠳᠡᠨᠢ ᠡᠪᠦᠷᠳᠦᠭᠦᠯᠦᠭᠰᠡᠨ ᠪᠤᠶᠠᠨ ᠵᠠᠶᠠᠭ᠎ᠠ ᠠ᠋!

ᠬᠦᠰᠡᠯ ᠢ᠋ᠶ᠋ᠡᠷ ᠰᠣᠯᠣᠩᠭᠠᠷᠠᠭᠰᠠᠨ ᠲᠣᠰᠣᠲᠤ ᠬᠠᠷᠭᠤᠢ
ᠬᠥᠳᠡᠯᠮᠦᠷᠢ ᠪᠡᠷ ᠠᠷᠢᠭᠤᠰᠤᠭᠰᠠᠨ ᠮᠥᠩᠭᠥᠨ ᠬᠥᠮᠥᠷᠭᠡ
ᠬᠥᠨᠥᠭ ᠲᠦ᠍ ᠪᠢᠯᠬᠠᠷᠠᠭᠰᠠᠨ ᠠᠮᠲᠠᠲᠤ ᠰᠠᠭᠭᠠᠰᠤ
ᠬᠦᠯᠦᠭ ᠭᠣᠪᠢᠯᠳᠠᠭᠰᠠᠨ ᠥᠩᠰᠢᠭ ᠨᠠᠮᠤᠷ ᠠ᠋!

     ᠦᠰᠦᠭ ᠠᠮᠢᠯᠠᠭᠤᠯᠤᠭᠴᠢ᠄ ᠠᠯᠲᠠᠨᠴᠢᠮᠡᠭ
     ᠦᠰᠦᠭ ᠬᠠᠳᠠᠭᠴᠢ᠄ ᠠᠯᠲᠠᠨᠴᠢᠮᠡᠭ
     ᠬᠢᠨᠠᠭᠴᠢ᠄ ᠭᠦᠩᠭᠠᠷ