ᠬᠠᠩᠭᠢᠨ ᠨᠤᠲᠤᠭ ᠤ᠋ᠨ ᠨᠠᠮᠤᠷ -ᠭᠦᠩᠭᠠᠷ Хангин нутгийн намар– Гүнгар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠩᠭᠢᠨ ᠨᠤᠲᠤᠭ ᠤ᠋ᠨ ᠨᠠᠮᠤᠷ -ᠭᠦᠩᠭᠠᠷ Хангин нутгийн намар– Гүнгар

ᠬᠠᠩᠭᠢᠨ ᠨᠤᠲᠤᠭ ᠤ᠋ᠨ ᠨᠠᠮᠤᠷ -ᠭᠦᠩᠭᠠᠷ Хангин нутгийн намар– Гүнгар

2025-08-24

1312

ᠬᠠᠩᠭᠢᠨ ᠨᠤᠲᠤᠭ ᠤ᠋ᠨ ᠨᠠᠮᠤᠷ

      ᠵᠣᠬᠢᠶᠠᠭᠴᠢ᠄ ᠭᠦᠩᠭᠠᠷ 
      ᠤᠶᠠᠩᠭᠠᠯᠠᠭᠴᠢ᠄ ᠰᠡᠳᠮᠠᠨᠢ 

ᠨᠠᠢᠷᠠᠭ ᠢ᠋ᠶ᠋ᠠᠷ ᠰᠠᠭᠭᠠᠭᠰᠠᠨ ᠰᠢᠮ᠎ᠡ ᠶ᠋ᠢᠨ ᠣᠬᠢ ᠶ᠋ᠢ 
ᠨᠠᠳᠠᠳᠤ ᠬᠦᠷᠲᠡᠭᠡᠭᠰᠡᠨ ᠥᠩᠰᠢᠭ ᠨᠠᠮᠤᠷ 
ᠨᠠᠯᠠᠭᠠᠷ ᠬᠠᠩᠭᠢᠨ  ᠤ᠋ ᠤᠶᠠᠩᠭ᠎ᠠ ᠶ᠋ᠢᠨ ᠬᠣᠷᠸ᠎ᠠ ᠳ᠋ᠤ᠌ 
ᠨᠠᠰᠤᠨ ᠤ᠋ ᠦᠢᠯᠡᠰ ᠢ᠋ᠶ᠋ᠡᠨ ᠳᠥᠷᠥᠭᠡᠯᠡᠭᠰᠡᠨ ᠨᠠᠮᠤᠷ 

ᠲᠡᠨᠢᠭᠡᠷ ᠲᠠᠯ᠎ᠠ ᠶ᠋ᠢᠨ ᠣᠩᠭᠣᠨ ᠦᠵᠡᠮᠵᠢ ᠳ᠋ᠦ᠍ 
ᠲᠡᠯᠡᠬᠦ ᠬᠠᠷᠠᠭᠠᠰᠤ ᠪᠠᠨ ᠡᠷᠴᠢᠯᠡᠭᠰᠡᠨ ᠨᠠᠮᠤᠷ 
ᠲᠡᠩᠬᠡᠯᠡᠭᠦᠨ ᠵᠢᠷᠭᠠᠯᠲᠤ ᠬᠠᠩᠭᠢᠨ ᠨᠤᠲᠤᠭ ᠠ᠋ᠴᠠ 
ᠲᠡᠷᠲᠡᠭᠡ ᠳ᠋ᠦ᠍ ᠳᠡᠭᠦᠯᠢᠬᠦ ᠠᠶᠠᠨ ᠤ᠋ ᠨᠠᠮᠤᠷ 

ᠤᠳᠤᠮ ᠤ᠋ᠨ ᠵᠠᠯᠭᠠᠭ᠎ᠠ ᠲᠠᠢ ᠮᠣᠩᠭᠣᠯ ᠲᠦᠮᠡᠨ ᠦ᠌ 
ᠤᠬᠠᠭᠠᠨ ᠢ᠋ᠶ᠋ᠠᠷ ᠱᠠᠭᠢᠬᠤ ᠪᠦᠲᠦᠭᠡᠯ ᠦ᠋ᠨ ᠨᠠᠮᠤᠷ 
ᠣᠨᠳᠣᠷᠣᠯ ᠤ᠋ᠨ ᠡᠬᠢ ᠲᠡᠢ ᠬᠠᠩᠭᠢᠨ ᠵᠣᠬᠢᠶᠠᠯᠴᠢᠳ ᠢ᠋ᠶ᠋ᠠᠨ
ᠣᠷᠣᠭᠰᠢ ᠪᠠᠨ ᠬᠥᠲᠥᠯᠦᠭᠰᠡᠨ ᠡᠵᠢ ᠨᠠᠮᠤᠷ

ᠶᠠᠷᠢᠭᠠᠳ ᠪᠠᠷᠠᠰᠢ ᠦᠭᠡᠢ ᠦᠯᠢᠭᠡᠷ ᠦ᠋ᠨ ᠤᠭᠤᠲᠠ ᠠ᠋ᠴᠠ
ᠬᠡᠯᠡ ᠪᠡᠨ ᠬᠤᠷᠴᠠᠯᠠᠭᠰᠠᠨ ᠣᠯᠵᠠᠷᠬᠠᠭ ᠨᠠᠮᠤᠷ
ᠶᠠᠭᠠᠨ ᠴᠡᠴᠡᠭ ᠦ᠋ᠨ ᠳᠡᠯᠪᠢ ᠨᠠᠬᠢᠯᠵᠠᠭᠰᠠᠨ
ᠬᠡᠰᠢᠭ ᠬᠤᠷᠤᠢᠯᠠᠭᠰᠠᠨ ᠥᠯᠵᠡᠢᠲᠦ ᠨᠠᠮᠤᠷ

ᠲᠡᠭᠷᠢᠯᠢᠭ ᠪᠢᠴᠢᠭ ᠢ᠋ᠶ᠋ᠡᠷ ᠢᠵᠢᠯᠢᠰᠢᠨ ᠳᠠᠰᠤᠭᠰᠠᠨ
ᠲᠡᠮᠳᠡᠭ ᠲᠣᠳᠣᠷᠠᠭᠤᠨ ᠦᠢᠯᠡᠰᠴᠢ ᠨᠠᠮᠤᠷ
ᠲᠡᠷᠡ ᠬᠣᠯᠠ ᠶ᠋ᠢᠨ ᠰᠠᠯᠬᠢᠨ ᠦᠨᠦᠰᠴᠦ
ᠲᠠᠮᠠᠭᠠᠯᠠᠵᠤ ᠬᠣᠴᠣᠷᠭᠠᠭᠰᠠᠨ ᠨᠠᠨᠳᠢᠨ ᠨᠠᠮᠤᠷ

ᠰᠠᠷᠠᠨ ᠲᠡᠷᠭᠡᠯᠰᠢᠭᠰᠡᠨ ᠬᠦᠰᠡᠯ ᠦ᠋ᠨ ᠬᠠᠷᠭᠤᠢ ᠳ᠋ᠤ᠌
ᠰᠠᠨᠠᠭ᠎ᠠ ᠬᠣᠷᠭᠣᠳᠠᠭᠤᠯᠤᠭᠰᠠᠨ ᠵᠡᠭᠦᠳᠦᠨ ᠨᠠᠮᠤᠷ
ᠰᠠᠷᠠᠯᠠᠩ ᠮᠢᠷᠠᠯᠵᠠᠭᠰᠠᠨ ᠬᠠᠩᠭᠢᠨ ᠨᠤᠲᠤᠭ ᠠ᠋ᠴᠠ ᠪᠠᠨ
ᠰᠠᠯᠵᠤ ᠶᠠᠳᠠᠭᠰᠠᠨ ᠰᠢᠪᠡᠨᠡᠯ ᠦ᠋ᠨ ᠨᠠᠮᠤᠷ

ᠣᠴᠢᠬᠤ ᠮᠠᠷᠭᠠᠰᠢ ᠶ᠋ᠢᠨ ᠬᠥᠭᠵᠢᠯ ᠢ᠋ ᠪᠡᠯᠭᠡᠳᠡᠭᠰᠡᠨ
ᠣᠩᠭᠣᠨ ᠪᠠᠢᠭᠠᠯᠢᠯᠢᠭ ᠪᠠᠶᠠᠨ ᠨᠠᠮᠤᠷ
ᠰᠢᠨ᠎ᠡ ᠵᠠᠭᠤᠨ ᠤ᠋ ᠡᠷᠴᠢ ᠶ᠋ᠢ ᠴᠢᠩᠭᠠᠯᠠᠭᠰᠠᠨ
ᠰᠢᠳᠢᠲᠦ ᠬᠠᠩᠭᠢᠨ ᠤ᠋ ᠤᠪᠠᠳᠢᠰᠲᠤ ᠨᠠᠮᠤᠷ ᠠ᠋!

        ᠦᠰᠦᠭ ᠬᠠᠳᠠᠭᠴᠢ᠄ ᠠᠯᠲᠠᠨᠴᠢᠮᠡᠭ
        ᠦᠰᠦᠭ ᠠᠮᠢᠯᠠᠭᠤᠯᠤᠭᠴᠢ᠄ ᠠᠯᠲᠠᠨᠴᠢᠮᠡᠭ
        ᠬᠢᠨᠠᠭᠴᠢ᠄ ᠭᠦᠩᠭᠠᠷ