ᠳᠠᠯᠠᠨ ᠲᠣᠪᠴᠢДалан товчDalan tovch ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠯᠠᠨ ᠲᠣᠪᠴᠢДалан товчDalan tovch

ᠳᠠᠯᠠᠨ ᠲᠣᠪᠴᠢДалан товчDalan tovch

2025-08-23

143

ᠳᠠᠯᠠᠨ ᠲᠣᠪᠴᠢ

   ᠲᠤᠰ ᠡᠮ ᠪᠣᠯ ᠬᠠᠪᠤᠷᠰᠢᠯ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠳᠠᠯᠠᠨ ᠲᠣᠪᠴᠢ ᠶ᠋ᠢᠨ ᠬᠠᠲᠠᠭᠠᠭᠰᠠᠨ ᠪᠦᠬᠦᠯᠢ ᠡᠪᠡᠰᠦ ᠮᠥᠨ᠃ ᠪᠠᠰᠠ ᠶᠡᠷᠮᠤᠲ᠋ᠠᠩ ᠭᠡᠳᠡᠭ᠃
   [ ᠤᠤᠯ ᠤᠷᠭᠤᠮᠠᠯ] ᠨᠢᠭᠡ ᠨᠠᠰᠤᠲᠤ ᠡᠪᠡᠰᠦᠯᠢᠭ ᠤᠷᠭᠤᠮᠠᠯ᠃ ᠭᠣᠣᠯ ᠦᠨᠳᠦᠰᠦ ᠨᠢ ᠨᠠᠷᠢᠨ ᠤᠷᠲᠤ᠂ ᠰᠠᠯᠠᠭ᠎ᠠ ᠦᠨᠳᠦᠰᠦ ᠴᠥᠭᠡᠨ᠃ ᠨᠠᠪᠴᠢ ᠨᠢ ᠪᠦᠷ ᠤᠵᠠᠭᠤᠷ ᠠ᠋ᠴᠠ ᠪᠠᠨ ᠤᠷᠭᠤᠨ᠎ᠠ᠃ ᠯᠢᠩᠬᠤ᠎ᠠ ᠶ᠋ᠢᠨ ᠲᠠᠪᠴᠠᠩ ᠰᠢᠭ᠋᠂ ᠲᠣᠩᠭᠣᠷᠤᠤ ᠬᠠᠪᠲᠠᠭᠠᠢ ᠲᠡᠪᠡᠨᠡ ᠪᠤᠶᠤ ᠨᠠᠷᠢᠨ ᠷᠣᠮᠪ ᠬᠡᠯᠪᠡᠷᠢ ᠲᠡᠢ᠂0.3~4cm ᠤᠷᠲᠤ᠂1~8mm ᠥᠷᠭᠡᠨ᠂ ᠱᠣᠪᠲᠣᠭᠣᠷ ᠪᠤᠶᠤ ᠮᠤᠬᠤᠷ ᠱᠣᠪᠬᠣ ᠦᠵᠦᠭᠦᠷ ᠲᠡᠢ᠂ ᠱᠣᠪᠲᠣᠭᠣᠷ ᠤᠭ ᠲᠠᠢ᠂ ᠪᠠᠷᠢᠭᠤᠯ ᠦᠭᠡᠢ ᠪᠤᠶᠤ ᠰᠤᠨᠵᠤ ᠥᠷᠭᠡᠨ ᠳᠠᠯᠠᠪᠴᠢ ᠰᠢᠭ ᠪᠠᠷᠢᠭᠤᠯ ᠪᠣᠯᠳᠠᠭ᠃ ᠶᠡᠷᠦ ᠳ᠋ᠡᠭᠡᠨ ᠳᠤᠮᠳᠠ ᠬᠡᠰᠡᠭ ᠡᠴᠡ ᠳᠡᠭᠡᠭᠰᠢᠬᠢ ᠨᠠᠪᠴᠢᠨ ᠢᠷᠮᠡᠭ ᠲᠤᠨᠢ ᠲᠠᠷᠠᠮᠠᠭ ᠬᠢᠷᠥᠭᠡᠨ ᠰᠢᠳᠦ ᠲᠡᠢ ᠪᠤᠶᠤ ᠪᠠᠷᠤᠭ ᠪᠦᠲᠦᠨ ᠰᠢᠭ ᠬᠥᠪᠡᠭᠡ ᠲᠡᠢ᠂ ᠨᠠᠪᠴᠢᠨ ᠥᠪᠥᠷ ᠪᠣᠯᠤᠨ ᠬᠥᠪᠡᠭᠡ ᠪᠡᠷ ᠨᠢ ᠣᠬᠣᠷ ᠦᠰᠦ ᠲᠡᠢ ᠪᠤᠶᠤ ᠰᠠᠯᠠᠭᠠᠲᠤ ᠦᠰᠦ ᠲᠡᠢ᠂ ᠠᠷᠤ ᠳ᠋ᠤᠨᠢ ᠦᠰᠦ ᠦᠭᠡᠢ᠃ ᠴᠡᠴᠡᠭ ᠦ᠋ᠨ ᠡᠰᠢ ᠨᠢ ᠰᠢᠯᠤᠭᠤᠨ᠂3~30cm ᠥᠨᠳᠥᠷ᠂ ᠴᠡᠴᠡᠭ ᠦ᠋ᠨ ᠡᠰᠢ ᠪᠠ ᠪᠠᠷᠢᠭᠤᠯ ᠳᠡᠭᠡᠷ᠎ᠡ ᠨᠢ ᠰᠠᠯᠠᠭ᠎ᠠ ᠪᠦᠬᠦᠢ ᠦᠰᠦ ᠪᠣᠯᠤᠨ ᠣᠬᠣᠷ ᠪᠤᠯᠴᠢᠷᠬᠠᠢ ᠦᠰᠦ ᠲᠡᠢ᠃ ᠰᠢᠭᠦᠷ ᠬᠡᠯᠪᠡᠷᠢᠲᠦ ᠪᠠᠭ ᠴᠡᠴᠡᠭ ᠨᠢ ᠣᠯᠠᠨ ᠴᠡᠴᠡᠭ ᠲᠡᠢ᠂ ᠪᠠᠭᠯᠠᠭᠴᠢ ᠢᠯᠲᠠᠰᠤ ᠨᠢ ᠪᠦᠰᠡᠯᠢᠭ ᠬᠠᠪᠲᠠᠭᠠᠢ ᠲᠡᠪᠡᠨᠡ ᠬᠡᠯᠪᠡᠷᠢ ᠲᠡᠢ᠂2~3m ᠤᠷᠲᠤ᠃ ᠴᠡᠴᠡᠭ ᠦ᠋ᠨ ᠪᠠᠷᠢᠭᠤᠯ ᠨᠢ ᠨᠠᠷᠢᠨ᠂1.5~6.7cm ᠤᠷᠲᠤ᠃ ᠲᠣᠭᠳᠣᠢ ᠨᠢ ᠬᠤᠩᠬ᠎ᠠ ᠬᠡᠯᠪᠡᠷᠢ ᠲᠡᠢ᠂5 ᠭᠦᠢᠬᠡᠨ ᠣᠨᠢ ᠲᠠᠢ᠂ ᠭᠣᠣᠯ ᠰᠤᠳᠠᠯ ᠨᠢ ᠭᠦᠷᠪᠡᠭᠡᠷ᠂ ᠴᠡᠴᠡᠭ ᠦ᠋ᠨ ᠳᠡᠯᠪᠢ ᠨᠢ ᠴᠠᠭᠠᠨ᠂ ᠪᠣᠳᠣᠩ ᠬᠡᠯᠪᠡᠷᠢ ᠲᠡᠢ᠂5 ᠣᠨᠢ ᠲᠠᠢ᠂ ᠳ᠋ᠢᠶᠠᠮᠧᠲ᠋ᠷ ᠨᠢ3~3.5mm᠂ ᠴᠡᠴᠡᠭ ᠦ᠋ᠨ ᠳᠡᠯᠪᠢ ᠶ᠋ᠢᠨ ᠬᠣᠭᠣᠯᠠᠢ ᠨᠢ ᠴᠡᠴᠡᠭ ᠦ᠋ᠨ ᠲᠣᠭᠳᠣᠢ ᠠ᠋ᠴᠠ ᠪᠠᠨ ᠣᠬᠣᠷ᠃5 ᠡᠷ᠎ᠡ ᠲᠣᠭᠣᠷᠴᠣᠭ ᠲᠠᠢ᠂ ᠴᠡᠴᠡᠭ ᠦ᠋ᠨ ᠳᠡᠯᠪᠢ ᠶ᠋ᠢᠨ ᠬᠣᠭᠣᠯᠠᠢ ᠶ᠋ᠢᠨ ᠳᠡᠭᠡᠷ᠎ᠡ ᠬᠡᠰᠡᠭ ᠲᠦ᠍ ᠤᠷᠭᠤᠨ᠎ᠠ᠂ ᠴᠡᠴᠡᠭ ᠦ᠋ᠨ ᠳᠡᠯᠪᠢ ᠨᠢ ᠰᠡᠵᠢᠭᠦᠷ ᠢᠯᠲᠠᠰᠤ ᠲᠠᠢ ᠪᠠᠨ ᠴᠢᠭᠲᠠᠯᠠᠨ᠎ᠠ᠃ ᠳᠣᠬᠢᠭᠤᠷ ᠨᠢ ᠮᠠᠰᠢ ᠣᠬᠣᠷ᠃ ᠤᠮᠠᠢ ᠨᠢ ᠲᠣᠩᠭᠣᠷᠤᠤ ᠱᠣᠷᠣᠯᠵᠢᠨ ᠬᠡᠯᠪᠡᠷᠢ ᠲᠡᠢ᠃ ᠬᠣᠩᠭᠣᠷᠴᠣᠭᠲᠤ ᠵᠢᠮᠢᠰ ᠨᠢ ᠲᠣᠩᠭᠣᠷᠤᠤ ᠥᠨᠳᠡᠭᠡᠯᠵᠢᠨ ᠰᠢᠭ ᠪᠥᠮᠪᠥᠭᠡᠯᠢᠭ᠂ ᠣᠷᠣᠢ ᠪᠠᠷ ᠢ᠋ᠶ᠋ᠠᠨ5 ᠬᠡᠯᠲᠡᠰᠯᠡᠨ ᠬᠠᠭᠠᠷᠠᠨ᠎ᠠ᠃ ᠦᠷ᠎ᠡ ᠨᠢ ᠣᠯᠠᠨ ᠲᠠᠯ᠎ᠠ ᠲᠠᠢ᠂ ᠤᠯᠠᠪᠢᠷ ᠬᠦᠷᠡᠩ ᠥᠩᠭᠡ ᠲᠡᠢ᠂ ᠦᠷ᠎ᠡ ᠶ᠋ᠢᠨ ᠬᠠᠯᠢᠰᠤ ᠨᠢ ᠵᠥᠭᠡᠢ ᠶ᠋ᠢᠨ ᠡᠭᠦᠷ ᠰᠢᠭ ᠬᠣᠲᠣᠭᠣᠷ ᠤ᠋ᠳ ᠲᠠᠢ᠃6 ᠳ᠋ᠤᠭᠠᠷ ᠰᠠᠷ᠎ᠠ ᠳ᠋ᠤ᠌ ᠴᠡᠴᠡᠭᠯᠡᠵᠦ᠂7 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠲᠠᠯ᠎ᠠ ᠭᠠᠵᠠᠷ᠂ ᠭᠣᠣ ᠭᠠᠩᠭ᠎ᠠ ᠶ᠋ᠢᠨ ᠪᠡᠯᠴᠢᠭᠡᠷ᠂ ᠣᠢ ᠶ᠋ᠢᠨ ᠬᠥᠪᠡᠭᠡ᠂ ᠭᠣᠣᠯ ᠤ᠋ᠨ ᠬᠥᠪᠡᠭᠡ ᠶ᠋ᠢᠨ ᠡᠪᠡᠰᠦᠨ ᠳᠤᠮᠳᠠ ᠤᠷᠭᠤᠨ᠎ᠠ᠃ ᠵᠡᠭᠦᠨ ᠬᠣᠢᠲᠤ ᠣᠷᠣᠨ᠂ ᠥᠪᠥᠷ ᠮᠣᠩᠭᠣᠯ᠂ ᠪᠠᠷᠠᠭᠤᠨ ᠬᠣᠢᠲᠤ ᠣᠷᠣᠨ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠬᠠᠪᠤᠷ᠂ ᠵᠤᠨ ᠲᠡᠭᠦᠵᠦ᠂ ᠰᠢᠪᠡᠷ ᠰᠢᠷᠣᠢ ᠬᠣᠯᠢᠮᠠᠭ ᠵᠦᠢᠯ ᠢ᠋ ᠨᠢ ᠠᠷᠢᠯᠭᠠᠭᠠᠳ ᠨᠠᠷᠠᠨ ᠳ᠋ᠤ᠌ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠭᠠᠰᠢᠭᠤᠨ᠂ ᠠᠮᠲᠠᠯᠢᠭ ᠠᠮᠲᠠ ᠲᠠᠢ; ᠬᠦᠢᠲᠡᠨ ᠴᠢᠨᠠᠷ ᠲᠠᠢ᠃
   [ ᠴᠢᠳᠠᠯ ᠪᠠ ᠭᠣᠣᠯᠳᠠᠭᠤ ᠵᠠᠰᠠᠬᠤ] ᠬᠠᠪᠤᠳᠠᠷ ᠢ᠋ ᠬᠠᠷᠢᠭᠤᠯᠬᠤ᠂ ᠰᠢᠷᠬ᠎ᠠ ᠶ᠋ᠢ ᠠᠨᠠᠭᠠᠬᠤ᠂ ᠬᠠᠷ᠎ᠠ ᠰᠢᠷ᠎ᠠ ᠤᠰᠤ ᠶ᠋ᠢ ᠠᠷᠢᠯᠭᠠᠬᠤ᠂ ᠬᠠᠯᠠᠭᠤᠨ ᠢ᠋ ᠠᠷᠢᠯᠭᠠᠬᠤ᠂ ᠬᠣᠣᠷ ᠢ᠋ ᠲᠠᠢᠯᠬᠤ᠂ ᠰᠢᠮᠡᠵᠢᠭᠦᠯᠬᠦ ᠴᠢᠳᠠᠯ ᠲᠠᠢ᠃ ᠭᠣᠣᠯᠳᠠᠭᠤ ᠡᠷᠡᠬᠡᠭᠰᠡᠨ ᠰᠢᠷᠬ᠎ᠠ᠂ ᠬᠠᠪᠤᠳᠴᠤ ᠡᠪᠡᠳᠬᠦ᠂ ᠦᠶ᠎ᠡ ᠭᠡᠰᠢᠭᠦᠨ ᠳ᠋ᠦ᠍ ᠰᠠᠷᠨᠢᠭᠰᠠᠨ ᠰᠢᠷ᠎ᠠ ᠤᠰᠤ᠃ ᠶᠠᠰᠤᠨ ᠤ᠋ ᠬᠠᠯᠠᠭᠤᠨ᠂ ᠬᠡᠢ ᠬᠠᠪᠰᠤᠷᠤᠭᠰᠠᠨ ᠰᠢᠷ᠎ᠠ ᠤᠰᠤᠨ ᠡᠪᠡᠳᠴᠢᠨ᠂ ᠲᠠᠮᠢᠷ ᠳᠣᠷᠣᠢᠲᠠᠬᠤ᠂ ᠰᠢᠮ᠎ᠡ ᠲᠡᠵᠢᠭᠡᠯ ᠳᠤᠲᠠᠭᠳᠠᠬᠤ ᠵᠡᠷᠭᠡ ᠶ᠋ᠢ ᠠᠨᠠᠭᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄北点地梅
   ᠠᠩᠭ᠌ᠯᠢ ᠨᠡᠷ᠎ᠡ᠄Androsace septentrionalis L.

   ᠦᠰᠦᠭ ᠠᠮᠢᠯᠠᠭᠤᠯᠤᠭᠴᠢ᠄ ᠴᠡᠪᠡᠷᠴᠡᠴᠡᠭ
   ᠬᠢᠨᠠᠭᠴᠢ᠄ ᠤᠷᠠᠨᠴᠢᠮᠡᠭ