ᠰᠢᠷᠪᠢᠭᠡᠳ ᠯᠡ ᠥᠩᠭᠡᠷᠡᠬᠦ ᠬᠥᠮᠦᠨ ᠭᠡᠵᠦ ᠪᠠᠢᠳᠠᠭ -ᠵᠠᠯᠠᠢᠷᠲᠠᠢ ᠮᠥᠩᠬᠡᠲᠣᠭᠲᠠᠬᠤШирвээд л өнгөрөх хүмүүн гэж байдаг-Залайртай Мөнхтогтох
ᠰᠢᠷᠪᠢᠭᠡᠳ ᠯᠡ ᠥᠩᠭᠡᠷᠡᠬᠦ ᠬᠥᠮᠦᠨ ᠭᠡᠵᠦ ᠪᠠᠢᠳᠠᠭ
ᠵᠣᠬᠢᠶᠠᠭᠴᠢ᠄ ᠵᠠᠯᠠᠢᠷᠲᠠᠢ ᠮᠥᠩᠬᠡᠲᠣᠭᠲᠠᠬᠤ
ᠤᠶᠠᠩᠭᠠᠯᠠᠭᠴᠢ᠄ ᠴᠠᠰᠤᠨ᠎ᠠ
ᠢᠯᠪᠢᠭᠡᠳ ᠯᠡ ᠥᠩᠭᠡᠷᠡᠬᠦ ᠰᠠᠯᠬᠢ ᠭᠡᠵᠦ ᠪᠠᠢᠳᠠᠭ
ᠡᠪᠡᠰᠦ ᠰᠢᠭ ᠪᠤᠤ ᠳᠠᠷᠪᠠᠯᠵᠠ
ᠱᠠᠭᠢᠭᠠᠳ ᠯᠠ ᠥᠩᠭᠡᠷᠡᠬᠦ ᠪᠣᠷᠣᠭᠠᠨ ᠭᠡᠵᠦ ᠪᠠᠢᠳᠠᠭ
ᠮᠡᠯᠡᠬᠡᠢ ᠰᠢᠭ ᠪᠦᠦ ᠱᠤᠤᠭᠢᠯᠳᠤ
ᠠᠮᠰᠠᠭᠠᠳ ᠯᠠ ᠥᠩᠭᠡᠷᠡᠬᠦ ᠠᠷᠢᠬᠢ ᠭᠡᠵᠦ ᠪᠠᠢᠳᠠᠭ
ᠰᠣᠭᠲᠣᠵᠤ ᠪᠤᠤ ᠤᠨ᠎ᠠ
ᠭᠢᠯᠠᠰᠤᠭᠠᠳ ᠥᠩᠭᠡᠷᠡᠬᠦ ᠦᠶ᠎ᠡ ᠭᠡᠵᠦ ᠪᠠᠢᠳᠠᠭ
ᠭᠡᠨᠡᠳᠡᠵᠦ ᠠᠯᠳᠠᠬᠤ ᠶ᠋ᠢ ᠬᠢᠴᠢᠶᠡ
ᠳᠤᠭᠤᠯᠤᠭᠠᠳ ᠯᠠ ᠥᠩᠭᠡᠷᠡᠬᠦ ᠭᠣᠣᠯ ᠭᠡᠵᠦ ᠪᠠᠢᠳᠠᠭ
ᠣᠯᠣᠮ ᠴᠡᠭᠡᠯ ᠢ᠋ ᠣᠯ
ᠵᠥᠷᠢᠭᠡᠳ ᠯᠡ ᠥᠩᠭᠡᠷᠡᠬᠦ ᠳᠤᠷᠠᠯᠠᠯ ᠭᠡᠵᠦ ᠪᠠᠢᠳᠠᠭ
ᠵᠢᠷᠦᠬᠡ ᠰᠡᠳᠬᠢᠯ ᠢ᠋ᠶ᠋ᠡᠨ ᠭᠠᠮᠨᠠ
ᠰᠢᠷᠪᠢᠭᠡᠳ ᠥᠩᠭᠡᠷᠡᠬᠦ ᠬᠥᠮᠦᠨ ᠭᠡᠵᠦ ᠪᠠᠢᠳᠠᠭ
ᠰᠡᠳᠬᠢᠯ ᠢ᠋ᠶ᠋ᠡᠨ ᠪᠦᠦ ᠤᠶᠠ
ᠨᠢᠯᠪᠤᠭᠠᠳ ᠯᠠ ᠥᠩᠭᠡᠷᠡᠬᠦ ᠶᠠᠭᠤᠮ᠎ᠠ ᠭᠡᠵᠦ ᠪᠠᠢᠳᠠᠭ
ᠨᠢᠳᠦ ᠪᠡᠨ ᠪᠦᠦ ᠪᠤᠵᠠᠷᠯᠠ
ᠢᠨᠢᠶᠡᠭᠡᠳ ᠯᠡ ᠥᠩᠭᠡᠷᠡᠬᠦ ᠲᠡᠨᠡᠭ ᠦ᠋ᠳ ᠪᠠᠢᠳᠠᠭ
ᠪᠤᠰᠤᠳ ᠢ᠋ ᠠᠭᠤᠴᠢᠯᠠᠵᠤ ᠪᠠᠭᠲᠠᠭ᠎ᠠ
ᠢᠯᠡᠭᠦᠦ ᠳᠤᠲᠠᠭᠤ ᠭᠡᠵᠦ ᠠᠮᠢᠳᠤᠷᠠᠯ ᠳ᠋ᠤ᠌ ᠪᠠᠢᠳᠠᠭ
ᠪᠠᠢᠬᠤ ᠶ᠋ᠢᠨ ᠬᠢᠷᠢ ᠪᠡᠷ ᠢ᠋ᠶ᠋ᠡᠨ ᠠᠮᠢᠳᠤᠷᠠ
ᠡᠭᠡᠯᠵᠢᠯᠡᠭᠡᠳ ᠯᠡ ᠥᠩᠭᠡᠷᠡᠬᠦ ᠴᠠᠭ ᠭᠡᠵᠦ ᠪᠠᠢᠳᠠᠭ
ᠨᠢᠮᠭᠡᠨ ᠵᠤᠵᠠᠭᠠᠨ ᠢ᠋ᠶ᠋ᠠᠨ ᠵᠣᠬᠢᠴᠠᠭᠤᠯ
ᠡᠬᠢᠯᠡᠯᠲᠡ ᠲᠡᠭᠦᠰᠬᠡᠯ ᠭᠡᠵᠦ ᠠᠮᠢᠳᠤᠷᠠᠯ ᠳ᠋ᠤ᠌ ᠪᠠᠢᠳᠠᠭ
ᠨᠢᠭᠡ ᠨᠠᠰᠤ ᠪᠠᠨ ᠲᠤᠩᠭ᠎ᠠ
ᠳᠠᠭᠠᠷᠢᠭᠠᠳ ᠯᠠ ᠥᠩᠭᠡᠷᠡᠬᠦ ᠰᠡᠭᠦᠳᠡᠷ ᠭᠡᠵᠦ ᠪᠠᠢᠳᠠᠭ
ᠡᠭᠦᠯᠡ ᠨᠠᠷᠠᠨ ᠤ᠋ ᠵᠠᠪᠰᠠᠷ
ᠳᠡᠪᠡᠯ ᠢ᠋ᠶ᠋ᠡᠨ ᠳᠠᠭᠠᠬᠤ ᠦᠭᠡᠢ ᠦᠶ᠎ᠡ ᠭᠡᠵᠦ ᠪᠠᠢᠳᠠᠭ
ᠥᠲᠡᠯᠵᠦ ᠡᠪᠦᠭᠡᠷᠡᠬᠦ ᠶ᠋ᠢᠨ ᠤᠴᠢᠷ
ᠤᠬᠢᠯᠠᠭᠠᠳ ᠯᠠ ᠥᠩᠭᠡᠷᠡᠬᠦ ᠵᠣᠪᠠᠯᠠᠩ ᠭᠡᠵᠦ ᠪᠠᠢᠳᠠᠭ
ᠣᠷᠴᠢᠯᠠᠩ ᠢ᠋ ᠭᠦᠨ ᠤᠬᠠᠭᠠᠷᠠ
ᠥᠨᠵᠢᠭᠡᠳ ᠯᠡ ᠶᠠᠪᠤᠬᠤ ᠬᠣᠷᠸ᠎ᠠ ᠭᠡᠵᠦ ᠪᠠᠢᠳᠠᠭ
ᠥᠪᠡᠷ ᠢ᠋ ᠪᠡᠨ ᠨᠠᠨᠳᠢᠩᠨᠠᠵᠤ ᠬᠠᠢᠷᠠᠯᠠ᠁
ᠦᠰᠦᠭ ᠠᠮᠢᠯᠠᠭᠤᠯᠤᠭᠴᠢ ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ ᠪᠠᠭᠰᠢ᠄ ᠲᠣᠳᠤᠭᠡᠷᠡᠯ
