ᠡᠵᠡᠩᠨᠡᠯᠲᠡ ᠶ᠋ᠢᠨ ᠬᠠᠮᠤᠭ ᠴᠢᠬᠤᠯᠠ ᠲᠠᠪᠤᠨ ᠠᠰᠠᠭᠤᠯᠲᠠ-ᠬᠣᠨᠢᠴᠢᠨ ᠦᠯᠵᠡᠢᠰᠦ᠋ᠷᠥᠩ ᠠᠵᠤ ᠠᠬᠤᠢ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠡᠩᠨᠡᠯᠲᠡ ᠶ᠋ᠢᠨ ᠬᠠᠮᠤᠭ ᠴᠢᠬᠤᠯᠠ ᠲᠠᠪᠤᠨ ᠠᠰᠠᠭᠤᠯᠲᠠ-ᠬᠣᠨᠢᠴᠢᠨ ᠦᠯᠵᠡᠢᠰᠦ᠋ᠷᠥᠩ

ᠡᠵᠡᠩᠨᠡᠯᠲᠡ ᠶ᠋ᠢᠨ ᠬᠠᠮᠤᠭ ᠴᠢᠬᠤᠯᠠ ᠲᠠᠪᠤᠨ ᠠᠰᠠᠭᠤᠯᠲᠠ-ᠬᠣᠨᠢᠴᠢᠨ ᠦᠯᠵᠡᠢᠰᠦ᠋ᠷᠥᠩ

ᠠᠩᠭᠢᠯᠠᠯ:ᠠᠵᠤ ᠠᠬᠤᠢ
2025-08-22

170

    ᠳ᠋ᠣᠺᠲ᠋ᠣᠷ ᠬᠣᠨᠢᠴᠢᠨ ᠦᠯᠵᠡᠢᠰᠦ᠋ᠷᠥᠩ 

ᠪᠢᠳᠡᠨ ᠦ᠌ ᠣᠷᠣᠰᠢᠬᠤᠢ ᠶ᠋ᠢᠨ ᠰᠢᠯᠲᠠᠭᠠᠨ ᠶᠠᠭᠤ ᠪᠣᠢ  
ᠪᠢᠳᠡᠨ ᠦ᠌ ᠵᠣᠴᠢᠨ ᠬᠡᠨ ᠪᠣᠢ  
ᠪᠢᠳᠡᠨ ᠦ᠌ ᠬᠠᠩᠭᠠᠬᠤ ᠵᠣᠴᠢᠳ ᠤ᠋ᠨ ᠥᠷᠲᠡᠭ ᠶᠠᠭᠤ ᠪᠣᠢ 
ᠪᠢᠳᠡᠨ ᠦ᠌ ᠦᠷ᠎ᠡ ᠪᠦᠲᠦᠮᠵᠢ ᠶᠠᠭᠤ ᠪᠣᠢ 
ᠪᠢᠳᠡᠨ ᠦ᠌ ᠲᠥᠯᠥᠪᠯᠡᠭᠡ ᠶᠠᠭᠤ ᠪᠣᠢ 

ᠬᠥᠮᠦᠨ ᠪᠦᠬᠦᠨ ᠦ᠌ ᠬᠢᠵᠦ ᠪᠠᠢᠭ᠎ᠠ ᠡᠵᠡᠩᠨᠡᠯᠲᠡ ᠬᠣᠭᠣᠷᠣᠨᠳᠣ ᠪᠠᠨ ᠥᠭᠡᠷ᠎ᠡ ᠥᠭᠡᠷ᠎ᠡ ᠪᠠᠢᠳᠠᠭ ᠴᠤ᠌᠂ ᠡᠵᠡᠩᠨᠡᠯᠲᠡ  ᠶ᠋ᠢᠨ ᠦᠨᠳᠦᠰᠦᠨ ᠵᠢᠮ᠎ᠡ ᠶᠣᠰᠣ ᠨᠢ ᠠᠳᠠᠯᠢᠬᠠᠨ ᠪᠢᠯᠡ᠃ ᠲᠡᠢᠮᠦ ᠡᠴᠡ ᠬᠡᠨ ᠢᠯᠡᠭᠦᠦ ᠰᠠᠢᠨ ᠡᠵᠡᠩᠨᠡᠵᠦ᠂ ᠥᠨᠳᠥᠷ ᠦᠷ᠎ᠡ ᠠᠰᠢᠭ  ᠲᠠᠢ ᠠᠵᠢᠯᠯᠠᠵᠤ ᠪᠠᠢᠨ᠎ᠠ ᠭᠡᠳᠡᠭ ᠪᠣᠯ᠂ ᠲᠡᠷᠡ ᠬᠥᠮᠦᠨ ᠡᠵᠡᠩᠨᠡᠯᠲᠡ  ᠪᠡᠨ ᠢᠯᠡᠭᠦᠦ ᠰᠠᠢᠨ ᠬᠢᠭᠰᠡᠨ ᠳ᠋ᠦ᠍ ᠯᠡ ᠪᠠᠢᠭ᠎ᠠ᠃ ᠡᠨᠡ ᠨᠢ ᠥᠪᠡᠷ ᠢ᠋ᠶ᠋ᠡᠨ ᠪᠢᠳᠡᠨ ᠳ᠋ᠦ᠍ ᠡᠵᠡᠩᠨᠡᠯᠲᠡ ᠶ᠋ᠢᠨ ᠦᠨᠳᠦᠰᠦᠨ ᠵᠢᠮ᠎ᠡ ᠶᠣᠰᠣ ᠮᠠᠨ ᠳ᠋ᠤ᠌ ᠶᠠᠮᠠᠷ ᠶᠡᠬᠡ ᠬᠡᠷᠡᠭ ᠲᠡᠢ ᠭᠡᠳᠡᠭ ᠢ᠋ ᠬᠡᠯᠡᠵᠦ ᠪᠠᠢᠭ᠎ᠠ ᠶᠤᠮ᠃ ᠡᠵᠡᠩᠨᠡᠯᠲᠡ ᠶ᠋ᠢᠨ ᠦᠨᠳᠦᠰᠦᠨ ᠵᠢᠮ᠎ᠡ ᠶᠣᠰᠣ ᠶ᠋ᠢᠨ ᠲᠠᠯ᠎ᠠ ᠪᠠᠷ ᠠᠮᠧᠷᠢᠺᠠ ᠶ᠋ᠢᠨ ᠡᠵᠡᠩᠨᠡᠯᠲᠡ ᠶ᠋ᠢᠨ ᠤᠬᠠᠭᠠᠨᠲᠠᠨ ᠳ᠋ᠤᠷᠠᠺ ᠡᠴᠡ ᠲᠠᠪᠤᠨ ᠠᠰᠠᠭᠤᠯᠲᠠ ᠳ᠋ᠤ᠌ ᠪᠠᠭᠲᠠᠭᠠᠵᠤ ᠳ᠋ᠦᠩᠨᠡᠭᠰᠡᠨ ᠪᠠᠢᠳᠠᠭ᠃ 
ᠨᠢᠭᠡ ᠂ ᠪᠢᠳᠡᠨ ᠦ᠌ ᠣᠷᠣᠰᠢᠬᠤᠢ ᠶ᠋ᠢᠨ ᠰᠢᠯᠲᠠᠭᠠᠨ ᠶᠠᠭᠤ ᠪᠣᠢ ᠣᠯᠠᠩᠬᠢ ᠡᠵᠡᠩᠨᠡᠯᠲᠡ ᠶ᠋ᠢ ᠭᠠᠳᠠᠨ᠎ᠠ ᠠ᠋ᠴᠠ ᠨᠢ ᠬᠠᠷᠠᠬᠤ ᠳ᠋ᠤ᠌ ᠶᠠᠮᠠᠷ ᠨᠢᠭᠡᠨ ᠠᠵᠤ ᠠᠬᠤᠢ ᠶ᠋ᠢᠨ ᠦᠷ᠎ᠡ ᠠᠰᠢᠭ ᠬᠥᠬᠡᠭᠡᠴᠢᠯᠳᠤᠵᠤ ᠪᠠᠢᠭ᠎ᠠ ᠰᠢᠭ᠋ ᠪᠣᠯᠪᠠᠴᠤ᠂ ᠲᠡᠷᠡ ᠨᠢ ᠦᠨᠡᠨ ᠳ᠋ᠡᠭᠡᠨ ᠪᠦᠭᠦᠳᠡ ᠯᠡ ᠶᠠᠮᠠᠷ ᠨᠢᠭᠡᠨ ᠠᠯᠤᠰ ᠤ᠋ᠨ ᠬᠠᠷᠠᠯᠲᠠ ᠵᠣᠷᠢᠯᠲᠠ ᠲᠠᠢ ᠪᠠᠢᠳᠠᠭ᠃ ᠶᠠᠭ ᠡᠢᠮᠦᠷᠬᠦ ᠶᠠᠮᠠᠷ ᠨᠢᠭᠡᠨ ᠵᠣᠷᠢᠯᠲᠠ ᠳ᠋ᠤ᠌ ᠬᠥᠲᠥᠯᠦᠭᠳᠡᠭᠰᠡᠨ ᠡᠴᠡ ᠲᠡᠷᠡ ᠨᠢ ᠨᠤᠭᠤᠷᠠᠯ ᠪᠦᠳᠦᠷᠢᠯ ᠪᠤᠶᠤ ᠨᠢᠳᠦᠨ ᠡᠮᠦᠨᠡᠬᠢ ᠦᠷ᠎ᠡ ᠪᠦᠲᠦᠮᠵᠢ ᠳ᠋ᠦ᠍ ᠬᠠᠨᠤᠳᠠᠭ ᠦᠭᠡᠢ᠂ ᠪᠦᠷ ᠴᠦ᠍ ᠴᠠᠭᠠᠰᠢ ᠴᠢᠷᠮᠠᠢᠵᠤ ᠵᠢᠳᠬᠦᠳᠡᠭ᠃ ᠥᠭᠡᠷ᠎ᠡ ᠪᠡᠷ ᠬᠡᠯᠡᠪᠡᠯ ᠬᠥᠮᠦᠰ ᠡᠵᠡᠩᠨᠡᠯᠲᠡ ᠬᠢᠬᠦ ᠶ᠋ᠢᠨ ᠲᠥᠯᠥᠭᠡ ᠯᠡ ᠡᠵᠡᠩᠨᠡᠯᠲᠡ ᠬᠢᠳᠡᠭ ᠦᠭᠡᠢ᠂ ᠬᠠᠷᠢᠨ ᠵᠣᠷᠢᠯᠲᠠ ᠶ᠋ᠢᠨ ᠢ᠋ᠶ᠋ᠡᠨ ᠲᠥᠯᠥᠭᠡ ᠡᠵᠡᠩᠨᠡᠯᠲᠡ ᠬᠢᠳᠡᠭ ᠶᠦᠮ ᠪᠠᠢᠨ᠎ᠠ᠃ ᠭᠡᠬᠦ ᠳ᠋ᠡᠭᠡᠨ ᠪᠢᠳᠡᠨ  ᠵᠣᠷᠢᠯᠲᠠ ᠲᠦᠮᠡᠨ ᠮᠢᠩᠭ᠎ᠠ ᠪᠠᠢᠭᠰᠠᠨ ᠴᠤ᠌ ᠨᠡᠢᠭᠡᠮ ᠨᠡᠢᠲᠡ ᠳ᠋ᠦ᠍ ᠦᠷ᠎ᠡ ᠠᠰᠢᠭ ᠲᠠᠢ᠂ ᠨᠡᠢᠭᠡᠮ ᠨᠡᠢᠲᠡ ᠳ᠋ᠦ᠍ ᠬᠡᠷᠡᠭᠲᠡᠢ ᠪᠠᠢᠵᠤ ᠤᠷᠲᠤ ᠤᠳᠠᠭᠠᠨ ᠣᠷᠣᠰᠢᠨ ᠲᠣᠭᠲᠠᠨᠢᠵᠤ ᠴᠢᠳᠠᠨ᠎ᠠ᠃ 
ᠬᠣᠶᠠᠷ ᠂ ᠪᠢᠳᠡᠨ ᠦ᠌ ᠵᠣᠴᠢᠨ ᠬᠡᠨ ᠪᠣᠢ ᠪᠢᠳᠡ ᠡᠵᠡᠩᠨᠡᠯᠲᠡ ᠬᠢᠬᠦ ᠪᠡᠷ ᠳᠡᠮᠵᠢᠵᠦ ᠵᠣᠷᠢᠯᠲᠠ ᠪᠠᠨ ᠪᠡᠶᠡᠯᠡᠭᠦᠯᠬᠦ ᠳ᠋ᠦ᠍ ᠵᠠᠪᠠᠯ ᠥᠪᠡᠷ ᠦ᠋ᠨ ᠡᠵᠡᠩᠨᠡᠯᠲᠡ  ᠶ᠋ᠢᠨ ᠢ᠋ᠶ᠋ᠡᠨ ᠵᠣᠴᠢᠨ ᠢ᠋ ᠬᠡᠨ ᠪᠣᠢ ᠭᠡᠳᠡᠭ ᠢ᠋ ᠲᠣᠭᠲᠠᠭᠠᠬᠤ ᠬᠡᠷᠡᠭᠲᠡᠢ᠃ ᠤᠴᠢᠷ ᠨᠢ ᠵᠠᠬ᠎ᠠ ᠳᠡᠯᠭᠡᠭᠦᠷ ᠦ᠋ᠨ ᠠᠵᠤ ᠠᠬᠤᠢ ᠶ᠋ᠢᠨ ᠨᠥᠬᠥᠴᠡᠯ ᠳ᠋ᠦ᠍ ᠦᠨᠳᠦᠰᠦᠲᠡᠨ ᠶᠠᠰᠤᠲᠠᠨ᠂ ᠬᠥᠭᠰᠢᠨ ᠵᠠᠯᠠᠭᠤ᠂ ᠡᠷᠡᠭᠲᠡᠢ ᠡᠮᠡᠭᠲᠡᠢ ᠭᠡᠳ ᠬᠡᠷᠡᠭᠯᠡᠭᠴᠢ  ᠶ᠋ᠢᠨ ᠲᠥᠷᠥᠯ ᠵᠦᠢᠯ ᠣᠯᠠᠨ ᠪᠠᠢᠵᠤ᠂ ᠬᠥᠮᠦᠰ ᠦ᠋ᠨ ᠬᠡᠷᠡᠭᠴᠡᠭᠡ ᠱᠠᠭᠠᠷᠳᠠᠯᠭ᠎ᠠ ᠴᠤ᠌ ᠠᠮᠢᠳᠤᠷᠠᠯ ᠤ᠋ᠨ ᠲᠦᠪᠰᠢᠨ᠂ ᠣᠷᠣᠰᠢᠨ ᠪᠠᠢᠭ᠎ᠠ ᠭᠠᠵᠠᠷ᠂ ᠠᠮᠢᠳᠤᠷᠠᠯ ᠤ᠋ᠨ ᠳᠠᠳᠬᠠᠯ ᠠ᠋ᠴᠠ ᠪᠠᠨ ᠪᠣᠯᠤᠭᠠᠳ ᠬᠣᠭᠤᠷᠤᠲᠤ ᠪᠠᠨ ᠮᠠᠰᠢ ᠶᠡᠬᠡ ᠢᠯᠭᠠᠭ᠎ᠠ ᠲᠠᠢ᠃ ᠡᠨᠡ ᠪᠠᠢᠳᠠᠯ ᠳ᠋ᠤ᠌ ᠪᠢᠳᠡ ᠬᠢᠵᠦ ᠪᠠᠢᠭ᠎ᠠ ᠪᠠᠷᠠᠭ᠎ᠠ ᠪᠦᠲᠦᠭᠡᠭᠳᠡᠬᠦᠨ ᠢ᠋ᠶ᠋ᠡᠨ ᠪᠦᠬᠦ ᠬᠥᠮᠦᠰ ᠲᠦ᠍ ᠲᠣᠬᠢᠷᠠᠭᠤᠯᠵᠤ ᠴᠢᠳᠠᠨ᠎ᠠ ᠭᠡᠵᠦ ᠪᠠᠢᠬᠤ ᠦᠭᠡᠢ᠃ ᠲᠡᠢᠮᠦ ᠡᠴᠡ ᠥᠪᠡᠷ ᠦ᠋ᠨ ᠪᠠᠷᠠᠭ᠎ᠠ ᠪᠦᠲᠦᠭᠡᠭᠳᠡᠬᠦᠨ ᠢ᠋ᠶ᠋ᠡᠨ ᠶᠠᠮᠠᠷ ᠬᠥᠮᠦᠰ᠂ ᠬᠡᠷᠡᠭᠯᠡᠭᠴᠢ ᠳ᠋ᠦ᠍ ᠬᠠᠨᠳᠤᠭᠤᠯᠵᠤ ᠭᠠᠷᠭᠠᠬᠤ ᠨᠢ ᠮᠠᠰᠢ ᠴᠢᠬᠤᠯᠠ᠃ ᠺᠣᠮᠫᠠᠨᠢ ᠶ᠋ᠢᠨ ᠢ᠋ᠶ᠋ᠡᠨ ᠶᠠᠪᠤᠬᠤ ᠵᠠᠮ ᠢ᠋ᠶ᠋ᠠᠨ ᠲᠣᠳᠣᠷᠬᠠᠢᠯᠠᠵᠤ ᠪᠠᠢᠭ᠎ᠠ ᠬᠡᠷᠡᠭ ᠪᠣᠯᠤᠨ᠎ᠠ᠃ 
ᠭᠤᠷᠪᠠ ᠂ ᠪᠢᠳᠡᠨ ᠦ᠌ ᠬᠠᠩᠭᠠᠬᠤ ᠵᠣᠴᠢᠳ ᠤ᠋ᠨ ᠥᠷᠲᠡᠭ ᠶᠠᠭᠤ ᠪᠣᠢ ᠬᠥᠮᠦᠰ ᠵᠣᠷᠢᠯᠲᠠ ᠶ᠋ᠢᠨ ᠢ᠋ᠶ᠋ᠡᠨ ᠲᠥᠯᠥᠭᠡ ᠡᠵᠡᠩᠨᠡᠯᠲᠡ ᠬᠢᠳᠡᠭ᠂ ᠡᠵᠡᠩᠨᠡᠯᠲᠡ ᠪᠡᠨ ᠵᠥᠪ ᠰᠠᠢᠨ ᠬᠢᠭᠰᠡᠨ ᠢ᠋ᠶ᠋ᠡᠷ ᠦᠷ᠎ᠡ ᠠᠰᠢᠭ ᠣᠯᠵᠤ ᠵᠣᠷᠢᠯᠲᠠ ᠪᠠᠨ ᠪᠡᠶᠡᠯᠡᠭᠦᠯᠬᠦ ᠪᠣᠯᠤᠮᠵᠢ  ᠪᠦᠷᠢᠳᠳᠡᠭ᠃ ᠮᠠᠭᠠᠳ ᠬᠥᠮᠦᠨ ᠬᠥᠮᠦᠨ ᠦ᠌ ᠵᠣᠷᠢᠯᠲᠠ ᠠᠳᠠᠯᠢ ᠦᠭᠡᠢ᠂ ᠭᠡᠬᠦ  ᠳ᠋ᠡᠭᠡᠨ ᠬᠡᠨ ᠨᠢ ᠴᠦ᠍ ᠨᠡᠢᠭᠡᠮ ᠨᠡᠢᠲᠡ ᠳ᠋ᠦ᠍ ᠦᠷ᠎ᠡ ᠠᠰᠢᠭ ᠲᠠᠢ᠂ ᠬᠥᠮᠦᠰ ᠲᠦ᠍ ᠬᠡᠷᠡᠭ ᠲᠡᠢ᠂ ᠲᠤᠰᠠ ᠳᠥᠭᠥᠮ ᠪᠣᠯᠬᠤ ᠪᠤᠶᠤ ᠬᠥᠮᠦᠰ ᠦ᠋ᠳ ᠰᠠᠢᠨ ᠰᠠᠢᠬᠠᠨ ᠤ᠋ ᠲᠥᠯᠥᠭᠡ ᠶᠠᠭᠤ ᠨᠢᠭᠡ ᠶ᠋ᠢ ᠪᠦᠲᠦᠭᠡᠬᠦ  ᠶ᠋ᠢ ᠵᠣᠷᠢᠵᠤ ᠲᠥᠯᠥᠪᠯᠡᠭᠰᠡᠨ ᠪᠠᠢᠳᠠᠭ᠃ ᠡᠭᠦᠨ ᠡᠴᠡ ᠪᠡᠨ ᠪᠣᠯᠤᠭᠠᠳ ᠬᠢᠭᠰᠡᠨ ᠵᠣᠷᠢᠭᠰᠠᠨ ᠵᠦᠢᠯ ᠨᠢ ᠨᠡᠢᠭᠡᠮ ᠨᠡᠢᠲᠡ ᠳ᠋ᠦ᠍ ᠮᠡᠳᠡᠷᠡᠭᠳᠡᠵᠦ ᠂ ᠬᠥᠮᠦᠰ ᠦ᠋ᠨ ᠬᠡᠷᠡᠭᠴᠡᠭᠡᠨ ᠳ᠋ᠦ᠍ ᠣᠷᠣᠳᠠᠭ᠃   ᠥᠭᠡᠷ᠎ᠡ ᠪᠡᠷ ᠬᠡᠯᠡᠪᠡᠯ᠄ «ᠡᠷᠡᠭᠦᠯ᠂ ᠴᠡᠪᠡᠷ᠂ ᠳᠣᠲᠣᠨᠣᠰᠣᠭ» ᠦᠢᠯᠡᠴᠢᠯᠡᠭᠡ ᠬᠦᠷᠭᠡᠬᠦ ᠶᠠᠪᠤᠳᠠᠯ ᠪᠣᠯᠤᠨ᠎ᠠ᠃ ᠭᠡᠪᠡᠴᠦ ᠡᠨᠡᠬᠦ ᠵᠣᠷᠢᠯᠲᠠ ᠶ᠋ᠢᠨ ᠢ᠋ᠶ᠋ᠡᠨ ᠲᠥᠯᠥᠭᠡ ᠬᠢᠵᠦ ᠪᠠᠢᠭ᠎ᠠ ᠪᠦᠬᠦ ᠪᠠᠷᠠᠭ᠎ᠠ ᠪᠦᠲᠦᠭᠡᠭᠳᠡᠬᠦᠨ ᠳ᠋ᠡᠭᠡᠨ ᠮᠠᠰᠢ ᠥᠨᠳᠥᠷ ᠬᠢᠨᠠᠯᠲᠠ ᠰᠢᠯᠭᠠᠭᠤᠷ ᠲᠠᠯᠪᠢᠵᠤ᠂ ᠲᠦᠭᠦᠬᠡᠢ ᠮᠠᠲ᠋ᠧᠷᠢᠶᠠᠯ ᠣᠷᠣᠭᠤᠯᠬᠤ ᠠ᠋ᠴᠠ ᠡᠬᠢᠯᠡᠨ ᠪᠦᠲᠦᠭᠡᠭᠳᠡᠬᠦᠨ ᠪᠣᠯᠭᠠᠨ ᠵᠣᠴᠢᠳ ᠲᠤ᠌ ᠬᠦᠷᠭᠡᠬᠦ ᠬᠦᠷᠲᠡᠯ᠎ᠡ ᠶᠠᠪᠤᠴᠠ ᠪᠣᠯᠭᠠᠨ ᠳᠡᠭᠡᠷ᠎ᠡ ᠬᠢᠴᠢᠶᠡᠨ ᠠᠵᠢᠯᠯᠠᠵᠤ ᠴᠢᠷᠮᠠᠢᠵᠤ ᠪᠠᠢᠭ᠎ᠠ ᠪᠢᠯᠡ᠃ ᠡᠢᠮᠦ ᠡᠴᠡ ᠡᠨᠡᠬᠦ ᠵᠣᠴᠢᠳ ᠲᠤ᠌  ᠬᠠᠩᠭᠠᠬᠤ ᠥᠷᠲᠡᠭ ᠭᠡᠳᠡᠭ ᠪᠣᠯ ᠪᠢᠳᠡᠨ ᠦ᠌ ᠵᠣᠷᠢᠯᠲᠠ ᠶ᠋ᠢ ᠳᠠᠭᠠᠵᠤ ᠪᠣᠢ ᠪᠣᠯᠬᠤ ᠮᠥᠷᠲᠡᠭᠡᠨ ᠲᠡᠢᠮᠦ ᠴᠦ᠍ ᠬᠢᠯᠪᠠᠷ ᠪᠡᠶᠡᠯᠡᠭᠳᠡᠬᠦ ᠵᠦᠢᠯ ᠪᠢᠰᠢ᠃ ᠨᠢᠭᠡᠨ ᠮᠠᠰᠢ ᠰᠢᠰᠲ᠋ᠧᠮ ᠲᠡᠢ ᠤᠷᠲᠤ ᠤᠳᠠᠭᠠᠨ ᠶᠠᠪᠤᠴᠠ ᠶ᠋ᠢ ᠬᠡᠷᠡᠭᠡᠯᠡᠨ᠎ᠡ᠃
 ᠳᠥᠷᠪᠡ ᠂ ᠪᠢᠳᠡᠨ ᠦ᠌ ᠦᠷ᠎ᠡ ᠪᠦᠲᠦᠮᠵᠢ ᠶᠠᠭᠤ ᠪᠣᠢ ᠬᠥᠮᠦᠰ ᠦ᠋ᠨ ᠡᠵᠡᠩᠨᠡᠯᠲᠡ ᠶ᠋ᠢᠨ ᠦᠷ᠎ᠡ ᠪᠦᠲᠦᠮᠵᠢ ᠵᠢᠢ ᠦᠨᠡᠯᠡᠬᠦ ᠳ᠋ᠦ᠍ ᠬᠡᠳᠦᠢ ᠠᠰᠢᠭ ᠲᠠᠢ ᠠᠵᠢᠯᠯᠠᠭᠰᠠᠨ᠂ ᠬᠢᠷᠢ ᠠᠰᠢᠭ ᠬᠣᠨᠵᠢᠪᠤᠷᠢ ᠣᠯᠤᠭᠰᠠᠨ ᠢ᠋ᠶ᠋ᠠᠷ ᠯᠠ ᠬᠡᠮᠵᠢᠳᠡᠭ ᠲᠣᠬᠢᠶᠠᠯᠳᠤᠯ ᠪᠣᠢ᠃ ᠭᠡᠬᠦ ᠳ᠋ᠡᠭᠡᠨ ᠪᠢᠳᠡ ᠠᠩᠬ᠎ᠠ ᠡᠵᠡᠩᠨᠡᠯᠲᠡ ᠬᠢᠬᠦ ᠳ᠋ᠡᠭᠡᠨ ᠵᠥᠪᠬᠡᠨ ᠡᠳ᠋ ᠮᠥᠩᠭᠥᠨ ᠦ᠌ ᠲᠥᠯᠥᠭᠡ ᠡᠵᠡᠩᠨᠡᠯᠲᠡ ᠬᠢᠭᠰᠡᠨ ᠦᠭᠡᠢ ᠨᠢ ᠯᠠᠪᠲᠠᠢ᠃ ᠮᠥᠨ ᠴᠦ᠍ ᠵᠥᠪᠬᠡᠨ ᠠᠰᠢᠭ ᠬᠣᠨᠵᠢᠪᠤᠷᠢ ᠶ᠋ᠢᠨ ᠲᠥᠯᠥᠭᠡ ᠡᠵᠡᠩᠨᠡᠯᠲᠡ ᠬᠢᠵᠦ᠂ ᠠᠰᠢᠭ ᠤ᠋ᠨ ᠬᠣᠢᠨ᠎ᠠ ᠠ᠋ᠴᠠ ᠬᠥᠭᠡᠭᠡᠴᠡᠯᠳᠦᠭᠰᠡᠨ ᠪᠣᠯ ᠡᠵᠡᠩᠨᠡᠯᠲᠡ  ᠶ᠋ᠢᠨ ᠢ᠋ᠶ᠋ᠡᠨ ᠶᠠᠪᠤᠴᠠ ᠳ᠋ᠤ᠌ ᠬᠥᠮᠦᠰ ᠯᠠᠪᠲᠠᠢ ᠠᠯᠢ ᠪᠣᠯᠬᠤ ᠳᠥᠭᠥᠮ᠂ ᠬᠢᠮᠳᠠ ᠬᠢᠯᠪᠠᠷ ᠵᠦᠢᠯ ᠢ᠋ ᠬᠡᠷᠡᠭᠯᠡᠵᠦ᠂ ᠨᠡᠢᠭᠡᠮ ᠨᠡᠢᠲᠡ ᠳ᠋ᠦ᠍ ᠠᠴᠢ ᠲᠤᠰᠠ ᠲᠠᠢ ᠵᠦᠢᠯ ᠬᠢᠵᠦ ᠴᠢᠳᠠᠬᠤ ᠦᠭᠡᠢ ᠪᠡᠷ ᠦᠯᠦ ᠪᠠᠷᠠᠨ᠂ ᠣᠯᠠᠨ ᠨᠡᠢᠲᠡ ᠶ᠋ᠢᠨ ᠡᠷᠬᠡ ᠠᠰᠢᠭ ᠢ᠋ ᠬᠣᠬᠢᠷᠠᠭᠤᠯᠬᠤ ᠬᠡᠮᠵᠢᠶᠡᠨ ᠳ᠋ᠦ᠍ ᠬᠦᠷᠴᠦ ᠮᠡᠳᠡᠨ᠎ᠡ᠃ ᠲᠡᠢᠮᠦ ᠡᠴᠡ ᠪᠢᠳᠡᠨ ᠦ᠌ ᠡᠵᠡᠩᠨᠡᠯᠲᠡ ᠶ᠋ᠢᠨ ᠵᠣᠷᠢᠯᠲᠠ ᠨᠡᠢᠭᠡᠮ ᠨᠡᠢᠲᠡ ᠳ᠋ᠦ᠍ ᠠᠴᠢ ᠬᠣᠯᠪᠣᠭᠳᠠᠯ ᠲᠠᠢ ᠪᠠᠢᠬᠤ ᠯᠠ ᠶᠤᠮ ᠪᠣᠯ ᠯᠠᠪᠲᠠᠢ ᠪᠡᠶᠡᠯᠡᠯ ᠢ᠋ᠶ᠋ᠡᠨ ᠣᠯᠵᠤ ᠴᠢᠳᠠᠨ᠎ᠠ᠃ 
ᠲᠠᠪᠤ ᠂ ᠪᠢᠳᠡᠨ ᠦ᠌ ᠲᠥᠯᠥᠪᠯᠡᠭᠡ ᠶᠠᠭᠤ ᠪᠣᠢ ᠲᠥᠯᠥᠪᠯᠡᠭᠡ ᠪᠣᠯ ᠡᠵᠡᠩᠨᠡᠯᠲᠡ ᠶ᠋ᠢᠨ ᠶᠠᠪᠤᠴᠠ ᠳ᠋ᠤ᠌ ᠮᠠᠰᠢ ᠴᠢᠬᠤᠯᠠ ᠴᠤ᠌᠂ ᠪᠢᠳᠡᠨ ᠰᠢᠭ ᠠᠩᠬ᠎ᠠ ᠦᠢᠯᠡᠰ ᠪᠤᠰᠬᠠᠵᠤ ᠪᠠᠢᠭ᠎ᠠ ᠬᠥᠮᠦᠨ ᠳ᠋ᠦ᠍ ᠠᠪᠴᠤ ᠬᠡᠯᠡᠪᠡᠯ ᠬᠢᠯᠪᠠᠷᠬᠠᠨ ᠤᠮᠳᠣᠭᠠᠢᠯᠠᠭᠳᠠᠳᠠᠭ᠃ ᠨᠢᠭᠡ ᠰᠠᠢᠨ ᠵᠣᠷᠢᠯᠲᠠ ᠳ᠋ᠤ᠌ ᠨᠢᠭᠡ ᠰᠢᠰᠲ᠋ᠧᠮ  ᠲᠡᠢ ᠡᠵᠡᠩᠨᠡᠯᠲᠡ ᠶ᠋ᠢᠨ ᠲᠥᠯᠥᠪᠯᠡᠭᠡ ᠪᠠᠢᠬᠤ ᠬᠡᠷᠡᠭᠲᠡᠢ᠃ ᠢᠩᠭᠢᠵᠦ ᠪᠠᠢᠵᠤ ᠠᠵᠢᠯ ᠠᠯᠤᠰ ᠤ᠋ᠨ ᠬᠠᠷᠠᠯᠲᠠ ᠲᠠᠢ ᠪᠣᠯᠬᠤ ᠮᠥᠷᠲᠡᠭᠡᠨ ᠠᠯᠬᠤᠮ ᠳᠠᠷᠠᠭ᠎ᠠ ᠲᠣᠳᠣ᠂ ᠠᠵᠢᠯ ᠡᠮᠬᠢ ᠴᠡᠭᠴᠡ ᠲᠡᠢ ᠶᠠᠪᠤᠭᠳᠠᠵᠤ ᠴᠢᠳᠠᠨ᠎ᠠ᠃ ᠲᠡᠢᠮᠦ ᠡᠴᠡ ᠲᠥᠯᠥᠪᠯᠡᠭᠡ ᠭᠡᠬᠦ ᠪᠡᠷ ᠵᠥᠪᠬᠡᠨ ᠶᠠᠭᠠᠬᠢᠵᠤ ᠬᠢᠬᠦ ᠪᠡᠨ ᠲᠥᠯᠥᠪᠯᠡᠭᠡᠳ ᠪᠣᠯᠬᠤ ᠦᠭᠡᠢ ᠬᠠᠮᠤᠭ ᠴᠢᠬᠤᠯᠠ ᠨᠢ ᠪᠣᠳᠠᠲᠠᠢ ᠬᠡᠷᠡᠭᠵᠢᠭᠦᠯᠬᠦ ᠠᠯᠬᠤᠮ ᠳᠠᠷᠠᠭ᠎ᠠ᠂ ᠠᠷᠭ᠎ᠠ ᠮᠠᠶᠢᠭ ᠢ᠋ᠶ᠋ᠠᠨ ᠲᠣᠭᠲᠬᠠᠰᠠᠨ ᠪᠠᠢᠬᠤ ᠪᠥᠭᠡᠳ ᠲᠡᠭᠦᠨ ᠢ᠋ ᠪᠡᠨ ᠵᠠᠪᠠᠯ ᠪᠣᠳᠠᠲᠠᠢ ᠳᠡᠭᠡᠷ᠎ᠡ ᠬᠡᠷᠡᠭᠵᠢᠭᠦᠯᠬᠦ ᠬᠡᠷᠡᠭᠲᠡᠢ᠃ ᠪᠢᠳᠡ ᠲᠥᠯᠥᠪᠯᠡᠭᠰᠡᠨ ᠵᠦᠢᠯ ᠢ᠋ᠶ᠋ᠡᠨ ᠪᠣᠳᠠᠲᠠᠢ ᠣᠷᠴᠢᠨ ᠳ᠋ᠤ᠌ ᠬᠡᠷᠡᠭᠯᠡᠬᠦ ᠶᠠᠪᠤᠴᠠ ᠳ᠋ᠤ᠌ ᠰᠠᠶᠢ ᠵᠥᠪ ᠡᠰᠡᠬᠦ᠂ ᠳᠤᠲᠠᠭᠳᠠᠯ ᠲᠠᠢ ᠡᠰᠡᠬᠦ ᠶ᠋ᠢ ᠨᠢ ᠰᠢᠯᠭᠠᠵᠤ᠂ ᠤᠯᠠᠮ ᠨᠢᠭᠡ ᠠᠯᠬᠤᠮ ᠲᠡᠭᠦᠯᠳᠡᠷᠵᠢᠭᠦᠯᠬᠦ ᠪᠣᠯᠤᠮᠵᠢ ᠲᠠᠢ ᠪᠣᠯᠳᠠᠭ᠃ ᠡᠢᠮᠦ ᠡᠴᠡ ᠡᠳᠡᠭᠡᠷ ᠪᠦᠬᠦ ᠶᠠᠪᠤᠴᠠ ᠶ᠋ᠢᠨ ᠠᠯᠢ ᠨᠢᠭᠡ ᠨᠢ ᠴᠤ᠌ ᠲᠥᠯᠥᠪᠯᠡᠯᠭᠡ ᠳ᠋ᠦ᠍ ᠳᠤᠲᠠᠭᠳᠠᠵᠤ ᠪᠣᠯᠣᠰᠢ ᠦᠭᠡᠢ᠃  ᠳᠤᠲᠠᠭᠳᠠᠪᠠᠯ ᠲᠡᠷᠡ ᠨᠢ ᠪᠦᠷᠢᠨ ᠪᠦᠲᠦᠨ ᠲᠥᠯᠥᠪᠯᠡᠭᠡ ᠪᠢᠰᠢ ᠪᠣᠯᠤᠨ᠎ᠠ᠃ 
ᠡᠵᠡᠩᠨᠡᠯᠲᠡ ᠪᠡᠨ ᠰᠠᠢᠨ ᠬᠢᠵᠦ᠂ ᠰᠠᠢᠨ ᠦᠷ᠎ᠡ ᠪᠦᠲᠦᠮᠵᠢ ᠭᠠᠷᠭᠠᠶ᠎ᠠ ᠭᠡᠰᠡᠨ ᠬᠥᠮᠦᠨ ᠪᠣᠯᠭᠠᠨ ᠳ᠋ᠤ᠌ ᠲᠣᠬᠢᠷᠠᠬᠤ ᠡᠵᠡᠩᠨᠡᠯᠲᠡ ᠶ᠋ᠢᠨ ᠤᠬᠠᠭᠠᠨᠲᠠᠨ ᠳ᠋ᠤᠷᠠᠺ ᠤ᠋ᠨ «ᠲᠠᠪᠤᠨ ᠠᠰᠠᠭᠤᠯᠲᠠ» ᠪᠢᠳᠡᠨ ᠦ᠌ ᠬᠢᠭᠰᠡᠨ ᠵᠦᠢᠯ ᠢ᠋ᠶ᠋ᠡᠨ ᠬᠡᠷᠬᠢᠨ ᠰᠠᠢᠨ ᠠᠪᠴᠤ ᠶᠠᠪᠤᠬᠤ ᠠᠷᠭ᠎ᠠ ᠶ᠋ᠢ ᠬᠡᠯᠡᠵᠦ ᠥᠭᠭᠦᠭᠰᠡᠨ ᠪᠢᠯᠡ᠃ ᠲᠡᠢᠮᠦ ᠡᠴᠡ ᠪᠢᠳᠡ ᠡᠵᠡᠩᠨᠡᠯᠲᠡ ᠬᠢᠬᠦ ᠶᠠᠪᠤᠴᠠ ᠳ᠋ᠠᠭᠠᠨ ᠡᠨᠡᠬᠦ ᠲᠠᠪᠤᠨ ᠠᠰᠠᠭᠤᠯᠲᠠ ᠪᠠᠷ ᠪᠠᠢᠩᠭᠤ ᠬᠢᠵᠦ ᠪᠠᠢᠭ᠎ᠠ ᠵᠦᠢᠯ ᠢ᠋ᠶ᠋ᠡᠨ ᠰᠢᠯᠭᠠᠵᠤ ᠦᠵᠡᠵᠦ ᠪᠠᠢᠪᠠᠯ ᠡᠵᠡᠩᠨᠡᠯᠲᠡ ᠶ᠋ᠢᠨ ᠢ᠋ᠶ᠋ᠡᠨ ᠦᠷ᠎ᠡ ᠪᠦᠲᠦᠮᠵᠢ ᠶ᠋ᠢ ᠡᠷᠲᠡ ᠨᠢᠭᠡᠨ ᠡᠳᠦᠷ ᠣᠯᠵᠤ ᠬᠠᠷᠠᠬᠤ ᠪᠣᠯᠤᠨ᠎ᠠ᠃

    ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ