ᠴᠠᠭᠠᠨ ᠠᠷᠤᠩЦагаан арунTsagaan arun
ᠴᠠᠭᠠᠨ ᠠᠷᠤᠩ
ᠲᠤᠰ ᠡᠮ ᠪᠣᠯ ᠤᠳ᠌ᠪᠠᠯᠡ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠤᠯᠠ ᠡᠪᠡᠰᠦ ᠶ᠋ᠢᠨ ᠬᠥᠷᠥᠰᠥᠨ ᠳᠡᠭᠡᠷᠡᠬᠢ ᠬᠡᠰᠡᠭ ᠮᠥᠨ᠃
[ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃10~40cm ᠥᠨᠳᠥᠷ᠂ ᠡᠰᠢ ᠨᠢ ᠰᠢᠯᠤᠭᠤᠨ ᠪᠤᠶᠤ ᠵᠢᠭᠠᠬᠠᠨ ᠮᠤᠷᠤᠢ᠂ ᠰᠠᠯᠠᠭᠠᠯᠠᠬᠤ ᠦᠭᠡᠢ᠂ ᠤᠷᠲᠤ ᠵᠥᠭᠡᠯᠡᠨ ᠪᠤᠭᠤᠷᠤᠯ ᠦᠰᠦ ᠲᠡᠢ ᠪᠤᠶᠤ ᠲᠣᠷᠭᠠᠯᠢᠭ ᠦᠰᠦ ᠲᠡᠢ᠃ ᠳᠣᠣᠷ᠎ᠠ ᠬᠡᠰᠡᠭ ᠦ᠋ᠨ ᠨᠠᠪᠴᠢ ᠨᠢ ᠨᠡᠯᠢᠶᠡᠳ ᠢᠬᠴᠤ᠂ ᠴᠡᠴᠡᠭᠯᠡᠬᠦ ᠬᠤᠭᠤᠴᠠᠭᠠᠨ ᠳ᠋ᠤ᠌ ᠬᠤᠪᠠᠬᠠᠢᠷᠠᠭᠠᠳ ᠮᠥᠩᠬᠡ ᠣᠷᠣᠰᠢᠨ᠎ᠠ᠃ ᠳᠤᠮᠳᠠ ᠪᠠ ᠳᠡᠭᠡᠷ᠎ᠡ ᠬᠡᠰᠡᠭ ᠲᠡᠬᠢ ᠨᠠᠪᠴᠢ ᠨᠢ ᠰᠡᠢᠷᠡᠭ᠂ ᠣᠯᠠᠩᠬᠢ ᠳ᠋ᠠᠭᠠᠨ ᠠᠰᠬᠠᠨ᠂ ᠪᠦᠰᠡ ᠬᠡᠯᠪᠡᠷᠢ ᠲᠡᠢ ᠪᠤᠶᠤ ᠪᠦᠰᠡᠯᠢᠭ ᠬᠠᠪᠲᠠᠭᠠᠢ ᠲᠡᠪᠡᠨᠡ ᠬᠡᠯᠪᠡᠷᠢ ᠲᠡᠢ᠂1~3cm ᠤᠷᠲᠤ᠂2~4mm ᠥᠷᠭᠡᠨ᠂ ᠱᠣᠪᠲᠣᠭᠣᠷ ᠦᠵᠦᠭᠦᠷ ᠲᠡᠢ᠂ ᠵᠢᠵᠢᠭ ᠱᠣᠪᠲᠣᠭᠣᠷ ᠣᠷᠣᠢ ᠲᠠᠢ᠂ ᠤᠭ ᠨᠢ ᠪᠠᠭ᠎ᠠ ᠨᠠᠷᠢᠨ᠂ ᠪᠠᠭᠯᠠᠭᠴᠢ ᠦᠭᠡᠢ᠂ ᠪᠠᠷᠢᠭᠤᠯ ᠦᠭᠡᠢ᠃ ᠬᠥᠪᠡᠭᠡ ᠨᠢ ᠬᠠᠶᠠ ᠮᠠᠲᠠᠷᠢᠨ ᠣᠷᠢᠶᠠᠯᠳᠤᠬᠤ ᠪᠤᠶᠤ ᠳᠣᠯᠭᠢᠶᠠᠯᠢᠭ ᠪᠣᠯᠳᠠᠭ᠃ ᠥᠪᠥᠷ ᠲᠠᠯ᠎ᠠ ᠨᠢ ᠨᠣᠭᠣᠭᠠᠨ᠂ ᠵᠥᠭᠡᠯᠡᠨ ᠦᠰᠦ ᠲᠡᠢ᠂ ᠠᠷᠤ ᠳ᠋ᠤᠨᠢ ᠢᠬᠴᠤ ᠴᠠᠭᠠᠨ ᠬᠥᠪᠥᠩ ᠦᠰᠦ ᠲᠡᠢ᠃ ᠪᠠᠭᠯᠠᠭᠴᠢ ᠨᠠᠪᠴᠢ ᠨᠢ ᠮᠠᠰᠢ ᠴᠥᠭᠡᠨ᠂ ᠲᠡᠭᠰᠢ ᠲᠣᠭᠣᠷᠢᠭ ᠪᠤᠶᠤ ᠪᠦᠰᠡ ᠬᠡᠯᠪᠡᠷᠢ ᠲᠡᠢ᠂ ᠪᠠᠭ ᠴᠡᠴᠡᠭ ᠲᠡᠢ ᠪᠡᠨ ᠢᠵᠢᠯ ᠤᠷᠲᠤ ᠪᠤᠶᠤ ᠲᠡᠭᠦᠨ ᠡᠴᠡ ᠤᠷᠲᠤ ᠪᠠᠢᠳᠠᠭ᠃ ᠡᠷ᠎ᠡ ᠪᠤᠲᠠ ᠨᠢ ᠶᠡᠷᠦ ᠳ᠋ᠡᠭᠡᠨ ᠪᠠᠭᠯᠠᠭᠴᠢ ᠨᠠᠪᠴᠢ ᠶ᠋ᠢᠨ ᠪᠥᠭᠡᠮ ᠪᠣᠯᠳᠠᠭ ᠪᠣᠯᠪᠠᠴᠤ ᠡᠮ᠎ᠡ ᠪᠤᠲᠠ ᠲᠠᠷᠠᠬᠠᠢ ᠪᠠᠢᠷᠢᠰᠢᠵᠤ᠂ ᠪᠠᠭᠯᠠᠭᠴᠢ ᠨᠠᠪᠴᠢᠨ ᠤ᠋ ᠪᠥᠭᠡᠮ ᠪᠣᠯᠳᠠᠭ ᠦᠭᠡᠢ᠃ ᠲᠣᠯᠣᠭᠠᠢ ᠬᠡᠯᠪᠡᠷᠢᠲᠦ ᠪᠠᠭ ᠴᠡᠴᠡᠭ ᠦ᠋ᠨ ᠳ᠋ᠢᠶᠠᠮᠧᠲ᠋ᠷ ᠨᠢ ᠪᠠᠷᠤᠭ7~10mm᠂3~7 ᠪᠠᠷ ᠪᠠᠭᠴᠠᠷᠠᠨ ᠳᠡᠯᠭᠡᠷᠡᠨ᠎ᠡ᠃ ᠨᠢᠭᠡ ᠪᠡᠷ ᠳᠡᠯᠭᠡᠷᠡᠬᠦ ᠨᠢ ᠴᠥᠭᠡᠨ ᠪᠤᠶᠤ ᠨᠡᠯᠢᠶᠡᠳ ᠣᠯᠠᠨ᠂ ᠡᠰᠡᠬᠦᠯ᠎ᠡ ᠤᠷᠲᠤ ᠪᠠᠭ ᠴᠡᠴᠡᠭ ᠦ᠋ᠨ ᠪᠠᠷᠢᠭᠤᠯ ᠳᠡᠭᠡᠷ᠎ᠡ ᠲᠡᠭᠰᠢ ᠣᠷᠣᠢᠲᠤ ᠪᠣᠯᠵᠤ ᠵᠢᠭᠳᠡᠷᠡᠨ᠎ᠡ᠃ ᠶᠡᠷᠦᠩᠬᠡᠢ ᠪᠠᠭᠯᠠᠭᠴᠢ ᠢᠯᠲᠠᠰᠤ ᠨᠢ ᠪᠠᠷᠤᠭ4 ᠮᠥᠷ᠃ ᠬᠠᠪᠲᠠᠭᠠᠢ ᠲᠡᠪᠡᠨᠡ ᠬᠡᠯᠪᠡᠷᠢ ᠲᠡᠢ᠂ ᠦᠵᠦᠭᠦᠷ ᠨᠢ ᠥᠩᠭᠡ ᠦᠭᠡᠢ ᠪᠤᠶᠤ ᠭᠦᠢᠬᠡᠨ ᠬᠦᠷᠡᠩ ᠥᠩᠭᠡ ᠲᠡᠢ᠃ ᠵᠢᠵᠢᠭ ᠴᠡᠴᠡᠭ ᠨᠢ ᠣᠨᠳᠣᠣ ᠬᠡᠷᠲᠡᠢ᠂ ᠨᠢᠭᠡ ᠬᠡᠷᠲᠡᠢ ᠨᠢ ᠴᠥᠭᠡᠨ᠃ ᠡᠷ᠎ᠡ ᠴᠡᠴᠡᠭ ᠦ᠋ᠨ ᠳᠡᠯᠪᠢ ᠨᠢ ᠶᠡᠭᠦᠯᠡᠭᠦᠷ ᠬᠡᠯᠪᠡᠷᠢ ᠲᠡᠢ᠂ ᠡᠮ᠎ᠡ ᠴᠡᠴᠡᠭ ᠦ᠋ᠨ ᠳᠡᠯᠪᠢ ᠨᠢ ᠰᠢᠷᠬᠡᠭ ᠬᠡᠯᠪᠡᠷᠢ ᠲᠡᠢ᠃ ᠲᠤᠷᠠᠩᠬᠠᠢ ᠵᠢᠮᠢᠰ ᠨᠢ ᠤᠷᠲᠤᠯᠵᠢᠨ ᠪᠥᠭᠡᠷᠡᠩᠬᠡᠢ᠂ ᠬᠥᠬᠥᠨᠴᠢᠷ ᠳᠣᠪᠣᠭᠣᠷ ᠲᠠᠢ᠂ ᠴᠠᠭᠠᠨ ᠥᠩᠭᠡ ᠲᠡᠢ ᠲᠢᠲᠢᠮ ᠦᠰᠦ ᠲᠡᠢ᠃7~10 ᠳ᠋ᠤᠭᠠᠷ ᠰᠠᠷ᠎ᠠ ᠳ᠋ᠤ᠌ ᠴᠡᠴᠡᠭᠯᠡᠵᠦ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠬᠡᠭᠡᠷ᠎ᠡ ᠲᠠᠯ᠎ᠠ᠂ ᠠᠭᠤᠯᠠ ᠶ᠋ᠢᠨ ᠬᠠᠵᠠᠭᠤ᠂ ᠭᠣᠣᠯ ᠤ᠋ᠨ ᠬᠥᠪᠡᠭᠡ ᠪᠡᠷ ᠤᠷᠭᠤᠨ᠎ᠠ᠃ ᠵᠡᠭᠦᠨ ᠬᠣᠢᠲᠤ ᠣᠷᠣᠨ᠂ ᠤᠮᠠᠷᠠᠲᠤ ᠣᠷᠣᠨ᠂ ᠪᠠᠷᠠᠭᠤᠨ ᠬᠣᠢᠲᠤ ᠣᠷᠣᠨ ᠳ᠋ᠤ᠌ ᠲᠠᠷᠬᠠᠴᠠ ᠲᠠᠢ᠃
[ ᠠᠮᠲᠠ᠂ ᠴᠢᠨᠠᠷ᠂ ᠡᠷᠳᠡᠮ] ᠭᠠᠰᠢᠭᠤᠨ ᠠᠮᠲᠠ ᠲᠠᠢ; ᠰᠡᠷᠢᠭᠦᠨ ᠴᠢᠨᠠᠷ ᠲᠠᠢ; ᠡᠶᠡᠯᠳᠡᠭ᠂ ᠵᠥᠭᠡᠯᠡᠨ᠂ ᠮᠣᠬᠣᠳᠠᠭ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠠᠭᠤᠰᠬᠢᠨ ᠬᠠᠯᠠᠭᠤᠨ ᠢ᠋ ᠠᠷᠢᠯᠭᠠᠬᠤ᠂ ᠬᠠᠨᠢᠶᠠᠬᠤ ᠶ᠋ᠢ ᠵᠣᠭᠰᠣᠭᠠᠬᠤ᠂ ᠥᠭᠡᠷᠢ ᠶ᠋ᠢ ᠲᠠᠲᠠᠬᠤ ᠴᠢᠳᠠᠯ ᠲᠠᠢ᠃ ᠭᠣᠣᠯᠳᠠᠭᠤ ᠠᠭᠤᠰᠬᠢᠨ ᠬᠠᠯᠠᠭᠤᠨ᠂ ᠠᠭᠤᠰᠬᠢᠨ ᠬᠠᠳᠬᠤᠯᠭ᠎ᠠ᠂ ᠠᠭᠤᠰᠬᠢᠨ ᠦᠭᠡᠷᠢ᠂ ᠲᠠᠭᠰᠢᠭᠤᠷ ᠬᠠᠨᠢᠶᠠᠳᠤ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄火绒草
ᠠᠩᠭ᠌ᠯᠢ ᠨᠡᠷ᠎ᠡ᠄Leontopodium leontopodioides (Willd.)Beauv.
ᠦᠰᠦᠭ ᠠᠮᠢᠯᠠᠭᠤᠯᠤᠭᠴᠢ᠄ ᠴᠡᠪᠡᠷᠴᠡᠴᠡᠭ
ᠬᠢᠨᠠᠭᠴᠢ᠄ ᠲᠤᠶᠠᠭ᠎ᠠ
