ᠬᠠᠰᠠᠷ – ᠨᠣᠮᠣᠬᠠᠨ ᠳᠠᠯᠠᠢ ᠶᠢᠨ ᠰᠢᠷ᠎ᠠ ᠤᠰᠤ - ᠴᠢᠩᠭᠢᠰ ᠬᠠᠭᠠᠨ ᠊ᠤ᠌ ᠨᠢᠭᠤᠴᠠ ᠲᠡᠦᠬᠡ 15 Хасар – номхон далайн шар ус - Чингис хаан оо нууц түүх 15
ᠬᠠᠰᠠᠷ –
ᠨᠣᠮᠣᠬᠠᠨ ᠳᠠᠯᠠᠢ ᠶᠢᠨ ᠰᠢᠷ᠎ᠠ ᠤᠰᠤ
ᠠᠯᠲᠠᠨ ᠤᠯᠤᠰ ᠲᠠᠢ ᠮᠥᠴᠡᠭᠡᠷᠬᠡᠨ ᠲᠡᠮᠡᠴᠡᠯᠳᠦᠭᠰᠡᠭᠡᠷ ᠲᠡᠳᠡᠨ ᠢ᠋ ᠠᠶᠤᠯᠭᠠᠵᠤ᠂ ᠬᠦᠴᠦᠷᠬᠡᠭ ᠪᠠᠶᠠᠨ ᠢ᠋ᠶ᠋ᠠᠷ ᠢ᠋ᠶ᠋ᠠᠨ ᠭᠠᠢᠬᠠᠭᠳᠠᠵᠤ ᠪᠠᠢᠭᠰᠠᠨ ᠲᠠᠲ᠋ᠠᠷ ᠠᠢᠮᠠᠭ ᠲᠡᠮᠦᠵᠢᠨ᠂ ᠬᠠᠰᠠᠷ ᠨᠠᠷ ᠤ᠋ᠨ ᠭᠠᠷ ᠲᠤ ᠬᠦᠢᠰᠦ ᠲᠡᠮᠲᠡᠷᠢᠭᠳᠡᠨ ᠮᠥᠬᠥᠬᠦ ᠶ᠋ᠢ ᠨᠢᠳᠦ ᠪᠡᠷ ᠢ᠋ᠶ᠋ᠡᠨ ᠦᠵᠡᠭᠰᠡᠨ ᠬᠤᠸᠠᠷᠵᠢᠨ᠂ ᠥᠪᠡᠷ ᠢ᠋ ᠪᠡᠨ ᠲᠠᠲ᠋ᠠᠷ ᠭᠠᠷᠤᠯᠲᠠᠢ ᠭᠡᠳᠡᠭ ᠢ᠋ ᠮᠠᠷᠲᠠᠬᠤ ᠰᠢᠬᠠᠵᠤ ᠪᠠᠢᠲᠠᠯ᠎ᠠ ᠡᠨᠡ ᠶᠠᠪᠤᠳᠠᠯ ᠪᠣᠯᠤᠭᠰᠠᠨ ᠪᠢᠯᠡ᠃ ᠮᠣᠩᠭᠣᠯ ᠤ᠋ᠨ ᠶᠡᠬᠡ ᠴᠡᠷᠢᠭ ᠠᠯᠲᠠᠨ ᠤᠯᠤᠰ ᠢ᠋ ᠵᠣᠷᠢᠭᠠᠳ ᠵᠢᠯ ᠰᠢᠬᠠᠵᠤ ᠪᠠᠢᠭᠰᠠᠨ ᠥᠩᠭᠡᠷᠡᠭᠰᠡᠨ ᠨᠠᠮᠤᠷ ᠤ᠋ᠨ ᠨᠠᠢᠷᠲᠠᠢ ᠰᠠᠢᠬᠠᠨ ᠨᠢᠭᠡ ᠡᠳᠦᠷ ᠬᠤᠸᠠᠷᠵᠢᠨ ᠥᠬᠢᠳ ᠦ᠋ᠨ ᠬᠠᠮᠲᠤ ᠬᠡᠷᠦᠯᠦᠨ ᠦ᠌ ᠤᠰᠤᠨ ᠳ᠋ᠤ᠌ ᠤᠮᠪᠠᠵᠤ᠂ ᠬᠠᠯᠠᠭᠤᠨ ᠲᠣᠷᠭᠠᠨ ᠡᠯᠡᠰᠦᠨ ᠳᠡᠭᠡᠷ᠎ᠡ ᠬᠥᠯᠪᠡᠷᠢᠨ ᠵᠤᠭᠠᠴᠠᠵᠤ ᠪᠠᠢᠪᠠ᠃ ᠨᠠᠮᠤᠷ ᠤ᠋ᠨ ᠨᠠᠯᠠᠭᠠᠷ ᠬᠠᠯᠠᠭᠤᠨ ᠳ᠋ᠤ᠌ ᠡᠢᠨ ᠵᠤᠭᠠᠴᠠᠬᠤ ᠨᠢ ᠶᠡᠷᠦ ᠶ᠋ᠢᠨ ᠬᠡᠷᠡᠭ ᠪᠢᠯᠡ᠃ ᠬᠡᠷᠦᠯᠦᠨ ᠦ᠌ ᠡᠷᠭᠢ ᠶ᠋ᠢᠨ ᠪᠤᠷᠭᠠᠰᠤ ᠲᠡᠳᠡᠨ ᠢ᠋ ᠲᠦᠮᠡᠨ ᠦ᠌ ᠨᠢᠳᠦᠨ ᠡᠴᠡ ᠬᠠᠭᠠᠬᠤ ᠠᠵᠢ᠃ ᠲᠡᠳᠡᠨ ᠳ᠋ᠦ᠍ ᠠᠶᠤᠬᠤ ᠠᠶᠤᠯ᠂ ᠲᠦᠭᠰᠢᠬᠦ ᠵᠣᠪᠠᠯᠠᠩ ᠪᠠᠢᠭᠰᠠᠨ ᠦᠭᠡᠢ ᠲᠤᠯᠠ ᠥᠬᠢᠳ ᠨᠢ ᠪᠤᠷᠭᠠᠰᠤᠨ ᠳ᠋ᠤ᠌ ᠮᠣᠢᠯ ᠲᠡᠭᠦᠵᠦ ᠪᠠᠷ᠎ᠠ ᠦᠭᠡᠢ ᠪᠣᠯᠤᠭᠰᠠᠨ ᠴᠦ᠍ ᠲᠡᠳᠡᠨ ᠦ᠌ ᠬᠠᠰᠬᠢᠷᠬᠤ ᠢᠨᠢᠶᠡᠯᠳᠦᠬᠦ ᠰᠣᠨᠣᠰᠳᠠᠭᠠᠳ ᠬᠤᠸᠠᠷᠵᠢᠨ ᠬᠠᠯᠠᠭᠤᠨ ᠲᠣᠷᠭᠠᠨ ᠡᠯᠡᠰᠦᠨ ᠳᠡᠭᠡᠷ᠎ᠡ ᠨᠣᠢᠲᠠᠨ ᠪᠡᠶ᠎ᠡ ᠪᠡᠷ ᠬᠥᠯᠪᠡᠷᠢᠵᠦ ᠰᠡᠳᠬᠢᠯ ᠲᠠᠢᠪᠤᠩ ᠵᠡᠭᠦᠷᠮᠡᠭᠯᠡᠵᠡᠢ᠃ ᠲᠡᠷᠡ ᠭᠡᠨᠡᠳᠲᠡ ᠵᠡᠭᠦᠳᠦᠯᠡᠬᠦ ᠰᠢᠭ ᠪᠣᠯᠪᠠ᠃ ᠡᠮᠦᠨ᠎ᠡ ᠨᠢ ᠡᠯᠡᠰᠦᠨ ᠳᠡᠭᠡᠷ᠎ᠡ ᠤᠷᠲᠤ ᠦᠰᠦ ᠨᠢ ᠮᠥᠷᠥ ᠪᠡᠨ ᠳᠠᠪᠠᠵᠤ᠂ ᠥᠭᠢᠷᠡᠰᠢᠭᠰᠡᠨ ᠬᠤᠪᠴᠠᠰᠤᠨ ᠠ᠋ᠴᠠ ᠨᠢ ᠡᠪᠦᠳᠦᠭ ᠲᠣᠬᠣᠢ ᠨᠢ ᠴᠤᠬᠤᠢᠭᠰᠠᠨ ᠵᠠᠯᠠᠭᠤ ᠡᠷ᠎ᠡ ᠰᠥᠬᠥᠷᠡᠨ ᠰᠠᠭᠤᠵᠤ ᠪᠠᠢᠪᠠ᠃ ᠪᠠᠰᠠ ᠲᠡᠷᠡ ᠲᠠᠨᠢᠬᠤ ᠦᠭᠡᠢ ᠡᠷ᠎ᠡ
— ᠬᠤᠸᠠᠷᠵᠢᠨ ᠭᠡᠵᠦ ᠳᠠᠭᠤᠳᠠᠵᠤ ᠪᠠᠢᠬᠤ ᠠᠵᠢ᠃ ᠬᠡᠳᠦᠢ ᠬᠤᠪᠢᠷᠠᠵᠤ ᠥᠭᠡᠷᠡᠴᠢᠯᠡᠭᠳᠡᠭᠰᠡᠨ ᠴᠦ᠍ ᠬᠤᠸᠠᠷᠵᠢᠨ ᠲᠡᠭᠦᠨ ᠢ᠋ ᠲᠠᠨᠢᠪᠠ᠃ ᠡᠨᠡ ᠪᠣᠯ ᠡᠬᠡ ᠶ᠋ᠢᠨ ᠬᠢᠨᠢ ᠬᠣᠯᠠ ᠶ᠋ᠢᠨ ᠬᠠᠮᠢᠶᠠᠲᠠᠨ ᠬᠣᠷᠢᠰᠤ ᠨᠠᠭᠠᠴᠤ ᠶ᠋ᠢᠨ ᠭᠠᠭᠴᠠ ᠬᠥᠪᠡᠭᠦᠨ ᠡᠭᠡᠯᠳᠦ᠋ᠷᠦ ᠪᠠᠢᠯ᠎ᠠ᠃ ᠲᠡᠭᠦᠨ ᠢ᠋ ᠶᠠᠭᠠᠬᠢᠵᠤ ᠲᠠᠨᠢᠬᠤ ᠦᠭᠡᠢ ᠪᠠᠢᠬᠤ ᠪᠢᠯᠡ᠃ ᠲᠡᠮᠦᠵᠢᠨ ᠦ᠌ ᠲᠣᠯᠣᠭᠠᠢᠯᠠᠭᠰᠠᠨ ᠠᠶᠤᠮᠰᠢᠭᠲᠤ ᠮᠣᠩᠭᠣᠯᠴᠤᠳ ᠳᠣᠪᠲᠣᠯᠤᠨ ᠢᠷᠡᠬᠦ ᠬᠦᠷᠲᠡᠯ᠎ᠡ ᠲᠡᠳᠡ ᠨᠢᠭᠡᠨ ᠳᠣᠪᠣᠨ ᠳ᠋ᠤ᠌ ᠲᠣᠭᠯᠠᠵᠤ ᠨᠢᠭᠡᠨ ᠬᠥᠨᠵᠢᠯᠡ ᠳ᠋ᠦ᠍ ᠤᠨᠲᠠᠵᠤ ᠥᠰᠦᠭᠰᠡᠨ ᠪᠠᠢᠪᠠ᠃ ᠨᠠᠰᠤ ᠰᠠᠴᠠᠭᠤ ᠴᠦ᠍ ᠦᠶ᠎ᠡ ᠶ᠋ᠢᠨ ᠬᠢᠨ ᠳᠣᠲᠣᠷ᠎ᠠ ᠪᠠᠨ ᠥᠰᠬᠡᠯᠡᠭᠦᠨ ᠪᠡᠶ᠎ᠡ ᠲᠡᠢ ᠨᠢᠳᠦ ᠬᠥᠮᠥᠰᠬᠡ ᠳᠦᠭᠦᠷᠡᠩ ᠡᠭᠡᠯᠳᠦ᠋ᠷᠦ ᠪᠣᠯ ᠥᠬᠢᠳ ᠪᠣᠯᠭᠠᠨ ᠳᠠᠭᠠᠵᠤ᠂ ᠣᠯᠠᠨ ᠪᠦᠭᠦᠳᠡ ᠱᠣᠬᠣᠭᠣᠷᠬᠠᠭᠰᠠᠨ ᠬᠥᠪᠡᠭᠦᠨ ᠶᠦᠮ᠃ ᠬᠤᠸᠠᠷᠵᠢᠨ ᠴᠦ᠍ ᠦᠶ᠎ᠡ ᠶ᠋ᠢᠨ ᠥᠬᠢᠳ ᠦ᠋ᠨ ᠡᠯᠳᠡᠪ ᠶᠠᠷᠢᠶᠠᠨ ᠳ᠋ᠤ᠌ ᠠᠪᠲᠠᠭᠳᠠᠨ ᠡᠭᠡᠯᠳᠦ᠋ᠷᠦ ᠳ᠋ᠦ᠍ ᠶᠡᠷᠦ ᠬᠥᠮᠦᠨ ᠦ᠌ ᠬᠢᠨᠢ ᠬᠤᠪᠢ ᠳ᠋ᠤ᠌ ᠰᠡᠳᠬᠢᠯ ᠠᠯᠳᠠᠷᠠᠵᠤ ᠪᠠᠢᠵᠠᠢ᠃ ᠡᠭᠡᠯᠳᠦ᠋ᠷᠦ ᠴᠠᠬᠢᠶ᠎ᠠ ᠦᠭᠡ ᠡᠴᠢᠭᠡ ᠶ᠋ᠢᠨ ᠬᠢᠨᠢ ᠪᠤᠰᠤᠳ ᠠᠯᠪᠠᠲᠤ ᠨᠤᠭᠤᠳ ᠤ᠋ᠨ ᠠᠳᠠᠯᠢ ᠬᠠᠰᠠᠷ ᠲᠤ ᠣᠯᠵᠠᠯᠠᠭᠳᠠᠨ ᠢᠷᠡᠭᠰᠡᠨ ᠪᠢᠯᠡ᠃ ᠭᠡᠪᠡᠴᠦ ᠲᠡᠮᠦᠵᠢᠨ ᠦ᠌ ᠵᠠᠷᠯᠢᠭ ᠢ᠋ᠶ᠋ᠠᠷ ᠬᠢᠭᠰᠡᠨ ᠶᠡᠬᠡ ᠬᠢᠳᠤᠯᠭ᠎ᠠ ᠶ᠋ᠢᠨ ᠦᠶ᠎ᠡ ᠪᠡᠷ ᠬᠡᠭᠦᠷ ᠦ᠋ᠨ ᠳᠤᠮᠳᠠ ᠴᠢᠰᠤᠨ ᠳ᠋ᠤ᠌ ᠬᠤᠳᠬᠤᠯᠳᠤᠨ ᠠᠮᠢ ᠦᠭᠡᠢ ᠮᠡᠲᠦ ᠬᠡᠪᠲᠡᠭᠰᠡᠭᠡᠷ ᠠᠮᠢᠳᠤ ᠦᠯᠡᠳᠡᠭᠰᠡᠨ ᠡᠭᠡᠯᠳᠦ᠋ᠷᠦ ᠴᠠᠬᠢᠶ᠎ᠠ ᠦᠭᠡ ᠶ᠋ᠢᠨ ᠮᠢᠩᠭᠠᠨ ᠠᠯᠪᠠᠲᠤ ᠪᠠᠯᠴᠢᠷ ᠬᠡᠦᠬᠡᠳ ᠡᠴᠡ ᠪᠤᠰᠤᠳ ᠨᠢ ᠬᠡᠷᠬᠢᠨ ᠠᠮᠢ ᠡᠷᠡᠰᠳᠡᠨ ᠦᠬᠦᠬᠦ ᠶ᠋ᠢ ᠦᠵᠡᠵᠦ ᠥᠩᠭᠡᠷᠡᠭᠡᠵᠡᠢ᠃ ᠲᠡᠭᠦᠨ ᠦ᠌ ᠡᠴᠢᠭᠡ ᠡᠬᠡ᠂ ᠠᠬ᠎ᠠ ᠳᠡᠭᠦᠦ ᠨᠠᠷ ᠠ᠋ᠴᠠ ᠬᠡᠨ ᠴᠦ᠍ ᠠᠮᠢᠳᠤ ᠦᠯᠡᠳᠡᠭᠰᠡᠨ ᠦᠭᠡᠢ᠃ ᠠᠷᠢᠬᠢᠨ ᠳ᠋ᠤ᠌ ᠬᠠᠯᠠᠮᠴᠠᠭᠰᠠᠨ ᠴᠡᠷᠢᠭ ᠴᠡᠭᠡᠵᠢ ᠶ᠋ᠢ ᠨᠢ ᠨᠡᠪᠲᠡ ᠬᠢᠲᠤᠭᠠᠯᠠᠪᠠ ᠭᠡᠮᠡᠨ ᠠᠨᠳᠠᠭᠤᠷᠠᠵᠤ ᠣᠷᠬᠢᠭ᠎ᠠ ᠦᠭᠡᠢ ᠪᠣᠯ ᠡᠭᠡᠯᠳᠦ᠋ᠷᠦ ᠡᠳᠦᠢ ᠳ᠋ᠦ᠍ ᠪᠠᠰᠠ ᠯᠠ ᠡᠪᠡᠰᠦ ᠤᠷᠭᠤᠮᠠᠯ ᠳ᠋ᠤ᠌ ᠬᠤᠪᠢᠷᠠᠨ ᠡᠯᠡᠰᠦ ᠰᠢᠷᠣᠢ ᠳ᠋ᠤ᠌ ᠰᠢᠩᠭᠡᠬᠦ ᠪᠠᠢᠭᠰᠠᠨ ᠪᠢᠯᠡ᠃ ᠭᠡᠪᠡᠴᠦ ᠲᠡᠷᠡ ᠠᠮᠢᠳᠤ ᠦᠯᠡᠳᠡᠪᠡ᠃ ᠠᠭᠤᠯᠠ ᠬᠠᠳᠠ ᠪᠠᠷ ᠭᠡᠷᠦᠨ ᠲᠡᠨᠦᠵᠦ᠂ ᠵᠢᠮᠢᠰ ᠤᠷᠭᠤᠮᠠᠯ ᠲᠡᠭᠦᠵᠦ ᠬᠣᠭᠣᠯᠠᠯᠠᠨ ᠵᠡᠷᠯᠢᠭ ᠠᠷᠢᠶᠠᠲᠠᠨ ᠰᠢᠭ᠋ ᠬᠡᠳᠦᠨ ᠵᠢᠯ ᠢ᠋ ᠦᠵᠡᠪᠡ᠃ ᠭᠡᠪᠡᠴᠦ ᠭᠠᠭᠴᠠᠭᠠᠷ ᠠᠮᠢᠳᠤᠷᠠᠬᠤ ᠬᠡᠴᠡᠭᠦᠦ ᠲᠤᠯᠠ ᠲᠡᠢᠨ ᠳᠠᠵᠢᠨ ᠨᠠᠮᠵᠢᠵᠤ ᠲᠠᠲ᠋ᠠᠷ ᠢ᠋ ᠮᠠᠷᠲᠠᠬᠤ ᠦᠶ᠎ᠡ ᠪᠡᠷ ᠠᠭᠤᠯᠠᠨ ᠠ᠋ᠴᠠ ᠪᠠᠨ ᠪᠠᠭᠤᠵᠤ ᠨᠤᠲᠤᠭ ᠤ᠋ᠨ ᠰᠠᠢᠨ ᠰᠠᠨᠠᠭᠠᠲᠤ ᠠᠢᠯ ᠳ᠋ᠤ᠌ ᠵᠠᠷᠤᠭᠳᠠᠨ ᠰᠠᠭᠤᠭᠰᠠᠭᠠᠷ ᠡᠳᠦᠢ ᠬᠦᠷᠴᠡᠢ᠃ ᠭᠡᠪᠡᠴᠦ ᠲᠡᠷᠡ ᠴᠠᠬᠢᠶ᠎ᠠ ᠦᠭᠡ ᠡᠵᠡᠨ ᠦ᠌ ᠬᠢᠨᠢ ᠥᠬᠢᠨ ᠬᠤᠸᠠᠷᠵᠢᠨ ᠢ᠋ ᠲᠡᠮᠦᠵᠢᠨ ᠦ᠌ ᠳᠡᠭᠦᠦ ᠬᠠᠰᠠᠷ ᠭᠡᠭᠴᠢ ᠪᠠᠭᠠᠲᠤᠷ ᠡᠷ᠎ᠡ ᠠᠪᠤᠭᠰᠠᠨ ᠢ᠋ ᠮᠡᠳᠡᠬᠦ ᠲᠤᠯᠠ ᠡᠷᠢᠭᠰᠡᠭᠡᠷ᠂ ᠠᠮᠢ ᠠᠯᠳᠠᠬᠤ ᠠ᠋ᠴᠠ ᠴᠦ᠍ ᠠᠶᠤᠯ ᠦᠭᠡᠢ ᠬᠦᠷᠴᠦ ᠢᠷᠡᠭᠰᠡᠨ ᠨᠢ ᠡᠨᠡ ᠪᠠᠢᠪᠠ᠃ ᠲᠡᠳᠡᠨ ᠦ᠌ ᠠᠭᠤᠯᠵᠠᠯᠲᠠ ᠪᠠᠶᠠᠷᠲᠠᠢ ᠭᠡᠬᠦ ᠡᠴᠡ ᠢᠯᠡᠭᠦᠦ ᠲᠦᠭᠰᠢᠭᠦᠷᠢ ᠠᠶᠤᠮᠰᠢᠭ ᠢ᠋ᠶ᠋ᠠᠷ ᠳᠦᠭᠦᠷᠡᠩ ᠪᠠᠢᠯ᠎ᠠ᠃ ᠭᠡᠪᠡᠴᠦ ᠬᠤᠸᠠᠷᠵᠢᠨ ᠴᠦ᠍᠂ ᠡᠭᠡᠯᠳᠥ᠋ᠷᠦ ᠴᠦ᠍ ᠬᠠᠭᠠᠴᠠᠵᠤ ᠰᠠᠯᠬᠤ ᠶ᠋ᠢ ᠬᠦᠰᠡᠭᠰᠡᠨ ᠦᠭᠡᠢ᠃ ᠲᠡᠷᠡ ᠰᠥᠨᠢ ᠬᠤᠸᠠᠷᠵᠢᠨ᠂ ᠡᠭᠡᠯᠳᠥ᠋ᠷᠦ ᠶ᠋ᠢ ᠬᠥᠮᠦᠨ ᠦ᠌ ᠨᠢᠳᠦ ᠬᠠᠷᠢᠭᠤᠯᠤᠨ ᠭᠡᠷ ᠲᠡᠭᠡᠨ ᠣᠷᠣᠭᠤᠯᠵᠤ ᠤᠬᠢᠶᠠᠵᠤ ᠴᠡᠪᠡᠷᠯᠡᠵᠦ᠂ ᠬᠤᠪᠴᠠᠰᠤᠯᠠᠵᠤ ᠬᠣᠭᠣᠯᠠᠯᠠᠨ ᠬᠠᠭᠤᠴᠢ ᠬᠥᠭᠡᠷᠴᠦ ᠬᠣᠨᠣᠵᠠᠢ᠃ ᠬᠠᠰᠠᠷ ᠤ᠋ᠨ ᠬᠦᠷᠢᠶᠡᠨ ᠳ᠋ᠦ᠍ ᠢᠩᠭᠢᠵᠦ ᠵᠢᠷᠦᠬᠡ ᠵᠣᠷᠢᠭᠲᠠᠢ ᠵᠠᠩᠨᠠᠬᠤ ᠨᠢ ᠶᠠᠭ ᠦᠬᠦᠯ ᠲᠡᠢ ᠠᠳᠠᠯᠢ ᠬᠡᠷᠡᠭ ᠪᠠᠢᠭᠰᠠᠨ ᠪᠣᠯᠪᠠᠴᠤ ᠲᠡᠳᠡ ᠠᠶᠤᠭᠰᠠᠨ ᠦᠭᠡᠢ᠃ ᠲᠡᠳᠡ ᠵᠤᠨ ᠤ᠋ ᠡᠨᠡ ᠰᠥᠨᠢ ᠲᠥᠷᠥᠯ ᠠᠷᠠᠯᠵᠢᠵᠤ ᠬᠣᠶᠠᠷ ᠲᠠᠬᠢᠶ᠎ᠠ ᠲᠥᠷᠥᠪᠡ᠃ ᠲᠠᠲ᠋ᠠᠷ ᠤ᠋ᠳ ᠢ᠋ ᠬᠦᠢᠰᠦ ᠲᠡᠮᠲᠡᠷᠢᠭᠰᠡᠨ ᠠᠯᠠᠯᠭ᠎ᠠ ᠠ᠋ᠴᠠ ᠠᠵᠠ ᠪᠠᠷ ᠠᠮᠢᠳᠤ ᠦᠯᠡᠳᠡᠭᠡᠳ ᠳᠠᠬᠢᠨ ᠡᠢᠨ ᠬᠦ᠌ ᠤᠴᠠᠷᠠᠭᠰᠠᠨ ᠨᠢ ᠲᠡᠳᠡᠨ ᠦ᠌ ᠦᠢᠯᠡ ᠶ᠋ᠢᠨ ᠦᠷ᠎ᠡ ᠪᠠᠢᠪᠠ᠃ ᠬᠣᠸᠠᠷᠵᠢᠨ ᠡᠭᠡᠯᠳᠥ᠋ᠷᠦ ᠬᠣᠶᠠᠷ ᠦᠢᠯᠡ ᠶ᠋ᠢᠨ ᠦᠷ᠎ᠡ ᠪᠡᠨ ᠳᠠᠭᠠᠵᠤ ᠳᠠᠬᠢᠨ ᠰᠡᠳᠬᠢᠯ ᠴᠡᠪᠡᠷᠬᠡᠨ ᠲᠥᠷᠥᠯ ᠠᠷᠠᠯᠵᠢᠵᠤ ᠰᠢᠨ᠎ᠡ ᠪᠡᠷ ᠲᠥᠷᠥᠬᠦ ᠳ᠋ᠡᠭᠡᠨ ᠬᠠᠭᠤᠴᠢᠨ ᠳᠦᠷᠢ ᠪᠡᠷ ᠲᠠᠲ᠋ᠠᠷ ᠬᠥᠮᠦᠨ ᠪᠣᠯᠤᠨ ᠬᠤᠪᠢᠷᠠᠭᠰᠠᠨ ᠪᠢᠯᠡ᠃ ᠰᠥᠨᠥᠭᠰᠡᠨ ᠲᠠᠲ᠋ᠠᠷ ᠤ᠋ᠨ ᠦᠷ᠎ᠡ ᠤᠳᠤᠮ ᠢ᠋ ᠰᠡᠷᠭᠦᠭᠡᠬᠦ᠂ ᠣᠷᠴᠢᠯᠠᠩ ᠳ᠋ᠤ᠌ ᠲᠠᠲ᠋ᠠᠷ ᠬᠥᠮᠦᠨ ᠳᠠᠬᠢᠨ ᠲᠥᠷᠥᠭᠦᠯᠬᠦ ᠳᠠᠯᠳᠠ ᠶ᠋ᠢᠨ ᠶᠡᠬᠡ ᠬᠦᠰᠡᠯᠡᠩ ᠲᠡᠷᠡ ᠬᠣᠶᠠᠷ ᠢ᠋ ᠤᠴᠠᠷᠠᠭᠤᠯᠤᠭᠰᠠᠨ ᠭᠡᠳᠡᠭ ᠲᠦ᠍ ᠲᠡᠳᠡ ᠢᠲᠡᠭᠡᠵᠡᠢ᠃ ᠳᠣᠮᠣᠭ ᠲᠤ ᠭᠠᠷᠳᠠᠭ ᠰᠢᠭ᠋ ᠬᠤᠸᠠᠷᠵᠢᠨ ᠡᠭᠡᠯᠳᠥ᠋ᠷᠦ ᠬᠣᠶᠠᠷ ᠠ᠋ᠴᠠ ᠲᠠᠲ᠋ᠠᠷ ᠠᠢᠮᠠᠭ ᠳᠠᠬᠢᠨ ᠲᠥᠷᠥᠨ᠎ᠡ ᠭᠡᠵᠦ ᠪᠣᠳᠣᠬᠤ ᠳ᠋ᠤ᠌ ᠰᠣᠯᠢᠶᠠᠷᠠᠮᠠᠷ ᠪᠠᠬᠠᠷᠬᠠᠯᠲᠠᠢ ᠰᠠᠨᠠᠭᠳᠠᠬᠤ ᠪᠥᠯᠥᠭᠡ᠃ ᠲᠡᠳᠡᠨ ᠦ᠌ ᠬᠦᠰᠡᠯ ᠮᠥᠷᠥᠭᠡᠳᠦᠯ᠂ ᠬᠠᠢᠷ᠎ᠠ ᠰᠡᠳᠬᠢᠯ᠂ ᠰᠢᠨᠤᠯ ᠲᠠᠴᠢᠶᠠᠯ ᠳ᠋ᠤ᠌ ᠬᠢᠵᠠᠭᠠᠷ ᠪᠠᠢᠭᠰᠠᠨ ᠦᠭᠡᠢ᠃ ᠬᠠᠰᠠᠷ ᠲᠠᠢ ᠠᠷᠪᠠᠨ ᠬᠡᠳᠦᠨ ᠵᠢᠯ ᠬᠠᠮᠲᠤ ᠠᠮᠢᠳᠤᠷᠠᠵᠤ ᠬᠣᠶᠠᠷ ᠥᠬᠢᠨ ᠲᠥᠷᠥᠭᠦᠯᠬᠦ ᠳ᠋ᠡᠭᠡᠨ ᠬᠤᠸᠠᠷᠵᠢᠨ ᠬᠡᠵᠢᠶ᠎ᠡ ᠴᠦ᠍ ᠡᠢᠮᠦ ᠶᠡᠬᠡ ᠳᠤᠷ᠎ᠠ ᠲᠠᠴᠢᠶᠠᠯ ᠲᠠᠢ᠂ ᠴᠠᠳᠴᠤ ᠬᠠᠩᠬᠤ ᠦᠭᠡᠢ ᠪᠡᠷ ᠡᠳᠦᠷᠵᠢᠨ ᠰᠥᠨᠢᠵᠢᠨ ᠢᠨᠠᠭᠯᠠᠵᠤ ᠦᠵᠡᠭᠰᠡᠨ ᠦᠭᠡᠢ ᠪᠢᠯᠡ᠃ ᠲᠡᠷᠡ ᠡᠭᠡᠯᠳᠥ᠋ᠷᠦ ᠲᠡᠢ ᠤᠴᠠᠷᠠᠭᠰᠠᠨ ᠢ᠋ᠶ᠋ᠠᠷ ᠡᠮ᠎ᠡ ᠬᠥᠮᠦᠨ ᠦ᠌ ᠬᠤᠪᠢ ᠳ᠋ᠤ᠌ ᠠᠩᠬ᠎ᠠ ᠤᠳᠠᠭ᠎ᠠ ᠳᠤᠷ᠎ᠠ ᠬᠦᠰᠡᠯ ᠬᠠᠨᠤᠨ ᠵᠢᠷᠭᠠᠬᠤ ᠳ᠋ᠠᠭᠠᠨ ᠤᠴᠢᠷ ᠦᠭᠡᠢ ᠶᠡᠬᠡ ᠪᠡᠷ ᠡᠬᠡᠷ ᠲᠡᠳᠡᠨ ᠤᠬᠢᠯᠠᠵᠠᠢ᠃ ᠭᠡᠪᠡᠴᠦ ᠡᠨᠡ ᠨᠢᠯᠪᠤᠰᠤ ᠭᠣᠮᠣᠳᠠᠯ ᠪᠠᠶᠠᠷ ᠤ᠋ᠨ ᠠᠯᠢᠨ ᠪᠣᠯᠬᠤ ᠶ᠋ᠢ ᠬᠤᠸᠠᠷᠵᠢᠨ ᠮᠡᠳᠡᠭᠰᠡᠨ ᠦᠭᠡᠢ᠃ ᠬᠠᠷᠢᠨ ᠠᠵᠠ ᠵᠢᠷᠭᠠᠯ ᠲᠠᠢ ᠮᠡᠲᠦ ᠡᠳᠦᠷ ᠦ᠋ᠳ ᠤᠳᠠᠭᠠᠨ ᠦᠷᠭᠦᠯᠵᠢᠯᠡᠭᠰᠡᠨ ᠦᠭᠡᠢ᠃ ᠬᠤᠸᠠᠷᠵᠢᠨ ᠤ᠋ ᠭᠡᠷ ᠲᠦ᠍ ᠬᠡᠨ ᠣᠷᠣᠵᠤ ᠬᠡᠨ ᠭᠠᠷᠬᠤ ᠨᠢ ᠲᠦᠮᠡᠨ ᠦ᠌ ᠨᠢᠳᠦᠨ ᠳ᠋ᠦ᠍ ᠢᠯᠡ ᠪᠠᠰᠠ ᠬᠠᠰᠠᠷ ᠤ᠋ᠨ ᠬᠦᠷᠢᠶᠡᠨ ᠦ᠌ ᠬᠠᠷᠠᠭᠤᠯ᠂ ᠬᠠᠮᠠᠭᠠᠯᠠᠯᠲᠠ ᠴᠢᠩᠭ᠎ᠠ ᠪᠥᠭᠡᠳ ᠬᠡᠳᠦᠢ ᠬᠢᠴᠢᠶᠡᠭᠰᠡᠨ ᠴᠦ᠍ ᠨᠢᠭᠡ ᠰᠥᠨᠢ ᠡᠭᠡᠯᠳᠥ᠋ᠷᠦ ᠪᠤᠴᠠᠵᠤ ᠢᠷᠡᠭᠰᠡᠨ ᠦᠭᠡᠢ᠃ ᠬᠠᠷᠢᠨ ᠲᠡᠭᠦᠨ ᠢ᠋ ᠬᠠᠷᠠᠭᠤᠯ ᠤ᠋ᠨ ᠴᠡᠷᠢᠭ ᠬᠠᠷᠪᠤᠵᠤ ᠠᠯᠠᠭᠠᠳ ᠣᠭᠲᠣ ᠲᠠᠨᠢᠬᠤ ᠦᠭᠡᠢ ᠬᠥᠮᠦᠨ ᠲᠤᠯᠠ ᠵᠢᠯᠠᠭᠠᠨ ᠳ᠋ᠤ᠌ ᠬᠠᠶᠠᠵᠤ ᠣᠷᠬᠢᠭᠰᠠᠨ ᠢ᠋ ᠬᠤᠸᠠᠷᠵᠢᠨ ᠮᠡᠳᠡᠭᠰᠡᠨ ᠦᠭᠡᠢ᠃ ᠡᠭᠡᠯᠳᠥ᠋ᠷᠦ ᠬᠤᠸᠠᠷᠵᠢᠨ ᠢ᠋ ᠡᠷᠢᠵᠦ ᠣᠯᠵᠤ ᠠᠭᠤᠯᠵᠠᠭᠰᠠᠨ ᠨᠢ ᠥᠪᠡᠷ ᠢ᠋ᠶ᠋ᠡᠨ ᠦᠬᠦᠯ ᠤᠷᠤᠭᠤ ᠪᠠᠨ ᠵᠣᠷᠢᠵᠤ ᠣᠴᠢᠭᠰᠠᠨ ᠬᠡᠷᠡᠭ ᠪᠠᠢᠵᠠᠢ᠃ ᠢᠩᠭᠢᠭᠡᠳ ᠲᠠᠲ᠋ᠠᠷ ᠵᠠᠯᠠᠭᠤ ᠡᠭᠡᠯᠳᠥ᠋ᠷᠦ ᠦᠭᠡᠢ ᠪᠣᠯᠵᠤ ᠣᠷᠣᠨ ᠳ᠋ᠤᠨᠢ ᠬᠤᠸᠠᠷᠵᠢᠨ ᠤ᠋ ᠬᠡᠪᠡᠯᠢ ᠳ᠋ᠦ᠍ ᠴᠡᠪᠡᠷ ᠲᠠᠲ᠋ᠠᠷ ᠴᠢᠰᠤᠨ ᠤ᠋ ᠰᠢᠨ᠎ᠡ ᠬᠥᠮᠦᠨ ᠪᠣᠢᠵᠢᠵᠤ ᠪᠠᠢᠪᠠ᠃ ᠬᠤᠸᠠᠷᠵᠢᠨ ᠬᠥᠮᠦᠨ ᠪᠣᠯᠤᠭᠰᠠᠭᠠᠷ ᠠᠩᠬ᠎ᠠ ᠤᠳᠠᠭ᠎ᠠ ᠲᠡᠷᠡ ᠰᠢᠨ᠎ᠡ ᠣᠯᠤᠭᠰᠠᠨ ᠦᠷ᠎ᠡ ᠪᠡᠨ ᠠᠮᠢ ᠰᠢᠭ᠋ ᠢ᠋ᠶ᠋ᠡᠨ ᠬᠠᠢᠷᠠᠯᠠᠬᠤ ᠰᠡᠳᠬᠢᠯ ᠲᠡᠢ ᠪᠣᠯᠵᠠᠢ᠃ ᠬᠠᠰᠠᠷ ᠤ᠋ᠨ ᠥᠬᠢᠳ ᠢ᠋ ᠬᠡᠵᠢᠶ᠎ᠡ ᠴᠦ᠍ ᠢᠩᠭᠢᠵᠦ ᠬᠠᠢᠷᠠᠯᠠᠵᠤ ᠪᠠᠢᠭᠰᠠᠨ ᠦᠭᠡᠢ᠃ ᠰᠢᠨ᠎ᠡ ᠦᠷ᠎ᠡ ᠨᠢ ᠬᠥᠪᠡᠭᠦᠨ ᠪᠠᠢᠬᠤ ᠶᠣᠰᠣᠲᠠᠢ ᠭᠡᠵᠦ ᠲᠡᠷᠡ ᠪᠠᠲᠤ ᠢᠲᠡᠭᠡᠵᠦ ᠪᠠᠢᠪᠠ᠃ ᠲᠡᠢᠮᠦ ᠴᠦ᠍ ᠤᠴᠢᠷ ᠠ᠋ᠴᠠ ᠬᠥᠪᠡᠭᠦᠨ ᠨᠢ ᠲᠠᠲ᠋ᠠᠷ ᠠᠢᠮᠠᠭ ᠤ᠋ᠨ ᠰᠡᠷᠭᠦᠨ ᠮᠠᠨᠳᠤᠬᠤ ᠡᠬᠢ ᠦᠨᠳᠦᠰᠦ ᠪᠣᠯᠤᠨ᠎ᠠ ᠭᠡᠵᠦ ᠪᠣᠳᠣᠬᠤ ᠠ᠋ᠴᠠ ᠨᠡᠩ ᠪᠠᠬᠠᠷᠬᠠᠯᠲᠠᠢ ᠪᠠᠢᠪᠠ᠃ ᠬᠤᠸᠠᠷᠵᠢᠨ ᠡᠨᠡ ᠪᠣᠳᠣᠯ ᠳ᠋ᠠᠭᠠᠨ ᠬᠥᠲᠥᠯᠦᠭᠳᠡᠨ ᠡᠳᠦᠷ ᠳᠣᠳᠣᠮ ᠤ᠋ᠨ ᠵᠢᠷ ᠦ᠋ᠨ ᠠᠮᠢᠳᠤᠷᠠᠯ ᠠ᠋ᠴᠠ ᠲᠠᠰᠤᠷᠠᠨ ᠥᠩᠭᠡ ᠥᠩᠭᠡ ᠶ᠋ᠢᠨ ᠮᠥᠷᠥᠭᠡᠳᠦᠯ ᠦ᠋ᠨ ᠶᠢᠷᠲᠢᠨᠴᠦ ᠳ᠋ᠦ᠍ ᠣᠴᠢᠬᠤ ᠠᠵᠢ᠃ ᠣᠳᠣ ᠬᠤᠸᠠᠷᠵᠢᠨ ᠥᠪᠡᠷ ᠢ᠋ ᠪᠡᠨ ᠰᠢᠨ᠎ᠡ ᠪᠡᠷ ᠡᠭᠦᠰᠬᠦ ᠲᠠᠲ᠋ᠠᠷ ᠠᠢᠮᠠᠭ ᠤ᠋ᠨ ᠡᠬᠡ ᠪᠣᠯᠤᠯ᠎ᠠ ᠭᠡᠵᠦ ᠪᠠᠲᠤ ᠢᠲᠡᠭᠡᠪᠡ᠃ ᠬᠡᠷᠪᠡ ᠪᠣᠷᠣᠭᠴᠢᠨ ᠤᠴᠢᠷ ᠢ᠋ ᠡᠷᠲᠡ ᠭᠠᠳᠠᠷᠯᠠᠵᠤ ᠬᠤᠸᠠᠷᠵᠢᠨ ᠢ᠋ ᠭᠡᠷ ᠲᠦ᠍ ᠬᠣᠷᠢᠭ᠎ᠠ ᠦᠭᠡᠢ ᠪᠣᠯ ᠲᠡᠷᠡ ᠡᠭᠡᠯᠲᠥ᠋ᠷᠦ ᠶ᠋ᠢ ᠡᠷᠢᠵᠦ᠂ ᠬᠠᠮᠢᠭᠠᠰᠢ ᠪᠠᠨ ᠴᠦ᠍ ᠬᠠᠮᠢᠶ᠎ᠠ ᠦᠭᠡᠢ ᠣᠳᠬᠤ ᠳ᠋ᠤ᠌ ᠪᠡᠯᠡᠨ ᠪᠠᠢᠭᠰᠠᠨ ᠪᠢᠯᠡ᠃ ᠰᠡᠳᠬᠢᠯ ᠦ᠋ᠨ ᠳᠣᠲᠣᠷ᠎ᠠ ᠡᠢᠮᠦ ᠭᠦᠨ ᠥᠭᠡᠷᠡᠴᠢᠯᠡᠯᠲᠡ ᠣᠷᠣᠭᠰᠠᠨ ᠲᠤᠯᠠ ᠬᠤᠸᠠᠷᠵᠢᠨ᠂ ᠬᠠᠰᠠᠷ ᠠ᠋ᠴᠠ ᠣᠭᠲᠣᠬᠠᠨ ᠴᠦ᠍ ᠠᠶᠤᠵᠤ ᠡᠮᠢᠶᠡᠭᠰᠡᠨ ᠦᠭᠡᠢ᠂ ᠬᠠᠷᠢᠨ ᠴᠦ᠍ ᠦᠷ᠎ᠡ ᠪᠡᠨ ᠬᠠᠷᠠᠮᠯᠠᠨ ᠡᠰᠡᠷᠭᠦᠴᠡᠨ ᠲᠡᠮᠡᠴᠡᠬᠦ ᠵᠣᠷᠢᠭ ᠳᠦᠭᠦᠷᠡᠩ ᠬᠦᠯᠢᠶᠡᠵᠦ ᠪᠠᠢᠵᠠᠢ᠃
ᠬᠣᠢᠮᠣᠷ ᠲᠤ ᠲᠡᠰᠢᠶ᠎ᠡ ᠲᠤᠯᠤᠨ ᠭᠡᠳᠡᠰᠦ ᠪᠡᠨ ᠴᠣᠨᠳᠣᠢᠯᠭᠠᠨ ᠭᠠᠢᠬᠠᠭᠤᠯᠬᠤ ᠮᠡᠲᠦ ᠳᠦᠷᠯᠡᠢᠨ ᠵᠣᠭᠰᠣᠬᠤ ᠬᠤᠸᠠᠷᠵᠢᠨ ᠢ᠋ ᠦᠵᠡᠭᠡᠳ ᠬᠠᠰᠠᠷ ᠲᠡᠭᠦᠨ ᠦ᠌ ᠭᠠᠯ ᠮᠡᠲᠦ ᠳᠦᠷᠡᠯᠵᠡᠬᠦ ᠭᠡᠷᠡᠯ ᠨᠡᠪᠲᠡ ᠰᠠᠴᠤᠷᠠᠭᠰᠠᠨ ᠬᠠᠷᠠᠴᠠ ᠠ᠋ᠴᠠ ᠰᠣᠴᠢᠪᠠ᠃ ᠬᠤᠸᠠᠷᠵᠢᠨ ᠤ᠋ ᠬᠠᠷᠠᠴᠠ ᠥᠭᠡᠷᠡᠴᠢᠯᠡᠭᠳᠡᠵᠦ ᠨᠢᠭᠡ ᠯᠡ ᠡᠷᠡᠭᠦᠯ ᠪᠤᠰᠤ ᠪᠣᠯᠵᠠᠢ᠃ ᠬᠢᠭᠰᠡᠨ ᠬᠡᠷᠡᠭ ᠡᠴᠡ ᠪᠡᠨ ᠡᠮᠢᠶᠡᠵᠦ ᠠᠶᠤᠬᠤ ᠳ᠋ᠠᠭᠠᠨ ᠬᠤᠸᠠᠷᠵᠢᠨ ᠤ᠋ ᠰᠡᠳᠬᠢᠯ ᠤᠢᠮᠤᠷᠠᠨ ᠰᠣᠯᠢᠶᠠᠷᠠᠵᠠᠢ ᠭᠡᠵᠦ ᠬᠠᠰᠠᠷ ᠲᠡᠷᠡᠬᠡᠨ ᠵᠠᠭᠤᠷ᠎ᠠ ᠪᠣᠳᠣᠪᠠ᠃ ᠲᠡᠢᠮᠦ ᠤᠴᠢᠷ ᠠ᠋ᠴᠠ ᠬᠤᠸᠠᠷᠵᠢᠨ ᠢ᠋ ᠰᠣᠴᠢᠭᠠᠵᠤ ᠪᠤᠬᠢᠨᠢᠳᠤᠭᠤᠯᠬᠤ ᠦᠭᠡᠢ ᠲᠠᠢᠪᠤᠩ ᠪᠠᠢᠯᠭᠠᠬᠤ ᠨᠢ ᠵᠥᠪ ᠪᠠᠢᠭᠰᠠᠨ ᠲᠤᠯᠠ ᠬᠠᠰᠠᠷ ᠲᠠᠭ ᠳᠤᠭᠤᠢ ᠬᠡᠰᠡᠭ ᠪᠣᠯᠪᠠ᠃ ᠪᠠᠰᠠ ᠳᠠᠷᠤᠢ ᠬᠡᠯᠡᠯᠴᠡᠬᠦ ᠦᠭᠡ ᠰᠠᠨᠠᠭᠠᠨ ᠳ᠋ᠤ᠌ ᠣᠷᠣᠬᠤ ᠦᠭᠡᠢ ᠮᠤᠬᠤᠷᠳᠠᠵᠠᠢ᠃ ᠬᠡᠰᠡᠭ ᠬᠤᠭᠤᠴᠠᠭ᠎ᠠ ᠥᠩᠭᠡᠷᠡᠵᠦ ᠬᠠᠰᠠᠷ ᠢ᠋ ᠦᠵᠡᠭᠡᠳ ᠴᠣᠴᠢᠷᠳᠠᠭᠰᠠᠨ ᠬᠤᠸᠠᠷᠵᠢᠨ ᠤ᠋ ᠲᠦᠭᠰᠢᠭᠦᠷᠢ ᠠᠯᠭᠤᠷ ᠳᠠᠷᠤᠭᠳᠠᠵᠤ ᠬᠣᠢᠮᠣᠷ ᠰᠥᠬᠥᠷᠡᠨ ᠰᠠᠭᠤᠪᠠ᠃ ᠬᠠᠰᠠᠷ ᠢ᠋ ᠣᠷᠣᠭᠰᠠᠨ ᠤ᠋ ᠬᠣᠢᠨ᠎ᠠ ᠰᠡᠳᠬᠢᠯ ᠲᠦᠭᠰᠢᠨ ᠭᠡᠷ ᠦ᠋ᠨ ᠣᠢᠷ᠎ᠠ ᠴᠢᠩᠨᠠᠵᠤ ᠵᠣᠭᠰᠣᠭᠰᠠᠨ ᠪᠣᠷᠣᠭᠴᠢᠨ ᠢ᠋ ᠭᠠᠢᠬᠠᠰᠢᠷᠠᠭᠤᠯᠤᠭᠰᠠᠨ ᠨᠠᠮ ᠭᠦᠮ ᠢᠩᠭᠢᠵᠦ ᠡᠭᠦᠰᠴᠡᠢ᠃ ᠬᠠᠰᠠᠷ ᠬᠡᠳᠦᠢ ᠪᠡᠷ ᠣᠮᠣᠭᠯᠠᠩ ᠰᠣᠴᠢᠮᠠᠭ ᠵᠠᠩ ᠲᠠᠢ ᠴᠦ᠍ ᠭᠡᠰᠡᠨ ᠨᠢᠭᠡ ᠦᠷᠦ ᠡᠪᠡᠳᠦᠨ ᠬᠠᠢᠷᠠᠯᠠᠬᠤ ᠶᠤᠮ ᠪᠣᠯ ᠬᠡᠨ ᠳ᠋ᠦ᠍ ᠴᠦ᠍ ᠪᠠᠢᠮ᠎ᠠ ᠦᠭᠡᠢ ᠤᠶᠠᠬᠠᠨ ᠵᠥᠭᠡᠯᠡᠨ ᠰᠡᠳᠬᠢᠯ ᠲᠡᠢ ᠲᠤᠯᠠ ᠣᠳᠣ ᠬᠤᠸᠠᠷᠵᠢᠨ ᠢ᠋ ᠥᠷᠥᠰᠢᠶᠡᠪᠡ ᠭᠡᠵᠦ ᠪᠣᠷᠣᠭᠴᠢᠨ ᠢᠲᠡᠭᠡᠬᠦ ᠶ᠋ᠢ ᠬᠦᠰᠡᠵᠦ ᠪᠠᠢᠯ᠎ᠠ᠃ ᠭᠡᠲᠡᠯ᠎ᠡ ᠭᠡᠷ ᠦ᠋ᠨ ᠳᠣᠲᠣᠷ᠎ᠠ ᠰᠡᠵᠢᠭᠲᠡᠢ ᠨᠠᠮ ᠭᠦᠮ ᠬᠡᠪ ᠢ᠋ᠶ᠋ᠡᠷ
— ᠬᠤᠸᠠᠷᠵᠢᠨ?
ᠬᠠᠰᠠᠷ ᠤ᠋ᠨ ᠡᠢᠨ ᠠᠶᠠᠷᠬᠠᠨ ᠳᠠᠭᠤᠳᠠᠬᠤ ᠳ᠋ᠤ᠌ ᠬᠤᠸᠠᠷᠵᠢᠨ ᠬᠡᠦᠬᠡᠳ ᠢ᠋ᠶ᠋ᠡᠨ ᠪᠤᠯᠢᠶᠠᠭᠳᠠᠬᠤ ᠠ᠋ᠴᠠ ᠠᠶᠤᠭᠰᠠᠨ ᠮᠡᠲᠦ ᠬᠣᠶᠠᠷ ᠭᠠᠷ ᠢ᠋ᠶ᠋ᠠᠷ ᠭᠡᠳᠡᠰᠦ ᠪᠡᠨ ᠲᠡᠪᠡᠷᠢᠨ ᠦᠰᠦᠷᠦᠨ ᠬᠣᠯᠠᠳᠪᠠ᠃ ᠬᠠᠷᠠᠴᠠ ᠨᠢ ᠨᠢᠭᠡ ᠭᠠᠵᠠᠷ ᠲᠤ ᠲᠣᠭᠲᠠᠬᠤ ᠦᠭᠡᠢ ᠭᠦᠶᠦᠵᠦ ᠠᠮᠢᠰᠬᠤᠭ᠎ᠠ ᠨᠢ ᠳᠠᠪᠬᠤᠴᠠᠨ ᠬᠠᠯᠠᠭᠤᠷᠠᠭᠰᠠᠨ ᠮᠡᠲᠦ ᠴᠡᠴᠡᠷᠡᠪᠡ᠃ ᠲᠡᠷᠡ ᠦᠨᠡᠬᠡᠷ ᠡᠷᠡᠭᠦᠯ ᠪᠢᠰᠢ ᠪᠣᠯᠵᠠᠢ᠃
— ᠬᠤᠸᠠᠷᠵᠢᠨ᠂ ᠴᠢ ᠨᠠᠳᠠ ᠠ᠋ᠴᠠ ᠪᠦᠦ ᠠᠶᠤ᠃ ᠪᠢ ᠴᠢᠮᠠᠶ᠋ᠢ ᠶᠠᠭᠠᠬᠢᠬᠤ ᠴᠦ᠍ ᠦᠭᠡᠢ ᠭᠡᠵᠦ ᠬᠠᠰᠠᠷ ᠲᠡᠭᠦᠨ ᠢ᠋ ᠲᠠᠢᠪᠤᠰᠢᠷᠠᠭᠤᠯᠤᠨ ᠠᠷᠭᠠᠳᠠᠩᠭᠤᠢ ᠰᠢᠪᠡᠨᠡᠭᠡᠳ ᠭᠠᠷ ᠢ᠋ᠶ᠋ᠠᠨ ᠰᠤᠩᠭᠠᠨ ᠣᠷᠣᠭᠰᠢ ᠠᠯᠬᠤᠪᠠ᠃
— ᠪᠢ ᠴᠢᠮ᠎ᠠ ᠠ᠋ᠴᠠ ᠠᠶᠤᠬᠤ ᠦᠭᠡᠢ ᠠ᠋᠃ ᠠᠶᠤᠬᠤ ᠦᠭᠡᠢ᠃ ᠠᠶᠤᠭ᠎ᠠ ᠴᠦ᠍ ᠦᠭᠡᠢ ᠭᠡᠵᠦ ᠬᠤᠸᠠᠷᠵᠢᠨ ᠬᠠᠰᠠᠷ ᠠ᠋ᠴᠠ ᠬᠠᠷᠠᠴᠠ ᠳᠠᠯᠳᠠᠴᠢᠨ ᠰᠢᠪᠡᠨᠡᠪᠡ᠃ ᠠᠶᠤᠭᠰᠠᠨ ᠠ᠋ᠴᠠ ᠪᠠᠨ ᠪᠣᠯᠵᠤ ᠲᠡᠷᠡ ᠰᠣᠯᠢᠶᠠᠷᠠᠬᠤ ᠰᠢᠭ᠋ ᠪᠣᠯᠪᠠ᠃ ᠬᠠᠰᠠᠷ ᠲᠡᠭᠦᠨ ᠦ᠌ ᠳᠠᠭᠤ ᠶ᠋ᠢ ᠲᠠᠨᠢᠭᠰᠠᠨ ᠦᠭᠡᠢ᠃ ᠤᠷᠢᠳ ᠤ᠋ᠨ ᠢᠯᠳᠠᠮ ᠡᠩᠬᠦᠷᠡᠢ ᠬᠣᠭᠣᠯᠠᠢ ᠰᠣᠨᠣᠰᠤᠭᠳᠠᠭᠰᠠᠨ ᠦᠭᠡᠢ᠃
— ᠬᠤᠸᠠᠷᠵᠢᠨ᠂ ᠴᠢ ᠨᠠᠳᠠᠳᠤ ᠶᠠᠭᠤ ᠬᠡᠯᠡᠨ᠎ᠡ? ᠴᠢ ᠨᠠᠮᠠᠶ᠋ᠢ ᠶᠠᠭᠠᠬᠢᠵᠤ ᠰᠢᠤᠬᠠᠨ ᠬᠦᠯᠢᠶᠡᠵᠦ ᠰᠠᠭᠤᠪᠠ ᠳᠠ? ᠭᠡᠵᠦ ᠬᠠᠰᠠᠷ ᠥᠨᠥᠬᠢ ᠯᠡ ᠠᠷᠭᠠᠳᠠᠩᠭᠤᠢ ᠠᠶᠠᠰ ᠢ᠋ᠶ᠋ᠠᠷ ᠰᠢᠪᠡᠨᠡᠭᠡᠳ ᠠᠯᠭᠤᠷ ᠣᠢᠷᠠᠲᠤᠨ ᠶᠠᠭ ᠯᠠ ᠣᠮᠣᠭᠯᠠᠩ ᠲᠣᠭᠰᠢᠨ ᠠᠭᠲᠠ ᠴᠢᠳᠥᠷᠯᠡᠬᠦ ᠭᠡᠵᠦ ᠪᠠᠢᠭ᠎ᠠ ᠬᠥᠮᠦᠨ ᠰᠢᠭ ᠬᠤᠸᠠᠷᠵᠢᠨ ᠤ᠋ ᠳᠡᠷᠭᠡᠳᠡ ᠮᠢᠷᠢᠶᠠᠭᠰᠠᠭᠠᠷ ᠣᠴᠢᠪᠠ᠃ ᠬᠠᠰᠠᠷ ᠤ᠋ᠨ ᠡᠨᠡ ᠦᠭᠡᠨ ᠳ᠋ᠦ᠍ ᠬᠤᠸᠠᠷᠵᠢᠨ ᠳᠠᠬᠢᠨ ᠰᠣᠴᠢᠭᠰᠠᠨ ᠦᠭᠡᠢ᠃ ᠬᠠᠷᠢᠨ ᠶᠠᠮᠠᠷ ᠨᠢᠭᠡᠨ ᠨᠢᠭᠤᠴᠠ ᠵᠦᠢᠯ ᠬᠡᠯᠡᠬᠦ ᠭᠡᠰᠡᠨ ᠮᠡᠲᠦ ᠬᠤᠷᠤᠭᠤ ᠪᠠᠨ ᠤᠷᠤᠭᠤᠯ ᠳ᠋ᠠᠭᠠᠨ ᠬᠦᠷᠭᠡᠪᠡ᠃
一 ᠬᠠᠰᠠᠷ ᠴᠢ᠂ ᠲᠡᠮᠦᠵᠢᠨ ᠠᠬ᠎ᠠ ᠲᠠᠢ ᠪᠠᠨ ᠬᠠᠮᠲᠤ ᠮᠠᠨ ᠤ᠋ ᠲᠠᠲ᠋ᠠᠷ ᠠᠢᠮᠠᠭ ᠢ᠋ ᠰᠥᠨᠥᠭᠡᠭᠰᠡᠨ᠃ ᠬᠠᠷᠢᠨ ᠪᠢ ᠲᠠᠲ᠋ᠠᠷ ᠤ᠋ᠳ ᠢ᠋ ᠳᠠᠬᠢᠨ ᠲᠥᠷᠥᠭᠦᠯᠬᠦ ᠭᠡᠵᠦ ᠪᠠᠢᠨ᠎ᠠ ᠭᠡᠵᠦ ᠬᠤᠸᠠᠷᠵᠢᠨ ᠬᠡᠨ ᠨᠢᠭᠡᠨ ᠡᠴᠡ ᠨᠢᠭᠤᠬᠤ ᠰᠢᠭ᠋ ᠰᠢᠪᠡᠨᠡᠪᠡ᠃ ᠢᠩᠭᠢᠵᠦ ᠬᠡᠯᠡᠭᠡᠳ ᠬᠤᠸᠠᠷᠵᠢᠨ ᠬᠠᠰᠠᠷ ᠤ᠋ᠨ ᠥᠭᠡᠳᠡ ᠡᠴᠡ ᠭᠡᠨᠡᠳᠲᠡ ᠡᠭᠴᠡ ᠰᠢᠷᠳᠡᠵᠡᠢ᠃ ᠬᠤᠸᠠᠷᠵᠢᠨ ᠤ᠋ ᠲᠡᠷᠡ ᠰᠣᠯᠢᠶ᠎ᠠ ᠲᠠᠢ ᠬᠠᠷᠠᠴᠠ ᠶ᠋ᠢ ᠦᠵᠡᠮᠡᠭᠴᠡ ᠬᠠᠰᠠᠷ ᠤ᠋ᠨ ᠨᠢᠷᠤᠭᠤ ᠬᠣᠲᠤᠰᠬᠢᠨ ᠰᠣᠴᠢᠵᠤ ᠪᠡᠶ᠎ᠡ ᠨᠢ ᠠᠷᠵᠠᠢᠭᠠᠳ ᠥᠪᠡᠷ ᠦ᠋ᠨ ᠡᠷᠬᠡ ᠦᠭᠡᠢ
一 ᠶᠠᠭᠤ ᠭᠡᠨ᠎ᠡ ᠠ᠋? ᠴᠢ ᠲᠠᠲ᠋ᠠᠷ ᠢ᠋ ᠲᠥᠷᠥᠭᠦᠯᠦᠨ᠎ᠡ ᠭᠡᠨ᠎ᠡ?᠁ ᠭᠡᠵᠦ ᠳᠠᠭᠤ ᠠᠯᠳᠠᠪᠠ᠃ ᠡᠨᠡ ᠤᠳᠠᠭ᠎ᠠ ᠳ᠋ᠤ᠌ ᠬᠠᠰᠠᠷ ᠪᠡᠶ᠎ᠡ ᠪᠡᠨ ᠪᠠᠷᠢᠵᠤ ᠡᠰᠡ ᠴᠢᠳᠠᠭᠠᠳ ᠠᠭᠤᠷ ᠨᠢ ᠳᠦᠷᠡᠰᠬᠢᠨ ᠠᠰᠠᠵᠤ ᠦᠰᠦᠷᠦᠨ ᠬᠣᠯᠠᠳᠪᠠ᠃
一 ᠴᠢ ᠲᠠᠲ᠋ᠠᠷ ᠢ᠋ ᠲᠥᠷᠥᠭᠦᠯᠦᠨ᠎ᠡ ᠠ᠋᠃ ᠨᠠᠭᠠᠳᠤ ᠵᠤᠯᠪᠤᠰᠬ᠎ᠠ ᠶ᠋ᠢᠨ ᠴᠢᠨᠢ ᠡᠴᠢᠭᠡ ᠲᠠᠲ᠋ᠠᠷ ᠶᠤᠮ ᠤᠤ? ᠭᠡᠵᠦ ᠠᠭᠤᠷᠰᠠᠨ ᠬᠠᠰᠬᠢᠷᠬᠤ ᠬᠠᠰᠠᠷ ᠤ᠋ᠨ ᠳᠠᠭᠤᠨ ᠠ᠋ᠴᠠ ᠬᠤᠸᠠᠷᠵᠢᠨ ᠣᠭᠲᠣᠬᠠᠨ ᠴᠤ᠌ ᠠᠶᠤᠵᠤ ᠰᠣᠴᠢᠭᠰᠠᠨ ᠦᠭᠡᠢ᠃
一 ᠲᠡᠢᠮᠦ ᠠ᠋᠂ ᠪᠢ ᠲᠠᠲ᠋ᠠᠷ ᠬᠥᠪᠡᠭᠦᠨ ᠲᠥᠷᠥᠭᠦᠯᠦᠨ᠎ᠡ᠃ ᠲᠡᠭᠡᠭᠡᠳ ᠲᠠᠲ᠋ᠠᠷ ᠠᠢᠮᠠᠭ ᠳᠠᠬᠢᠨ ᠰᠡᠷᠭᠦᠨ᠎ᠡ᠃ ᠴᠢ ᠲᠠᠲ᠋ᠠᠷ ᠢ᠋ ᠬᠢᠳᠤᠭᠰᠠᠨ᠃ ᠬᠠᠷᠢᠨ ᠪᠢ ᠳᠠᠬᠢᠨ ᠲᠥᠷᠥᠭᠦᠯᠦᠨ᠎ᠡ᠃ ᠪᠢ ᠴᠢᠮ᠎ᠠ ᠳ᠋ᠤ᠌ ᠡᠨᠡ ᠬᠡᠦᠬᠡᠳ ᠢ᠋ ᠥᠭᠬᠦ ᠦᠭᠡᠢ᠃ ᠡᠨᠡ ᠪᠣᠯ ᠴᠢᠨᠦ ᠬᠡᠦᠬᠡᠳ ᠪᠢᠰᠢ᠃ ᠴᠢ ᠬᠣᠶᠠᠷ ᠥᠬᠢᠨ ᠢ᠋ᠶ᠋ᠡᠨ ᠠᠪ᠃ ᠪᠢ ᠡᠨᠡ ᠲᠠᠲ᠋ᠠᠷ ᠬᠥᠪᠡᠭᠦᠨ ᠢ᠋ᠶ᠋ᠡᠨ ᠠᠪᠤᠨ᠎ᠠ᠃ ᠲᠡᠭᠡᠭᠡᠳ ᠪᠢ ᠠᠯᠤᠰ ᠬᠣᠯᠠ ᠭᠠᠵᠠᠷ ᠣᠴᠢᠨ᠎ᠠ᠃ ᠨᠠᠮ᠎ᠠ ᠶ᠋ᠢ ᠬᠠᠮᠢᠭ᠎ᠠ ᠣᠴᠢᠭᠰᠠᠨ ᠢ᠋ ᠴᠢ ᠴᠦ᠍᠂ ᠴᠢᠨᠦ ᠠᠬ᠎ᠠ ᠲᠡᠮᠦᠵᠢᠨ ᠴᠦ᠍ ᠮᠡᠳᠡᠬᠦ ᠦᠭᠡᠢ᠃ ᠮᠢᠨᠦ ᠲᠥᠷᠥᠭᠦᠯᠦᠭᠰᠡᠨ ᠲᠠᠲ᠋ᠠᠷ ᠤ᠋ᠳ ᠤᠳᠠᠬᠤ ᠦᠭᠡᠢ ᠥᠰᠴᠦ ᠦᠷᠡᠵᠢᠵᠦ ᠣᠯᠠᠨ ᠪᠣᠯᠤᠨ᠎ᠠ᠃ ᠲᠡᠷᠡ ᠴᠠᠭ ᠲᠤ᠌ ᠪᠢ ᠬᠡᠦᠬᠡᠳ ᠦ᠋ᠳ ᠢ᠋ᠶ᠋ᠡᠨ ᠳᠠᠭᠠᠭᠤᠯᠤᠨ ᠢᠷᠡᠵᠦ ᠲᠠᠲ᠋ᠠᠷ ᠠᠢᠮᠠᠭ ᠤ᠋ᠨ ᠢ᠋ᠶ᠋ᠠᠨ᠂ ᠡᠬᠡ ᠡᠴᠢᠭᠡ ᠶ᠋ᠢᠨ ᠢ᠋ᠶ᠋ᠡᠨ ᠥᠰᠢᠶ᠎ᠡ ᠶ᠋ᠢ ᠴᠢᠮ᠎ᠠ ᠠ᠋ᠴᠠ᠂ ᠲᠡᠮᠦᠵᠢᠨ ᠡᠴᠡ ᠴᠦ᠍ ᠠᠪᠤᠨ᠎ᠠ ᠭᠡᠵᠦ ᠬᠤᠸᠠᠷᠵᠢᠨ ᠣᠢᠷᠠᠲᠤᠨ ᠢᠷᠡᠭᠡᠳ ᠬᠠᠰᠠᠷ ᠤ᠋ᠨ ᠨᠢᠭᠤᠷ ᠲᠤ᠌ ᠨᠢᠭᠤᠷ ᠢ᠋ᠶ᠋ᠠᠨ ᠲᠤᠯᠭᠠᠵᠤ ᠭᠡᠨᠡᠳᠲᠡ ᠵᠡᠷᠯᠢᠭ ᠳᠣᠭᠰᠢᠨ ᠢ᠋ᠶ᠋ᠠᠷ ᠬᠠᠰᠬᠢᠷᠴᠠᠢ᠃
ᠬᠠᠰᠠᠷ ᠨᠢᠭᠡ ᠮᠡᠳᠡᠬᠦ ᠳ᠋ᠦ᠍ ᠬᠤᠸᠠᠷᠵᠢᠨ ᠢ᠋ ᠠᠯᠠᠭᠠᠳᠠᠨ ᠤᠨᠠᠭᠠᠭᠰᠠᠨ ᠪᠠᠢᠪᠠ᠃ ᠭᠡᠲᠡᠯ᠎ᠡ ᠬᠤᠸᠠᠷᠵᠢᠨ ᠴᠢᠰᠤ ᠨᠢ ᠤᠷᠤᠰᠪᠠᠴᠤ ᠳᠠᠭᠤ ᠦᠭᠡᠢ ᠪᠣᠯᠤᠭᠰᠠᠨ ᠦᠭᠡᠢ ᠤᠯᠠᠮ ᠴᠢᠩᠭ᠎ᠠ ᠪᠠᠷ ᠪᠠᠷᠬᠢᠷᠠᠭᠰᠠᠭᠠᠷ ᠪᠠᠢᠪᠠ᠃
— ᠴᠢ ᠮᠢᠨᠦ ᠲᠠᠲ᠋ᠠᠷ ᠬᠦᠦ ᠶ᠋ᠢ ᠠᠪᠴᠤ ᠴᠢᠳᠠᠬᠤ ᠦᠭᠡᠢ᠃ ᠴᠢᠳᠠᠬᠤ ᠦᠭᠡᠢ᠃ ᠡᠨᠡ ᠪᠣᠯ ᠮᠢᠨᠦᠬᠢ᠃ ᠲᠠᠲ᠋ᠠᠷ ᠬᠡᠦᠬᠡᠳ ᠭᠡᠵᠦ ᠨᠢᠭᠡᠨᠲᠡ ᠤᠬᠠᠭᠠᠨ ᠰᠣᠯᠢᠶᠠᠷᠠᠭᠰᠠᠨ ᠬᠤᠸᠠᠷᠵᠢᠨ ᠬᠦᠷᠢᠶ᠎ᠡ ᠳᠠᠶᠠᠭᠠᠷ ᠪᠦᠬᠦ ᠬᠥᠮᠦᠨ ᠳ᠋ᠦ᠍ ᠰᠣᠨᠣᠰᠤᠭᠳᠠᠲᠠᠯᠠ ᠬᠠᠰᠬᠢᠷᠤᠭᠰᠠᠭᠠᠷ ᠪᠠᠢᠬᠤ ᠳ᠋ᠤᠨᠢ ᠬᠠᠰᠠᠷ ᠲᠡᠭᠦᠨ ᠢ᠋ ᠪᠠᠭᠠᠯᠵᠠᠭᠤᠷᠳᠠᠨ ᠠᠪᠤᠯ᠎ᠠ᠃ ᠰᠠᠶᠢ ᠯᠠ ᠨᠢᠭᠡ ᠬᠤᠸᠠᠷᠵᠢᠨ ᠤ᠋ ᠳᠠᠭᠤ ᠭᠠᠷᠬᠤ ᠦᠭᠡᠢ ᠪᠣᠯᠪᠠ᠃ ᠬᠠᠰᠠᠷ ᠤ᠋ᠨ ᠬᠦᠴᠦᠷᠬᠡᠭ ᠭᠠᠷ ᠲᠤ᠌ ᠵᠣᠪᠠᠯᠠᠩᠲᠤ ᠲᠠᠲ᠋ᠠᠷ ᠪᠦᠰᠡᠭᠦᠢ ᠶ᠋ᠢᠨ ᠠᠮᠢ ᠲᠠᠰᠤᠷᠠᠵᠤ ᠪᠠᠢᠪᠠ᠃ ᠬᠠᠰᠠᠷ ᠬᠤᠸᠠᠷᠵᠢᠨ ᠳ᠋ᠤ᠌ ᠬᠡᠳᠦᠢ ᠶᠡᠬᠡ ᠬᠠᠢᠷᠠᠲᠠᠢ ᠴᠤ᠌ ᠡᠢᠮᠦ ᠳᠣᠷᠣᠮᠵᠢᠯᠠᠯ ᠢ᠋ ᠶᠠᠭᠠᠬᠢᠨ ᠲᠡᠪᠴᠢᠬᠦ ᠪᠢᠯᠡ᠃ ᠦᠷᠦ ᠡᠪᠡᠳᠴᠦ ᠬᠠᠢᠷᠠᠯᠠᠬᠤ ᠰᠡᠳᠬᠢᠯ ᠢ᠋ᠶ᠋ᠡᠷ ᠬᠤᠸᠠᠷᠵᠢᠨ ᠢ᠋ ᠠᠮᠢᠳᠤ ᠦᠯᠡᠳᠡᠭᠡᠨ ᠠᠪᠤᠭᠰᠠᠨ ᠨᠢ ᠡᠴᠦᠰ ᠲᠦ᠍ ᠡᠢᠮᠦ ᠲᠠᠮᠤᠯᠠᠯ ᠳ᠋ᠤ᠌ ᠤᠨᠠᠭᠠᠨ᠎ᠠ ᠭᠡᠵᠦ ᠰᠠᠨᠠᠭᠰᠠᠨ ᠦᠭᠡᠢ᠃ ᠬᠤᠸᠠᠷᠵᠢᠨ ᠤ᠋ ᠭᠡᠷᠡᠯᠲᠦ ᠪᠣᠷᠣ ᠴᠢᠷᠠᠢ ᠥᠩᠭᠡ ᠦᠭᠡᠢ ᠴᠠᠭᠠᠨ ᠪᠣᠯᠵᠤ᠂ ᠬᠠᠷᠠᠴᠠ ᠨᠢ ᠭᠥᠯᠢᠢᠭᠰᠡᠨ ᠴᠦ᠍ ᠳᠠᠪᠠᠯᠠᠭᠰᠠᠨ᠂ ᠪᠠᠬᠠᠷᠬᠠᠭᠰᠠᠨ ᠮᠡᠲᠦ ᠦᠵᠡᠭᠳᠡᠨ᠎ᠡ᠃ ᠭᠡᠨᠡᠳᠲᠡ ᠬᠠᠰᠠᠷ ᠰᠣᠴᠢᠨ ᠠᠶᠤᠵᠤ ᠪᠦᠷ ᠬᠠᠰᠬᠢᠷᠤᠨ ᠪᠣᠰᠴᠤ ᠬᠠᠷᠠᠢᠯ᠎ᠠ᠃ ᠬᠤᠸᠠᠷᠵᠢᠨ ᠤ᠋ ᠠᠯᠴᠠᠢᠭᠰᠠ ᠬᠥᠯ ᠦ᠋ᠨ ᠬᠣᠭᠣᠷᠣᠨᠳᠣ ᠨᠢᠭᠡ ᠶᠠᠭᠤᠮ᠎ᠠ ᠬᠥᠳᠡᠯᠪᠡ᠃ ᠬᠠᠰᠠᠷ ᠠᠮᠢᠳᠤᠷᠠᠯ ᠳ᠋ᠤ᠌ ᠪᠠᠨ ᠠᠩᠬ᠎ᠠ ᠤᠳᠠᠭ᠎ᠠ ᠦᠰᠦ ᠪᠡᠨ ᠪᠣᠰᠴᠤ᠂ ᠦᠩᠬᠦᠯᠴᠡᠭ ᠢ᠋ᠶ᠋ᠡᠨ ᠬᠠᠭᠠᠷᠠᠲᠠᠯ᠎ᠠ ᠠᠶᠤᠪᠠ᠃ ᠡᠬᠡ ᠶ᠋ᠢᠨ ᠢ᠋ᠶ᠋ᠡᠨ ᠪᠠᠴᠢᠮᠳᠠᠨ ᠠᠮᠢ ᠲᠠᠰᠤᠷᠠᠬᠤ ᠦᠶ᠎ᠡ ᠳ᠋ᠦ᠍ ᠬᠡᠦᠬᠡᠳ ᠨᠢ ᠲᠥᠷᠥᠵᠡᠢ᠃ ᠤᠰᠤ ᠴᠢᠰᠤᠨ ᠳ᠋ᠤ᠌ ᠬᠤᠳᠬᠤᠯᠳᠤᠭᠰᠠᠨ ᠲᠡᠷᠡ ᠨᠢᠯᠵᠠᠷᠠᠢ ᠠᠮᠢᠲᠠᠨ ᠤᠬᠢᠯᠠᠬᠤ ᠴᠦ᠍ ᠦᠭᠡᠢ ᠠᠷᠪᠠᠯᠵᠠᠵᠤ ᠪᠠᠢᠭᠰᠠᠨ ᠨᠢ ᠶᠠᠭ ᠯᠠ ᠴᠢᠳᠬᠥᠷ ᠰᠢᠮᠨᠤ ᠰᠢᠭ᠋ ᠦᠵᠡᠭᠳᠡᠭᠰᠡᠨ ᠳ᠋ᠦ᠍ ᠬᠠᠰᠠᠷ ᠤᠬᠠᠭᠠᠨ ᠦᠭᠡᠢ ᠭᠠᠷᠴᠤ ᠭᠦᠶᠦᠯ᠎ᠡ᠃ ᠲᠦᠭᠰᠢᠭᠰᠡᠨ ᠪᠣᠷᠣᠭᠴᠢᠨ ᠣᠢᠷ᠎ᠠ ᠬᠦᠯᠢᠶᠡᠵᠦ ᠪᠠᠢᠪᠠ᠃ ᠬᠠᠰᠠᠷ ᠶᠠᠭᠤ ᠴᠦ᠍ ᠬᠡᠯᠡᠵᠦ ᠴᠢᠳᠠᠭᠰᠠᠨ ᠦᠭᠡᠢ ᠠᠮᠠ ᠪᠠᠨ ᠠᠩᠭᠠᠯᠵᠠᠭᠤᠯᠤᠨ ᠭᠡᠷ ᠤᠷᠤᠭᠤ ᠵᠢᠭᠠᠨ᠎ᠠ᠃ ᠶᠠᠭᠤ ᠪᠣᠯᠤᠭᠰᠠᠨ ᠢ᠋ ᠪᠣᠷᠣᠭᠴᠢᠨ ᠣᠢᠯᠠᠭᠠᠮᠠᠭᠴᠠ ᠭᠦᠶᠦᠨ ᠣᠷᠣᠪᠠ᠃ ᠤᠳᠠᠭᠰᠠᠨ ᠪᠣᠯ ᠬᠡᠦᠬᠡᠳ ᠨᠢ ᠪᠦᠲᠡᠵᠦ ᠦᠬᠦᠬᠦ ᠪᠠᠢᠵᠠᠢ᠃ ᠪᠣᠷᠣᠭᠴᠢᠨ ᠱᠠᠯᠠᠪᠯᠠᠨ ᠠᠮᠠ ᠴᠢᠬᠢ ᠤᠷᠤᠭᠤ ᠨᠢ ᠦᠯᠢᠶᠡᠭᠰᠡᠨ ᠳ᠋ᠦ᠍ ᠬᠡᠦᠬᠡᠳ ᠤᠬᠢᠯᠠᠵᠤ ᠡᠬᠢᠯᠡᠪᠡ᠃ ᠬᠠᠰᠠᠷ ᠬᠡᠦᠬᠡᠳ ᠦ᠋ᠨ ᠤᠬᠢᠯᠠᠬᠤ ᠳᠠᠭᠤ ᠶ᠋ᠢ ᠰᠣᠨᠣᠰᠤᠮᠠᠭᠴᠠ ᠮᠣᠷᠢᠨ ᠳ᠋ᠠᠭᠠᠨ ᠮᠣᠷᠳᠠᠭᠠᠳ ᠬᠡᠷᠦᠯᠦᠨ ᠦ᠌ ᠵᠦᠭ ᠵᠢᠭᠤᠲᠠᠨ ᠳᠠᠪᠬᠢᠬᠤ ᠳ᠋ᠤ᠌ ᠠᠮᠢ ᠬᠠᠮᠠᠭᠠᠯᠠᠭᠴᠢ ᠦᠨᠡᠨᠴᠢ ᠴᠡᠷᠢᠭ ᠦ᠋ᠳ ᠨᠢ ᠲᠡᠭᠦᠨ ᠢ᠋ ᠳᠠᠭᠠᠵᠠᠢ᠃ ᠬᠡᠳᠦᠬᠡᠨ ᠬᠣᠷᠣᠮ ᠤ᠋ᠨ ᠳᠣᠲᠣᠷ᠎ᠠ ᠪᠣᠯᠵᠤ ᠥᠩᠭᠡᠷᠡᠭᠰᠡᠨ ᠪᠦᠬᠦᠨ ᠶᠠᠭ ᠯᠠ ᠵᠡᠭᠦᠳᠦ ᠰᠢᠭ ᠠᠵᠢ᠃ ᠬᠠᠰᠠᠷ ᠰᠡᠳᠬᠢᠯ ᠢ᠋ᠶ᠋ᠡᠨ ᠲᠠᠢᠳᠬᠤᠷᠠᠭᠤᠯᠬᠤ ᠭᠡᠵᠦ ᠬᠡᠷᠦᠯᠦᠨ ᠦ᠌ ᠳᠣᠯᠭᠢᠶᠠᠨ ᠢ᠋ ᠰᠢᠷᠲᠡᠨ ᠡᠳᠦᠷᠵᠢᠨ ᠰᠠᠭᠤᠪᠠ᠃ ᠬᠡᠨ ᠴᠦ᠍ ᠵᠣᠷᠢᠭᠯᠠᠨ ᠲᠡᠭᠦᠨ ᠦ᠌ ᠳᠡᠷᠭᠡᠳᠡ ᠢᠷᠡᠵᠦ ᠰᠠᠭᠠᠳ ᠪᠣᠯᠤᠭᠰᠠᠨ ᠦᠭᠡᠢ᠃ ᠬᠠᠰᠠᠷ ᠶᠠᠭᠤ ᠴᠦ᠍ ᠰᠢᠢᠳᠴᠦ᠂ ᠪᠠᠰᠠ ᠣᠢᠯᠠᠭᠠᠵᠤ ᠴᠢᠳᠠᠬᠤ ᠦᠭᠡᠢ ᠪᠠᠢᠪᠠ᠃ ᠢᠩᠭᠢᠬᠦ ᠴᠦ᠍ ᠬᠡᠷᠡᠭ ᠪᠠᠢᠭᠰᠠᠨ ᠦᠭᠡᠢ᠃ ᠭᠠᠭᠴᠠᠬᠠᠨ ᠲᠣᠳᠣ ᠵᠦᠢᠯ ᠨᠢ ᠲᠡᠷᠡ ᠬᠥᠮᠦᠨ ᠠᠯᠠᠴᠢᠬᠠᠭᠠᠳ ᠠᠩᠬ᠎ᠠ ᠤᠳᠠᠭ᠎ᠠ ᠬᠠᠷᠠᠮᠰᠠᠭᠰᠠᠨ ᠶᠠᠪᠤᠳᠠᠯ ᠶᠤᠮ᠃《ᠴᠢ ᠶᠠᠭᠤᠨ ᠳ᠋ᠤ᠌ ᠬᠣᠸᠠᠷᠵᠢᠨ ᠢ᠋ ᠠᠯᠠᠪᠠ》 ᠭᠡᠵᠦ ᠭᠠᠰᠢᠭᠤᠳᠠᠨ ᠪᠣᠳᠣᠭᠰᠠᠭᠠᠷ ᠠᠵᠢ᠃ ᠬᠠᠢᠷᠠᠲᠠᠢ ᠬᠣᠸᠠᠷᠵᠢᠨ ᠢ᠋ᠶ᠋ᠠᠨ ᠥᠪᠡᠷ ᠦ᠋ᠨ ᠭᠠᠷ ᠢ᠋ᠶ᠋ᠠᠷ ᠪᠠᠭᠠᠯᠵᠠᠭᠤᠷᠳᠠᠨ ᠠᠯᠠᠨ᠎ᠠ ᠭᠡᠵᠦ ᠶᠠᠭᠠᠬᠢᠵᠤ ᠰᠠᠨᠠᠬᠤ ᠪᠢᠯᠡ᠃ ᠭᠡᠪᠡᠴᠦ ᠪᠦᠬᠦ ᠶᠠᠭᠤᠮ᠎ᠠ ᠪᠣᠯᠳᠠᠭ ᠵᠢᠮ᠎ᠡ ᠪᠡᠷ ᠢ᠋ᠶ᠋ᠡᠨ ᠪᠣᠯᠵᠤ ᠥᠩᠭᠡᠷᠡᠭᠰᠡᠨ ᠬᠣᠢᠨ᠎ᠠ ᠶᠠᠭᠠᠬᠢᠪᠠᠴᠤ ᠬᠠᠷᠠᠮᠰᠠᠵᠤ ᠭᠠᠰᠢᠭᠤᠳᠠᠭᠰᠠᠨ ᠳᠦᠷᠢ ᠦᠵᠡᠭᠦᠯᠬᠦ ᠶᠣᠰᠣ ᠦᠭᠡᠢ ᠶ᠋ᠢ ᠬᠠᠰᠠᠷ ᠣᠢᠯᠠᠭᠠᠵᠤ ᠪᠠᠢᠪᠠ᠃ ᠲᠡᠢᠮᠦ ᠪᠣᠯᠬᠣᠷ ᠬᠠᠲᠠᠭᠤᠵᠢᠨ ᠭᠡᠷ ᠲᠡᠭᠡᠨ ᠪᠤᠴᠠᠬᠤ ᠬᠡᠷᠡᠭᠲᠡᠢ᠃ ᠨᠢᠭᠡᠨᠲᠡ ᠰᠠᠮᠠᠭᠤᠷᠠᠵᠤ ᠥᠭᠡᠷ᠎ᠡ ᠬᠥᠮᠦᠨ ᠦ᠌ ᠬᠡᠦᠬᠡᠳ ᠲᠡᠭᠡᠭᠡᠭᠰᠡᠨ ᠡᠮ᠎ᠡ ᠦᠬᠦᠬᠦ ᠡᠴᠡ ᠥᠭᠡᠷ᠎ᠡ ᠶᠠᠭᠠᠬᠢᠬᠤ ᠪᠢᠯᠡ᠃ ᠬᠠᠰᠠᠷ ᠡᠴᠦᠰ ᠲᠦ᠋ᠨᠢ ᠥᠪᠡᠷ ᠢ᠋ ᠪᠡᠨ ᠵᠥᠪᠲᠦᠭᠡᠵᠦ ᠴᠢᠳᠠᠪᠠ᠃ ᠬᠣᠸᠠᠷᠵᠢᠨ ᠢ᠋ ᠰᠢᠳᠤᠷᠭᠤ ᠶᠣᠰᠣᠭᠠᠷ ᠦᠬᠦᠭᠦᠯᠵᠡᠢ᠃ ᠬᠠᠷᠢᠨ ᠰᠢᠨ᠎ᠡ ᠲᠥᠷᠥᠭᠰᠡᠨ ᠲᠡᠷᠡ ᠬᠡᠦᠬᠡᠳ ᠢ᠋ ᠴᠦ᠍ ᠠᠯᠠᠬᠤ ᠨᠢ ᠵᠥᠪ ᠭᠡᠵᠦ ᠰᠢᠢᠳᠪᠡ᠃ ᠶᠡᠷᠦ ᠨᠢ ᠬᠣᠸᠠᠷᠵᠢᠨ ᠢ᠋ ᠪᠦᠭᠦᠳᠡ ᠵᠢᠭᠰᠢᠨ ᠵᠢᠪᠡᠭᠦᠴᠡᠵᠦ ᠪᠠᠰᠠ ᠡᠨᠡ ᠲᠠᠲ᠋ᠠᠷ ᠪᠦᠰᠡᠭᠦᠢ ᠬᠠᠰᠠᠷ ᠤ᠋ᠨ ᠠᠮᠢᠳᠤᠷᠠᠯ ᠳ᠋ᠤ᠌ ᠪᠠᠢᠭ᠎ᠠ ᠦᠭᠡᠢ ᠮᠡᠲᠦ ᠮᠠᠷᠲᠠᠭᠳᠠᠬᠤ ᠶᠣᠰᠣᠲᠠᠢ ᠪᠣᠯᠵᠠᠢ᠃ ᠬᠠᠷᠢᠨ ᠥᠬᠢᠳ ᠢ᠋ ᠨᠢ ᠪᠣᠷᠣᠭᠴᠢᠨ ᠥᠰᠬᠡᠨ᠎ᠡ ᠪᠢᠵᠡ᠃ ᠪᠢ ᠶᠡᠷᠦ ᠨᠢ ᠰᠡᠳᠬᠢᠯ ᠢ᠋ᠶ᠋ᠡᠨ ᠲᠠᠢᠳᠬᠤᠷᠠᠭᠤᠯᠵᠤ ᠳᠠᠬᠢᠨ ᠵᠢᠰᠦ ᠭᠤᠸ᠎ᠠ ᠡᠬᠡᠨᠡᠷ ᠪᠠᠭᠤᠯᠭᠠᠬᠤ ᠨᠢ ᠵᠥᠪ ᠭᠡᠵᠦ ᠪᠣᠳᠣᠭᠰᠠᠭᠠᠷ ᠬᠠᠷᠢᠪᠠ᠃ ᠬᠠᠰᠠᠷ ᠢ᠋ ᠪᠦᠬᠦ ᠬᠦᠷᠢᠶ᠎ᠡ ᠳᠠᠶᠠᠭᠠᠷ ᠶᠡᠷᠦ ᠶᠠᠭᠤ ᠴᠤ᠌ ᠪᠣᠯᠤᠭ᠎ᠠ ᠦᠭᠡᠢ ᠮᠡᠲᠦ ᠤᠭᠲᠤᠪᠠ᠃ ᠬᠠᠷᠢᠨ ᠬᠣᠸᠠᠷᠵᠢᠨ ᠤ᠋ ᠭᠡᠷ ᠢ᠋᠂ ᠱᠠᠷᠢᠯ ᠤ᠋ᠨ ᠬᠠᠮᠲᠤ ᠬᠦᠷᠢᠶᠡᠨ ᠦ᠌ ᠭᠠᠳᠠᠨ᠎ᠠ ᠭᠠᠷᠭᠠᠵᠠᠢ᠃ ᠡᠨᠡ ᠨᠢ ᠪᠣᠷᠣᠭᠴᠢᠨ ᠤ᠋ ᠬᠢᠭᠰᠡᠨ ᠠᠵᠢᠯ ᠲᠤᠯᠠ ᠬᠠᠰᠠᠷ ᠣᠭᠲᠣᠬᠠᠨ ᠴᠦ᠍ ᠰᠢᠭᠦᠮᠵᠢᠯᠡᠭᠰᠡᠨ ᠦᠭᠡᠢ᠃
ᠭᠡᠷ ᠲᠡᠢ ᠨᠢ ᠰᠢᠲᠠᠭᠠᠵᠤ ᠣᠷᠭᠢ ᠭᠡᠰᠡᠨ ᠡᠴᠡ ᠥᠭᠡᠷ᠎ᠡ ᠦᠭᠡ ᠬᠠᠰᠠᠷ ᠬᠡᠯᠡᠭᠰᠡᠨ ᠦᠭᠡᠢ ᠲᠦᠮᠦᠬᠡᠢ ᠶ᠋ᠢᠨ ᠭᠡᠷ ᠲᠦ᠍ ᠣᠴᠢᠵᠠᠢ᠃ ᠢᠩᠭᠢᠬᠦ ᠳ᠋ᠡᠭᠡᠨ ᠪᠠᠰᠠ《ᠬᠡᠦᠬᠡᠳ ᠢ᠋ ᠨᠢ ᠴᠣᠭ ᠰᠢᠲᠠᠭ᠎ᠠ》 ᠭᠡᠬᠦ ᠪᠡᠨ ᠴᠦ᠍ ᠮᠠᠷᠲᠠᠭᠰᠠᠨ ᠦᠭᠡᠢ᠃ ᠬᠠᠰᠠᠷ ᠬᠣᠸᠠᠷᠵᠢᠨ ᠢ᠋ ᠠᠯᠠᠭᠰᠠᠨ ᠳ᠋ᠠᠭᠠᠨ ᠶᠠᠯ᠎ᠠ ᠪᠠᠨ ᠠᠯᠠᠭᠰᠠᠨ ᠤ᠋ ᠲᠠᠢᠲᠠᠢ ᠰᠡᠳᠬᠢᠯ ᠡᠪᠡᠳᠦᠭᠡ ᠦᠭᠡᠢ ᠮᠡᠲᠦ ᠳᠦᠷᠢ ᠡᠰᠬᠡᠵᠦ ᠪᠠᠢᠭᠰᠠᠨ ᠴᠦ᠍ ᠵᠠᠯᠠᠭᠤ ᠬᠠᠲᠤᠨ ᠲᠦᠮᠦᠬᠡᠢ ᠨᠢ ᠬᠡᠷᠬᠢᠨ ᠳᠤᠷ᠎ᠠ ᠲᠠᠴᠢᠶᠠᠯ ᠳ᠋ᠠᠭᠠᠨ ᠠᠪᠲᠠᠵᠤ ᠪᠡᠶ᠎ᠡ ᠰᠡᠳᠬᠢᠯ ᠨᠢ ᠲᠠᠯᠪᠢᠷᠠᠭᠰᠠᠨ ᠢ᠋ ᠴᠦ᠍ ᠠᠩᠵᠠᠭᠠᠷᠠᠬᠤ ᠰᠡᠬᠦᠭᠡ ᠦᠭᠡᠢ ᠳᠣᠲᠣᠷ᠎ᠠ ᠪᠠᠨ ᠰᠢᠨᠠᠯᠵᠤ ᠪᠠᠢᠵᠠᠢ᠃ ᠬᠠᠷᠢᠨ ᠪᠣᠷᠣᠭᠴᠢᠨ ᠪᠦᠭᠦᠳᠡ ᠶ᠋ᠢ ᠬᠠᠰᠠᠷ ᠤ᠋ᠨ ᠬᠡᠯᠡᠭᠰᠡᠨ ᠦ᠌ ᠳᠠᠭᠠᠤ ᠬᠢᠵᠦ ᠬᠣᠸᠠᠷᠵᠢᠨ ᠤ᠋ ᠭᠡᠷ ᠢ᠋ ᠰᠢᠲᠠᠭᠠᠯᠭᠠᠭᠰᠠᠨ ᠨᠢ ᠲᠡᠷᠡ ᠰᠥᠨᠢᠵᠢᠨ ᠢ᠋ᠶ᠋ᠡᠨ᠂ ᠪᠠᠰᠠ ᠮᠠᠷᠭᠠᠰᠢ ᠡᠳᠦᠷᠵᠢᠨ ᠢ᠋ᠶ᠋ᠡᠨ᠂ ᠬᠠᠰᠠᠷ ᠢ᠋ ᠥᠭᠡᠯᠦᠨ ᠡᠬᠡ ᠤᠷᠤᠭᠤ ᠪᠠᠨ ᠶᠠᠪᠤᠨ ᠶᠠᠪᠤᠲᠠᠯ᠎ᠠ ᠬᠠᠷ᠎ᠠ ᠤᠲᠤᠭ᠎ᠠ ᠪᠠᠭᠠᠭᠢᠵᠤ᠂ ᠬᠢᠷᠪᠤᠰᠤ ᠬᠡᠩᠰᠢᠭᠦᠦ ᠦᠨᠦᠷᠲᠦᠭᠡᠳ ᠬᠠᠪᠢ ᠣᠢᠷ᠎ᠠ ᠬᠥᠮᠦᠨ ᠲᠣᠭᠲᠠᠬᠤ ᠶ᠋ᠢᠨ ᠠᠷᠭ᠎ᠠ ᠦᠭᠡᠢ ᠪᠣᠯᠵᠤ᠂ ᠬᠠᠰᠠᠷ ᠵᠢᠭᠤᠲᠠᠬᠤ ᠮᠡᠲᠦ ᠮᠣᠷᠳᠠᠨ ᠶᠠᠪᠤᠵᠠᠢ᠃ ᠲᠡᠭᠦᠨ ᠦ᠌ ᠠᠷᠤ ᠳ᠋ᠤ᠌ ᠬᠣᠸᠠᠷᠵᠢᠨ ᠤᠲᠤᠭ᠎ᠠ᠂ ᠬᠡᠩᠰᠢᠭᠦᠦ ᠪᠣᠯᠤᠨ ᠬᠤᠪᠢᠷᠠᠵᠤ ᠪᠠᠢᠪᠠ᠃ ᠬᠠᠷᠢᠨ ᠪᠣᠷᠣᠭᠴᠢᠨ ᠬᠣᠸᠠᠷᠵᠢᠨ ᠤ᠋ ᠲᠠᠲ᠋ᠠᠷ ᠬᠥᠪᠡᠭᠦᠨ ᠢ᠋ ᠬᠡᠨ ᠳ᠋ᠦ᠍ ᠴᠦ᠍ ᠬᠡᠯᠡᠯ ᠦᠭᠡᠢ ᠠᠪᠴᠤ ᠦᠯᠡᠳᠡᠵᠡᠢ᠃ ᠡᠨᠡ ᠲᠤᠬᠠᠢ ᠬᠠᠰᠠᠷ ᠬᠡᠵᠢᠶ᠎ᠡ ᠴᠦ᠍ ᠮᠡᠳᠡᠬᠦ ᠦᠭᠡᠢ ᠪᠢᠵᠡ᠃ ᠥᠭᠡᠯᠦᠨ ᠡᠬᠡ ᠲᠠᠲ᠋ᠠᠷ ᠤ᠋ᠨ ᠨᠤᠲᠤᠭ ᠠ᠋ᠴᠠ ᠣᠯᠤᠭᠰᠠᠨ ᠰᠢᠭᠢᠬᠤᠲᠤᠭ ᠢ᠋ ᠬᠡᠷᠬᠢᠨ ᠰᠠᠢᠲᠤᠷ ᠵᠠᠰᠠᠵᠤ ᠬᠥᠮᠦᠵᠢᠭᠦᠯᠦᠨ ᠥᠰᠬᠡᠭᠰᠡᠨ ᠦ᠌ ᠠᠳᠠᠯᠢ ᠪᠣᠷᠣᠭᠴᠢᠨ᠂ ᠬᠣᠸᠠᠷᠵᠢᠨ ᠤ᠋ ᠦᠷ᠎ᠡ ᠶ᠋ᠢ ᠥᠪᠡᠷ ᠦ᠋ᠨ ᠬᠥᠪᠡᠭᠦᠨ ᠪᠣᠯᠭᠠᠨ ᠥᠰᠬᠡᠬᠦ ᠶ᠋ᠢ ᠬᠦᠰᠡᠵᠡᠢ᠃ ᠲᠡᠭᠦᠨ ᠢ᠋ ᠪᠡᠨ ᠬᠡᠨ ᠳ᠋ᠦ᠍ ᠴᠦ᠍ ᠬᠡᠯᠡᠭᠰᠡᠨ ᠦᠭᠡᠢ᠃ ᠬᠣᠸᠠᠷᠵᠢᠨ ᠦᠷ᠎ᠡ ᠪᠡᠨ ᠬᠥᠪᠡᠭᠦᠨ ᠭᠡᠳᠡᠭ ᠢ᠋ ᠮᠡᠳᠡᠵᠦ ᠪᠠᠢᠵᠠᠢ᠃
ᠰᠡᠳᠬᠢᠯ ᠳ᠋ᠦ᠍ᠨᠢ ᠭᠡᠨᠡᠳᠲᠡ ᠬᠦᠴᠦᠲᠡᠢ ᠲᠥᠷᠥᠬᠦ ᠬᠠᠷᠠᠭᠤᠰᠤᠯ ᠭᠤᠨᠢᠭ ᠢ᠋ ᠬᠠᠰᠠᠷ ᠬᠦᠴᠦ ᠪᠡᠷ ᠬᠥᠭᠡᠭᠡᠨ ᠵᠠᠢᠯᠠᠭᠤᠯᠤᠭᠰᠠᠭᠠᠷ ᠡᠬᠡ ᠳ᠋ᠡᠭᠡᠨ ᠣᠴᠢᠪᠠ᠃ ᠡᠨᠡ ᠡᠳᠦᠷ ᠥᠭᠡᠯᠦᠨ ᠡᠬᠡ ᠶ᠋ᠢᠨ ᠴᠢᠷᠠᠢ ᠵᠢᠰᠦ ᠭᠡᠷᠡᠯᠲᠡᠢ᠂ ᠲᠡᠩᠬᠡᠯᠡᠭᠦᠨ ᠶᠡᠷᠦ ᠦᠬᠦᠬᠦ ᠬᠥᠮᠦᠨ ᠦ᠌ ᠶᠠᠩᠵᠤ ᠦᠭᠡᠢ ᠳ᠋ᠦ᠍ ᠬᠠᠰᠠᠷ ᠪᠡᠶᠡᠰᠴᠦ ᠳᠠᠷᠤᠢ ᠠᠯᠲᠠᠨ ᠤᠯᠤᠰ ᠤᠷᠤᠭᠤ ᠪᠤᠴᠠᠬᠤ ᠪᠠᠷ ᠰᠢᠢᠳᠪᠡ᠃ ᠶᠡᠷᠦ ᠨᠢ ᠡᠨᠳᠡ ᠨᠢᠭᠡ ᠴᠦ᠍ ᠬᠣᠨᠣᠭ ᠲᠡᠰᠴᠦ ᠰᠠᠭᠤᠬᠤ ᠳ᠋ᠤ᠌ ᠬᠡᠴᠡᠭᠦᠦ ᠪᠠᠢᠵᠠᠢ᠃ ᠥᠭᠡᠯᠦᠨ ᠡᠬᠡ ᠨᠢ ᠪᠦᠷ ᠪᠣᠰᠴᠤ ᠰᠠᠭᠤᠬᠤ ᠪᠥᠭᠡᠳ ᠦᠭᠡ ᠶᠠᠷᠢᠶ᠎ᠠ ᠲᠣᠳᠣ᠂ ᠢᠨᠢᠶᠡᠵᠦ ᠬᠥᠬᠥᠷᠡᠭᠡᠳ ᠵᠤᠭᠠᠲᠠᠢ ᠪᠠᠢᠬᠤ ᠨᠢ ᠰᠡᠳᠬᠢᠯ ᠰᠡᠷᠭᠦᠭᠡᠨ᠎ᠡ᠃ ᠬᠠᠰᠠᠷ ᠤ᠋ᠨ ᠵᠠᠩᠭᠢᠷᠠᠭᠰᠠᠨ ᠬᠥᠮᠥᠰᠬᠡ᠂ ᠪᠣᠳᠣᠯᠭ᠎ᠠ ᠳ᠋ᠤ᠌ ᠳᠠᠷᠤᠭᠳᠠᠭᠰᠠᠨ ᠴᠢᠷᠠᠢ ᠠ᠋ᠴᠠ ᠶᠠᠮᠠᠷ ᠨᠢᠭᠡ ᠶᠠᠭᠤᠮ᠎ᠠ ᠪᠣᠯᠤᠭᠰᠠᠨ ᠢ᠋ ᠥᠭᠡᠯᠦᠨ ᠡᠬᠡ ᠲᠦᠪᠡᠭ ᠦᠭᠡᠢ ᠳᠠᠭᠠᠵᠠᠢ᠃ ᠰᠡᠳᠬᠢᠯ ᠦ᠋ᠨ ᠭᠦᠨ ᠳ᠋ᠡᠬᠢ ᠭᠤᠨᠢᠭ ᠰᠢᠨᠠᠯᠤᠯ ᠢ᠋ᠶ᠋ᠠᠨ ᠬᠠᠰᠠᠷ ᠶᠠᠭᠠᠬᠢᠵᠤ ᠡᠬᠡ ᠡᠴᠡ ᠪᠡᠨ ᠨᠢᠭᠤᠵᠤ ᠴᠢᠳᠠᠬᠤ ᠪᠢᠯᠡ᠃
— ᠶᠠᠭᠤ ᠪᠣᠯᠪᠠ? ᠭᠡᠷ ᠬᠦᠷᠢᠶᠡᠨ ᠳ᠋ᠦ᠍ ᠴᠢᠨᠢ ᠵᠣᠯ ᠦᠭᠡᠢ ᠶᠠᠪᠤᠳᠠᠯ ᠪᠣᠯᠪᠠ ᠤᠤ ᠭᠡᠵᠦ ᠥᠭᠡᠯᠦᠨ ᠡᠬᠡ ᠶᠠᠭ ᠲᠠᠭᠠᠪᠤᠷᠢᠯᠠᠨ ᠠᠰᠠᠭᠤᠭᠰᠠᠨ ᠨᠢ ᠬᠠᠰᠠᠷ ᠢ᠋ ᠰᠢᠨᠠᠯᠭᠠᠪᠠ᠃ ᠭᠠᠰᠢᠭᠤᠳᠠᠯ ᠵᠣᠪᠠᠯᠠᠩ᠂ ᠬᠠᠷᠠᠭᠤᠰᠤᠯ ᠭᠡᠮᠰᠢᠯ ᠨᠢ ᠨᠢᠭᠤᠷ ᠴᠢᠷᠠᠢ ᠳ᠋ᠤᠨᠢ ᠨᠢᠭᠤᠬᠤ ᠠᠷᠭ᠎ᠠ ᠦᠭᠡᠢ ᠲᠣᠳᠣᠷᠬᠠᠢ ᠪᠠᠢᠭ᠎ᠠ ᠠᠵᠢ᠃ ᠥᠭᠡᠯᠦᠨ ᠡᠬᠡ ᠨᠢ ᠶᠠᠭᠤ ᠪᠣᠯᠤᠭᠰᠠᠨ ᠢ᠋ ᠲᠤᠭᠤᠯᠬᠤ ᠠ᠋ᠴᠠ ᠨᠠᠭᠠᠰᠢ ᠰᠠᠨᠠᠭ᠎ᠠ ᠰᠡᠳᠬᠢᠯ ᠨᠢ ᠠᠮᠠᠷᠠᠬᠤ ᠦᠭᠡᠢ ᠨᠢ ᠮᠡᠳᠡᠭᠡᠵᠢ᠃ ᠤᠭ ᠨᠢ ᠲᠡᠷᠡ ᠡᠬᠡ ᠶ᠋ᠢᠨ ᠢ᠋ᠶ᠋ᠡᠨ ᠰᠡᠳᠬᠢᠯ ᠢ᠋ ᠵᠣᠪᠠᠭᠠᠭᠠᠳ ᠶᠠᠭᠠᠬᠢᠬᠤ ᠪᠣᠢ ᠭᠡᠵᠦ ᠪᠣᠳᠣᠵᠤ ᠢᠷᠡᠵᠡᠢ᠃ ᠣᠳᠣ ᠭᠡᠲᠡᠯ᠎ᠡ ᠨᠢᠭᠤᠬᠤ ᠠᠷᠭ᠎ᠠ ᠦᠭᠡᠢ ᠪᠣᠯᠪᠠ᠃
— ᠪᠢ ᠥᠴᠥᠭᠡᠳᠦᠷ ᠬᠣᠸᠠᠷᠵᠢᠨ ᠢ᠋ ᠥᠪᠡᠷ ᠦ᠋ᠨ ᠭᠠᠷ ᠢ᠋ᠶ᠋ᠠᠷ ᠬᠣᠷᠣᠭᠠᠯᠠ᠃ ᠲᠡᠷᠡ ᠮᠢᠨᠦ ᠡᠵᠡᠭᠦᠢ ᠳ᠋ᠦ᠍ ᠪᠡᠶ᠎ᠡ ᠳᠠᠪᠬᠤᠷ ᠪᠣᠯᠵᠠᠢ ᠭᠡᠵᠦ ᠬᠠᠰᠠᠷ ᠰᠡᠳᠬᠢᠯ ᠢ᠋ᠶ᠋ᠡᠨ ᠬᠥᠨᠳᠡᠭᠥᠷᠯᠡᠭᠥᠯᠥᠨ ᠪᠠᠢᠵᠤ ᠰᠢᠪᠡᠨᠡᠬᠦ ᠳ᠋ᠡᠭᠡᠨ ᠭᠣᠣᠯ ᠨᠢ ᠲᠠᠰᠤᠷᠠᠬᠤ ᠮᠡᠲᠦ ᠬᠠᠷᠠᠭᠤᠰᠤᠨ ᠱᠠᠷᠬᠢᠷᠠᠬᠤ ᠶ᠋ᠢ ᠮᠡᠳᠡᠷᠡᠪᠡ᠃ ᠬᠠᠷᠢᠨ ᠥᠭᠡᠯᠦᠨ ᠡᠢᠮᠦ ᠶᠠᠭᠤᠮᠠᠨ ᠳ᠋ᠤ᠌ ᠭᠠᠢᠬᠠᠵᠤ ᠰᠣᠴᠢᠬᠤ ᠨᠢ ᠨᠢᠭᠡᠨᠲᠡ ᠦᠭᠡᠢ ᠪᠣᠯᠵᠠᠢ᠃
— ᠴᠢ ᠶᠠᠭᠤᠨ ᠳ᠋ᠤ᠌ ᠬᠣᠸᠠᠷᠵᠢᠨ ᠢ᠋ ᠣᠷᠬᠢᠵᠤ ᠶᠠᠪᠤᠪᠠ? ᠠᠯᠲᠠᠨ ᠤᠯᠤᠰ ᠲᠤ ᠠᠪᠴᠤ ᠶᠠᠪᠤᠭᠰᠠᠨ ᠦᠭᠡᠢ ᠨᠢ ᠴᠢᠨᠦ ᠪᠤᠷᠤᠭᠤ ᠪᠢᠰᠢ ᠤᠤ? ᠲᠡᠷᠡ ᠪᠦᠰᠡᠭᠦᠢ ᠶ᠋ᠢ ᠳᠡᠮᠡᠢ ᠠᠯᠠᠵᠠᠢ᠃ ᠬᠣᠸᠠᠷᠵᠢᠨ ᠬᠡᠮᠲᠡᠢ ᠴᠦ᠍ ᠥᠬᠢᠳ ᠦ᠋ᠨ ᠴᠢᠨᠢ ᠡᠬᠡ ᠪᠢᠰᠢ ᠤᠤ? ᠭᠡᠵᠦ ᠥᠭᠡᠯᠦᠨ ᠣᠭᠲᠣ ᠰᠠᠨᠠᠭᠠᠨ ᠳ᠋ᠤ᠌ ᠦᠭᠡᠢ ᠪᠡᠷ ᠬᠠᠰᠠᠷ ᠢ᠋ ᠵᠢᠮᠡᠯᠡᠪᠡ᠃ ᠬᠠᠰᠠᠷ ᠲᠠᠭ ᠳᠤᠭᠤᠢ ᠳᠣᠭᠣᠭᠰᠢ ᠭᠥᠯᠢᠷᠡᠨ ᠰᠠᠭᠤᠪᠠ᠃
— ᠡᠷ᠎ᠡ ᠨᠢ ᠬᠡᠨ ᠶᠦ᠍ᠮ ᠪᠣᠢ?
— ᠨᠢᠭᠤᠭᠳᠠᠵᠤ ᠦᠯᠡᠳᠡᠭᠰᠡᠨ ᠲᠠᠲ᠋ᠠᠷ ᠭᠡᠨ᠎ᠡ᠃ ᠮᠠᠨ ᠤ᠋ ᠴᠡᠷᠢᠭ ᠦ᠋ᠳ ᠲᠡᠭᠦᠨ ᠢ᠋ ᠠᠯᠠᠴᠢᠬᠠᠵᠠᠢ᠃
— ᠳᠡᠮᠡᠢ ᠶᠠᠭᠤᠮ᠎ᠠ ᠬᠢᠵᠦ᠂ ᠥᠬᠢᠳ ᠢ᠋ᠶ᠋ᠡᠨ ᠥᠨᠦᠴᠢᠷᠡᠭᠦᠯᠦᠭᠡᠳ ᠶᠠᠭᠠᠬᠢᠨ᠎ᠠ ᠴᠢ?
— ᠥᠬᠢᠳ ᠶᠠᠭᠠᠬᠢᠬᠤ ᠪᠣᠢ? ᠪᠢ ᠲᠡᠳᠡᠨ ᠢ᠋ ᠬᠥᠮᠦᠨ ᠳ᠋ᠦ᠍ ᠥᠭᠴᠦ ᠣᠷᠬᠢᠨ᠎ᠠ᠃ ᠡᠮ᠎ᠡ ᠬᠥᠮᠦᠨ ᠨᠤᠲᠤᠭ ᠦᠭᠡᠢ ᠭᠡᠳᠡᠭ ᠪᠢᠵᠡ᠃ ᠬᠠᠰᠠᠷ ᠢᠩᠭᠢᠵᠦ ᠡᠬᠡ ᠶ᠋ᠢᠨ ᠢ᠋ᠶ᠋ᠡᠨ ᠵᠢᠮᠡᠯᠡᠯ ᠳ᠋ᠦ᠍ ᠬᠠᠰᠢ ᠶᠠᠰᠢ ᠦᠯᠦ ᠲᠣᠭᠣᠮᠰᠠᠷᠯᠠᠭᠰᠠᠨ ᠦᠭᠡ ᠬᠡᠯᠡᠪᠡᠴᠦ ᠰᠡᠳᠬᠢᠯ ᠨᠢ ᠦᠷᠦ ᠡᠪᠡᠳᠦᠭᠰᠡᠭᠡᠷ ᠪᠠᠢᠪᠠ᠃
— ᠬᠡᠦᠬᠡᠳ ᠨᠢ ᠶᠠᠭᠠᠬᠢᠪᠠ? ᠬᠥᠪᠡᠭᠦᠨ ᠤᠤ᠂ ᠥᠬᠢᠨ ᠤᠤ?
— ᠬᠡᠨ ᠮᠡᠳᠡᠯ᠎ᠡ᠃ ᠡᠬᠡ ᠲᠡᠢ ᠨᠢ ᠴᠣᠭ ᠰᠢᠲᠠᠭᠠᠵᠤ ᠣᠷᠬᠢᠭᠰᠠᠨ᠁
— ᠬᠥᠪᠡᠭᠦᠨ ᠪᠣᠯ ᠥᠰᠬᠡᠵᠦ ᠠᠪᠬᠤ ᠦᠭᠡᠢ ᠶᠠᠭᠠᠬᠢᠪᠠ ᠳᠠ᠃ ᠴᠢ ᠶᠠᠭᠤᠨ ᠭᠡᠨᠡᠨ ᠬᠥᠳᠡᠯᠦᠨ᠎ᠡ? ᠨᠠᠳᠠᠳᠤ ᠬᠡᠯᠡᠭᠰᠡᠨ ᠪᠣᠯ ᠪᠢ ᠪᠣᠷᠣᠭᠴᠢᠨ ᠳ᠋ᠤ᠌ ᠥᠭᠴᠦ ᠥᠰᠬᠡᠭᠦᠯᠬᠦ ᠦᠭᠡᠢ ᠤᠤ? ᠴᠢᠮᠠᠲᠤ ᠪᠢᠰᠢ ᠭᠡᠬᠦ ᠳ᠋ᠦ᠍ ᠶᠡᠬᠦ᠂ ᠶᠢᠰᠦᠩᠬᠡᠢ ᠬᠥᠪᠡᠭᠦᠳ ᠲᠦ᠍ ᠴᠢᠨᠢ ᠬᠡᠷᠡᠭ ᠪᠣᠯᠤᠨ᠎ᠠ᠃ ᠮᠢᠨᠦ ᠥᠰᠬᠡᠭᠰᠡᠨ ᠬᠥᠪᠡᠭᠦᠳ ᠢ᠋ ᠬᠠᠷ᠎ᠠ᠃ ᠰᠢᠭᠢᠬᠤᠲᠤᠭ᠂ ᠬᠦᠴᠦ᠂ ᠬᠥᠭᠡᠴᠦ᠂ ᠪᠣᠷᠣᠬᠤᠯ ᠳᠥᠷᠪᠡ ᠲᠡᠮᠦᠵᠢᠨ ᠲᠠ ᠨᠠᠷ ᠲᠤ ᠶᠠᠮᠠᠷ ᠶᠡᠬᠡ ᠲᠤᠰᠠ ᠥᠭᠪᠡ᠃ ᠲᠠ ᠨᠠᠷ ᠲᠤ ᠦᠨᠡᠨᠴᠢ ᠨᠥᠬᠥᠳ ᠯᠡ ᠬᠡᠷᠡᠭ ᠲᠡᠢ ᠪᠣᠯᠬᠤ ᠠ᠋ᠴᠠ ᠤᠢᠭᠤᠷ ᠤᠤ᠂ ᠲᠠᠲ᠋ᠠᠷ ᠤᠤ ᠶᠠᠭᠤᠨ ᠤ᠋ ᠢᠯᠭᠠᠭ᠎ᠠ᠃ ᠤᠬᠠᠭᠠᠨ ᠦᠭᠡᠢ ᠭᠡᠳᠡᠭ ᠨᠢ᠃ ᠬᠥᠮᠦᠨ ᠳ᠋ᠦ᠍ ᠬᠥᠮᠦᠨ ᠬᠡᠷᠡᠭ ᠲᠡᠢ᠃
— ᠲᠡᠳᠡ ᠲᠡᠮᠦᠵᠢᠨ ᠳ᠋ᠦ᠍ ᠯᠡ ᠲᠤᠰᠠᠲᠠᠢ ᠤᠤ ᠭᠡᠬᠦ ᠡᠴᠡ ᠪᠢ ᠲᠡᠳᠡᠨ ᠢ᠋ᠶ᠋ᠡᠷ ᠶᠠᠮᠠᠷ ᠬᠣᠭᠣᠯᠠ ᠪᠠᠨ ᠵᠥᠭᠡᠭᠡᠯᠭᠡᠵᠦ ᠬᠥᠯ ᠢ᠋ᠶ᠋ᠡᠨ ᠬᠤᠴᠢᠭᠤᠯᠬᠤ ᠤᠤ ᠭᠡᠵᠦ ᠬᠠᠰᠠᠷ ᠥᠭᠡᠯᠦᠨ ᠡᠬᠡ ᠶ᠋ᠢᠨ ᠡᠷᠭᠦᠮᠡᠯ ᠬᠥᠪᠡᠭᠦᠳ ᠦ᠋ᠨ ᠲᠤᠬᠠᠢ ᠶᠠᠷᠢᠬᠤ ᠠ᠋ᠴᠠ ᠢᠯᠡᠳᠲᠡ ᠴᠠᠭᠠᠷᠢᠭᠯᠠᠨ ᠤᠨᠲᠤᠭᠤᠴᠠᠪᠠ᠃ ᠤᠭ ᠠ᠋ᠴᠠ ᠲᠡᠮᠦᠵᠢᠨ ᠥᠭᠡᠯᠦᠨ ᠡᠬᠡ ᠶ᠋ᠢᠨ ᠥᠰᠬᠡᠭᠰᠡᠨ ᠬᠠᠭᠤᠷᠠᠢ ᠬᠥᠪᠡᠭᠦᠳ ᠢ᠋ ᠥᠪᠡᠷ ᠡᠴᠡ ᠨᠢ ᠢᠯᠡᠳᠲᠡ ᠢᠯᠡᠭᠦᠦ ᠦᠵᠡᠳᠡᠭ ᠲᠦ᠍ ᠬᠠᠰᠠᠷ ᠳᠤᠷ᠎ᠠ ᠦᠭᠡᠢ ᠪᠢᠯᠡ᠃ ᠭᠡᠪᠡᠴᠦ ᠲᠡᠮᠦᠵᠢᠨ ᠦ᠌ ᠢᠩᠭᠢᠵᠦ ᠦᠵᠡᠳᠡᠭ ᠨᠢ ᠭᠠᠭᠴᠠ ᠲᠡᠭᠦᠨ ᠦ᠌ ᠬᠦᠰᠡᠯ ᠵᠣᠷᠢᠭ ᠪᠢᠰᠢ ᠶᠦᠮ᠃ ᠥᠪᠡᠷ ᠦ᠋ᠨ ᠡᠷᠭᠦᠮᠡᠯ ᠬᠥᠪᠡᠭᠦᠳ ᠢ᠋ᠶ᠋ᠡᠨ ᠥᠭᠡᠯᠦᠨ ᠡᠬᠡ ᠦᠨᠡᠬᠡᠷ ᠭᠠᠷᠮᠠᠭᠠᠢ ᠬᠥᠮᠦᠵᠢᠭᠦᠯᠦᠭᠰᠡᠨ ᠨᠢ ᠲᠡᠳᠡᠨ ᠢ᠋ ᠢᠩᠭᠢᠵᠦ ᠬᠦᠨᠳᠦᠳᠬᠡᠬᠦ ᠳ᠋ᠦ᠍ ᠬᠦᠷᠭᠡᠳᠡᠭ ᠪᠢᠯᠡ᠃ ᠲᠠᠲ᠋ᠠᠷ ᠤ᠋ᠨ ᠰᠢᠭᠢᠬᠤᠲᠤᠭ᠂ ᠵᠦᠷᠭᠢᠨ ᠦ᠌ ᠪᠣᠷᠣᠬᠤᠯ᠂ ᠲᠠᠢᠴᠢᠭᠤᠳ ᠤ᠋ᠨ ᠬᠥᠭᠡᠴᠦ᠂ ᠮᠡᠷᠭᠢᠳ ᠦ᠋ᠨ ᠬᠦᠴᠦ ᠳᠥᠷᠪᠡᠨ ᠬᠥᠪᠡᠭᠦᠨ ᠢ᠋ ᠥᠭᠡᠯᠦᠨ ᠨᠢᠯᠬ᠎ᠠ ᠪᠠᠯᠴᠢᠷ ᠠ᠋ᠴᠠ ᠨᠢ ᠣᠯᠵᠤ ᠡᠪᠦᠷ ᠲᠡᠭᠡᠨ ᠬᠢᠵᠦ ᠡᠪᠦᠳᠦᠭ ᠢ᠋ᠶ᠋ᠡᠨ ᠲᠦᠰᠢᠭᠦᠯᠵᠦ ᠥᠰᠬᠡᠨ ᠬᠥᠮᠦᠵᠢᠭᠦᠯᠦᠭᠰᠡᠨ ᠨᠢ ᠴᠢᠩᠭᠢᠰ ᠬᠠᠭᠠᠨ ᠤ᠋ ᠳᠥᠷᠪᠡᠨ ᠶᠡᠬᠡ ᠪᠠᠭᠠᠲᠤᠷ ᠰᠠᠢᠳ ᠪᠣᠯᠤᠭᠰᠠᠨ ᠪᠢᠯᠡ᠃
— ᠪᠢ ᠳᠠᠷᠤᠢ ᠪᠤᠴᠠᠨ᠎ᠠ᠃ ᠡᠵᠢ ᠲᠠᠨ ᠢ᠋ ᠦᠵᠡᠵᠦ ᠲᠠᠢᠳᠬᠤᠷᠠᠯᠠ᠃ ᠪᠢ ᠴᠦ᠍ ᠲᠠᠨ ᠢ᠋ ᠡᠷᠭᠢᠬᠦ ᠪᠢᠰᠢ᠂ ᠬᠤᠸᠠᠷᠵᠢᠨ ᠢ᠋ ᠠᠯᠠᠬᠤ ᠭᠡᠵᠦ ᠢᠷᠡᠵᠡᠢ᠃ ᠢᠷᠡᠭᠰᠡᠨ ᠨᠢ ᠰᠠᠢᠨ ᠪᠣᠯᠤᠯ᠎ᠠ᠃ ᠰᠡᠭᠦᠯᠴᠢ ᠶ᠋ᠢᠨ ᠲᠠᠲ᠋ᠠᠷ ᠢ᠋ ᠪᠢ ᠬᠣᠷᠣᠭᠠᠬᠤ ᠶᠣᠰᠣᠲᠠᠢ ᠪᠠᠢᠭᠰᠠᠨ ᠪᠣᠯᠤᠯᠲᠠᠢ ᠭᠡᠵᠦ ᠬᠠᠰᠠᠷ ᠬᠦᠴᠦ ᠪᠡᠷ ᠢᠨᠢᠶᠡᠪᠡ᠃
— ᠬᠥᠪᠡᠭᠦᠨ ᠮᠢᠨᠢ᠂ ᠴᠢ ᠶᠠᠪᠤᠬᠤ ᠵᠥᠪ᠃ ᠤᠭ ᠨᠢ ᠪᠢ ᠲᠠ ᠨᠠᠷ ᠤ᠋ᠨ ᠨᠢᠳᠦᠨ ᠡᠴᠡ ᠳᠠᠯᠳᠠ ᠦᠬᠦᠶ᠎ᠡ ᠭᠡᠵᠦ ᠪᠣᠳᠣᠭᠰᠠᠨ ᠶᠤᠮ᠃ ᠭᠡᠲᠡᠯ᠎ᠡ ᠪᠥᠷᠲᠡ ᠳᠡᠮᠡᠢ ᠶᠠᠭᠤᠮ᠎ᠠ ᠬᠢᠵᠦ ᠴᠢᠨᠦ ᠠᠯᠪᠠ ᠶ᠋ᠢ ᠠᠯᠳᠠᠭᠤᠯᠪᠠ᠃ ᠡᠬᠡ ᠶ᠋ᠢ ᠪᠡᠨ ᠦᠬᠦᠮᠡᠭᠴᠡ ᠶᠠᠪᠤᠵᠤ ᠦᠵᠡ᠃ ᠨᠢᠭᠡᠨᠲᠡ ᠢᠷᠡᠭᠰᠡᠨ ᠦ᠌ ᠬᠢ ᠴᠢ ᠨᠠᠮᠠᠶ᠋ᠢ ᠭᠠᠵᠠᠷ ᠲᠤ ᠠᠪᠰᠠᠯᠠᠭᠠᠳ ᠪᠤᠯᠠᠵᠤ ᠣᠷᠬᠢᠭᠠᠳ ᠶᠠᠪᠤ᠃ ᠠᠶᠠᠭᠦᠢ ᠪᠣᠯ ᠡᠳᠡ ᠪᠤᠩᠬᠤᠨ ᠣᠪᠣᠭ᠎ᠠ ᠪᠣᠰᠬᠠᠵᠤ ᠪᠤᠯᠲᠤ ᠶ᠋ᠢ ᠪᠤᠵᠢᠭᠢᠨᠠᠭᠤᠯᠬᠤ ᠪᠢᠵᠡ᠃ ᠪᠢ ᠣᠯᠠᠨ ᠬᠥᠮᠦᠨ ᠦᠢᠮᠡᠵᠦ᠂ ᠦᠨᠡᠨ ᠬᠤᠳᠠᠯ ᠤᠬᠢᠯᠠᠵᠤ ᠳᠠᠭᠤᠯᠠᠬᠤ ᠶ᠋ᠢ ᠦᠵᠡᠵᠦ ᠰᠦᠨᠡᠰᠦ ᠪᠡᠨ ᠵᠣᠪᠠᠭᠠᠬᠤ ᠦᠭᠡᠢ ᠶ᠋ᠢ ᠬᠦᠰᠡᠨ᠎ᠡ᠃ ᠴᠢ ᠨᠠᠮᠠᠶ᠋ᠢ ᠦᠬᠦᠮᠡᠭᠴᠡ ᠬᠥᠮᠦᠨ ᠳ᠋ᠦ᠍ ᠬᠡᠯᠡᠯ ᠦᠭᠡᠢ᠂ ᠬᠡᠨ ᠳ᠋ᠦ᠍ ᠴᠦ᠍ ᠦᠵᠡᠭᠦᠯᠦᠯ ᠦᠭᠡᠢ ᠮᠣᠷᠢᠨ ᠳ᠋ᠠᠭᠠᠨ ᠳᠡᠭᠦᠷᠴᠦ ᠶᠠᠪᠤᠭᠠᠳ ᠪᠤᠷᠬᠠᠨ ᠬᠠᠯᠳᠤᠨ ᠤ᠋ ᠪᠠᠷᠠᠭᠤᠨ ᠰᠤᠭᠤᠨ ᠳ᠋ᠤ᠌ ᠨᠢᠭᠡ ᠲᠡᠮᠳᠡᠭᠲᠦ ᠭᠠᠵᠠᠷ ᠪᠣᠢ᠃ ᠲᠡᠨᠳᠡ ᠪᠤᠯᠠᠵᠤ ᠣᠷᠬᠢᠭᠠᠷᠠᠢ᠃ ᠳᠡᠯᠭᠡᠷ ᠪᠤᠯᠠᠭ ᠤ᠋ᠨ ᠲᠡᠷᠡᠬᠡᠨ ᠳ᠋ᠦ᠍ ᠣᠴᠢᠮᠠᠭᠴᠠ ᠦᠵᠡᠨ᠎ᠡ ᠪᠢᠵᠡ᠃ ᠲᠡᠷᠡ ᠭᠠᠵᠠᠷ ᠢ᠋ ᠠᠬ᠎ᠠ ᠳᠡᠭᠦᠦ ᠬᠣᠶᠠᠷ ᠠ᠋ᠴᠠ ᠪᠠᠨ ᠥᠭᠡᠷ᠎ᠡ ᠬᠥᠮᠦᠨ ᠳ᠋ᠦ᠍ ᠪᠦᠦ ᠬᠡᠯᠡ᠃
ᠡᠬᠡ ᠶ᠋ᠢᠨ ᠢ᠋ᠶ᠋ᠡᠨ ᠡᠨᠡ ᠦᠭᠡ ᠶ᠋ᠢ ᠰᠣᠨᠣᠰᠤᠭᠠᠳ ᠬᠠᠰᠠᠷ ᠤ᠋ᠨ ᠢᠨᠢᠶᠡᠳᠦ ᠬᠦᠷᠪᠡ᠃ ᠡᠰᠡᠷᠭᠦᠴᠡᠵᠦ᠂ ᠪᠠᠰᠠ ᠡᠯᠡᠭᠯᠡᠵᠦ ᠪᠣᠯᠬᠤ ᠦᠭᠡᠢ ᠡᠨᠡ ᠦᠭᠡᠰ ᠢ᠋ ᠬᠠᠰᠠᠷ ᠪᠠᠷᠤᠭ ᠯᠠ ᠴᠢᠬᠢᠨ ᠦ᠌ ᠬᠠᠵᠠᠭᠤ ᠪᠠᠷ ᠥᠩᠭᠡᠷᠡᠭᠦᠯᠵᠦ ᠰᠠᠭᠤᠪᠠ᠃
— ᠮᠢᠨᠦ ᠦᠬᠦᠭᠰᠡᠨ ᠢ᠋ ᠬᠥᠮᠦᠨ ᠮᠡᠳᠡᠬᠦ ᠦᠭᠡᠢ ᠪᠣᠯ ᠪᠦᠭᠦᠳᠡ ᠠᠮᠢᠳᠤ ᠮᠡᠲᠦ ᠰᠠᠨᠠᠬᠤ ᠪᠢᠰᠢᠦ ᠤᠤ? ᠶᠡᠬᠡ ᠶᠣᠰᠣᠯᠠᠯ ᠪᠣᠯᠵᠤ ᠣᠯᠠᠨ ᠠᠮᠢᠲᠠᠨ ᠴᠤᠭᠯᠠᠷᠠᠪᠠᠯ ᠦᠯᠡᠳᠡᠵᠦ ᠪᠠᠢᠭ᠎ᠠ ᠲᠠ ᠨᠠᠷ ᠲᠤ ᠰᠠᠢᠬᠠᠨ ᠪᠣᠯᠬᠤ ᠠ᠋ᠴᠠ ᠲᠠᠷᠠᠮᠠᠭᠴᠠ ᠮᠠᠷᠲᠠᠬᠤ ᠲᠤᠯᠠ ᠨᠠᠳᠠᠳᠤ ᠬᠡᠷᠡᠭ ᠶᠠᠭᠤᠨ᠃ ᠴᠢ ᠡᠬᠡ ᠶ᠋ᠢ ᠪᠡᠨ ᠣᠯᠠᠨ ᠬᠥᠮᠦᠨ ᠰᠠᠢᠨ ᠢ᠋ᠶ᠋ᠠᠷ ᠳᠤᠷᠠᠰᠤᠭᠠᠰᠠᠢ ᠭᠡᠵᠦ ᠬᠦᠰᠡᠵᠦ ᠪᠠᠢᠭ᠎ᠠ ᠪᠣᠯ ᠮᠢᠨᠦ ᠦᠬᠦᠭᠰᠡᠨ ᠢ᠋ ᠡᠷᠦᠬᠡ ᠶ᠋ᠢᠨ ᠳᠣᠲᠣᠷᠠᠬᠢ ᠴᠥᠭᠡᠨ ᠬᠥᠮᠦᠨ ᠡᠴᠡ ᠪᠤᠰᠤᠳ ᠲᠤ ᠪᠦᠦ ᠮᠡᠳᠡᠭᠳᠡ᠃
— ᠵᠠ ᠭᠡᠬᠦ ᠡᠴᠡ ᠥᠭᠡᠷ᠎ᠡ ᠦᠭᠡ ᠬᠠᠰᠠᠷ ᠳᠤ ᠣᠯᠳᠠᠭᠰᠠᠨ ᠦᠭᠡᠢ᠃ ᠦᠬᠦᠬᠦ ᠭᠡᠳᠡᠭ ᠮᠣᠷᠳᠠᠭᠠᠳ ᠶᠠᠪᠤᠬᠤ ᠠᠳᠠᠯᠢ ᠠᠮᠠᠷᠬᠠᠨ ᠮᠡᠲᠦ ᠦᠭᠡᠰ ᠢ᠋ ᠡᠬᠡ ᠨᠢ ᠬᠡᠯᠡᠬᠦ ᠠᠵᠢ᠃
— ᠨᠠᠳᠠ ᠠ᠋ᠴᠠ ᠬᠣᠢᠰᠢ ᠲᠡᠮᠦᠵᠢᠨ ᠠᠬ᠎ᠠ ᠶ᠋ᠢᠨ ᠢ᠋ᠶ᠋ᠡᠨ ᠦᠭᠡ ᠶ᠋ᠢ ᠮᠢᠨᠦ ᠦᠭᠡ ᠭᠡᠵᠦ ᠰᠣᠨᠣᠰᠴᠤ ᠮᠥᠷᠳᠡᠵᠦ ᠶᠠᠪᠤ᠃ ᠠᠬ᠎ᠠ ᠴᠢᠨᠢ ᠣᠳᠣ ᠠᠯᠳᠠᠷ ᠨᠢ ᠲᠦᠭᠡᠭᠰᠡᠨ ᠬᠠᠭᠠᠨ ᠪᠣᠯᠤᠯ᠎ᠠ᠃ ᠴᠢᠩᠭᠢᠰ ᠬᠠᠭᠠᠨ ᠤ᠋ ᠦᠭᠡ ᠪᠣᠯ ᠲᠩᠷᠢ ᠶ᠋ᠢᠨ ᠵᠠᠷᠯᠢᠭ᠃ ᠠᠬ᠎ᠠ ᠴᠢᠨᠢ ᠬᠢᠵᠦ ᠬᠡᠯᠡᠬᠦ ᠨᠢ ᠬᠡᠴᠡᠭᠦᠦ ᠪᠡᠷᠬᠡ ᠴᠦ᠍ ᠭᠡᠯᠡ ᠰᠡᠳᠬᠢᠯ ᠦ᠋ᠨ ᠮᠤᠬᠤᠷ ᠲᠤ ᠳᠡᠭᠦᠦ ᠨᠠᠷ ᠲᠠᠭᠠᠨ ᠬᠠᠢᠷᠠᠲᠠᠢ ᠶᠤᠮ ᠰᠢᠦ᠃ ᠡᠨᠡ ᠦᠭᠡ ᠶ᠋ᠢ ᠠᠯᠲᠠᠨ ᠤᠯᠤᠰ ᠲᠤ ᠮᠣᠷᠢᠯᠠᠬᠤ ᠳ᠋ᠠᠭᠠᠨ ᠨᠠᠳᠠᠳᠤ ᠶᠠᠭ ᠴᠢᠨᠦ ᠰᠠᠭᠤᠵᠤ ᠪᠣᠢ ᠰᠢᠭ᠋ ᠰᠠᠭᠤᠵᠤ ᠪᠠᠢᠭᠠᠳ ᠠᠮᠢᠨᠴᠢᠯᠠᠵᠤ ᠬᠡᠯᠡᠭᠰᠡᠨ ᠶᠦᠮ᠃ ᠬᠠᠰᠠᠷ ᠬᠥᠪᠡᠭᠦᠨ ᠮᠢᠨᠢ ᠴᠢ ᠬᠢᠴᠢᠶᠡ᠃ ᠠᠬ᠎ᠠ ᠶ᠋ᠢᠨ ᠢ᠋ᠶ᠋ᠡᠨ ᠵᠠᠷᠯᠢᠭ ᠢ᠋ ᠪᠤᠤ ᠵᠥᠷᠢᠴᠡ᠃ ᠶᠣᠰᠣᠴᠢᠯᠠᠨ ᠳᠠᠭᠠᠭᠲᠤᠨ᠃ ᠬᠥᠪᠡᠭᠦᠨ ᠳ᠋ᠡᠭᠡᠨ ᠴᠦ᠍ ᠵᠠᠬᠢ᠃ ᠶᠢᠰᠦᠭᠡᠢ ᠶ᠋ᠢᠨ ᠬᠥᠪᠡᠭᠦᠨ ᠡᠴᠡ ᠬᠠᠭᠠᠨ ᠪᠣᠯᠬᠤ ᠨᠢ ᠪᠣᠯᠵᠤ ᠬᠠᠪᠰᠤᠷᠴᠤ ᠬᠦᠴᠦ ᠪᠡᠨ ᠡᠷᠭᠦᠬᠦ ᠨᠢ ᠡᠷᠭᠦᠬᠦ ᠶᠣᠰᠣᠲᠠᠢ ᠶᠤᠮ᠃ ᠴᠢᠩᠭᠢᠰ ᠬᠠᠭᠠᠨ ᠤ᠋ ᠶᠡᠬᠡ ᠬᠦᠴᠦ᠂ ᠡᠵᠡᠨᠲᠦ ᠤᠯᠤᠰ ᠤ᠋ᠨ ᠲᠠᠯ᠎ᠠ ᠶ᠋ᠢ ᠬᠠᠰᠠᠷ ᠳᠡᠭᠦᠦ ᠪᠡᠶ᠎ᠡ ᠪᠡᠷ ᠪᠦᠲᠦᠭᠡᠵᠦ᠂ ᠰᠡᠳᠬᠢᠯ ᠢ᠋ᠶ᠋ᠡᠷ ᠢ᠋ᠶ᠋ᠡᠨ ᠳᠦᠭᠦᠷᠭᠡᠪᠡ ᠭᠡᠰᠡᠨ ᠨᠢ ᠴᠢᠩᠭᠢᠰ ᠬᠠᠭᠠᠨ ᠬᠡᠯᠡᠭᠰᠡᠨ ᠦᠭᠡ ᠰᠢᠦ᠃ ᠡᠢᠮᠦ ᠦᠭᠡᠨ ᠡᠴᠡ ᠢᠯᠡᠭᠦᠦ ᠭᠠᠪᠢᠶ᠎ᠠ ᠱᠠᠩᠨᠠᠯ᠂ ᠠᠯᠳᠠᠷ ᠬᠦᠨᠳᠦ ᠭᠡᠵᠦ ᠬᠠᠮᠢᠭ᠎ᠠ ᠪᠠᠢᠨ᠎ᠠ᠃ ᠴᠢᠩᠭᠢᠰ ᠬᠠᠭᠠᠨ ᠬᠠᠰᠠᠷ ᠴᠢᠮ᠎ᠠ ᠠ᠋ᠴᠠ ᠥᠭᠡᠷ᠎ᠡ ᠬᠡᠨ ᠢ᠋ ᠢᠩᠭᠢᠵᠦ ᠦᠨᠡᠯᠡᠨ ᠮᠠᠭᠲᠠᠬᠤ ᠪᠢᠯᠡ᠃ ᠪᠢ ᠴᠢᠩᠭᠢᠰ ᠬᠠᠭᠠᠨ ᠤ᠋ ᠴᠢᠮᠠᠲᠤ ᠬᠡᠯᠡ ᠭᠡᠰᠡᠨ ᠢ᠋ ᠳᠠᠮᠵᠢᠭᠤᠯᠪᠠ᠃ ᠠᠮᠢ ᠴᠢᠨᠢ ᠠᠬ᠎ᠠ ᠶ᠋ᠢᠨ ᠴᠢᠨᠢ ᠭᠠᠷ ᠲᠤ ᠪᠣᠢ ᠰᠢᠦ᠃ ᠬᠥᠪᠡᠭᠦᠨ ᠮᠢᠨᠢ᠃ ᠬᠠᠰᠠᠷ ᠮᠢᠨᠢ᠃ ᠪᠤᠤ ᠣᠰᠤᠯᠲᠠ᠃
ᠣᠯᠠᠨ ᠦᠭᠡ ᠬᠡᠯᠡᠭᠰᠡᠨ ᠳ᠋ᠡᠭᠡᠨ ᠥᠭᠡᠯᠦᠨ ᠶᠠᠳᠠᠷᠠᠵᠤ ᠣᠷᠣᠨ ᠳ᠋ᠠᠭᠠᠨ ᠪᠤᠴᠠᠵᠤ ᠬᠡᠪᠲᠡᠪᠡ᠃ ᠥᠭᠡᠯᠦᠨ ᠡᠬᠡ ᠶ᠋ᠢᠨ ᠰᠠᠶᠢ ᠬᠡᠯᠡᠭᠰᠡᠨ ᠦᠭᠡ ᠦᠨᠡᠨ ᠲᠤᠯᠠ ᠬᠠᠰᠠᠷ ᠬᠦᠨᠳᠦᠳᠬᠡᠨ ᠰᠣᠨᠣᠰᠴᠠᠢ᠃ ᠭᠡᠪᠡᠴᠦ ᠲᠡᠷᠡ ᠡᠨᠡ ᠦᠭᠡᠰ ᠢ᠋ ᠲᠡᠮᠦᠵᠢᠨ ᠬᠡᠯᠡᠭᠡ ᠦᠭᠡᠢ᠂ ᠡᠬᠡ ᠨᠢ ᠬᠥᠪᠡᠭᠦᠳ ᠢ᠋ᠶ᠋ᠡᠨ ᠡᠪᠲᠡᠢ ᠪᠠᠢᠯᠭᠠᠬᠤ ᠭᠡᠰᠡᠨ ᠳ᠋ᠡᠭᠡᠨ ᠵᠣᠷᠢᠭᠤᠳᠠ ᠵᠣᠬᠢᠶᠠᠨ ᠬᠡᠯᠡᠭᠰᠡᠨ ᠢ᠋ ᠮᠡᠳᠡᠭᠰᠡᠨ ᠦᠭᠡᠢ ᠪᠢᠯᠡ᠃ ᠥᠭᠡᠯᠦᠨ ᠳ᠋ᠦ᠍ ᠡᠭᠦᠨ ᠡᠴᠡ ᠥᠭᠡᠷ᠎ᠡ ᠠᠷᠭ᠎ᠠ ᠦᠭᠡᠢ ᠪᠠᠢᠯ᠎ᠠ᠃ ᠲᠡᠷᠡ ᠡᠴᠦᠰ ᠦ᠋ᠨ ᠠᠷᠭ᠎ᠠ ᠪᠠᠨ ᠬᠡᠷᠡᠭᠯᠡᠪᠡ᠃ ᠡᠴᠦᠰ ᠦ᠋ᠨ ᠦᠭᠡ ᠪᠡᠨ ᠴᠦ᠍ ᠬᠡᠯᠡᠪᠡ᠃ ᠬᠠᠢᠷᠠᠲᠠᠢ ᠬᠠᠰᠠᠷ ᠬᠥᠪᠡᠭᠦᠨ ᠦ᠌ ᠪᠡᠨ ᠠᠮᠢ ᠶ᠋ᠢ ᠥᠪᠡᠷ ᠲᠦ᠋ᠨᠢ᠂ ᠪᠠᠰᠠ ᠲᠡᠮᠦᠵᠢᠨ ᠳ᠋ᠦ᠍ ᠳᠠᠭᠠᠳᠬᠠᠨ ᠣᠷᠬᠢᠬᠤ ᠠ᠋ᠴᠠ ᠥᠭᠡᠷ᠎ᠡ ᠠᠷᠭ᠎ᠠ ᠥᠭᠡᠯᠦᠨ ᠳ᠋ᠦ᠍ ᠦᠯᠡᠳᠡᠭᠰᠡᠨ ᠦᠭᠡᠢ᠃ ᠦᠬᠦᠯ ᠣᠳᠣ ᠶᠠᠭ ᠭᠡᠷ ᠦ᠋ᠨ ᠲᠣᠭᠣᠨᠣ ᠶ᠋ᠢᠨ ᠴᠠᠮᠬᠠᠭ ᠳᠡᠭᠡᠷ᠎ᠡ ᠢᠷᠡᠭᠡᠳ ᠴᠠᠭ ᠢ᠋ᠶ᠋ᠠᠨ ᠬᠦᠯᠢᠶᠡᠵᠦ ᠰᠠᠭᠤᠵᠤ ᠪᠠᠢᠪᠠ᠃ ᠴᠠᠭ ᠢ᠋ᠶ᠋ᠠᠨ ᠲᠤᠯᠬᠤ ᠪᠠᠷ ᠦᠬᠦᠬᠦ ᠭᠡᠳᠡᠭ ᠠᠶᠠᠲᠠᠢ ᠲᠠᠭᠠᠲᠠᠢ ᠵᠢᠷᠭᠠᠯ ᠪᠢᠰᠢ ᠴᠦ᠍ ᠭᠡᠯᠡ ᠠᠶᠤᠵᠤ ᠰᠦᠷᠳᠡᠵᠦ ᠠᠷᠭ᠎ᠠ ᠪᠠᠨ ᠪᠠᠷᠠᠭᠠᠳ ᠪᠠᠢᠬᠤ ᠪᠠᠷ ᠵᠣᠪᠠᠯᠠᠩ ᠴᠦ᠍ ᠪᠢᠰᠢ ᠠᠵᠢ᠃
— ᠠᠯᠢ ᠪᠣᠢ? ᠡᠵᠢ ᠨᠢ ᠦᠨᠦᠰᠦᠶ᠎ᠡ᠃ ᠴᠢᠮᠠᠶ᠋ᠢ ᠠᠬ᠎ᠠ᠂ ᠳᠡᠭᠦᠦ ᠬᠣᠶᠠᠷ ᠤ᠋ᠨ ᠴᠢᠨᠢ ᠡᠮᠦᠨ᠎ᠡ ᠡᠴᠡ ᠴᠦ᠍ ᠦᠨᠦᠰᠦᠶ᠎ᠡ᠃ ᠪᠠᠰᠠ ᠲᠡᠮᠦᠯᠦᠨ ᠥᠬᠢᠨ ᠦ᠌ ᠪᠡᠨ ᠡᠮᠦᠨ᠎ᠡ ᠠ᠋ᠴᠠ ᠦᠨᠦᠰᠦᠶ᠎ᠡ ᠭᠡᠳ ᠮᠣᠢᠨᠣᠢᠵᠤ ᠳᠣᠬᠢᠢᠭᠰᠠᠨ ᠭᠠᠷ ᠢ᠋ᠶ᠋ᠠᠨ ᠡᠬᠡ ᠨᠢ ᠰᠤᠩᠭᠠᠪᠠ᠃ ᠬᠠᠰᠠᠷ ᠣᠳᠣ ᠴᠣ ᠡᠬᠡ ᠶ᠋ᠢ ᠪᠡᠨ ᠲᠣᠭᠯᠠᠵᠤ ᠪᠠᠢᠬᠤ ᠰᠢᠭ᠋ ᠰᠠᠨᠠᠭᠰᠠᠭᠠᠷ ᠪᠠᠢᠯ᠎ᠠ᠃ ᠰᠦᠨ ᠦ᠌ ᠲᠠᠨᠢᠯ ᠦᠨᠦᠷ ᠲᠡᠢ ᠡᠬᠡ ᠨᠢ ᠳᠤᠬᠤᠨ ᠳᠡᠭᠡᠷ᠎ᠡ ᠨᠢ ᠬᠡᠦᠬᠡᠳ ᠦ᠋ᠨ ᠢ᠋ᠶ᠋ᠡᠨ ᠲᠣᠭ᠎ᠠ ᠪᠠᠷ ᠲᠠᠪᠤᠨ ᠤᠳᠠᠭ᠎ᠠ ᠦᠨᠦᠷᠯᠡᠨ ᠦᠨᠦᠰᠬᠦ ᠳ᠋ᠦ᠍ ᠬᠠᠰᠠᠷ ᠤ᠋ᠨ ᠳᠣᠲᠣᠷ᠎ᠠ ᠴᠡᠭᠡᠵᠢ ᠤᠷᠠᠭᠳᠠᠨ ᠬᠠᠯᠠᠭᠤᠨ ᠨᠢᠯᠪᠤᠰᠤ ᠨᠢ ᠤᠷᠤᠰᠪᠠ᠃
— ᠪᠤᠤ ᠤᠬᠢᠯᠠ᠃ ᠬᠠᠰᠠᠷ ᠴᠢ ᠬᠡᠦᠬᠡᠳ ᠪᠠᠢᠬᠤ ᠶ᠋ᠢᠨ ᠨᠢᠯᠪᠤᠰᠤ ᠬᠤᠷᠳᠤᠨ ᠲᠠᠢ ᠰᠠᠨ᠃ ᠣᠳᠣ ᠲᠠᠪᠢ ᠰᠢᠬᠠᠵᠤ ᠡᠷ᠎ᠡ ᠪᠣᠯᠤᠭᠰᠠᠨ ᠴᠦ᠍ ᠬᠡᠪ ᠢ᠋ᠶ᠋ᠡᠷ ᠰᠢᠪ ᠳᠡ ᠭᠡᠵᠦ ᠡᠬᠡ ᠨᠢ ᠶᠡᠬᠡᠳᠡ ᠭᠣᠯᠣᠵᠠᠢ᠃
— ᠣᠳᠣ ᠶᠠᠪᠤᠵᠤ ᠦᠵᠡ᠃ ᠲᠤᠯᠤᠢ ᠶ᠋ᠢᠨ ᠬᠥᠪᠡᠭᠦᠨ ᠬᠤᠪᠢᠯᠠᠢ ᠶ᠋ᠢ ᠳᠠᠭᠤᠳᠠ᠃ ᠲᠡᠷᠡ ᠵᠣᠯᠢᠭ ᠲᠤ ᠬᠡᠯᠡᠬᠦ ᠦᠭᠡ ᠪᠠᠢᠨ᠎ᠠ᠃ ᠨᠠᠮᠠᠶ᠋ᠢ ᠦᠬᠦᠮᠡᠭᠴᠡ ᠬᠡᠨ ᠳ᠋ᠦ᠍ ᠴᠦ᠍ ᠪᠦᠦ ᠮᠡᠳᠡᠭᠳᠡ ᠭᠡᠵᠦ ᠪᠥᠷᠲᠡ ᠳ᠋ᠦ᠍ ᠬᠡᠯᠡ᠃ ᠲᠡᠭᠡᠭᠡᠳ ᠮᠢᠨᠦ ᠬᠡᠯᠡᠭᠰᠡᠨ ᠢ᠋ᠶ᠋ᠡᠷ ᠬᠢᠨ᠎ᠡ ᠰᠢᠦ᠃ ᠪᠢ ᠴᠢᠮᠠᠶ᠋ᠢ ᠲᠩᠷᠢ ᠡᠴᠡ ᠬᠠᠷᠠᠵᠤ ᠪᠠᠢᠨ᠎ᠠ᠃ ᠮᠢᠨᠦ ᠬᠡᠯᠡᠭᠰᠡᠨ ᠢ᠋ᠶ᠋ᠡᠷ ᠡᠰᠡ ᠬᠢᠪᠡᠯ ᠪᠢ ᠠᠭᠤᠷᠯᠠᠵᠤ ᠳᠠᠬᠢᠨ ᠡᠷᠭᠢᠵᠦ ᠲᠥᠷᠥᠬᠦ ᠦᠭᠡᠢ ᠣᠳᠤᠨ᠎ᠠ᠃ ᠴᠢ ᠶᠠᠭ ᠶᠣᠰᠣᠭᠠᠷ ᠬᠢᠪᠡᠯ ᠪᠢ ᠭᠤᠴᠢ ᠬᠥᠪᠡᠭᠦᠨ ᠬᠤᠪᠢᠯᠠᠢ ᠳ᠋ᠤ᠌ ᠬᠦᠦ ᠪᠣᠯᠵᠤ ᠲᠥᠷᠥᠬᠦ ᠶᠦᠮ ᠰᠢᠦ᠃ ᠴᠢ ᠬᠢᠴᠢᠶᠡᠭᠡᠷᠡᠢ᠃
— ᠵᠠ᠂ ᠡᠬᠡ ᠶ᠋ᠢ ᠪᠡᠨ ᠦᠬᠦᠨ᠎ᠡ ᠭᠡᠵᠦ ᠰᠠᠨᠠᠭᠰᠠᠨ ᠦᠭᠡᠢ ᠬᠠᠰᠠᠷ ᠡᠷᠭᠢᠵᠦ ᠴᠦ᠍ ᠬᠠᠷᠠᠭᠰᠠᠨ ᠦᠭᠡᠢ ᠭᠠᠷᠴᠤ ᠶᠠᠪᠤᠬᠤ ᠳ᠋ᠤ᠌ ᠥᠭᠡᠯᠦᠨ《ᠨᠢᠯᠬ᠎ᠠ ᠶᠤᠮ ᠳᠠ》 ᠭᠡᠵᠦ ᠦᠷᠦ ᠡᠪᠡᠳᠦᠨ ᠪᠣᠳᠣᠵᠤ ᠬᠡᠪᠲᠡᠪᠡ᠃ ᠲᠡᠷᠡ ᠭᠡᠷ ᠳᠣᠲᠣᠷᠠᠬᠢ ᠪᠠᠨ ᠲᠣᠭᠣᠷᠢᠭᠤᠯᠤᠨ ᠬᠠᠷᠠᠪᠠ᠃ ᠳᠠᠯᠠᠨ ᠵᠢᠯ ᠬᠡᠷᠡᠭᠯᠡᠵᠦ ᠡᠳ᠋ᠯᠡᠭᠰᠡᠨ ᠭᠡᠷ ᠪᠠᠷᠠᠭ᠎ᠠ ᠬᠤᠪᠴᠠᠰᠤ ᠲᠠᠪᠢᠯᠭ᠎ᠠ ᠨᠢ ᠣᠳᠣ ᠥᠭᠡᠯᠦᠨ ᠳ᠋ᠦ᠍ ᠣᠭᠲᠣ ᠲᠠᠨᠢᠭᠳᠠᠬᠤ ᠦᠭᠡᠢ᠂ ᠬᠥᠮᠦᠨ ᠦ᠌ ᠬᠢ ᠮᠡᠲᠦ ᠬᠠᠷᠠᠭᠳᠠᠪᠠ᠃ ᠥᠭᠡᠯᠦᠨ ᠦ᠌ ᠰᠦᠨᠡᠰᠦ ᠤᠳᠠᠬᠤ ᠦᠭᠡᠢ ᠪᠡᠶ᠎ᠡ ᠡᠴᠡ ᠠᠩᠭᠢᠵᠢᠷᠠᠵᠤ ᠡᠬᠢᠯᠡᠬᠦ ᠶ᠋ᠢᠨ ᠳᠣᠬᠢᠶ᠎ᠠ ᠡᠨᠡ ᠶᠦᠮ᠃ ᠣᠳᠣ ᠲᠡᠭᠦᠨ ᠳ᠋ᠦ᠍ ᠬᠣᠷᠭᠣᠳᠠᠬᠤ ᠶᠠᠭᠤᠮ᠎ᠠ ᠦᠭᠡᠢ ᠪᠣᠯᠵᠠᠢ᠃ ᠬᠦᠰᠡᠵᠦ ᠪᠠᠢᠭᠰᠠᠨ ᠢ᠋ᠶ᠋ᠠᠷ ᠨᠢ ᠬᠠᠰᠠᠷ ᠳᠡᠭᠦᠦ ᠪᠡᠨ ᠶᠠᠪᠤᠭᠤᠯᠤᠭᠰᠠᠨ ᠲᠡᠮᠦᠵᠢᠨ ᠬᠥᠪᠡᠭᠦᠨ ᠳ᠋ᠡᠭᠡᠨ ᠪᠠᠰᠠ ᠳᠠᠬᠢᠭᠠᠳ ᠪᠠᠶᠠᠷᠯᠠᠬᠤ ᠶᠣᠰᠣᠲᠠᠢ ᠶᠤᠮ᠃ ᠦᠨᠡᠬᠡᠷ ᠲᠩᠷᠢ ᠰᠢᠭ ᠤᠬᠠᠭᠠᠨ ᠲᠠᠢ ᠬᠥᠪᠡᠭᠦᠨ ᠲᠥᠷᠥᠭᠦᠯᠦᠭᠰᠡᠨ ᠳ᠋ᠡᠭᠡᠨ ᠥᠭᠡᠯᠦᠨ ᠪᠠᠬᠠᠷᠬᠠᠵᠤ ᠪᠠᠢᠯ᠎ᠠ᠃ ᠲᠡᠮᠦᠵᠢᠨ ᠬᠥᠪᠡᠭᠦᠨ ᠨᠢ ᠬᠠᠭᠠᠳ ᠤ᠋ᠨ ᠬᠠᠭᠠᠨ ᠪᠣᠯᠵᠠᠢ᠃ ᠣᠳᠣ ᠥᠭᠡᠯᠦᠨ ᠳ᠋ᠦ᠍ ᠦᠬᠦᠬᠦ ᠯᠡ ᠦᠯᠡᠳᠡᠪᠡ᠃ ᠬᠠᠰᠠᠷ ᠲᠤ ᠴᠦ᠍ ᠰᠠᠨᠠᠭ᠎ᠠ ᠨᠢ ᠵᠣᠪᠠᠭᠰᠠᠨ ᠦᠭᠡᠢ《ᠴᠢᠩᠭᠢᠰ ᠬᠠᠭᠠᠨ ᠶᠠᠭᠤ ᠭᠡᠵᠦ ᠰᠣᠶᠣᠷᠬᠠᠨ᠎ᠠ ᠲᠡᠭᠦᠨ ᠢ᠋ᠶ᠋ᠡᠷ ᠯᠡ ᠪᠣᠯᠬᠤ ᠪᠢᠵᠡ᠃ ᠥᠭᠡᠯᠦᠨ ᠪᠢ ᠴᠦ᠍ ᠴᠢᠩᠭᠢᠰ ᠬᠠᠭᠠᠨ ᠤ᠋ ᠵᠠᠷᠯᠢᠭ ᠢ᠋ ᠳᠠᠭᠠᠬᠤ ᠶᠣᠰᠣᠲᠠᠢ ᠪᠢᠯᠡ》 ᠭᠡᠵᠦ ᠪᠣᠳᠣᠬᠤ ᠳ᠋ᠤ᠌ ᠰᠡᠳᠬᠢᠯ ᠴᠡᠯᠮᠡᠨ ᠭᠡᠢᠵᠡᠢ᠃ ᠦᠯᠡᠳᠡᠵᠦ ᠪᠣᠢ ᠬᠥᠮᠦᠰ ᠡᠴᠡ ᠬᠠᠭᠠᠴᠠᠵᠤ ᠪᠣᠢ ᠶᠢᠷᠲᠢᠨᠴᠦ ᠪᠦᠭᠦᠳᠡᠭᠡᠷ ᠴᠢᠩᠭᠢᠰ ᠬᠠᠭᠠᠨ ᠤ᠋ ᠵᠠᠷᠯᠢᠭ ᠤ᠋ᠨ ᠳᠣᠣᠷ᠎ᠠ ᠣᠷᠣᠰᠢᠬᠤ ᠶᠣᠰᠣᠲᠠᠢ ᠶ᠋ᠢ ᠦᠬᠦᠬᠦ ᠶ᠋ᠢᠨ ᠡᠮᠦᠨᠡᠬᠢ ᠶᠡᠬᠡ ᠭᠡᠭᠡᠷᠡᠯ ᠥᠭᠡᠯᠦᠨ ᠳ᠋ᠦ᠍ ᠮᠡᠳᠡᠷᠡᠭᠦᠯᠵᠡᠢ᠃ ᠤᠳᠠᠯ ᠦᠭᠡᠢ ᠭᠡᠷᠡᠯ ᠰᠠᠴᠤᠷᠠᠭᠰᠠᠨ ᠬᠠᠷᠠᠴᠠ ᠲᠠᠢ ᠬᠤᠪᠢᠯᠠᠢ ᠭᠦᠶᠦᠨ ᠣᠷᠣᠵᠤ ᠢᠷᠡᠪᠡ᠃ ᠬᠤᠪᠢᠯᠠᠢ ᠪᠣᠯ ᠥᠭᠡᠯᠦᠨ ᠦ᠌ ᠬᠠᠮᠤᠭ ᠤ᠋ᠨ ᠬᠠᠢᠷᠠᠲᠠᠢ ᠭᠤᠴᠢ ᠬᠥᠪᠡᠭᠦᠨ ᠶᠦᠮ᠃ ᠳᠥᠷᠪᠡᠨ ᠨᠠᠰᠤᠲᠠᠢ ᠬᠤᠪᠢᠯᠠᠢ ᠬᠦᠦ ᠬᠣᠵᠢᠮ ᠴᠢᠩᠭᠢᠰ ᠬᠠᠭᠠᠨ ᠡᠪᠦᠭᠡ ᠡᠴᠡ ᠪᠡᠨ ᠢᠯᠡᠭᠦᠦ ᠠᠯᠳᠠᠷ ᠴᠤᠤ ᠲᠠᠢ ᠶᠡᠬᠡ ᠬᠠᠭᠠᠨ ᠪᠣᠯᠤᠨ᠎ᠠ ᠭᠡᠳᠡᠭ ᠢ᠋ ᠥᠭᠡᠯᠦᠨ ᠰᠣᠪᠢᠩ ᠢ᠋ᠶ᠋ᠠᠷ ᠢ᠋ᠶ᠋ᠠᠨ ᠮᠡᠳᠡᠷᠡᠳᠡᠭ ᠪᠠᠢᠪᠠ᠃ ᠲᠡᠢᠮᠦ ᠴᠦ᠍ ᠤᠴᠢᠷ ᠠ᠋ᠴᠠ ᠬᠣᠵᠢᠮ ᠬᠤᠪᠢᠯᠠᠢ ᠳ᠋ᠤ᠌ ᠬᠥᠪᠡᠭᠦᠨ ᠪᠣᠯᠤᠨ ᠲᠥᠷᠥᠵᠦ ᠬᠣᠢᠲᠤ ᠨᠠᠰᠤᠨ ᠳ᠋ᠠᠭᠠᠨ ᠶᠡᠬᠡ ᠬᠠᠭᠠᠨ ᠰᠠᠭᠤᠬᠤ ᠬᠦᠰᠡᠯ ᠥᠭᠡᠯᠦᠨ ᠳ᠋ᠦ᠍ ᠪᠠᠢᠭᠰᠠᠨ ᠪᠢᠯᠡ᠃
— ᠨᠠᠭᠠᠰᠢ ᠢᠷ᠎ᠡ ᠮᠢᠨᠦ ᠬᠦᠦ᠃ ᠥᠨᠳᠥᠷ ᠡᠮᠡᠭᠡ ᠶ᠋ᠢᠨ ᠳᠡᠷᠡ ᠶ᠋ᠢᠨ ᠳᠣᠣᠭᠤᠷ ᠠ᠋ᠴᠠ ᠪᠠᠨ ᠭᠠᠷᠭᠠᠵᠤ ᠦᠵᠡᠭᠦᠯᠦᠭᠰᠡᠨ ᠲᠣᠭᠯᠠᠭᠠᠮ ᠶᠡᠬᠡ ᠰᠣᠨᠢᠨ ᠠᠵᠢ᠃
— ᠥᠨᠳᠥᠷ ᠡᠮᠡᠭᠡ ᠨᠢ ᠥᠭᠡᠬᠦ ᠢᠳᠡᠮᠡᠷ ᠪᠣᠯᠤᠭᠠᠳ ᠵᠠᠯᠭᠢᠵᠤ ᠴᠢᠳᠠᠳᠠᠭ ᠦᠭᠡᠢ᠃ ᠡᠮᠡᠭᠡ ᠶ᠋ᠢᠨ ᠢ᠋ᠶ᠋ᠡᠨ ᠬᠣᠭᠣᠯᠠᠢ ᠳ᠋ᠤ᠌ ᠡᠨᠡ ᠥᠭᠡᠬᠦ ᠶ᠋ᠢ ᠰᠠᠢᠨ ᠴᠢᠬᠢᠭᠡᠳ ᠥᠭ ᠭᠡᠵᠦ ᠥᠭᠡᠯᠦᠨ ᠦᠶ᠎ᠡ ᠰᠡᠭᠦᠯ ᠮᠥᠯᠵᠢᠭᠰᠡᠨ ᠱᠠᠭᠠᠢᠲᠤ ᠱᠠᠭᠠᠨᠲᠤ ᠭᠠᠷᠭᠠᠵᠤ ᠢᠷᠡᠪᠡ᠃ ᠡᠮᠡᠭᠡ ᠡᠬᠡ ᠳ᠋ᠡᠭᠡᠨ ᠥᠭᠡᠬᠦ ᠢᠳᠡᠭᠦᠯᠬᠦ ᠰᠢᠭ ᠰᠠᠢᠬᠠᠨ ᠦᠢᠯᠡ ᠪᠠᠢᠬᠤ ᠦᠭᠡᠢ ᠭᠡᠳᠡᠭ ᠢ᠋ ᠪᠠᠯᠴᠢᠷ ᠬᠤᠪᠢᠯᠠᠢ ᠰᠠᠢᠨ ᠣᠢᠯᠠᠭᠠᠪᠠ᠃ ᠲᠡᠢᠮᠦ ᠤᠴᠢᠷ ᠠ᠋ᠴᠠ ᠥᠨᠳᠥᠷ ᠡᠮᠡᠭᠡ ᠶ᠋ᠢᠨ ᠢ᠋ᠶ᠋ᠡᠨ ᠬᠣᠭᠣᠯᠠᠢ ᠤᠷᠤᠭᠤ ᠦᠶ᠎ᠡ ᠰᠡᠭᠦᠯ ᠢ᠋ ᠴᠢᠬᠢᠵᠦ ᠠᠷᠤ ᠠ᠋ᠴᠠ ᠨᠢ ᠱᠠᠭᠠᠨᠲᠤ ᠴᠢᠮᠥᠭᠡ ᠪᠡᠷ ᠭᠤᠳᠤᠴᠢᠨ ᠪᠦᠷ ᠰᠠᠢᠲᠤᠷ ᠣᠷᠣᠭᠤᠯᠵᠤ ᠥᠭᠴᠡᠢ᠃ ᠡᠮᠡᠭᠡ ᠨᠢ ᠡᠬᠢᠯᠡᠭᠡᠳ ᠲᠡᠭᠦᠨ ᠢ᠋ ᠳᠠᠮᠵᠢᠨ ᠬᠠᠮᠵᠢᠵᠤ ᠪᠠᠢᠭᠰᠠᠨ ᠢ᠋ᠶ᠋ᠠᠨ ᠥᠭᠡᠬᠦ ᠪᠡᠨ ᠳᠠᠯᠳᠠ ᠣᠷᠣᠮᠠᠭᠴᠠ ᠤᠳᠠᠯ ᠦᠭᠡᠢ ᠤᠨᠲᠠᠭᠠᠳ ᠥᠭᠬᠦ ᠳ᠋ᠦ᠍ ᠬᠡᠴᠢᠨᠡᠨ ᠲᠠᠲᠠᠵᠤ ᠳᠠᠭᠤᠳᠠᠪᠠᠴᠤ ᠰᠡᠷᠡᠭᠰᠡᠨ ᠦᠭᠡᠢ ᠳ᠋ᠦ᠍ ᠰᠠᠶᠢ ᠭᠠᠷᠴᠤ ᠭᠦᠶᠦᠵᠡᠢ᠃
— ᠪᠢ ᠥᠨᠳᠥᠷ ᠡᠮᠡᠭᠡ ᠳ᠋ᠦ᠍ ᠥᠭᠡᠬᠦ ᠢᠳᠡᠭᠦᠯᠦᠭᠡᠳ ᠤᠨᠲᠠᠭᠤᠯᠴᠢᠬᠠᠯᠠ ᠭᠡᠵᠦ ᠪᠠᠯᠴᠢᠷ ᠬᠤᠪᠢᠯᠠᠢ ᠪᠡᠶᠡᠰᠦᠨ ᠬᠠᠰᠬᠢᠷᠤᠭᠰᠠᠨ ᠳ᠋ᠤ᠌ ᠰᠠᠶᠢ ᠯᠠ ᠬᠠᠰᠠᠷ ᠤᠴᠢᠷ ᠢ᠋ ᠣᠯᠵᠤ ᠭᠡᠷ ᠲᠦ᠍ ᠣᠷᠣᠪᠠᠯ ᠨᠢᠭᠡᠨᠲᠡ ᠣᠷᠣᠢᠲᠠᠵᠠᠢ᠃ ᠦᠶ᠎ᠡ ᠰᠡᠭᠦᠯ ᠳ᠋ᠦ᠍ ᠬᠠᠬᠠᠵᠤ ᠦᠬᠦᠭᠰᠡᠨ ᠡᠬᠡ ᠨᠢ ᠬᠦᠰᠡᠭᠰᠡᠨ ᠢ᠋ᠶ᠋ᠡᠨ ᠬᠢᠭᠰᠡᠨ ᠳᠦᠷᠢ ᠲᠡᠢ ᠠᠮᠤᠭᠤᠯᠠᠩ ᠨᠣᠢᠷᠰᠤᠵᠠᠢ᠃ ᠬᠠᠰᠠᠷ ᠤᠬᠢᠯᠠᠭᠰᠠᠨ ᠴᠦ᠍ ᠦᠭᠡᠢ᠂ ᠬᠠᠰᠬᠢᠷᠴᠤ ᠬᠥᠮᠦᠨ ᠳᠠᠭᠤᠳᠠᠭᠰᠠᠨ ᠴᠦ᠍ ᠦᠭᠡᠢ᠂ ᠰᠢᠷᠢᠳᠡᠭ ᠦ᠋ᠨ ᠳᠡᠭᠡᠷ᠎ᠡ ᠤᠨᠠᠭᠰᠠᠨ ᠱᠠᠭᠠᠨᠲᠤ ᠶ᠋ᠢᠨ ᠶᠠᠰᠤ ᠶ᠋ᠢ ᠠᠪᠴᠤ ᠡᠪᠦᠷ ᠲᠦ᠋ᠨᠢ ᠬᠢᠪᠡ᠃ ᠲᠡᠭᠡᠭᠡᠳ ᠡᠬᠡ ᠶ᠋ᠢᠨ ᠢ᠋ᠶ᠋ᠡᠨ ᠬᠣᠶᠠᠷ ᠭᠠᠷ ᠢ᠋ ᠵᠠᠰᠠᠵᠤ ᠡᠯᠢᠭᠡᠨ ᠳᠡᠭᠡᠷ᠎ᠡ ᠨᠢ ᠪᠠᠢᠷᠢᠯᠠᠭᠤᠯᠤᠭᠠᠳ ᠳᠡᠷᠭᠡᠳᠡ ᠨᠢ ᠰᠠᠭᠤᠭᠠᠳ ᠤᠨᠲᠠᠬᠤ ᠮᠡᠲᠦ ᠨᠢᠳᠦ ᠪᠡᠨ ᠠᠨᠢᠪᠠ᠃ ᠨᠢᠯᠪᠤᠰᠤ ᠨᠢ ᠤᠷᠤᠰᠤᠭᠰᠠᠨ ᠦᠭᠡᠢ ᠳ᠋ᠦ᠍ ᠥᠪᠡᠷ ᠢ᠋ᠶ᠋ᠡᠨ ᠴᠦ᠍ ᠭᠠᠢᠬᠠᠪᠠ᠃ ᠥᠭᠡᠯᠦᠨ ᠡᠬᠡ ᠨᠢ ᠶᠠᠮᠠᠷ ᠶᠡᠬᠡ ᠲᠡᠪᠴᠢᠶᠡᠷᠢ ᠵᠣᠷᠢᠭᠲᠠᠢ ᠬᠥᠮᠦᠨ ᠪᠠᠢᠭᠰᠠᠨ ᠢ᠋ ᠬᠠᠰᠠᠷ ᠰᠠᠶᠢ ᠯᠠ ᠨᠢᠭᠡ ᠮᠡᠳᠡᠬᠦ ᠰᠢᠭ ᠪᠣᠯᠪᠠ᠃ ᠬᠠᠮᠤᠭ ᠤ᠋ᠨ ᠬᠠᠢᠷᠠᠲᠠᠢ ᠠᠴᠢ ᠶ᠋ᠢᠨ ᠢ᠋ᠶ᠋ᠡᠨ ᠭᠠᠷ ᠲᠤ ᠬᠠᠬᠠᠵᠤ ᠦᠬᠦᠳᠡᠭ ᠨᠢ ᠮᠣᠩᠭᠣᠯᠴᠤᠳ ᠲᠤ ᠪᠦᠷ ᠾᠦᠩᠨᠦ ᠭᠦᠷᠦᠨ ᠦ᠌ ᠦᠶ᠎ᠡ ᠡᠴᠡ ᠤᠯᠠᠮᠵᠢᠯᠠᠨ ᠢᠷᠡᠭᠰᠡᠨ ᠶᠣᠰᠣ ᠶᠤᠮ᠃ ᠬᠠᠮᠤᠭ ᠤ᠋ᠨ ᠶᠡᠬᠡ ᠪᠤᠶᠠᠨᠲᠠᠢ ᠬᠥᠮᠦᠨ ᠳ᠋ᠦ᠍ ᠯᠡ ᠢᠩᠭᠢᠵᠦ ᠦᠬᠦᠬᠦ ᠬᠤᠪᠢ ᠲᠣᠬᠢᠶᠠᠳᠠᠭ ᠪᠢᠯᠡ᠃ ᠥᠭᠡᠯᠦᠨ ᠡᠬᠡ ᠨᠢ ᠬᠤᠪᠢᠯᠠᠢ ᠬᠥᠪᠡᠭᠦᠨ ᠳ᠋ᠡᠭᠡᠨ ᠬᠦᠦ ᠪᠣᠯᠤᠨ ᠡᠷᠭᠢᠵᠦ ᠲᠥᠷᠥᠬᠦ ᠶ᠋ᠢᠨ ᠲᠤᠯᠠᠳᠠ ᠠᠮᠢ ᠪᠠᠨ ᠬᠤᠪᠢᠯᠠᠢ ᠶ᠋ᠢᠨ ᠭᠠᠷ ᠲᠤ ᠥᠭᠴᠡᠢ᠃ ᠬᠠᠰᠠᠷ ᠴᠦ᠍ ᠥᠭᠡᠯᠦᠨ ᠡᠬᠡ ᠶ᠋ᠢ ᠪᠡᠨ ᠡᠷᠭᠢᠨ ᠲᠥᠷᠥᠭᠡᠰᠡᠢ ᠭᠡᠵᠦ ᠴᠢᠩ ᠦᠨᠡᠨ ᠡᠴᠡ ᠪᠡᠨ ᠬᠦᠰᠡᠵᠦ ᠪᠠᠢᠪᠠ᠃ ᠥᠭᠡᠯᠦᠨ ᠡᠬᠡ ᠶ᠋ᠢᠨ ᠥᠩᠭᠡᠷᠡᠭᠰᠡᠨ ᠢ᠋ ᠪᠥᠷᠲᠡ ᠡᠴᠡ ᠥᠭᠡᠷ᠎ᠡ ᠬᠡᠨ ᠴᠦ᠍ ᠮᠡᠳᠡᠭᠰᠡᠨ ᠦᠭᠡᠢ᠃
ᠥᠭᠡᠯᠦᠨ ᠡᠬᠡ ᠶ᠋ᠢᠨ ᠢ᠋ᠶ᠋ᠡᠨ ᠰᠡᠭᠦᠯᠴᠢ ᠶ᠋ᠢᠨ ᠶᠡᠬᠡ ᠬᠦᠰᠡᠯ ᠢ᠋ ᠪᠡᠶᠡᠯᠡᠭᠦᠯᠬᠦ ᠪᠡᠷ ᠰᠦᠨᠡᠰᠦ ᠵᠠᠢᠯᠠᠵᠤ᠂ ᠴᠣᠭᠴᠠᠰ ᠨᠢ ᠬᠦᠷᠦᠭᠰᠡᠨ ᠬᠣᠢᠨ᠎ᠠ ᠬᠠᠰᠠᠷ ᠡᠬᠡ ᠶ᠋ᠢᠨ ᠱᠠᠷᠢᠯ ᠢ᠋ ᠳᠡᠭᠦᠷᠴᠦ ᠪᠤᠷᠬᠠᠨ ᠬᠠᠯᠳᠤᠨ ᠢ᠋ ᠵᠣᠷᠢᠵᠠᠢ᠃ ᠲᠡᠷᠡ ᠡᠬᠡ ᠶ᠋ᠢᠨ ᠢ᠋ᠶ᠋ᠡᠨ ᠬᠦᠷᠦᠭᠰᠡᠨ ᠴᠣᠭᠴᠠᠰ ᠢ᠋ ᠡᠯᠢᠭᠡᠨ ᠳ᠋ᠡᠭᠡᠨ ᠲᠡᠪᠡᠷᠢᠭᠡᠳ ᠢᠩᠭᠢᠵᠦ ᠴᠣᠷ ᠭᠠᠭᠴᠠᠭᠠᠷ ᠨᠤᠲᠤᠭᠯᠠᠭᠤᠯᠤᠨᠠ ᠭᠡᠵᠦ ᠰᠠᠨᠠᠭ᠎ᠠ ᠦᠭᠡᠢ ᠪᠢᠯᠡ᠃ ᠬᠠᠯᠠᠭᠤᠨ ᠴᠢᠰᠤ ᠪᠠᠨ ᠭᠥᠷᠥᠲᠡᠯᠡ᠂ ᠬᠠᠲᠤᠨ ᠪᠡᠶ᠎ᠡ ᠪᠡᠨ ᠡᠯᠡᠲᠡᠯ᠎ᠡ ᠵᠢᠳᠬᠦᠭᠰᠡᠨ ᠡᠬᠡ ᠶ᠋ᠢᠨ ᠢ᠋ᠶ᠋ᠡᠨ ᠰᠡᠭᠦᠯᠴᠢ ᠶ᠋ᠢᠨ ᠵᠠᠬᠢᠶᠠᠰᠤ ᠵᠠᠷᠯᠢᠭ ᠢ᠋ ᠵᠥᠷᠢᠴᠡᠵᠦ᠂ ᠥᠪᠡᠷ ᠦ᠋ᠨ ᠳᠤᠷ᠎ᠠ ᠪᠠᠷ ᠠᠭᠠᠰᠢᠯᠠᠬᠤ ᠵᠣᠷᠢᠭ ᠬᠦᠰᠡᠯ ᠬᠠᠰᠠᠷ ᠲᠤ ᠪᠠᠢᠭᠰᠠᠨ ᠦᠭᠡᠢ᠃ ᠪᠥᠷᠲᠡ ᠴᠦ᠍ ᠦᠭᠡ ᠬᠡᠯᠡᠭᠰᠡᠨ ᠦᠭᠡᠢ᠃ ᠬᠥᠮᠦᠨ ᠲᠥᠷᠥᠯ ᠢ᠋ ᠳᠠᠬᠢᠨ ᠣᠯᠵᠤ ᠬᠤᠪᠢᠯᠠᠢ ᠳ᠋ᠤ᠌ ᠬᠦᠦ ᠪᠣᠯᠤᠨ ᠲᠥᠷᠥᠬᠦ ᠡᠬᠡ ᠶ᠋ᠢᠨ ᠬᠦᠰᠡᠯ ᠢ᠋ ᠬᠦᠨᠳᠦᠳᠬᠡᠵᠦ ᠪᠠᠢᠪᠠ᠃ ᠪᠠᠰᠠ ᠡᠷᠭᠢᠨ ᠲᠦᠷᠦᠭᠡᠰᠡᠢ ᠭᠡᠵᠦ ᠬᠦᠰᠡᠵᠦ ᠪᠠᠢᠭᠰᠠᠨ ᠲᠤᠯᠠ ᠡᠬᠡ ᠶ᠋ᠢᠨ ᠢ᠋ᠶ᠋ᠡᠨ ᠰᠡᠭᠦᠯᠴᠢ ᠶ᠋ᠢᠨ ᠬᠦᠰᠡᠯ ᠢ᠋ ᠶᠠᠭ ᠥᠪᠡᠷ ᠦ᠋ᠨ ᠬᠢᠨᠢ ᠬᠡᠯᠡᠭᠰᠡᠨ ᠢ᠋ᠶ᠋ᠡᠷ ᠭᠦᠢᠴᠡᠯᠳᠦᠭᠦᠯᠪᠡ᠃ ᠡᠬᠡ ᠶ᠋ᠢᠨ ᠬᠡᠯᠡᠭᠰᠡᠨ ᠥᠨᠥᠬᠢ ᠭᠠᠵᠠᠷ ᠬᠦᠷᠲᠡᠯ᠎ᠡ ᠲᠡᠷᠡ ᠮᠠᠷᠭᠠᠰᠢ ᠨᠢ ᠡᠳᠦᠷᠵᠢᠨ ᠰᠥᠨᠢᠵᠢᠨ ᠶᠠᠪᠤᠵᠤ ᠥᠷᠯᠥᠭᠡ ᠨᠠᠷᠠ ᠲᠤᠰᠤᠭᠰᠠᠨ ᠬᠣᠢᠨ᠎ᠠ ᠠᠷᠠᠢᠬᠠᠨ ᠪᠠᠷ᠎ᠠ ᠶ᠋ᠢ ᠨᠢ ᠬᠠᠷᠠᠵᠠᠢ᠃ ᠦᠨᠡᠬᠡᠷ ᠪᠤᠷᠬᠠᠨ ᠬᠠᠯᠳᠤᠨ ᠤ᠋ ᠪᠠᠷᠠᠭᠤᠨ ᠰᠤᠭᠤᠨ ᠤ᠋ ᠬᠣᠢᠰᠢ ᠪᠠᠨ ᠬᠠᠷᠠᠭᠰᠠᠨ ᠠᠮᠠᠨ ᠳ᠋ᠤ᠌ ᠳᠡᠯᠭᠡᠷ ᠤᠰᠤ ᠲᠠᠢ ᠪᠤᠯᠠᠭ ᠤ᠋ᠨ ᠲᠠᠷᠢᠬᠢᠨ ᠳ᠋ᠤ᠌ ᠲᠡᠮᠳᠡᠭᠲᠦ ᠭᠠᠵᠠᠷ ᠪᠠᠢᠬᠤ ᠠᠵᠢ᠃ ᠬᠡᠨ ᠨᠢᠭᠡᠨ ᠬᠥᠮᠦᠨ ᠪᠤᠯᠠᠭ ᠤ᠋ᠨ ᠤᠰᠤᠨ ᠳ᠋ᠤ᠌ ᠬᠠᠭᠠᠯᠲᠠ ᠬᠢᠵᠦ ᠢᠷᠣᠭᠠᠷ ᠢ᠋ ᠬᠡᠰᠡᠭ ᠭᠠᠵᠠᠷ ᠢᠯᠡ ᠭᠠᠷᠭᠠᠭᠰᠠᠨ ᠤ᠋ ᠲᠡᠨᠳᠡ ᠨᠦᠬᠡ ᠤᠬᠤᠵᠠᠢ᠃ ᠮᠥᠩᠬᠡ ᠶ᠋ᠢᠨ ᠨᠠᠷᠠ ᠲᠣᠰᠳᠠᠭ ᠦᠭᠡᠢ ᠡᠨᠡ ᠠᠮᠠᠨ ᠪᠤᠯᠠᠭ ᠤ᠋ᠨ ᠤᠰᠤᠨ ᠳᠣᠣᠷᠠᠬᠢ ᠭᠠᠵᠠᠷ ᠵᠤᠨ ᠤ᠋ ᠴᠠᠭ ᠲᠤ ᠴᠦ᠍ ᠮᠥᠰᠥ ᠠᠳᠠᠯᠢ ᠬᠥᠯᠳᠡᠭᠦᠦ ᠠᠵᠢ᠃ ᠲᠤᠷᠢ ᠮᠠᠭᠤᠲᠠᠢ ᠭᠠᠷ ᠢ᠋ᠶ᠋ᠠᠷ ᠠᠷᠠᠢ ᠶᠠᠳᠠᠨ ᠬᠣᠩᠬᠣᠢᠯᠠᠭᠰᠠᠨ ᠢ᠋ ᠦᠵᠡᠪᠡᠯ ᠡᠬᠡ ᠨᠢ ᠤᠬᠤᠭᠰᠠᠨ ᠪᠢᠵᠡ ᠠ᠋᠃ ᠡᠬᠡ ᠶ᠋ᠢᠨ ᠢ᠋ᠶ᠋ᠡᠨ ᠰᠠᠨᠠᠭ᠎ᠠ ᠶ᠋ᠢ ᠲᠡᠷᠡ ᠣᠢᠯᠠᠭᠠᠪᠠ᠃ ᠡᠬᠡ ᠨᠢ ᠪᠤᠯᠠᠭ ᠤ᠋ᠨ ᠤᠰᠤᠨ ᠳᠣᠣᠷᠠᠬᠢ ᠮᠥᠩᠬᠡ ᠬᠥᠯᠳᠡᠭᠦᠦ ᠨᠦᠬᠡᠨ ᠳ᠋ᠦ᠍ ᠡᠭᠦᠷᠢᠳᠡ ᠬᠡᠪᠲᠡᠬᠦ ᠪᠡᠷ ᠰᠢᠢᠳᠴᠦ ᠡᠨᠡ ᠭᠠᠵᠠᠷ ᠢ᠋ ᠰᠣᠩᠭᠣᠵᠠᠢ᠃ ᠡᠬᠡ ᠶ᠋ᠢᠨ ᠱᠠᠷᠢᠯ ᠢ᠋ ᠨᠦᠬᠡᠨ ᠳ᠋ᠦ᠍ ᠬᠢᠵᠦ ᠪᠤᠯᠠᠭᠠᠳ ᠤᠰᠤᠨ ᠤ᠋ ᠬᠠᠭᠠᠯᠲᠠ ᠶ᠋ᠢ ᠵᠠᠢᠯᠠᠭᠤᠯᠬᠤ ᠳ᠋ᠤ᠌ ᠪᠤᠯᠠᠭ ᠤ᠋ᠨ ᠤᠰᠤ ᠭᠠᠵᠠᠷ ᠢ᠋ ᠪᠦᠷᠬᠦᠨ ᠬᠠᠭᠤᠴᠢᠨ ᠭᠤᠯᠳᠤᠷᠢᠯ ᠢ᠋ᠶ᠋ᠠᠷ ᠳᠦᠭᠦᠷᠡᠩ ᠤᠷᠤᠰᠴᠤ᠂ ᠮᠥᠩᠬᠡᠳᠡ ᠵᠢᠷᠪᠡᠯᠵᠡᠬᠦ ᠤᠰᠤᠨ ᠤ᠋ ᠳᠣᠣᠷ᠎ᠠ ᠬᠡᠨ ᠴᠦ᠍ ᠦᠵᠡᠬᠦ ᠦᠭᠡᠢ ᠭᠠᠵᠠᠷ ᠲᠤ ᠥᠭᠡᠯᠦᠨ ᠡᠬᠡ ᠨᠢ ᠰᠢᠩᠭᠡᠨ ᠠᠯᠠᠭ᠎ᠠ ᠪᠣᠯᠵᠠᠢ᠃ ᠪᠤᠯᠠᠭ ᠤ᠋ᠨ ᠤᠰᠤᠨ ᠤ᠋ ᠳᠡᠷᠭᠡᠳᠡ ᠰᠠᠭᠤᠭᠠᠳ ᠰᠠᠶᠢ ᠯᠠ ᠢᠴᠢᠵᠦ ᠨᠡᠷᠡᠯᠬᠡᠬᠦ ᠶᠠᠭᠤᠮ᠎ᠠ ᠦᠭᠡᠢ ᠬᠠᠪᠢ ᠶ᠋ᠢᠨ ᠠᠭᠤᠯᠠ ᠮᠣᠳᠣ ᠶ᠋ᠢ ᠴᠤᠤᠷᠢᠶᠠᠲᠤᠲᠠᠯᠠ ᠬᠦᠩᠭᠢᠨᠡᠭᠦᠯᠦᠨ ᠤᠬᠢᠯᠠᠪᠠ᠃ ᠬᠠᠰᠠᠷ ᠤ᠋ᠨ ᠤᠬᠢᠯᠠᠬᠤ ᠨᠢ ᠬᠠᠳᠠ ᠨᠤᠷᠠᠵᠤ ᠬᠠᠢᠯᠠᠰᠤ ᠪᠤᠯᠭᠤᠷᠠᠬᠤ ᠲᠠᠢ ᠠᠳᠠᠯᠢ ᠪᠣᠯᠤᠭᠠᠳ ᠬᠠᠪᠢ ᠶ᠋ᠢᠨ ᠠᠮᠢᠲᠠᠨ ᠭᠥᠷᠥᠭᠡᠰᠦ ᠪᠦᠭᠦᠳᠡ ᠦᠷᠭᠦᠨ ᠵᠠᠢᠯᠠᠵᠠᠢ᠃ ᠬᠠᠰᠠᠷ ᠡᠬᠡ ᠶ᠋ᠢ ᠪᠡᠨ ᠣᠷᠬᠢᠨ ᠶᠠᠪᠤᠵᠤ ᠴᠢᠳᠠᠬᠤ ᠦᠭᠡᠢ ᠰᠥᠨᠢ ᠪᠣᠯᠭᠠᠪᠠ᠃ ᠬᠠᠷᠢᠨ ᠥᠷᠯᠥᠭᠡ ᠨᠢ ᠭᠠᠯ ᠲᠦᠯᠡᠵᠦ ᠴᠠᠢ ᠪᠤᠴᠠᠯᠭᠠᠨ ᠳᠡᠭᠡᠵᠢ ᠶ᠋ᠢ ᠨᠢ ᠮᠣᠳᠣᠨ ᠠᠶᠠᠭᠠᠨ ᠳ᠋ᠠᠭᠠᠨ ᠬᠢᠵᠦ ᠡᠬᠡ ᠳ᠋ᠡᠭᠡᠨ ᠡᠷᠭᠦᠭᠡᠳ ᠮᠣᠷᠳᠠᠪᠠ᠃ ᠥᠭᠡᠯᠦᠨ ᠡᠬᠡ ᠲᠡᠢ ᠪᠡᠨ ᠴᠠᠢ ᠪᠠᠨ ᠬᠤᠪᠢᠶᠠᠵᠤ ᠤᠤᠭᠤᠭᠰᠠᠨ ᠰᠡᠭᠦᠯᠴᠢ ᠶ᠋ᠢᠨ ᠲᠣᠬᠢᠶᠠᠯ ᠡᠨᠡ ᠪᠣᠯᠪᠠ᠃ ᠬᠠᠰᠠᠷ ᠰᠡᠳᠬᠢᠯ ᠦ᠋ᠨ ᠳᠣᠲᠣᠷᠠᠬᠢ ᠬᠠᠭᠠᠴᠠᠯ ᠤ᠋ᠨ ᠭᠤᠨᠢᠭ ᠢ᠋ᠶ᠋ᠠᠨ ᠳᠠᠷᠤᠵᠤ ᠡᠷᠭᠢᠵᠦ ᠬᠠᠷᠠᠬᠤ ᠦᠭᠡᠢ ᠪᠡᠷ ᠮᠣᠷᠢ ᠪᠠᠨ ᠭᠤᠶᠠᠳᠠᠨ ᠳᠠᠪᠬᠢᠵᠠᠢ᠃ ᠡᠬᠡ ᠶ᠋ᠢᠨ ᠢ᠋ᠶ᠋ᠡᠨ ᠰᠦᠨᠡᠰᠦ ᠶ᠋ᠢ ᠳᠠᠭᠠᠬᠤ ᠠ᠋ᠴᠠ ᠲᠡᠷᠡ ᠢᠩᠭᠢᠵᠦ ᠪᠣᠯᠭᠣᠮᠵᠢᠯᠠᠭᠰᠠᠨ ᠶᠤᠮ᠃ ᠡᠰᠡ ᠲᠡᠭᠡᠪᠡᠯ ᠥᠭᠡᠯᠦᠨ ᠡᠬᠡ ᠶ᠋ᠢᠨ ᠰᠦᠨᠡᠰᠦ ᠬᠠᠰᠠᠷ ᠢ᠋ ᠳᠠᠭᠠᠨ ᠲᠡᠭᠦᠨ ᠦ᠌ ᠣᠴᠢᠭᠰᠠᠨ ᠭᠠᠵᠠᠷ ᠪᠦᠷᠢ ᠳ᠋ᠦ᠍ ᠲᠡᠨᠦᠭᠦᠴᠢᠯᠡᠨ ᠵᠣᠪᠠᠬᠤ ᠪᠢᠯᠡ᠃ ᠡᠬᠡ ᠶ᠋ᠢᠨ ᠢ᠋ᠶ᠋ᠡᠨ ᠰᠦᠨᠡᠰᠦ ᠶ᠋ᠢ ᠲᠩᠷᠢ ᠳ᠋ᠡᠭᠡᠨ ᠲᠦᠷᠭᠡᠬᠡᠨ ᠰᠢᠭ ᠵᠠᠯᠠᠷᠠᠭᠠᠰᠠᠢ ᠭᠡᠵᠦ ᠬᠠᠰᠠᠷ ᠬᠦᠰᠡᠬᠦ ᠲᠤᠯᠠ ᠪᠤᠷᠬᠠᠨ ᠬᠠᠯᠳᠤᠨ ᠠᠭᠤᠯᠠ ᠶ᠋ᠢᠨ ᠪᠠᠷ᠎ᠠ ᠲᠠᠰᠤᠷᠠᠲᠠᠯ᠎ᠠ ᠮᠣᠷᠢᠨ ᠤ᠋ ᠠᠮᠠ ᠲᠠᠲᠠᠬᠤ ᠦᠭᠡᠢ ᠳᠠᠪᠬᠢᠪᠠ᠃ ᠥᠭᠡᠯᠦᠨ ᠦ᠌ ᠰᠦᠨᠡᠰᠦ ᠬᠠᠰᠠᠷ ᠢ᠋ ᠳᠠᠭᠠᠨ ᠬᠡᠰᠡᠭ ᠨᠢᠰᠦᠭᠰᠡᠨ ᠢ᠋ᠶ᠋ᠡᠨ ᠬᠦᠦ ᠪᠡᠨ ᠡᠷᠭᠢᠵᠦ ᠴᠦ᠍ ᠬᠠᠷᠠᠭᠰᠠᠨ ᠦᠭᠡᠢ ᠳ᠋ᠦ᠍ ᠲᠠᠢᠪᠤᠰᠢᠷᠠᠭᠠᠳ ᠪᠤᠴᠠᠭᠰᠠᠨ ᠢ᠋ ᠬᠠᠷᠢᠨ ᠬᠠᠰᠠᠷ ᠮᠡᠳᠡᠭᠰᠡᠨ ᠦᠭᠡᠢ᠃ ᠬᠠᠰᠠᠷ ᠭᠠᠭᠴᠠ ᠤᠳᠠᠭ᠎ᠠ ᠡᠷᠭᠢᠨ ᠬᠠᠷᠠᠭᠰᠠᠨ ᠪᠣᠯ ᠥᠭᠡᠯᠦᠨ ᠦ᠌ ᠰᠦᠨᠡᠰᠦ ᠬᠦᠦ ᠪᠡᠨ ᠦᠷᠦ ᠡᠪᠡᠳᠦᠨ ᠡᠭᠦᠷᠢᠳᠡ ᠭᠠᠵᠠᠷ ᠳᠡᠭᠡᠷ᠎ᠡ ᠦᠯᠡᠳᠡᠬᠦ ᠪᠠᠢᠪᠠ᠃ ᠢᠩᠭᠢᠪᠡᠯ ᠬᠡᠨ ᠬᠡᠨ ᠨᠢ ᠠᠮᠤᠷ ᠲᠠᠢᠪᠤᠩ ᠠᠮᠢᠳᠤᠷᠠᠯ ᠢ᠋ ᠦᠵᠡᠬᠦ ᠦᠭᠡᠢ ᠪᠢᠯᠡ᠃ ᠡᠨᠡ ᠤᠴᠢᠷ ᠢ᠋ ᠮᠣᠩᠭᠣᠯᠴᠤᠳ ᠮᠡᠳᠡᠬᠦ ᠲᠤᠯᠠ ᠦᠬᠦᠭᠰᠡᠳ ᠢ᠋ ᠨᠤᠲᠤᠭᠯᠠᠭᠤᠯᠤᠭᠠᠳ ᠪᠤᠴᠠᠬᠤ ᠳ᠋ᠠᠭᠠᠨ ᠦᠬᠦᠭᠡᠷ ᠦ᠋ᠨ ᠭᠠᠵᠠᠷ ᠤᠷᠤᠭᠤ ᠡᠷᠭᠢᠨ ᠬᠠᠷᠠᠳᠠᠭ ᠦᠭᠡᠢ ᠪᠥᠭᠡᠳ ᠢᠷᠡᠭᠰᠡᠨ ᠵᠠᠮ ᠢ᠋ᠶ᠋ᠠᠨ ᠪᠤᠷᠤᠭᠤᠯᠠᠨ ᠶᠠᠪᠤᠵᠤ ᠬᠠᠷᠢᠭᠠᠳ ᠲᠡᠷᠡ ᠡᠳᠦᠷ ᠲᠡᠭᠡᠨ ᠪᠠᠭᠤᠷᠢ ᠰᠡᠯᠭᠦᠨ ᠨᠡᠭᠦᠬᠦ ᠪᠥᠯᠥᠭᠡ᠃ ᠢᠩᠭᠢᠵᠦ ᠳᠠᠭᠠᠭᠰᠠᠨ ᠰᠦᠨᠡᠰᠦ ᠶ᠋ᠢ ᠲᠥᠭᠡᠷᠢᠭᠦᠯᠵᠦ ᠣᠷᠬᠢᠬᠤ ᠲᠤᠯᠠ ᠬᠠᠷᠢᠨ ᠲᠥᠭᠡᠷᠢᠵᠦ ᠪᠤᠳᠤᠯᠢᠭᠰᠠᠨ ᠰᠦᠨᠡᠰᠦ ᠠᠷᠭ᠎ᠠ ᠪᠠᠨ ᠪᠠᠷᠠᠭᠠᠳ ᠲᠩᠷᠢ ᠳ᠋ᠡᠭᠡᠨ ᠡᠭᠡᠨᠡᠭᠲᠡᠨ ᠣᠳᠬᠤ ᠠᠵᠢ᠃ ᠲᠩᠷᠢ ᠳ᠋ᠦ᠍ ᠣᠳᠤᠭᠰᠠᠨ ᠦᠢ ᠲᠦᠮᠡᠨ ᠰᠦᠨᠡᠰᠦ ᠨᠦ᠍ᠭᠦᠳ ᠦ᠋ᠨ ᠳᠤᠮᠳᠠ ᠠ᠋ᠴᠠ ᠲᠤᠩ ᠴᠥᠭᠡᠬᠡᠨ ᠳ᠋ᠦ᠍ᠨᠢ ᠠᠵᠠ ᠲᠣᠬᠢᠶᠠᠵᠤ ᠡᠷᠭᠢᠵᠦ ᠬᠥᠮᠦᠨ ᠵᠠᠶᠠᠭᠠᠨ ᠳ᠋ᠤ᠌ ᠲᠥᠷᠥᠳᠡᠭ ᠪᠢᠯᠡ᠃ ᠬᠠᠷᠢᠨ ᠡᠷᠭᠢᠵᠦ ᠲᠥᠷᠥᠬᠦ ᠨᠢ ᠬᠥᠮᠦᠨ ᠦ᠌ ᠬᠦᠰᠡᠯ ᠵᠣᠷᠢᠭ ᠤ᠋ᠨ ᠬᠡᠷᠡᠭ ᠪᠢᠰᠢ᠂ ᠭᠠᠭᠴᠠᠬᠠᠨ ᠮᠥᠩᠬᠡ ᠲᠩᠷᠢ ᠶ᠋ᠢᠨ ᠰᠣᠶᠣᠷᠬᠠᠯ ᠪᠣᠯᠬᠤ ᠶ᠋ᠢ ᠬᠡᠨ ᠴᠦ᠍ ᠦᠯᠦ ᠮᠡᠳᠡᠨ᠎ᠡ᠃
ᠮᠠᠷᠭᠠᠰᠢ ᠨᠢ ᠬᠠᠰᠠᠷ ᠶᠠᠭᠤ ᠴᠦ᠍ ᠪᠣᠯᠤᠭ᠎ᠠ ᠦᠭᠡᠢ ᠮᠡᠲᠦ ᠭᠡᠷ ᠲᠡᠭᠡᠨ ᠪᠤᠴᠠᠵᠤ ᠣᠴᠢᠭᠠᠳ ᠲᠡᠷᠡ ᠰᠥᠨᠢ ᠳ᠋ᠡᠭᠡᠨ ᠦᠷ ᠬᠠᠭᠠᠰᠯᠠᠨ ᠠᠯᠲᠠᠨ ᠤᠯᠤᠰ ᠢ᠋ ᠵᠣᠷᠢᠪᠠ᠃ ᠪᠣᠷᠣᠭᠴᠢᠨ ᠰᠤᠷᠤᠭᠰᠠᠨ ᠵᠠᠩ ᠢ᠋ᠶ᠋ᠠᠷ ᠶᠠᠭᠤ ᠴᠦ᠍ ᠠᠰᠠᠭᠤᠭᠰᠠᠨ ᠦᠭᠡᠢ ᠳᠠᠭᠤ ᠦᠭᠡᠢᠬᠡᠨ ᠰᠠᠴᠤᠯᠢ ᠪᠠᠨ ᠡᠷᠭᠦᠭᠰᠡᠭᠡᠷ ᠦᠳᠡᠪᠡ᠃ ᠬᠠᠰᠠᠷ ᠢ᠋ ᠶᠠᠪᠤᠭᠰᠠᠨ ᠠ᠋ᠴᠠ ᠬᠣᠢᠰᠢ ᠪᠥᠷᠲᠡ᠂ ᠥᠭᠡᠯᠦᠨ ᠦ᠌ ᠭᠡᠷ ᠲᠦ᠍ ᠶᠠᠭ ᠬᠠᠭᠤᠴᠢᠨ ᠲᠣᠭᠲᠠᠭᠰᠠᠨ ᠴᠠᠭ ᠲᠠᠭᠠᠨ ᠬᠣᠭᠣᠯᠠ ᠤᠮᠳᠠ ᠶ᠋ᠢ ᠨᠢ ᠵᠥᠭᠡᠭᠡᠵᠦ ᠣᠷᠣᠭᠤᠯᠵᠤ ᠶᠠᠪᠤᠬᠤ ᠶ᠋ᠢ ᠪᠦᠭᠦᠳᠡ ᠬᠠᠷᠠᠭᠰᠠᠨ ᠪᠢᠯᠡ᠃ ᠢᠩᠭᠢᠵᠦ ᠥᠭᠡᠯᠦᠨ ᠡᠬᠡ ᠥᠪᠡᠷ ᠦ᠋ᠨ ᠬᠦᠰᠡᠯ ᠢ᠋ᠶ᠋ᠡᠷ ᠪᠠᠢᠭ᠎ᠠ ᠴᠦ᠍ ᠶᠤᠮ ᠰᠢᠭ᠋᠂ ᠪᠠᠰᠠ ᠪᠠᠢᠬᠤ ᠦᠭᠡᠢ ᠴᠦ᠍ ᠶᠤᠮ ᠰᠢᠭ᠋ ᠪᠣᠯᠵᠠᠢ᠃ ᠥᠭᠡᠯᠦᠨ ᠡᠬᠡ ᠶ᠋ᠢᠨ ᠦᠬᠦᠭᠰᠡᠨ ᠨᠢ ᠬᠠᠰᠠᠷ ᠤ᠋ᠨ ᠰᠡᠳᠬᠢᠯ ᠢ᠋ ᠳᠡᠮᠡᠢ ᠬᠦᠯᠢᠶᠡᠰᠦᠨ ᠡᠴᠡ ᠴᠢᠯᠥᠭᠡᠯᠡᠵᠦ ᠲᠡᠷᠡ ᠣᠮᠣᠭᠣᠯᠠᠩ ᠵᠣᠷᠢᠭ ᠪᠠᠳᠠᠷᠠᠩᠭᠤᠢ ᠪᠣᠯᠤᠭᠰᠠᠨ ᠢ᠋ᠶ᠋ᠠᠨ ᠵᠠᠮ ᠳ᠋ᠤ᠌ ᠭᠠᠷᠤᠮᠠᠭᠴᠠ ᠪᠠᠨ ᠮᠡᠳᠡᠷᠡᠯ᠎ᠡ᠃ ᠣᠳᠣ ᠲᠡᠭᠦᠨ ᠳ᠋ᠦ᠍ ᠠᠯᠲᠠᠨ ᠤᠯᠤᠰ ᠤ᠋ᠨ ᠬᠣᠲᠠ ᠪᠠᠯᠭᠠᠰᠤ ᠶ᠋ᠢ ᠡᠵᠡᠯᠡᠨ ᠠᠪᠬᠤ ᠡᠴᠦᠰ ᠦᠭᠡᠢ ᠶᠡᠬᠡ ᠬᠦᠰᠡᠯ ᠣᠷᠭᠢᠯᠵᠤ ᠰᠢᠪᠠᠭᠤ ᠮᠡᠲᠦ ᠨᠢᠰᠴᠦ ᠶᠠᠪᠤᠯ᠎ᠠ᠃ ᠲᠡᠷᠡ ᠣᠳᠣ ᠠᠷᠪᠠᠨ ᠬᠡᠳᠦ ᠬᠣᠨᠣᠭ ᠤ᠋ᠨ ᠡᠮᠦᠨ᠎ᠡ ᠡᠨᠡ ᠶᠡᠬᠡ ᠵᠠᠮ ᠢ᠋ᠶ᠋ᠠᠷ ᠬᠡᠷᠦᠯᠦᠨ ᠢ᠋ ᠵᠣᠷᠢᠭᠰᠠᠨ ᠬᠠᠰᠠᠷ ᠪᠢᠰᠢ ᠪᠣᠯᠤᠭᠰᠠᠨ ᠪᠠᠢᠪᠠ᠃ ᠰᠡᠭᠦᠯ ᠦ᠋ᠨ ᠠᠷᠪᠠ ᠬᠣᠨᠣᠭ ᠤ᠋ᠨ ᠳᠣᠲᠣᠷ᠎ᠠ ᠲᠡᠭᠦᠨ ᠦ᠌ ᠦᠵᠡᠭᠰᠡᠨ ᠬᠣᠶᠠᠷ ᠦᠬᠦᠯ ᠬᠠᠰᠠᠷ ᠤ᠋ᠨ ᠰᠡᠳᠬᠢᠯ᠂ ᠤᠬᠠᠭᠠᠨ ᠢ᠋ ᠪᠦᠷᠢᠨ ᠢ᠋ᠶ᠋ᠡᠷ ᠥᠭᠡᠷᠡᠴᠢᠯᠡᠨ ᠬᠤᠪᠢᠷᠠᠭᠠᠪᠠ᠃ ᠮᠣᠷᠢᠨ ᠤ᠋ ᠳᠠᠪᠬᠢᠯ ᠳᠤᠮᠳᠠ ᠪᠣᠳᠣᠯ ᠨᠢ ᠣᠨᠳᠣᠷᠴᠤ ᠰᠢᠨ᠎ᠡ ᠰᠢᠨ᠎ᠡ ᠰᠠᠨᠠᠭ᠎ᠠ᠂ ᠤᠬᠠᠭᠠᠷᠠᠯ ᠬᠣᠢᠨ᠎ᠠ ᠬᠣᠢᠨ᠎ᠠ ᠠ᠋ᠴᠠ ᠪᠠᠨ ᠲᠥᠷᠥᠭᠰᠡᠭᠡᠷ ᠠᠵᠢ᠃ ᠡᠭᠦᠨ ᠡᠴᠡ ᠡᠮᠦᠨ᠎ᠡ ᠬᠠᠰᠠᠷ ᠵᠥᠪᠬᠡᠨ ᠥᠪᠡᠷ ᠦ᠋ᠨ ᠨᠡᠷ᠎ᠡ ᠲᠥᠷᠥ᠂ ᠰᠠᠢᠨ ᠰᠠᠢᠬᠠᠨ ᠢ᠋ ᠪᠣᠳᠣᠵᠤ ᠶᠠᠪᠤᠵᠠᠢ᠃ ᠭᠡᠲᠡᠯ᠎ᠡ ᠬᠥᠮᠦᠨ ᠶᠠᠭᠤᠨ ᠤ᠋ ᠲᠥᠯᠥᠭᠡ ᠵᠢᠳᠬᠦᠵᠦ ᠠᠮᠢᠳᠤᠷᠠᠵᠤ ᠦᠬᠦᠳᠡᠭ ᠢ᠋ ᠲᠡᠷᠡ ᠦᠵᠡᠵᠦ ᠮᠡᠳᠡᠪᠡ᠃ ᠥᠭᠡᠯᠦᠨ ᠡᠬᠡ ᠨᠢ ᠵᠥᠪᠬᠡᠨ ᠦᠷ᠎ᠡ ᠬᠡᠦᠬᠡᠳ ᠲᠡᠳᠡᠨ ᠦ᠌ ᠪᠡᠨ ᠲᠥᠯᠥᠭᠡ ᠡᠴᠦᠰ ᠢ᠋ᠶ᠋ᠡᠨ ᠬᠦᠷᠲᠡᠯ᠎ᠡ ᠪᠣᠳᠣᠭᠰᠠᠭᠠᠷ ᠵᠢᠳᠬᠦᠭᠰᠡᠭᠡᠷ ᠦᠬᠦᠪᠡ᠃ ᠭᠣᠣᠯ ᠠ᠋ᠴᠠ ᠬᠠᠢᠷᠠᠲᠠᠢ ᠬᠤᠸᠠᠷᠵᠢᠨ ᠬᠠᠲᠤᠨ ᠨᠢ ᠥᠪᠡᠷ ᠦ᠋ᠨ ᠬᠦᠰᠡᠯ ᠢ᠋ᠶ᠋ᠡᠷ ᠣᠯᠤᠭᠰᠠᠨ ᠲᠠᠲ᠋ᠠᠷ ᠦᠷ᠎ᠡ ᠶ᠋ᠢᠨ ᠢ᠋ᠶ᠋ᠡᠨ ᠲᠥᠯᠥᠭᠡ ᠲᠡᠭᠦᠨ ᠦ᠌ ᠭᠠᠷ ᠲᠤ ᠠᠮᠢ ᠪᠠᠨ ᠠᠯᠳᠠᠪᠠ᠃ ᠢᠩᠭᠢᠵᠦ ᠬᠠᠰᠠᠷ ᠥᠪᠡᠷ ᠦ᠋ᠨ ᠢ᠋ᠶ᠋ᠡᠨ ᠬᠠᠷ᠎ᠠ ᠪᠡᠶ᠎ᠡ ᠶ᠋ᠢᠨ ᠨᠡᠷ᠎ᠡ ᠲᠥᠷᠥ᠂ ᠡᠮᠦᠰᠬᠦ ᠵᠡᠭᠦᠬᠦ᠂ ᠥᠮᠴᠢᠯᠡᠬᠦ ᠡᠳ᠋ᠯᠡᠬᠦ ᠶ᠋ᠢᠨ ᠲᠥᠯᠥᠭᠡ ᠠᠮᠢᠳᠤᠷᠠᠬᠤ ᠪᠢᠰᠢ᠂ ᠠᠷᠤ ᠳ᠋ᠤ᠌ ᠦᠯᠡᠳᠡᠬᠦ ᠶᠡᠬᠦ᠂ ᠶᠢᠰᠦᠩᠬᠡᠢ ᠬᠥᠪᠡᠭᠦᠳ ᠦ᠋ᠨ ᠢ᠋ᠶ᠋ᠡᠨ ᠲᠥᠯᠥᠭᠡ ᠠᠮᠢᠰᠬᠤᠭ᠎ᠠ ᠪᠠᠨ ᠬᠤᠷᠢᠶᠠᠲᠠᠯᠠ᠂ ᠠᠮᠢ ᠪᠠᠨ ᠲᠠᠰᠤᠷᠠᠲᠠᠯ᠎ᠠ ᠵᠢᠳᠬᠦᠬᠦ ᠤᠴᠢᠷ ᠲᠠᠢ ᠶ᠋ᠢ ᠰᠠᠶᠢ ᠯᠠ ᠨᠢᠭᠡ ᠭᠣᠣᠯ ᠳ᠋ᠠᠭᠠᠨ ᠣᠷᠣᠲᠠᠯ᠎ᠠ ᠤᠬᠠᠭᠠᠷᠠᠵᠤ ᠠᠪᠴᠠᠢ᠃ ᠢᠩᠭᠢᠵᠦ ᠪᠣᠳᠣᠬᠤ ᠳ᠋ᠤ᠌ ᠲᠡᠭᠦᠨ ᠳ᠋ᠦ᠍ ᠲᠡᠮᠦᠵᠢᠨ ᠦ᠌ ᠶᠡᠬᠡ ᠨᠡᠷ᠎ᠡ ᠰᠦᠷ ᠶᠠᠭᠤ ᠴᠦ᠍ ᠪᠢᠰᠢ ᠮᠡᠲᠦ ᠰᠠᠨᠠᠭᠳᠠᠨ᠎ᠠ᠃ ᠬᠡᠷᠪᠡ ᠬᠠᠰᠠᠷ ᠳᠣᠷᠣᠢ ᠶᠠᠳᠠᠭᠤ᠂ ᠳᠣᠣᠷ᠎ᠠ ᠰᠠᠭᠤᠳᠠᠯ ᠲᠠᠢ ᠶᠠᠪᠤᠪᠠᠯ ᠬᠡᠨ ᠲᠡᠭᠦᠨ ᠦ᠌ ᠬᠥᠪᠡᠭᠦᠳ ᠢ᠋ ᠬᠥᠮᠦᠨ ᠭᠡᠵᠦ ᠦᠵᠡᠨ᠎ᠡ᠃ ᠬᠡᠨ ᠲᠡᠳᠡᠨ ᠦ᠌ ᠦᠭᠡ ᠶ᠋ᠢ ᠲᠣᠭᠣᠵᠤ ᠰᠣᠨᠣᠰᠴᠤ᠂ ᠲᠣᠩᠭᠣᠢᠵᠤ ᠳᠡᠭᠡᠭᠰᠢ ᠰᠠᠭᠤᠯᠭᠠᠬᠤ ᠪᠣᠢ᠃ ᠬᠠᠰᠠᠷ ᠢ᠋ ᠦᠭᠡᠢ ᠪᠣᠯᠪᠠᠯ ᠲᠡᠮᠦᠵᠢᠨ ᠪᠣᠯᠤᠭᠠᠳ ᠲᠡᠭᠦᠨ ᠦ᠌ ᠦᠷ᠎ᠡ ᠰᠠᠲᠤ ᠶᠡᠬᠦ᠂ ᠶᠢᠰᠦᠩᠬᠡᠢ ᠬᠣᠶᠠᠷ ᠬᠥᠪᠡᠭᠦᠨ ᠢ᠋ ᠨᠢ ᠪᠣᠭᠣᠯ ᠵᠠᠷᠤᠴᠠ ᠮᠡᠲᠦ᠂ ᠪᠣᠱᠣᠭᠠᠨ ᠤ᠋ ᠰᠢᠷᠣᠢ ᠮᠡᠲᠦ ᠦᠵᠡᠬᠦ ᠨᠢ ᠣᠢᠯᠠᠭᠠᠭᠳᠠᠪᠠ᠃
ᠲᠡᠷᠡ ᠵᠢᠯ ᠬᠡᠷᠪᠡ ᠥᠭᠡᠯᠦᠨ ᠡᠬᠡ ᠨᠢ ᠠᠮᠵᠢᠵᠤ ᠢᠷᠡᠭᠡᠳ ᠠᠭᠤᠷᠯᠠᠵᠤ ᠬᠢᠯᠢᠩᠨᠡᠨ ᠤᠬᠠᠭᠠᠨᠲᠤ ᠦᠭᠡ ᠬᠡᠯᠡᠭᠡ ᠦᠭᠡᠢ ᠪᠣᠯ ᠬᠠᠰᠠᠷ ᠲᠡᠮᠦᠵᠢᠨ ᠦ᠌ ᠭᠠᠷ ᠲᠤ ᠦᠬᠦᠬᠦ ᠪᠠᠢᠭᠰᠠᠨ ᠶᠤᠮ᠃ ᠲᠡᠭᠡᠬᠦ ᠳ᠋ᠦ᠍ ᠲᠡᠮᠦᠵᠢᠨ ᠦ᠌ ᠬᠠᠷᠠᠴᠠ ᠶᠠᠮᠠᠷ ᠠᠶᠤᠮᠰᠢᠭᠲᠠᠢ ᠪᠠᠢᠭᠰᠠᠨ ᠢ᠋ ᠬᠠᠰᠠᠷ ᠣᠯᠠᠨ ᠬᠣᠨᠣᠭ ᠮᠠᠷᠲᠠᠵᠤ ᠴᠢᠳᠠᠭ᠎ᠠ ᠦᠭᠡᠢ ᠪᠢᠯᠡ᠃ ᠲᠡᠮᠦᠵᠢᠨ ᠪᠡᠭᠲᠡᠷ ᠢ᠋ ᠠᠯᠠᠬᠤ ᠳ᠋ᠠᠭᠠᠨ ᠶᠠᠭ ᠲᠡᠭᠡᠵᠦ ᠬᠣᠷᠣᠰᠤᠯ ᠳᠦᠭᠦᠷᠡᠩ ᠰᠢᠷᠲᠡᠵᠦ ᠪᠠᠢᠵᠠᠢ᠃ ᠬᠠᠰᠠᠷ ᠲᠡᠷᠡ ᠰᠥᠨᠢ ᠲᠥᠮᠥᠭᠡᠢ ᠬᠠᠲᠤᠨ ᠤ᠋ ᠪᠠᠨ ᠦᠷᠭᠦᠭᠡᠨ ᠳ᠋ᠦ᠍ ᠬᠣᠨᠣᠵᠤ ᠪᠠᠢᠬᠤ ᠳ᠋ᠤ᠌ ᠡᠨᠡ ᠶᠠᠪᠤᠳᠠᠯ ᠪᠣᠯᠵᠠᠢ᠃ ᠲᠡᠮᠦᠵᠢᠨ ᠢ᠋ ᠠᠷᠠᠢ ᠴᠦ᠍ ᠢᠩᠭᠢᠵᠦ ᠬᠠᠷᠠᠳᠠᠨ ᠳᠠᠢᠰᠤᠨ ᠰᠢᠭ᠋ ᠬᠠᠷᠠᠩᠭᠤᠢ ᠰᠥᠨᠢ ᠪᠡᠷ ᠭᠡᠲᠡᠨ ᠢᠷᠡᠨ᠎ᠡ ᠭᠡᠵᠦ ᠰᠠᠨᠠᠭ᠎ᠠ ᠦᠭᠡᠢ ᠰᠠᠨ᠃ ᠡᠨᠡ ᠰᠠᠨᠠᠭᠠᠨ ᠳ᠋ᠤ᠌ ᠦᠭᠡᠢ ᠶᠠᠪᠤᠳᠠᠯ ᠬᠠᠰᠠᠷ ᠲᠤ ᠤᠬᠠᠭᠠᠷᠠᠨ ᠪᠣᠳᠣᠬᠤ᠂ ᠠᠭᠤᠵᠢᠭᠤ ᠰᠡᠳᠬᠢᠬᠦ ᠵᠠᠪ ᠥᠭᠭᠦᠭᠰᠡᠨ ᠦᠭᠡᠢ᠃ ᠲᠡᠮᠦᠵᠢᠨ ᠲᠡᠭᠦᠨ ᠢ᠋ ᠬᠠᠰᠢᠷᠠᠭᠠᠨ ᠵᠠᠯᠬᠠᠭᠠᠬᠤ ᠪᠠᠷ ᠪᠢᠰᠢ ᠠᠯᠠᠬᠤ ᠪᠠᠷ ᠢᠷᠡᠭᠰᠡᠨ ᠨᠢ ᠢᠯᠡᠳᠲᠡ ᠪᠠᠢᠪᠠ᠃ ᠬᠠᠰᠠᠷ ᠤᠴᠢᠷ ᠢ᠋ ᠣᠯᠵᠤ ᠬᠤᠵᠢᠷ ᠢ᠋ ᠲᠤᠩᠭᠠᠭᠠᠶᠠ ᠭᠡᠵᠦ ᠪᠣᠳᠣᠭᠰᠠᠨ ᠴᠦ᠍ ᠦᠭᠡᠢ ᠠᠮᠢ ᠪᠠᠨ ᠠᠮᠢ ᠪᠠᠷ ᠰᠣᠯᠢᠬᠤ ᠭᠠᠯᠵᠠᠭᠤ ᠬᠦᠰᠡᠯ ᠳ᠋ᠦ᠍ ᠬᠣᠷᠣᠮ ᠤ᠋ᠨ ᠳᠣᠲᠣᠷ᠎ᠠ ᠠᠪᠲᠠᠵᠠᠢ᠃
— ᠲᠡᠮᠦᠵᠢᠨ ᠠᠬ᠎ᠠ ᠠ᠋᠂ ᠲᠠ ᠭᠠᠷ ᠬᠣᠭᠣᠰᠣᠨ ᠬᠥᠮᠦᠨ ᠢ᠋ ᠠᠯᠠᠳᠠᠭ ᠦᠭᠡᠢ ᠪᠢᠯᠡ ᠤᠤ? ᠪᠣᠭᠣᠷᠴᠢ ᠴᠢ ᠰᠡᠯᠡᠮ᠎ᠡ ᠪᠡᠨ ᠥᠭ᠃ ᠪᠢ ᠦᠵᠡᠯᠴᠡᠭᠡᠳ ᠦᠬᠦᠶ᠎ᠡ᠃ ᠲᠠ ᠨᠠᠷ ᠪᠦᠭᠦᠳᠡᠭᠡᠷ ᠢ᠋ᠶ᠋ᠡᠨ ᠨᠠᠳᠠ ᠲᠠᠢ ᠲᠤᠯᠤᠯᠳᠤᠭᠲᠤᠨ᠃ ᠲᠡᠭᠡᠪᠡᠯ ᠪᠢ ᠥᠪᠡᠷ ᠢ᠋ ᠪᠡᠨ ᠲᠤᠯᠤᠯᠳᠤᠭᠠᠨ ᠳ᠋ᠤ᠌ ᠦᠬᠦᠪᠡ ᠭᠡᠵᠦ ᠲᠣᠭᠠᠴᠠᠶᠠ᠃ ᠮᠢᠨᠦ ᠦᠷ᠎ᠡ ᠬᠡᠦᠬᠡᠳ ᠴᠦ᠍ ᠲᠡᠭᠡᠵᠦ ᠰᠠᠨᠠᠵᠤ ᠶᠠᠪᠤᠭ ᠭᠡᠵᠦ ᠬᠠᠰᠠᠷ ᠭᠠᠵᠠᠷ ᠳᠣᠷᠭᠢᠲᠠᠯ᠎ᠠ ᠪᠠᠷᠬᠢᠷᠠᠵᠤ ᠠᠷᠪᠠᠨ ᠬᠥᠮᠦᠨ ᠳ᠋ᠦ᠍ ᠳᠡᠢᠯᠳᠡᠬᠦ ᠦᠭᠡᠢ ᠲᠠᠯ᠎ᠠ ᠲᠠᠯ᠎ᠠ ᠲᠠᠢᠰᠢ ᠠᠪᠴᠤ ᠰᠢᠳᠡᠯᠡᠵᠦ ᠪᠠᠢᠵᠠᠢ᠃ ᠬᠠᠰᠠᠷ ᠤ᠋ᠨ ᠢᠩᠭᠢᠵᠦ ᠭᠣᠮᠣᠳᠠᠯ ᠬᠣᠷᠣᠰᠤᠯ ᠳᠦᠭᠦᠷᠡᠩ ᠬᠠᠰᠬᠢᠷᠬᠤ ᠶ᠋ᠢ ᠰᠣᠨᠣᠰᠤᠭᠠᠳ ᠲᠡᠮᠦᠵᠢᠨ ᠠᠷᠠᠢᠬᠠᠨ ᠪᠡᠶ᠎ᠡ ᠪᠡᠨ ᠪᠠᠷᠢᠵᠤ ᠵᠢᠭᠤᠲᠠᠴᠢᠬᠠᠯ ᠦᠭᠡᠢ ᠰᠢᠭ ᠲᠡᠰᠴᠦ ᠵᠣᠭᠰᠣᠵᠠᠢ᠃ ᠬᠠᠰᠠᠷ ᠤ᠋ᠨ ᠢᠩᠭᠢᠵᠦ ᠭᠠᠯᠵᠠᠭᠤᠷᠠᠨ ᠬᠠᠰᠬᠢᠷᠴᠤ ᠣᠯᠠᠨ ᠬᠥᠮᠦᠨ ᠲᠡᠢ ᠣᠷᠢᠯᠠᠯᠳᠤᠨ ᠨᠣᠴᠣᠯᠳᠤᠬᠤ ᠶ᠋ᠢ ᠰᠣᠨᠢᠷᠬᠠᠵᠤ ᠵᠣᠭᠰᠣᠭ᠎ᠠ ᠮᠡᠲᠦ ᠠᠯᠮᠠᠢᠷᠠᠵᠠᠢ᠃ ᠬᠠᠰᠠᠷ ᠢ᠋ ᠬᠦᠷᠢᠶᠡᠨ ᠡᠴᠡ ᠨᠢ ᠰᠠᠮ ᠠᠪᠴᠤ ᠭᠠᠷᠴᠤ ᠠᠮᠵᠢᠭᠰᠠᠨ ᠦᠭᠡᠢ ᠲᠦᠳᠡᠯ ᠦᠭᠡᠢ ᠬᠠᠰᠠᠷ ᠤ᠋ᠨ ᠠᠯᠪᠠᠲᠤ ᠴᠡᠷᠢᠭ ᠦ᠋ᠳ ᠪᠦᠴᠢᠨ ᠢᠷᠡᠵᠡᠢ᠃ ᠲᠡᠳᠡ ᠡᠵᠡᠨ ᠢ᠋ᠶ᠋ᠡᠨ ᠬᠠᠮᠠᠭᠠᠯᠠᠨ ᠳᠠᠭᠠᠷᠢᠨ ᠣᠷᠣᠬᠤ ᠳ᠋ᠤ᠌ ᠪᠡᠯᠡᠨ ᠰᠡᠯᠡᠮ᠎ᠡ ᠪᠡᠨ ᠰᠤᠭᠤᠯᠤᠨ ᠢᠷᠡᠭᠰᠡᠨ ᠴᠦ᠍ ᠲᠡᠮᠦᠵᠢᠨ ᠢ᠋ ᠦᠵᠡᠭᠡᠳ ᠭᠠᠢᠬᠠᠨ ᠵᠣᠭ ᠲᠤᠰᠴᠠᠢ᠃ ᠶᠠᠭ ᠡᠨᠡ ᠦᠶ᠎ᠡ ᠳ᠋ᠦ᠍ ᠪᠠᠢᠳᠠᠯ ᠲᠡᠮᠦᠵᠢᠨ ᠳ᠋ᠦ᠍ ᠠᠶᠤᠯᠲᠠᠢ ᠪᠠᠷ ᠡᠷᠭᠢᠯ᠎ᠡ᠃ ᠲᠡᠮᠦᠵᠢᠨ ᠢ᠋ ᠪᠣᠭᠣᠷᠴᠢ ᠠᠷᠪᠠᠬᠠᠨ ᠴᠡᠷᠢᠭ ᠦ᠋ᠨ ᠬᠠᠮᠲᠤ ᠳᠠᠭᠠᠵᠤ ᠢᠷᠡᠵᠡᠢ᠃ ᠣᠳᠣ ᠬᠠᠰᠠᠷ ᠭᠠᠭᠴᠠ ᠦᠭᠡ ᠬᠡᠯᠡᠬᠦ ᠳ᠋ᠦ᠍ ᠯᠡ ᠲᠡᠮᠦᠵᠢᠨ ᠠᠮᠢ ᠠᠯᠳᠠᠬᠤ ᠪᠠᠢᠪᠠ᠃ ᠬᠠᠰᠠᠷ ᠤ᠋ᠨ ᠠᠯᠪᠠᠲᠤ ᠴᠡᠷᠢᠭ ᠦ᠋ᠳ ᠪᠦᠰᠡᠯᠡᠨ ᠢᠷᠡᠭᠰᠡᠨ ᠲᠤᠯᠠ ᠪᠣᠭᠣᠷᠴᠢ ᠶ᠋ᠢᠨ ᠴᠥᠭᠡᠨ ᠬᠡᠳᠦᠨ ᠴᠡᠷᠢᠭ ᠴᠦ᠍ ᠤᠴᠢᠷ ᠢ᠋ᠶ᠋ᠠᠨ ᠣᠯᠬᠤ ᠪᠠᠨ ᠪᠠᠢᠵᠤ ᠠᠯᠮᠠᠢᠷᠠᠵᠠᠢ᠃ ᠡᠢᠮᠦ ᠨᠠᠮ ᠭᠦᠮ ᠤᠳᠠᠭᠠᠨ ᠦᠷᠭᠦᠯᠵᠢᠯᠡᠬᠦ ᠰᠢᠭ ᠪᠣᠯᠤᠭᠰᠠᠨ ᠴᠦ᠍ ᠦᠨᠡᠨ ᠳ᠋ᠡᠭᠡᠨ ᠪᠣᠯ ᠲᠡᠳᠡᠨ ᠦ᠌ ᠬᠥᠯ ᠢ᠋ᠶ᠋ᠡᠷ ᠪᠣᠰᠤᠭᠰᠠᠨ ᠲᠣᠭᠣᠰᠣ ᠰᠤᠭᠤᠨᠠᠭᠯᠠᠭᠰᠠᠭᠠᠷ ᠪᠠᠢᠵᠠᠢ᠃ ᠭᠡᠨᠡᠳᠲᠡ ᠠᠯᠤᠰ ᠠ᠋ᠴᠠ ᠬᠡᠨ ᠨᠢᠭᠡᠨ《ᠲᠡᠮᠦᠵᠢᠨ》᠂《ᠲᠡᠮᠦᠵᠢᠨ》 ᠭᠡᠵᠦ ᠬᠠᠰᠬᠢᠷᠬᠤ ᠰᠣᠨᠣᠰᠳᠠᠨ ᠠᠭᠠᠷ ᠲᠤ ᠦᠵᠡᠭᠳᠡᠵᠦ ᠪᠠᠢᠭᠰᠠᠨ ᠦᠬᠦᠯ ᠦ᠋ᠨ ᠠᠶᠤᠯ ᠢ᠋ ᠰᠠᠷᠨᠢᠭᠤᠯᠤᠯᠠ᠃ ᠡᠨᠡ ᠪᠣᠯ ᠥᠭᠡᠯᠦᠨ ᠡᠬᠡ ᠪᠠᠢᠪᠠ᠃ ᠥᠭᠡᠯᠦᠨ ᠡᠬᠡ ᠳ᠋ᠦ᠍ ᠪᠦᠭᠦᠳᠡ ᠬᠦᠨᠳᠦᠯᠡᠯ ᠦᠵᠡᠭᠦᠯᠦᠨ ᠵᠠᠮ ᠲᠠᠯᠪᠢᠵᠤ᠂ ᠴᠠᠭᠠᠨ ᠲᠡᠮᠡᠭᠡ ᠬᠥᠯᠯᠡᠭᠰᠡᠨ ᠬᠥᠩᠭᠡᠨ ᠰᠡᠦᠬᠡ ᠣᠯᠠᠨ ᠤ᠋ ᠳᠤᠮᠳᠠ ᠳᠠᠪᠬᠢᠨ ᠣᠷᠣᠵᠤ ᠢᠷᠡᠪᠡ᠃ ᠥᠭᠡᠯᠦᠨ ᠡᠬᠡ ᠡᠩᠭᠡᠷ ᠵᠠᠳᠠᠭᠠᠢ᠂ ᠬᠥᠯ ᠨᠢᠴᠦᠭᠦᠨ᠂ ᠦᠬᠦᠭᠡᠷ ᠡᠴᠡ ᠠᠶᠤᠭᠰᠠᠨ ᠮᠡᠲᠦ ᠬᠤᠪᠠᠬᠠᠢ ᠴᠠᠭᠠᠨ ᠴᠢᠷᠠᠢ ᠲᠠᠢ ᠠᠮᠢᠲᠠᠨ ᠰᠡᠦᠬᠡᠨ ᠡᠴᠡ ᠤᠬᠠᠭᠠᠨ ᠦᠭᠡᠢ ᠤᠨᠠᠵᠠᠢ᠃ ᠭᠡᠪᠡᠴᠦ ᠲᠡᠷᠡ ᠤᠬᠠᠭᠠᠨ ᠲᠠᠢ ᠪᠠᠢᠵᠠᠢ᠃ ᠤᠨᠠᠭᠰᠠᠨ ᠳᠣᠣᠷ᠎ᠠ ᠪᠠᠨ ᠥᠨᠳᠡᠢᠵᠦ ᠲᠡᠮᠦᠵᠢᠨ ᠦ᠌ ᠵᠦᠭ ᠮᠥᠯᠬᠥᠨ ᠣᠴᠢᠬᠤ ᠳ᠋ᠤ᠌ ᠲᠡᠮᠦᠵᠢᠨ ᠰᠠᠨᠳᠤᠷᠤᠨ ᠡᠬᠡ ᠶ᠋ᠢ ᠪᠡᠨ ᠡᠷᠭᠦᠨ ᠪᠤᠰᠬᠠᠵᠠᠢ᠃ ᠥᠭᠡᠯᠦᠨ ᠡᠬᠡ ᠶᠠᠭᠤ ᠴᠦ᠍ ᠬᠡᠯᠡᠭᠰᠡᠨ ᠦᠭᠡᠢ ᠬᠦᠯᠢᠶᠡᠨ ᠵᠣᠭᠰᠣᠭᠰᠠᠨ ᠢ᠋ᠶ᠋ᠠᠨ ᠲᠡᠮᠦᠵᠢᠨ ᠢ᠋ ᠠᠯᠠᠭᠠᠳᠠᠭᠠᠳ ᠠᠪᠤᠪᠠ᠃ ᠨᠠᠰᠤᠲᠠᠢ ᠬᠥᠮᠦᠨ ᠡᠴᠡ ᠭᠠᠷᠤᠮ᠎ᠠ ᠦᠭᠡᠢ ᠶᠡᠬᠡ ᠬᠦᠴᠦ ᠪᠡᠷ ᠠᠯᠠᠭᠠᠳᠠᠭᠰᠠᠨ ᠲᠤᠯᠠ ᠲᠡᠮᠦᠵᠢᠨ ᠠᠷᠠᠢ ᠯᠠ ᠤᠨᠠᠯ ᠦᠭᠡᠢ ᠬᠥᠯ ᠲᠣᠭᠲᠠᠪᠠ᠃
— ᠲᠡᠮᠦᠵᠢᠨ ᠴᠢ ᠰᠣᠨᠣᠰ᠃ ᠤᠷᠢᠳᠤ ᠴᠢ ᠡᠴᠢᠭᠡ ᠨᠢᠭᠡᠲᠡᠢ ᠠᠬ᠎ᠠ ᠪᠡᠭᠲᠡᠷ ᠢ᠋ ᠪᠡᠨ ᠠᠯᠠᠭᠰᠠᠨ᠃ ᠣᠳᠣ ᠴᠢ ᠡᠴᠢᠭᠡ ᠨᠢᠭᠡᠲᠡᠢ ᠡᠬᠡ ᠴᠣᠭᠲᠠᠢ ᠳᠡᠭᠦᠦ ᠪᠡᠨ ᠬᠥᠨᠥᠭᠡᠬᠦ ᠴᠢᠨᠢ ᠳᠤᠲᠠᠪᠠ ᠤᠤ? ᠭᠡᠵᠦ ᠥᠭᠡᠯᠦᠨ ᠬᠠᠰᠬᠢᠷᠤᠭᠠᠳ ᠡᠩᠭᠡᠷ ᠢ᠋ᠶ᠋ᠡᠨ ᠢᠷᠡᠵᠦ
— ᠬᠠᠷᠢᠨ ᠴᠢ᠂ ᠲᠠ ᠨᠠᠷ ᠤ᠋ᠨ ᠬᠥᠬᠥᠵᠦ ᠥᠰᠦᠭᠰᠡᠨ ᠬᠥᠬᠥ ᠡᠨᠡ ᠪᠠᠢᠨ᠎ᠠ᠃ ᠪᠢ ᠴᠢᠮᠠᠲᠤ ᠳᠤᠲᠠᠭᠤ ᠭᠥᠭᠦᠭᠦᠯᠪᠡ ᠤᠤ? ᠳᠤᠮᠳᠠᠭᠤᠷ ᠬᠣᠭᠣᠯᠠᠯᠠᠪᠠ ᠤᠤ? ᠬᠠᠰᠠᠷ ᠢ᠋ ᠪᠢ ᠶᠡᠬᠡᠳᠡ ᠦᠵᠡᠵᠦ ᠢᠯᠡᠭᠦᠦ ᠭᠥᠭᠦᠭᠦᠯᠪᠡ ᠤᠤ? ᠲᠠ ᠨᠠᠷ ᠲᠤ ᠠᠯᠠᠯᠳᠤᠬᠤ ᠳᠠᠢᠰᠤᠨ ᠳᠤᠲᠠᠪᠠ ᠤᠤ? ᠠᠭᠠᠷ ᠲᠩᠷᠢ ᠪᠠᠭᠠᠳᠠᠪᠠ ᠤᠤ? ᠠᠮᠢᠲᠠᠨ ᠤ᠋ ᠰᠢᠪᠰᠢᠭ᠂ ᠠᠮᠢᠨ ᠤ᠋ ᠵᠤᠭ᠎ᠠ ᠪᠢᠰᠢ ᠤᠤ? ᠬᠠᠯᠠᠭᠤᠨ ᠪᠦᠯᠢ ᠳᠣᠲᠣᠷ᠎ᠠ ᠪᠠᠨ ᠬᠠᠮᠲᠤ ᠠᠮᠢᠳᠤᠷᠠᠵᠤ ᠴᠢᠳᠠᠬᠤ ᠦᠭᠡᠢ ᠴᠢᠮᠠᠶ᠋ᠢ ᠬᠡᠨ ᠬᠠᠭᠠᠨ ᠭᠡᠨ᠎ᠡ? ᠭᠡᠵᠦ ᠨᠢᠭᠤᠷ ᠢ᠋ ᠨᠢ ᠤᠯᠠᠯᠵᠠᠲᠠᠯᠠ᠂ ᠨᠢᠳᠦ ᠶ᠋ᠢ ᠨᠢ ᠭᠥᠯᠢᠯᠵᠡᠲᠡᠯᠡ ᠬᠡᠯᠡᠭᠰᠡᠨ ᠳ᠋ᠦ᠍ ᠲᠡᠮᠦᠵᠢᠨ ᠲᠠᠭ ᠳᠤᠭᠤᠢ ᠡᠷᠭᠢᠨ ᠶᠠᠪᠤᠵᠠᠢ᠃ ᠬᠠᠷᠢᠨ ᠬᠠᠰᠠᠷ ᠲᠡᠷᠡ ᠰᠥᠨᠢᠵᠢᠨ ᠢ᠋ᠶ᠋ᠡᠨ ᠲᠠᠢᠪᠤᠰᠢᠷᠠᠵᠤ ᠴᠢᠳᠠᠭᠰᠠᠨ ᠦᠭᠡᠢ ᠲᠠᠷᠴᠢᠯᠠᠵᠠᠢ᠃《ᠠᠬ᠎ᠠ ᠴᠢᠨᠢ ᠴᠢᠮᠠᠶ᠋ᠢ ᠶᠠᠭᠠᠬᠢᠭᠰᠠᠨ ᠭᠡᠵᠦ ᠠᠯᠠᠬᠤ ᠪᠢᠯᠡ᠃ ᠳᠠᠪ ᠲᠩᠷᠢ ᠶ᠋ᠢᠨ ᠬᠣᠣᠷᠲᠤ ᠦᠭᠡᠨ ᠳ᠋ᠦ᠍ ᠠᠪᠲᠠᠨ ᠢᠩᠭᠢᠵᠦ ᠲᠦᠷ ᠵᠠᠭᠤᠷ᠎ᠠ ᠬᠢᠯᠢᠩᠨᠡᠭᠰᠡᠨ ᠪᠢᠵᠡ᠃ ᠬᠠᠰᠠᠷ ᠬᠥᠪᠡᠭᠦᠨ ᠮᠢᠨᠢ᠂ ᠠᠬ᠎ᠠ ᠳ᠋ᠠᠭᠠᠨ ᠮᠠᠭᠤ ᠶᠠᠭᠤᠮ᠎ᠠ ᠪᠤᠤ ᠰᠠᠨᠠ》 ᠭᠡᠵᠦ ᠤᠬᠠᠭᠤᠯᠤᠭᠰᠠᠭᠠᠷ ᠪᠠᠢᠭᠰᠠᠨ ᠳ᠋ᠤ᠌ ᠬᠠᠰᠠᠷ ᠥᠪᠡᠷ ᠦ᠋ᠨ ᠡᠷᠬᠡ ᠦᠭᠡᠢ ᠡᠬᠡ ᠶ᠋ᠢᠨ ᠰᠠᠢᠬᠠᠨ ᠰᠡᠳᠬᠢᠯ ᠢ᠋ ᠪᠣᠳᠣᠭᠠᠳ ᠲᠡᠮᠦᠵᠢᠨ ᠳ᠋ᠦ᠍ ᠭᠣᠮᠣᠳᠠᠵᠤ ᠦᠰ ᠰᠠᠨᠠᠬᠤ ᠪᠠᠨ ᠬᠦᠴᠦ ᠪᠡᠷ ᠪᠣᠯᠢᠭᠰᠠᠨ ᠪᠢᠯᠡ᠃ ᠪᠠᠰᠠ ᠳᠠᠪ ᠲᠡᠭᠷᠢ ᠶ᠋ᠢ ᠦᠬᠦᠭᠦᠯᠦᠭᠰᠡᠨ ᠨᠢ ᠲᠡᠮᠦᠵᠢᠨ ᠦᠨᠡᠬᠡᠷ ᠲᠡᠭᠦᠨ ᠢ᠋ ᠬᠥᠨᠥᠭᠡᠬᠦ ᠪᠣᠳᠣᠯ ᠦᠭᠡᠢ ᠪᠠᠢᠭᠰᠠᠨ ᠳ᠋ᠤ᠌ ᠢᠲᠡᠭᠡᠬᠦ ᠳ᠋ᠦ᠍ ᠬᠦᠷᠭᠡᠵᠡᠢ᠃ ᠲᠡᠷᠡ ᠦᠶ᠎ᠡ ᠳ᠋ᠦ᠍ ᠡᠬᠡ ᠨᠢ ᠠᠷᠭ᠎ᠠ ᠪᠠᠨ ᠪᠠᠷᠠᠵᠤ ᠢᠳᠬᠠᠨ ᠰᠡᠩᠬᠡᠷᠡᠭᠦᠯᠬᠦ ᠦᠭᠡᠢ ᠪᠣᠯ᠂ ᠲᠡᠮᠦᠵᠢᠨ ᠳᠠᠪ ᠲᠡᠭᠷᠢ ᠶ᠋ᠢ ᠦᠬᠦᠭᠦᠯᠦᠭᠡ ᠦᠭᠡᠢ ᠪᠣᠯ ᠬᠠᠰᠠᠷ ᠠᠮᠢ ᠪᠠᠨ ᠬᠠᠮᠠᠭᠠᠯᠠᠨ ᠡᠰᠡᠷᠭᠦᠴᠡᠨ ᠪᠣᠰᠴᠤ ᠴᠡᠷᠢᠭᠯᠡᠨ ᠲᠤᠯᠬᠤ ᠪᠠᠷ ᠰᠢᠢᠳᠦᠭᠰᠡᠨ ᠪᠠᠢᠪᠠ᠃ ᠲᠡᠮᠦᠵᠢᠨ ᠦ᠌ ᠬᠦᠷᠢᠶ᠎ᠡ ᠶ᠋ᠢ ᠳᠣᠪᠲᠣᠯᠤᠨ ᠰᠥᠨᠥᠭᠡᠬᠦ ᠪᠡᠷ ᠰᠢᠢᠳᠴᠦ ᠦᠨᠡᠨᠴᠢ ᠨᠥᠬᠥᠳ ᠢ᠋ᠶ᠋ᠡᠨ ᠴᠤᠭᠯᠠᠭᠤᠯᠤᠨ ᠰᠠᠮ ᠪᠡᠯᠡᠳᠬᠡᠵᠦ ᠪᠠᠢᠲᠠᠯ᠎ᠠ ᠪᠠᠰᠠ ᠯᠠ ᠥᠨᠥᠬᠢ ᠦᠢᠯᠡᠲᠦ ᠥᠭᠡᠯᠦᠨ ᠡᠬᠡ ᠨᠢ ᠵᠦᠩ ᠢ᠋ᠶ᠋ᠡᠷ ᠢ᠋ᠶ᠋ᠡᠨ ᠮᠡᠳᠡᠭᠡᠳ ᠬᠦᠷᠦᠭᠡᠳ ᠢᠷᠡᠵᠡᠢ᠃ ᠡᠬᠡ ᠶ᠋ᠢ ᠪᠡᠨ ᠶᠠᠭᠠᠬᠢᠵᠤ ᠴᠤ᠌ ᠢᠳᠬᠠᠭᠰᠠᠨ ᠣᠳᠣ ᠵᠣᠷᠢᠭᠰᠠᠨ ᠰᠠᠨᠠᠭᠰᠠᠨ ᠠ᠋ᠴᠠ ᠤᠬᠤᠷᠢᠬᠤ ᠦᠭᠡᠢ ᠭᠡᠵᠦ ᠪᠣᠳᠣᠵᠠᠢ᠃ ᠲᠡᠮᠦᠵᠢᠨ ᠳ᠋ᠦ᠍ ᠦᠰ ᠰᠠᠨᠠᠬᠤ ᠰᠢᠯᠲᠠᠭ ᠬᠠᠰᠠᠷ ᠲᠤ ᠮᠤᠩᠳᠠᠬᠤ ᠦᠭᠡᠢ ᠣᠯᠠᠨ ᠪᠠᠢᠯ᠎ᠠ᠃ ᠶᠡᠬᠡ ᠮᠣᠩᠭᠣᠯ ᠤᠯᠤᠰ ᠲᠤ ᠮᠥᠬᠥᠯ ᠦ᠋ᠨ ᠠᠶᠤᠯ᠂ ᠡᠭᠦᠷᠢᠳᠡ ᠦᠯᠦ ᠲᠠᠰᠤᠷᠠᠬᠤ ᠴᠢᠰᠤᠲᠤ ᠲᠡᠢᠨ ᠦ᠌ ᠬᠥᠨᠥᠭᠡᠯ ᠢᠷᠡᠭᠰᠡᠨ ᠢ᠋ ᠥᠭᠡᠯᠦᠨ ᠮᠡᠳᠡᠵᠡᠢ᠃ ᠲᠡᠭᠦᠨ ᠦ᠌ ᠲᠥᠷᠥᠭᠦᠯᠦᠭᠰᠡᠨ ᠬᠥᠪᠡᠭᠦᠳ ᠠᠯᠠᠯᠳᠤᠬᠤ ᠨᠢ ᠨᠢᠭᠡᠨᠲᠡ ᠲᠣᠳᠣᠷᠬᠠᠢ ᠪᠣᠯᠵᠤ ᠬᠡᠵᠢᠶ᠎ᠡ ᠴᠦ᠍ ᠦᠯᠦ ᠲᠠᠰᠤᠷᠠᠬᠤ ᠦᠰ ᠬᠣᠨᠵᠢᠩ ᠤ᠋ᠨ ᠦᠷ᠎ᠡ ᠪᠣᠯᠪᠠᠰᠤᠷᠠᠵᠠᠢ᠃ ᠥᠭᠡᠯᠦᠨ ᠤᠬᠢᠯᠠᠵᠤ ᠢᠳᠬᠠᠭᠰᠠᠨ ᠴᠤ᠌ ᠬᠠᠰᠠᠷ ᠲᠡᠭᠦᠨ ᠦ᠌ ᠦᠭᠡ ᠶ᠋ᠢ ᠰᠣᠨᠣᠰᠤᠭᠰᠠᠨ ᠦᠭᠡᠢ᠃ ᠬᠠᠷᠢᠨ ᠲᠡᠭᠷᠢ ᠶ᠋ᠢᠨ ᠠᠪᠤᠷᠠᠯ ᠪᠣᠯᠵᠤ ᠳᠠᠪ ᠲᠡᠭᠷᠢ ᠶ᠋ᠢ ᠦᠬᠦᠭᠦᠯᠪᠡ ᠭᠡᠵᠦ ᠲᠡᠮᠦᠭᠡ ᠢᠷᠡᠵᠦ ᠬᠡᠯᠡᠭᠰᠡᠨ ᠨᠢ ᠠᠰᠢᠭᠦᠢ ᠬᠠᠰᠠᠷ ᠢ᠋ ᠲᠠᠢᠪᠤᠰᠢᠷᠠᠭᠤᠯᠵᠠᠢ᠃ ᠡᠬᠡ ᠶ᠋ᠢᠨ ᠢ᠋ᠶ᠋ᠡᠨ ᠤᠬᠢᠯᠠᠬᠤ ᠶ᠋ᠢ ᠦᠵᠡᠭᠡᠳ ᠬᠠᠰᠠᠷ ᠲᠡᠮᠦᠵᠢᠨ ᠢ᠋ ᠳᠣᠪᠲᠣᠯᠬᠤ ᠪᠠᠨ ᠪᠣᠯᠢᠬᠤ ᠪᠠᠷ ᠰᠢᠢᠳᠦᠭᠡᠳ ᠪᠠᠢᠲᠠᠯ᠎ᠠ ᠲᠡᠮᠦᠭᠡ ᠢᠷᠡᠵᠡᠢ᠃
ᠤᠬᠠᠭᠠᠨᠲᠤ ᠥᠭᠡᠯᠦᠨ ᠡᠬᠡ ᠨᠢ ᠶᠡᠬᠡ ᠮᠣᠩᠭᠣᠯ ᠤᠯᠤᠰ ᠢ᠋ ᠰᠦᠢᠷᠡᠯ ᠡᠴᠡ ᠠᠪᠤᠷᠠᠭᠰᠠᠨ ᠢ᠋ ᠬᠠᠰᠠᠷ ᠳᠣᠲᠣᠷ᠎ᠠ ᠪᠠᠨ ᠵᠥᠪᠰᠢᠶᠡᠷᠡᠵᠦ ᠪᠠᠢᠭᠰᠠᠨ ᠴᠤ᠌ ᠬᠠᠷᠢᠨ ᠣᠳᠣ ᠰᠠᠨᠠᠬᠤ ᠳ᠋ᠤ᠌ ᠡᠬᠡ ᠨᠢ ᠭᠠᠭᠴᠠᠬᠠᠨ ᠲᠡᠮᠦᠵᠢᠨ ᠢ᠋ ᠠᠪᠤᠷᠠᠭᠰᠠᠨ ᠮᠡᠲᠦ ᠰᠠᠨᠠᠭᠳᠠᠭᠠᠳ ᠪᠣᠯᠤᠭᠰᠠᠨ ᠦᠭᠡᠢ᠃ ᠭᠡᠲᠡᠯ᠎ᠡ ᠬᠠᠰᠠᠷ ᠬᠡᠨ ᠪᠢᠯᠡ᠃ ᠠᠳᠠᠯᠢᠬᠠᠨ ᠯᠠ ᠶᠢᠰᠦᠭᠡᠢ ᠶ᠋ᠢᠨ ᠬᠥᠪᠡᠭᠦᠨ ᠪᠢᠰᠢ ᠤᠤ? ᠬᠠᠰᠠᠷ ᠤ᠋ᠨ ᠤᠬᠠᠭᠠᠨ ᠰᠠᠨᠠᠭ᠎ᠠ ᠥᠭᠡᠷᠡᠴᠢᠯᠡᠭᠳᠡᠵᠦ ᠴᠢᠯᠥᠭᠡᠯᠡᠭᠳᠡᠬᠦ ᠶ᠋ᠢᠨ ᠬᠢᠷᠢ ᠪᠡᠷ ᠤᠯᠠᠮ ᠯᠠ ᠲᠣᠳᠣᠷᠠᠭᠰᠠᠭᠠᠷ ᠪᠠᠢᠭ᠎ᠠ ᠵᠣᠷᠢᠮᠠᠭ ᠬᠣᠣᠷᠲᠠᠢ ᠪᠣᠳᠣᠯ ᠤ᠋ᠳ ᠴᠣᠬᠣᠮ ᠲᠡᠭᠦᠨ ᠳ᠋ᠦ᠍ ᠶᠠᠭᠤ ᠠᠪᠴᠢᠷᠠᠬᠤ ᠶ᠋ᠢ ᠲᠡᠷᠡ ᠳᠠᠭᠠᠵᠤ ᠮᠡᠳᠡᠭᠰᠡᠨ ᠦᠭᠡᠢ ᠪᠢᠯᠡ᠃ ᠡᠬᠡ ᠶ᠋ᠢᠨ ᠰᠡᠳᠬᠢᠯ᠂ ᠡᠴᠢᠭᠡ ᠶ᠋ᠢᠨ ᠶᠡᠬᠡ ᠨᠡᠷ᠎ᠡ ᠶ᠋ᠢ ᠪᠣᠳᠣᠵᠤ ᠲᠡᠮᠦᠵᠢᠨ ᠳ᠋ᠦ᠍ ᠵᠥᠪᠬᠡᠨ ᠬᠠᠪᠰᠤᠷᠭ᠎ᠠ ᠪᠣᠯᠵᠤ ᠶᠠᠪᠤᠭᠰᠠᠨ ᠢ᠋ᠶ᠋ᠠᠨ ᠲᠡᠷᠡ ᠣᠢᠯᠠᠭᠠᠪᠠ᠃ ᠣᠳᠣ ᠨᠢᠭᠡᠨᠲᠡ ᠡᠬᠡ ᠨᠢ ᠦᠭᠡᠢ ᠪᠣᠯᠤᠭᠰᠠᠨ ᠲᠤᠯᠠ ᠲᠡᠷᠡ ᠶᠠᠭᠤᠨ ᠠ᠋ᠴᠠ ᠡᠮᠢᠶᠡᠵᠦ᠂ ᠬᠡᠨ ᠡᠴᠡ ᠠᠶᠤᠬᠤ ᠪᠢᠯᠡ᠃ ᠲᠡᠮᠦᠵᠢᠨ ᠦ᠌ ᠢᠲᠡᠭᠡᠯ ᠥᠭᠴᠦ᠂ ᠶᠡᠬᠡ ᠴᠡᠷᠢᠭ ᠢ᠋ ᠤᠳᠤᠷᠢᠳᠤᠭᠤᠯᠤᠭᠰᠠᠨ ᠪᠤᠭᠤᠷᠴᠢ᠂ ᠰᠦᠪᠡᠭᠡᠳᠡᠢ᠂ ᠮᠤᠬᠤᠯᠠᠢ ᠪᠦᠷ ᠲᠡᠮᠦᠵᠢᠨ ᠦ᠌ ᠢᠳᠡᠷ ᠵᠠᠯᠠᠭᠤ ᠬᠥᠪᠡᠭᠦᠳ ᠵᠥᠴᠢ᠂ ᠴᠠᠭᠠᠲᠠᠢ᠂ ᠥᠭᠡᠳᠡᠢ᠂ ᠲᠤᠯᠤᠢ ᠨᠠᠷ ᠠ᠋ᠴᠠ ᠬᠠᠰᠠᠷ ᠶᠠᠭᠤ ᠪᠠᠷ ᠳᠤᠲᠠᠵᠤ᠂ ᠶᠠᠭᠤᠨ ᠳ᠋ᠤ᠌ ᠭᠠᠴᠠᠬᠤ ᠪᠢᠯᠡ᠃ ᠡᠨᠡ ᠮᠡᠲᠦ ᠵᠥᠷᠢᠭᠦᠳ ᠪᠣᠳᠣᠯ ᠴᠠᠭᠠᠨ ᠬᠡᠷᠡᠮ ᠢ᠋ ᠳᠠᠪᠠᠵᠤ᠂ ᠴᠢᠩᠭᠢᠰ ᠬᠠᠭᠠᠨ ᠤ᠋ ᠬᠡᠭᠡᠷ᠎ᠡ ᠶ᠋ᠢᠨ ᠦᠷᠭᠦᠭᠡᠨ ᠳ᠋ᠦ᠍ ᠣᠴᠢᠬᠤ ᠬᠦᠷᠲᠡᠯ᠎ᠡ ᠰᠠᠯᠤᠭᠰᠠᠨ ᠦᠭᠡᠢ᠃ ᠶᠡᠷᠦ ᠨᠢ ᠬᠠᠰᠠᠷ ᠨᠢᠭᠡ ᠶᠠᠭᠤᠮ᠎ᠠ ᠰᠠᠨᠠᠪᠠᠯ ᠬᠡᠯᠡᠵᠦ᠂ ᠬᠢᠵᠦ ᠪᠠᠢᠵᠤ ᠰᠠᠶᠢ ᠰᠠᠨᠠᠭ᠎ᠠ ᠨᠢ ᠠᠮᠠᠷᠠᠵᠤ ᠤᠨᠲᠠᠳᠠᠭ ᠵᠠᠩᠲᠠᠢ ᠲᠤᠯᠠ ᠲᠡᠮᠦᠵᠢᠨ ᠳ᠋ᠦ᠍ ᠬᠡᠯᠡᠬᠦ ᠦᠭᠡ ᠬᠣᠭᠣᠯᠠᠢ ᠳ᠋ᠤ᠌ ᠲᠣᠷᠴᠤ᠂ ᠬᠡᠯᠡᠨ ᠦ᠌ ᠦᠵᠦᠭᠦᠷ ᠲᠦ᠍ ᠪᠤᠯᠲᠠᠯᠵᠠᠵᠤ ᠶᠠᠪᠤᠯ᠎ᠠ᠃ ᠰᠠᠨᠠᠭᠰᠠᠨ ᠢ᠋ᠶ᠋ᠠᠨ ᠳᠠᠭᠤᠰᠲᠠᠯ᠎ᠠ ᠬᠡᠯᠡᠵᠦ᠂ ᠴᠢᠳᠠᠳᠠᠭ ᠢ᠋ᠶ᠋ᠠᠨ ᠪᠦᠷᠢᠳᠦᠲᠡᠯᠡ ᠬᠢᠶ᠎ᠡ ᠭᠡᠵᠦ ᠬᠠᠲᠠᠭᠤ ᠰᠢᠢᠳᠦᠭᠰᠡᠨ ᠪᠠᠢᠪᠠ᠃
ᠭᠡᠪᠡᠴᠦ ᠪᠦᠬᠦ ᠵᠦᠢᠯ ᠳᠠᠬᠢᠭᠠᠳ ᠯᠠ ᠬᠠᠰᠠᠷ ᠤ᠋ᠨ ᠰᠠᠨᠠᠭᠰᠠᠨ ᠢ᠋ᠶ᠋ᠠᠷ ᠪᠣᠯᠤᠭᠰᠠᠨ ᠦᠭᠡᠢ᠃ ᠡᠬᠡ ᠶ᠋ᠢᠨ ᠢ᠋ᠶ᠋ᠡᠨ ᠦᠬᠦᠯ ᠦ᠋ᠨ ᠲᠤᠬᠠᠢ ᠰᠣᠨᠣᠰᠤᠭᠠᠳ ᠲᠡᠮᠦᠵᠢᠨ ᠲᠡᠭᠡᠵᠦ ᠶᠡᠬᠡ ᠪᠡᠷ ᠡᠮᠭᠡᠨᠢᠨ ᠭᠠᠰᠢᠭᠤᠳᠠᠨ᠎ᠠ ᠭᠡᠵᠦ ᠰᠠᠨᠠᠭ᠎ᠠ ᠦᠭᠡᠢ ᠲᠤᠯᠠ ᠬᠠᠰᠠᠷ ᠬᠡᠷᠡᠭᠦᠯ ᠤᠷᠤᠭᠤᠯ ᠤ᠋ᠨ ᠦᠭᠡ ᠬᠡᠯᠡᠬᠦ ᠲᠡᠢ ᠮᠠᠨᠠᠳᠠᠢ ᠪᠣᠯᠵᠠᠢ᠃ ᠬᠠᠰᠠᠷ ᠢ᠋ ᠤᠶᠠᠭᠠᠨ ᠳᠡᠭᠡᠷ᠎ᠡ ᠪᠠᠭᠤᠭᠠᠳ ᠡᠷᠭᠢᠬᠦ ᠳ᠋ᠦ᠍ ᠯᠡ ᠲᠡᠮᠦᠵᠢᠨ ᠶᠠᠭ ᠳᠤᠲᠠᠭᠤ ᠰᠥᠭᠥᠳᠦᠭᠦᠯᠦᠭᠰᠡᠨ ᠦᠬᠡᠷ ᠰᠢᠭ ᠪᠣᠯᠵᠤ ᠦᠳᠡᠰᠢ ᠶ᠋ᠢᠨ ᠲᠤᠷᠰᠢ ᠦᠭᠡ ᠬᠡᠯᠡᠵᠦ ᠥᠨᠳᠡᠢᠵᠦ ᠵᠣᠭᠰᠣᠵᠤ ᠴᠢᠳᠠᠭᠰᠠᠨ ᠦᠭᠡᠢ᠃ ᠰᠥᠨᠢ ᠪᠣᠯᠵᠤ ᠣᠳᠣ ᠲᠦᠭᠡᠲᠡᠯᠡ ᠲᠡᠮᠦᠵᠢᠨ ᠦ᠌ ᠦᠷᠭᠦᠭᠡᠨ ᠳ᠋ᠦ᠍ ᠨᠠᠮ ᠭᠦᠮ ᠪᠠᠢᠯ᠎ᠠ᠃ ᠭᠠᠯ ᠰᠢᠷᠲᠡᠨ ᠭᠥᠯᠢᠷᠡᠵᠦ ᠰᠠᠭᠤᠬᠤ ᠲᠡᠮᠦᠵᠢᠨ ᠢ᠋ ᠬᠠᠷᠠᠭᠠᠳ ᠬᠠᠰᠠᠷ ᠴᠤ᠌ ᠶᠠᠭᠤ ᠴᠤ᠌ ᠬᠡᠯᠡᠵᠦ ᠴᠢᠳᠠᠭᠰᠠᠨ ᠦᠭᠡᠢ᠃ ᠭᠡᠨᠡᠳᠲᠡ ᠲᠡᠮᠦᠵᠢᠨ ᠤᠬᠤᠰᠬᠢᠨ ᠭᠠᠷᠬᠤ ᠳ᠋ᠤ᠌ ᠬᠠᠰᠠᠷ ᠳᠠᠭᠠᠪᠠ᠃ ᠲᠡᠮᠦᠵᠢᠨ ᠬᠠᠰᠠᠷ ᠬᠣᠶᠠᠷ ᠢ᠋ ᠴᠢᠪ ᠴᠢᠮᠡᠭᠡ ᠦᠭᠡᠢ ᠮᠣᠷᠳᠠᠨ ᠳᠠᠢᠳᠤ ᠪᠠᠯᠭᠠᠰᠤ ᠶ᠋ᠢᠨ ᠡᠮᠦᠨᠡᠬᠢ ᠲᠡᠷᠲᠡᠭᠡ ᠠᠭᠤᠯᠠ ᠶ᠋ᠢᠨ ᠣᠷᠣᠢ ᠳ᠋ᠤ᠌ ᠭᠠᠷᠬᠤ ᠳ᠋ᠤ᠌ ᠲᠣᠷᠭᠠᠨ ᠴᠡᠷᠢᠭ ᠠᠭᠤᠯᠠ ᠶ᠋ᠢ ᠬᠣᠶᠠᠷ ᠳᠠᠪᠬᠤᠷ ᠪᠦᠰᠡᠯᠡᠨ ᠬᠠᠮᠠᠭᠠᠯᠠᠵᠤ ᠵᠣᠭᠰᠣᠵᠠᠢ᠃ ᠬᠣᠯᠠ ᠦᠭᠡᠢ ᠠᠭᠤᠯᠠ ᠶ᠋ᠢᠨ ᠪᠠᠯ ᠳ᠋ᠤ᠌ ᠠᠯᠲᠠᠨ ᠬᠠᠭᠠᠨ ᠤ᠋ ᠰᠠᠭᠤᠵᠤ ᠠᠭᠰᠠᠨ ᠵᠥᠩᠲᠦ ᠪᠠᠯᠭᠠᠰᠤ ᠰᠡᠭᠦᠳᠡᠷᠳᠡᠨ ᠦᠵᠡᠭᠳᠡᠨ᠎ᠡ᠃ ᠣᠳᠣ ᠲᠡᠷᠡ ᠵᠥᠩᠲᠦ ᠪᠠᠯᠭᠠᠰᠤ ᠶ᠋ᠢᠨ ᠠᠷᠤ ᠶ᠋ᠢᠨ ᠵᠠᠮ ᠢ᠋ ᠠᠷᠬᠠᠢ ᠬᠠᠰᠠᠷ ᠤ᠋ᠨ ᠲᠡᠷᠢᠭᠦᠯᠡᠭᠰᠡᠨ ᠲᠠᠪᠤᠨ ᠮᠢᠩᠭᠠᠨ ᠰᠢᠯᠢᠳᠡᠭ ᠮᠣᠷᠢᠲᠤ ᠴᠡᠷᠢᠭ ᠪᠦᠰᠡᠯᠡᠨ ᠬᠠᠭᠠᠵᠠᠢ᠃ ᠬᠠᠷᠢᠨ ᠵᠥᠩᠲᠦ ᠪᠠᠯᠭᠠᠰᠤᠨ ᠳ᠋ᠤ᠌ ᠬᠠᠮᠤᠭ ᠤ᠋ᠨ ᠣᠢᠷ᠎ᠠ ᠣᠴᠢᠭᠠᠳ ᠪᠠᠢᠭᠰᠠᠨ ᠬᠠᠰᠠᠷ ᠤ᠋ᠨ ᠴᠡᠷᠢᠭ ᠢ᠋ ᠲᠡᠮᠦᠵᠢᠨ ᠦ᠌ ᠵᠠᠷᠯᠢᠭ ᠢ᠋ᠶ᠋ᠠᠷ ᠬᠣᠢᠰᠢ ᠲᠠᠲᠠᠭᠰᠠᠨ ᠢ᠋ ᠬᠠᠰᠠᠷ ᠮᠡᠳᠡᠭᠡ ᠦᠭᠡᠢ ᠪᠠᠢᠯ᠎ᠠ᠃
一 ᠬᠡᠳᠦ ᠬᠣᠨᠣᠭ ᠤ᠋ᠨ ᠡᠮᠦᠨ᠎ᠡ ᠡᠵᠢ ᠮᠢᠨᠢ ᠵᠡᠭᠦᠳᠦᠨ ᠳ᠋ᠦ᠍ ᠣᠷᠣᠭᠰᠠᠨ ᠶᠤᠮ᠃ ᠪᠢ ᠡᠵᠢ ᠪᠡᠨ ᠵᠡᠭᠦᠳᠦᠯᠡᠳᠡᠭ ᠦᠭᠡᠢ ᠪᠠᠢᠯ᠎ᠠ ᠭᠡᠵᠦ ᠲᠡᠮᠦᠵᠢᠨ ᠭᠦᠨ ᠬᠠᠷᠠᠭᠤᠰᠤᠯ ᠲᠠᠢ ᠰᠢᠪᠡᠨᠡᠪᠡ᠃ ᠡᠨᠡ ᠪᠣᠯ ᠬᠠᠰᠠᠷ ᠤ᠋ᠨ ᠢᠷᠡᠭᠰᠡᠨ ᠡᠴᠡ ᠬᠣᠢᠰᠢ ᠪᠦᠲᠦᠨ ᠦᠳᠡᠰᠢ ᠶ᠋ᠢᠨ ᠲᠤᠷᠰᠢ ᠲᠡᠮᠦᠵᠢᠨ ᠦ᠌ ᠠᠩᠬᠠᠯᠠᠨ ᠬᠡᠯᠡᠭᠰᠡᠨ ᠦᠭᠡ ᠪᠠᠢᠪᠠ᠃ ᠴᠣᠬᠣᠮ ᠶᠠᠭᠤ ᠭᠡᠵᠦ ᠵᠡᠭᠦᠳᠦᠯᠡᠭᠰᠡᠨ ᠢ᠋ ᠬᠠᠰᠠᠷ ᠠᠰᠠᠭᠤᠭᠰᠠᠨ ᠦᠭᠡᠢ᠃ ᠲᠡᠮᠦᠵᠢᠨ ᠴᠦ᠍ ᠳᠡᠯᠭᠡᠷᠡᠭᠦᠯᠵᠦ ᠶᠠᠷᠢᠭᠰᠠᠨ ᠦᠭᠡᠢ᠃ ᠬᠡᠯᠡ ᠨᠢ ᠲᠠᠲᠠᠭᠰᠠᠨ ᠮᠡᠲᠦ ᠲᠠᠭ ᠴᠢᠮᠡᠭᠡ ᠦᠭᠡᠢ ᠰᠠᠭᠤᠭᠰᠠᠨ ᠲᠡᠮᠦᠵᠢᠨ ᠠᠮᠠ ᠠᠩᠭᠠᠢᠵᠤ ᠬᠡᠳᠦᠨ ᠦᠭᠡ ᠬᠡᠯᠡᠭᠰᠡᠨ ᠳ᠋ᠦ᠍ ᠬᠠᠰᠠᠷ ᠤ᠋ᠨ ᠰᠡᠳᠬᠢᠯ ᠵᠢᠭᠠᠬᠠᠨ ᠣᠩᠭᠣᠢᠵᠤ
一 ᠪᠢ ᠡᠵᠢ ᠶ᠋ᠢ ᠬᠡᠯᠡᠭᠰᠡᠨ ᠶᠣᠰᠣᠭᠠᠷ ᠤᠰᠤᠨ ᠤ᠋ ᠢᠷᠣᠭᠠᠷ ᠲᠤ᠌ ᠣᠷᠣᠰᠢᠭᠤᠯᠪᠠ᠃ ᠡᠵᠢ ᠲᠡᠷᠡ ᠭᠠᠵᠠᠷ ᠢ᠋ ᠥᠪᠡᠷ ᠢ᠋ᠶ᠋ᠡᠨ ᠣᠯᠵᠤ ᠪᠠᠰᠠ ᠥᠪᠡᠷ ᠢ᠋ᠶ᠋ᠡᠨ ᠨᠦᠬᠡ ᠪᠡᠨ ᠤᠬᠤᠵᠠᠢ᠃ ᠪᠢ ᠪᠦᠬᠦᠨ ᠢ᠋ ᠡᠵᠢ ᠶ᠋ᠢᠨ ᠬᠡᠯᠡᠭᠰᠡᠨ ᠢ᠋ᠶ᠋ᠡᠷ ᠬᠢᠪᠡ᠃ ᠡᠵᠢ ᠶ᠋ᠢᠨ ᠦᠬᠦᠯ ᠢ᠋ ᠬᠡᠨ ᠴᠦ᠍ ᠬᠠᠷᠠᠭᠰᠠᠨ ᠦᠭᠡᠢ᠂ ᠬᠡᠨ ᠴᠦ᠍ ᠰᠣᠨᠣᠰᠤᠭᠰᠠᠨ ᠦᠭᠡᠢ᠃ ᠡᠵᠢ ᠲᠡᠭᠡᠵᠦ ᠬᠦᠰᠡᠭᠰᠡᠨ ᠪᠢᠯᠡ ᠭᠡᠵᠦ ᠰᠢᠪᠡᠭᠡᠨᠡᠪᠡ᠃
一 ᠡᠵᠢ ᠮᠢᠨᠢ ᠡᠨᠡ ᠪᠦᠭᠦᠳᠡ ᠶ᠋ᠢ ᠶᠠᠭᠠᠬᠢᠵᠤ ᠪᠣᠳᠣᠵᠤ ᠣᠯᠪᠠ᠃ ᠬᠠᠰᠠᠷ ᠴᠢ ᠵᠥᠪ ᠬᠢᠵᠡᠢ᠃ ᠪᠢ ᠴᠦ᠍ ᠪᠠᠢᠭᠰᠠᠨ ᠪᠣᠯ ᠶᠠᠭ ᠢᠩᠭᠢᠵᠦ ᠬᠢᠬᠦ ᠪᠠᠢᠯ᠎ᠠ᠃ ᠡᠵᠢ ᠮᠢᠨᠢ ᠴᠢ ᠪᠢᠳᠡᠨ ᠦ᠌ ᠰᠡᠳᠬᠢᠯ ᠳ᠋ᠦ᠍ ᠦᠯᠡᠳᠡᠵᠡᠢ᠃ ᠣᠳᠣ ᠯᠠᠪ ᠶᠢᠰᠦᠭᠡᠢ ᠡᠴᠢᠭᠡ ᠲᠡᠢ ᠠᠭᠤᠯᠵᠠᠭ᠎ᠠ ᠪᠢᠵᠡ᠃ ᠡᠴᠢᠭᠡ ᠡᠬᠡ ᠬᠣᠶᠠᠷ ᠮᠢᠨᠢ ᠪᠢᠳᠡᠨ ᠦ᠌ ᠰᠠᠢᠨ ᠶᠠᠪᠤᠭ᠎ᠠ ᠶ᠋ᠢ ᠯᠠᠪ ᠬᠠᠷᠠᠵᠤ ᠪᠠᠢᠭ᠎ᠠ ᠭᠡᠳ ᠲᠡᠮᠦᠵᠢᠨ ᠰᠥᠬᠥᠷᠡᠨ ᠰᠠᠭᠤᠵᠤ ᠲᠩᠷᠢ ᠳ᠋ᠦ᠍ ᠭᠠᠷ ᠢ᠋ᠶ᠋ᠠᠨ ᠰᠤᠩᠭᠠᠨ ᠮᠥᠷᠭᠥᠬᠦ ᠳ᠋ᠦ᠍ ᠬᠠᠰᠠᠷ ᠬᠠᠴᠢᠨ ᠶᠡᠬᠡ ᠤᠶᠠᠷᠠᠪᠠ᠃ ᠪᠦᠷ ᠨᠢᠯᠪᠤᠰᠤ ᠴᠢᠢᠯᠠᠭᠡᠨᠡᠭᠦᠯᠵᠡᠢ᠃ ᠲᠡᠢᠮᠦ ᠠ᠋᠂ ᠲᠡᠳᠡ ᠡᠴᠢᠭᠡ ᠡᠬᠡ ᠪᠡᠨ ᠪᠠᠶᠠᠷᠯᠠᠭᠤᠯᠵᠤ ᠶᠠᠪᠤᠭ᠎ᠠ ᠨᠢ ᠭᠠᠷᠴᠠᠭ᠎ᠠ ᠦᠭᠡᠢ᠃ ᠲᠡᠳᠡᠨ ᠦ᠌ ᠶᠡᠬᠡ ᠴᠡᠷᠢᠭ ᠦ᠋ᠨ ᠡᠮᠦᠨ᠎ᠡ ᠠᠯᠲᠠᠨ ᠤᠯᠤᠰ ᠤ᠋ᠨ ᠵᠥᠩᠲᠦ ᠡᠴᠡ ᠪᠤᠰᠤᠳ ᠪᠠᠷᠤᠭ ᠪᠦᠬᠦ ᠬᠣᠲᠠ ᠪᠠᠯᠭᠠᠰᠤ ᠡᠵᠡᠯᠡᠭᠳᠡᠪᠡ᠃ ᠠᠯᠲᠠᠨ ᠤᠯᠤᠰ ᠤ᠋ᠨ ᠬᠠᠭᠠᠨ ᠶᠦᠩᠵᠢ ᠪᠠᠭᠤᠵᠤ ᠥᠭᠭᠦᠶ᠎ᠡ ᠭᠡᠬᠦ ᠳ᠋ᠡᠭᠡᠨ ᠬᠥᠪᠡᠭᠦᠨ ᠢ᠋ᠶ᠋ᠡᠨ ᠵᠠᠭᠤᠨ ᠨᠥᠬᠥᠳ ᠦ᠋ᠨ ᠬᠠᠮᠲᠤ ᠪᠡᠯᠡᠭ ᠪᠣᠯᠭᠠᠨ ᠢᠯᠡᠭᠡᠭᠰᠡᠨ ᠪᠠᠢᠪᠠ᠃ ᠡᠭᠦᠨ ᠡᠴᠡ ᠢᠯᠡᠭᠦᠦ ᠶᠡᠬᠡ ᠢᠯᠠᠯᠲᠠ ᠭᠡᠵᠦ ᠬᠠᠮᠢᠭ᠎ᠠ ᠪᠠᠢᠨ᠎ᠠ᠃ ᠪᠠᠰᠠ ᠤᠢᠭᠤᠷ᠂ ᠲᠠᠩᠭᠤᠳ᠂ ᠬᠠᠷᠯᠠᠭ ᠤ᠋ᠨ ᠤᠯᠤᠰ ᠤ᠋ᠳ ᠳᠠᠭᠠᠷ᠎ᠠ ᠣᠷᠣᠵᠠᠢ᠃ ᠲᠡᠮᠦᠵᠢᠨ ᠪᠣᠰᠴᠤ ᠬᠠᠰᠠᠷ ᠤ᠋ᠨ ᠥᠭᠡᠳᠡ ᠡᠴᠡ ᠬᠠᠷᠠᠵᠤ ᠵᠣᠭᠰᠣᠭᠠᠳ
— ᠬᠠᠰᠠᠷ ᠴᠢ ᠡᠵᠢ ᠶ᠋ᠢᠨ ᠬᠡᠯᠡᠭᠰᠡᠨ ᠦᠭᠡ ᠶ᠋ᠢ ᠨᠢᠭᠡ ᠶ᠋ᠢ ᠴᠦ᠍ ᠣᠷᠭᠢᠯ ᠦᠭᠡᠢ ᠬᠡᠯᠡᠭᠲᠦᠨ᠃ ᠪᠢ ᠡᠵᠢ ᠶ᠋ᠢᠨ ᠢ᠋ᠶ᠋ᠡᠨ ᠰᠡᠳᠬᠢᠯ ᠢ᠋ ᠮᠡᠳᠡᠬᠦ ᠶ᠋ᠢ ᠬᠦᠰᠡᠨ᠎ᠡ᠃ ᠡᠨᠳᠡ ᠡᠵᠢ ᠶ᠋ᠢᠨ ᠦᠭᠡ ᠶ᠋ᠢ ᠰᠠᠯᠬᠢᠨ ᠠ᠋ᠴᠠ ᠥᠭᠡᠷ᠎ᠡ ᠶᠠᠭᠤ ᠴᠦ᠍ ᠦᠯᠦ ᠰᠣᠨᠣᠰᠤᠨ᠎ᠠ᠃ ᠪᠢ ᠥᠭᠡᠯᠦᠨ ᠡᠵᠢ ᠶ᠋ᠢᠨ ᠢ᠋ᠶ᠋ᠡᠨ ᠡᠴᠦᠰ ᠦ᠋ᠨ ᠦᠭᠡ ᠶ᠋ᠢ ᠲᠩᠷᠢ ᠶ᠋ᠢᠨ ᠵᠠᠷᠯᠢᠭ ᠭᠡᠵᠦ ᠳᠠᠭᠠᠨ᠎ᠠ ᠭᠡᠵᠦ ᠰᠢᠪᠡᠨᠡᠪᠡ᠃ ᠲᠡᠮᠦᠵᠢᠨ ᠶᠠᠭᠤᠨ ᠤ᠋ ᠤᠴᠢᠷ ᠡᠨᠡ ᠠᠭᠤᠯᠠ ᠶ᠋ᠢᠨ ᠣᠷᠣᠢ ᠳ᠋ᠤ᠌ ᠭᠠᠷᠴᠤ ᠢᠷᠡᠭᠰᠡᠨ ᠢ᠋ ᠬᠠᠰᠠᠷ ᠰᠠᠶᠢ ᠯᠠ ᠣᠢᠯᠠᠭᠠᠪᠠ᠃ ᠲᠡᠷᠡ ᠡᠬᠡ ᠶ᠋ᠢᠨ ᠢ᠋ᠶ᠋ᠡᠨ ᠰᠡᠭᠦᠯᠴᠢ ᠶ᠋ᠢᠨ ᠦᠭᠡ ᠶ᠋ᠢ ᠰᠣᠨᠣᠰᠬᠤ ᠭᠡᠵᠦ ᠬᠦᠰᠡᠵᠡᠢ᠃ ᠲᠡᠭᠡᠬᠦ ᠳ᠋ᠡᠭᠡᠨ ᠭᠡᠷᠡᠴᠢ ᠲᠡᠢ ᠰᠣᠨᠣᠰᠬᠤ ᠶ᠋ᠢ ᠬᠦᠰᠡᠭᠰᠡᠨ ᠦᠭᠡᠢ᠃ ᠮᠠᠭᠠᠳ ᠦᠭᠡᠢ ᠡᠬᠡ ᠨᠢ ᠰᠡᠭᠦᠯ ᠦ᠋ᠨ ᠮᠥᠴᠡ ᠳ᠋ᠦ᠍ ᠵᠥᠪᠬᠡᠨ ᠬᠠᠰᠠᠷ ᠲᠡᠷᠡ ᠬᠣᠶᠠᠷ ᠲᠤ ᠬᠠᠮᠢᠶᠠᠲᠠᠢ ᠦᠭᠡ ᠬᠡᠯᠡᠭᠰᠡᠨ ᠢ᠋ ᠲᠡᠮᠦᠵᠢᠨ ᠳᠠᠭᠠᠭᠰᠠᠨ ᠪᠢᠵᠡ᠃ ᠨᠢᠭᠡᠨᠲᠡ ᠡᠢᠮᠦ ᠲᠤᠯᠠ ᠬᠠᠰᠠᠷ ᠡᠬᠡ ᠶ᠋ᠢᠨ ᠢ᠋ᠶ᠋ᠡᠨ ᠬᠡᠯᠡᠭᠰᠡᠨ ᠡᠴᠡ ᠨᠢᠭᠡ ᠴᠦ᠍ ᠦᠭᠡ ᠶ᠋ᠢ ᠵᠠᠰᠠᠬᠤ ᠪᠤᠶᠤ ᠣᠷᠬᠢᠭᠰᠠᠨ ᠦᠭᠡᠢ᠃ ᠪᠦᠷ《ᠠᠮᠢ ᠴᠢᠨᠢ ᠠᠬ᠎ᠠ ᠶ᠋ᠢᠨ ᠴᠢᠨᠢ ᠭᠠᠷ ᠲᠤ ᠪᠣᠢ》 ᠭᠡᠳᠡᠭ ᠢ᠋ ᠨᠢ ᠳᠠᠭᠤᠰᠲᠠᠯ᠎ᠠ ᠬᠡᠯᠡᠵᠡᠢ᠃ ᠲᠡᠮᠦᠵᠢᠨ ᠦᠭᠡ ᠳᠠᠭᠤ ᠦᠭᠡᠢ ᠤᠳᠠᠭᠠᠨ ᠵᠣᠭᠰᠣᠪᠠ᠃ ᠲᠠᠰᠤ ᠠᠨᠢᠭᠰᠠᠨ ᠨᠢᠳᠦᠨ ᠦ᠌ ᠬᠢᠨᠢ ᠵᠣᠪᠬᠢᠨ ᠳᠣᠣᠷ᠎ᠠ ᠠ᠋ᠴᠠ ᠥᠨᠥᠴᠢᠨ ᠭᠠᠭᠴᠠ ᠰᠤᠪᠤᠳ ᠰᠢᠭ᠋ ᠰᠢᠷᠬᠡᠭ ᠨᠢᠯᠪᠤᠰᠤ ᠪᠥᠮᠪᠥᠷᠢᠨ ᠶᠡᠬᠡ ᠰᠠᠬᠠᠯ ᠳ᠋ᠤ᠌ ᠬᠦᠷᠴᠦ ᠲᠣᠭᠲᠠᠬᠤ ᠶ᠋ᠢ ᠬᠠᠰᠠᠷ ᠰᠠᠷᠠᠨ ᠤ᠋ ᠭᠡᠷᠡᠯ ᠳ᠋ᠦ᠍ ᠬᠠᠷᠠᠵᠤ ᠪᠠᠢᠯ᠎ᠠ᠃ ᠤᠬᠢᠯᠠᠬᠤ ᠦᠭᠡᠢ ᠭᠡᠬᠦ ᠳ᠋ᠡᠭᠡᠨ ᠲᠡᠮᠦᠵᠢᠨ ᠠᠰᠤᠷᠤ ᠶᠡᠬᠡ ᠲᠡᠪᠴᠢᠶᠡᠷᠢ ᠭᠠᠷᠭᠠᠨ ᠪᠡᠶ᠎ᠡ ᠪᠡᠨ ᠪᠠᠷᠢᠵᠤ ᠪᠠᠢᠭ᠎ᠠ ᠨᠢ ᠢᠯᠡᠳᠲᠡ ᠮᠡᠳᠡᠷᠡᠭᠳᠡᠨ᠎ᠡ᠃ ᠪᠤᠰᠤᠳ ᠤ᠋ᠨ ᠡᠮᠦᠨ᠎ᠡ ᠨᠢᠯᠪᠤᠰᠤ ᠤᠷᠤᠰᠬᠠᠨ ᠰᠤᠯᠠ ᠳᠣᠷᠣᠢ ᠪᠠᠢᠳᠠᠯ ᠦᠵᠡᠭᠦᠯᠬᠦ ᠦᠭᠡᠢ ᠶ᠋ᠢᠨ ᠲᠤᠯᠠᠳᠠ ᠡᠨᠡ ᠡᠵᠡᠭᠦᠢ ᠠᠭᠤᠯᠠᠨ ᠳ᠋ᠤ᠌ ᠢᠷᠡᠭᠰᠡᠨ ᠠᠵᠢ᠃ ᠬᠠᠷᠠᠪᠠᠯ ᠲᠡᠮᠦᠵᠢᠨ ᠰᠡᠳᠬᠢᠯ ᠦ᠋ᠨ ᠳᠣᠲᠣᠷ᠎ᠠ ᠠᠰᠬᠠᠷᠠᠭᠤᠯᠤᠨ ᠤᠬᠢᠯᠠᠵᠤ ᠪᠠᠢᠬᠤ ᠰᠢᠭ᠋ ᠬᠠᠰᠠᠷ ᠲᠤ ᠰᠠᠨᠠᠭᠳᠠᠬᠤ ᠳ᠋ᠤ᠌《ᠡᠵᠢ ᠲᠡᠢ ᠪᠡᠨ ᠠᠭᠤᠯᠵᠠᠵᠤ ᠴᠢᠳᠠᠭ᠎ᠠ ᠦᠭᠡᠢ ᠰᠢᠦ ᠳᠡ》 ᠭᠡᠵᠦ ᠦᠷᠦ ᠡᠪᠡᠳᠦᠨ ᠪᠣᠳᠣᠵᠠᠢ᠃ ᠤᠳᠠᠯ ᠦᠭᠡᠢ ᠲᠡᠮᠦᠵᠢᠨ ᠲᠠᠢᠪᠤᠰᠢᠷᠠᠪᠠ᠃
— ᠬᠠᠰᠠᠷ ᠳᠡᠭᠦᠦ᠂ ᠴᠢ ᠮᠢᠨᠦ ᠨᠢᠯᠪᠤᠰᠤ ᠶ᠋ᠢ ᠳᠠᠬᠢᠵᠤ ᠦᠵᠡᠬᠦ ᠦᠭᠡᠢ ᠪᠢᠵᠡ ᠭᠡᠵᠦ ᠲᠡᠮᠦᠵᠢᠨ ᠳᠣᠲᠣᠨᠣ ᠰᠠᠢᠬᠠᠨ ᠢ᠋ᠶ᠋ᠠᠷ ᠢᠨᠢᠶᠡᠮᠰᠦᠭᠯᠡᠪᠡ᠃ ᠬᠥᠮᠦᠨ ᠦ᠌ ᠨᠤᠲᠤᠭ ᠤ᠋ᠨ ᠬᠦᠢᠲᠡᠨ ᠲᠩᠷᠢ ᠳᠣᠣᠷ᠎ᠠ ᠠᠬ᠎ᠠ ᠳᠡᠭᠦᠦ ᠬᠣᠶᠠᠷ ᠭᠤᠨᠢᠭ ᠲᠤ ᠠᠪᠲᠠᠨ ᠶᠠᠪᠤᠯ᠎ᠠ᠃ ᠦᠨᠡᠬᠡᠷ ᠭᠦᠨ ᠬᠠᠷ᠎ᠠ ᠲᠩᠷᠢ ᠶ᠋ᠢᠨ ᠡᠷᠦᠬᠡ ᠡᠴᠡ ᠥᠭᠡᠯᠦᠨ ᠦ᠌ ᠰᠦᠨᠡᠰᠦ ᠬᠥᠪᠡᠭᠦᠳ ᠦ᠋ᠨ ᠢ᠋ᠶ᠋ᠡᠨ ᠶᠠᠷᠢᠯᠴᠠᠬᠤ ᠶ᠋ᠢ ᠬᠠᠷᠠᠵᠤ ᠪᠠᠢᠯ᠎ᠠ᠃ ᠪᠤᠴᠠᠬᠤ ᠵᠠᠮ ᠳ᠋ᠠᠭᠠᠨ ᠲᠡᠮᠦᠵᠢᠨ ᠭᠡᠨᠡᠳᠲᠡ ᠮᠣᠷᠢᠨ ᠤ᠋ ᠠᠮᠠ ᠶ᠋ᠢ ᠲᠡᠳᠡᠨ ᠵᠣᠭᠰᠣᠭᠠᠳ᠄
— ᠬᠠᠰᠠᠷ ᠴᠢ ᠴᠢᠩ ᠦᠨᠡᠨ ᠢ᠋ᠶ᠋ᠡᠷ ᠬᠡᠯᠡᠭᠡᠴᠢ᠃ ᠪᠢ ᠡᠵᠢ ᠶ᠋ᠢ ᠪᠡᠨ ᠶᠡᠬᠡ ᠵᠣᠪᠠᠭᠠᠭᠰᠠᠨ ᠤᠤ? ᠭᠡᠵᠦ ᠭᠡᠨᠡᠳᠲᠡ ᠲᠤᠯᠭᠠᠨ ᠠᠰᠠᠭᠤᠪᠠ᠃ ᠬᠠᠰᠠᠷ ᠡᠨᠡ ᠠᠰᠠᠭᠤᠯᠲᠠ ᠳ᠋ᠤ᠌ ᠶᠠᠭᠤ ᠭᠡᠵᠦ ᠬᠠᠷᠢᠭᠤᠯᠬᠤ ᠪᠠᠨ ᠣᠯᠤᠭᠰᠠᠨ ᠦᠭᠡᠢ ᠬᠡᠰᠡᠭ ᠳᠠᠭᠤ ᠦᠭᠡᠢ ᠪᠣᠯᠵᠠᠢ᠃
— ᠡᠵᠢ ᠮᠠᠨᠢ ᠵᠣᠪᠠᠭᠰᠠᠨ ᠭᠡᠵᠦ ᠨᠢᠭᠡ ᠴᠦ᠍ ᠦᠭᠡ ᠳᠤᠤᠭᠠᠷᠤᠭᠰᠠᠨ ᠦᠭᠡᠢ ᠭᠡᠪᠡᠯ ᠲᠡᠮᠦᠵᠢᠨ ᠳᠠᠭᠤ ᠦᠭᠡᠢ ᠬᠡᠰᠡᠭ ᠶᠠᠪᠤᠭᠰᠠᠨ ᠢ᠋ᠶ᠋ᠠᠨ
— ᠡᠵᠢ ᠮᠢᠨᠢ ᠵᠣᠪᠠᠭᠰᠠᠨ ᠴᠦ᠍ ᠵᠣᠪᠠᠪᠠ ᠭᠡᠵᠦ ᠬᠡᠯᠡᠬᠦ ᠦᠭᠡᠢ ᠬᠠᠲᠠᠭᠤ ᠪᠡᠷᠬᠡ ᠰᠡᠳᠬᠢᠯ ᠲᠡᠢ ᠬᠥᠮᠦᠨ ᠯᠡ ᠳᠡ ᠭᠡᠵᠦ ᠪᠣᠳᠣᠯ ᠪᠣᠯᠤᠨ ᠰᠢᠪᠡᠨᠡᠬᠦ ᠶ᠋ᠢ ᠦᠵᠡᠪᠡᠯ ᠦᠳᠡᠯᠦᠭᠡ ᠡᠬᠡ ᠪᠡᠨ ᠦᠷᠦ ᠡᠪᠡᠳᠬᠦ ᠳ᠋ᠡᠭᠡᠨ ᠬᠠᠷᠠᠭᠤᠰᠤᠨ ᠭᠠᠰᠢᠭᠤᠳᠠᠵᠤ᠂ ᠥᠪᠡᠷ ᠢ᠋ ᠪᠡᠨ ᠵᠢᠮᠡᠯᠡᠵᠦ ᠪᠠᠢᠭ᠎ᠠ ᠨᠢ ᠢᠯᠡᠳᠲᠡ ᠪᠠᠢᠪᠠ᠃
ᠵᠠᠮ ᠤ᠋ᠨ ᠪᠢᠴᠢᠬᠠᠨ ᠲᠣᠯᠣᠭᠠᠢ ᠶ᠋ᠢᠨ ᠣᠷᠣᠢ ᠳ᠋ᠤ᠌ ᠲᠡᠳᠡ ᠬᠡᠰᠡᠭ ᠰᠠᠭᠠᠳᠠᠪᠠ᠃ ᠬᠥᠨᠳᠡᠢ ᠳᠦᠭᠦᠷᠡᠩ ᠶᠡᠬᠡ ᠴᠡᠷᠢᠭ ᠬᠤᠸᠠᠷᠠᠩᠨᠠᠨ ᠪᠠᠭᠤᠵᠤ ᠶᠡᠬᠡ ᠭᠡᠷᠡᠯ ᠳᠦᠷᠡᠯᠵᠡᠨ᠎ᠡ᠃ ᠡᠨᠳᠡ ᠳᠠᠷᠤᠢ ᠣᠯᠵᠠᠨ ᠤ᠋ ᠴᠡᠷᠢᠭ ᠲᠡᠢ ᠨᠡᠢᠯᠡᠭᠡᠳ ᠭᠤᠴᠢᠨ ᠲᠦᠮᠡᠨ ᠴᠡᠷᠢᠭ ᠯᠠᠪ ᠪᠣᠢ ᠠᠵᠢ᠃
— ᠬᠠᠰᠠᠷ ᠠ᠋᠂ ᠪᠢ ᠶᠡᠬᠡ ᠴᠡᠷᠢᠭ ᠢ᠋ᠶ᠋ᠡᠨ ᠲᠠᠲᠠᠵᠤ ᠠᠯᠲᠠᠨ ᠤᠯᠤᠰ ᠤ᠋ᠨ ᠬᠠᠭᠠᠨ ᠤ᠋ ᠨᠠᠢᠷᠠᠮᠳᠠᠬᠤ ᠪᠠᠷ ᠭᠤᠶᠤᠭᠰᠠᠨ ᠢ᠋ ᠵᠥᠪᠰᠢᠶᠡᠷᠡᠬᠦ ᠪᠡᠷ ᠰᠢᠢᠳᠦᠯ᠎ᠡ᠃ ᠭᠡᠪᠡᠴᠦ ᠪᠢ ᠴᠢᠮᠠᠶ᠋ᠢ ᠶᠠᠮᠠᠷ ᠦᠭᠡ ᠬᠡᠯᠡᠭᠰᠡᠨ ᠢ᠋ ᠰᠠᠨᠠᠵᠤ ᠪᠠᠢᠨ᠎ᠠ ᠭᠡᠵᠦ ᠲᠡᠮᠦᠵᠢᠨ ᠭᠡᠨᠡᠳᠲᠡ ᠣᠭᠲᠣ ᠥᠭᠡᠷ᠎ᠡ ᠵᠦᠢᠯ ᠬᠡᠯᠡᠬᠦ ᠶ᠋ᠢ ᠦᠵᠡᠪᠡᠯ ᠡᠬᠡ ᠶ᠋ᠢᠨ ᠲᠥᠯᠥᠭᠡ ᠰᠢᠨᠠᠯᠤᠭᠰᠠᠨ ᠨᠢ ᠬᠤᠳᠠᠯ ᠮᠡᠲᠦ ᠲᠡᠷᠡ ᠳᠣᠣᠷ᠎ᠠ ᠪᠠᠨ ᠳᠦᠷᠢ ᠨᠢ ᠬᠤᠪᠢᠷᠠᠨ ᠥᠭᠡᠷᠡᠴᠢᠯᠡᠭᠳᠡᠵᠡᠢ᠃
— ᠣᠳᠣ ᠪᠢᠳᠡ ᠡᠨᠡ ᠡᠷᠴᠢ ᠪᠡᠷ ᠵᠥᠩᠲᠦ ᠪᠠᠯᠭᠠᠰᠤ ᠶ᠋ᠢ ᠡᠵᠡᠯᠡᠪᠡᠯ ᠵᠣᠬᠢᠨ᠎ᠠ᠃ ᠠᠯᠲᠠᠨ ᠬᠠᠭᠠᠨ ᠤ᠋ ᠵᠢᠭᠤᠲᠠᠵᠤ ᠣᠴᠢᠭᠰᠠᠨ ᠪᠢᠶᠠᠨᠵᠢᠩ ᠢ᠋ ᠴᠦ᠍ ᠡᠵᠡᠯᠡᠨ ᠠᠪᠤᠶ᠎ᠠ᠃ ᠠᠯᠲᠠᠨ ᠤᠯᠤᠰ ᠲᠤ ᠠᠮᠢᠰᠬᠤᠬᠤ ᠵᠠᠢ ᠥᠭᠴᠦ ᠨᠠᠢᠷᠠᠮᠳᠠᠪᠠᠯ ᠡᠪᠦᠭᠡ ᠳᠡᠭᠡᠳᠦᠰ ᠦ᠋ᠨ ᠰᠦᠨᠡᠰᠦ ᠪᠢᠳᠡᠨ ᠢ᠋ ᠯᠠᠪ ᠲᠠᠭᠠᠰᠢᠶᠠᠬᠤ ᠦᠭᠡᠢ᠃ ᠠᠯᠲᠠᠨ ᠤᠯᠤᠰ ᠢ᠋ ᠳᠠᠭᠠᠭᠤᠯᠤᠨ ᠠᠪᠬᠤ ᠴᠡᠷᠢᠭ ᠢ᠋ ᠨᠠᠳᠠᠳᠤ ᠥᠭ ᠭᠡᠵᠦ ᠬᠠᠰᠠᠷ ᠡᠷᠡᠰᠬᠡᠨ ᠬᠡᠯᠡᠵᠡᠢ᠃
— ᠬᠠᠰᠠᠷ ᠴᠢ ᠲᠦᠷ ᠬᠦᠯᠢᠶᠡ᠃ ᠪᠢ ᠥᠭᠡᠷ᠎ᠡ ᠶ᠋ᠢ ᠪᠣᠳᠣᠵᠤ ᠪᠠᠢᠨ᠎ᠠ᠃ ᠠᠯᠲᠠᠨ ᠬᠠᠭᠠᠨ ᠤ᠋ ᠣᠷᠣᠩᠨᠠᠨ ᠰᠠᠭᠤᠭ᠎ᠠ ᠪᠢᠶᠠᠨᠵᠢᠩ ᠪᠣᠭᠣᠮᠲᠠ ᠶ᠋ᠢ ᠡᠵᠡᠯᠡᠬᠦ ᠳ᠋ᠦ᠍ ᠲᠡᠢᠮᠦ ᠬᠢᠯᠪᠠᠷ ᠪᠢᠰᠢ᠃ ᠮᠢᠨᠦ ᠴᠡᠷᠢᠭ ᠢᠯᠠᠭᠰᠠᠭᠠᠷ ᠶᠠᠳᠠᠷᠠᠵᠤ ᠪᠠᠢᠨ᠎ᠠ᠃ ᠴᠡᠷᠢᠭ ᠦ᠋ᠳ ᠲᠤ ᠣᠯᠵᠠᠨ ᠳ᠋ᠠᠭᠠᠨ ᠰᠡᠳᠬᠢᠯ ᠬᠠᠩᠬᠤ ᠪᠠᠬᠠᠷᠬᠠᠬᠤ ᠴᠠᠭ ᠬᠡᠷᠡᠭᠲᠡᠢ ᠪᠠᠢᠨ᠎ᠠ᠃ ᠡᠨᠡ ᠬᠦᠷᠲᠡᠯ᠎ᠡ ᠲᠡᠮᠡᠴᠡᠵᠦ ᠡᠷᠡᠭᠦᠯ ᠪᠡᠶ᠎ᠡ ᠪᠡᠨ ᠵᠣᠪᠠᠭᠠᠭᠰᠠᠨ ᠲᠡᠳᠡᠨ ᠳ᠋ᠦ᠍ ᠢᠯᠠᠯᠲᠠ ᠪᠠᠨ ᠠᠮᠲᠠᠷᠬᠠᠨ ᠬᠦᠯᠬᠦᠬᠦ ᠪᠣᠯᠤᠮᠵᠢ ᠣᠯᠭᠣᠶ᠎ᠠ᠃ ᠳᠠᠷᠠᠭ᠎ᠠ ᠶ᠋ᠢᠨ ᠲᠡᠢᠨ ᠳ᠋ᠦ᠍ ᠲᠡᠳᠡ ᠤᠯᠠᠮ ᠴᠦ᠍ ᠡᠷᠴᠢ ᠬᠦᠴᠦᠲᠡᠢ᠂ ᠰᠢᠨᠤᠭᠯᠠᠨ ᠣᠷᠣᠬᠤ ᠪᠣᠯᠤᠨ᠎ᠠ᠃ ᠠᠯᠲᠠᠨ ᠬᠠᠭᠠᠨ ᠦᠯᠡᠳᠡᠭᠰᠡᠨ ᠴᠥᠭᠡᠨ ᠪᠠᠯᠭᠠᠰᠤ ᠪᠠᠨ ᠰᠠᠢᠨ ᠬᠠᠮᠠᠭᠠᠯᠠᠵᠤ ᠲᠡᠨᠳᠡ ᠪᠡᠨ ᠲᠦᠭᠵᠢᠭᠳᠡᠨ ᠰᠠᠭᠤᠵᠤ ᠪᠠᠢᠭ᠃ ᠡᠭᠦᠨ ᠦ᠌ ᠮᠠᠭᠤ ᠭᠡᠵᠦ ᠦᠭᠡᠢ᠃ ᠠᠯᠲᠠᠨ ᠬᠠᠭᠠᠨ ᠬᠦᠰᠡᠭᠰᠡᠨ ᠬᠦᠰᠡᠭᠡ ᠦᠭᠡᠢ ᠡᠨᠡ ᠵᠥᠩᠲᠦ ᠶ᠋ᠢ ᠨᠠᠳᠠᠳᠤ ᠥᠭᠬᠦ ᠪᠣᠯᠤᠨ᠎ᠠ᠃ ᠭᠤᠶᠤᠯᠭᠠᠵᠤ ᠠᠪᠤᠪᠠᠯ ᠠᠮᠲᠠᠲᠠᠢ ᠪᠤᠰᠤ ᠤᠤ? ᠬᠠᠷᠢᠨ ᠪᠢ ᠴᠢᠮᠠᠲᠤ ᠵᠡᠭᠦᠨ ᠭᠠᠷ ᠤ᠋ᠨ ᠴᠡᠷᠢᠭ ᠢ᠋ ᠥᠭᠭᠦᠶ᠎ᠡ᠃ ᠴᠢ ᠳᠠᠯᠠᠢ ᠶ᠋ᠢᠨ ᠡᠷᠭᠢ ᠶ᠋ᠢ ᠬᠢᠵᠢᠨ ᠶᠠᠪᠤᠵᠤ ᠠᠯᠲᠠᠨ ᠤᠯᠤᠰ ᠤ᠋ᠨ ᠪᠣᠬᠤᠨᠡ ᠶᠡᠬᠡ ᠪᠣᠭᠣᠮᠲᠠ ᠶ᠋ᠢ ᠳᠠᠢᠯᠠᠨ ᠠᠪᠤᠭᠲᠤᠨ᠃ ᠲᠡᠭᠦᠨ ᠦ᠌ ᠡᠮᠦᠨ᠎ᠡ ᠠᠯᠲᠠᠨ ᠤᠯᠤᠰ ᠤ᠋ᠨ ᠬᠣᠢᠲᠤ ᠨᠡᠢᠰᠯᠡᠯ ᠪᠠᠢᠬᠢᠩ ᠪᠠᠯᠭᠠᠰᠤ ᠶ᠋ᠢ ᠳᠠᠢᠯᠠᠭᠲᠤᠨ᠃ ᠲᠡᠭᠡᠭᠡᠳ ᠴᠠᠭᠠᠰᠢ ᠪᠠᠢᠯᠳᠤᠨ ᠡᠵᠡᠯᠡᠮᠡᠷ ᠪᠠᠢᠪᠠᠯ ᠬᠦᠰᠡᠭᠰᠡᠨ ᠢ᠋ᠶ᠋ᠡᠷ ᠶᠠᠪᠤᠭᠲᠤᠨ᠃ ᠳᠠᠭᠠᠵᠤ ᠡᠯᠰᠡᠭᠰᠡᠨ ᠢ᠋ ᠪᠦᠦ ᠲᠦᠢᠪᠡᠭᠡ᠃ ᠬᠡᠳᠦᠢ ᠲᠠᠲᠠᠪᠤᠷᠢ ᠠᠪᠬᠤ ᠶ᠋ᠢ ᠴᠢ ᠮᠡᠳᠡ᠃ ᠪᠢ ᠡᠨᠳᠡ ᠡᠴᠡ ᠪᠤᠴᠠᠨ᠎ᠠ᠃ ᠴᠢ ᠥᠪᠡᠷ ᠦ᠋ᠨ ᠬᠦᠰᠡᠯ ᠢ᠋ᠶ᠋ᠡᠷ ᠶᠠᠪᠤᠵᠤ ᠬᠢᠲᠠᠳ ᠭᠠᠵᠠᠷ ᠤ᠋ᠨ ᠵᠡᠭᠦᠨ ᠬᠣᠢᠨ᠎ᠠ ᠦᠯᠡᠳᠡᠭᠰᠡᠨ ᠪᠦᠬᠦ ᠨᠤᠲᠤᠭ᠂ ᠬᠣᠲᠠ ᠪᠠᠯᠭᠠᠰᠤ ᠶ᠋ᠢ ᠡᠵᠡᠯᠡᠨ ᠠᠪᠤᠭᠠᠳ ᠶᠡᠬᠡ ᠣᠷᠳᠣᠨ ᠳ᠋ᠠᠭᠠᠨ ᠪᠤᠴᠠᠵᠤ ᠢᠷ᠎ᠡ᠃ ᠪᠢᠳᠡ ᠴᠢᠮᠠᠶ᠋ᠢ ᠬᠦᠯᠢᠶᠡᠵᠦ ᠰᠠᠭᠤᠶ᠎ᠠ᠃
ᠬᠠᠰᠠᠷ ᠤ᠋ᠨ ᠴᠢᠷᠠᠢ ᠭᠡᠢᠵᠦ᠂ ᠲᠡᠮᠦᠵᠢᠨ ᠦ᠌ ᠡᠨᠡ ᠦᠭᠡ ᠶ᠋ᠢ ᠰᠡᠳᠬᠢᠯ ᠳᠣᠭᠳᠣᠯᠤᠨ ᠲᠠᠯᠠᠷᠬᠠᠨ ᠬᠦᠯᠢᠶᠡᠨ ᠠᠪᠤᠭᠠᠳ ᠲᠡᠰᠬᠡᠯ ᠦᠭᠡᠢ ᠢᠨᠢᠶᠡᠮᠰᠦᠭᠯᠡᠪᠡ᠃ ᠲᠡᠮᠦᠵᠢᠨ ᠳ᠋ᠦ᠍ ᠬᠡᠯᠡᠨ᠎ᠡ ᠭᠡᠵᠦ ᠵᠠᠮ ᠳ᠋ᠠᠭᠠᠨ ᠴᠡᠭᠡᠵᠢᠯᠡᠵᠦ ᠢᠷᠡᠭᠰᠡᠨ ᠪᠦᠬᠦ ᠦᠭᠡᠰ ᠬᠣᠷᠣᠮ ᠤ᠋ᠨ ᠳᠣᠲᠣᠷ᠎ᠠ ᠬᠡᠢᠰᠦᠨ ᠮᠠᠷᠲᠠᠭᠳᠠᠪᠠ᠃ ᠡᠨᠡ ᠪᠣᠯ ᠲᠡᠮᠦᠵᠢᠨ ᠠᠯᠲᠠᠨ ᠤᠯᠤᠰ ᠤ᠋ᠨ ᠵᠡᠭᠦᠨ ᠬᠣᠢᠲᠤ ᠨᠤᠲᠤᠭ ᠢ᠋ ᠬᠠᠰᠠᠷ ᠲᠤ ᠨᠠᠢᠷ ᠲᠠᠯᠪᠢᠨ ᠥᠭᠭᠦᠭᠰᠡᠨ ᠬᠡᠷᠡᠭ ᠪᠠᠢᠪᠠ᠃ ᠬᠠᠰᠠᠷ ᠤ᠋ᠨ ᠡᠬᠡ ᠶ᠋ᠢᠨ ᠢ᠋ᠶ᠋ᠡᠨ ᠲᠣᠯᠣᠭᠠᠢ ᠶ᠋ᠢ ᠲᠦᠰᠢᠭᠰᠡᠨ ᠦ᠌ ᠱᠠᠩ᠂ ᠪᠠᠰᠠ ᠲᠡᠮᠦᠵᠢᠨ ᠥᠭᠡᠯᠦᠨ ᠡᠬᠡ ᠶ᠋ᠢᠨ ᠢ᠋ᠶ᠋ᠡᠨ ᠡᠴᠦᠰ ᠦ᠋ᠨ ᠦᠭᠡ ᠶ᠋ᠢ ᠤᠬᠠᠭᠠᠷᠠᠵᠤ ᠣᠢᠯᠠᠭᠠᠭᠰᠠᠨ ᠤ᠋ ᠪᠠᠲᠤᠯᠠᠭ᠎ᠠ ᠡᠨᠡ ᠶᠦᠮ᠃
ᠡᠢᠮᠦ ᠵᠠᠷᠯᠢᠭ ᠪᠠᠭᠤᠯᠭᠠᠭᠰᠠᠨ ᠢ᠋ᠶ᠋ᠠᠷ ᠶᠠᠭᠤᠲᠠᠢ ᠴᠤ᠌ ᠲᠡᠮᠦᠵᠢᠨ ᠳᠡᠭᠦᠦ ᠬᠠᠰᠠᠷ ᠤ᠋ᠨ ᠡᠮᠦᠨ᠎ᠡ ᠪᠤᠷᠤᠭᠤ ᠲᠠᠢ ᠪᠠᠨ ᠬᠦᠯᠢᠶᠡᠵᠦ ᠮᠥᠨ ᠡᠨᠡ ᠪᠤᠷᠤᠭᠤ ᠪᠠᠨ ᠴᠠᠢᠷᠠᠭᠤᠯᠬᠤ ᠴᠢᠩ ᠬᠦᠰᠡᠯ ᠲᠡᠢ ᠪᠠᠢᠭ᠎ᠠ ᠪᠠᠨ ᠢᠯᠡᠷᠬᠡᠢᠯᠡᠵᠡᠢ᠃ ᠲᠡᠮᠦᠵᠢᠨ ᠳ᠋ᠦ᠍ ᠡᠭᠦᠨ ᠡᠴᠡ ᠥᠭᠡᠷ᠎ᠡ ᠪᠡᠷ ᠪᠤᠷᠤᠭᠤ ᠪᠠᠨ ᠭᠡᠮᠰᠢᠬᠦ ᠠᠷᠭ᠎ᠠ ᠣᠯᠳᠠᠭᠰᠠᠨ ᠦᠭᠡᠢ᠃ ᠲᠡᠮᠦᠵᠢᠨ ᠦ᠌ ᠡᠨᠡ ᠴᠠᠭᠠᠳᠤ ᠳᠠᠯᠳᠠ ᠰᠠᠨᠠᠭ᠎ᠠ ᠶ᠋ᠢ ᠬᠠᠰᠠᠷ ᠰᠢᠭᠤᠳ ᠣᠢᠯᠠᠭᠠᠨ ᠪᠠᠶᠠᠷᠯᠠᠪᠠ᠃ ᠲᠡᠮᠦᠵᠢᠨ ᠬᠠᠰᠠᠷ ᠲᠤ ᠬᠡᠵᠢᠶ᠎ᠡ ᠴᠦ᠍ ᠢᠩᠭᠢᠵᠦ ᠥᠭᠭᠢᠶᠡᠮᠦᠷ ᠵᠠᠩᠨᠠᠵᠤ ᠪᠠᠢᠭᠰᠠᠨ ᠦᠭᠡᠢ᠃ ᠵᠡᠭᠦᠨ ᠬᠣᠢᠲᠤ ᠬᠢᠲᠠᠳ ᠢ᠋ ᠥᠪᠡᠷ ᠦ᠋ᠨ ᠳᠤᠷ᠎ᠠ ᠪᠠᠷ ᠡᠵᠡᠯᠡᠬᠦ ᠶ᠋ᠢ ᠵᠥᠪᠰᠢᠶᠡᠷᠡᠭᠰᠡᠨ ᠨᠢ ᠬᠠᠰᠠᠷ ᠪᠣᠯᠤᠭᠠᠳ ᠲᠡᠭᠦᠨ ᠦ᠌ ᠬᠥᠪᠡᠭᠦᠳ ᠦ᠋ᠨ ᠭᠠᠪᠢᠶ᠎ᠠ ᠵᠢᠳᠬᠦᠯ ᠢ᠋ ᠦᠨᠡᠯᠡᠭᠰᠡᠨ ᠬᠡᠷᠡᠭ ᠪᠠᠢᠯ᠎ᠠ᠃ ᠠᠯᠲᠠᠨ ᠤᠯᠤᠰ ᠤ᠋ᠨ ᠡᠵᠡᠯᠡᠭᠳᠡᠭᠰᠡᠨ ᠨᠤᠲᠤᠭ ᠢ᠋ ᠬᠥᠪᠡᠭᠦᠳ ᠦ᠋ᠨ ᠬᠠᠮᠲᠤ ᠡᠵᠡᠮᠰᠢᠨ ᠰᠠᠭᠤᠬᠤ ᠶ᠋ᠢ ᠲᠡᠮᠦᠵᠢᠨ ᠡᠴᠡ ᠱᠠᠭᠠᠷᠳᠠᠬᠤ ᠪᠠᠷ ᠬᠠᠰᠠᠷ ᠰᠠᠶᠢ ᠢᠷᠡᠬᠦ ᠵᠠᠮ ᠳ᠋ᠠᠭᠠᠨ ᠬᠠᠲᠠᠭᠤ ᠰᠢᠢᠳᠦᠭᠰᠡᠨ ᠪᠠᠢᠪᠠ᠃ ᠭᠡᠲᠡᠯ᠎ᠡ ᠲᠡᠭᠦᠨ ᠦ᠌ ᠡᠨᠡ ᠰᠠᠨᠠᠭ᠎ᠠ ᠶ᠋ᠢ ᠲᠡᠮᠦᠵᠢᠨ ᠭᠠᠢᠬᠠᠯᠲᠠᠢ ᠳᠠᠭᠠᠵᠠᠢ᠃ ᠬᠠᠰᠠᠷ ᠲᠤᠢᠯ ᠤ᠋ᠨ ᠪᠠᠶᠠᠷᠲᠠᠢ ᠪᠣᠯᠵᠤ ᠪᠦᠷ ᠲᠡᠰᠬᠡᠯ ᠦᠭᠡᠢ ᠲᠡᠷᠡ ᠰᠥᠨᠢ ᠪᠡᠨ ᠣᠢᠷ᠎ᠠ ᠪᠠᠢᠭᠰᠠᠨ ᠥᠪᠡᠷ ᠦ᠋ᠨ ᠬᠦᠷᠢᠶ᠎ᠡ ᠤᠷᠤᠭᠤ ᠳᠠᠪᠬᠢᠵᠠᠢ᠃ ᠡᠢᠮᠦ ᠪᠠᠶᠠᠷᠲᠤ ᠮᠡᠳᠡᠭᠡ ᠶ᠋ᠢ ᠶᠡᠬᠦ᠂ ᠶᠢᠰᠦᠩᠬᠡᠢ ᠬᠣᠶᠠᠷ ᠲᠠᠭᠠᠨ ᠳᠣᠭᠣᠯᠭᠠᠬᠤ ᠭᠡᠬᠦ ᠡᠴᠡ ᠲᠡᠷᠡ ᠪᠠᠢᠵᠤ ᠶᠠᠳᠠᠵᠠᠢ᠃
ᠬᠠᠷᠢᠨ ᠲᠡᠮᠦᠵᠢᠨ ᠥᠪᠡᠷ ᠦ᠋ᠨ ᠢ᠋ᠶ᠋ᠡᠨ ᠬᠠᠰᠠᠷ ᠲᠤ᠌ ᠥᠷᠢᠲᠡᠢ ᠭᠡᠵᠦ ᠦᠨᠡᠨ ᠰᠡᠳᠬᠢᠯ ᠡᠴᠡ ᠪᠣᠳᠣᠭᠰᠠᠨ ᠪᠢᠯᠡ᠃ ᠲᠡᠭᠡᠵᠦ ᠪᠣᠳᠣᠭᠰᠠᠨ ᠤᠴᠢᠷ ᠠ᠋ᠴᠠ ᠭᠤᠷᠪᠠᠨ ᠬᠥᠪᠡᠭᠦᠨ ᠢ᠋ᠶ᠋ᠡᠨ ᠴᠡᠷᠢᠭ ᠵᠠᠬᠢᠷᠤᠭᠤᠯᠤᠨ ᠮᠣᠷᠳᠠᠭᠤᠯᠬᠤ ᠪᠠᠷ ᠰᠢᠢᠳᠦᠭᠰᠡᠨ ᠡᠴᠡ ᠤᠬᠤᠷᠢᠵᠤ ᠵᠡᠭᠦᠨ ᠬᠣᠢᠲᠤ ᠬᠢᠲᠠᠳ ᠢ᠋ ᠬᠠᠰᠠᠷ ᠲᠤ᠌ ᠨᠠᠢᠷ ᠲᠠᠯᠪᠢᠨ ᠥᠭᠴᠡᠢ᠃
ᠬᠠᠰᠠᠷ ᠤ᠋ᠨ ᠠᠮᠢ ᠨᠠᠰᠤ ᠶ᠋ᠢ ᠲᠡᠮᠦᠵᠢᠨ ᠳ᠋ᠦ᠍ ᠳᠠᠭᠠᠳᠬᠠᠵᠤ ᠲᠡᠭᠦᠨ ᠢ᠋ ᠬᠡᠵᠢᠶ᠎ᠡ ᠦᠬᠦᠭᠦᠯᠬᠦ ᠶ᠋ᠢ ᠴᠢᠩᠭᠢᠰ ᠬᠠᠭᠠᠨ ᠤ᠋ ᠬᠦᠰᠡᠯ ᠵᠣᠷᠢᠭ ᠮᠡᠳᠡᠬᠦ ᠬᠡᠷᠡᠭ ᠭᠡᠰᠡᠨ ᠨᠢ ᠥᠭᠡᠯᠦᠨ ᠡᠬᠡ ᠶ᠋ᠢᠨ ᠰᠡᠭᠦᠯᠴᠢ ᠶ᠋ᠢᠨ ᠭᠡᠷᠢᠶᠡᠰ ᠶᠦᠮ᠃ ᠡᠨᠡ ᠪᠣᠯ ᠣᠳᠣ ᠬᠠᠰᠠᠷ ᠢ᠋ ᠦᠬᠦᠭᠦᠯᠪᠡ ᠭᠡᠳ ᠥᠭᠡᠯᠦᠨ ᠡᠬᠡ ᠨᠢ ᠬᠡᠵᠢᠶ᠎ᠡ ᠴᠦ᠍ ᠲᠡᠮᠦᠵᠢᠨ ᠢ᠋ ᠵᠢᠮᠡᠯᠡᠬᠦ ᠦᠭᠡᠢ ᠭᠡᠰᠡᠨ ᠦᠭᠡ ᠪᠠᠢᠪᠠ᠃ ᠢᠩᠭᠢᠵᠦ ᠦᠵᠡᠭᠰᠡᠨ ᠡᠴᠡ ᠲᠡᠮᠦᠵᠢᠨ ᠬᠠᠰᠠᠷ ᠲᠤ᠌ ᠡᠢᠨ ᠥᠭᠭᠢᠶᠡᠮᠦᠷ ᠵᠠᠩᠨᠠᠭᠰᠠᠨ ᠪᠢᠯᠡ᠃ ᠡᠭᠦᠨ ᠡᠴᠡ ᠥᠭᠡᠷ᠎ᠡ ᠵᠥᠪ ᠵᠠᠮ ᠲᠡᠮᠦᠵᠢᠨ ᠳ᠋ᠦ᠍ ᠪᠠᠢᠭᠰᠠᠨ ᠦᠭᠡᠢ᠃ ᠥᠭᠡᠯᠦᠨ ᠡᠬᠡ ᠶ᠋ᠢᠨ ᠦᠬᠦᠯ ᠲᠡᠮᠦᠵᠢᠨ ᠪᠣᠯᠤᠭᠠᠳ ᠬᠠᠰᠠᠷ ᠤ᠋ᠨ ᠰᠡᠳᠬᠢᠯ ᠦ᠋ᠨ ᠳᠣᠲᠣᠷ᠎ᠠ ᠭᠦᠨ ᠥᠭᠡᠷᠡᠴᠢᠯᠡᠯᠲᠡ ᠭᠠᠷᠭᠠᠵᠠᠢ᠃ ᠡᠬᠡ ᠶ᠋ᠢᠨ ᠪᠡᠶ᠎ᠡ ᠰᠡᠳᠬᠢᠯ ᠦ᠋ᠨ ᠬᠦᠴᠦ ᠪᠡᠷ ᠭᠠᠩᠨᠠᠭᠳᠠᠵᠤ ᠪᠠᠢᠭᠰᠠᠨ ᠠᠬ᠎ᠠ ᠳᠡᠭᠦᠦ ᠶ᠋ᠢᠨ ᠬᠣᠯᠪᠣᠭ᠎ᠠ ᠬᠠᠷᠢᠴᠠᠭ᠎ᠠ ᠲᠠᠰᠤᠷᠠᠬᠤ ᠠᠶᠤᠯ ᠢᠯᠡᠷᠬᠡᠢ ᠪᠣᠯᠬᠤ ᠶ᠋ᠢ ᠲᠡᠮᠦᠵᠢᠨ ᠣᠢᠯᠠᠭᠠᠵᠤ ᠪᠠᠢᠪᠠ᠃ ᠰᠡᠳᠬᠢᠯ ᠨᠢ ᠬᠢᠮᠤᠷᠠᠭᠰᠠᠨ ᠬᠠᠰᠠᠷ ᠶᠠᠭᠠᠬᠢᠵᠤ ᠴᠤ᠌ ᠠᠭᠠᠰᠢᠯᠠᠵᠤ ᠮᠡᠳᠡᠬᠦ ᠲᠤᠯᠠ ᠪᠠᠭᠤᠵᠤ ᠥᠭᠬᠦ ᠨᠢ ᠭᠠᠭᠴᠠ ᠵᠥᠪ ᠵᠠᠮ ᠶᠤᠮ᠃ ᠮᠥᠨ ᠬᠡᠷᠦᠯᠦᠨ ᠦ᠌ ᠬᠥᠪᠡᠭᠡᠨ ᠳ᠋ᠦ᠍ ᠪᠠᠢᠬᠤ ᠬᠠᠰᠠᠷ ᠤ᠋ᠨ ᠬᠦᠷᠢᠶᠡᠨ ᠳ᠋ᠦ᠍ ᠪᠣᠯᠤᠭᠰᠠᠨ ᠬᠣᠧᠡᠷᠵᠢᠨ ᠦ᠌ ᠦᠬᠦᠯ ᠦ᠋ᠨ ᠲᠤᠬᠠᠢ ᠮᠡᠳᠡᠭᠡ ᠶ᠋ᠢ ᠪᠥᠷᠲᠡ ᠲᠡᠷᠡ ᠳᠣᠣᠷ᠎ᠠ ᠨᠢ ᠲᠡᠮᠦᠵᠢᠨ ᠳ᠋ᠦ᠍ ᠢᠯᠡᠭᠡᠭᠰᠡᠨ ᠪᠢᠯᠡ᠃ ᠡᠬᠡ ᠶ᠋ᠢᠨ ᠪᠣᠯᠤᠭᠠᠳ ᠬᠣᠧᠡᠷᠵᠢᠨ ᠦ᠌ ᠦᠬᠦᠯ ᠳ᠋ᠦ᠍ ᠬᠠᠰᠠᠷ ᠶᠡᠬᠡ ᠴᠣᠴᠢᠷᠳᠠᠵᠤ ᠬᠢᠮᠤᠷᠠᠭᠰᠠᠨ ᠨᠢ ᠲᠡᠭᠦᠨ ᠦ᠌ ᠬᠡᠯᠡᠬᠦ ᠦᠭᠡ᠂ ᠬᠥᠳᠡᠯᠬᠦ ᠪᠠᠢᠳᠠᠯ ᠠ᠋ᠴᠠ ᠢᠯᠡᠳᠲᠡ ᠬᠠᠷᠠᠭᠳᠠᠵᠤ ᠪᠠᠢᠯ᠎ᠠ᠃ ᠶᠠᠭ ᠡᠢᠮᠦ ᠦᠶ᠎ᠡ ᠳ᠋ᠦ᠍ ᠲᠡᠮᠦᠵᠢᠨ ᠬᠠᠰᠠᠷ ᠤ᠋ᠨ ᠠᠶ᠎ᠠ ᠶ᠋ᠢ ᠳᠠᠭᠠᠵᠤ᠂ ᠲᠡᠭᠦᠨ ᠳ᠋ᠦ᠍ ᠨᠠᠢᠷ ᠲᠠᠯᠪᠢᠨ ᠪᠤᠰᠤᠳ ᠠ᠋ᠴᠠ ᠳᠡᠭᠡᠭᠦᠷ ᠲᠦ᠍ ᠦᠵᠡᠭᠰᠡᠨ ᠨᠢ ᠦᠨᠡᠨ ᠳ᠋ᠡᠭᠡᠨ ᠬᠠᠰᠠᠷ ᠤ᠋ᠨ ᠬᠡᠯᠡᠶ᠎ᠡ ᠭᠡᠰᠡᠨ ᠢ᠋ ᠬᠠᠭᠠᠵᠤ᠂ ᠬᠢᠶ᠎ᠡ ᠭᠡᠰᠡᠨ ᠢ᠋ ᠵᠣᠭᠰᠣᠭᠠᠭᠰᠠᠨ ᠴᠠᠭ ᠢ᠋ᠶ᠋ᠠᠨ ᠣᠯᠤᠭᠰᠠᠨ ᠭᠠᠷᠴᠠᠭ᠎ᠠ ᠦᠭᠡᠢ ᠵᠥᠪ ᠰᠢᠢᠳᠪᠦᠷᠢ ᠶᠦᠮ᠃ ᠬᠢᠲᠠᠳ ᠤ᠋ᠨ ᠵᠡᠭᠦᠨ ᠬᠣᠢᠲᠤ ᠨᠤᠲᠤᠭ ᠤ᠋ᠨ ᠬᠣᠲᠠ ᠨᠤᠭᠤᠳ ᠲᠡᠷᠡ ᠲᠡᠢ ᠲᠡᠷᠡ ᠦᠭᠡᠢ ᠡᠰᠡᠷᠭᠦᠴᠡᠨ ᠲᠡᠮᠡᠴᠡᠬᠦ ᠬᠦᠴᠦ ᠥᠬᠡᠢ᠂ ᠠᠯᠲᠠᠨ ᠬᠠᠭᠠᠨ ᠤ᠋ ᠶᠡᠬᠡ ᠢᠯᠠᠭᠳᠠᠯ ᠤ᠋ᠨ ᠲᠤᠤᠯᠶᠶᠠᠨ ᠳ᠋ᠤ᠌ ᠳᠠᠭᠠᠵᠤ ᠣᠷᠣᠬᠤ ᠨᠢ ᠭᠠᠷᠴᠠᠭ᠎ᠠ ᠦᠭᠡᠢ᠃ ᠬᠠᠰᠠᠷ ᠢ᠋ ᠢᠩᠭᠢᠵᠦ ᠡᠷᠭᠦᠮᠵᠢᠯᠡᠨ ᠶᠠᠪᠤᠭᠤᠯᠵᠤ ᠭᠡᠮᠡᠨ ᠥᠭᠡᠯᠦᠨ ᠡᠬᠡ ᠶ᠋ᠢᠨ ᠰᠡᠳᠬᠢᠯ ᠠᠮᠤᠷᠵᠢᠨ ᠪᠡᠶᠡᠰᠦᠨ᠎ᠡ ᠭᠡᠵᠦ ᠲᠡᠮᠦᠵᠢᠨ ᠢᠲᠡᠭᠡᠵᠡᠢ᠃ ᠰᠢᠯᠦᠰᠦ ᠪᠡᠷ ᠪᠣᠯᠪᠠᠴᠤ ᠤᠮᠳᠠᠯᠠᠵᠤ᠂ ᠰᠢᠷᠪᠥᠰᠥ ᠪᠡᠷ ᠪᠣᠯᠪᠠᠴᠤ ᠬᠣᠭᠣᠯᠠᠯᠠᠨ ᠪᠠᠢᠵᠤ ᠥᠰᠬᠡᠵᠦ ᠡᠳᠦᠢ ᠵᠡᠷᠭᠡ ᠳ᠋ᠦ᠍ ᠬᠦᠷᠭᠡᠭᠰᠡᠨ ᠥᠭᠡᠯᠦᠨ ᠡᠬᠡ ᠶ᠋ᠢᠨ ᠢ᠋ᠶ᠋ᠡᠨ ᠠᠴᠢ ᠶ᠋ᠢ ᠬᠠᠷᠢᠭᠤᠯᠬᠤ ᠨᠢ ᠬᠠᠰᠠᠷ ᠢ᠋ ᠡᠷᠭᠦᠮᠵᠢᠯᠡᠨ ᠦᠵᠡᠬᠦ ᠲᠡᠢ ᠠᠳᠠᠯᠢ ᠪᠣᠯᠬᠤ ᠶ᠋ᠢ ᠡᠬᠡ ᠶ᠋ᠢᠨ ᠢ᠋ᠶ᠋ᠡᠨ ᠰᠡᠭᠦᠯᠴᠢ ᠶ᠋ᠢᠨ ᠦᠭᠡᠨ ᠡᠴᠡ ᠲᠡᠮᠦᠵᠢᠨ ᠣᠢᠯᠠᠭᠠᠵᠤ ᠮᠡᠳᠡᠵᠡᠢ᠃ ᠡᠬᠡ ᠨᠢ ᠬᠡᠳᠦᠢ ᠦᠬᠦᠭᠰᠡᠨ ᠴᠦ᠍ ᠲᠡᠮᠦᠵᠢᠨ᠂ ᠬᠠᠰᠠᠷ ᠢ᠋ ᠠᠯᠠᠬᠤ ᠰᠠᠨᠠᠭᠠᠨ ᠠ᠋ᠴᠠ ᠪᠠᠨ ᠲᠦᠷ ᠪᠣᠯᠪᠠᠴᠤ ᠤᠬᠤᠷᠢᠪᠠ᠃ ᠭᠡᠪᠡᠴᠦ ᠡᠬᠡ ᠶ᠋ᠢᠨ ᠰᠡᠳᠬᠢᠯ ᠡᠴᠡ ᠭᠠᠳᠠᠨ᠎ᠠ ᠬᠠᠰᠠᠷ ᠤ᠋ᠨ ᠡᠷᠭᠦᠭᠰᠡᠨ ᠶᠡᠬᠡ ᠬᠦᠴᠦ ᠶ᠋ᠢ ᠦᠨᠡᠯᠡᠬᠦ ᠦᠭᠡᠢ ᠪᠠᠢᠵᠤ ᠶᠠᠭᠠᠬᠢᠵᠤ ᠪᠣᠯᠬᠤ ᠪᠣᠢ? ᠶᠡᠷᠦ ᠨᠢ ᠲᠡᠮᠦᠵᠢᠨ ᠳ᠋ᠦ᠍ ᠬᠠᠮᠤᠭ ᠤ᠋ᠨ ᠶᠡᠬᠡ ᠪᠡᠷ ᠵᠢᠳᠬᠦᠭᠰᠡᠨ ᠨᠢ ᠭᠠᠭᠴᠠ ᠬᠠᠰᠠᠷ ᠶᠤᠮ᠃ ᠬᠠᠰᠠᠷ ᠲᠠᠢ ᠡᠩ ᠲᠡᠩᠴᠡᠬᠦ ᠬᠥᠮᠦᠨ ᠦᠭᠡᠢ ᠪᠣᠯᠪᠠᠴᠤ ᠳᠡᠩᠳᠡᠭᠦᠦ ᠬᠦᠴᠦ ᠲᠡᠢ ᠪᠦᠷ ᠥᠪᠡᠷ ᠡᠴᠡ ᠨᠢ ᠢᠯᠡᠭᠦᠦ ᠬᠦᠴᠦ ᠲᠡᠢ ᠥᠷᠢᠰᠦᠯᠳᠦᠭᠴᠢ ᠶ᠋ᠢ ᠳᠡᠷᠭᠡᠳᠡ ᠪᠡᠨ ᠪᠠᠢᠯᠭᠠᠬᠤ ᠨᠢ ᠠᠮᠢ ᠪᠠᠨ ᠦᠷᠡᠬᠦ ᠰᠢᠭ ᠠᠶᠤᠯᠲᠠᠢ ᠶ᠋ᠢ ᠲᠡᠮᠦᠵᠢᠨ ᠬᠣᠷᠣᠮ ᠤ᠋ᠨ ᠲᠡᠳᠦᠢ ᠴᠦ᠍ ᠮᠠᠷᠲᠠᠭᠰᠠᠨ ᠦᠭᠡᠢ ᠶᠠᠪᠤᠵᠠᠢ᠃ ᠲᠡᠮᠦᠵᠢᠨ ᠦ᠌ ᠬᠡᠯᠡᠬᠦ ᠦᠭᠡ᠂ ᠬᠢᠬᠦ ᠦᠢᠯᠡ ᠶ᠋ᠢᠨ ᠬᠡᠮᠵᠢᠭᠦᠷ ᠰᠢᠯᠭᠠᠭᠤᠷ ᠨᠢ ᠬᠠᠰᠠᠷ ᠪᠢᠯᠡ᠃ ᠥᠭᠡᠯᠦᠨ ᠡᠬᠡ ᠶ᠋ᠢᠨ ᠶᠡᠬᠡ ᠠᠯᠳᠠᠷ ᠬᠦᠨᠳᠦ ᠣᠳᠣ ᠬᠠᠰᠠᠷ ᠲᠤ ᠰᠢᠯᠵᠢᠨ ᠢᠷᠡᠭᠰᠡᠨ ᠢ᠋ ᠲᠡᠮᠦᠵᠢᠨ ᠮᠡᠳᠡᠷᠡᠵᠡᠢ᠃ ᠥᠭᠡᠯᠦᠨ ᠡᠬᠡ ᠦᠭᠡᠢ ᠪᠣᠯ ᠬᠠᠰᠠᠷ ᠭᠠᠭᠴᠠᠭᠠᠷᠳᠠᠵᠤ ᠬᠦᠴᠦ ᠥᠬᠡᠢ ᠭᠠᠷ ᠤ᠋ᠨ ᠳᠣᠣᠷ᠎ᠠ ᠪᠣᠯᠤᠨ᠎ᠠ ᠭᠡᠵᠦ ᠲᠡᠮᠦᠵᠢᠨ ᠦ᠌ ᠪᠣᠳᠣᠵᠤ ᠶᠠᠪᠤᠭᠰᠠᠨ ᠨᠢ ᠶᠠᠮᠠᠷ ᠶᠡᠬᠡ ᠡᠨᠳᠡᠭᠦᠷᠡᠯ ᠪᠣᠯᠤᠭᠰᠠᠨ ᠢ᠋ ᠮᠡᠳᠡᠪᠡ᠃ ᠬᠠᠷᠢᠨ ᠬᠠᠰᠠᠷ ᠤ᠋ᠨ ᠡᠰᠡᠷᠭᠦᠴᠡᠨ ᠲᠡᠮᠡᠴᠡᠬᠦ᠂ ᠥᠷᠢᠰᠦᠯᠳᠦᠨ ᠮᠥᠴᠡᠭᠡᠷᠬᠡᠬᠦ ᠶᠡᠬᠡ ᠬᠦᠰᠡᠯ ᠢ᠋ ᠬᠠᠵᠠᠭᠠᠷᠯᠠᠨ ᠪᠠᠷᠢᠵᠤ ᠪᠠᠢᠭᠰᠠᠨ ᠬᠥᠮᠦᠨ ᠨᠢ ᠥᠭᠡᠯᠦᠨ ᠡᠬᠡ ᠨᠢ ᠪᠣᠯᠬᠤ ᠶ᠋ᠢ ᠲᠡᠮᠦᠵᠢᠨ ᠭᠣᠣᠯ ᠳ᠋ᠠᠭᠠᠨ ᠣᠷᠣᠲᠠᠯ᠎ᠠ ᠣᠢᠯᠠᠭᠠᠵᠤ ᠪᠠᠢᠪᠠ᠃ ᠣᠳᠣ ᠬᠠᠰᠠᠷ ᠲᠤ ᠠᠶᠤᠬᠤ ᠬᠥᠮᠦᠨ᠂ ᠢᠴᠢᠬᠦ ᠵᠦᠢᠯ ᠨᠢᠭᠡᠬᠡᠨ ᠴᠦ᠍ ᠦᠭᠡᠢ ᠪᠣᠯᠵᠠᠢ᠃ ᠡᠬᠡ ᠶ᠋ᠢ ᠪᠡᠨ ᠦᠬᠦᠮᠡᠭᠴᠡ ᠬᠠᠰᠠᠷ ᠶᠠᠭᠠᠬᠢᠵᠤ ᠬᠤᠪᠢᠷᠠᠵᠤ ᠥᠭᠡᠷᠡᠴᠢᠯᠡᠭᠳᠡᠬᠦ ᠶ᠋ᠢ ᠤᠬᠠᠭᠠᠨᠲᠤ ᠥᠭᠡᠯᠦᠨ ᠡᠬᠡ ᠨᠢ ᠮᠡᠳᠡᠵᠦ ᠪᠠᠢᠭᠰᠠᠨ ᠲᠤᠯᠠ《ᠠᠮᠢ ᠴᠢᠨᠢ ᠠᠬ᠎ᠠ ᠶ᠋ᠢᠨ ᠴᠢᠨᠢ ᠭᠠᠷ ᠲᠤ ᠪᠣᠢ》 ᠭᠡᠵᠦ ᠰᠡᠷᠡᠮᠵᠢᠯᠡᠭᠦᠯᠦᠨ ᠬᠡᠯᠡᠵᠡᠢ᠃ ᠲᠡᠷᠡ ᠤᠬᠠᠭᠠᠨᠲᠤ ᠡᠬᠡ ᠬᠥᠪᠡᠭᠦᠳ ᠦ᠋ᠨ ᠢ᠋ᠶ᠋ᠡᠨ ᠪᠣᠳᠣᠯ ᠰᠡᠳᠬᠢᠯ ᠢ᠋ ᠥᠪᠡᠷ ᠦ᠋ᠨ ᠠᠮᠢ ᠪᠡᠶ᠎ᠡ ᠰᠢᠭ ᠢ᠋ᠶ᠋ᠡᠨ ᠨᠡᠪᠲᠡ ᠮᠡᠳᠡᠳᠡᠭ ᠪᠠᠢᠭᠰᠠᠨ ᠢ᠋ ᠲᠡᠮᠦᠵᠢᠨ ᠣᠢᠯᠠᠭᠠᠭᠠᠳ ᠣᠳᠣ ᠲᠡᠷᠡ ᠥᠮᠥᠭᠯᠡᠨ ᠬᠠᠮᠠᠭᠠᠯᠠᠭᠴᠢ ᠡᠬᠡ ᠨᠢ ᠦᠭᠡᠢ ᠪᠣᠯᠤᠭᠰᠠᠨ ᠳ᠋ᠤ᠌ ᠬᠠᠷᠠᠮᠰᠠᠬᠤ ᠳ᠋ᠠᠭᠠᠨ ᠥᠷᠥᠭᠡᠨ ᠳ᠋ᠡᠭᠡᠨ ᠭᠠᠭᠴᠠᠭᠠᠷ ᠦᠯᠡᠳᠡᠭᠡᠳ ᠴᠢᠪ ᠴᠢᠮᠡᠭᠡ ᠦᠭᠡᠢ ᠠᠰᠬᠠᠷᠠᠭᠤᠯᠤᠨ ᠤᠬᠢᠯᠠᠵᠠᠢ᠃ ᠬᠠᠰᠠᠷ ᠤ᠋ᠨ ᠣᠮᠣᠭ ᠵᠣᠷᠢᠭ ᠥᠷᠢᠰᠦᠯᠳᠦᠬᠦ ᠠᠶᠤᠯ ᠠ᠋ᠴᠠ ᠠᠪᠤᠷᠠᠨ ᠬᠡᠯᠲᠦᠷᠢᠭᠦᠯᠦᠭᠰᠡᠨ ᠭᠠᠭᠴᠠ ᠠᠴᠢᠲᠠᠨ ᠪᠣᠯ ᠥᠭᠡᠯᠦᠨ ᠡᠬᠡ ᠨᠢ ᠪᠠᠢᠵᠠᠢ᠃ ᠲᠡᠢᠮᠦ ᠤᠴᠢᠷ ᠠ᠋ᠴᠠ ᠠᠴᠢᠲᠠᠢ ᠡᠬᠡ ᠶ᠋ᠢᠨ ᠢ᠋ᠶ᠋ᠡᠨ ᠡᠴᠦᠰ ᠦ᠋ᠨ ᠬᠦᠰᠡᠯ ᠢ᠋ ᠪᠡᠶᠡᠯᠡᠭᠦᠯᠬᠦ ᠭᠡᠰᠡᠨ ᠳ᠋ᠡᠭᠡᠨ ᠲᠡᠮᠦᠵᠢᠨ ᠥᠨᠥᠳᠥᠷ ᠵᠡᠭᠦᠨ ᠬᠣᠢᠲᠤ ᠬᠢᠲᠠᠳ ᠢ᠋ ᠬᠠᠰᠠᠷ ᠲᠤ ᠥᠭᠪᠡ᠃ ᠡᠭᠦᠨ ᠡᠴᠡ ᠥᠭᠡᠷ᠎ᠡ ᠴᠢᠳᠠᠬᠤ ᠶᠠᠭᠤᠮ᠎ᠠ ᠲᠡᠮᠦᠵᠢᠨ ᠳ᠋ᠦ᠍ ᠪᠠᠢᠭᠰᠠᠨ ᠦᠭᠡᠢ ᠪᠢᠯᠡ᠃ ᠲᠡᠮᠦᠵᠢᠨ ᠢᠩᠭᠢᠵᠦ ᠥᠪᠡᠷ ᠦ᠋ᠨ ᠬᠡᠦᠬᠡᠳ ᠨᠠᠰᠤ᠂ ᠬᠥᠮᠦᠨ ᠴᠢᠨᠠᠷ ᠤ᠋ᠨ ᠢ᠋ᠶ᠋ᠠᠨ ᠡᠮᠦᠨ᠎ᠡ ᠲᠦᠷ ᠵᠠᠭᠤᠷ᠎ᠠ ᠪᠠᠭᠤᠵᠤ ᠦᠭᠭᠦᠭᠰᠡᠨ ᠴᠦ᠍ ᠬᠣᠯᠠ ᠶ᠋ᠢᠨ ᠢᠵᠠᠭᠤᠷ ᠰᠠᠨᠠᠭ᠎ᠠ ᠪᠠᠨ ᠮᠠᠷᠲᠠᠭᠰᠠᠨ ᠦᠭᠡᠢ᠃ ᠲᠡᠢᠮᠦ ᠤᠴᠢᠷ ᠠ᠋ᠴᠠ ᠬᠠᠰᠠᠷ ᠤ᠋ᠨ ᠬᠠᠮᠲᠤ ᠥᠪᠡᠷ ᠦ᠋ᠨ ᠬᠠᠮᠤᠭ ᠤ᠋ᠨ ᠦᠨᠡᠨᠴᠢ ᠨᠣᠬᠠᠳ ᠪᠣᠯᠬᠤ ᠵᠥᠷᠴᠢᠳᠠᠢ᠂ ᠠᠯᠴᠢ᠂ ᠲᠤᠯᠤᠨ ᠴᠡᠷᠪᠢ ᠭᠤᠷᠪᠠ ᠶ᠋ᠢ ᠬᠠᠮᠲᠤ ᠢᠯᠡᠭᠡᠵᠡᠢ᠃ ᠲᠡᠷᠡ ᠭᠤᠷᠪᠠ ᠵᠡᠭᠦᠨ ᠵᠠᠮ ᠤ᠋ᠨ ᠴᠡᠷᠢᠭ ᠦ᠋ᠨ ᠢᠯᠠᠯᠲᠠ᠂ ᠠᠮᠵᠢᠯᠲᠠ ᠶ᠋ᠢ ᠪᠠᠲᠤᠯᠠᠬᠤ ᠠ᠋ᠴᠠ ᠭᠠᠳᠠᠨ᠎ᠠ ᠬᠠᠰᠠᠷ ᠪᠣᠯᠤᠭᠠᠳ ᠲᠡᠭᠦᠨ ᠦ᠌ ᠬᠥᠪᠡᠭᠦᠳ ᠢ᠋ ᠬᠢᠨᠠᠨ ᠰᠠᠬᠢᠬᠤ ᠡᠭᠦᠷᠭᠡ ᠶ᠋ᠢ ᠨᠢᠭᠤᠴᠠ ᠪᠠᠷ ᠬᠦᠯᠢᠶᠡᠵᠡᠢ᠃ ᠲᠡᠮᠦᠵᠢᠨ ᠢ᠋ ᠲᠣᠬᠢᠬᠤ ᠲᠡᠳᠦᠢ ᠳ᠋ᠦ᠍ ᠲᠥᠷᠥᠭᠰᠡᠨ ᠡᠴᠢᠭᠡ ᠪᠡᠨ ᠪᠣᠯᠪᠠᠴᠤ ᠤᠷᠠᠵᠤ ᠲᠠᠰᠤᠳᠠᠬᠤ ᠳ᠋ᠤ᠌ ᠪᠡᠯᠡᠨ ᠦᠨᠡᠨᠴᠢ ᠬᠥᠮᠦᠵᠢᠯ ᠲᠡᠢ ᠲᠡᠳᠡ ᠬᠡᠵᠢᠶ᠎ᠡ ᠴᠦ᠍ ᠬᠠᠰᠠᠷ ᠪᠣᠯᠤᠭᠠᠳ ᠲᠡᠭᠦᠨ ᠦ᠌ ᠬᠥᠪᠡᠭᠦᠳ ᠢ᠋ ᠬᠥᠨᠥᠭᠡᠬᠦ ᠳ᠋ᠦ᠍ ᠪᠡᠯᠡᠨ ᠪᠠᠢᠯ᠎ᠠ᠃ ᠭᠡᠪᠡᠴᠦ ᠲᠡᠮᠦᠵᠢᠨ ᠬᠠᠰᠠᠷ ᠢ᠋ ᠠᠯᠠᠬᠤ ᠰᠠᠨᠠᠭᠠᠨ ᠠ᠋ᠴᠠ ᠪᠠᠨ ᠤᠬᠤᠷᠢᠵᠠᠢ᠃ ᠣᠳᠣᠬᠠᠨ ᠳ᠋ᠠᠭᠠᠨ ᠬᠠᠰᠠᠷ ᠢ᠋ ᠠᠯᠠᠬᠤ ᠬᠤᠷᠴᠠ ᠰᠢᠯᠲᠠᠭᠠᠨ ᠬᠠᠷᠠᠭᠳᠠᠬᠤ ᠦᠭᠡᠢ ᠪᠠᠢᠪᠠ᠃ ᠪᠠᠰᠠ ᠬᠠᠰᠠᠷ ᠢ᠋ ᠲᠠᠢᠪᠤᠰᠢᠷᠠᠨ ᠳᠤᠭᠤᠯᠭᠠᠪᠤᠷᠢᠲᠠᠢ ᠪᠣᠯᠤᠨ᠎ᠠ ᠭᠡᠵᠦ ᠢᠲᠡᠭᠡᠵᠦ ᠪᠠᠢᠪᠠ᠃ ᠤᠴᠢᠷ ᠨᠢ ᠲᠡᠮᠦᠵᠢᠨ ᠬᠠᠰᠠᠷ ᠤ᠋ᠨ ᠬᠦᠰᠡᠭᠰᠡᠨ ᠢ᠋ᠶ᠋ᠡᠷ ᠲᠡᠭᠦᠨ ᠳ᠋ᠦ᠍ ᠠᠯᠲᠠᠨ ᠤᠯᠤᠰ ᠤ᠋ᠨ ᠵᠡᠭᠦᠨ ᠬᠣᠢᠲᠤ ᠨᠤᠲᠤᠭ ᠢ᠋ ᠦᠭᠭᠦᠭᠰᠡᠨ ᠪᠢᠯᠡ᠃
ᠬᠠᠰᠠᠷ ᠤ᠋ᠨ ᠲᠣᠯᠣᠭᠠᠢᠯᠠᠭᠰᠠᠨ ᠵᠡᠭᠦᠨ ᠵᠠᠮ ᠤ᠋ᠨ ᠴᠡᠷᠢᠭ ᠵᠥᠩᠲᠦ ᠶ᠋ᠢᠨ ᠲᠡᠷᠲᠡᠭᠡ ᠡᠴᠡ ᠵᠡᠭᠦᠨ ᠵᠦᠭ ᠳᠠᠯᠠᠢ ᠶ᠋ᠢᠨ ᠡᠷᠭᠢ ᠴᠢᠭᠯᠡᠨ ᠭᠤᠷᠪᠠᠨ ᠬᠡᠰᠡᠭ ᠢ᠋ᠶ᠋ᠡᠷ ᠴᠤᠪᠤᠷᠠᠨ ᠬᠥᠳᠡᠯᠵᠦ ᠪᠠᠢᠪᠠ᠃ ᠶᠡᠬᠡ ᠴᠡᠷᠢᠭ ᠢ᠋ ᠬᠣᠯᠠᠳᠠᠭᠰᠠᠨ ᠬᠣᠢᠨ᠎ᠠ ᠬᠠᠰᠠᠷ ᠲᠡᠮᠦᠵᠢᠨ ᠳ᠋ᠦ᠍ ᠶᠣᠰᠣᠯᠠᠭᠠᠳ ᠴᠡᠷᠢᠭ ᠦ᠋ᠨ ᠵᠦᠭ ᠳᠠᠪᠬᠢᠨ ᠣᠳᠪᠠ᠃ ᠴᠢᠩᠭᠢᠰ ᠬᠠᠭᠠᠨ ᠤ᠋ ᠭᠣᠣᠯ ᠵᠠᠮ ᠤ᠋ᠨ ᠴᠡᠷᠢᠭ ᠴᠦ᠍ ᠡᠬᠡ ᠨᠤᠲᠤᠭ ᠤ᠋ᠨ ᠵᠦᠭ ᠬᠥᠳᠡᠯᠵᠡᠢ᠃ ᠬᠣᠢᠲᠤ ᠵᠦᠭ ᠡᠴᠡ ᠨᠡᠭᠦᠬᠦ ᠡᠭᠦᠯᠡ ᠮᠡᠲᠦ ᠨᠥᠮᠥᠷᠢᠨ ᠢᠷᠡᠭᠰᠡᠨ ᠮᠣᠩᠭᠣᠯᠴᠤᠳ ᠤ᠋ᠨ ᠶᠡᠬᠡ ᠴᠡᠷᠢᠭ ᠦ᠋ᠨ ᠭᠣᠣᠯ ᠬᠡᠰᠡᠭ ᠬᠢᠲᠠᠳ ᠭᠠᠵᠠᠷ ᠠ᠋ᠴᠠ ᠠᠯᠭᠤᠷ ᠪᠣᠯᠪᠠᠴᠤ ᠬᠣᠯᠠᠳᠤᠨ ᠰᠡᠷᠢᠭᠦᠨ ᠰᠠᠯᠬᠢᠲᠤ ᠬᠡᠭᠡᠷ᠎ᠡ ᠲᠠᠯ᠎ᠠ ᠨᠤᠲᠤᠭ ᠢ᠋ᠶ᠋ᠠᠨ ᠵᠣᠷᠢᠵᠠᠢ᠃ ᠶᠡᠬᠡ ᠴᠡᠷᠢᠭ ᠦ᠋ᠨ ᠮᠠᠩᠯᠠᠢ ᠳ᠋ᠤ᠌ ᠲᠡᠮᠦᠵᠢᠨ ᠶᠠᠪᠤᠵᠤ ᠪᠠᠢᠪᠠ᠃ ᠬᠠᠷᠢᠨ ᠬᠠᠰᠠᠷ ᠤᠷᠤᠭᠰᠢᠯᠠᠬᠤ ᠳᠣᠳᠣᠮ ᠤᠯᠠᠮ ᠪᠦᠭᠴᠢᠮ ᠪᠣᠯᠤᠭᠰᠠᠭᠠᠷ ᠪᠠᠢᠭ᠎ᠠ ᠬᠢᠲᠠᠳ ᠭᠠᠵᠠᠷ ᠤ᠋ᠨ ᠰᠠᠯᠬᠢ ᠵᠠᠯᠭᠢᠨ ᠵᠡᠭᠦᠨ ᠵᠦᠭ ᠶᠠᠪᠤᠵᠤ ᠪᠠᠢᠪᠠ᠃ ᠲᠡᠭᠦᠨ ᠦ᠌ ᠠᠷᠤ ᠳ᠋ᠤ᠌ ᠶᠡᠬᠥ᠂ ᠶᠢᠰᠥᠩᠬᠡᠢ ᠬᠥᠪᠡᠭᠦᠳ᠂ ᠣᠯᠠᠨ ᠲᠡᠢᠨ ᠳ᠋ᠦ᠍ ᠬᠠᠮᠲᠤ ᠣᠷᠣᠵᠤ ᠰᠢᠯᠭᠠᠷᠠᠭᠰᠠᠨ ᠰᠢᠳᠠᠷ ᠤ᠋ᠳ᠂ ᠰᠢᠯᠢᠳᠡᠭ ᠴᠡᠷᠢᠭ ᠨᠢ ᠡᠴᠦᠰ ᠦᠭᠡᠢ ᠦᠷᠭᠦᠯᠵᠢᠯᠡᠵᠡᠢ᠃ ᠤᠳᠠᠯ ᠦᠭᠡᠢ ᠡᠮᠦᠨ᠎ᠡ ᠨᠢ ᠶᠡᠬᠡ ᠳᠠᠯᠠᠢ ᠴᠡᠯᠡᠢᠨ ᠦᠵᠡᠭᠳᠡᠪᠡ᠃ ᠣᠳᠣ ᠮᠣᠩᠭᠣᠯ ᠤ᠋ᠨ ᠴᠡᠷᠢᠭ ᠳᠠᠯᠠᠢ ᠶ᠋ᠢᠨ ᠡᠷᠭᠢ ᠳᠠᠭᠠᠨ ᠬᠣᠢᠰᠢ ᠡᠷᠭᠢᠬᠦ ᠶᠣᠰᠣᠲᠠᠢ ᠪᠣᠯᠵᠠᠢ᠃ ᠬᠠᠰᠠᠷ ᠶᠢᠷᠲᠢᠨᠴᠦ ᠶ᠋ᠢᠨ ᠵᠡᠭᠦᠨ ᠬᠢᠵᠠᠭᠠᠷ ᠲᠤ ᠬᠦᠷᠴᠡᠢ᠃ ᠡᠭᠦᠨ ᠡᠴᠡ ᠴᠠᠭᠠᠰᠢ ᠭᠠᠵᠠᠷ ᠦᠭᠡᠢ ᠶ᠋ᠢ ᠲᠩᠷᠢ ᠲᠡᠢ ᠨᠡᠢᠯᠡᠭᠰᠡᠨ ᠶᠡᠬᠡ ᠤᠰᠤ ᠪᠠᠲᠤᠯᠠᠬᠤ ᠠᠵᠢ᠃ ᠴᠢᠩᠭᠢᠰ ᠬᠠᠭᠠᠨ ᠤ᠋ ᠶᠡᠬᠡ ᠤᠯᠤᠰ ᠤ᠋ᠨ ᠵᠡᠭᠦᠨ ᠬᠢᠯᠢ ᠡᠨᠡ ᠪᠣᠯᠵᠠᠢ᠃ ᠶᠡᠬᠡ ᠮᠣᠩᠭᠣᠯ ᠤᠯᠤᠰ ᠤ᠋ᠨ ᠵᠡᠭᠦᠨ ᠬᠢᠯᠢ ᠬᠢᠵᠠᠭᠠᠷ ᠪᠣᠯᠤᠭᠰᠠᠨ ᠳᠠᠯᠠᠢ ᠶ᠋ᠢᠨ ᠡᠷᠭᠢ ᠳᠡᠭᠡᠷ᠎ᠡ ᠬᠠᠰᠠᠷ ᠮᠣᠷᠢᠨ ᠠ᠋ᠴᠠ ᠪᠠᠨ ᠪᠠᠭᠤᠪᠠ᠃ ᠬᠠᠰᠠᠷ ᠮᠣᠩᠭᠣᠯ ᠬᠥᠮᠦᠨ ᠦ᠌ ᠶᠣᠰᠣ ᠪᠠᠷ ᠳᠠᠯᠠᠢ ᠶ᠋ᠢᠨ ᠤᠰᠤᠨ ᠠ᠋ᠴᠠ ᠳᠤᠬᠤᠨ ᠳ᠋ᠠᠭᠠᠨ ᠬᠦᠷᠭᠡᠭᠡᠳ ᠠᠮᠰᠠᠵᠤ ᠦᠵᠡᠪᠡ᠃ ᠬᠠᠷᠢᠨ ᠳᠠᠯᠠᠢ ᠶ᠋ᠢᠨ ᠤᠰᠤ ᠡᠢᠮᠦ ᠰᠦᠷᠡᠬᠡᠢ ᠭᠠᠰᠢᠭᠤᠨ ᠭᠡᠳᠡᠭ ᠢ᠋ ᠠᠮᠲᠠᠯᠠᠵᠤ ᠦᠵᠡᠭᠡ ᠦᠭᠡᠢ ᠲᠤᠯᠠ ᠰᠠᠨᠳᠤᠷᠴᠤ ᠳᠣᠷᠭᠢᠵᠤ ᠰᠦᠢᠳ ᠪᠣᠯᠪᠠ᠃ ᠳᠠᠭᠠᠵᠤ ᠶᠠᠪᠤᠭᠰᠠᠨ ᠬᠥᠪᠡᠭᠦᠳ ᠰᠢᠳᠠᠷ ᠤ᠋ᠳ ᠨᠢ ᠱᠣᠣᠯᠠᠨ ᠢᠨᠢᠶᠡᠯᠳᠦᠵᠦ ᠶᠢᠰᠦᠩᠬᠡᠢ ᠪᠦᠷ ᠡᠯᠢᠭᠡ ᠨᠢ ᠬᠠᠲᠠᠵᠤ ᠬᠠᠯᠠᠭᠤᠨ ᠡᠯᠡᠰᠦᠨ ᠳᠡᠭᠡᠷ᠎ᠡ ᠡᠪᠬᠡᠷᠡᠵᠦ ᠤᠨᠠᠨ ᠬᠥᠬᠥᠷᠡᠵᠡᠢ ᠃ ᠬᠠᠰᠠᠷ ᠡᠭᠦᠨ ᠡᠴᠡ ᠡᠮᠦᠨ᠎ᠡ ᠳᠠᠯᠠᠢ ᠶ᠋ᠢᠨ ᠤᠰᠤ ᠤᠤᠭᠤᠵᠤ ᠶᠠᠪᠤᠭᠰᠠᠨ ᠪᠢᠰᠢ᠂ ᠭᠠᠰᠢᠭᠤᠨ ᠭᠡᠳᠡᠭ ᠢ᠋ ᠰᠣᠨᠣᠰᠤᠭᠰᠠᠨ ᠠ᠋ᠴᠠ ᠴᠠᠭᠠᠰᠢ ᠦᠭᠡᠢ ᠲᠤᠯᠠ ᠢᠩᠭᠢᠵᠦ ᠴᠣᠬᠢᠬᠤ ᠨᠢ ᠠᠷᠭ᠎ᠠ ᠦᠭᠡᠢ ᠪᠢᠯᠡ᠃ ᠳᠠᠯᠠᠢ ᠶ᠋ᠢᠨ ᠤᠰᠤ ᠶᠠᠭ ᠨᠢᠯᠪᠤᠰᠤ ᠠᠳᠠᠯᠢ ᠱᠣᠷᠪᠣᠭ ᠪᠣᠯᠬᠤ ᠶ᠋ᠢ ᠰᠠᠶᠢ ᠮᠡᠳᠡᠭᠡᠳ ᠡᠨᠡ ᠶᠡᠬᠡ ᠤᠰᠤ ᠬᠡᠴᠢᠨᠡᠨ ᠬᠥᠮᠦᠨ ᠦ᠌ ᠨᠢᠯᠪᠤᠰᠤ ᠪᠠᠢᠭ᠎ᠠ ᠪᠣᠯ ᠭᠡᠵᠦ ᠬᠥᠩᠭᠡᠬᠡᠨ ᠢ᠋ᠶ᠋ᠡᠷ ᠪᠣᠳᠣᠵᠤ ᠵᠣᠭᠰᠣᠵᠠᠢ᠃ ᠬᠠᠰᠠᠷ ᠠᠵᠠ ᠵᠢᠷᠭᠠᠯ ᠵᠣᠷᠢᠭ ᠲᠡᠮᠡᠦᠯᠡᠯ ᠢ᠋ᠶ᠋ᠡᠷ ᠳᠦᠭᠦᠷᠡᠩ ᠪᠠᠢᠪᠠ᠃ ᠲᠡᠷᠡ ᠥᠨᠥᠳᠥᠷ ᠲᠡᠮᠦᠵᠢᠨ ᠳ᠋ᠦ᠍ ᠦᠨᠡᠨᠴᠢ ᠵᠢᠳᠬᠦᠭᠰᠡᠨ ᠦ᠌ ᠪᠡᠨ ᠬᠦᠴᠦᠨ ᠳ᠋ᠦ᠍ ᠵᠡᠭᠦᠨ ᠬᠣᠢᠲᠤ ᠬᠢᠲᠠᠳ ᠢ᠋ ᠪᠠᠢᠯᠳᠤᠨ ᠳᠠᠭᠠᠭᠤᠯᠬᠤ ᠶᠡᠬᠡ ᠴᠡᠷᠢᠭ ᠢ᠋ ᠲᠣᠯᠣᠭᠠᠢᠯᠠᠬᠤ ᠪᠣᠯᠵᠠᠢ᠃ ᠢᠩᠭᠢᠵᠦ ᠬᠠᠰᠠᠷ ᠤ᠋ᠨ ᠡᠷᠲᠡ ᠪᠠᠭ᠎ᠠ ᠨᠠᠰᠤᠨ ᠤ᠋ ᠴᠣᠷ ᠤ᠋ᠨ ᠭᠠᠭᠴᠠ ᠬᠦᠰᠡᠯ ᠮᠥᠷᠥᠭᠡᠳᠦᠯ ᠪᠡᠶᠡᠯᠡᠬᠦ ᠣᠢᠷᠠᠲᠤᠵᠠᠢ᠃ ᠡᠷᠲᠡᠨ ᠦ᠌ ᠥᠰᠲᠦ ᠠᠯᠲᠠᠨ ᠤᠯᠤᠰ ᠢ᠋ ᠮᠥᠬᠥᠭᠡᠨ ᠳᠠᠷᠤᠵᠤ᠂ ᠡᠪᠦᠭᠡ ᠳᠡᠭᠡᠳᠦᠰ ᠦ᠋ᠨ ᠢ᠋ᠶ᠋ᠡᠨ ᠥᠰᠢᠶ᠎ᠡ ᠶ᠋ᠢ ᠠᠪᠴᠤ᠂ ᠥᠰᠢᠶ᠎ᠡ ᠠᠪᠤᠭᠠᠳ ᠴᠦ᠍ ᠵᠣᠭᠰᠣᠬᠤ ᠦᠭᠡᠢ ᠪᠦᠷ ᠠᠯᠲᠠᠨ ᠤᠯᠤᠰ᠂ ᠡᠮᠦᠨᠡᠲᠦ ᠭᠠᠵᠠᠷ ᠤ᠋ᠨ ᠬᠢᠲᠠᠳ ᠤᠭᠰᠠᠭᠠᠨ ᠤ᠋ ᠣᠯᠠᠨ ᠠᠢᠮᠠᠭ ᠤᠯᠤᠰ ᠢ᠋ ᠡᠵᠡᠯᠡᠨ ᠰᠠᠭᠤᠨ᠎ᠠ ᠭᠡᠳᠡᠭ ᠬᠠᠰᠠᠷ ᠤ᠋ᠨ ᠬᠠᠷ᠎ᠠ ᠪᠠᠭ᠎ᠠ ᠶ᠋ᠢᠨ ᠮᠥᠷᠥᠭᠡᠳᠦᠯ ᠪᠠᠢᠯ᠎ᠠ᠃ ᠭᠡᠪᠡᠴᠦ ᠲᠡᠷᠡ ᠥᠨᠥ ᠶ᠋ᠢ ᠬᠦᠷᠲᠡᠯ᠎ᠡ ᠡᠨᠡ ᠨᠢᠭᠤᠴᠠ ᠪᠠᠨ ᠬᠡᠨ ᠳ᠋ᠦ᠍ ᠴᠦ᠍ ᠵᠠᠳᠠᠯᠤᠭᠰᠠᠨ ᠦᠭᠡᠢ ᠪᠢᠯᠡ᠃ ᠬᠠᠷᠢᠨ ᠣᠳᠣ ᠶᠡᠬᠦ᠂ ᠶᠢᠰᠦᠩᠬᠡᠢ ᠬᠣᠶᠠᠷ ᠲᠠᠭᠠᠨ ᠬᠡᠯᠡᠬᠦ ᠴᠠᠭ ᠨᠢ ᠪᠣᠯᠵᠠᠢ ᠭᠡᠵᠦ ᠪᠣᠳᠣᠵᠤ ᠵᠣᠭᠰᠣᠯ᠎ᠠ᠃ ᠳᠠᠯᠠᠢ ᠶ᠋ᠢᠨ ᠰᠢᠷ᠎ᠠ ᠤᠰᠤ ᠴᠠᠷᠴᠠᠭᠰᠠᠨ ᠲᠣᠰᠣ ᠮᠡᠲᠦ ᠴᠢᠪ ᠴᠢᠮᠡᠭᠡ ᠦᠭᠡᠢ ᠮᠡᠯᠲᠡᠢᠨ᠎ᠡ᠃ ᠡᠢᠮᠦ ᠶᠡᠬᠡ ᠶ᠋ᠢ ᠦᠵᠡᠭᠡ ᠦᠭᠡᠢ ᠮᠣᠩᠭᠣᠯ ᠴᠡᠷᠢᠭ ᠦ᠋ᠳ ᠰᠦᠷᠳᠡᠵᠦ ᠪᠠᠬᠠᠷᠬᠠᠨ ᠪᠠᠰᠠ ᠯᠠ ᠴᠢᠮᠡᠭᠡ ᠦᠭᠡᠢ ᠵᠣᠭᠰᠣᠵᠠᠭᠠᠨ᠎ᠠ᠃
— ᠴᠡᠷᠢᠭ ᠢ᠋ᠶ᠋ᠡᠨ ᠪᠠᠭᠤᠯᠭᠠᠵᠤ ᠠᠮᠠᠷᠠ ᠭᠡᠰᠡᠨ ᠬᠠᠰᠠᠷ ᠤ᠋ᠨ ᠲᠤᠰᠢᠶᠠᠯ ᠢ᠋ ᠰᠣᠨᠣᠰᠤᠭᠠᠳ ᠬᠥᠪᠡᠭᠦᠳ ᠰᠢᠳᠠᠷ ᠤ᠋ᠳ ᠨᠢ ᠭᠠᠢᠬᠠᠵᠠᠢ᠃ ᠲᠡᠳᠡ ᠡᠨᠳᠡ ᠠᠯᠭᠤᠷᠯᠠᠨ ᠤᠳᠠᠬᠤ ᠶᠣᠰᠣ ᠦᠭᠡᠢ ᠪᠠᠢᠪᠠ᠃ ᠭᠡᠪᠡᠴᠦ ᠴᠢᠩᠭᠢᠰ ᠬᠠᠭᠠᠨ ᠤ᠋ ᠦᠭᠡᠨ ᠳ᠋ᠦ᠍ ᠢᠲᠡᠭᠡᠭᠰᠡᠨ ᠬᠠᠰᠠᠷ ᠰᠠᠨᠠᠭᠰᠠᠨ ᠳ᠋ᠠᠭᠠᠨ ᠬᠦᠷᠪᠡ ᠭᠡᠵᠦ ᠬᠢᠵᠠᠭᠠᠷ ᠦᠭᠡᠢ ᠪᠠᠶᠠᠷᠯᠠᠭᠰᠠᠨ ᠲᠤᠯᠠ ᠪᠠᠭᠠᠬᠠᠨ ᠠᠯᠭᠤᠷᠯᠠᠵᠤ ᠲᠠᠢᠪᠤᠰᠢᠷᠠᠵᠠᠢ᠃
— ᠪᠦᠭᠦᠳᠡᠭᠡᠷ ᠡᠨᠡ ᠶᠡᠬᠡ ᠤᠰᠤᠨ ᠤ᠋ ᠵᠠᠬ᠎ᠠ ᠳ᠋ᠤ᠌ ᠰᠠᠭᠤᠵᠤ ᠬᠡᠷᠬᠢᠨ ᠣᠪᠣᠯᠵᠠᠨ ᠳᠠᠪᠠᠯᠭᠠᠯᠠᠬᠤ ᠶ᠋ᠢ ᠨᠢ ᠦᠵᠡᠶ᠎ᠡ᠃ ᠮᠣᠩᠭᠣᠯ ᠴᠡᠷᠢᠭ ᠬᠠᠮᠢᠭ᠎ᠠ ᠬᠦᠷᠴᠦ ᠶᠠᠭᠤ ᠪᠦᠲᠦᠭᠡᠭᠰᠡᠨ ᠢ᠋ᠶ᠋ᠡᠨ ᠮᠡᠳᠡᠷᠡᠵᠦ᠂ ᠪᠠᠬᠠᠳᠤᠵᠤ ᠪᠠᠶᠠᠷᠯᠠᠭ ᠭᠡᠳ ᠬᠠᠰᠠᠷ ᠮᠣᠷᠢᠨ ᠠ᠋ᠴᠠ ᠪᠠᠭᠤᠵᠠᠢ᠃ ᠲᠡᠭᠦᠨ ᠦ᠌ ᠦᠭᠡ ᠶ᠋ᠢ ᠡᠰᠡᠷᠭᠦᠴᠡᠬᠦ ᠬᠥᠮᠦᠨ ᠣᠳᠣ ᠡᠨᠳᠡ ᠬᠡᠨ ᠪᠢᠯᠡ᠃ ᠶᠡᠬᠡ ᠴᠡᠷᠢᠭ ᠳᠠᠷᠬᠠᠨ ᠪᠠᠭᠤᠳᠠᠯᠯᠠᠵᠤ ᠬᠣᠶᠠᠷ ᠬᠣᠨᠣᠭ ᠬᠦᠯᠢᠶᠡᠭᠰᠡᠨ ᠴᠦ᠍ ᠳᠠᠯᠠᠢ ᠶ᠋ᠢᠨ ᠤᠰᠤ ᠨᠢᠭᠡᠬᠡᠨ ᠴᠦ᠍ ᠬᠥᠳᠡᠯᠦᠭᠰᠡᠨ ᠦᠭᠡᠢ ᠮᠡᠯᠲᠡᠢᠭᠰᠡᠭᠡᠷ ᠪᠠᠢᠭᠰᠠᠨ ᠳ᠋ᠤ᠌ ᠬᠠᠰᠠᠷ ᠠᠷᠭ᠎ᠠ ᠦᠭᠡᠢᠳᠡᠨ᠂
— ᠵᠠ᠂ ᠶᠠᠭᠠᠬᠢᠬᠤ ᠪᠣᠢ? ᠪᠢ ᠡᠨᠡ ᠶᠡᠬᠡ ᠤᠰᠤ ᠶ᠋ᠢ ᠡᠢᠮᠦ ᠨᠣᠮᠣᠬᠠᠨ ᠳᠥᠯᠭᠡᠬᠡᠨ ᠪᠠᠢᠬᠤ ᠶᠤᠮ ᠭᠡᠵᠦ ᠰᠠᠨᠠᠭᠰᠠᠨ ᠦᠭᠡᠢ ᠳᠡ ᠭᠡᠵᠦ ᠭᠣᠮᠣᠳᠠᠯᠲᠠᠢ ᠪᠠᠷ ᠰᠢᠪᠡᠨᠡᠵᠡᠢ᠃ ᠬᠠᠰᠠᠷ ᠤ᠋ᠨ ᠡᠨᠡ ᠭᠣᠮᠤᠳᠠᠯᠲᠤ ᠦᠭᠡᠨ ᠡᠴᠡ ᠪᠣᠯᠤᠭᠠᠳ ᠨᠡᠷ᠎ᠡ ᠦᠭᠡᠢ ᠪᠠᠢᠭᠰᠠᠨ ᠶᠡᠬᠡ ᠳᠠᠯᠠᠢ ᠶ᠋ᠢ《ᠨᠣᠮᠣᠬᠠᠨ ᠳᠥᠯᠭᠡᠬᠡᠨ ᠳᠠᠯᠠᠢ》 ᠭᠡᠵᠦ ᠮᠣᠩᠭᠣᠯᠴᠤᠳ ᠨᠡᠷᠡᠯᠡᠬᠦ ᠪᠣᠯᠵᠠᠢ᠃ ᠬᠠᠰᠠᠷ ᠢ᠋ ᠳᠣᠬᠢᠶ᠎ᠠ ᠥᠭᠬᠦ ᠳ᠋ᠦ᠍ ᠲᠡᠭᠦᠨ ᠦ᠌ ᠶᠡᠬᠡ ᠴᠡᠷᠢᠭ ᠳᠡᠨᠵᠢᠨ ᠲᠣᠬᠣᠢ ᠠ᠋ᠴᠠ ᠬᠣᠢᠰᠢ ᠡᠷᠭᠢᠵᠦ ᠳᠠᠯᠠᠢ ᠶ᠋ᠢᠨ ᠡᠷᠭᠢ ᠬᠢᠵᠢᠨ ᠤᠮᠠᠷ᠎ᠠ ᠶ᠋ᠢ ᠵᠣᠷᠢᠨ ᠬᠥᠳᠡᠯᠪᠡ᠃ ᠳᠠᠯᠠᠢ ᠳᠣᠯᠭᠢᠯᠠᠨ ᠳᠠᠪᠠᠯᠭᠠᠯᠠᠬᠤ ᠶ᠋ᠢ ᠦᠵᠡᠬᠦ ᠭᠡᠰᠡᠨ ᠬᠠᠰᠠᠷ ᠤ᠋ᠨ ᠬᠦᠰᠡᠯ ᠳᠠᠩᠴᠤ ᠶᠡᠬᠡ ᠪᠠᠢᠭᠰᠠᠨ ᠲᠤᠯᠠ ᠪᠠᠢᠨ ᠪᠠᠢᠨ ᠡᠷᠭᠢᠨ ᠬᠠᠷᠠᠭᠰᠠᠭᠠᠷ ᠶᠠᠪᠤᠵᠠᠢ᠃ ᠤᠳᠠᠯ ᠦᠭᠡᠢ ᠳᠠᠯᠠᠢ ᠴᠦ᠍ ᠬᠠᠷᠠᠭᠳᠠᠬᠤ ᠦᠭᠡᠢ ᠪᠣᠯᠪᠠ᠃ ᠲᠡᠳᠡᠨ ᠦ᠌ ᠡᠮᠦᠨ᠎ᠡ ᠠᠯᠲᠠᠨ ᠤᠯᠤᠰ ᠤ᠋ᠨ ᠪᠤᠬᠤᠨᠡ ᠪᠣᠭᠣᠮᠲᠠ ᠲᠣᠰᠴᠤ ᠪᠠᠢᠪᠠ᠃
※ ᠦᠰᠦᠭ ᠠᠮᠢᠯᠠᠭᠤᠯᠤᠭᠴᠢ᠄ ᠭᠡᠷᠡᠯ᠂ ᠬᠡᠷᠡᠢᠳ ᠮᠥᠩᠬᠡᠨᠠᠰᠤᠨ᠂ ᠬᠡᠯᠡᠰᠣᠶᠤᠯ᠂ ( ᠪᠤᠤ ᠸᠸᠨ ᠬᠤᠸᠠ)᠂
ᠱᠠᠭᠰᠠᠯ᠂ ᠠᠯᠲᠠᠨᠴᠡᠴᠡᠭ᠂ ᠨᠠᠷᠠᠨᠲᠤᠶᠠᠭ᠎ᠠ᠂ ᠰᠡᠴᠡᠨᠴᠢᠮᠡᠭ᠂ ᠵᠢᠩᠯᠢᠬᠤᠸᠠᠷ᠂
ᠡᠩᠬᠡᠪᠠᠲᠤ᠂ ᠠᠷᠢᠭᠤᠨ᠂ ᠨᠠᠷᠠᠨᠭᠡᠷᠡᠯ᠂ ᠣᠶᠤᠨᠪᠢᠯᠢᠭ᠌
※ᠬᠢᠨᠠᠭᠴᠢ᠄ ᠣᠳᠬᠠᠨᠰᠣ᠎ᠠ᠂ ᠰᠡᠬᠡᠭᠡᠷᠡᠯ᠂ ᠮᠣᠩᠭᠣᠯ ᠰᠦᠨᠡᠰᠦ᠂ ᠠᠷᠢᠭᠤᠨ᠂ ᠰᠡᠴᠡᠨᠴᠢᠮᠡᠭ᠂
ᠲ· ᠬᠦᠮᠦᠵᠢᠯᠲᠦ᠂ ᠱᠠᠭᠰᠠᠯ᠂ ᠪᠠᠶᠠᠨᠴᠡᠴᠡᠭ᠂ ᠬᠡᠯᠡᠰᠣᠶᠤᠯ᠂ ᠭᠠᠷᠮ᠎ᠠ
