ᠬᠠᠰᠠᠷ – ᠴᠠᠭᠠᠨ ᠬᠡᠷᠡᠮ ᠦᠨ ᠬᠣᠢᠳᠤ ᠲᠠᠯ᠎ᠠ ᠳᠤ - ᠴᠢᠩᠭᠢᠰ ᠬᠠᠭᠠᠨ ᠊ᠤ᠌ ᠨᠢᠭᠤᠴᠠ ᠲᠡᠦᠬᠡ 14 Хасар – цагаан хэрмийн хойд талд - Чингис хаан оо нууц түүх 14 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠰᠠᠷ – ᠴᠠᠭᠠᠨ ᠬᠡᠷᠡᠮ ᠦᠨ ᠬᠣᠢᠳᠤ ᠲᠠᠯ᠎ᠠ ᠳᠤ - ᠴᠢᠩᠭᠢᠰ ᠬᠠᠭᠠᠨ ᠊ᠤ᠌ ᠨᠢᠭᠤᠴᠠ ᠲᠡᠦᠬᠡ 14 Хасар – цагаан хэрмийн хойд талд - Чингис хаан оо нууц түүх 14

ᠬᠠᠰᠠᠷ – ᠴᠠᠭᠠᠨ ᠬᠡᠷᠡᠮ ᠦᠨ ᠬᠣᠢᠳᠤ ᠲᠠᠯ᠎ᠠ ᠳᠤ - ᠴᠢᠩᠭᠢᠰ ᠬᠠᠭᠠᠨ ᠊ᠤ᠌ ᠨᠢᠭᠤᠴᠠ ᠲᠡᠦᠬᠡ 14 Хасар – цагаан хэрмийн хойд талд - Чингис хаан оо нууц түүх 14

ᠠᠩᠭᠢᠯᠠᠯ:ᠲᠡᠦᠬᠡ ᠰᠣᠶᠣᠯ
2025-08-16

151

ᠴᠠᠭᠠᠨ ᠬᠡᠷᠡᠮ ᠦᠨ ᠬᠣᠢᠳᠤ ᠲᠠᠯ᠎ᠠ ᠳᠤ


       ᠬᠡᠷᠦᠯᠦᠨ ᠦ᠌ ᠬᠥᠳᠡᠭᠡ ᠠᠷᠠᠯ ᠳ᠋ᠤ᠌ ᠠᠮᠢᠳᠤᠷᠠᠯ ᠬᠤᠪᠢᠷᠠᠵᠤ  ᠥᠭᠡᠷᠡᠴᠢᠯᠡᠭᠳᠡᠭᠰᠡᠭᠡᠷ ᠠᠵᠢ᠃ ᠶᠡᠬᠡ ᠴᠡᠷᠢᠭ ᠠᠯᠲᠠᠨ ᠤᠯᠤᠰ ᠤᠷᠤᠭᠤ ᠮᠣᠷᠳᠠᠭᠰᠠᠨ ᠠ᠋ᠴᠠ ᠬᠣᠢᠰᠢ ᠴᠢᠩᠭᠢᠰ ᠬᠠᠭᠠᠨ ᠤ᠋ ᠶᠡᠬᠡ ᠰᠠᠭᠤᠷᠢᠨ ᠤᠷᠲᠤ ᠶ᠋ᠢ ᠡᠨᠳᠡ ᠪᠠᠷᠢᠵᠤ ᠡᠬᠢᠯᠡᠭᠰᠡᠨ ᠪᠢᠯᠡ᠃ ᠡᠨᠡ ᠠᠵᠢᠯ ᠢ᠋ ᠬᠢᠳᠠᠨ ᠭᠠᠷᠤᠯ ᠤ᠋ᠨ ᠮᠤᠵᠢᠶᠠᠩ ᠪᠥᠬᠦᠲᠡᠢ ᠤᠳᠤᠷᠢᠳᠤᠨ ᠬᠢᠯᠭᠡᠵᠦ ᠪᠠᠢᠲᠠᠯ᠎ᠠ ᠲᠦᠳᠡᠯ ᠦᠭᠡᠢ ᠬᠢᠲᠠᠳ ᠭᠠᠵᠠᠷ ᠠ᠋ᠴᠠ ᠣᠯᠵᠠᠨ ᠤ᠋ ᠮᠤᠵᠢᠶᠠᠩ ᠤᠷᠠᠴᠤᠳ ᠪᠣᠯᠤᠭᠠᠳ ᠠᠵᠢᠯ ᠤ᠋ᠨ ᠪᠣᠭᠣᠯ ᠬᠥᠮᠦᠰ ᠢ᠋ ᠣᠯᠠᠨ ᠢ᠋ᠶ᠋ᠠᠷ ᠠᠪᠴᠢᠷᠠᠭᠰᠠᠨ ᠲᠤᠯᠠ ᠡᠨᠡ ᠬᠡᠷᠡᠭ ᠳᠠᠷᠤᠢ ᠲᠦᠷᠭᠡᠨ᠎ᠡ ᠪᠦᠲᠦᠵᠦ ᠡᠬᠢᠯᠡᠪᠡ᠃ ᠴᠢᠩᠭᠢᠰ ᠬᠠᠭᠠᠨ ᠤ᠋ ᠶᠡᠬᠡ ᠣᠷᠳᠣᠨ᠂ ᠶᠣᠰᠣᠯᠠᠯ ᠤ᠋ᠨ ᠪᠣᠯᠤᠭᠠᠳ ᠬᠠᠲᠤᠳ ᠤ᠋ᠨ ᠥᠷᠭᠥᠭᠡ᠂ ᠪᠠᠰᠠ ᠡᠳ᠋ ᠠᠭᠤᠷᠠᠰᠤ᠂ ᠬᠠᠭᠠᠨ ᠤ᠋ ᠰᠠᠩ ᠢ᠋ ᠬᠠᠳᠠᠭᠠᠯᠠᠵᠤ ᠬᠤᠷᠢᠶᠠᠬᠤ ᠵᠣᠭᠣᠷᠢ ᠠᠭᠤᠯᠬᠤ᠂ ᠠᠭᠲᠠ ᠶ᠋ᠢᠨ ᠵᠥᠴᠢᠶ᠎ᠡ᠂ ᠲᠣᠷᠭᠠᠨ ᠴᠡᠷᠢᠭ ᠦ᠋ᠨ ᠪᠠᠢᠷᠢ᠂ ᠵᠡᠪᠰᠡᠭ ᠦ᠋ᠨ ᠠᠭᠤᠯᠬᠤ ᠬᠠᠷᠠᠭᠤᠯ ᠤ᠋ᠨ ᠴᠠᠮᠬᠠᠭ ᠭᠠᠳᠠᠨ᠎ᠠ ᠶᠡᠬᠡ ᠬᠠᠰᠢᠶ᠎ᠠ ᠠᠯᠢ ᠡᠷᠲᠡᠨ ᠰᠦᠨᠳᠡᠷᠯᠡᠵᠦ ᠬᠣᠯᠠ ᠶ᠋ᠢᠨ ᠵᠣᠴᠢᠳ ᠤ᠋ᠨ ᠬᠠᠷᠠᠭ᠎ᠠ ᠶ᠋ᠢ ᠪᠤᠯᠢᠶᠠᠬᠤ ᠪᠣᠯᠵᠠᠢ᠃ ᠮᠥᠨ ᠣᠯᠵᠠᠨ ᠤ᠋ ᠠᠭᠤᠷᠠᠰᠤ᠂ ᠥᠬᠢᠳ ᠡᠮᠡᠰ ᠢ᠋ ᠬᠦᠷᠭᠡᠭᠰᠡᠨ ᠬᠥᠰᠬᠡ ᠢᠷᠡᠬᠦ ᠡᠳᠦᠷ ᠪᠦᠷᠢ ᠲᠠᠰᠤᠷᠠᠬᠤ ᠦᠭᠡᠢ ᠲᠤᠯᠠ ᠬᠥᠯ ᠬᠥᠳᠡᠯᠭᠡᠭᠡᠨ ᠳᠦᠭᠦᠷᠡᠩ ᠶᠡᠬᠡ ᠴᠡᠷᠢᠭ ᠠᠯᠲᠠᠨ ᠤᠯᠤᠰ ᠲᠤ᠌ ᠶᠠᠪᠤᠭᠰᠠᠨ ᠲᠡᠷᠡ ᠴᠠᠭ ᠠ᠋ᠴᠠ ᠬᠣᠢᠰᠢ ᠮᠣᠩᠭᠣᠯ ᠤ᠋ᠨ ᠠᠢᠯ ᠪᠦᠷᠢ ᠲᠣᠷᠭ᠎ᠠ᠂ ᠳᠤᠷᠳᠤᠩ ᠢ᠋ᠶ᠋ᠠᠷ ᠭᠡᠷ ᠢ᠋ᠶ᠋ᠡᠨ ᠪᠦᠷᠢᠵᠦ᠂ ᠣᠷᠣ ᠪᠠᠨ ᠪᠦᠲᠡᠭᠡᠵᠦ ᠡᠮᠡᠰ ᠥᠬᠢᠳ ᠨᠢ ᠰᠢᠷ᠎ᠠ ᠰᠤᠪᠤᠳ ᠭᠢᠯᠠᠯᠵᠠᠭᠤᠯᠤᠨ ᠶᠠᠪᠤᠬᠤ ᠪᠣᠯᠵᠠᠢ᠃ ᠠᠮᠤ ᠲᠠᠷᠢᠶ᠎ᠠ᠂ ᠰᠢᠬᠢᠷ ᠵᠢᠮᠢᠰ ᠨᠡᠩ ᠠᠷᠪᠢᠨ ᠢᠷᠡᠬᠦ ᠲᠤᠯᠠ ᠬᠡᠦᠬᠡᠳ ᠦ᠋ᠳ ᠪᠢᠯᠠᠭᠤᠷᠠᠵᠤ ᠨᠣᠬᠠᠳ ᠬᠦᠷᠲᠡᠯ᠎ᠡ ᠲᠣᠭᠣᠵᠤ ᠰᠢᠩᠰᠢᠯᠡᠬᠦ ᠦᠭᠡᠢ ᠪᠣᠯᠤᠭᠰᠠᠭᠠᠷ ᠤᠳᠠᠪᠠ᠃ ᠠᠯᠲᠠᠨ ᠤᠯᠤᠰ ᠤ᠋ᠨ ᠣᠯᠠᠨ ᠬᠣᠲᠠ ᠪᠠᠯᠭᠠᠰᠤ ᠶ᠋ᠢ ᠡᠵᠡᠯᠡᠭᠰᠡᠨ ᠮᠣᠩᠭᠣᠯ ᠤ᠋ᠨ ᠴᠡᠷᠢᠭ᠂ ᠵᠠᠩᠵᠤᠨ ᠨᠤᠭᠤᠳ ᠣᠯᠵᠠ ᠣᠮᠣᠭ ᠶᠡᠬᠡᠲᠡᠢ ᠪᠣᠯᠵᠤ ᠠᠷᠤ ᠭᠡᠷ ᠦ᠋ᠨ ᠬᠢᠨ ᠨᠢ ᠴᠦ᠍ ᠪᠦᠭᠦᠳᠡ ᠯᠡ ᠠᠶᠠᠨ ᠲᠡᠢᠨ ᠦ᠌ ᠢᠳᠡ ᠬᠠᠪᠤ᠂ ᠠᠮᠲᠠ ᠰᠢᠮᠲᠡ ᠶ᠋ᠢ ᠦᠵᠡᠵᠡᠢ᠃ ᠦᠨᠡᠲᠦ ᠡᠳ᠋ᠯᠡᠯ᠂ ᠪᠣᠭᠣᠯ ᠡᠮᠡᠰ ᠬᠦᠷᠭᠡᠵᠦ ᠢᠷᠡᠭᠰᠡᠨ ᠠᠶᠠᠨ ᠤ᠋ ᠴᠤᠪᠤᠭ᠎ᠠ ᠪᠣᠯᠭᠠᠨ ᠦᠬᠦᠯ ᠬᠠᠭᠠᠴᠠᠯ ᠤ᠋ᠨ ᠮᠡᠳᠡᠭᠡ ᠶ᠋ᠢ ᠬᠠᠮᠲᠤ ᠬᠦᠷᠭᠡᠨ ᠢᠷᠡᠬᠦ ᠲᠤᠯᠠ ᠤᠬᠢᠯᠠᠵᠤ ᠤᠨᠵᠢᠵᠤ᠂ ᠠᠯᠠᠭᠳᠠᠵᠤ ᠦᠷᠡᠭᠳᠡᠭᠰᠡᠨ ᠡᠷ᠎ᠡ ᠶ᠋ᠢᠨ ᠢ᠋ᠶ᠋ᠡᠨ᠂ ᠡᠴᠢᠭᠡ ᠶ᠋ᠢᠨ ᠢ᠋ᠶ᠋ᠡᠨ᠂ ᠬᠦᠦ ᠶ᠋ᠢᠨ ᠢ᠋ᠶ᠋ᠡᠨ ᠬᠣᠢᠨ᠎ᠠ ᠠ᠋ᠴᠠ ᠬᠠᠷᠠᠭᠤᠰᠤᠨ ᠭᠠᠰᠢᠭᠤᠳᠠᠭᠰᠠᠳ ᠴᠤ᠌ ᠲᠣᠭ᠎ᠠ ᠪᠠᠨ ᠠᠯᠳᠠᠪᠠ᠃ ᠡᠢᠮᠦ ᠯᠡ ᠪᠠᠶᠠᠷ ᠬᠥᠷ᠂ ᠬᠠᠷᠠᠭᠤᠰᠤᠯ ᠭᠠᠰᠢᠭᠤᠳᠠᠯ ᠵᠡᠷᠭᠡᠴᠡᠭᠰᠡᠨ ᠳᠠᠭᠤ᠂ ᠨᠢᠯᠪᠤᠰᠤ ᠲᠠᠢ ᠠᠮᠢᠳᠤᠷᠠᠯ ᠤ᠋ᠨ ᠳᠤᠮᠳᠠ ᠥᠭᠡᠯᠦᠨ ᠡᠬᠡ ᠠᠵᠢᠨ ᠳᠥᠵᠢᠨ ᠰᠠᠭᠤᠭᠰᠠᠭᠠᠷ ᠬᠣᠶᠠᠷ ᠵᠢᠯ ᠪᠣᠯᠵᠠᠢ᠃ ᠲᠡᠷᠡ ᠬᠡᠦᠬᠡᠳ ᠲᠡᠢ ᠪᠡᠨ᠂ ᠲᠡᠮᠦᠵᠢᠨ ᠬᠠᠰᠠᠷ ᠬᠣᠶᠠᠷ ᠲᠠᠢ ᠪᠠᠨ ᠠᠭᠤᠯᠵᠠᠨ᠎ᠠ ᠭᠡᠵᠦ ᠬᠠᠲᠠᠭᠤ ᠴᠢᠩᠭ᠎ᠠ ᠰᠠᠨᠠᠭ᠎ᠠ ᠦᠭᠡᠢ ᠴᠦ᠍ ᠬᠦᠷᠦᠭᠡᠳ ᠢᠷᠡᠨ᠎ᠡ ᠳᠠ ᠭᠡᠵᠦ ᠳᠣᠲᠣᠷ᠎ᠠ ᠪᠠᠨ ᠪᠢᠲᠡᠭᠦᠬᠡᠨ ᠭᠣᠷᠢᠳᠠᠭᠰᠠᠭᠠᠷ ᠴᠢᠮᠡᠭᠡ ᠦᠭᠡᠢ ᠬᠠᠷᠠᠭᠤᠯᠳᠠᠭᠰᠠᠭᠠᠷ ᠪᠠᠢᠯ᠎ᠠ᠃  
       ᠶᠡᠬᠡ ᠴᠡᠷᠢᠭ ᠬᠢᠲᠠᠳ ᠭᠠᠵᠠᠷ ᠢ᠋ ᠵᠣᠷᠢᠭᠰᠠᠨ ᠤ᠋ ᠳᠠᠷᠠᠭ᠎ᠠ ᠠᠷᠤ ᠳ᠋ᠤ᠌ ᠦᠯᠡᠳᠡᠭᠰᠡᠨ ᠴᠡᠷᠢᠭ ᠴᠥᠭᠡᠨ ᠲᠤᠯᠠ ᠲᠡᠳᠡ ᠠᠯᠢ ᠪᠣᠯᠬᠤ ᠨᠢᠭᠡᠳᠦᠨ ᠰᠠᠭᠤᠬᠤ ᠨᠢ ᠠᠶᠤᠯ ᠪᠠᠭ᠎ᠠ ᠲᠠᠢ ᠶ᠋ᠢ ᠪᠣᠳᠣᠵᠤ ᠥᠭᠡᠯᠦᠨ ᠡᠬᠡ ᠶ᠋ᠢ ᠪᠥᠷᠲᠡ ᠥᠪᠡᠷ ᠦ᠋ᠨ ᠢ᠋ᠶ᠋ᠡᠨ ᠳᠡᠷᠭᠡᠳᠡ ᠬᠦᠷᠢᠶᠡᠨ ᠳ᠋ᠡᠭᠡᠨ ᠠᠪᠴᠢᠷᠠᠵᠤ ᠠᠰᠠᠷᠠᠵᠠᠢ᠃ ᠬᠠᠷᠢᠨ ᠬᠠᠰᠠᠷ ᠤ᠋ᠨ ᠠᠷᠤ ᠭᠡᠷ ᠦ᠋ᠨ ᠬᠢᠨ᠂ ᠡᠮᠡᠰ ᠥᠬᠢᠳ᠂ ᠠᠯᠪᠠᠲᠤ ᠢᠷᠭᠡᠳ ᠨᠢ ᠬᠠᠭᠤᠴᠢᠨ ᠶᠣᠰᠣᠭᠠᠷ ᠥᠪᠡᠷ ᠦ᠋ᠨ ᠬᠦᠷᠢᠶᠡᠨ ᠳ᠋ᠦ᠍ ᠲᠤᠰᠠᠭᠠᠷ ᠠᠮᠢᠳᠤᠷᠠᠭᠰᠠᠭᠠᠷ ᠠᠵᠢ᠃ ᠲᠥᠪ ᠤᠯᠤᠰ ᠢ᠋ ᠲᠡᠮᠦᠭᠡ ᠨᠣᠶᠠᠨ ᠵᠠᠬᠢᠷᠴᠤ ᠪᠠᠢᠪᠠ ᠃ ᠴᠢᠩᠭᠢᠰ ᠬᠠᠭᠠᠨ ᠤ᠋ ᠠᠯᠳᠠᠷ ᠰᠤᠤ ᠨᠢᠭᠡᠨᠲᠡ ᠬᠣᠯᠠ ᠳ᠋ᠤ᠌ ᠲᠦᠭᠡᠭᠰᠡᠨ ᠲᠤᠯᠠ ᠬᠠᠯᠳᠠᠨ ᠢᠷᠡᠬᠦ ᠳᠠᠢᠰᠤᠨ ᠬᠣᠪᠣᠷ ᠠᠲᠠᠯ᠎ᠠ ᠪᠠᠰᠠ ᠴᠤ᠌ ᠲᠡᠢᠮᠦ ᠦᠨᠳᠦᠰᠦ ᠦᠭᠡᠢ ᠪᠠᠢᠯ᠎ᠠ᠃ ᠬᠥᠪᠡᠭᠦᠳ ᠢ᠋ᠶ᠋ᠡᠨ ᠲᠡᠢᠨ ᠳ᠋ᠦ᠍ ᠮᠣᠷᠳᠠᠭᠰᠠᠨ ᠠ᠋ᠴᠠ ᠬᠣᠢᠰᠢ ᠥᠭᠡᠯᠦᠨ ᠦ᠌ ᠦᠭᠡ ᠶᠠᠷᠢᠶ᠎ᠠ ᠴᠥᠭᠡᠷᠡᠵᠦ ᠶᠡᠬᠡᠪᠴᠢᠯᠡᠨ ᠬᠡᠪᠲᠡᠬᠦ ᠶᠦᠮ ᠤᠤ᠂ ᠳᠤᠯᠠᠭᠠᠨ ᠡᠳᠦᠷ ᠭᠡᠷ ᠦ᠋ᠨ ᠬᠠᠶᠠᠭᠠᠨ ᠳ᠋ᠤ᠌ ᠠᠯᠤᠰ ᠲᠡᠷᠲᠡᠭᠡ ᠳᠣᠷᠣᠨ᠎ᠠ ᠵᠦᠭ ᠢ᠋ ᠰᠢᠷᠳᠡᠨ ᠭᠠᠭᠴᠠᠭᠠᠷ ᠰᠠᠭᠤᠬᠤ ᠪᠣᠯᠵᠠᠢ᠃ ᠥᠭᠡᠯᠦᠨ ᠡᠬᠡ ᠶ᠋ᠢᠨ ᠪᠡᠶ᠎ᠡ ᠪᠠᠢᠳᠠᠯ ᠤᠷᠢᠳᠤ ᠶ᠋ᠢᠨ ᠠᠳᠠᠯᠢ ᠰᠠᠢᠨ ᠦᠭᠡᠢ ᠳᠡᠭᠡᠷ᠎ᠡ ᠬᠢᠲᠠᠳ ᠭᠠᠵᠠᠷ ᠠ᠋ᠴᠠ ᠢᠷᠡᠭᠰᠡᠨ ᠳᠣᠮᠴᠢ ᠴᠤ᠌ ᠨᠠᠭᠠᠰᠢ ᠲᠠᠢ ᠦᠭᠡ ᠬᠡᠯᠡᠭᠡ ᠦᠭᠡᠢ ᠳ᠋ᠦ᠍ ᠰᠡᠳᠬᠢᠯ ᠲᠦᠭᠰᠢᠭᠰᠡᠨ ᠪᠥᠷᠲᠡ᠂ ᠲᠡᠮᠦᠵᠢᠨ ᠳ᠋ᠦ᠍ ᠳᠠᠷᠤᠢ ᠬᠡᠯᠡ ᠥᠭᠬᠦ ᠶ᠋ᠢ ᠬᠡᠳᠦᠨᠲᠡ ᠱᠠᠭᠠᠷᠳᠠᠭᠰᠠᠨ ᠪᠣᠯᠪᠠᠴᠤ ᠥᠭᠡᠯᠦᠨ ᠬᠠᠯᠠᠭᠠᠭᠰᠠᠨ ᠦᠭᠡᠢ᠃ ᠬᠠᠷᠢᠨ ᠴᠤ᠌ ᠪᠦᠷ ᠭᠠᠢᠬᠠᠮᠠᠷ ᠦᠭᠡ ᠬᠡᠯᠡᠵᠦ ᠶᠡᠬᠡᠳᠡ ᠰᠣᠴᠢᠭᠠᠵᠠᠢ᠃ 
       — ᠪᠥᠷᠲᠡ᠂ ᠪᠢ ᠦᠬᠦᠬᠦ ᠪᠣᠯᠤᠭ᠎ᠠ ᠦᠭᠡᠢ ᠪᠠᠢᠨ᠎ᠠ᠃ ᠦᠬᠦᠭᠰᠡᠨ ᠴᠤ᠌ ᠡᠨᠡ ᠨᠠᠮᠤᠷ ᠤ᠋ᠨ ᠠᠳᠠᠭ ᠰᠠᠷ᠎ᠠ ᠶ᠋ᠢᠨ ᠰᠡᠭᠦᠯᠴᠢ ᠬᠦᠷᠭᠡᠨ᠎ᠡ᠃ ᠬᠠᠷᠢᠨ ᠴᠢ ᠭᠠᠳᠠᠨ᠎ᠠ ᠳᠣᠲᠣᠨ᠎ᠠ ᠶ᠋ᠢᠨ ᠡᠨᠡ ᠣᠯᠠᠨ ᠬᠥᠮᠦᠰ ᠦ᠋ᠨ ᠳᠡᠷᠭᠡᠳᠡ ᠬᠥᠯ ᠬᠥᠩᠭᠡᠨ ᠭᠠᠷ ᠭᠠᠩᠭᠠᠩ᠂ ᠡᠷ᠎ᠡ ᠳ᠋ᠦ᠍ ᠣᠴᠢᠭ᠎ᠠ ᠦᠭᠡᠢ ᠡᠮ᠎ᠡ ᠰᠢᠭ ᠳᠡᠪᠡᠯ ᠬᠤᠪᠴᠠᠰᠤ ᠲᠠᠢ ᠶᠠᠪᠤᠬᠤ ᠴᠢᠨᠢ ᠶᠠᠭᠠᠬᠢᠪᠠᠴᠤ ᠵᠣᠬᠢᠬᠤ ᠦᠭᠡᠢ᠃ ᠴᠢ ᠴᠢᠩᠭᠢᠰ ᠬᠠᠭᠠᠨ ᠤ᠋ ᠶᠡᠬᠡ ᠬᠠᠲᠤᠨ ᠪᠣᠯᠬᠤ ᠠ᠋ᠴᠠ ᠪᠢᠰᠢ ᠶᠢᠰᠦᠢ᠂ ᠶᠢᠰᠦᠬᠡᠨ᠂ ᠬᠤᠯᠠᠨ ᠬᠠᠲᠤᠳ ᠤ᠋ᠨ ᠰᠢᠪᠡᠭᠴᠢᠨ ᠪᠤᠰᠤ᠃ ᠨᠠᠮᠠᠶ᠋ᠢ ᠦᠬᠦᠭᠡᠳ ᠥᠭᠪᠡᠯ ᠴᠢᠮᠠᠲᠤ ᠡᠢᠮᠦ ᠦᠭᠡ ᠬᠡᠨ ᠬᠡᠯᠡᠨ᠎ᠡ᠃ ᠨᠠᠰᠤᠨ ᠤ᠋ ᠡᠴᠦᠰ ᠲᠦ᠍ ᠨᠠᠳᠠ ᠰᠢᠭ᠋ ᠢᠩᠭᠢᠵᠦ ᠪᠦᠦ ᠬᠠᠶᠠᠭᠳᠠᠵᠤ ᠬᠣᠴᠣᠷ᠃ ᠪᠢ ᠯᠡ ᠡᠭᠦᠨ ᠢ᠋ᠶ᠋ᠡᠷ ᠢ᠋ᠶ᠋ᠡᠨ ᠳᠠᠭᠤᠰᠤᠶ᠎ᠠ᠃ ᠬᠠᠷᠢᠨ ᠴᠢ᠁ ᠢᠩᠭᠢᠵᠦ ᠶᠠᠪᠤᠵᠤ ᠶᠠᠭᠠᠬᠢᠵᠤ ᠪᠣᠯᠤᠨ᠎ᠠ᠃ ᠴᠢᠨᠦ ᠡᠷ᠎ᠡ ᠨᠥᠬᠥᠷ ᠠᠮᠢᠳᠤ ᠪᠣᠢ᠃ ᠴᠢ ᠡᠷ᠎ᠡ ᠨᠥᠬᠥᠷ ᠦ᠋ᠨ ᠢ᠋ᠶ᠋ᠡᠨ ᠶᠡᠬᠡ ᠨᠡᠷ᠎ᠡ ᠶ᠋ᠢ ᠪᠣᠳᠣᠵᠤ᠂ ᠴᠢᠩᠭᠢᠰ ᠬᠠᠭᠠᠨ ᠤ᠋ ᠶᠡᠬᠡ ᠬᠠᠲᠤᠨ ᠮᠡᠲᠦ ᠶᠠᠪᠤᠭᠲᠤᠨ᠁   
       ᠪᠥᠷᠲᠡ ᠡᠬᠢᠯᠡᠭᠡᠳ ᠲᠡᠭᠦᠨ ᠦ᠌ ᠡᠯ᠎ᠡ ᠦᠭᠡ ᠶ᠋ᠢ ᠰᠠᠢᠨ ᠤᠬᠠᠭᠰᠠᠨ ᠦᠭᠡᠢ᠃ ᠭᠡᠪᠡᠴᠦ ᠪᠣᠳᠣᠵᠤ ᠪᠣᠳᠣᠵᠤ ᠶᠠᠭᠠᠬᠢᠪᠠᠴᠤ ᠥᠭᠡᠯᠦᠨ ᠡᠬᠡ ᠶ᠋ᠢᠨ ᠦᠭᠡ ᠶ᠋ᠢᠨ ᠠᠶ᠎ᠠ ᠪᠠᠷ ᠪᠠᠢᠵᠤ ᠪᠣᠯᠬᠤ ᠦᠭᠡᠢ ᠶ᠋ᠢ ᠤᠬᠠᠭᠠᠷᠠᠵᠤ ᠲᠡᠮᠦᠭᠡ ᠶ᠋ᠢ ᠠᠯᠲᠠᠨ ᠤᠯᠤᠰ ᠲᠤ ᠰᠠᠮ ᠢᠯᠡᠭᠡᠭᠰᠡᠨ ᠪᠢᠯᠡ᠃  
       — ᠨᠠᠮᠠᠶ᠋ᠢ ᠦᠬᠦᠬᠦ ᠳ᠋ᠦ᠍ ᠬᠡᠨ ᠳ᠋ᠦ᠍ ᠴᠤ᠌ ᠪᠦᠦ ᠬᠡᠯᠡ᠃ ᠪᠦᠷ ᠢᠬᠢᠷᠡᠰ ᠠᠢᠮᠠᠭ ᠲᠤ ᠰᠠᠭᠤᠭ᠎ᠠ ᠲᠡᠮᠦᠯᠦᠨ ᠥᠬᠢᠨ ᠳ᠋ᠦ᠍ ᠴᠤ᠌ ᠪᠦᠦ ᠬᠡᠯᠡ ᠭᠡᠰᠡᠨ ᠢ᠋ ᠨᠢ ᠲᠡᠮᠦᠵᠢᠨ ᠳ᠋ᠦ᠍ ᠤᠯᠠᠮᠵᠢᠯᠠᠭᠤᠯᠵᠠᠢ᠃ ᠲᠡᠮᠦᠭᠡ ᠬᠡᠳᠦᠢ ᠡᠷ᠎ᠡ ᠵᠣᠷᠢᠭᠲᠠᠢ ᠨᠣᠶᠠᠨ ᠬᠥᠮᠦᠨ ᠴᠤ᠌ ᠭᠡᠯ᠎ᠡ ᠡᠬᠡ ᠶ᠋ᠢ ᠪᠡᠨ ᠬᠠᠢᠷᠠᠯᠠᠬᠤ ᠶ᠋ᠢᠨ ᠬᠠᠵᠠᠭᠤ ᠪᠠᠷ ᠪᠠᠰᠠ ᠠᠬ᠎ᠠ ᠨᠠᠷ ᠤ᠋ᠨ ᠶᠡᠬᠡ ᠦᠢᠯᠡ ᠶ᠋ᠢ ᠴᠠᠯᠠᠭᠠᠷᠳᠠᠭᠤᠯᠬᠤ ᠪᠣᠢ ᠭᠡᠳ ᠲᠡᠮᠦᠵᠢᠨ ᠠᠬ᠎ᠠ ᠳ᠋ᠠᠭᠠᠨ ᠬᠡᠯᠡ ᠬᠦᠷᠭᠡᠬᠦ ᠤᠴᠢᠷ ᠢ᠋ᠶ᠋ᠠᠨ ᠡᠰᠡ ᠣᠯᠵᠠᠢ᠃ ᠡᠢᠮᠦ ᠦᠶ᠎ᠡ ᠳ᠋ᠦ᠍ ᠪᠥᠷᠲᠡ ᠯᠡ ᠴᠢᠩᠭᠢᠰ ᠬᠠᠭᠠᠨ ᠤ᠋ ᠶᠡᠬᠡ ᠬᠠᠲᠤᠨ ᠤ᠋ ᠶᠣᠰᠣᠭᠠᠷ ᠬᠠᠲᠠᠭᠤ ᠵᠣᠷᠢᠮᠠᠭ ᠰᠢᠢᠳ ᠭᠠᠷᠭᠠᠬᠤ ᠦᠭᠡᠢ ᠪᠣᠯ ᠪᠣᠯᠬᠤ ᠦᠭᠡᠢ ᠭᠡᠳᠡᠭ ᠢ᠋ ᠥᠭᠡᠯᠦᠨ ᠡᠬᠡ ᠶ᠋ᠢᠨ ᠦᠭᠡᠨ ᠡᠴᠡ ᠤᠬᠠᠭᠠᠷᠠᠪᠠ᠃ 
       — ᠲᠡᠮᠦᠭᠡ ᠴᠢ ᠥᠪᠡᠷ ᠦ᠋ᠨ ᠪᠡᠶ᠎ᠡ ᠪᠡᠷ ᠴᠢᠩᠭᠢᠰ ᠬᠠᠭᠠᠨ ᠳ᠋ᠤ᠌ ᠣᠴᠢ᠃ ᠪᠥᠷᠲᠡ ᠬᠠᠲᠤᠨ ᠨᠠᠮᠠᠶ᠋ᠢ ᠶᠠᠪᠤᠭᠤᠯᠪᠠ ᠭᠡᠵᠦ ᠬᠡᠯᠡ᠃ ᠨᠠᠮᠠᠶ᠋ᠢ ᠢᠯᠡᠭᠡᠪᠡ ᠭᠡᠬᠦ ᠳ᠋ᠦ᠍ ᠴᠢᠩᠭᠢᠰ ᠬᠠᠭᠠᠨ ᠯᠠᠪ ᠵᠢᠮᠡᠯᠡᠬᠦ ᠦᠭᠡᠢ᠃ ᠡᠰᠡ ᠲᠡᠭᠡᠪᠡᠯ ᠴᠢ ᠪᠢᠳᠡ ᠬᠣᠶᠠᠷ ᠪᠦᠬᠦᠨ ᠦ᠌ ᠡᠴᠦᠰ ᠲᠦ᠍ ᠵᠢᠮᠡᠯᠡᠯ ᠶᠠᠯ᠎ᠠ ᠰᠣᠨᠣᠰᠬᠤ ᠪᠣᠢ ᠭᠡᠰᠡᠨ ᠨᠢ ᠲᠡᠮᠦᠭᠡ ᠶ᠋ᠢ ᠠᠯᠲᠠᠨ ᠤᠯᠤᠰ ᠲᠤ ᠶᠠᠪᠤᠬᠤ ᠳ᠋ᠤ᠌ ᠬᠦᠷᠭᠡᠵᠡᠢ᠃ ᠪᠥᠷᠲᠡ ᠶ᠋ᠢ ᠶᠢᠰᠦᠭᠡᠢ ᠶ᠋ᠢᠨ ᠭᠡᠷ ᠲᠦ᠍ ᠢᠷᠡᠭᠰᠡᠨ ᠡᠳᠦᠷ ᠡᠴᠡ ᠬᠣᠢᠰᠢ ᠲᠡᠮᠦᠭᠡ ᠦᠨᠡᠨ ᠰᠡᠳᠬᠢᠯ ᠢ᠋ᠶ᠋ᠡᠷ ᠬᠦᠨᠳᠦᠳᠬᠡᠨ ᠬᠠᠢᠷᠠᠯᠠᠬᠤ ᠪᠣᠯᠤᠭᠰᠠᠨ ᠲᠤᠯᠠ ᠢᠮᠠᠭᠲᠠ ᠪᠥᠷᠲᠡ ᠶ᠋ᠢᠨ ᠦᠭᠡ ᠶ᠋ᠢ ᠳᠠᠭᠠᠬᠤ ᠪᠢᠯᠡ᠃ ᠡᠨᠡ ᠤᠳᠠᠭ᠎ᠠ ᠳ᠋ᠤ᠌ ᠴᠤ᠌ ᠪᠥᠷᠲᠡ ᠶ᠋ᠢᠨ ᠦᠭᠡ ᠶ᠋ᠢ ᠳᠠᠭᠠᠵᠠᠢ᠃ ᠲᠡᠮᠦᠵᠢᠨ ᠠᠬ᠎ᠠ ᠨᠢ ᠶᠡᠬᠡ ᠬᠠᠲᠤᠨ ᠪᠥᠷᠲᠡ ᠳ᠋ᠡᠭᠡᠨ ᠶᠡᠬᠡᠳᠡ ᠬᠦᠨᠳᠦᠳᠬᠡᠯᠲᠡᠢ ᠬᠠᠨᠳᠤᠳᠠᠭ ᠤᠴᠢᠷ ᠲᠡᠭᠦᠨ ᠳ᠋ᠦ᠍ ᠠᠶᠤᠵᠤ ᠡᠷᠡᠭᠡᠯᠵᠡᠬᠦ ᠰᠡᠳᠬᠢᠯ ᠲᠥᠷᠥᠭᠰᠡᠨ ᠦᠭᠡᠢ᠃ ᠬᠠᠷᠢᠨ ᠲᠡᠮᠦᠭᠡ ᠶ᠋ᠢ ᠠᠯᠲᠠᠨ ᠤᠯᠤᠰ ᠲᠤ ᠣᠳᠤᠭᠰᠠᠨ ᠢ᠋ ᠥᠭᠡᠯᠦᠨ ᠡᠬᠡ ᠳ᠋ᠦ᠍ ᠬᠡᠯᠡᠯ ᠦᠭᠡᠢ ᠥᠩᠭᠡᠷᠡᠪᠡ᠃ ᠲᠡᠮᠦᠵᠢᠨ ᠦ᠌ ᠬᠤᠪᠢ ᠳ᠋ᠤ᠌ ᠠᠯᠲᠠᠨ ᠤᠯᠤᠰ ᠪᠣᠯ ᠴᠣᠬᠣᠮ ᠬᠦᠰᠡᠯ ᠢ᠋ ᠲᠠᠲᠠᠭᠰᠠᠨ᠂ ᠦᠵᠡᠬᠦ ᠶ᠋ᠢ ᠮᠥᠷᠥᠭᠡᠳᠦᠭᠰᠡᠨ ᠭᠠᠵᠠᠷ ᠨᠢ ᠶᠦ᠍ᠮ᠃  ᠡᠮᠦᠨ᠎ᠡ ᠭᠠᠵᠠᠷ ᠠ᠋ᠴᠠ ᠡᠯᠴᠢ ᠢᠷᠡᠬᠦ ᠪᠦᠷᠢ ᠲᠡᠢᠨ ᠳᠣᠯᠣᠭᠠᠨ ᠤ᠋ ᠲᠤᠬᠠᠢ ᠮᠡᠳᠡᠭᠡ ᠶ᠋ᠢ ᠪᠥᠷᠲᠡ ᠲᠡᠷᠡ  ᠪᠦᠷᠢ ᠳ᠋ᠦ᠍ ᠥᠭᠡᠯᠦᠨ ᠡᠬᠡ  ᠳ᠋ᠦ᠍ ᠳᠣᠭᠣᠯᠭᠠᠵᠤ ᠠᠯᠠᠭ ᠲᠣᠷᠭ᠎ᠠ᠂ ᠠᠮᠲᠠᠲᠤ ᠪᠤᠷᠠᠮ ᠵᠥᠭᠡᠭᠡᠬᠦ ᠪᠥᠯᠥᠭᠡ᠃  ᠪᠥᠷᠲᠡ ᠶ᠋ᠢᠨ ᠣᠷᠣᠵᠤ ᠢᠷᠡᠬᠦ ᠲᠣᠭᠠᠯᠠᠩ ᠳ᠋ᠤ᠌ ᠥᠭᠡᠯᠦᠨ ᠦ᠌ ᠵᠢᠷᠦᠬᠡ ᠴᠡᠴᠡᠷᠡᠵᠦ ᠬᠠᠰᠠᠷ ᠬᠥᠪᠡᠭᠦᠨ ᠨᠢ ᠦᠬᠦᠪᠡ ᠭᠡᠬᠦ ᠪᠣᠢ ᠭᠡᠵᠦ ᠲᠦᠭᠰᠢᠨ ᠤᠭᠲᠤᠨ᠎ᠠ᠃ ᠭᠡᠲᠡᠯ᠎ᠡ ᠬᠠᠰᠠᠷ ᠬᠥᠪᠡᠭᠦᠨ ᠨᠢ ᠡᠰᠡᠨ ᠮᠡᠨᠳᠦ ᠪᠠᠢᠭᠰᠠᠭᠠᠷ ᠠᠵᠢ᠃ 
       ᠨᠠᠮᠤᠷ ᠤ᠋ᠨ ᠳᠤᠮᠳᠠ ᠰᠠᠷ᠎ᠠ ᠶ᠋ᠢᠨ ᠨᠠᠯᠠᠭᠠᠷ ᠰᠢᠷ᠎ᠠ ᠡᠳᠦᠷ ᠦ᠋ᠳ ᠦᠷᠭᠦᠯᠵᠢᠯᠡᠵᠦ᠂ ᠵᠢᠮᠢᠰ ᠨᠣᠭᠣᠭ᠎ᠠ᠂  ᠢᠳᠡᠭᠡ ᠪᠤᠳᠠᠭ᠎ᠠ ᠳᠡᠯᠭᠡᠷᠡᠭᠡᠳ  ᠬᠡᠷᠦᠯᠦᠨ ᠦ᠌ ᠬᠥᠨᠳᠡᠢ ᠬᠠᠬᠠᠵᠤ ᠪᠢᠯᠬᠠᠵᠤ ᠪᠠᠢᠬᠤ ᠰᠢᠭ᠋᠃ ᠡᠨᠡ ᠡᠳᠦᠷ ᠥᠭᠡᠯᠦᠨ ᠭᠡᠷ ᠦ᠋ᠨ ᠭᠠᠳᠠᠨ᠎ᠠ ᠵᠠᠰᠠᠭᠰᠠᠨ ᠲᠠᠪᠴᠠᠩ ᠳᠡᠭᠡᠷ᠎ᠡ ᠰᠤᠷᠤᠭᠰᠠᠨ ᠵᠠᠩ ᠢ᠋ᠶ᠋ᠠᠷ ᠳᠣᠷᠣᠨ᠎ᠠ ᠵᠦᠭ ᠰᠢᠷᠳᠡᠨ ᠰᠠᠭᠤᠪᠠ᠃ ᠬᠡᠷᠦᠯᠦᠨ ᠮᠥᠷᠡᠨ ᠦ᠌ ᠡᠷᠭᠢ ᠳᠠᠭᠠᠭᠰᠠᠨ ᠶᠡᠬᠡ ᠵᠠᠮ ᠢ᠋ᠶ᠋ᠠᠷ ᠠᠯᠤᠰ ᠲᠤ ᠪᠠᠷᠠᠭᠠᠨ ᠳᠦᠷᠰᠦ ᠲᠣᠳᠣᠷᠠᠨ ᠲᠦᠳᠡᠯ ᠦᠭᠡᠢ ᠪᠦᠯᠦᠭ ᠮᠣᠷᠢᠲᠠᠨ ᠤᠯᠤᠰ ᠳᠣᠪᠲᠣᠯᠭᠠᠨ ᠠᠢᠰᠤᠢ ᠶ᠋ᠢ ᠤᠰᠤ ᠭᠦᠶᠦᠵᠦ ᠬᠠᠪᠤᠩᠨᠠᠭᠰᠠᠨ ᠨᠢᠳᠦ ᠪᠡᠨ ᠴᠢᠯᠡᠭᠡᠨ ᠬᠠᠷᠠᠭᠠᠳ ᠰᠡᠳᠬᠢᠯ ᠨᠢ ᠨᠢᠭᠡ ᠯᠡ ᠬᠠᠴᠢᠨ ᠪᠣᠯᠬᠤ ᠶ᠋ᠢ ᠲᠡᠷᠡ ᠠᠩᠵᠠᠭᠠᠷᠠᠪᠠ᠃ ᠨᠢᠳᠦᠨ ᠦ᠌ ᠬᠢᠨᠢ ᠬᠠᠷᠠᠭ᠎ᠠ ᠮᠠᠭᠤᠳᠠᠭᠰᠠᠨ ᠴᠤ᠌ ᠬᠣᠯᠠ ᠠ᠋ᠴᠠ ᠶᠠᠭᠠᠷᠠᠨ ᠳᠠᠪᠬᠢᠭᠰᠠᠭᠠᠷ ᠠᠢᠰᠤᠢ ᠮᠣᠷᠢᠲᠠᠢ ᠤᠯᠤᠰ ᠢ᠋ ᠶᠡᠬᠡ ᠬᠣᠯᠠ ᠠ᠋ᠴᠠ ᠬᠠᠷᠠᠵᠠᠢ᠃  ᠥᠭᠡᠯᠦᠨ ᠦ᠌ ᠰᠡᠳᠬᠢᠯ ᠦ᠋ᠨ ᠤᠭ ᠲᠤ ᠬᠠᠮᠢᠭ᠎ᠠ ᠨᠢᠭᠡ ᠳ᠋ᠡᠭᠡᠨ ᠡᠪᠡᠳᠬᠦ ᠰᠢᠭ ᠪᠣᠯᠵᠤ᠂ ᠵᠢᠷᠦᠬᠡ ᠨᠢ ᠲᠦᠭᠰᠢᠭᠦᠷᠢ ᠪᠠᠶᠠᠷ ᠬᠣᠶᠠᠷ ᠢ᠋ᠶ᠋ᠠᠷ ᠵᠡᠷᠭᠡᠴᠡᠨ ᠳᠡᠯᠡᠳᠪᠡ᠃ ᠳᠠᠯᠠ ᠰᠢᠬᠠᠮ ᠵᠢᠯ ᠠᠮᠢᠳᠤᠷᠠᠭᠰᠠᠨ ᠲᠡᠭᠦᠨ ᠳ᠋ᠦ᠍ ᠭᠠᠭᠴᠠ ᠦᠵᠡᠭᠡ ᠦᠭᠡᠢ ᠶᠠᠭᠤᠮ᠎ᠠ ᠨᠢ ᠦᠬᠦᠯ ᠪᠢᠵᠡ᠃ ᠬᠥᠭᠰᠢᠷᠡᠵᠦ ᠮᠠᠭᠤᠳᠠᠭᠰᠠᠨ ᠵᠢᠷᠦᠬᠡ ᠨᠢ ᠢᠩᠭᠢᠵᠦ ᠪᠠᠶᠠᠷᠯᠠᠵᠤ ᠳᠣᠭᠳᠣᠯᠬᠤ ᠶᠤᠮ ᠭᠡᠵᠦ ᠰᠠᠨᠠᠭ᠎ᠠ ᠦᠭᠡᠢ ᠶᠠᠪᠤᠭᠰᠠᠨ ᠳ᠋ᠠᠭᠠᠨ ᠥᠭᠡᠯᠦᠨ ᠪᠦᠷ ᠭᠠᠢᠬᠠᠵᠠᠢ᠃ ᠦᠨᠡᠬᠡᠷ ᠲᠡᠷᠡ ᠪᠠᠶᠠᠷᠯᠠᠨ ᠳᠣᠭᠳᠣᠯᠵᠤ ᠠᠩᠬ᠎ᠠ ᠶᠢᠰᠦᠭᠡᠢ ᠶ᠋ᠢ ᠲᠡᠢᠨ ᠳ᠋ᠦ᠍ ᠠᠯᠤᠰ ᠶᠠᠪᠤᠭᠠᠳ ᠠᠮᠢᠳᠤ ᠮᠡᠨᠳᠦ ᠡᠷᠢᠬᠦ ᠶ᠋ᠢ ᠬᠠᠷᠠᠭᠰᠠᠨ ᠰᠢᠭ᠋ ᠢ᠋ᠶ᠋ᠡᠨ ᠵᠢᠷᠦᠬᠡ ᠨᠢ ᠵᠠᠯᠠᠭᠤ ᠪᠦᠰᠡᠭᠦᠢ ᠶ᠋ᠢᠨ ᠬᠢ ᠰᠢᠭ ᠣᠮᠣᠭᠯᠠᠩ ᠢ᠋ᠶ᠋ᠠᠷ ᠪᠤᠯᠭᠢᠯᠠᠬᠤ ᠶ᠋ᠢ ᠦᠵᠡᠪᠡ᠃ ᠶᠡᠷᠦ ᠡᠴᠡ ᠬᠥᠮᠦᠨ ᠦ᠌ ᠵᠢᠷᠦᠬᠡ ᠬᠡᠵᠢᠶ᠎ᠡ ᠴᠦ᠍ ᠬᠥᠭᠰᠢᠷᠡᠳᠡᠭ ᠦᠭᠡᠢ ᠭᠠᠭᠴᠠ ᠡᠷᠬᠡᠲᠡᠨ ᠪᠢᠵᠡ ᠠ᠋᠃  ᠪᠦᠯᠦᠭ ᠮᠣᠷᠢᠲᠠᠨ ᠣᠢᠷᠠᠲᠤᠭᠰᠠᠭᠠᠷ ᠪᠦᠷ ᠬᠦᠷᠢᠶᠡᠨ ᠦ᠌ ᠬᠠᠷᠠᠭᠤᠯ ᠤ᠋ᠨ ᠳᠡᠷᠭᠡᠳᠡ ᠬᠦᠷᠴᠦ ᠪᠢᠴᠢᠬᠠᠨ ᠵᠣᠭᠰᠣᠭᠰᠠᠨ ᠢ᠋ᠶ᠋ᠠᠨ ᠰᠢᠭᠤᠳ ᠶᠡᠬᠡ ᠥᠷᠭᠥᠭᠡ ᠶ᠋ᠢ ᠵᠦᠭᠯᠡᠨ ᠣᠢᠷᠠᠳᠬᠤ ᠶ᠋ᠢ ᠦᠵᠡᠪᠡᠯ ᠡᠷᠬᠡ ᠮᠠᠲᠠᠯ ᠶᠡᠬᠡᠲᠡᠢ ᠬᠥᠮᠦᠨ ᠶᠠᠪᠤᠭ᠎ᠠ ᠠᠵᠢ᠃ ᠲᠡᠷᠡ ᠴᠤᠪᠤᠭᠠᠨ ᠤ᠋ ᠭᠣᠣᠯ ᠳ᠋ᠤ᠌ ᠨᠢᠭᠡ ᠰᠦᠷᠯᠢᠭ ᠰᠠᠢᠬᠠᠨ ᠪᠠᠭᠠᠲᠤᠷ ᠡᠷ᠎ᠡ ᠢᠷᠡᠭ᠍ᠰᠡᠨ ᠨᠢ ᠲᠠᠨᠢᠯ ᠴᠤ᠌ ᠲᠥᠷᠬᠦ ᠰᠢᠭ᠂ ᠪᠦᠷ ᠦᠵᠡᠭᠰᠡᠨ ᠴᠦ᠍ ᠬᠥᠮᠦᠨ ᠰᠢᠭ᠃ ᠥᠭᠡᠯᠦᠨ ᠥᠨᠳᠡᠢᠬᠦ ᠭᠡᠳ ᠴᠢᠳᠠᠭᠰᠠᠨ ᠦᠭᠡᠢ᠃ ᠥᠨᠥᠬᠢ ᠡᠷ᠎ᠡ ᠶ᠋ᠢᠨ ᠰᠦᠷᠯᠢᠭ ᠬᠦᠷᠡᠩ ᠴᠢᠷᠠᠢ ᠲᠣᠭᠤᠯᠠᠭᠠᠨ ᠳᠣᠣᠷ᠎ᠠ ᠠ᠋ᠴᠠ ᠦᠵᠡᠭᠳᠡᠬᠦ ᠳ᠋ᠦ᠍  
       — ᠶᠢᠰᠦᠭᠡᠢ᠂  ᠶᠢᠰᠦᠭᠡᠢ ᠭᠡᠵᠦ ᠥᠭᠡᠯᠦᠨ ᠳᠠᠭᠤᠳᠠᠪᠠ᠃ ᠦᠨᠡᠬᠡᠷ ᠶᠢᠰᠦᠭᠡᠢ ᠢᠨᠢᠶᠡᠮᠰᠦᠭᠯᠡᠨ ᠮᠣᠷᠢᠨ ᠠ᠋ᠴᠠ ᠦᠰᠦᠷᠦᠨ ᠪᠠᠭᠤᠵᠤ ᠭᠡᠷ ᠲᠡᠷᠭᠡ ᠶ᠋ᠢᠨ ᠱᠠᠲᠤ ᠪᠠᠷ ᠬᠥᠩᠭᠡᠬᠡᠨ ᠥᠭᠰᠥᠭᠰᠡᠭᠡᠷ ᠳᠡᠷᠭᠡᠳᠡ ᠨᠢ ᠢᠷᠡᠭᠡᠳ ᠰᠥᠬᠥᠷᠡᠪᠡ᠃  
       — ᠶᠢᠰᠦᠭᠡᠢ᠂ ᠴᠢ ᠠᠮᠢᠳᠤ ᠪᠠᠢᠵᠠᠢ᠃  ᠨᠠᠮᠠᠶ᠋ᠢ ᠭᠠᠭᠴᠠ ᠪᠡᠶ᠎ᠡ ᠪᠡᠷ ᠣᠷᠬᠢᠭᠠᠳ ᠶᠠᠭᠤᠨ ᠳ᠋ᠤ᠌ ᠢᠩᠭᠢᠵᠦ ᠤᠳᠠᠪᠠ ᠭᠡᠵᠦ ᠥᠭᠡᠯᠦᠨ ᠰᠢᠪᠡᠨᠡᠭᠡᠳ ᠨᠢᠳᠦ ᠪᠡᠨ ᠠᠨᠢᠪᠠ᠃ ᠡᠷᠭᠢᠨ ᠲᠣᠭᠣᠷᠢᠨ ᠠ᠋ᠴᠠ ᠶᠢᠰᠦᠭᠡᠢ ᠶ᠋ᠢᠨ ᠲᠠᠨᠢᠯ ᠳᠣᠲᠣᠨᠣ ᠦᠨᠦᠷ ᠬᠠᠩᠬᠤᠯᠬᠤ ᠰᠢᠭ᠋ ᠪᠣᠯᠵᠠᠢ᠃ 
       — ᠡᠵᠢ ᠮᠢᠨᠢ᠂ ᠪᠢ ᠢᠷᠡᠯ᠎ᠡ ᠭᠡᠵᠦ ᠬᠠᠰᠠᠷ ᠡᠬᠡ ᠶ᠋ᠢᠨ ᠢ᠋ᠶ᠋ᠡᠨ ᠪᠤᠭᠤᠷᠤᠯᠲᠤᠭᠰᠠᠨ ᠰᠡᠭᠰᠡᠭᠡᠷ ᠦᠰᠦ᠂  ᠨᠢᠯᠪᠤᠰᠤᠲᠤ ᠨᠢᠳᠦ᠂  ᠦᠷᠴᠢᠯᠡᠭᠡᠲᠦ ᠨᠢᠭᠤᠷ ᠢ᠋ ᠰᠢᠷᠳᠡᠨ ᠰᠢᠪᠡᠨᠡᠪᠡ᠃ ᠬᠠᠰᠠᠷ ᠤ᠋ᠨ ᠨᠢᠳᠦᠨ ᠡᠴᠡ ᠨᠢᠯᠪᠤᠰᠤ ᠠᠰᠬᠠᠷᠠᠵᠤ ᠰᠢᠷᠣᠢ ᠲᠣᠭᠣᠰᠣᠨ ᠳ᠋ᠤ᠌ ᠳᠠᠷᠤᠭᠳᠠᠭᠰᠠᠨ ᠨᠢᠭᠤᠷ ᠤ᠋ᠨ ᠳᠡᠭᠡᠭᠦᠷ ᠨᠢ ᠵᠠᠮ ᠲᠠᠲᠠᠭᠤᠯᠤᠨ ᠤᠷᠤᠰᠬᠤ ᠠᠵᠢ᠃ ᠥᠭᠡᠯᠦᠨ ᠦ᠌ ᠨᠢᠳᠦᠨ ᠳ᠋ᠦ᠍ ᠦᠨᠡᠬᠡᠷ ᠶᠢᠰᠦᠭᠡᠢ ᠦᠵᠡᠭᠳᠡᠭᠰᠡᠨ ᠶᠦᠮ᠃ ᠲᠠᠲ᠋ᠠᠷ ᠲᠤ ᠬᠣᠣᠷᠯᠠᠭᠳᠠᠵᠤ ᠦᠬᠦᠭᠰᠡᠨ ᠶᠢᠰᠦᠭᠡᠢ ᠶ᠋ᠢᠨ ᠰᠦᠨᠡᠰᠦ ᠬᠠᠰᠠᠷ ᠬᠥᠪᠡᠭᠦᠨ ᠢ᠋ᠶ᠋ᠡᠨ ᠳᠠᠭᠠᠨ ᠥᠭᠡᠯᠦᠨ ᠦ᠌ ᠳᠡᠷᠭᠡᠳᠡ ᠢᠷᠡᠭᠡᠳ ᠪᠤᠴᠠᠵᠠᠢ᠃ ᠬᠠᠷᠢᠨ ᠣᠳᠣ ᠥᠲᠡᠯᠵᠦ ᠬᠠᠷᠠᠯᠠᠭᠰᠠᠨ ᠴᠢᠷᠠᠢ ᠲᠠᠢ᠂ ᠡᠪᠦᠭᠡᠷᠡᠵᠦ ᠡᠬᠢᠯᠡᠭᠰᠡᠨ ᠬᠠᠰᠠᠷ ᠡᠮᠦᠨ᠎ᠡ ᠨᠢ ᠰᠥᠬᠥᠷᠡᠨ ᠮᠡᠯᠮᠡᠷᠡᠭᠦᠯᠵᠦ ᠰᠠᠭᠤᠬᠤ ᠶ᠋ᠢ ᠥᠭᠡᠯᠦᠨ ᠦᠵᠡᠪᠡ᠃ ᠡᠬᠢᠯᠡᠭᠡᠳ ᠥᠪᠡᠷ ᠢ᠋ ᠪᠡᠨ ᠵᠡᠭᠦᠳᠦᠯᠡᠵᠦ ᠪᠠᠢᠨ᠎ᠠ ᠤᠤ ᠳᠠ ᠭᠡᠵᠦ ᠰᠠᠨᠠᠵᠠᠢ᠃ ᠬᠠᠰᠠᠷ ᠤ᠋ᠨ ᠲᠠᠨᠢᠯ ᠬᠣᠭᠣᠯᠠᠢ ᠰᠣᠨᠣᠰᠳᠠᠵᠤ ᠨᠤᠮᠤ ᠶ᠋ᠢᠨ ᠬᠥᠪᠴᠢ᠂ ᠰᠡᠯᠡᠮᠡᠨ ᠦ᠌ ᠪᠠᠷᠢᠭᠤᠯ ᠳ᠋ᠤ᠌ ᠡᠪᠡᠷᠰᠢᠭᠰᠡᠨ ᠬᠤᠷᠤᠭᠤ ᠪᠠᠷ ᠢ᠋ᠶ᠋ᠠᠨ ᠮᠣᠢᠨᠣᠢᠭᠰᠠᠨ ᠭᠠᠷ ᠲᠤᠨᠢ ᠵᠥᠭᠡᠯᠡᠨ ᠬᠦᠷᠬᠦ ᠳ᠋ᠦ᠍ ᠥᠭᠡᠯᠦᠨ ᠰᠡᠷᠡᠭᠦᠨ ᠵᠡᠭᠦᠳᠦᠨ ᠡᠴᠡ ᠪᠡᠨ ᠰᠡᠷᠡᠪᠡ᠃ ᠶᠢᠰᠦᠭᠡᠢ ᠶ᠋ᠢᠨ ᠰᠦᠨᠡᠰᠦ ᠬᠥᠪᠡᠭᠦᠨ ᠬᠠᠰᠠᠷ ᠢ᠋ ᠨᠢ ᠬᠣᠯᠠ ᠭᠠᠵᠠᠷ ᠠ᠋ᠴᠠ ᠲᠡᠭᠦᠨ ᠳ᠋ᠦ᠍ ᠳᠠᠭᠠᠭᠤᠯᠤᠨ ᠠᠪᠴᠢᠷᠠᠵᠤ ᠣᠷᠬᠢᠭᠠᠳ ᠲᠡᠷᠲᠡᠭᠡ ᠲᠩᠷᠢ ᠶ᠋ᠢᠨ ᠣᠷᠣᠨ ᠳ᠋ᠤ᠌ ᠣᠳᠬᠤ ᠶ᠋ᠢ ᠲᠡᠷᠡ ᠲᠣᠪ ᠲᠣᠳᠣ ᠬᠠᠷᠠᠬᠤ ᠰᠢᠭ᠋ ᠪᠣᠯᠵᠠᠢ᠃   
        ᠬᠥᠪᠡᠭᠦᠨ ᠬᠠᠰᠠᠷ ᠨᠢ ᠦᠨᠡᠬᠡᠷ ᠢᠷᠡᠵᠡᠢ᠃ ᠡᠬᠡ ᠬᠥᠮᠦᠨ ᠬᠣᠯᠠ ᠳ᠋ᠤ᠌ ᠣᠳᠤᠭᠰᠠᠨ ᠦᠷ᠎ᠡ ᠪᠡᠨ ᠡᠷᠭᠢᠨ ᠢᠷᠡᠬᠦ ᠶ᠋ᠢ ᠦᠵᠡᠭᠡᠳ ᠶᠠᠭᠠᠬᠢᠵᠤ ᠪᠠᠶᠠᠷᠯᠠᠳᠠᠭ ᠤ᠋ᠨ ᠠᠳᠠᠯᠢ ᠥᠭᠡᠯᠦᠨ ᠶᠠᠭ ᠯᠠ ᠲᠡᠭᠡᠵᠦ ᠪᠠᠶᠠᠷᠯᠠᠪᠠ᠃ ᠬᠠᠯᠠᠭᠤᠨ ᠨᠢᠯᠪᠤᠰᠤ ᠨᠢ ᠰᠤᠯᠠ ᠠᠰᠬᠠᠷᠠᠵᠤ᠂ ᠡᠴᠡᠵᠦ ᠶᠠᠳᠠᠷᠠᠭᠠᠳ ᠮᠢᠬ᠎ᠠ ᠮᠠᠷᠢᠶ᠎ᠠ ᠨᠢ ᠰᠢᠭᠤᠭᠳᠠᠭᠰᠠᠨ ᠬᠠᠰᠠᠷ ᠬᠥᠪᠡᠭᠦᠨ ᠢ᠋ᠶ᠋ᠡᠨ ᠦᠵᠡᠩᠭᠦᠲᠡ ᠵᠢᠷᠦᠬᠡ ᠪᠡᠨ ᠰᠢᠮᠰᠢᠷᠡᠭᠦᠯᠦᠨ ᠦᠷᠦ ᠡᠪᠡᠳᠴᠡᠢ᠃ ᠶᠠᠭᠤᠨ ᠤ᠋ ᠲᠥᠯᠥᠭᠡ ᠬᠦᠦ ᠮᠢᠨᠢ ᠢᠩᠭᠢᠵᠦ ᠡᠴᠡᠵᠦ ᠴᠤᠴᠠᠲᠠᠯ᠎ᠠ ᠪᠠᠨ ᠵᠢᠳᠬᠦᠨ᠎ᠡ ᠪᠣᠢ ᠭᠡᠵᠦ ᠪᠣᠳᠣᠪᠠ᠃ ᠪᠠᠶᠠᠷᠯᠠᠭᠰᠠᠨ ᠳ᠋ᠠᠭᠠᠨ ᠪᠠᠢᠳᠠᠭ ᠬᠦᠴᠦ ᠪᠡᠨ ᠰᠢᠪᠬᠠᠨ ᠪᠠᠢᠵᠤ ᠥᠨᠳᠡᠢᠨ ᠪᠣᠰᠬᠤ ᠭᠡᠳ ᠰᠢᠷᠭᠤᠴᠢᠬᠠᠬᠤ ᠳ᠋ᠤ᠌ ᠬᠠᠰᠠᠷ ᠱᠠᠯᠠᠮᠠᠭᠠᠢᠯᠠᠨ ᠲᠣᠰᠴᠤ ᠲᠦᠰᠢᠨ ᠠᠪᠤᠭᠠᠳ ᠬᠥᠭᠡᠷᠦᠬᠦᠢ ᠡᠬᠡ ᠶ᠋ᠢ ᠪᠡᠨ ᠬᠡᠦᠬᠡᠳ ᠰᠢᠭ ᠲᠡᠪᠡᠷᠢᠨ ᠭᠡᠷ ᠲᠦ᠍ ᠣᠷᠣᠵᠠᠢ᠃ ᠴᠢᠩᠭᠢᠰ ᠬᠠᠭᠠᠨ ᠤ᠋ ᠶᠡᠬᠡ ᠬᠦᠷᠢᠶᠡᠨ ᠦ᠌ ᠡᠳᠦᠷ ᠳᠣᠳᠣᠮ ᠤ᠋ᠨ ᠡᠬᠢ ᠠᠳᠠᠭ ᠦᠭᠡᠢ ᠨᠦᠰᠡᠷ ᠠᠵᠢᠯ ᠤ᠋ᠨ ᠨᠦᠷᠭᠢᠶᠡᠨ ᠳᠤᠮᠳᠠ ᠡᠬᠡ ᠬᠦᠦ ᠬᠣᠶᠠᠷ ᠤ᠋ᠨ ᠡᠨᠡ ᠠᠭᠤᠯᠵᠠᠯᠲᠠ ᠣᠭᠲᠣ ᠠᠩᠵᠠᠭᠠᠷᠠᠭᠳᠠᠭ᠎ᠠ ᠦᠭᠡᠢ ᠪᠢᠯᠡ᠃ ᠮᠤᠵᠢᠶᠠᠩ ᠳᠠᠷᠬᠠᠴᠤᠤᠯ ᠤ᠋ᠨ ᠠᠵᠢᠯ ᠣᠨᠳᠣᠷᠴᠤ ᠠᠯᠤᠬ᠎ᠠ ᠰᠦᠬᠡᠨ ᠦ᠌ ᠳᠠᠭᠤ ᠬᠠᠳᠠᠨ᠎ᠠ᠃ ᠲᠡᠳᠡᠨ ᠳ᠋ᠦ᠍ ᠬᠡᠨ ᠴᠦ᠍ ᠰᠠᠭᠠᠳ ᠪᠣᠯᠤᠭᠰᠠᠨ ᠦᠭᠡᠢ᠃ ᠲᠡᠷᠡ ᠪᠦᠦ ᠬᠡᠯᠡ ᠥᠭᠡᠯᠦᠨ ᠡᠬᠡ ᠶ᠋ᠢᠨ ᠭᠡᠷ ᠲᠦ᠍ ᠦᠷᠭᠦᠯᠵᠢ ᠣᠷᠣᠵᠤ ᠭᠠᠷᠴᠤ ᠶᠠᠪᠤᠳᠠᠭ ᠵᠥᠴᠢ ᠶ᠋ᠢᠨ ᠬᠥᠪᠡᠭᠦᠨ ᠪᠠᠲᠤ᠂ ᠴᠠᠭᠠᠲᠠᠢ ᠶ᠋ᠢᠨ ᠲᠣᠮᠣ ᠬᠥᠪᠡᠭᠦᠨ ᠪᠦᠷᠢ ᠬᠣᠶᠠᠷ ᠴᠤ᠌ ᠣᠷᠣᠵᠤ ᠢᠷᠡᠭᠰᠡᠨ ᠦᠭᠡᠢ᠃ ᠥᠭᠡᠯᠦᠨ ᠦ᠌ ᠭᠡᠷ ᠲᠦ᠍ ᠬᠢᠲᠠᠳ ᠭᠠᠵᠠᠷ ᠤ᠋ᠨ ᠦᠮᠡᠬᠡᠢ ᠠᠭᠠᠷ᠂ ᠢᠯᠵᠠᠷᠠᠭᠰᠠᠨ ᠨᠣᠭᠣᠭ᠎ᠠ ᠨᠢᠯ ᠬᠢᠨ ᠦᠨᠦᠷᠲᠦᠪᠡ᠃ ᠡᠨᠡ ᠪᠣᠯ ᠬᠠᠰᠠᠷ ᠤ᠋ᠨ ᠠᠯᠤᠰ ᠭᠠᠵᠠᠷ ᠠ᠋ᠴᠠ ᠲᠡᠭᠡᠭᠡᠵᠦ ᠢᠷᠡᠭᠰᠡᠨ ᠦᠨᠦᠷ ᠪᠢᠯᠡ᠃ ᠬᠠᠯᠠᠭᠤᠨ ᠪᠦᠭᠴᠢᠮ ᠬᠢᠲᠠᠳ ᠭᠠᠵᠠᠷ ᠤ᠋ᠨ ᠦᠨᠦᠷ ᠬᠠᠰᠠᠷ ᠳᠤ ᠪᠦᠷ ᠨᠡᠪᠲᠡ ᠰᠢᠩᠭᠡᠵᠡᠢ᠃  
       — ᠡᠵᠢ ᠨᠢ ᠴᠢᠮ᠎ᠠ ᠲᠠᠢ ᠠᠭᠤᠯᠵᠠᠵᠤ ᠴᠢᠳᠠᠬᠤ ᠦᠭᠡᠢ ᠪᠢᠵᠡ ᠭᠡᠵᠦ ᠰᠠᠨᠠᠭᠰᠠᠨ ᠶᠤᠮ᠃ ᠭᠡᠲᠡᠯ᠎ᠡ ᠬᠦᠦ ᠮᠢᠨᠢ ᠴᠢ ᠶᠡᠬᠡ ᠲᠡᠢᠨ᠂ ᠢᠵᠢᠯᠢ ᠴᠡᠷᠢᠭ ᠢ᠋ᠶ᠋ᠡᠨ ᠣᠷᠬᠢᠭᠠᠳ ᠢᠷᠡᠵᠡᠢ᠃ ᠡᠵᠡᠨ ᠦᠭᠡᠢ ᠴᠡᠷᠢᠭ ᠴᠢᠨᠢ ᠡᠨᠳᠡᠵᠦ ᠣᠰᠣᠯᠳᠠᠬᠤ ᠪᠣᠢ᠃ ᠶᠡᠬᠦ᠂ ᠶᠢᠰᠦᠩᠬᠡᠢ ᠬᠥᠪᠡᠭᠦᠳ ᠴᠢᠨᠢ ᠨᠢᠯᠬ᠎ᠠ ᠰᠢᠦ᠃ ᠣᠳᠣ ᠡᠬᠡ ᠶ᠋ᠢᠨ ᠴᠢᠨᠢ ᠰᠠᠨᠠᠭ᠎ᠠ ᠠᠮᠠᠷᠠᠪᠠ᠃ ᠪᠤᠴᠠᠵᠤ ᠦᠵᠡ ᠭᠡᠵᠦ ᠥᠭᠡᠯᠦᠨ ᠬᠠᠰᠠᠷ ᠢ᠋ ᠬᠤᠯᠤ ᠠᠢᠷᠠᠭ ᠤᠤᠭᠤᠵᠤ ᠳᠠᠭᠤᠰᠤᠭ᠎ᠠ ᠦᠭᠡᠢ ᠪᠠᠢᠬᠤ ᠳ᠋ᠤ᠌ ᠬᠥᠭᠡᠭᠡᠬᠦ ᠰᠢᠬᠠᠮ ᠬᠡᠯᠡᠪᠡ᠃ ᠬᠠᠰᠠᠷ ᠡᠬᠡ ᠶ᠋ᠢᠨ ᠭᠡᠷ ᠲᠦ᠍ ᠡᠢᠨ ᠰᠠᠭᠤᠬᠤ ᠳ᠋ᠠᠭᠠᠨ ᠠᠵᠠ ᠵᠢᠷᠭᠠᠯᠲᠠᠢ ᠪᠠᠢᠯ᠎ᠠ᠃ 
       — ᠪᠢ ᠲᠠᠨ ᠢ᠋ ᠲᠩᠷᠢ ᠳ᠋ᠦ᠍ ᠬᠠᠯᠢᠴᠢᠬᠠᠭ᠎ᠠ ᠦᠭᠡᠢ ᠪᠠᠢᠭ᠎ᠠ ᠳᠠ ᠭᠡᠵᠦ ᠲᠦᠭᠰᠢᠨ ᠰᠠᠨᠳᠤᠷᠴᠤ ᠶᠠᠪᠤᠯ᠎ᠠ ᠭᠡᠮᠡᠨ ᠬᠠᠰᠠᠷ ᠬᠡᠯᠡᠭᠡᠳ ᠮᠠᠭᠤᠬᠠᠨ ᠢᠨᠢᠶᠡᠪᠡ᠃ ᠲᠡᠷᠡ ᠦᠨᠡᠬᠡᠷ ᠢᠩᠭᠢᠵᠦ ᠪᠣᠳᠣᠵᠤ ᠶᠠᠪᠤᠭᠰᠠᠨ ᠪᠢᠯᠡ᠃ 
       — ᠡᠵᠢ ᠨᠢ ᠤᠳᠠᠬᠤ ᠦᠭᠡᠢ ᠦᠬᠦᠨ᠎ᠡ᠃ ᠬᠥᠪᠡᠭᠦᠨ ᠴᠢᠮᠠᠶ᠋ᠢ ᠠᠮᠢᠳᠤ ᠮᠡᠨᠳᠦ ᠡᠷᠡᠭᠦᠯ ᠰᠠᠷᠠᠭᠤᠯ ᠶᠠᠪᠤᠭ᠎ᠠ ᠶ᠋ᠢ ᠦᠵᠡᠵᠦ ᠰᠡᠳᠬᠢᠯ ᠬᠠᠨᠤᠯ᠎ᠠ᠃ ᠣᠳᠣ ᠪᠢ ᠶᠠᠭᠤᠨ ᠳ᠋ᠠᠭᠠᠨ ᠬᠣᠷᠭᠣᠳᠠᠬᠤ ᠪᠣᠢ? ᠡᠨᠡ ᠠᠮᠢᠳᠤᠷᠠᠯ ᠳ᠋ᠤ᠌ ᠬᠣᠷᠭᠣᠳᠠᠬᠤ ᠶᠠᠭᠤᠮ᠎ᠠ ᠨᠠᠳᠠᠳᠤ ᠨᠢᠭᠡᠨᠲᠡ ᠠᠯᠠᠭ᠎ᠠ ᠪᠣᠯᠵᠠᠢ᠃ ᠨᠠᠳᠠ ᠰᠢᠭ᠋ ᠬᠣᠭᠣᠯᠠᠨ ᠤ᠋ ᠰᠠᠪᠠ᠂ ᠳᠡᠪᠡᠯ ᠦ᠋ᠨ ᠭᠣᠣᠯ ᠢᠩᠭᠢᠵᠦ ᠬᠣᠷᠸ᠎ᠠ ᠶ᠋ᠢᠨ ᠵᠠᠢ ᠡᠵᠡᠯᠡᠵᠦ᠂ ᠬᠣᠭᠣᠯᠠ ᠴᠠᠢ ᠬᠣᠷᠣᠭᠠᠵᠤ ᠰᠠᠭᠤᠬᠤ ᠶ᠋ᠢᠨ ᠬᠡᠷᠡᠭ ᠦᠭᠡᠢ ᠪᠢᠵᠡ ᠭᠡᠵᠦ ᠥᠭᠡᠯᠦᠨ ᠡᠬᠡ ᠭᠤᠨᠢᠭᠲᠠᠢ ᠥᠭᠦᠯᠡᠨ᠎ᠡ᠃ ᠥᠩᠭᠡᠷᠡᠭᠰᠡᠨ ᠬᠣᠶᠠᠷ ᠵᠢᠯ ᠦ᠋ᠨ ᠳᠣᠲᠣᠷ᠎ᠠ ᠥᠭᠡᠯᠦᠨ ᠡᠬᠡ ᠨᠢ ᠲᠠᠨᠢᠭᠳᠠᠬᠤ ᠶ᠋ᠢᠨ  ᠠᠷᠭ᠎ᠠ ᠦᠭᠡᠢ ᠥᠲᠡᠯᠵᠦ᠂ ᠥᠪᠥᠢᠭᠰᠡᠨ ᠂ ᠵᠢᠵᠢᠭᠬᠡᠨ ᠡᠮᠡᠭᠡᠨ ᠪᠣᠯᠤᠨ ᠬᠤᠪᠢᠷᠠᠵᠠᠢ᠃ ᠡᠬᠡ ᠶ᠋ᠢ ᠪᠡᠨ ᠢᠩᠭᠢᠵᠦ ᠲᠦᠷᠭᠡᠨ ᠥᠲᠡᠯᠦᠨ᠎ᠡ ᠭᠡᠵᠦ ᠰᠠᠨᠠᠭᠰᠠᠨ ᠦᠭᠡᠢ᠃  
       —  ᠴᠢ ᠶᠡᠷᠦ ᠨᠢ ᠶᠠᠭᠠᠬᠢᠭᠠᠳ ᠬᠦᠷᠦᠭᠡᠳ ᠢᠷᠡᠪᠡ? ᠭᠡᠵᠦ ᠥᠭᠡᠯᠦᠨ ᠭᠡᠨᠡᠳᠲᠡ ᠮᠠᠷᠲᠠᠭᠰᠠᠨ ᠢ᠋ᠶ᠋ᠠᠨ ᠰᠠᠨᠠᠬᠤ ᠮᠡᠲᠦ ᠠᠰᠠᠭᠤᠪᠠ᠃ ᠬᠠᠰᠠᠷ ᠬᠠᠷᠢᠭᠤᠯᠬᠤ ᠶ᠋ᠢᠨ ᠢ᠋ᠶ᠋ᠡᠨ ᠡᠮᠦᠨ᠎ᠡ ᠪᠣᠳᠣᠯᠬᠢᠯᠠᠪᠠ᠃ ᠥᠭᠡᠯᠦᠨ ᠡᠬᠡ ᠶ᠋ᠢᠨ ᠡᠨᠡ ᠦᠭᠡᠨ ᠳ᠋ᠦ᠍ ᠲᠡᠮᠦᠵᠢᠨ ᠬᠠᠰᠠᠷ ᠬᠣᠶᠠᠷ ᠢ᠋ ᠮᠠᠭᠤᠳᠠᠯᠴᠠᠭᠰᠠᠨ ᠪᠣᠢ ᠭᠡᠬᠦ ᠪᠢᠲᠡᠭᠦᠦ ᠬᠠᠷᠠᠳᠠᠯᠭ᠎ᠠ᠂ ᠪᠠᠰᠠ ᠬᠠᠰᠠᠷ ᠬᠥᠪᠡᠭᠦᠨ ᠮᠢᠨᠢ ᠵᠢᠭᠤᠲᠠᠵᠤ ᠢᠷᠡᠭᠡ ᠦᠭᠡᠢ ᠪᠠᠢᠭ᠎ᠠ ᠳᠠ ᠭᠡᠰᠡᠨ ᠲᠦᠭᠰᠢᠭᠦᠷᠢ ᠢᠯᠡᠳᠲᠡ᠃ ᠬᠠᠰᠠᠷ ᠬᠠᠷᠢᠭᠤ ᠬᠡᠯᠡᠬᠦ ᠶ᠋ᠢᠨ ᠡᠮᠦᠨ᠎ᠡ ᠡᠬᠡ ᠶ᠋ᠢ ᠪᠡᠨ ᠤᠳᠠᠭᠠᠨ ᠠᠵᠢᠭᠯᠠᠪᠠ᠃ ᠥᠭᠡᠯᠦᠨ ᠡᠬᠡ ᠨᠢ ᠤᠭ ᠤ᠋ᠨ ᠴᠠᠬᠢᠷᠠᠭ ᠬᠠᠲᠠᠭᠤᠵᠢᠯᠲᠠᠢ ᠬᠥᠮᠦᠨ ᠰᠠᠨ᠃ ᠴᠠᠭ ᠬᠤᠭᠤᠴᠠᠭ᠎ᠠ ᠭᠡᠳᠡᠭ ᠳᠠᠩᠴᠤ ᠬᠠᠷᠭᠢᠰ ᠬᠠᠲᠠᠭᠤ ᠠᠵᠢ᠃   
       —  ᠴᠢᠩᠭᠢᠰ ᠬᠠᠭᠠᠨ ᠨᠠᠮᠠᠶ᠋ᠢ ᠲᠥᠪ ᠤᠯᠤᠰ ᠢ᠋ᠶ᠋ᠠᠨ ᠡᠷᠭᠢᠵᠦ ᠲᠣᠭᠣᠷᠢᠬᠤ ᠶ᠋ᠢ ᠵᠠᠷᠯᠢᠭ ᠪᠣᠯᠭᠠᠯ᠎ᠠ ᠭᠡᠵᠦ ᠬᠠᠰᠠᠷ ᠤ᠋ᠨ ᠬᠡᠯᠡᠬᠦ ᠳ᠋ᠦ᠍ ᠥᠭᠡᠯᠦᠨ ᠡᠬᠡ ᠨᠢ ᠣᠭᠲᠣ ᠢᠲᠡᠭᠡᠭᠰᠡᠨ ᠶᠠᠩᠵᠤ ᠦᠭᠡᠢ ᠤᠰᠤ ᠭᠦᠶᠦᠭᠰᠡᠨ ᠴᠡᠢᠯᠡᠬᠡᠷ ᠨᠢᠳᠦ ᠪᠡᠷ ᠢ᠋ᠶ᠋ᠡᠨ ᠤᠳᠠᠲᠠᠯ᠎ᠠ ᠰᠢᠷᠳᠡᠪᠡ᠃ ᠭᠡᠪᠡᠴᠦ ᠶᠠᠭᠤᠮ᠎ᠠ ᠳᠤᠤᠭᠠᠷᠤᠭᠰᠠᠨ ᠦᠭᠡᠢ ᠴᠦ᠍ ᠨᠢᠭᠤᠷ ᠠ᠋ᠴᠠ ᠨᠢ ᠦᠯᠦ ᠢᠲᠡᠭᠡᠬᠦ ᠪᠠᠢᠳᠠᠯ ᠠᠷᠢᠯᠵᠠᠢ᠃  
       —  ᠴᠢ ᠲᠡᠭᠡᠪᠡᠯ ᠬᠡᠵᠢᠶ᠎ᠡ ᠪᠤᠴᠠᠨ᠎ᠠ? ᠭᠡᠵᠦ ᠲᠤᠷᠰᠢᠭᠰᠠᠨ ᠶᠠᠩᠵᠤ ᠲᠠᠢ ᠠᠰᠠᠭᠤᠪᠠ᠃  
       —  ᠬᠡᠳᠦ ᠬᠣᠨᠣᠬᠤ ᠪᠢᠵᠡ ᠳᠡ᠃ ᠲᠡᠭᠡᠭᠡᠳ ᠲᠠᠨ ᠤ᠋ ᠪᠡᠶ᠎ᠡ ᠭᠠᠢᠭᠤᠢ ᠪᠣᠯ ᠪᠤᠴᠠᠯ ᠦᠭᠡᠢ ᠪᠣᠯᠬᠤ ᠦᠭᠡᠢ ᠭᠡᠰᠡᠨ ᠳ᠋ᠦ᠍   
       — ᠲᠡᠭᠡᠪᠡᠯ ᠪᠢ ᠶᠠᠭᠠᠷᠠᠬᠤ ᠦᠭᠡᠢ ᠪᠣᠯ ᠪᠣᠯᠬᠤ ᠦᠭᠡᠢ ᠨᠢ ᠠ᠋ ᠭᠡᠳ ᠥᠭᠡᠯᠦᠨ ᠪᠣᠳᠣᠯᠬᠢᠯᠠᠪᠠ᠃  
       — ᠡᠵᠢ ᠲᠠ ᠶᠠᠭᠤᠨ ᠳ᠋ᠤ᠌ ᠶᠠᠭᠠᠷᠠᠬᠤ ᠪᠣᠢ?  ᠭᠡᠬᠦ ᠳ᠋ᠦ᠍    
       —  ᠪᠢ ᠴᠢᠮᠠᠶ᠋ᠢ ᠶᠠᠪᠤᠬᠤ ᠠ᠋ᠴᠠ ᠡᠮᠦᠨ᠎ᠡ ᠦᠬᠦᠬᠦ ᠮᠢᠨᠢ᠃  
       ᠡᠬᠡ ᠶ᠋ᠢᠨ ᠢ᠋ᠶ᠋ᠡᠨ ᠡᠨᠡ ᠬᠡᠦᠬᠡᠳ ᠮᠡᠲᠦ ᠦᠭᠡ ᠶ᠋ᠢ ᠰᠣᠨᠣᠰᠤᠭᠠᠳ ᠬᠠᠰᠠᠷ ᠦᠨᠡᠨ ᠰᠡᠳᠬᠢᠯ ᠡᠴᠡ ᠬᠥᠬᠥᠷᠡᠪᠡ᠃ ᠬᠠᠰᠠᠷ ᠤ᠋ᠨ ᠡᠢᠨ ᠬᠥᠭᠵᠢᠯᠲᠡᠢ ᠢᠨᠢᠶᠡᠬᠦ ᠨᠢ ᠭᠠᠳᠠᠭ᠎ᠠ ᠶᠠᠪᠤᠭ᠎ᠠ ᠬᠥᠮᠦᠨ ᠵᠣᠭ ᠲᠣᠰᠣᠨ ᠴᠢᠩᠨᠠᠬᠤ ᠪᠠᠷ ᠴᠢᠩᠭ᠎ᠠ ᠰᠣᠨᠣᠰᠳᠠᠬᠤ ᠠᠵᠢ᠃  
       — ᠬᠥᠪᠡᠭᠦᠨ ᠴᠢ ᠭᠡᠷ ᠲᠡᠭᠡᠨ ᠬᠠᠷᠢᠵᠤ ᠭᠤᠷᠪᠠ ᠬᠣᠨᠣᠭᠠᠳ ᠢᠷ᠎ᠡ᠃ ᠪᠢ ᠲᠡᠭᠡᠭᠡᠳ ᠦᠬᠦᠨ᠎ᠡ᠃   
       ᠬᠠᠰᠠᠷ ᠭᠠᠢᠬᠠᠭᠰᠠᠨ ᠠᠲᠠᠯ᠎ᠠ ᠣᠭᠲᠣ ᠰᠠᠨᠠᠭᠠᠨ ᠳ᠋ᠤ᠌ ᠦᠭᠡᠢ《ᠵᠠ ᠲᠡᠭᠡᠶ᠎ᠡ》 ᠭᠡᠵᠦ ᠡᠬᠡ ᠶ᠋ᠢᠨ ᠢ᠋ᠶ᠋ᠡᠨ ᠠᠮᠠ ᠶ᠋ᠢ ᠳᠠᠭᠠᠭᠤᠯᠪᠠ᠃ ᠡᠬᠡ ᠨᠢ ᠤᠢᠮᠤᠷᠠᠵᠤ᠂ ᠪᠠᠰᠠ ᠲᠡᠭᠦᠨ ᠢ᠋ ᠦᠵᠡᠭᠡᠳ ᠤᠶᠠᠷᠠᠵᠤ ᠲᠣᠨᠢᠷᠬᠠᠵᠤ ᠯᠠ ᠪᠠᠢᠨ᠎ᠠ ᠭᠡᠵᠦ ᠬᠠᠰᠠᠷ ᠰᠠᠨᠠᠵᠠᠢ᠃ ᠡᠬᠡ ᠶ᠋ᠢᠨ ᠪᠡᠶ᠎ᠡ ᠪᠠᠷᠤᠭᠲᠠᠢ ᠴᠤ᠌ ᠰᠡᠳᠬᠢᠯ ᠰᠠᠨᠠᠭ᠎ᠠ ᠨᠢ ᠠᠮᠠᠷᠠᠭᠰᠠᠨ ᠢ᠋ ᠦᠵᠡᠵᠦ ᠲᠠᠢᠪᠤᠰᠢᠷᠠᠭᠰᠠᠨ ᠬᠠᠰᠠᠷ ᠦᠨᠡᠬᠡᠷ ᠭᠡᠷ ᠤᠷᠤᠭᠤ ᠪᠠᠨ ᠶᠠᠭᠠᠷᠠᠵᠤ ᠪᠠᠢᠯ᠎ᠠ᠃ ᠲᠡᠭᠦᠨ ᠦ᠌ ᠬᠦᠷᠢᠶ᠎ᠡ ᠡᠨᠳᠡ ᠡᠴᠡ ᠵᠡᠭᠦᠨ ᠬᠣᠢᠰᠢ ᠭᠤᠷᠪᠠᠨ ᠥᠷᠲᠡᠭᠡ ᠭᠠᠵᠠᠷ ᠲᠤ ᠰᠠᠭᠠᠷᠢ ᠬᠡᠭᠡᠷ᠎ᠡ ᠶ᠋ᠢᠨ ᠲᠠᠯ᠎ᠠ ᠶ᠋ᠢᠨ ᠬᠦᠷᠡᠩ ᠨᠤᠭᠤ ᠳ᠋ᠤ᠌ ᠨᠠᠮᠤᠷᠵᠢᠵᠤ ᠪᠠᠢᠯ᠎ᠠ᠃ ᠲᠡᠨᠳᠡ ᠲᠡᠭᠦᠨ ᠢ᠋ ᠬᠠᠲᠤᠳ ᠡᠮᠡᠰ᠂ ᠠᠯᠪᠠᠲᠤ ᠢᠷᠭᠡᠳ ᠨᠢ ᠬᠦᠯᠢᠶᠡᠵᠦ ᠪᠣᠢ᠃ ᠲᠡᠭᠦᠨ ᠦ᠌ ᠬᠦᠷᠢᠶ᠎ᠡ ᠶ᠋ᠢ ᠪᠣᠷᠵᠢᠭᠢᠨ ᠠᠢᠮᠠᠭ ᠤ᠋ᠨ ᠡᠩ ᠦ᠋ᠨ ᠰᠤᠯᠠ ᠠᠷᠠᠳ ᠤ᠋ᠨ ᠥᠬᠢᠨ᠂ ᠬᠠᠰᠠᠷ ᠤ᠋ᠨ ᠶᠡᠬᠡ ᠬᠠᠲᠤᠨ ᠪᠣᠷᠣᠭᠴᠢᠨ ᠠᠬᠠᠯᠠᠨ ᠰᠠᠭᠤᠵᠤ ᠪᠠᠢᠭ᠎ᠠ ᠪᠢᠯᠡ᠃ ᠪᠥᠷᠲᠡ ᠬᠠᠲᠤᠨ ᠬᠠᠰᠠᠷ ᠢ᠋ ᠴᠢᠩᠭᠢᠰ ᠬᠠᠭᠠᠨ ᠤ᠋ ᠶᠡᠬᠡ ᠦᠷᠭᠦᠭᠡᠨ ᠳ᠋ᠦ᠍ ᠵᠠᠯᠠᠵᠤ ᠨᠤᠲᠤᠭ ᠣᠷᠣᠨ ᠤ᠋ ᠪᠠᠢᠳᠠᠯ᠂ ᠠᠯᠤᠰ ᠭᠠᠵᠠᠷ ᠲᠡᠢᠨ ᠳ᠋ᠦ᠍ ᠶᠠᠪᠤᠭ᠎ᠠ ᠨᠥᠬᠥᠷ᠂ ᠬᠥᠪᠡᠭᠦᠳ ᠦ᠋ᠨ ᠢ᠋ᠶ᠋ᠡᠨ ᠲᠤᠬᠠᠢ ᠰᠢᠯᠭᠠᠭᠰᠠᠭᠠᠷ ᠰᠥᠨᠢ ᠳᠦᠯᠢ ᠪᠣᠯᠭᠠᠭᠰᠠᠨ ᠲᠤᠯᠠ ᠲᠡᠷᠡ ᠦᠷ ᠬᠠᠭᠠᠰᠯᠠᠨ ᠭᠡᠷ ᠦ᠋ᠨ ᠵᠦᠭ ᠳᠣᠪᠲᠣᠯᠭᠠᠪᠠ᠃ ᠬᠠᠰᠠᠷ ᠢ᠋ ᠠᠯᠲᠠᠨ ᠤᠯᠤᠰ ᠠ᠋ᠴᠠ ᠭᠡᠨᠡᠳᠲᠡ ᠢᠷᠡᠭᠰᠡᠨ ᠲᠤᠬᠠᠢ ᠬᠡᠯᠡ ᠮᠡᠳᠡᠭᠡ ᠨᠢᠭᠡᠨᠲᠡ ᠲᠡᠭᠦᠨ ᠦ᠌ ᠬᠦᠷᠢᠶᠡᠨ ᠳ᠋ᠦ᠍ ᠬᠦᠷᠦᠭᠰᠡᠨ ᠲᠤᠯᠠ ᠬᠠᠲᠤᠳ᠂ ᠠᠯᠪᠠᠲᠤ ᠨᠤᠭᠤᠳ ᠨᠢ ᠡᠷ᠎ᠡ ᠪᠡᠨ᠂ ᠡᠵᠡᠨ ᠢ᠋ᠶ᠋ᠡᠨ ᠤᠭᠲᠤᠬᠤ ᠭᠡᠳ ᠬᠥᠯ ᠬᠥᠭᠡᠷᠴᠡᠭ ᠪᠤᠯᠵᠠᠭᠠᠵᠤ ᠮᠥᠨ ᠯᠡ ᠨᠣᠢᠷ ᠦᠭᠡᠢ ᠬᠣᠨᠣᠭᠰᠠᠨ ᠪᠢᠯᠡ᠃ ᠠᠯᠲᠠᠨ ᠤᠯᠤᠰ ᠲᠤ ᠶᠠᠪᠤᠭᠠᠳ ᠤᠳᠠᠭᠰᠠᠨ ᠡᠵᠡᠨ ᠨᠢ ᠢᠷᠡᠭᠰᠡᠨ ᠳ᠋ᠦ᠍ ᠪᠦᠭᠦᠳᠡᠭᠡᠷ ᠪᠠᠶᠠᠷ ᠬᠥᠷ ᠪᠤᠯᠵᠠᠭᠠᠵᠠᠢ᠃  
       ᠬᠠᠰᠠᠷ ᠶᠣᠰᠣᠯᠠᠵᠤ ᠠᠪᠤᠭᠰᠠᠨ ᠭᠤᠷᠪᠠᠨ ᠬᠠᠲᠤᠨ ᠲᠠᠢ ᠶᠤᠮ᠃ ᠡᠵᠡᠭᠦᠢ ᠪᠡᠯᠴᠢᠭᠡᠷ ᠭᠠᠵᠠᠷ ᠲᠤ ᠨᠢᠳᠦ ᠬᠥᠮᠥᠰᠬᠡ ᠳᠦᠭᠦᠷᠡᠩ ᠪᠣᠷᠣᠭᠴᠢᠨ ᠥᠬᠢᠨ ᠲᠡᠢ ᠰᠠᠨᠠᠭᠠᠨ ᠳ᠋ᠤ᠌ ᠦᠭᠡᠢ ᠤᠴᠠᠷᠠᠭᠰᠠᠨ ᠨᠢ ᠬᠠᠰᠠᠷ ᠤ᠋ᠨ ᠪᠡᠶ᠎ᠡ ᠳᠠᠭᠠᠭᠠᠨ ᠠᠮᠢᠳᠤᠷᠠᠬᠤ ᠶ᠋ᠢᠨ ᠡᠬᠢᠯᠡᠯ ᠪᠣᠯᠵᠠᠢ᠃ ᠲᠡᠮᠦᠵᠢᠨ ᠢ᠋ ᠪᠣᠷᠵᠢᠭᠢᠨ ᠠᠢᠮᠠᠭ ᠤ᠋ᠨ ᠬᠠᠨ ᠳ᠋ᠤ᠌ ᠡᠷᠭᠦᠮᠵᠢᠯᠡᠭᠰᠡᠨ ᠡᠴᠡ ᠬᠣᠢᠰᠢ ᠤᠳᠠᠯ ᠦᠭᠡᠢ ᠬᠠᠰᠠᠷ ᠥᠪᠡᠷ ᠦ᠋ᠨ ᠬᠦᠷᠢᠶ᠎ᠡ ᠶ᠋ᠢ ᠡᠭᠦᠰᠬᠡᠨ ᠲᠤᠰ ᠳᠠᠭᠠᠨ ᠰᠠᠭᠤᠭᠰᠠᠨ ᠠ᠋ᠴᠠ ᠬᠣᠢᠰᠢ ᠡᠳᠦᠢ ᠪᠣᠯᠲᠠᠯ᠎ᠠ ᠪᠡᠶ᠎ᠡ ᠳᠠᠭᠠᠭᠠᠨ ᠠᠮᠢᠳᠤᠷᠠᠭᠰᠠᠭᠠᠷ ᠪᠢᠯᠡ᠃ ᠡᠨᠡ ᠨᠢ ᠬᠥᠮᠦᠨ ᠪᠣᠯᠤᠭᠠᠳ ᠮᠠᠯ ᠳ᠋ᠤ᠌ ᠴᠤ᠌ ᠠᠮᠠᠷ ᠶᠤᠮ᠃ ᠮᠣᠩᠭᠣᠯᠴᠤᠳ ᠮᠠᠯ ᠤ᠋ᠨ ᠢ᠋ᠶ᠋ᠠᠨ ᠠᠶ᠎ᠠ ᠶ᠋ᠢ ᠬᠠᠷᠠᠵᠤ ᠠᠮᠢᠳᠤᠷᠠᠬᠤ ᠲᠤᠯᠠ ᠣᠯᠠᠨ ᠢ᠋ᠶ᠋ᠠᠷ ᠨᠢᠭᠡ ᠳᠣᠣᠷ᠎ᠠ ᠰᠠᠭᠤᠷᠢᠰᠢᠬᠤ ᠪᠣᠯᠤᠮᠵᠢ ᠦᠭᠡᠢ᠂ ᠭᠠᠵᠠᠷ ᠤ᠋ᠨ ᠡᠩ ᠢ᠋ᠶ᠋ᠡᠷ ᠨᠢᠭᠡ ᠳᠠᠷᠬᠠᠨ ᠪᠡᠯᠴᠢᠭᠡᠷ ᠤᠰᠤ ᠬᠥᠭᠡᠭᠡᠨ ᠨᠡᠭᠦᠵᠡᠭᠡᠳᠡᠭ ᠨᠢ ᠲᠡᠳᠡᠨ ᠢ᠋ ᠲᠠᠷᠠᠬᠠᠢ ᠪᠤᠲᠠᠷᠬᠠᠢ ᠪᠠᠢᠯᠭᠠᠬᠤ ᠳ᠋ᠤ᠌ ᠬᠦᠷᠭᠡᠳᠡᠭ ᠪᠢᠯᠡ᠃ ᠲᠡᠮᠦᠵᠢᠨ ᠬᠠᠰᠠᠷ ᠬᠣᠶᠠᠷ ᠬᠡᠳᠦᠢ ᠲᠥᠷᠥᠭᠰᠡᠨ ᠠᠬ᠎ᠠ ᠳᠡᠭᠦᠦ ᠪᠣᠯᠪᠠᠴᠤ ᠮᠥᠨ ᠯᠡ ᠳᠥᠷᠪᠡᠨ ᠴᠠᠭ ᠤ᠋ᠨ ᠡᠷᠭᠢᠯᠲᠡ ᠳ᠋ᠦ᠍ ᠴᠠᠭ ᠤ᠋ᠨ ᠠᠶᠠᠰ ᠢ᠋ᠶ᠋ᠠᠷ ᠨᠡᠭᠦᠵᠦ ᠰᠠᠭᠤᠵᠤ᠂ ᠬᠣᠯᠠᠳᠴᠤ ᠣᠢᠷᠠᠳᠴᠤ ᠶᠠᠪᠤᠯ᠎ᠠ᠃ ᠬᠣᠶᠠᠷ ᠵᠢᠯ ᠢᠷᠡᠭᠡ ᠦᠭᠡᠢ ᠰᠠᠭᠠᠷᠢ ᠬᠡᠭᠡᠷ᠎ᠡ ᠶ᠋ᠢᠨ ᠲᠠᠯ᠎ᠠ ᠡᠨᠡ ᠵᠢᠯ ᠡᠪᠡᠰᠦ ᠨᠣᠭᠣᠭ᠎ᠠ ᠬᠠᠯᠢᠭᠤᠷᠠᠵᠤ᠂ ᠪᠣᠯᠵᠣᠮᠣᠷ ᠰᠢᠪᠠᠭᠤ ᠵᠢᠷᠭᠢᠭᠡᠳ ᠨᠣᠵᠣᠭᠣᠷᠠᠭᠰᠠᠨ ᠪᠡᠶ᠎ᠡ ᠶ᠋ᠢ ᠰᠡᠷᠡᠭᠡᠵᠦ ᠨᠣᠢᠷ ᠠᠯᠵᠢᠶᠠᠯ ᠢ᠋ ᠦᠯᠳᠡᠨ ᠬᠥᠭᠡᠭᠡᠬᠦ ᠰᠢᠳᠢᠲᠡᠢ᠃ ᠡᠨᠡ ᠲᠠᠯ᠎ᠠ ᠶ᠋ᠢᠨ ᠡᠯᠢᠭᠡᠨ ᠳ᠋ᠦ᠍ ᠪᠢᠴᠢᠬᠠᠨ ᠲᠣᠯᠣᠭᠠᠢ ᠪᠠᠢᠬᠤ ᠶ᠋ᠢ ᠥᠨᠳᠥᠷ ᠬᠠᠨ ᠭᠡᠬᠦ ᠪᠥᠭᠡᠳ ᠡᠨᠡ ᠥᠨᠳᠥᠷ ᠬᠠᠨ ᠤ᠋ ᠥᠪᠥᠷ ᠲᠦ᠍ ᠬᠠᠰᠠᠷ ᠣᠯᠠᠨ ᠵᠢᠯ ᠦ᠋ᠨ ᠡᠮᠦᠨ᠎ᠡ ᠲᠠᠲ᠋ᠠᠷ ᠪᠦᠰᠡᠭᠦᠢ ᠬᠤᠸᠠᠷᠵᠢᠨ ᠢ᠋ ᠠᠪᠴᠤ ᠬᠤᠷᠢᠮᠯᠠᠭᠰᠠᠨ ᠪᠢᠯᠡ᠃ ᠬᠠᠰᠠᠷ ᠡᠨᠡ ᠦᠶ᠎ᠡ ᠳ᠋ᠦ᠍ ᠪᠣᠷᠣᠭᠴᠢᠨ ᠠ᠋ᠴᠠ ᠭᠠᠳᠠᠨ᠎ᠠ ᠲᠥᠮᠥᠬᠡᠢ ᠬᠠᠲᠤᠨ ᠢ᠋ᠶ᠋ᠠᠨ ᠠᠪᠴᠢᠷᠠᠭᠠᠳ ᠪᠠᠢᠪᠠ᠃ ᠲᠡᠮᠦᠵᠢᠨ ᠲᠡᠳᠡ ᠬᠡᠷᠡᠢᠳ ᠠᠢᠮᠠᠭ ᠤ᠋ᠨ ᠲᠣᠭᠣᠷᠢᠯ ᠬᠠᠨ ᠲᠠᠢ ᠬᠠᠪᠰᠤᠷᠤᠨ ᠠᠯᠲᠠᠨ ᠤᠯᠤᠰ ᠤ᠋ᠨ ᠸᠠᠩᠬᠢᠩ ᠴᠢᠩᠰᠠᠩ ᠤ᠋ᠨ ᠴᠡᠷᠢᠭ ᠡᠴᠡ ᠳᠠᠢᠵᠢᠵᠤ ᠶᠠᠪᠤᠭᠰᠠᠨ ᠲᠠᠲ᠋ᠠᠷ ᠤ᠋ᠨ ᠮᠡᠭᠦᠵᠢᠨ ᠰᠡᠭᠦᠯᠲᠦ ᠶ᠋ᠢ ᠳᠠᠭᠠᠷᠢᠨ ᠰᠥᠨᠥᠭᠡᠬᠦ ᠦᠶ᠎ᠡ ᠪᠡᠷ ᠬᠠᠰᠠᠷ ᠬᠤᠸᠠᠷᠵᠢᠨ ᠢ᠋ ᠪᠤᠯᠢᠶᠠᠨ ᠠᠪᠤᠭᠰᠠᠨ ᠶᠤᠮ᠃ ᠬᠤᠸᠠᠷᠵᠢᠨ ᠤ᠋ ᠡᠴᠢᠭᠡ ᠮᠡᠭᠦᠵᠢᠨ ᠰᠡᠭᠦᠯᠲᠦ ᠶ᠋ᠢᠨ ᠠᠨᠳᠠ ᠲᠠᠲ᠋ᠠᠷ ᠤ᠋ᠨ ᠵᠢᠷᠲᠠᠢ ᠪᠠᠭᠠᠲᠤᠷ ᠴᠠᠬᠢᠶ᠎ᠠ ᠦᠭᠡ ᠪᠠᠢᠪᠠ᠃ ᠬᠠᠷᠪᠤᠯᠳᠤᠬᠤ ᠳᠠᠢᠰᠤᠨ ᠤ᠋ ᠡᠮᠦᠨ᠎ᠡ ᠬᠠᠯᠢᠷᠠᠵᠤ ᠦᠵᠡᠭᠡ ᠦᠭᠡᠢ ᠪᠠᠭᠠᠲᠤᠷ ᠡᠷ᠎ᠡ ᠴᠠᠬᠢᠶ᠎ᠠ ᠦᠭᠡ ᠲᠡᠢ ᠲᠤᠯᠤᠭᠰᠠᠨ ᠨᠢ ᠬᠠᠰᠠᠷ ᠤ᠋ᠨ ᠬᠢᠭᠰᠡᠨ ᠬᠠᠮᠤᠭ ᠤ᠋ᠨ ᠠᠶᠤᠮᠰᠢᠭᠲᠤ ᠭᠠᠷᠳᠠᠨ ᠳᠣᠯᠣᠭᠠᠨ ᠪᠠᠢᠯ᠎ᠠ᠃ ᠭᠡᠪᠡᠴᠦ ᠬᠠᠰᠠᠷ ᠵᠠᠯᠠᠭᠤ ᠪᠡᠶ᠎ᠡ ᠶ᠋ᠢᠨ ᠴᠢᠳᠠᠯ᠂ ᠭᠠᠪᠰᠢᠭᠠᠢ ᠵᠣᠷᠢᠭ ᠤ᠋ᠨ ᠬᠦᠴᠦ ᠪᠡᠷ ᠴᠠᠬᠢᠶ᠎ᠠ ᠦᠭᠡ ᠶ᠋ᠢ ᠠᠯᠠᠵᠤ᠂ ᠲᠡᠭᠦᠨ ᠦ᠌ ᠡᠮᠡᠰ ᠥᠬᠢᠳ᠂ ᠠᠯᠪᠠᠲᠤ ᠢᠷᠭᠡᠳ᠂ ᠮᠠᠯ ᠬᠥᠷᠥᠩᠭᠡ ᠶ᠋ᠢ ᠥᠪᠡᠷ ᠲᠡᠭᠡᠨ ᠠᠪᠬᠤ ᠡᠷᠬᠡ ᠶ᠋ᠢ ᠣᠯᠵᠠᠢ᠃ ᠴᠠᠬᠢᠶ᠎ᠠ ᠦᠭᠡ ᠶ᠋ᠢ ᠦᠬᠦᠭᠦᠯᠦᠭᠰᠡᠨ ᠨᠢ ᠬᠠᠰᠠᠷ ᠤ᠋ᠨ ᠡᠷ᠎ᠡ ᠪᠡᠶ᠎ᠡ ᠶ᠋ᠢᠨ ᠬᠦᠴᠦ ᠵᠣᠷᠢᠭ ᠢ᠋ᠶ᠋ᠠᠨ ᠭᠠᠢᠬᠠᠭᠤᠯᠤᠨ ᠪᠠᠲᠤᠯᠠᠭᠰᠠᠨ ᠪᠠᠰᠠ ᠨᠢᠭᠡ ᠲᠣᠮᠣ ᠢᠯᠠᠯᠲᠠ ᠪᠠᠢᠭᠰᠠᠨ ᠪᠥᠭᠡᠳ ᠲᠡᠭᠦᠨ ᠦ᠌ ᠢᠳᠡ ᠬᠠᠪᠤ᠂ ᠬᠦᠴᠦ ᠴᠢᠳᠠᠯ ᠢ᠋ ᠪᠦᠭᠦᠳᠡ ᠬᠦᠯᠢᠶᠡᠨ ᠵᠥᠪᠰᠢᠶᠡᠷᠡᠭᠰᠡᠨ ᠪᠢᠯᠡ᠃ ᠴᠠᠬᠢᠶ᠎ᠠ ᠦᠭᠡ ᠪᠣᠯ ᠵᠦᠭᠡᠷ ᠨᠢᠭᠡ ᠠᠯᠠᠭᠤᠯᠴᠢᠬᠠᠬᠤ ᠡᠷ᠎ᠡ ᠪᠢᠰᠢ ᠲᠤᠯᠠ ᠬᠠᠰᠠᠷ ᠤ᠋ᠨ ᠭᠠᠷ ᠤ᠋ᠨ ᠪᠤᠯᠴᠢᠩ᠂ ᠨᠢᠷᠤᠭᠤᠨ ᠤ᠋ ᠰᠢᠷᠪᠥᠰᠥ ᠶ᠋ᠢ ᠰᠢᠷᠬᠠᠲᠤᠭᠤᠯᠵᠤ ᠲᠡᠷᠡ ᠬᠡᠳᠦ ᠬᠣᠨᠣᠭ ᠢᠯᠠᠯᠲᠠ ᠬᠥᠷ ᠢ᠋ᠶ᠋ᠡᠨ ᠮᠡᠳᠡᠷᠡᠬᠦ ᠰᠡᠭᠡᠭᠡ ᠦᠭᠡᠢ ᠰᠢᠷᠬᠠᠨ ᠳ᠋ᠠᠭᠠᠨ ᠬᠠᠯᠠᠭᠤᠷᠠᠵᠤ ᠬᠡᠪᠲᠡᠭᠰᠡᠨ ᠠᠵᠢ᠃ ᠭᠡᠪᠡᠴᠦ ᠲᠡᠭᠦᠨ ᠦ᠌ ᠲᠡᠢᠨ ᠦ᠌ ᠣᠯᠵᠠ᠂ ᠢᠯᠠᠯᠲᠠ ᠶ᠋ᠢᠨ ᠪᠠᠶᠠᠷ ᠪᠠᠬᠠᠳᠤᠯ ᠬᠠᠰᠠᠷ ᠢ᠋ ᠲᠦᠷᠭᠡᠨ᠎ᠡ ᠲᠡᠩᠬᠡᠷᠡᠭᠦᠯᠵᠦ ᠬᠥᠯ ᠳᠡᠭᠡᠷ᠎ᠡ ᠪᠡᠨ ᠪᠣᠰᠴᠠᠢ᠃ ᠴᠠᠬᠢᠶ᠎ᠠ ᠦᠭᠡ ᠪᠣᠯ ᠡᠷ᠎ᠡ ᠵᠣᠷᠢᠭᠲᠠᠢ ᠶ᠋ᠢᠨ ᠢ᠋ᠶ᠋ᠡᠨ ᠬᠢᠷᠢ ᠪᠡᠷ ᠪᠠᠶᠠᠨ ᠨᠢᠭᠡᠨ ᠪᠠᠢᠵᠠᠢ᠃ ᠬᠠᠰᠠᠷ ᠢ᠋ ᠲᠡᠩᠬᠡᠷᠡᠵᠦ ᠪᠣᠰᠲᠠᠯ᠎ᠠ ᠴᠠᠬᠢᠶ᠎ᠠ ᠦᠭᠡ ᠶ᠋ᠢᠨ ᠥᠮᠴᠢ ᠬᠥᠷᠥᠩᠭᠡ᠂ ᠠᠯᠪᠠᠲᠤ ᠢᠷᠭᠡᠳ ᠲᠦ᠍ ᠪᠤᠤ ᠬᠥᠷ ᠭᠡᠵᠦ ᠲᠡᠮᠦᠵᠢᠨ ᠲᠤᠰᠢᠶᠠᠭᠰᠠᠨ ᠨᠢ ᠬᠠᠰᠠᠷ ᠢ᠋ ᠶᠡᠬᠡᠳᠡ ᠪᠠᠶᠠᠷᠯᠠᠭᠤᠯᠪᠠ᠃ ᠢᠩᠭᠢᠵᠦ ᠪᠠᠶᠠᠷᠯᠠᠬᠤ ᠨᠢ ᠠᠷᠭ᠎ᠠ ᠦᠭᠡᠢ᠃ ᠡᠨᠡ ᠨᠢ ᠬᠠᠰᠠᠷ ᠤ᠋ᠨ ᠢᠯᠠᠯᠲᠠ᠂ ᠬᠦᠴᠦ ᠵᠣᠷᠢᠭ ᠢ᠋ ᠲᠡᠮᠦᠵᠢᠨ ᠬᠦᠯᠢᠶᠡᠨ ᠵᠥᠪᠰᠢᠶᠡᠷᠡᠭᠰᠡᠨ ᠶᠠᠪᠤᠳᠠᠯ ᠪᠠᠢᠪᠠ᠃ ᠠᠰᠬᠠᠷᠠᠭᠤᠯᠤᠭᠰᠠᠨ ᠴᠢᠰᠤᠨ ᠤ᠋ ᠪᠠᠨ ᠦᠨᠡᠨ ᠳ᠋ᠦ᠍ ᠴᠠᠬᠢᠶ᠎ᠠ ᠦᠭᠡ ᠶ᠋ᠢᠨ ᠪᠦᠬᠦ ᠡᠵᠡᠮᠰᠢᠯ ᠢ᠋ ᠪᠤᠰᠤᠳ ᠲᠠᠢ ᠬᠤᠪᠢᠶᠠᠯ ᠦᠭᠡᠢ ᠭᠠᠭᠴᠠᠭᠠᠷ ᠢ᠋ᠶ᠋ᠠᠨ ᠠᠪᠬᠤ ᠶ᠋ᠢ ᠬᠠᠰᠠᠷ ᠲᠤ ᠲᠡᠮᠦᠵᠢᠨ ᠵᠥᠪᠰᠢᠶᠡᠷᠡᠪᠡ᠃ ᠢᠩᠭᠢᠵᠦ ᠬᠠᠰᠠᠷ ᠠᠩᠬ᠎ᠠ ᠤᠳᠠᠭ᠎ᠠ ᠥᠪᠡᠷ ᠦ᠋ᠨ ᠴᠢᠰᠤ᠂ ᠡᠷ᠎ᠡ ᠵᠣᠷᠢᠭ ᠤ᠋ᠨ ᠱᠠᠩᠨᠠᠯ ᠳ᠋ᠤ᠌ ᠪᠠᠶᠠᠨ ᠲᠠᠲ᠋ᠠᠷ ᠤ᠋ᠨ ᠬᠥᠷᠥᠩᠭᠡ ᠶ᠋ᠢ ᠡᠵᠡᠮᠰᠢᠭᠰᠡᠨ ᠪᠢᠯᠡ᠃ ᠲᠡᠭᠦᠨ ᠦ᠌ ᠡᠢᠨ ᠬᠦ᠌ ᠱᠠᠩᠨᠠᠭᠰᠠᠨ ᠨᠢ ᠬᠠᠰᠠᠷ ᠢ᠋ ᠪᠤᠰᠤᠳ ᠠ᠋ᠴᠠ ᠣᠨᠴᠠᠭᠠᠢᠯᠠᠨ ᠦᠵᠡᠭᠰᠡᠨ ᠦ᠌ ᠢᠯᠡᠷᠡᠯ ᠪᠠᠢᠭᠰᠠᠨ ᠠ᠋ᠴᠠ ᠭᠠᠳᠠᠨ᠎ᠠ ᠪᠠᠭᠠᠲᠤᠷᠯᠠᠨ ᠲᠤᠯᠤᠯᠳᠤᠵᠤ ᠭᠠᠪᠢᠶ᠎ᠠ ᠪᠠᠢᠭᠤᠯᠤᠭᠰᠠᠨ ᠯᠠ ᠪᠣᠯ ᠶᠠᠮᠠᠷ ᠴᠤ᠌ ᠬᠥᠮᠦᠨ ᠬᠠᠮᠤᠭ ᠤ᠋ᠨ ᠦᠨᠡᠲᠡᠢ ᠣᠯᠵᠠ ᠶ᠋ᠢ ᠠᠪᠬᠤ ᠶᠣᠰᠣᠲᠠᠢ ᠭᠡᠰᠡᠨ ᠲᠡᠮᠦᠵᠢᠨ ᠦ᠌ ᠬᠠᠲᠠᠭᠤ ᠰᠢᠢᠳᠪᠦᠷᠢ ᠶ᠋ᠢᠨ ᠪᠡᠶᠡᠯᠡᠯ ᠪᠠᠢᠪᠠ᠃ ᠡᠨᠡ ᠬᠠᠲᠠᠭᠤ ᠵᠢᠷᠤᠮ ᠥᠪᠡᠷ ᠦ᠋ᠨ ᠢ᠋ᠶ᠋ᠡᠨ ᠡᠷ᠎ᠡ ᠵᠣᠷᠢᠭᠲᠠᠢ᠂ ᠡᠷᠡᠮᠡᠬᠡᠢ ᠴᠢᠳᠠᠯ ᠲᠠᠢ ᠪᠠᠨ ᠬᠠᠷᠠᠭᠤᠯᠬᠤ ᠬᠦᠰᠡᠯ ᠰᠡᠳᠬᠢᠯ ᠢ᠋ ᠪᠦᠭᠦᠳᠡ ᠳ᠋ᠦ᠍ ᠣᠷᠭᠢᠯᠤᠭᠤᠯᠵᠤ᠂ ᠪᠠᠶᠠᠵᠢᠬᠤ ᠰᠢᠨᠤᠯ ᠳ᠋ᠤ᠌ ᠬᠥᠲᠥᠯᠳᠡᠭ ᠪᠢᠯᠡ᠃ ᠠᠭᠲᠠ ᠮᠣᠷᠢᠳ᠂ ᠠᠮᠪᠠᠨ ᠱᠠᠷ᠂ ᠥᠰᠬᠦ ᠶ᠋ᠢᠨ ᠪᠤᠶᠠᠨᠲᠠᠢ ᠬᠣᠨᠢ᠂ ᠥᠷᠭᠥᠭᠡ ᠴᠠᠭᠠᠨ ᠭᠡᠷ ᠡᠴᠡ ᠭᠠᠳᠠᠨ᠎ᠠ ᠬᠠᠰᠠᠷ ᠠᠩᠬ᠎ᠠ ᠤᠳᠠᠭ᠎ᠠ ᠡᠮᠦᠨ᠎ᠡ ᠭᠠᠵᠠᠷ ᠤ᠋ᠨ ᠲᠠᠩᠰᠤᠭ ᠡᠳ᠋ ᠬᠥᠷᠥᠩᠭᠡ ᠲᠡᠢ ᠪᠣᠯᠵᠤ ᠬᠠᠭᠠᠷᠠᠲᠠᠯ᠎ᠠ ᠪᠠᠨ ᠪᠠᠶᠠᠵᠢᠵᠠᠢ᠃ ᠴᠠᠬᠢᠶ᠎ᠠ ᠦᠭᠡ ᠶ᠋ᠢᠨ ᠭᠠᠭᠴᠠ ᠪᠣᠭᠣᠯ᠂ ᠡᠳ᠋ ᠬᠥᠷᠥᠩᠭᠡ ᠶ᠋ᠢ ᠪᠦᠭᠦᠳᠡ ᠶ᠋ᠢ ᠬᠠᠰᠠᠷ ᠲᠤ ᠥᠭᠭᠦᠭᠰᠡᠨ ᠦ᠌ ᠳᠣᠲᠣᠷ᠎ᠠ ᠬᠠᠮᠤᠭ ᠤ᠋ᠨ ᠶᠡᠬᠡ ᠪᠡᠷ ᠳᠣᠭᠳᠣᠯᠤᠭᠤᠯᠤᠨ ᠪᠠᠶᠠᠷᠯᠠᠭᠤᠯᠤᠭᠰᠠᠨ ᠣᠯᠵᠠ ᠨᠢ ᠴᠠᠬᠢᠶ᠎ᠠ ᠦᠭᠡ ᠶ᠋ᠢᠨ ᠵᠠᠯᠠᠭᠤ ᠬᠠᠲᠤᠨ ᠪᠣᠯᠤᠨ ᠲᠡᠭᠦᠨ ᠦ᠌ ᠠᠷᠪᠠᠨ ᠵᠢᠷᠭᠤᠭᠠᠲᠠᠢ ᠭᠤᠸ᠎ᠠ ᠥᠬᠢᠨ ᠬᠤᠸᠠᠷᠵᠢᠨ ᠬᠣᠶᠠᠷ ᠪᠠᠢᠪᠠ᠃ ᠬᠤᠸᠠᠷᠵᠢᠨ ᠤ᠋ ᠡᠬᠡ ᠥᠬᠢᠨ ᠡᠴᠡ ᠪᠡᠨ ᠳᠤᠲᠠᠬᠤ ᠦᠭᠡᠢ ᠦᠵᠡᠰᠬᠦᠯᠡᠩᠲᠡᠢ᠂ ᠬᠠᠰᠠᠷ ᠠ᠋ᠴᠠ ᠬᠡᠳᠦᠬᠡᠨ ᠡᠭᠡᠴᠢᠮᠡᠳ ᠡᠮ᠎ᠡ ᠪᠠᠢᠯ᠎ᠠ᠃ ᠲᠡᠳᠡᠨ ᠦ᠌ ᠭᠤᠸ᠎ᠠ ᠦᠵᠡᠰᠬᠦᠯᠡᠩ ᠢ᠋ ᠬᠠᠷᠠᠭᠠᠳ ᠬᠠᠰᠠᠷ ᠶᠠᠭᠠᠬᠢᠬᠤ ᠴᠤ᠌ ᠤᠴᠢᠷ ᠢ᠋ᠶ᠋ᠠᠨ ᠣᠯᠬᠤ ᠦᠭᠡᠢ ᠪᠠᠶᠠᠷᠯᠠᠨ ᠲᠡᠪᠡᠳᠡᠵᠦ ᠪᠠᠷᠤᠭ ᠪᠠᠷᠢᠵᠤ ᠦᠵᠡᠬᠦ ᠨᠢ ᠬᠣᠯᠠ ᠦᠭᠡᠢ ᠬᠥᠭᠡᠷᠦᠨ ᠳᠣᠭᠳᠣᠯᠪᠠ᠃ ᠭᠡᠪᠡᠴᠦ ᠡᠮᠡᠰ ᠦ᠋ᠨ ᠭᠤᠸ᠎ᠠ ᠦᠵᠡᠰᠬᠦᠯᠡᠩ ᠡᠴᠡ ᠭᠠᠳᠠᠨ᠎ᠠ ᠬᠠᠰᠠᠷ ᠤ᠋ᠨ ᠰᠡᠳᠬᠢᠯ ᠢ᠋ ᠬᠥᠭᠡᠷᠭᠡᠭᠰᠡᠨ ᠨᠢᠭᠡ ᠨᠢᠭᠤᠴᠠ ᠪᠣᠳᠣᠯ ᠪᠠᠢᠪᠠ᠃ ᠡᠨᠡ ᠨᠢ ᠶᠢᠰᠦᠭᠡᠢ ᠡᠴᠢᠭᠡ ᠶ᠋ᠢ ᠨᠢ ᠬᠣᠣᠷᠯᠠᠭᠰᠠᠨ ᠲᠠᠲ᠋ᠠᠷ ᠠ᠋ᠴᠠ ᠡᠮ᠎ᠡ ᠠᠪᠬᠤ ᠨᠢ ᠡᠴᠢᠭᠡ ᠶ᠋ᠢᠨ ᠥᠰᠢᠶ᠎ᠡ ᠶ᠋ᠢ ᠠᠪᠴᠤ ᠪᠣᠢ ᠬᠡᠷᠡᠭ ᠭᠡᠵᠦ ᠰᠠᠨᠠᠭᠳᠠᠭᠰᠠᠨ ᠶᠠᠪᠤᠳᠠᠯ ᠶᠤᠮ᠃ ᠡᠬᠡ ᠥᠬᠢᠨ ᠬᠣᠶᠠᠷ ᠢ᠋ ᠬᠡᠷᠬᠢᠬᠦ ᠪᠡᠨ ᠰᠠᠢᠲᠤᠷ ᠰᠢᠢᠳᠴᠦ ᠴᠢᠳᠠᠭᠰᠠᠨ ᠦᠭᠡᠢ᠃ ᠤᠭ ᠨᠢ ᠬᠠᠰᠠᠷ ᠡᠬᠡ ᠥᠬᠢᠨ ᠬᠣᠶᠠᠷ ᠢ᠋ ᠬᠣᠶᠠᠭᠤᠯᠠ ᠶ᠋ᠢ ᠨᠢ ᠡᠵᠡᠩᠨᠡᠨ ᠠᠪᠬᠤ ᠶ᠋ᠢ ᠬᠦᠰᠡᠵᠦ ᠪᠠᠢᠪᠠ᠃ ᠡᠬᠡ ᠥᠬᠢᠨ ᠬᠣᠶᠠᠷ ᠢ᠋ ᠡᠮ᠎ᠡ ᠪᠣᠯᠭᠠᠨ ᠠᠪᠴᠤ ᠵᠡᠷᠭᠡᠴᠡᠭᠦᠯᠦᠨ ᠡᠳ᠋ᠯᠡᠬᠦ ᠨᠢ ᠴᠣᠬᠣᠮ ᠬᠡᠢ ᠮᠣᠷᠢ ᠲᠠᠢ ᠡᠷ᠎ᠡ ᠶ᠋ᠢᠨ ᠬᠡᠷᠡᠭ ᠪᠢᠯᠡ᠃ ᠭᠡᠪᠡᠴᠦ ᠪᠣᠳᠣᠵᠤ ᠪᠣᠳᠣᠵᠤ ᠲᠡᠮᠦᠵᠢᠨ ᠡᠴᠡ ᠠᠰᠠᠭᠤᠬᠤ ᠪᠠᠷ ᠰᠢᠢᠳᠪᠡ᠃ ᠬᠠᠰᠠᠷ ᠤ᠋ᠨ ᠬᠡᠯᠡᠬᠦ ᠶ᠋ᠢ ᠰᠣᠨᠣᠰᠤᠭᠠᠳ ᠲᠡᠮᠦᠵᠢᠨ ᠲᠡᠷᠡ ᠳᠣᠣᠷ᠎ᠠ ᠪᠠᠨ ᠳᠤᠤᠭᠠᠷᠤᠭᠰᠠᠨ ᠦᠭᠡᠢ᠃ ᠤᠴᠢᠷ ᠨᠢ ᠲᠠᠲ᠋ᠠᠷ ᠤ᠋ᠨ ᠮᠡᠬᠦᠵᠢᠨ ᠰᠡᠭᠦᠯᠲᠦ ᠶ᠋ᠢ ᠰᠥᠨᠥᠭᠡᠭᠰᠡᠨ ᠨᠢ ᠪᠠᠬᠠᠳᠤᠯᠲᠠᠢ ᠴᠤ᠌ ᠬᠠᠰᠠᠷ ᠤ᠋ᠨ ᠣᠯᠤᠭᠰᠠᠨ ᠣᠯᠵᠠ ᠲᠡᠭᠦᠨ ᠦ᠌ ᠠᠲᠠᠭᠠᠷᠬᠠᠯ ᠢ᠋ ᠬᠥᠳᠡᠯᠭᠡᠭᠰᠡᠨ ᠪᠢᠯᠡ᠃ ᠮᠥᠨ ᠬᠠᠰᠠᠷ ᠤ᠋ᠨ ᠥᠮᠴᠢᠨ ᠳ᠋ᠦ᠍ ᠵᠦᠢ ᠶᠣᠰᠣᠭᠠᠷ ᠣᠴᠢᠭᠰᠠᠨ ᠡᠬᠡ ᠥᠬᠢᠨ ᠬᠣᠶᠠᠷ ᠳᠡᠩᠳᠡᠭᠦᠦ ᠦᠵᠡᠰᠬᠦᠯᠡᠩᠲᠡᠢ ᠪᠠᠢᠭᠰᠠᠨ ᠨᠢ ᠲᠡᠮᠦᠵᠢᠨ ᠢ᠋ ᠪᠤᠤ ᠬᠡᠯᠡ ᠪᠤᠰᠤᠳ ᠨᠥᠬᠥᠳ ᠦ᠋ᠨ ᠬᠢᠨᠢ ᠬᠣᠷᠣ ᠳᠤᠷ᠎ᠠ ᠬᠣᠶᠠᠷ ᠢ᠋ ᠵᠡᠷᠭᠡ ᠭᠣᠵᠣᠭᠣᠨᠠᠭᠤᠯᠵᠤ ᠪᠠᠢᠭᠰᠠᠨ ᠢ᠋ ᠬᠠᠰᠠᠷ ᠣᠢᠯᠠᠭᠠᠭᠰᠠᠨ ᠦᠭᠡᠢ᠃ ᠭᠡᠪᠡᠴᠦ ᠲᠡᠮᠦᠵᠢᠨ ᠦ᠌ ᠳᠤᠤᠭᠠᠷᠴᠤ ᠴᠥᠬᠥᠬᠦ ᠪᠠᠢᠳᠠᠯ ᠬᠠᠰᠠᠷ ᠲᠤ ᠰᠡᠵᠢᠭ ᠲᠥᠷᠥᠭᠦᠯᠵᠦ᠂ ᠡᠢᠮᠦ ᠶᠡᠬᠡ ᠣᠯᠵᠠ ᠣᠯᠤᠭᠰᠠᠨ ᠳ᠋ᠤᠨᠢ ᠳᠤᠷ᠎ᠠ ᠦᠭᠡᠢ ᠪᠠᠢᠭ᠎ᠠ ᠶ᠋ᠢ ᠮᠡᠳᠡᠵᠡᠢ᠃ ᠭᠡᠨᠡᠳᠲᠡ ᠶᠡᠬᠡ ᠣᠯᠵᠠ ᠣᠯᠤᠭᠰᠠᠨ ᠨᠢ ᠪᠤᠰᠤᠳ ᠨᠥᠬᠥᠳ ᠦ᠋ᠨ ᠠᠲᠠᠭᠠᠷᠬᠠᠯ ᠳᠤᠷ᠎ᠠ ᠦᠭᠡᠢ ᠶ᠋ᠢ ᠬᠦᠷᠭᠡᠵᠦ ᠪᠠᠢᠭ᠎ᠠ ᠶ᠋ᠢ ᠨᠢᠭᠡᠨᠲᠡ ᠮᠡᠳᠡᠷᠡᠭᠰᠡᠨ ᠲᠤᠯᠠ  
       — ᠠᠬ᠎ᠠ ᠠ᠋᠂ ᠪᠢ ᠴᠠᠬᠢᠶ᠎ᠠ ᠦᠭᠡ ᠶ᠋ᠢ ᠭᠠᠭᠴᠠ ᠪᠡᠶ᠎ᠡ ᠶ᠋ᠢᠨ ᠬᠦᠴᠦ ᠪᠡᠷ ᠦᠬᠦᠭᠦᠯᠦᠭᠰᠡᠨ ᠦᠭᠡᠢ᠃ ᠨᠠᠳᠠ ᠠ᠋ᠴᠠ ᠡᠨᠡ ᠴᠢᠨᠡᠭᠡᠨ ᠴᠢᠰᠤ ᠤᠷᠤᠰᠬᠤ ᠪᠠᠭ᠎ᠠ ᠬᠡᠷᠡᠭ᠃ ᠪᠢ ᠥᠪᠡᠷ ᠦ᠋ᠨ ᠣᠯᠵᠠ ᠶ᠋ᠢ ᠨᠡᠢᠲᠡ ᠶ᠋ᠢᠨ ᠣᠯᠵᠠ ᠳ᠋ᠤ᠌ ᠲᠤᠰᠢᠶᠠᠶ᠎ᠠ᠃ ᠲᠠ ᠬᠡᠷᠬᠢᠬᠦ ᠶ᠋ᠢ ᠰᠢᠢᠳᠦᠭᠲᠦᠨ᠃ ᠪᠢ ᠥᠪᠡᠷ ᠦ᠋ᠨ ᠣᠯᠵᠠᠨ ᠠ᠋ᠴᠠ ᠴᠠᠬᠢᠶ᠎ᠠ ᠦᠭᠡ ᠶ᠋ᠢᠨ ᠬᠠᠲᠤᠨ ᠢ᠋ ᠠᠬ᠎ᠠ ᠲᠠᠨ ᠳ᠋ᠤ᠌ ᠥᠭᠭᠦᠶ᠎ᠡ᠃ ᠬᠠᠷᠢᠨ ᠬᠣᠸᠷᠵᠢᠨ ᠥᠬᠢᠨ ᠢ᠋ ᠨᠢ ᠪᠢ ᠥᠪᠡᠷ ᠢ᠋ᠶ᠋ᠡᠨ ᠠᠪᠤᠨ᠎ᠠ ᠭᠡᠵᠦ ᠴᠢᠩ ᠰᠡᠳᠬᠢᠯ ᠡᠴᠡ ᠬᠡᠯᠡᠬᠦ ᠳ᠋ᠦ᠍ ᠪᠤᠭᠤᠷᠴᠢ᠂ ᠵᠠᠯᠮ᠎ᠠ ᠪᠦᠭᠦᠳᠡ ᠪᠡᠶᠡᠰᠴᠦ᠂ ᠡᠨᠡ ᠦᠭᠡ ᠶ᠋ᠢ ᠰᠣᠨᠣᠰᠤᠭᠰᠠᠨ ᠲᠣᠭᠣᠷᠢᠯ ᠬᠠᠨ ᠪᠦᠷ ᠶᠡᠬᠡᠳᠡ ᠰᠠᠢᠰᠢᠶᠠᠨ ᠬᠠᠰᠠᠷ ᠤ᠋ᠨ ᠤᠬᠠᠭᠠᠨ ᠢ᠋ ᠱᠠᠭᠰᠢᠨ ᠮᠠᠭᠲᠠᠭᠰᠠᠨ ᠦᠭᠡ ᠬᠡᠯᠡᠭᠰᠡᠨ ᠳ᠋ᠦ᠍ ᠲᠡᠮᠦᠵᠢᠨ ᠳᠣᠲᠣᠷ᠎ᠠ ᠪᠠᠨ ᠳᠤᠷ᠎ᠠ ᠦᠭᠡᠢ ᠪᠠᠢᠭᠰᠠᠨ ᠴᠤ᠌ ᠲᠡᠭᠦᠨ ᠢ᠋ᠶ᠋ᠡᠨ ᠮᠡᠳᠡᠭᠳᠡᠭᠰᠡᠨ ᠦᠭᠡᠢ᠃ ᠲᠦᠳᠡᠯ ᠦᠭᠡᠢ ᠴᠠᠬᠢᠶ᠎ᠠ ᠦᠭᠡ ᠶ᠋ᠢᠨ ᠡᠮᠡᠰ ᠠᠯᠪᠠᠲᠤ᠂ ᠮᠠᠯ ᠬᠥᠷᠥᠩᠭᠡ ᠶ᠋ᠢ ᠬᠤᠪᠢᠶᠠᠨ ᠠᠪᠤᠪᠠ᠃ ᠬᠠᠷᠢᠨ ᠲᠣᠮᠣ ᠭᠡᠷ᠂ ᠲᠣᠷᠭ᠎ᠠ ᠴᠢᠮᠡᠭ ᠪᠣᠯᠤᠭᠰᠠᠨ ᠬᠤᠪᠴᠠᠰᠤ ᠬᠤᠨᠠᠷ᠂ ᠴᠠᠮᠢᠩ ᠬᠢᠴᠡ ᠶ᠋ᠢᠨ ᠵᠠᠷ ᠵᠡᠪᠰᠡᠭ ᠢ᠋ ᠨᠢ ᠭᠤᠸ᠎ᠠ ᠦᠵᠡᠰᠬᠦᠯᠡᠩ ᠲᠡᠭᠦᠯᠳᠡᠷ ᠬᠣᠸᠠᠷᠵᠢᠨ ᠤ᠋ ᠬᠠᠮᠲᠤ ᠬᠠᠰᠠᠷ ᠲᠤ ᠥᠭᠭᠦᠭᠰᠡᠨ ᠲᠡᠷᠡ ᠰᠥᠨᠢ ᠬᠠᠰᠠᠷ ᠬᠣᠸᠠᠷᠵᠢᠨ ᠲᠠᠢ ᠳᠡᠷ᠎ᠡ ᠨᠢᠭᠡᠳᠬᠡᠨ ᠲᠡᠭᠦᠨ ᠦ᠌ ᠥᠬᠢᠨ ᠪᠡᠶ᠎ᠡ ᠶ᠋ᠢ ᠡᠳ᠋ᠯᠡᠭᠰᠡᠨ ᠪᠢᠯᠡ᠃ ᠬᠠᠰᠠᠷ ᠦᠵᠡᠰᠬᠦᠯᠡᠩᠲᠦ ᠲᠠᠲ᠋ᠠᠷ ᠪᠦᠰᠡᠭᠦᠢ ᠳ᠋ᠦ᠍ ᠦᠨᠡᠨ ᠰᠡᠳᠬᠢᠯ ᠡᠴᠡ ᠲᠠᠲᠠᠭᠳᠠᠨ ᠳᠤᠷᠠᠯᠠᠭᠰᠠᠨ ᠪᠠᠢᠯ᠎ᠠ᠃ ᠬᠠᠷᠢᠨ ᠬᠠᠰᠠᠷ ᠤ᠋ᠨ ᠨᠠᠢᠷ ᠲᠠᠯᠪᠢᠨ ᠥᠭᠭᠦᠭᠰᠡᠨ ᠬᠣᠸᠠᠷᠵᠢᠨ ᠤ᠋ ᠡᠬᠡ ᠬᠠᠲᠤᠨ ᠢ᠋ ᠲᠡᠮᠦᠵᠢᠨ ᠨᠢᠭᠡ ᠰᠥᠨᠢ ᠡᠳ᠋ᠯᠡᠭᠡᠳ ᠮᠠᠷᠭᠠᠰᠢ ᠨᠢ ᠣᠯᠠᠨ ᠤ᠋ ᠨᠢᠳᠦᠨ ᠳᠡᠭᠡᠷ᠎ᠡ ᠴᠠᠪᠴᠢᠨ ᠠᠯᠠᠵᠤ ᠣᠷᠬᠢᠭᠰᠠᠨ ᠨᠢ ᠬᠣᠸᠠᠷᠵᠢᠨ ᠢ᠋ ᠪᠦᠦ ᠬᠡᠯᠡ ᠬᠠᠰᠠᠷ ᠢ᠋ ᠴᠣᠴᠢᠷᠳᠠᠭᠤᠯᠵᠠᠢ᠃ ᠬᠠᠰᠠᠷ ᠤ᠋ᠨ ᠥᠭᠭᠦᠭᠰᠡᠨ ᠪᠡᠯᠡᠭ ᠢ᠋ ᠠᠪᠬᠤ ᠨᠢ ᠥᠪᠡᠷ ᠢ᠋ ᠪᠡᠨ ᠳᠣᠣᠷ᠎ᠠ ᠳ᠋ᠤ᠌ ᠦᠵᠡᠭᠰᠡᠨ ᠬᠡᠷᠡᠭ ᠭᠡᠵᠦ ᠲᠡᠮᠦᠵᠢᠨ ᠪᠣᠳᠣᠭᠰᠠᠨ ᠤᠴᠢᠷ ᠲᠡᠷᠡ ᠡᠮ᠎ᠡ ᠶ᠋ᠢ ᠠᠯᠪᠠ ᠪᠠᠷ ᠠᠯᠠᠪᠠ᠃ ᠲᠡᠮᠦᠵᠢᠨ ᠤᠭ ᠠ᠋ᠴᠠ ᠡᠢᠮᠦ ᠠᠯᠤᠰ ᠤ᠋ᠨ ᠪᠣᠳᠣᠯ᠂ ᠶᠠᠪᠤᠭᠤᠷᠢ ᠨᠠᠷᠢᠨ ᠰᠠᠨᠠᠭ᠎ᠠ ᠲᠠᠢ ᠲᠤᠯᠠ ᠬᠡᠨ ᠴᠦ᠍ ᠲᠡᠭᠦᠨ ᠢ᠋ ᠰᠢᠭᠦᠮᠵᠢᠯᠡᠭᠰᠡᠨ ᠦᠭᠡᠢ᠃ ᠢᠩᠭᠢᠭᠡᠳ ᠠᠯᠠᠴᠢᠬᠠᠬᠤ ᠶ᠋ᠢ ᠨᠢ ᠮᠡᠳᠡᠭᠰᠡᠨ ᠪᠣᠯ ᠥᠪᠡᠷ ᠢ᠋ᠶ᠋ᠡᠨ ᠠᠪᠳᠠᠭ ᠪᠠᠢᠵᠤ ᠭᠡᠵᠦ ᠬᠠᠰᠠᠷ ᠬᠠᠷᠠᠮᠰᠠᠨ ᠪᠣᠳᠣᠭᠰᠠᠨ ᠴᠤ᠌ ᠠᠮᠠ ᠨᠡᠭᠡᠭᠡᠭᠰᠡᠨ ᠦᠭᠡᠢ᠃ ᠲᠡᠮᠦᠵᠢᠨ ᠢ᠋ ᠬᠡᠨ ᠬᠣᠷᠢᠬᠤ ᠪᠢᠯᠡ᠃ ᠬᠥᠭᠡᠷᠦᠬᠦᠢ ᠪᠦᠰᠡᠭᠦᠢ ᠶ᠋ᠢ ᠤᠷᠢᠯᠠᠭᠤᠯᠤᠨ ᠴᠢᠷᠴᠦ ᠬᠦᠷᠢᠶᠡᠨ ᠡᠴᠡ ᠬᠣᠯᠠᠳᠤᠭᠤᠯᠤᠭᠠᠳ ᠴᠠᠪᠴᠢᠵᠤ ᠣᠷᠬᠢᠵᠠᠢ᠃ ᠲᠡᠮᠦᠵᠢᠨ ᠦ᠌ ᠡᠨᠡ ᠬᠠᠷᠭᠢᠰ ᠠᠯᠠᠯᠭ᠎ᠠ ᠳ᠋ᠤ᠌ ᠳᠤᠷ᠎ᠠ ᠦᠭᠡᠢᠴᠡᠨ᠂ ᠠᠶᠤᠭᠰᠠᠨ ᠴᠠᠬᠢᠶ᠎ᠠ ᠦᠭᠡ ᠶ᠋ᠢᠨ ᠠᠯᠪᠠᠲᠤ ᠨᠤᠭᠤᠳ ᠤᠳᠠᠯ ᠦᠭᠡᠢ ᠤᠳᠤᠮ ᠤᠭᠰᠠᠭ᠎ᠠ ᠨᠢᠭᠡᠲᠡᠢ ᠴᠠᠭᠠᠨ ᠲᠠᠲ᠋ᠠᠷ ᠠᠢᠮᠠᠭ ᠤ᠋ᠨ ᠢ᠋ᠶ᠋ᠠᠨ ᠨᠤᠲᠤᠭᠯᠠᠬᠤ ᠪᠤᠢᠷ ᠨᠠᠭᠤᠷ ᠠ᠋ᠴᠠ ᠴᠠᠭᠠᠰᠢ ᠵᠢᠭᠤᠲᠠᠨ ᠣᠳᠴᠠᠢ᠃ ᠬᠠᠷᠢᠨ ᠬᠥᠭᠡᠷᠦᠬᠦᠢ ᠬᠣᠸᠠᠷᠵᠢᠨ ᠬᠣᠢᠲᠤᠨ ᠵᠢᠯ ᠨᠢ ᠲᠥᠷᠥᠭᠰᠡᠨ ᠥᠬᠢᠨ ᠢ᠋ᠶ᠋ᠡᠨ ᠣᠷᠬᠢᠭᠠᠳ ᠶᠠᠪᠤᠵᠤ ᠡᠰᠡ ᠴᠢᠳᠠᠪᠠ᠃ ᠢᠩᠭᠢᠵᠦ ᠬᠣᠸᠠᠷᠵᠢᠨ ᠬᠠᠰᠠᠷ ᠬᠣᠶᠠᠷ ᠤ᠋ᠨ ᠵᠣᠪᠠᠯᠠᠩᠲᠤ ᠠᠮᠢᠳᠤᠷᠠᠯ ᠡᠬᠢᠯᠡᠭᠰᠡᠨ ᠪᠢᠯᠡ᠃ ᠬᠣᠸᠠᠷᠵᠢᠨ ᠬᠠᠰᠠᠷ ᠲᠤ ᠰᠡᠳᠬᠢᠯ ᠦᠭᠡᠢ ᠪᠠᠢᠪᠠ᠃ ᠡᠭᠦᠨ ᠦ᠌ ᠡᠮᠦᠨ᠎ᠡ ᠬᠠᠰᠠᠷ ᠬᠣᠶᠠᠷ ᠡᠬᠡᠨᠡᠷ ᠶᠣᠰᠣᠯᠠᠵᠤ ᠠᠪᠤᠭᠰᠠᠨ ᠠᠲᠠᠯ᠎ᠠ ᠪᠠᠨ ᠬᠡᠨ ᠢ᠋ ᠴᠦ᠍ ᠬᠣᠸᠠᠷᠵᠢᠨ ᠰᠢᠭ᠋ ᠬᠠᠢᠷᠠᠯᠠᠳᠠᠭ ᠦᠭᠡᠢ ᠪᠢᠯᠡ᠃ ᠡᠬᠡ ᠶ᠋ᠢ ᠪᠡᠨ᠂ ᠡᠴᠢᠭᠡ ᠶ᠋ᠢ ᠪᠡᠨ ᠠᠯᠠᠭᠰᠠᠨ ᠬᠥᠮᠦᠨ ᠦ᠌ ᠭᠡᠷ ᠲᠦ᠍ ᠦᠷ᠎ᠡ ᠬᠡᠦᠬᠡᠳ ᠢ᠋ ᠨᠢ ᠲᠥᠷᠥᠭᠦᠯᠦᠨ ᠠᠮᠢᠳᠤᠷᠠᠬᠤ ᠳ᠋ᠠᠭᠠᠨ ᠬᠣᠸᠠᠷᠵᠢᠨ ᠪᠦᠰᠡᠭᠦᠢ ᠭᠣᠮᠣᠳᠠᠯ ᠰᠠᠨᠠᠯ ᠤ᠋ᠨ ᠦᠭᠡ ᠭᠠᠭᠴᠠ ᠤᠳᠠᠭ᠎ᠠ ᠴᠤ᠌ ᠪᠣᠯᠪᠠ ᠤᠨᠠᠭᠠᠭᠰᠠᠨ ᠦᠭᠡᠢ ᠳ᠋ᠦ᠍ ᠬᠠᠰᠠᠷ ᠣᠳᠣ ᠪᠣᠯᠲᠠᠯ᠎ᠠ ᠭᠠᠢᠬᠠᠭᠰᠠᠭᠠᠷ ᠠᠵᠢ᠃ ᠡᠬᠢᠨ ᠦ᠌ ᠦᠶ᠎ᠡ ᠳ᠋ᠦ᠍᠂ ᠥᠰᠦᠭᠰᠡᠨ ᠲᠥᠷᠥᠭᠰᠡᠨ ᠲᠠᠲ᠋ᠠᠷ ᠠᠢᠮᠠᠭ ᠲᠠᠭᠠᠨ ᠪᠤᠰᠤᠳ ᠤ᠋ᠨ ᠠᠳᠠᠯᠢ ᠵᠢᠭᠤᠲᠠᠨ ᠣᠴᠢᠬᠤ ᠬᠦᠰᠡᠯ ᠯᠠᠪ ᠪᠠᠢᠭᠰᠠᠨ ᠪᠢᠵᠡ ᠠ᠋᠃ ᠭᠡᠪᠡᠴᠦ1202 ᠣᠨ ᠤ᠋ ᠨᠠᠮᠤᠷ ᠲᠡᠮᠦᠵᠢᠨ ᠨᠠᠷ ᠴᠡᠷᠢᠭᠯᠡᠨ ᠴᠠᠭᠠᠨ ᠲᠠᠲ᠋ᠠᠷ᠂ ᠠᠯᠴᠢ᠂ ᠲᠠᠲ᠋ᠠᠷ᠂ ᠲᠤᠲᠠᠭᠤᠳ ᠲᠠᠲ᠋ᠠᠷ᠂ ᠠᠯᠠᠬᠤᠢ ᠲᠠᠲ᠋ᠠᠷ ᠲᠠᠢ ᠳᠠᠯᠠᠨ ᠨᠥᠮᠥᠷᠭᠡᠨ ᠳ᠋ᠦ᠍ ᠪᠠᠷᠢᠯᠳᠤᠵᠤ ᠰᠥᠨᠥᠭᠡᠭᠰᠡᠨ ᠢ᠋ᠶ᠋ᠡᠷ ᠬᠤᠸᠠᠷᠵᠢᠨ ᠤ᠋ ᠡᠬᠡ ᠨᠤᠲᠤᠭ᠂ ᠡᠯᠢᠭᠡᠨ ᠰᠠᠳᠤᠨ ᠤ᠋ ᠲᠤᠬᠠᠢ ᠬᠦᠰᠡᠯ ᠮᠥᠷᠥᠭᠡᠳᠦᠯ ᠦᠨᠡᠰᠦ ᠴᠢᠨᠳᠠᠷᠤᠤ ᠪᠣᠯᠤᠨ ᠬᠡᠢᠰᠴᠡᠢ᠃ ᠥᠰᠲᠦ ᠲᠠᠲ᠋ᠠᠷ ᠠᠢᠮᠠᠭ ᠢ᠋ ᠳᠠᠷᠤᠨ ᠰᠥᠨᠥᠭᠡᠭᠰᠡᠨ ᠦ᠌ ᠳᠠᠷᠠᠭ᠎ᠠ ᠲᠡᠮᠦᠵᠢᠨ ᠬᠠᠰᠠᠷ ᠬᠣᠶᠠᠷ ᠤ᠋ᠨ ᠬᠣᠭᠣᠷᠣᠨᠳᠣ ᠠᠩᠬᠠᠨ ᠤ᠋ ᠲᠣᠮᠣ ᠢᠯᠡ ᠲᠣᠳᠣ ᠬᠡᠷᠡᠭᠦᠯ ᠡᠭᠦᠰᠪᠡ᠃ ᠤᠴᠢᠷ ᠨᠢ ᠲᠠᠲ᠋ᠠᠷ ᠤ᠋ᠨ ᠠᠮᠢᠳᠤ ᠦᠯᠡᠳᠡᠭᠰᠡᠨ᠂ ᠣᠯᠵᠠᠯᠠᠭᠳᠠᠭᠰᠠᠨ ᠢᠷᠭᠡᠳ ᠢ᠋ ᠬᠡᠷᠬᠢᠬᠦ ᠲᠤᠬᠠᠢ ᠵᠥᠪᠬᠡᠨ ᠠᠯᠲᠠᠨ ᠤᠷᠤᠭ᠂ ᠵᠢᠷᠤᠮᠲᠤ ᠨᠥᠬᠥᠳ ᠢ᠋ᠶ᠋ᠡᠨ ᠴᠤᠭᠯᠠᠭᠤᠯᠤᠨ ᠵᠥᠪᠯᠡᠯᠳᠦᠭᠡᠳ ᠲᠡᠮᠦᠵᠢᠨ ᠦ᠌ ᠰᠠᠨᠠᠯ ᠢ᠋ᠶ᠋ᠠᠷ ᠪᠦᠭᠦᠳᠡ ᠶ᠋ᠢ ᠬᠢᠳᠤᠨ ᠬᠦᠢᠰᠦ ᠲᠡᠮᠲᠡᠷᠢᠬᠦ ᠪᠡᠷ ᠪᠣᠯᠪᠠ᠃ ᠬᠠᠷᠢᠨ ᠲᠡᠮᠦᠵᠢᠨ ᠦ᠌ ᠬᠠᠳᠠᠮ ᠪᠣᠯᠬᠤ ᠲᠠᠲ᠋ᠠᠷ ᠤ᠋ᠨ ᠶᠡᠬᠡ ᠴᠡᠷᠡᠨ ᠦ᠌ ᠤᠳᠤᠮ ᠤᠭᠰᠠᠭ᠎ᠠ᠂ ᠠᠯᠪᠠᠲᠤ ᠢᠷᠭᠡᠳ ᠢ᠋ ᠥᠷᠥᠰᠢᠶᠡᠬᠦ ᠪᠡᠷ ᠲᠣᠭᠲᠠᠵᠠᠢ᠃ ᠭᠡᠲᠡᠯ᠎ᠡ ᠬᠤᠸᠠᠷᠵᠢᠨ ᠤ᠋ ᠬᠠᠮᠲᠤ ᠣᠯᠵᠠᠯᠠᠭᠳᠠᠭᠠᠳ ᠰᠡᠭᠦᠯ ᠳ᠋ᠦ᠍ ᠵᠢᠭᠤᠲᠠᠵᠤ ᠣᠳᠤᠭᠰᠠᠨ ᠴᠠᠬᠢᠶ᠎ᠠ ᠦᠭᠡ ᠶ᠋ᠢᠨ ᠤᠳᠤᠮ᠂ ᠦᠷ᠎ᠡ ᠰᠠᠲᠤ᠂ ᠠᠯᠪᠠᠲᠤ ᠢᠷᠭᠡᠳ ᠨᠡᠢᠯᠡᠭᠰᠡᠨ ᠮᠢᠩᠭᠠᠨ ᠬᠥᠮᠦᠨ ᠪᠠᠰᠠ ᠣᠯᠵᠠᠯᠠᠭᠳᠠᠨ ᠢᠷᠡᠭᠰᠡᠨ ᠢ᠋ ᠬᠡᠷᠬᠢᠬᠦ ᠲᠤᠬᠠᠢ ᠠᠰᠠᠭᠤᠳᠠᠯ ᠨᠡᠭᠡᠭᠡᠭᠳᠡᠪᠡ᠃ 
       — ᠨᠢᠭᠡᠨᠲᠡ ᠪᠢᠳᠡᠨ ᠡᠴᠡ ᠵᠢᠭᠤᠲᠠᠵᠤ ᠣᠳᠤᠭᠰᠠᠨ ᠲᠡᠳᠡᠨ ᠢ᠋ ᠳᠤᠷᠠᠳᠬᠤ ᠬᠡᠷᠡᠭ ᠦᠭᠡᠢ᠃ ᠲᠡᠳᠡᠨ ᠢ᠋ ᠬᠠᠰᠠᠷ ᠴᠢ ᠥᠪᠡᠷ ᠦ᠋ᠨ ᠭᠠᠷ ᠢ᠋ᠶ᠋ᠠᠷ ᠬᠦᠢᠰᠦ ᠲᠡᠮᠲᠡᠷᠢᠪᠡᠯ ᠵᠣᠬᠢᠨ᠎ᠠ᠃ ᠡᠷ᠎ᠡ᠂ ᠡᠮ᠎ᠡ ᠭᠡᠯ ᠦᠭᠡᠢ ᠲᠡᠷᠭᠡᠨ ᠦ᠌ ᠪᠤᠯᠤ ᠠ᠋ᠴᠠ ᠥᠨᠳᠥᠷ ᠢ᠋ ᠨᠢ ᠠᠯᠠ᠃ ᠪᠢᠳᠡᠨ ᠦ᠌ ᠡᠴᠢᠭᠡ ᠡᠪᠦᠭᠡᠳ ᠢ᠋ ᠬᠣᠣᠷᠯᠠᠭᠰᠠᠨ᠂ ᠲᠡᠷᠡ ᠳᠤᠮᠳᠠ ᠪᠠᠨ ᠡᠴᠢᠭᠡ ᠶᠢᠰᠦᠭᠡᠢ ᠶ᠋ᠢ ᠬᠣᠣᠷᠯᠠᠨ ᠬᠥᠨᠥᠭᠡᠭᠰᠡᠨ ᠡᠨᠡ ᠲᠠᠲ᠋ᠠᠷ ᠤ᠋ᠳ ᠢ᠋ ᠲᠩᠷᠢ ᠳ᠋ᠦ᠍ ᠮᠣᠷᠳᠠᠭᠤᠯᠵᠤ᠂ ᠭᠠᠵᠠᠷ ᠲᠤ ᠪᠤᠯᠠᠵᠤ ᠦᠭᠡᠢ ᠬᠢᠭᠲᠦᠨ᠃ ᠦᠯᠡᠳᠡᠭᠰᠡᠨ ᠡᠬᠡᠨᠡᠷ ᠬᠡᠦᠬᠡᠳ ᠢ᠋ ᠡᠭᠦᠳᠡ ᠲᠡᠢ ᠪᠣᠯᠭᠠᠨ ᠳ᠋ᠤ᠌ ᠲᠠᠷᠬᠠᠭᠠᠨ ᠬᠤᠪᠢᠶᠠᠵᠤ ᠨᠡᠷ᠎ᠡ ᠦᠭᠡᠢ᠂ ᠭᠡᠷ ᠦᠭᠡᠢ ᠪᠣᠯᠭᠠᠭᠲᠤᠨ᠃ ᠠᠮᠢᠳᠤ ᠦᠯᠡᠳᠡᠭᠰᠡᠨ ᠲᠠᠲ᠋ᠠᠷ ᠡᠷᠡᠰ ᠢ᠋ ᠬᠣᠣᠷᠲᠤ ᠡᠪᠡᠰᠦ ᠠᠳᠠᠯᠢ ᠦᠵᠡᠵᠦ ᠨᠢᠭᠡ ᠨᠢᠭᠡ ᠪᠡᠷ ᠲᠡᠭᠦᠵᠦ ᠤᠰᠠᠳᠬᠠᠭᠲᠤᠨ ᠭᠡᠵᠦ ᠪᠤᠬᠢᠨᠢᠳᠤᠨ ᠬᠠᠰᠬᠢᠷᠪᠠ᠃ ᠡᠨᠡ ᠦᠭᠡ ᠶ᠋ᠢ ᠬᠡᠯᠡᠬᠦ ᠳ᠋ᠡᠭᠡᠨ ᠲᠡᠮᠦᠵᠢᠨ ᠤᠴᠢᠷ ᠵᠦᠭ ᠦᠭᠡᠢ ᠬᠢᠯᠢᠩᠨᠡᠭᠰᠡᠨ ᠨᠢ ᠲᠠᠲ᠋ᠠᠷ ᠲᠤ ᠥᠰᠢᠶᠡᠷᠬᠡᠭᠰᠡᠨ ᠳ᠋ᠡᠭᠡᠨ ᠪᠤᠰᠤ ᠬᠠᠷᠢᠨ ᠥᠭᠡᠳᠡ ᠡᠴᠡ ᠨᠢ ᠡᠰᠡᠷᠭᠦᠴᠡᠭᠰᠡᠨ ᠬᠠᠰᠠᠷ ᠲᠤ ᠠᠭᠤᠷᠯᠠᠭᠰᠠᠨ ᠤ᠋ ᠬᠢ ᠪᠠᠰᠠ ᠲᠠᠲ᠋ᠠᠷ ᠤ᠋ᠨ ᠨᠡᠷᠡᠲᠡᠢ ᠪᠠᠭᠠᠲᠤᠷ ᠢ᠋ ᠦᠬᠦᠭᠦᠯᠵᠦ ᠦᠵᠡᠰᠬᠦᠯᠡᠩᠲᠦ ᠥᠬᠢᠨ ᠢ᠋ ᠨᠢ ᠠᠪᠤᠭᠰᠠᠨ ᠳ᠋ᠤ᠌ ᠣᠳᠣ ᠪᠣᠯᠲᠠᠯ᠎ᠠ ᠠᠲᠠᠭᠠᠷᠬᠠᠭᠰᠠᠭᠠᠷ ᠶᠠᠪᠤᠭᠰᠠᠨ ᠤ᠋ ᠬᠢ ᠪᠠᠢᠪᠠ᠃ ᠬᠠᠰᠠᠷ ᠲᠡᠰᠴᠦ ᠰᠠᠭᠤᠵᠤ ᠴᠢᠳᠠᠭᠰᠠᠨ ᠦᠭᠡᠢ᠃ 
       — ᠶᠡᠬᠡ ᠴᠡᠷᠡᠨ ᠢ᠋ ᠠᠮᠢᠳᠤ ᠦᠯᠡᠳᠡᠭᠡᠵᠦ᠂ ᠬᠤᠸᠠᠷᠵᠢᠨ ᠤ᠋ ᠤᠳᠤᠮ ᠲᠥᠷᠥᠯ ᠢ᠋ ᠬᠡᠨ ᠭᠡᠵᠦ ᠦᠬᠦᠭᠦᠯᠦᠨ᠎ᠡ᠃ ᠲᠡᠳᠡ ᠲᠠᠲ᠋ᠠᠷ ᠪᠣᠯ ᠲᠠᠲ᠋ᠠᠷ᠂ ᠠᠯᠠᠪᠠᠯ ᠪᠦᠭᠦᠳᠡ ᠶ᠋ᠢ ᠠᠯᠠᠶ᠎ᠠ᠃ ᠦᠭᠡᠢ ᠪᠣᠯ ᠲᠡᠳᠡᠨ ᠢ᠋ ᠠᠳᠠᠯᠢ ᠦᠵᠡᠵᠦ ᠠᠮᠢᠳᠤ ᠦᠯᠡᠳᠡᠭᠡᠶ᠎ᠡ ᠭᠡᠵᠦ ᠪᠡᠶ᠎ᠡ ᠪᠡᠨ ᠪᠠᠷᠢᠵᠤ ᠲᠡᠪᠴᠢᠯ ᠦᠭᠡᠢ ᠪᠠᠰᠠ ᠳᠦᠷᠢᠰᠭᠢᠨ ᠪᠣᠰᠪᠠ᠃ ᠲᠠᠲ᠋ᠠᠷ ᠢ᠋ ᠦᠬᠦᠭᠦᠯᠬᠦ ᠦᠭᠡᠢ ᠭᠡᠵᠦ ᠥᠮᠥᠭᠡᠷᠡᠵᠦ ᠪᠤᠬᠢᠨᠢᠳᠤᠭᠰᠠᠨ ᠦᠭᠡᠢ᠂ ᠵᠥᠪᠬᠡᠨ ᠲᠡᠮᠦᠵᠢᠨ ᠲᠡᠭᠦᠨ ᠢ᠋ ᠥᠪᠡᠷ ᠡᠴᠡ ᠪᠡᠨ ᠳᠣᠣᠷ᠎ᠠ ᠳ᠋ᠤ᠌ ᠦᠵᠡᠵᠦ᠂ ᠳᠣᠷᠣᠢ ᠪᠣᠳᠣᠭᠰᠠᠨ ᠳ᠋ᠤ᠌ ᠬᠠᠰᠠᠷ ᠤ᠋ᠨ ᠠᠭᠤᠷ ᠳᠦᠷᠡᠯᠵᠡᠵᠡᠢ᠃ ᠠᠬ᠎ᠠ ᠳᠡᠭᠦᠦ ᠬᠣᠶᠠᠷ ᠤ᠋ᠨ ᠬᠡᠷᠡᠭᠦᠯ ᠢᠩᠭᠢᠵᠦ ᠲᠠᠲ᠋ᠠᠷ ᠤ᠋ᠳ ᠠ᠋ᠴᠠ ᠪᠣᠯᠤᠨ ᠠᠰᠠᠵᠤ᠂ ᠲᠡᠳᠡᠨ ᠦ᠌ ᠬᠣᠭᠣᠷᠣᠨᠳᠣ ᠪᠠᠢᠭᠰᠠᠨ ᠵᠥᠷᠢᠴᠡᠯ ᠢ᠋ ᠢᠯᠡ ᠭᠠᠷᠭᠠᠪᠠ᠃ ᠲᠡᠮᠦᠵᠢᠨ ᠬᠠᠰᠠᠷ ᠬᠣᠶᠠᠷ ᠬᠡᠷᠡᠯᠳᠦᠭᠡᠳ ᠵᠣᠭᠰᠣᠬᠤ ᠦᠭᠡᠢ ᠪᠠᠷᠢᠯᠴᠠᠵᠤ ᠠᠪᠬᠤ ᠳ᠋ᠤ᠌ ᠴᠤ᠌ ᠪᠡᠯᠡᠨ ᠪᠣᠯᠵᠠᠢ᠃ ᠭᠡᠪᠡᠴᠦ ᠨᠥᠬᠥᠳ ᠨᠢ ᠲᠠᠯ᠎ᠠ ᠲᠠᠯ᠎ᠠ ᠠ᠋ᠴᠠ ᠬᠣᠷᠢᠭᠯᠠᠵᠠᠢ᠃ ᠲᠡᠮᠦᠵᠢᠨ ᠦ᠌ ᠦᠭᠡ ᠣᠯᠠᠨ ᠳ᠋ᠤ᠌ ᠨᠥᠯᠥᠭᠡᠲᠡᠢ ᠣᠨᠣᠴᠢᠲᠠᠢ ᠪᠠᠢᠪᠠ᠃ 
       — ᠬᠠᠰᠠᠷ ᠴᠢ᠂ ᠬᠠᠮᠢᠭ᠎ᠠ ᠶᠠᠭᠤ ᠭᠡᠵᠦ ᠶᠠᠷᠢᠬᠤ ᠪᠠᠨ ᠮᠡᠳᠡᠵᠦ ᠠᠪ᠃ ᠡᠨᠡ ᠶᠡᠬᠡ ᠴᠡᠷᠡᠨ ᠥᠪᠡᠷ ᠢ᠋ᠶ᠋ᠡᠨ ᠨᠠᠳᠠᠳᠤ ᠰᠠᠢᠨ ᠳᠤᠷ᠎ᠠ ᠪᠠᠷ ᠲᠠᠭᠠᠨ ᠣᠷᠣᠵᠤ ᠥᠬᠢᠨ ᠢ᠋ᠶ᠋ᠡᠨ ᠥᠭᠪᠡ᠃ ᠬᠠᠷᠢᠨ ᠴᠢ ᠬᠤᠸᠠᠷᠵᠢᠨ ᠢ᠋ ᠪᠤᠯᠢᠶᠠᠵᠤ ᠠᠪᠤᠭᠰᠠᠨ ᠪᠢᠰᠢ ᠤᠤ? ᠴᠠᠬᠢᠶ᠎ᠠ ᠦᠭᠡ ᠦᠬᠦᠭᠦᠯᠦᠭᠡ ᠦᠭᠡᠢ ᠪᠣᠯ ᠬᠤᠸᠠᠷᠵᠢᠨ ᠴᠢᠮᠠᠲᠤ ᠥᠪᠡᠷ ᠢ᠋ᠶ᠋ᠡᠨ ᠢᠷᠡᠨ᠎ᠡ ᠤᠤ? ᠲᠡᠳᠡᠨ ᠦ᠌ ᠠᠯᠪᠠᠲᠤ ᠢᠷᠭᠡᠳ ᠰᠡᠭᠦᠯ ᠳ᠋ᠦ᠍ᠨᠢ ᠨᠠᠳᠠ ᠠ᠋ᠴᠠ ᠵᠢᠭᠤᠲᠠᠵᠤ ᠣᠳᠤᠭᠰᠠᠨ᠃ ᠣᠳᠣ ᠲᠡᠳᠡᠨ ᠢ᠋ ᠥᠷᠥᠰᠢᠶᠡᠨ᠎ᠡ ᠭᠡᠬᠦ ᠳ᠋ᠦ᠍ ᠪᠤᠰᠤᠳ ᠨᠢ ᠲᠡᠮᠦᠵᠢᠨ ᠢ᠋ ᠳᠡᠮᠵᠢᠵᠦ ᠬᠠᠰᠠᠷ ᠢ᠋ ᠪᠤᠷᠤᠭᠤᠰᠢᠶᠠᠪᠠ᠃ ᠪᠦᠭᠦᠳᠡ ᠲᠡᠭᠦᠨ ᠢ᠋ ᠬᠠᠶᠠᠵᠤ ᠭᠠᠷᠴᠠᠭᠠᠪᠠ᠃ ᠲᠡᠮᠦᠵᠢᠨ ᠦ᠌ ᠤᠨᠤᠵᠤ ᠬᠡᠯᠡᠭᠰᠡᠨ ᠦᠨᠡᠨ ᠦᠭᠡᠨ ᠳ᠋ᠦ᠍ ᠬᠠᠰᠠᠷ ᠠᠷᠭ᠎ᠠ ᠦᠭᠡᠢ ᠭᠦᠢᠴᠡᠭᠳᠡᠭᠡᠳ ᠬᠠᠷᠢᠶᠠᠯ ᠲᠠᠯᠪᠢᠭᠰᠠᠭᠠᠷ ᠬᠣᠴᠣᠷᠪᠠ᠃ ᠬᠠᠷᠢᠨ ᠭᠠᠭᠴᠠ ᠪᠡᠯᠭᠦᠳᠡᠢ ᠦᠯᠡᠳᠡᠭᠡᠳ 
       — ᠲᠠᠲ᠋ᠠᠷ ᠢ᠋ ᠪᠦᠭᠦᠳᠡ ᠶ᠋ᠢ ᠬᠢᠳᠤᠬᠤ ᠨᠢ ᠪᠤᠷᠤᠭᠤ ᠶᠤᠮ ᠳᠠ ᠭᠡᠵᠦ ᠰᠢᠪᠡᠨᠡᠭᠰᠡᠨ ᠪᠢᠯᠡ᠃ ᠭᠡᠪᠡᠴᠦ ᠪᠡᠯᠭᠦᠳᠡᠢ ᠡᠢᠨ ᠪᠣᠳᠣᠭᠠᠳ ᠲᠠᠲ᠋ᠠᠷ ᠤ᠋ᠳ ᠢ᠋ ᠬᠢᠳᠤᠬᠤ ᠪᠣᠯᠤᠭᠰᠠᠨ ᠲᠤᠬᠠᠢ ᠶᠡᠬᠡ ᠴᠡᠷᠡᠨ ᠳ᠋ᠦ᠍ ᠦᠭᠡ ᠠᠯᠳᠠᠭᠰᠠᠨ ᠠ᠋ᠴᠠ ᠪᠣᠯᠵᠤ ᠬᠠᠮᠢᠭᠠᠰᠢ ᠳ᠋ᠠᠭᠠᠨ ᠦᠬᠦᠬᠦ ᠪᠡᠨ ᠤᠷᠢᠲᠠᠵᠤ ᠮᠡᠳᠡᠭᠰᠡᠨ ᠲᠠᠲ᠋ᠠᠷ ᠡᠷᠡᠰ ᠤᠯᠠᠢᠷᠠᠵᠤ ᠠᠮᠢ ᠶ᠋ᠢ ᠠᠮᠢ ᠪᠠᠷ ᠰᠣᠯᠢᠨ ᠣᠯᠠᠨ ᠮᠣᠩᠭᠣᠯ ᠴᠡᠷᠢᠭ ᠢ᠋ ᠠᠯᠠᠵᠠᠢ᠃ ᠡᠭᠦᠨ ᠡᠴᠡ ᠪᠣᠯᠵᠤ ᠰᠤᠯᠠ ᠠᠮᠠ ᠲᠠᠢ ᠪᠡᠯᠭᠦᠳᠡᠢ ᠤᠷᠤᠭ ᠤ᠋ᠨ ᠵᠥᠪᠯᠡᠯᠭᠡᠨ ᠳ᠋ᠦ᠍ ᠣᠷᠣᠬᠤ ᠡᠷᠬᠡ ᠪᠡᠨ ᠬᠠᠰᠤᠭᠤᠯᠵᠤ ᠬᠠᠰᠠᠷ ᠬᠡᠳᠦᠢ ᠳᠤᠷ᠎ᠠ ᠦᠭᠡᠢᠴᠡᠭᠰᠡᠨ ᠴᠤ᠌ ᠬᠤᠸᠠᠷᠵᠢᠨ ᠢ᠋ ᠪᠠᠷᠠᠳᠠᠨ ᠬᠠᠰᠠᠷ ᠤ᠋ᠨ ᠳᠡᠷᠭᠡᠳᠡ ᠢᠷᠡᠭᠰᠡᠨ ᠮᠢᠩᠭᠠᠨ ᠲᠠᠲ᠋ᠠᠷ ᠢᠷᠭᠡᠨ ᠦ᠌ ᠲᠠᠪᠤᠨ ᠨᠠᠰᠤᠨ ᠠ᠋ᠴᠠ ᠳᠡᠭᠡᠭᠰᠢᠬᠢ ᠪᠦᠬᠦ ᠡᠷ᠎ᠡ ᠬᠦᠢᠰᠦᠲᠡᠨ ᠢ᠋ ᠠᠯᠠᠭᠤᠯᠵᠠᠢ᠃ ᠲᠠᠲ᠋ᠠᠷ ᠢ᠋ ᠠᠯᠠᠭᠰᠠᠨ ᠠ᠋ᠴᠠ ᠬᠣᠢᠰᠢ ᠴᠤ᠌ ᠬᠠᠰᠠᠷ ᠤ᠋ᠨ ᠠᠭᠤᠷ ᠬᠢᠯᠢᠩ ᠳᠠᠷᠤᠭᠳᠠᠭᠰᠠᠨ ᠦᠭᠡᠢ᠃ ᠲᠡᠮᠦᠵᠢᠨ ᠳ᠋ᠦ᠍ ᠭᠠᠷᠭᠠᠭᠰᠠᠨ ᠠᠭᠤᠷ ᠢ᠋ᠶ᠋ᠠᠨ ᠲᠡᠭᠦᠨ ᠦ᠌ ᠬᠣᠲᠠ ᠪᠣᠯᠬᠤ ᠬᠣᠩᠭᠢᠷᠠᠳ ᠠᠢᠮᠠᠭ ᠤ᠋ᠨ ᠢᠷᠭᠡᠳ ᠲᠦ᠍ ᠭᠠᠷᠭᠠᠬᠤ ᠪᠣᠯᠤᠭᠰᠠᠨ ᠨᠢ ᠠᠬ᠎ᠠ ᠳᠡᠭᠦᠦ ᠬᠣᠶᠠᠷ ᠤ᠋ᠨ ᠵᠥᠷᠢᠴᠡᠯ ᠲᠡᠮᠡᠴᠡᠯ ᠢ᠋ ᠪᠦᠷ ᠴᠦ᠍ ᠬᠤᠷᠴᠠᠳᠬᠠᠪᠠ᠃ ᠬᠡᠰᠡᠭ ᠬᠣᠩᠭᠢᠷᠠᠳ ᠢᠷᠭᠡᠳ ᠪᠥᠷᠲᠡ ᠬᠠᠲᠤᠨ ᠢ᠋ ᠪᠠᠷᠠᠳᠠᠨ ᠤᠨᠤᠨ ᠬᠡᠷᠦᠯᠦᠨ ᠦ᠌ ᠬᠣᠭᠣᠷᠣᠨᠳᠣ ᠰᠠᠭᠤᠭᠰᠠᠭᠠᠷ ᠤᠳᠠᠭᠰᠠᠨ ᠢ᠋ ᠬᠠᠰᠠᠷ ᠲᠡᠯᠡᠵᠦ᠂ ᠥᠬᠢᠳ ᠡᠮᠡᠰ ᠢ᠋ ᠪᠤᠯᠢᠶᠠᠨ ᠠᠪᠴᠤ ᠬᠤᠸᠠᠷᠵᠢᠨ ᠪᠣᠯᠤᠭᠠᠳ ᠥᠪᠡᠷ ᠦ᠋ᠨ ᠡᠮᠡᠰ ᠦ᠋ᠨ ᠡᠭᠦᠳᠡ ᠶ᠋ᠢ ᠰᠡᠬᠦᠭᠦᠯᠵᠦ᠂ ᠦᠰᠦ ᠶ᠋ᠢ ᠰᠠᠮᠨᠠᠭᠤᠯᠬᠤ ᠪᠣᠯᠭᠠᠪᠠ᠃ ᠬᠣᠩᠭᠢᠷᠠᠳ ᠤ᠋ᠳ ᠲᠡᠮᠦᠵᠢᠨ ᠳ᠋ᠦ᠍ ᠭᠣᠮᠣᠳᠠᠯ ᠭᠠᠷᠭᠠᠨ ᠬᠠᠰᠠᠷ ᠤ᠋ᠨ ᠬᠢᠭᠰᠡᠨ ᠭᠡᠮ ᠢ᠋ ᠮᠡᠳᠡᠭᠦᠯᠵᠦ ᠶᠠᠯ᠎ᠠ ᠭᠡᠮ ᠳ᠋ᠦ᠍ ᠤᠨᠠᠭᠠᠬᠤ ᠶ᠋ᠢ ᠬᠦᠰᠡᠵᠡᠢ᠃ ᠢᠩᠭᠢᠨ᠎ᠡ ᠭᠡᠳᠡᠭ ᠢ᠋ ᠬᠠᠰᠠᠷ ᠮᠡᠳᠡᠵᠦ ᠪᠠᠢᠭᠰᠠᠨ ᠴᠤ᠌ ᠲᠣᠭᠣᠭᠰᠠᠨ ᠦᠭᠡᠢ᠂ ᠶᠠᠭᠤ ᠯᠠ ᠪᠣᠯᠪᠠᠯ ᠪᠣᠯᠤᠭ ᠭᠡᠵᠦ ᠪᠣᠳᠣᠵᠠᠢ᠃ ᠬᠡᠷᠪᠡ ᠲᠡᠮᠦᠵᠢᠨ ᠬᠣᠲᠠ ᠪᠠᠨ ᠥᠮᠥᠭᠡᠷᠡᠵᠦ ᠵᠠᠷᠭᠤ ᠴᠠᠭᠠᠵᠠ ᠡᠭᠦᠰᠬᠡᠪᠡᠯ ᠡᠷᠡᠭᠴᠢᠨ ᠡᠮᠡᠭᠴᠢᠨ ᠢ᠋ᠶ᠋ᠡᠨ ᠦᠵᠡᠨ᠎ᠡ ᠭᠡᠵᠦ ᠪᠠᠲᠤ ᠰᠢᠢᠳᠦᠭᠰᠡᠨ ᠪᠠᠢᠵᠠᠢ᠃ ᠬᠠᠷᠢᠨ ᠲᠡᠮᠦᠵᠢᠨ ᠦ᠌ ᠰᠢᠢᠳᠪᠦᠷᠢ ᠬᠠᠰᠠᠷ ᠤ᠋ᠨ ᠰᠡᠳᠬᠢᠯ ᠢ᠋ ᠶᠡᠬᠡᠳᠡ ᠭᠠᠢᠬᠠᠭᠤᠯᠵᠠᠢ᠃ ᠬᠣᠩᠭᠢᠷᠠᠳ ᠤ᠋ᠳ ᠤ᠋ᠨ ᠭᠣᠮᠣᠳᠠᠯ ᠤ᠋ᠨ ᠬᠣᠪ ᠦᠭᠡ ᠶ᠋ᠢ ᠲᠡᠮᠦᠵᠢᠨ ᠨᠣᠬᠠᠢ ᠬᠤᠴᠠᠭᠰᠠᠨ ᠤ᠋ ᠳᠡᠢᠲᠠᠢ ᠲᠣᠭᠣᠭᠰᠠᠨ ᠦᠭᠡᠢ᠃ ᠬᠠᠷᠢᠨ ᠠᠬ᠎ᠠ ᠳᠡᠭᠦᠦᠰ ᠦ᠋ᠨ ᠬᠣᠭᠣᠷᠣᠨᠳᠣ ᠬᠣᠪ ᠬᠤᠳᠬᠤᠨ ᠬᠡᠷᠡᠭᠦᠯ ᠡᠳᠦᠪᠡ ᠭᠡᠵᠦ ᠲᠡᠳᠡᠨ ᠢ᠋ ᠬᠥᠭᠡᠭᠡᠨ ᠭᠠᠷᠭᠠᠭᠰᠠᠨ ᠪᠠᠢᠪᠠ᠃ ᠡᠭᠦᠨ ᠳ᠋ᠦ᠍ᠨᠢ ᠭᠣᠮᠣᠳᠠᠭᠰᠠᠨ ᠬᠣᠩᠭᠢᠷᠠᠳ ᠢᠷᠭᠡᠳ ᠤᠳᠠᠯ ᠦᠭᠡᠢ ᠲᠡᠮᠦᠵᠢᠨ ᠡᠴᠡ ᠰᠠᠯᠤᠨ ᠪᠤᠢᠷ ᠨᠠᠭᠤᠷ ᠤ᠋ᠨ ᠵᠦᠭ ᠨᠡᠭᠦᠵᠡᠢ᠃ ᠲᠡᠭᠡᠯ᠎ᠡ ᠭᠡᠳ ᠲᠡᠮᠦᠵᠢᠨ ᠬᠠᠰᠠᠷ ᠢ᠋ ᠭᠠᠭᠴᠠ ᠦᠭᠡ ᠪᠡᠷ ᠪᠣᠯᠪᠠᠴᠤ ᠵᠢᠮᠡᠯᠡᠭᠰᠡᠨ ᠦᠭᠡᠢ᠃ ᠲᠡᠮᠦᠵᠢᠨ ᠰᠠᠨᠠᠭᠠᠨ ᠳ᠋ᠤ᠌ ᠦᠭᠡᠢ ᠡᠢᠮᠦ ᠵᠠᠩ ᠭᠠᠷᠭᠠᠭᠰᠠᠨ ᠳ᠋ᠤ᠌ ᠬᠠᠰᠠᠷ ᠲᠦᠳᠡᠯ ᠦᠭᠡᠢ ᠤᠶᠠᠷᠠᠨ ᠠᠬ᠎ᠠ ᠲᠠᠢ ᠪᠠᠨ ᠳᠡᠮᠡᠢ ᠭᠡᠷᠡᠯᠲᠦᠪᠡ ᠭᠡᠵᠦ ᠥᠪᠡᠷ ᠢ᠋ ᠪᠡᠨ ᠵᠢᠮᠡᠯᠡᠬᠦ ᠪᠣᠯᠵᠠᠢ᠃       
        ᠲᠡᠮᠦᠵᠢᠨ ᠬᠠᠰᠠᠷ ᠬᠣᠶᠠᠷ ᠤ᠋ᠨ ᠬᠣᠭᠣᠷᠣᠨᠳᠣ ᠡᠭᠦᠰᠦᠭᠰᠡᠨ ᠵᠥᠷᠢᠴᠡᠯ ᠠᠰᠢᠭᠦᠢ ᠨᠠᠮᠳᠠᠵᠤ ᠨᠠᠢ᠍ᠮᠠᠨ ᠠᠢᠮᠠᠭ ᠤ᠋ᠨ ᠳᠠᠶᠠᠨ ᠬᠠᠭᠠᠨ ᠢ᠋ ᠳᠠᠢᠯᠠᠬᠤ ᠶᠡᠬᠡ ᠴᠡᠷᠢᠭ ᠢ᠋ ᠬᠠᠰᠠᠷ ᠢ᠋ᠶ᠋ᠠᠷ ᠤᠳᠤᠷᠢᠳᠤᠭᠤᠯᠬᠤ ᠪᠠᠷ ᠲᠡᠮᠦᠵᠢᠨ ᠰᠢᠢᠳᠦᠭᠰᠡᠨ ᠨᠢ ᠬᠡᠷᠡᠭ ᠢ᠋ ᠪᠦᠷ ᠴᠦ᠍ ᠴᠠᠢᠷᠠᠭᠤᠯᠪᠠ᠃ ᠶᠠᠯᠢᠬᠤ ᠶᠠᠯᠢᠬᠤ ᠦᠭᠡᠢ ᠠᠲᠠᠭᠠᠷᠬᠠᠯ ᠠ᠋ᠴᠠ ᠪᠣᠯᠵᠤ ᠬᠠᠰᠠᠷ ᠤ᠋ᠨ ᠠᠭᠤᠷ ᠣᠮᠣᠭ ᠢ᠋ ᠳᠡᠪᠡᠷᠡᠭᠡᠬᠦ ᠦᠭᠡᠢ ᠪᠠᠢᠬᠤ ᠶ᠋ᠢ ᠲᠡᠮᠦᠵᠢᠨ ᠬᠢᠴᠢᠶᠡᠵᠦ᠂ ᠲᠡᠭᠦᠨ ᠢ᠋ ᠲᠠᠢᠪᠤᠰᠢᠷᠠᠭᠤᠯᠬᠤ᠂ ᠠᠬ᠎ᠠ ᠳᠡᠭᠦᠦᠰ ᠦ᠋ᠨ ᠡᠪ ᠨᠢᠭᠡᠳᠦᠯ ᠢ᠋ ᠦᠵᠡᠭᠦᠯᠬᠦ ᠵᠣᠷᠢᠯᠭ᠎ᠠ ᠪᠠᠷ ᠨᠠᠢ᠍ᠮᠠᠨ ᠠᠢᠮᠠᠭ ᠲᠠᠢ ᠬᠢᠬᠦ ᠲᠡᠢᠨ ᠢ᠋ ᠬᠠᠰᠠᠷ ᠲᠤ ᠳᠠᠭᠠᠭᠠᠯᠭᠠᠭᠰᠠᠨ ᠪᠢᠯᠡ᠃ ᠡᠨᠡ ᠪᠣᠯ ᠲᠡᠮᠦᠵᠢᠨ ᠦ᠌ ᠠᠯᠤᠰ ᠤ᠋ᠨ ᠬᠠᠷᠠᠭᠠᠲᠠᠢ᠂ ᠭᠦᠨᠵᠡᠭᠡᠢ ᠤᠬᠠᠭᠠᠨᠲᠠᠢ ᠰᠢᠢᠳᠪᠦᠷᠢ ᠪᠠᠢᠯ᠎ᠠ᠃ ᠵᠣᠷᠢᠭ ᠰᠥᠰᠥ ᠶᠡᠬᠡᠲᠡᠢ᠂ ᠢᠯᠡ ᠰᠢᠯᠤᠭᠤᠨ ᠦᠭᠡ ᠲᠡᠢ᠂ ᠳᠤᠷ᠎ᠠ ᠪᠠᠷ ᠢ᠋ᠶ᠋ᠠᠨ ᠠᠭᠠᠰᠢ ᠲᠠᠢ ᠬᠠᠰᠠᠷ ᠤᠶᠠᠷᠠᠵᠤ ᠪᠠᠶᠠᠷᠯᠠᠬᠤ ᠨᠢ ᠶᠡᠬᠡ ᠠᠮᠠᠷᠬᠠᠨ ᠢ᠋ ᠲᠡᠮᠦᠵᠢᠨ ᠮᠡᠳᠡᠬᠦ ᠲᠤᠯᠠ ᠢᠩᠭᠢᠵᠦ ᠰᠢᠢᠳᠪᠡ᠃ ᠪᠦᠬᠦ ᠵᠦᠢᠯ ᠲᠡᠮᠦᠵᠢᠨ ᠦ᠌ ᠰᠠᠨᠠᠭᠰᠠᠨ ᠢ᠋ᠶ᠋ᠠᠷ ᠪᠣᠯᠵᠤ ᠬᠠᠰᠠᠷ ᠳᠠᠬᠢᠭᠠᠳ ᠯᠠ ᠤᠷᠢᠳᠤ ᠶ᠋ᠢᠨ ᠳᠤᠭᠤᠯᠭᠠᠪᠤᠷᠢᠲᠠᠢ ᠢᠲᠡᠭᠡᠯᠲᠡᠢ ᠳᠡᠭᠦᠦ ᠪᠣᠯᠤᠨ ᠬᠤᠪᠢᠷᠠᠪᠠ᠃ ᠲᠠᠲ᠋ᠠᠷ ᠤ᠋ᠳ ᠢ᠋᠂ ᠲᠡᠷᠡ ᠳᠤᠮᠳᠠ ᠪᠠᠨ ᠬᠠᠰᠠᠷ ᠤ᠋ᠨ ᠬᠣᠲᠠ ᠤᠷᠤᠭ ᠤ᠋ᠨ ᠬᠢᠨ ᠢ᠋ ᠪᠦᠭᠦᠳᠡ ᠶ᠋ᠢ ᠬᠢᠳᠤᠭᠰᠠᠨ ᠢ᠋ ᠥᠭᠡᠯᠦᠨ ᠡᠬᠡ ᠣᠭᠲᠣ ᠲᠠᠭᠠᠰᠢᠶᠠᠭᠰᠠᠨ ᠦᠭᠡᠢ ᠪᠡᠷ ᠪᠠᠷᠠᠬᠤ ᠦᠭᠡᠢ《ᠬᠠᠨᠢ ᠪᠠᠨ ᠬᠠᠵᠠᠬᠰᠠᠳ᠂  ᠬᠠᠷᠠᠴᠤ ᠪᠠᠨ ᠪᠠᠷᠠᠭᠰᠠᠳ 》 ᠭᠡᠵᠦ ᠵᠢᠮᠡᠯᠡᠭᠰᠡᠨ ᠨᠢ ᠲᠡᠮᠦᠵᠢᠨ ᠢ᠋ ᠥᠪᠡᠷ ᠦ᠋ᠨ ᠠᠯᠳᠠᠭ᠎ᠠ ᠶ᠋ᠢ ᠣᠢᠯᠠᠭᠠᠵᠤ ᠵᠠᠰᠠᠬᠤ ᠳ᠋ᠤ᠌ ᠬᠦᠷᠭᠡᠵᠡᠢ᠃  ᠪᠡᠭᠲᠡᠷ ᠢ᠋ ᠠᠯᠠᠭᠰᠠᠨ ᠠ᠋ᠴᠠ ᠬᠣᠢᠰᠢ ᠥᠭᠡᠯᠦᠨ ᠡᠬᠡ ᠨᠢ ᠢᠩᠭᠢᠵᠦ ᠠᠭᠤᠷᠯᠠᠵᠤ ᠬᠡᠯᠢᠩᠨᠡᠭᠡ ᠦᠭᠡᠢ ᠳ᠋ᠦ᠍ ᠲᠡᠮᠦᠵᠢᠨ ᠰᠠᠮᠠᠭᠠᠷᠳᠠᠵᠤ ᠪᠢᠯᠡ᠃ ᠡᠬᠡ ᠶ᠋ᠢᠨ ᠢ᠋ᠶ᠋ᠡᠨ ᠡᠨᠡ ᠦᠭᠡᠨ ᠡᠴᠡ ᠬᠠᠰᠠᠷ ᠢ᠋ ᠣᠳᠣ ᠴᠠᠭᠠᠰᠢ ᠨᠢ ᠲᠦᠯᠬᠢᠵᠦ ᠪᠣᠯᠬᠤ ᠦᠭᠡᠢ ᠭᠡᠳᠡᠭ ᠢ᠋ ᠲᠡᠷᠡ ᠬᠠᠲᠠᠭᠤ ᠣᠢᠯᠠᠭᠠᠪᠠ᠃《ᠬᠠᠰᠠᠷ ᠪᠣᠯ ᠲᠡᠮᠦᠵᠢᠨ ᠴᠢᠨᠦ ᠪᠦᠲᠦᠨ ᠪᠡᠶ᠎ᠡ ᠶ᠋ᠢᠨ ᠲᠠᠯ᠎ᠠ᠂ ᠪᠦᠷᠢᠨ ᠤᠯᠤᠰ ᠤ᠋ᠨ ᠬᠠᠭᠠᠰ ᠰᠢᠦ 》ᠭᠡᠵᠦ ᠥᠭᠡᠯᠦᠨ ᠡᠬᠡ ᠬᠠᠲᠠᠭᠤ ᠬᠡᠯᠡᠭᠰᠡᠨ ᠢ᠋ ᠲᠣᠭᠣᠬᠤ ᠦᠭᠡᠢ ᠥᠩᠭᠡᠷᠡᠭᠡᠬᠦ ᠤᠴᠢᠷ ᠦᠭᠡᠢ ᠪᠠᠢᠯ᠎ᠠ᠃ ᠬᠠᠰᠠᠷ ᠪᠣᠯ ᠪᠠᠢᠭᠤᠯᠤᠭᠰᠠᠨ ᠤᠯᠤᠰ ᠤ᠋ᠨ ᠬᠠᠭᠠᠰ ᠢ᠋ ᠠᠪᠬᠤ ᠡᠷᠬᠡ ᠲᠡᠢ ᠬᠥᠮᠦᠨ ᠭᠡᠵᠦ ᠦᠵᠡᠳᠡᠭ ᠢ᠋ᠶ᠋ᠡᠨ ᠥᠭᠡᠯᠦᠨ ᠡᠬᠡ ᠢᠩᠭᠢᠵᠦ ᠢᠯᠡ ᠲᠣᠳᠣ ᠣᠢᠯᠠᠭᠠᠭᠤᠯᠤᠭᠰᠠᠨ ᠨᠢ ᠲᠡᠮᠦᠵᠢᠨ ᠳ᠋ᠦ᠍ ᠶᠡᠬᠡ ᠶ᠋ᠢ ᠪᠤᠳᠤᠭᠤᠯᠵᠠᠢ᠃ ᠣᠯᠠᠨ ᠳ᠋ᠤ᠌ ᠬᠦᠨᠳᠦᠲᠡᠢ ᠥᠭᠡᠯᠦᠨ ᠡᠬᠡ ᠬᠠᠰᠠᠷ ᠤ᠋ᠨ ᠲᠠᠯ᠎ᠠ ᠳ᠋ᠤ᠌ ᠪᠠᠢᠭ᠎ᠠ ᠨᠢ ᠲᠡᠮᠦᠵᠢᠨ ᠳ᠋ᠦ᠍ ᠠᠰᠢᠭ ᠦᠭᠡᠢ ᠪᠡᠷ ᠪᠠᠷᠠᠬᠤ ᠦᠭᠡᠢ᠂ ᠠᠶᠤᠯᠲᠠᠢ ᠬᠡᠷᠡᠭ ᠶᠦᠮ᠃ ᠡᠢᠮᠦ ᠴᠦ᠍ ᠤᠴᠢᠷ ᠠ᠋ᠴᠠ ᠪᠠᠭᠤᠯᠲᠠ ᠬᠢᠵᠦ ᠨᠠᠢ᠍ᠮᠠᠨ ᠠᠢᠮᠠᠭ ᠢ᠋ ᠳᠠᠢᠯᠠᠬᠤ ᠬᠡᠷᠡᠭ ᠢ᠋ ᠬᠠᠰᠠᠷ ᠲᠤ ᠨᠠᠢᠷ ᠲᠠᠯᠪᠢᠨ ᠥᠭᠬᠦ ᠡᠴᠡ ᠥᠭᠡᠷ᠎ᠡ ᠠᠷᠭ᠎ᠠ ᠦᠭᠡᠢ ᠳ᠋ᠦ᠍ ᠬᠦᠷᠴᠡᠢ᠃ ᠨᠠᠢ᠍ᠮᠠᠨ ᠪᠣᠯ ᠮᠣᠩᠭᠣᠯ ᠠᠢᠮᠠᠭ ᠤ᠋ᠳ ᠤ᠋ᠨ ᠳᠣᠲᠣᠷ᠎ᠠ ᠠ᠋ᠴᠠ ᠬᠠᠮᠤᠭ ᠤ᠋ᠨ ᠪᠠᠶᠠᠨ ᠬᠦᠴᠦᠷᠬᠡᠭ ᠲᠦ᠍ ᠣᠷᠣᠨ᠎ᠠ᠂ ᠠᠯᠲᠠᠢ ᠶ᠋ᠢᠨ ᠶᠡᠬᠡ ᠠᠭᠤᠯᠠᠨ ᠤ᠋ ᠡᠮᠦᠨ᠎ᠡ ᠪᠡᠶ᠎ᠡ ᠪᠡᠷ ᠨᠤᠲᠤᠭᠯᠠᠬᠤ ᠨᠠᠢ᠍ᠮᠠᠨ ᠨᠤᠭᠤᠳ ᠪᠠᠷᠠᠭᠤᠨ ᠵᠦᠭ ᠦ᠋ᠨ ᠥᠭᠡᠷ᠎ᠡ ᠬᠡᠯᠡ ᠱᠠᠰᠢᠨᠲᠠᠨ ᠲᠠᠢ ᠬᠣᠷᠽᠸᠮ᠂ ᠬᠢᠪᠴᠠᠭ᠂ ᠤᠢᠭᠤᠷ᠂ ᠲᠠᠩᠭᠤᠳ᠂ ᠬᠠᠷ᠎ᠠ ᠬᠢᠳᠠᠨ᠂ ᠬᠠᠷᠯᠠᠭ᠋  ᠤᠯᠤᠰ ᠤ᠋ᠳ ᠲᠠᠢ ᠬᠢᠯᠢ ᠵᠠᠯᠭᠠᠨ ᠣᠯᠠᠨ ᠵᠢᠯ ᠢ᠋ᠶ᠋ᠡᠷ ᠬᠤᠳᠠᠯᠳᠤᠭ᠎ᠠ ᠠᠷᠠᠯᠵᠢᠶ᠎ᠠ ᠬᠢᠭᠰᠡᠨ ᠲᠤᠯᠠ ᠶᠡᠬᠡᠳᠡ ᠪᠡᠶᠡᠵᠢᠵᠡᠢ᠃ ᠲᠡᠢᠮᠦ ᠪᠣᠯᠬᠣᠷ  ᠬᠠᠰᠠᠷ ᠰᠡᠳᠬᠢᠯ ᠳᠦᠭᠦᠷᠡᠩ ᠪᠠᠶᠠᠷᠲᠠᠢ ᠪᠠᠷ ᠴᠡᠷᠢᠭ ᠢ᠋ᠶ᠋ᠡᠨ ᠵᠠᠰᠠᠬᠤ ᠠᠵᠢᠯ ᠳ᠋ᠤ᠌ ᠣᠷᠣᠭᠰᠠᠨ ᠪᠢᠯᠡ᠃ ᠲᠡᠭᠦᠨ ᠦ᠌ ᠬᠠᠮᠤᠭ ᠤ᠋ᠨ ᠠᠩᠬ᠎ᠠ ᠬᠢᠭᠰᠡᠨ ᠨᠢ ᠮᠣᠷᠢᠳ ᠤ᠋ᠨ ᠵᠢᠰᠦ ᠢᠵᠢᠯᠢᠰᠢᠭᠦᠯᠬᠦ ᠰᠢᠢᠳ ᠪᠠᠢᠪᠠ᠃ ᠭᠤᠷᠪᠠᠨ ᠵᠠᠮ ᠳ᠋ᠤ᠌ ᠬᠤᠪᠢᠶᠠᠭᠳᠠᠭᠰᠠᠨ ᠬᠠᠰᠠᠷ ᠤ᠋ᠨ ᠴᠡᠷᠢᠭ ᠴᠠᠭᠠᠨ᠂ ᠰᠢᠷᠭ᠎ᠠ᠂ ᠪᠠᠷᠠᠭᠠᠨ ᠵᠢᠰᠦᠮ ᠦ᠋ᠨ ᠥᠩᠭᠡ ᠢᠵᠢᠯᠢᠰᠢᠭᠰᠡᠨ ᠮᠣᠷᠢᠳ ᠲᠠᠢ ᠪᠣᠯᠤᠭᠰᠠᠨ ᠨᠢ ᠠᠩᠬ᠎ᠠ ᠤᠳᠠᠭ᠎ᠠ ᠶ᠋ᠢᠨ ᠬᠢ ᠪᠥᠭᠡᠳ ᠲᠡᠮᠦᠵᠢᠨ ᠡᠭᠦᠨ ᠢ᠋ ᠶᠡᠬᠡᠳᠡ ᠰᠠᠢᠰᠢᠶᠠᠵᠤ᠂ ᠡᠭᠦᠨ ᠡᠴᠡ ᠬᠣᠢᠰᠢ ᠮᠣᠩᠭᠣᠯ ᠤ᠋ᠨ ᠴᠡᠷᠢᠭ ᠲᠦ᠍ ᠪᠠᠲᠤ ᠮᠥᠷᠳᠡᠬᠦ ᠪᠣᠯᠭᠠᠵᠠᠢ᠃ 
       ᠲᠡᠮᠦᠵᠢᠨ ᠳ᠋ᠦ᠍ ᠳᠡᠢᠯᠳᠡᠭᠰᠡᠨ ᠵᠠᠮᠤᠬ᠎ᠠ ᠪᠣᠯᠤᠭᠠᠳ ᠪᠤᠰᠤᠳ ᠣᠪᠣᠭ ᠠᠢᠮᠠᠭ ᠤ᠋ᠨ ᠦᠯᠡᠳᠡᠭᠳᠡᠯ ᠢ᠋ ᠨᠠᠢ᠍ᠮᠠᠨ ᠠᠢᠮᠠᠭ ᠢᠪᠡᠭᠡᠯ ᠳ᠋ᠡᠭᠡᠨ ᠠᠪᠤᠭᠰᠠᠨ ᠨᠢ ᠢᠩᠭᠢᠵᠦ ᠴᠡᠷᠢᠭᠯᠡᠨ ᠬᠥᠳᠡᠯᠬᠦ ᠰᠢᠯᠲᠠᠭ ᠢ᠋ ᠡᠭᠦᠰᠬᠡᠪᠡ᠃ ᠨᠠᠢ᠍ᠮᠠᠨ ᠤ᠋ ᠬᠥᠭᠰᠢᠨ ᠬᠠᠭᠠᠨ ᠪᠣᠢᠷᠣᠭ᠋ ᠬᠡᠳᠦᠢ ᠪᠡᠷ ᠡᠷᠬᠡ ᠮᠠᠲᠠᠯ ᠢ᠋ᠶ᠋ᠠᠨ ᠬᠦᠦ ᠳᠠᠶᠠᠨ ᠳ᠋ᠠᠭᠠᠨ ᠠᠯᠳᠠᠭᠠᠳ ᠪᠠᠢᠭᠰᠠᠨ ᠴᠤ᠌ ᠲᠡᠮᠦᠵᠢᠨ ᠢ᠋ ᠳᠠᠷᠤᠬᠤ ᠪᠠᠷ ᠴᠡᠷᠢᠭ ᠢ᠋ᠶ᠋ᠡᠨ ᠪᠡᠯᠡᠳᠬᠡᠵᠦ ᠡᠬᠢᠯᠡᠭᠰᠡᠨ ᠢ᠋ ᠲᠠᠩᠨᠠᠭᠤᠯ ᠤ᠋ᠳ ᠢᠯᠡᠳᠬᠡᠵᠡᠢ᠃ 
       ᠭᠡᠷ ᠦ᠋ᠨ ᠢ᠋ᠶ᠋ᠡᠨ ᠪᠠᠷ᠎ᠠ ᠶ᠋ᠢ ᠬᠠᠷᠠᠨ ᠬᠠᠷᠠᠲᠠᠯ᠎ᠠ ᠪᠠᠨ ᠮᠣᠷᠢᠨ ᠤ᠋ ᠶᠠᠪᠤᠳᠠᠯ ᠳᠤᠮᠳᠠ ᠡᠨᠡ ᠮᠡᠲᠦ ᠬᠠᠭᠤᠴᠢᠨ ᠤ᠋ ᠪᠣᠳᠣᠯ ᠳ᠋ᠤ᠌ ᠡᠭᠡᠷᠡᠭᠳᠡᠨ ᠶᠠᠪᠤᠭᠰᠠᠨ ᠬᠠᠰᠠᠷ ᠨᠣᠬᠠᠳ ᠤ᠋ᠨ ᠴᠢᠮᠡᠭᠡ ᠪᠡᠷ ᠲᠣᠯᠣᠭᠠᠢ ᠡᠷᠭᠦᠪᠡ᠃ ᠲᠡᠭᠦᠨ ᠦ᠌ ᠬᠦᠷᠢᠶ᠎ᠡ ᠥᠨᠳᠥᠷ ᠬᠠᠨ ᠤ᠋ ᠥᠪᠥᠷ ᠲᠤ ᠠᠩᠬ᠎ᠠ  ᠬᠣᠸᠠᠷᠵᠢᠨ ᠲᠠᠢ ᠬᠤᠷᠢᠮᠯᠠᠭᠰᠠᠨ ᠲᠡᠷᠡ ᠭᠠᠵᠠᠷ ᠲᠤ ᠨᠠᠮᠤᠷᠵᠢᠵᠤ ᠪᠠᠢᠭ᠎ᠠ ᠨᠢ ᠨᠢᠳᠦᠨ ᠳ᠋ᠦ᠍ ᠢᠯᠡ ᠲᠤᠰᠬᠤ ᠳ᠋ᠤ᠌ ᠰᠡᠳᠬᠢᠯ ᠬᠥᠳᠡᠯᠦᠨ ᠮᠣᠷᠢ ᠪᠠᠨ ᠳᠠᠪᠢᠷᠠᠪᠠ᠃ ᠡᠵᠡᠨ ᠦ᠌ ᠪᠡᠨ ᠠᠶ᠎ᠠ ᠪᠠᠷ ᠢ᠋ᠶ᠋ᠠᠨ ᠶᠥᠷᠭᠡᠭᠦᠯᠵᠦ ᠶᠠᠪᠤᠭᠰᠠᠨ ᠮᠣᠷᠢ ᠴᠣᠴᠢᠨ ᠤᠬᠤᠰᠬᠢᠵᠦ᠂ ᠲᠡᠭᠦᠨ ᠢ᠋ ᠳᠠᠭᠠᠨ ᠪᠠᠭ ᠴᠡᠷᠢᠭ ᠨᠢ ᠲᠣᠭᠣᠰᠣ ᠮᠠᠨᠠᠷᠠᠭᠤᠯᠤᠨ ᠳᠠᠪᠬᠢᠯ᠎ᠠ᠃ ᠬᠦᠷᠢᠶᠡᠨ ᠦ᠌ ᠳᠣᠲᠣᠷ᠎ᠠ ᠠ᠋ᠴᠠ ᠮᠥᠨ ᠠᠷᠪᠠᠭᠠᠳ ᠮᠣᠷᠢᠲᠠᠨ ᠡᠷᠡᠰ ᠤᠭᠲᠤᠨ ᠳᠠᠪᠬᠢᠬᠤ ᠨᠢ  ᠦᠵᠡᠭᠳᠡᠪᠡ᠃ ᠶᠡᠬᠡ ᠦᠷᠭᠦᠭᠡᠨ ᠦ᠌ ᠬᠢᠨᠢ ᠡᠭᠦᠳᠡᠨ ᠳ᠋ᠦ᠍ ᠤᠷᠭ᠎ᠠ ᠶ᠋ᠢᠨ ᠴᠠᠭᠠᠨ ᠰᠡᠭᠦᠯᠲᠦ ᠵᠠᠯᠭᠠᠰᠤᠳᠠᠢ ᠬᠡᠪ ᠢ᠋ᠶ᠋ᠡᠷ᠃ ᠬᠠᠷᠢᠨ ᠪᠦᠬᠦ  ᠭᠡᠷ ᠦ᠋ᠳ ᠴᠠᠭᠠᠨ ᠪᠦᠷᠢᠶᠡᠰᠦᠲᠡᠢ ᠤᠯᠠᠭᠠᠨ ᠲᠣᠷᠭᠠᠨ ᠬᠠᠵᠢᠯᠭᠠᠳᠠᠢ ᠪᠣᠯᠤᠭᠰᠠᠨ ᠨᠢ ᠨᠢᠳᠦ ᠪᠤᠯᠢᠶᠠᠨ᠎ᠠ᠃ ᠬᠦᠷᠢᠶᠡᠨ ᠦ᠌ ᠭᠠᠳᠠᠭᠤᠷ ᠶᠡᠬᠡ ᠬᠠᠰᠢᠶ᠎ᠠ ᠪᠣᠰᠬᠠᠭᠰᠠᠨ ᠨᠢ ᠬᠢᠲᠠᠳ ᠭᠠᠵᠠᠷ ᠤ᠋ᠨ ᠵᠢᠵᠢᠭ ᠪᠠᠯᠭᠠᠰᠤ ᠶ᠋ᠢ ᠰᠠᠨᠠᠭᠳᠠᠭᠤᠯᠤᠨ᠎ᠠ᠃ ᠬᠦᠷᠢᠶᠡᠨ ᠳᠣᠲᠣᠷ᠎ᠠ ᠶᠡᠬᠡ ᠯᠡ ᠴᠡᠪᠡᠷ ᠴᠡᠮᠴᠡᠭᠡᠷ ᠪᠥᠭᠡᠳ ᠬᠠᠷᠢᠨ ᠬᠠᠰᠢᠶᠠᠨ ᠤ᠋ ᠭᠠᠳᠠᠭᠤᠷ ᠮᠠᠯ ᠪᠡᠯᠴᠢᠵᠡᠢ᠃ ᠬᠠᠰᠠᠷ ᠭᠡᠷ ᠡᠴᠡ ᠭᠠᠷᠤᠭᠰᠠᠨ ᠠ᠋ᠴᠠ ᠬᠣᠢᠰᠢ ᠬᠣᠶᠠᠷ ᠵᠢᠯ ᠪᠣᠯᠤᠭᠠᠳ ᠡᠷᠭᠢᠨ ᠢᠷᠡᠵᠦ ᠪᠣᠢ ᠨᠢ ᠡᠨᠡ᠃ ᠬᠦᠷᠢᠶᠡᠨ ᠦ᠌ ᠭᠠᠳᠠᠨ᠎ᠠ ᠶᠡᠬᠡ ᠬᠠᠲᠤᠨ ᠪᠣᠷᠣᠭᠴᠢᠨ᠂ ᠲᠦᠮᠦᠭᠡᠢ ᠬᠠᠲᠤᠨ ᠪᠤᠰᠤᠳ ᠲᠠᠲᠠᠪᠤᠷᠢ ᠡᠮᠡᠰ ᠦ᠋ᠨ ᠬᠠᠮᠲᠤ ᠠᠪᠠᠯᠢ ᠡᠷ᠎ᠡ ᠪᠡᠨ ᠤᠭᠲᠤᠨ ᠠᠪᠤᠯ᠎ᠠ᠃ ᠬᠠᠷᠢᠨ ᠤᠭᠲᠤᠭᠰᠠᠳ ᠤ᠋ᠨ ᠳᠤᠮᠳᠠ ᠰᠡᠳᠬᠢᠯ ᠦ᠋ᠨ ᠬᠦᠰᠡᠯᠡᠩ ᠪᠣᠯᠤᠭᠰᠠᠨ ᠬᠣᠸᠡᠷᠵᠢᠨ ᠨᠢ ᠦᠵᠡᠭᠳᠡᠭᠰᠡᠨ ᠦᠭᠡᠢ᠃ ᠠᠯᠲᠠᠨ ᠤᠯᠤᠰ ᠲᠤ᠌ ᠳᠠᠢᠳᠤᠭᠰᠠᠨ ᠬᠣᠶᠠᠷ ᠵᠢᠯ ᠳ᠋ᠦ᠍ ᠲᠡᠷᠡ ᠬᠣᠸᠡᠷᠵᠢᠨ ᠬᠠᠲᠤᠨ ᠢ᠋ᠶ᠋ᠠᠨ ᠬᠡᠴᠢᠨᠡᠨ ᠶᠡᠬᠡ ᠦᠭᠡᠢᠯᠡᠨ ᠰᠠᠨᠠᠭᠰᠠᠨ ᠢ᠋ᠶ᠋ᠠᠨ ᠰᠠᠶᠢ ᠮᠡᠳᠡᠪᠡ᠃ ᠬᠠᠰᠠᠷ ᠣᠯᠠᠨ ᠦᠭᠡ ᠦᠭᠡᠢ ᠪᠠᠭᠤᠵᠤ ᠶᠣᠰᠣ ᠶ᠋ᠢ ᠳᠠᠭᠠᠵᠤ ᠪᠣᠷᠣᠭᠴᠢᠨ ᠤ᠋ ᠭᠡᠷ ᠲᠦ᠍ ᠣᠷᠣᠪᠠ᠃ ᠳᠥᠴᠢ ᠨᠡᠯᠢᠶᠡᠨ ᠭᠠᠷᠴᠤ ᠲᠠᠷᠭᠤᠯᠠᠭᠰᠠᠨ ᠪᠣᠷᠣᠭᠴᠢᠨ ᠪᠣᠯ ᠠᠩᠬᠠᠨ ᠤ᠋ ᠬᠢᠨᠢ ᠠᠪᠠᠯᠢ ᠡᠮ᠎ᠡ᠂ ᠶᠡᠬᠦ᠂ ᠶᠢᠰᠦᠭᠡᠢ᠂ ᠳᠤᠬᠤ ᠭᠤᠷᠪᠠᠨ ᠬᠥᠪᠡᠭᠦᠨ ᠦ᠌ ᠬᠢᠨᠢ ᠡᠬᠡ ᠲᠤᠯᠠ ᠶᠠᠭᠠᠬᠢᠬᠤ ᠠᠷᠭ᠎ᠠ ᠦᠭᠡᠢ ᠬᠦᠨᠳᠦᠲᠡᠢ ᠬᠠᠲᠤᠨ ᠨᠢ ᠶᠦᠮ᠃ ᠤᠳᠠᠭᠠᠬᠢ ᠡᠬᠡᠨᠡᠷ ᠲᠦᠮᠤᠬᠡᠢ ᠴᠦ᠍ ᠲᠡᠭᠦᠨ ᠡᠴᠡ ᠶᠠᠭᠤ ᠪᠠᠷ ᠢ᠋ᠶ᠋ᠠᠨ ᠳᠤᠲᠠᠬᠤ ᠪᠣᠢ ᠭᠡᠬᠦ ᠰᠢᠭ ᠨᠠᠰᠤ ᠵᠠᠯᠠᠭᠤ ᠵᠢᠰᠦ ᠲᠤᠩᠭᠠᠯᠠᠭ ᠢ᠋ᠶ᠋ᠠᠨ ᠭᠠᠢᠬᠠᠭᠤᠯᠤᠨ ᠬᠥᠩᠭᠡᠨ ᠨᠢᠮᠭᠡᠨ ᠬᠤᠪᠴᠠᠰᠤ ᠲᠠᠢ ᠣᠷᠣᠵᠤ ᠭᠠᠷᠴᠤ ᠤᠭ ᠤ᠋ᠨ ᠤᠷᠢᠨ ᠢᠨᠠᠭ ᠲᠥᠷᠬᠦ ᠪᠡᠷ ᠢ᠋ᠶ᠋ᠡᠨ ᠳᠠᠯᠠᠯᠤᠨ᠎ᠠ᠃ ᠬᠠᠷᠢᠨ ᠬᠠᠮᠤᠭ ᠤ᠋ᠨ ᠦᠵᠡᠰᠬᠦᠯᠡᠩᠲᠡᠢ ᠬᠠᠢᠷᠠᠯᠠᠵᠤ ᠪᠠᠢᠭ᠎ᠠ᠂ ᠦᠵᠡᠨ ᠶᠠᠳᠠᠵᠤ ᠪᠠᠢᠭ᠎ᠠ ᠶ᠋ᠢ ᠨᠢ ᠣᠳᠣ ᠪᠣᠯᠲᠠᠯ᠎ᠠ ᠳᠠᠭᠠᠵᠤ ᠮᠡᠳᠡᠵᠦ ᠴᠢᠳᠠᠭ᠎ᠠ ᠦᠭᠡᠢ ᠬᠣᠸᠡᠷᠵᠢᠨ ᠯᠡ ᠤᠭᠲᠤᠵᠤ ᠠᠪᠤᠭᠰᠠᠨ ᠦᠭᠡᠢ᠂ ᠣᠷᠣᠵᠤ ᠴᠤ᠌ ᠢᠷᠡᠭᠰᠡᠨ ᠦᠭᠡᠢ᠃ ᠡᠬᠡᠨᠡᠷ ᠦ᠋ᠳ ᠨᠢ ᠴᠦ᠍ ᠲᠡᠭᠦᠨ ᠦ᠌ ᠲᠤᠬᠠᠢ ᠦᠭᠡ ᠴᠤᠬᠤᠢᠯᠭᠠᠭᠰᠠᠨ ᠦᠭᠡᠢ ᠳ᠋ᠦ᠍ ᠬᠠᠰᠠᠷ ᠭᠠᠢᠬᠠᠵᠤ ᠰᠠᠭᠤᠭᠰᠠᠨ ᠢ᠋ᠶ᠋ᠠᠨ ᠲᠡᠰᠬᠡᠯ ᠦᠭᠡᠢ 
       一 ᠬᠣᠸᠡᠷᠵᠢᠨ ᠶᠠᠭᠤᠨ ᠳ᠋ᠤ᠌ ᠡᠰᠡ ᠦᠵᠡᠭᠳᠡᠨ᠎ᠡ? ᠭᠡᠵᠦ ᠠᠰᠠᠭᠤᠵᠠᠢ᠃  
       一 ᠲᠠᠨ ᠢ᠋ ᠠᠯᠲᠠᠨ ᠤᠯᠤᠰ ᠠ᠋ᠴᠠ ᠠᠷᠪᠠᠨ ᠰᠢᠪᠡᠭᠴᠢᠨ ᠡᠮ᠎ᠡ ᠢᠷᠡᠭᠦᠯᠦᠭᠰᠡᠨ ᠡᠴᠡ ᠬᠣᠢᠰᠢ ᠬᠣᠸᠡᠷᠵᠢᠨ ᠤ ᠰᠡᠳᠬᠢᠯ ᠬᠢᠮᠤᠷᠠᠵᠤ ᠣᠳᠣ ᠭᠡᠷ ᠲᠡᠭᠡᠨ ᠬᠡᠪᠲᠡᠵᠦ ᠪᠣᠢ᠃ ᠶᠠᠭᠤ ᠪᠣᠯᠤᠭᠰᠠᠨ ᠢ᠋ ᠲᠠ ᠣᠴᠢᠭᠠᠳ ᠦᠵᠡᠬᠦ ᠪᠢᠵᠡ ᠭᠡᠵᠦ ᠪᠣᠷᠣᠭᠴᠢᠨ ᠪᠢᠲᠡᠭᠦᠦ ᠬᠠᠲᠠᠭᠤ ᠦᠭᠡ ᠬᠡᠯᠡᠭᠡᠳ ᠳᠠᠬᠢᠨ ᠳᠤᠤᠭᠠᠷᠤᠭᠰᠠᠨ ᠦᠭᠡᠢ᠃ ᠬᠠᠰᠠᠷ ᠤ᠋ᠨ ᠭᠬᠢᠷ ᠲᠣᠭᠣᠰᠣ ᠶ᠋ᠢ ᠤᠬᠢᠶᠠᠬᠤ ᠭᠡᠵᠦ ᠲᠣᠮᠣ ᠮᠣᠳᠣᠨ ᠰᠠᠭᠤᠯᠭᠠᠨ ᠳ᠋ᠤ᠌ ᠬᠠᠯᠠᠭᠠᠭᠰᠠᠨ ᠤᠰᠤ ᠬᠢᠵᠦ ᠬᠥᠰᠢᠭᠡ ᠲᠠᠲᠠᠬᠤ ᠪᠥᠯᠥᠭᠡ᠃ ᠬᠠᠰᠠᠷ ᠪᠣᠰᠪᠠ᠃  
       一 ᠲᠠ ᠬᠣᠸᠡᠷᠵᠢᠨ ᠳ᠋ᠦ᠍ ᠣᠴᠢᠬᠤ ᠭᠡᠵᠦ ᠪᠠᠢᠭ᠎ᠠ ᠪᠣᠯ ᠮᠠᠷᠭᠠᠰᠢ ᠪᠣᠯᠤᠨ᠎ᠠ ᠤᠤ? ᠪᠢ ᠶᠡᠬᠡ ᠡᠬᠡᠨᠡᠷ ᠲᠠᠨᠢ ᠪᠠᠢᠨ᠎ᠠ᠃ ᠬᠣᠸᠡᠷᠵᠢᠨ ᠤ ᠪᠡᠶ᠎ᠡ ᠴᠢᠯᠡᠭᠡᠷᠬᠡᠦ ᠪᠣᠯᠬᠣᠷ ᠲᠠᠨ ᠤ᠋ ᠬᠦᠰᠡᠭᠰᠡᠨ ᠢ᠋ᠶ᠋ᠡᠷ ᠪᠣᠯᠬᠤ ᠦᠭᠡᠢ ᠪᠢᠵᠡ᠃ ᠪᠢ ᠴᠦ᠍ ᠪᠠᠰᠠ ᠡᠮ᠎ᠡ ᠬᠥᠮᠦᠨ ᠭᠡᠳᠡᠭ ᠢ᠋ ᠲᠠ ᠮᠠᠷᠲᠠᠪᠠ ᠤᠤ? ᠠᠯᠢ ᠡᠰᠡᠪᠡᠯ ᠬᠥᠭᠰᠢᠨ ᠭᠡᠵᠦ ᠭᠣᠯᠣᠨ᠎ᠠ ᠤᠤ? ᠭᠡᠵᠦ ᠪᠣᠷᠣᠭᠴᠢᠨ ᠠᠭᠠᠯᠢ ᠥᠬᠡᠢᠳᠡᠪᠡ᠃ ᠨᠡᠭᠡᠷᠡᠨ ᠴᠦ᠍ ᠪᠣᠷᠣᠭᠴᠢᠨ ᠨᠢᠴᠦᠭᠦᠨ ᠪᠡᠶ᠎ᠡ ᠳᠡᠭᠡᠷ᠎ᠡ ᠪᠡᠨ ᠨᠢᠮᠭᠡᠨ ᠲᠣᠷᠭᠠᠨ ᠳᠡᠪᠡᠯ ᠬᠡᠲᠦᠷᠦᠭᠰᠡᠨ ᠢ᠋ ᠬᠠᠰᠠᠷ ᠰᠠᠶᠢ ᠯᠠ ᠨᠢᠭᠡ ᠠᠩᠵᠠᠭᠠᠷᠠᠵᠤ ᠲᠡᠭᠦᠨ ᠦ᠌ ᠰᠡᠷᠡᠭᠡᠷ ᠬᠥᠬᠥ᠂ ᠪᠦᠳᠦᠭᠦᠨ ᠭᠤᠶ᠎ᠠ ᠶ᠋ᠢ ᠬᠠᠷᠠᠮᠠᠭᠴᠠ ᠳᠤᠷ᠎ᠠ ᠬᠦᠰᠡᠯ ᠨᠢ ᠪᠠᠳᠠᠷᠠᠵᠠᠢ᠃ ᠬᠠᠰᠠᠷ ᠲᠤ᠌ ᠶᠡᠬᠡ ᠭᠡᠷ ᠡᠴᠡ ᠵᠢᠭᠤᠲᠠᠬᠤ ᠬᠦᠰᠡᠯ ᠲᠥᠷᠥᠭᠰᠡᠨ ᠦᠭᠡᠢ᠃ ᠠᠶᠠᠨ ᠲᠡᠢᠨ ᠳ᠋ᠦ᠍ ᠶᠠᠪᠤᠬᠤ᠂ ᠢᠷᠡᠬᠦ ᠪᠦᠷᠢ ᠳ᠋ᠡᠭᠡᠨ ᠶᠡᠬᠡ ᠭᠡᠷ ᠲᠡᠭᠡᠨ ᠬᠣᠨᠣᠵᠤ ᠳᠠᠰᠤᠭᠰᠠᠨ ᠶᠣᠰᠣ ᠪᠠᠨ ᠣᠳᠣ ᠴᠤ᠌ ᠳᠠᠭᠠᠬᠤ ᠪᠠᠷ ᠰᠢᠢᠳᠪᠡ᠃ ᠮᠠᠷᠭᠠᠰᠢ ᠨᠢ ᠲᠦᠮᠤᠬᠡᠢ ᠡᠬᠡᠨᠡᠷ ᠦ᠋ᠨ ᠳ᠋ᠡᠭᠡᠨ ᠬᠣᠨᠣᠨ᠎ᠠ᠃ ᠲᠡᠭᠡᠵᠦ ᠪᠠᠢᠵᠤ ᠬᠣᠸᠡᠷᠵᠢᠨ ᠲᠡᠢ ᠠᠭᠤᠯᠵᠠᠬᠤ ᠠᠵᠢ᠃ 
       ᠠᠩᠬᠢᠯᠤᠭᠤᠨ ᠦᠨᠦᠷ ᠲᠡᠢ ᠤᠰᠤᠨ ᠳ᠋ᠤ᠌ ᠪᠤᠯᠬᠠᠵᠤ ᠤᠬᠢᠶᠠᠵᠤ ᠠᠪᠤᠭᠠᠳ ᠬᠠᠰᠠᠷ ᠬᠢᠲᠠᠳ ᠭᠠᠵᠠᠷ ᠤ᠋ᠨ ᠵᠥᠭᠡᠯᠡᠨ ᠲᠣᠷᠭᠠᠨ ᠳᠡᠪᠢᠰᠬᠡᠷ ᠳᠡᠭᠡᠷ᠎ᠡ ᠪᠣᠷᠣᠭᠴᠢᠨ ᠤ᠋ ᠬᠠᠯᠠᠭᠤᠨ ᠢᠨᠠᠭ ᠲᠠᠴᠢᠶᠠᠯ ᠳ᠋ᠤ᠌ ᠠᠪᠲᠠᠨ ᠬᠦᠯᠪᠤᠷᠢᠪᠠ᠃ ᠤᠳᠠᠭᠠᠨ ᠶᠠᠪᠤᠭᠠᠳ ᠢᠷᠡᠬᠦ ᠪᠦᠷᠢ ᠪᠣᠷᠣᠭᠴᠢᠨ ᠢᠩᠭᠢᠵᠦ ᠢᠨᠠᠭᠯᠠᠨ ᠲᠠᠴᠢᠶᠠᠳᠠᠳᠠᠭ ᠪᠢᠯᠡ᠃ ᠲᠡᠷᠡ ᠶᠡᠷᠦ ᠬᠥᠭᠰᠢᠷᠡᠵᠦ᠂ ᠪᠡᠶ᠎ᠡ ᠰᠡᠳᠬᠢᠯ ᠬᠦᠷᠦᠭᠡ ᠦᠭᠡᠢ ᠪᠡᠨ ᠪᠠᠲᠤᠯᠠᠬᠤ ᠭᠡᠰᠡᠨ ᠮᠡᠲᠦ ᠠᠭᠠᠰᠢᠯᠠᠨ᠎ᠠ᠃ ᠬᠠᠷᠢᠨ ᠲᠥᠮᠥᠬᠡᠢ ᠪᠦᠰᠡᠭᠦᠢ ᠡᠷ᠎ᠡ ᠨᠢ ᠥᠨᠥᠳᠥᠷ ᠲᠡᠭᠦᠨ ᠳ᠋ᠦ᠍ ᠣᠯᠳᠠᠬᠤ ᠦᠭᠡᠢ ᠶ᠋ᠢ ᠨᠢᠭᠡᠨᠲᠡ ᠮᠡᠳᠡᠭᠡᠳ ᠭᠡᠷ ᠲᠡᠭᠡᠨ ᠬᠠᠷᠢᠪᠠ᠃ ᠲᠡᠭᠦᠨ ᠳ᠋ᠦ᠍ ᠪᠠᠰᠠ ᠳᠠᠬᠢᠨ ᠨᠢᠭᠡ ᠤᠷᠲᠤ ᠰᠥᠨᠢ ᠶ᠋ᠢ ᠥᠩᠭᠡᠷᠡᠭᠡᠬᠦ ᠦᠯᠡᠳᠡᠵᠡᠢ᠃ ᠲᠥᠮᠥᠬᠡᠢ ᠪᠣᠯ ᠬᠡᠷᠡᠢᠳ ᠦ᠋ᠨ ᠲᠤᠭᠤᠷᠢᠯ ᠬᠠᠨ ᠤ᠋ ᠳᠡᠭᠦᠦ ᠵᠠᠭᠤᠷ ᠴᠠᠭᠠᠨ ᠤ᠋ ᠥᠬᠢᠨ ᠪᠢᠯᠡ᠃ ᠲᠤᠭᠤᠷᠢᠯ ᠬᠡᠷᠡᠢᠳ ᠠᠢᠮᠠᠭ ᠤ᠋ᠨ ᠬᠠᠨ ᠪᠣᠯᠤᠭᠠᠳ ᠵᠠᠭᠤᠷ ᠴᠠᠭᠠᠨ ᠳᠡᠭᠦᠦ ᠪᠡᠨ ᠬᠥᠨᠥᠭᠡᠵᠦ ᠡᠮᠡᠰ ᠥᠬᠢᠳ ᠢ᠋ ᠨᠢ ᠠᠪᠴᠠᠢ᠃ ᠬᠠᠷᠢᠨ ᠲᠥᠮᠥᠬᠡᠢ ᠶ᠋ᠢ ᠬᠣᠯᠠ ᠳᠠᠯᠳᠠ ᠰᠠᠨᠠᠭᠠᠨ ᠤ᠋ ᠡᠭᠦᠳᠡᠨ ᠡᠴᠡ ᠬᠠᠰᠠᠷ ᠲᠤ ᠵᠣᠯ ᠦᠭᠡᠢᠳᠡᠨ ᠥᠭᠭᠦᠭᠰᠡᠨ ᠪᠥᠭᠡᠳ ᠬᠠᠰᠠᠷ ᠴᠤ᠌ ᠨᠡᠷᠡᠲᠡᠢ ᠠᠢᠮᠠᠭ ᠤ᠋ᠨ ᠬᠠᠨ ᠲᠠᠢ ᠤᠷᠤᠭ ᠪᠠᠷᠢᠯᠳᠤᠬᠤ ᠨᠢ ᠰᠠᠢᠨ ᠬᠡᠷᠡᠭ ᠭᠡᠵᠦ ᠦᠵᠡᠭᠡᠳ ᠲᠣᠭᠣᠷᠢᠯ ᠳ᠋ᠤ᠌ ᠲᠠᠯᠠᠷᠬᠠᠭᠰᠠᠨ ᠪᠢᠯᠡ᠃ ᠬᠠᠷᠢᠨ ᠲᠦᠮᠥᠬᠡᠢ ᠶᠡᠬᠡ ᠡᠷᠬᠡ ᠲᠠᠩᠬᠢ ᠥᠰᠦᠭᠰᠡᠨ᠂ ᠪᠠᠰᠠ ᠰᠡᠳᠬᠢᠯ ᠬᠥᠩᠭᠡᠨ᠂ ᠲᠠᠴᠢᠶᠠᠯ ᠶᠡᠬᠡᠲᠡᠢ ᠲᠤᠯᠠ ᠡᠷ᠎ᠡ ᠨᠥᠬᠥᠷ ᠦ᠋ᠨ ᠡᠵᠡᠭᠦᠢ ᠳ᠋ᠦ᠍ ᠴᠢᠷᠠᠢ ᠵᠢᠰᠦ ᠴᠡᠪᠡᠷ ᠲᠣᠷᠭᠠᠨ ᠴᠡᠷᠢᠭ᠂ ᠬᠤᠳᠠᠯᠳᠤᠭᠠᠴᠢᠨ ᠲᠠᠢ ᠬᠣᠷᠮᠣᠢ ᠬᠣᠲᠠ ᠣᠷᠢᠶᠠᠴᠠᠯᠳᠤᠬᠤ ᠡᠨᠡᠦᠬᠡᠨ ᠳ᠋ᠦ᠍ ᠲᠤᠯᠠ ᠪᠣᠷᠣᠭᠴᠢᠨ ᠲᠡᠭᠦᠨ ᠢ᠋ ᠬᠠᠮᠢᠭᠠᠰᠢ ᠨᠢ ᠴᠦ᠍ ᠬᠥᠳᠡᠯᠭᠡᠬᠦ ᠦᠭᠡᠢ ᠴᠠᠭᠳᠠᠳᠠᠭ ᠪᠠᠢᠯ᠎ᠠ᠃ ᠬᠠᠰᠠᠷ ᠤ᠋ᠨ ᠪᠤᠰᠤᠳ ᠬᠣᠶᠠᠷ ᠡᠬᠡᠨᠡᠷ ᠢ᠋ ᠪᠣᠷᠣᠭᠴᠢᠨ ᠶᠠᠭ ᠯᠠ ᠥᠪᠡᠷ ᠦ᠋ᠨ ᠥᠬᠢᠳ ᠰᠢᠭ ᠤᠳᠤᠷᠢᠳᠳᠠᠭ ᠨᠢ ᠬᠠᠰᠠᠷ ᠲᠤ ᠲᠠᠭᠠᠯᠠᠮᠵᠢᠲᠠᠢ ᠪᠠᠢᠪᠠ᠃ ᠲᠡᠭᠦᠨ ᠳ᠋ᠦ᠍ ᠲᠡᠢᠨ ᠳᠣᠯᠣᠭᠠᠨ ᠤ᠋ ᠣᠯᠵᠠ ᠠ᠋ᠴᠠ ᠰᠢᠯᠢᠭᠳᠡᠭᠰᠡᠨ᠂ ᠪᠡᠯᠡᠭ ᠲᠦ᠍ ᠢᠷᠡᠭᠰᠡᠨ ᠭᠤᠴᠢ ᠭᠠᠷᠤᠢ ᠲᠠᠲᠠᠪᠤᠷᠢ ᠡᠮᠡᠰ ᠪᠠᠢᠳᠠᠭ ᠢ᠋ ᠪᠠᠰᠠ ᠯᠠ ᠪᠣᠷᠣᠭᠴᠢᠨ ᠶᠠᠭᠰᠢᠲᠠᠯ᠎ᠠ ᠤᠳᠤᠷᠢᠳᠤᠨ ᠥᠭᠡᠷ᠎ᠡ ᠥᠭᠡᠷ᠎ᠡ ᠬᠡᠯᠡ ᠤᠰᠤᠲᠠᠢ ᠲᠡᠳᠡᠨ ᠦ᠌ ᠬᠢᠬᠦ ᠠᠵᠢᠯ᠂ ᠢᠳᠡᠬᠦ ᠬᠣᠭᠣᠯᠠ ᠶ᠋ᠢ ᠬᠤᠪᠢᠶᠠᠷᠢᠯᠠᠵᠤ ᠭᠡᠷ ᠦ᠋ᠨ ᠡᠯᠳᠡᠪ ᠤᠢᠯᠠᠨ ᠳ᠋ᠤ᠌ ᠰᠤᠷᠭᠠᠵᠤ ᠬᠥᠮᠦᠵᠢᠭᠦᠯᠬᠦ ᠠᠵᠢ᠃ ᠠᠯᠲᠠᠨ ᠤᠯᠤᠰ ᠠ᠋ᠴᠠ ᠬᠠᠰᠠᠷ ᠤ᠋ᠨ ᠰᠢᠯᠢᠵᠦ ᠢᠷᠡᠭᠦᠯᠦᠭᠰᠡᠨ ᠠᠷᠪᠠᠨ ᠰᠠᠢᠬᠠᠨ ᠥᠬᠢᠳ ᠢ᠋ ᠲᠡᠷᠡ ᠦᠨᠢᠶ᠎ᠡ ᠰᠠᠭᠠᠬᠤ᠂ ᠭᠡᠷ ᠣᠷᠣᠨ ᠴᠡᠪᠡᠷᠯᠡᠬᠦ ᠠᠵᠢᠯ ᠳ᠋ᠤ᠌ ᠰᠤᠷᠭᠠᠭᠠᠳ ᠵᠤᠭᠠᠲᠠᠢ ᠰᠠᠢᠬᠠᠨ ᠪᠠᠢᠭ᠎ᠠ ᠪᠢᠯᠡ᠃ ᠬᠡᠳᠦᠢ ᠪᠣᠷᠣᠭᠴᠢᠨ ᠰᠢᠭ᠋ ᠡᠷᠬᠡ ᠮᠠᠲᠠᠯ ᠪᠦᠬᠦᠢ ᠡᠮ᠎ᠡ ᠬᠠᠰᠠᠷ ᠤ᠋ᠨ ᠬᠦᠷᠢᠶᠡᠨ ᠳ᠋ᠦ᠍ ᠦᠭᠡᠢ ᠴᠦ᠍ ᠲᠠᠲᠠᠪᠤᠷᠢ ᠡᠮ᠎ᠡ ᠡᠴᠡ ᠬᠡᠵᠢᠶ᠎ᠡ ᠬᠡᠨ ᠢ᠋ ᠨᠢ ᠡᠳ᠋ᠯᠡᠬᠦ ᠨᠢ ᠬᠠᠰᠠᠷ ᠤ᠋ᠨ ᠳᠤᠷ᠎ᠠ ᠶᠤᠮ᠃ ᠬᠠᠰᠠᠷ ᠤ᠋ᠨ ᠰᠣᠩᠭᠣᠭᠰᠠᠨ ᠲᠠᠲᠠᠪᠤᠷᠢ ᠡᠮ᠎ᠡ ᠶ᠋ᠢ ᠤᠬᠢᠶᠠᠵᠤ ᠠᠷᠢᠭᠤᠳᠬᠠᠨ ᠪᠡᠶ᠎ᠡ ᠶ᠋ᠢ ᠨᠢ ᠪᠡᠯᠡᠳᠦᠭᠦᠯᠵᠦ ᠶᠡᠬᠡ ᠭᠡᠷ ᠲᠦ᠍ ᠣᠷᠣᠨ ᠳ᠋ᠤ᠌ ᠣᠷᠣᠭᠤᠯᠵᠤ ᠥᠭᠭᠦᠭᠡᠳ ᠥᠪᠡᠷ ᠢ᠋ᠶ᠋ᠡᠨ ᠪᠠᠭ᠎ᠠ ᠦᠷᠭᠦᠭᠡᠨ ᠳ᠋ᠡᠭᠡᠨ ᠤᠨᠲᠠᠬᠤ ᠨᠢ ᠪᠣᠷᠣᠭᠴᠢᠨ ᠤ᠋ ᠬᠤᠪᠢ ᠳ᠋ᠤ᠌ ᠵᠢᠷ ᠦ᠋ᠨ ᠯᠡ ᠡᠭᠦᠷᠭᠡ ᠪᠠᠢᠪᠠ᠃ ᠢᠩᠭᠢᠪᠡ ᠭᠡᠳ ᠠᠭᠤᠷᠯᠠᠵᠤ ᠭᠣᠮᠣᠳᠠᠭᠰᠠᠨ ᠤᠳᠠᠭ᠎ᠠ ᠲᠡᠭᠦᠨ ᠳ᠋ᠦ᠍ ᠦᠭᠡᠢ᠃ ᠭᠡᠪᠡᠴᠦ ᠲᠠᠲᠠᠪᠤᠷᠢ ᠡᠮᠡᠰ ᠬᠡᠵᠢᠶ᠎ᠡ ᠴᠦ᠍ ᠶᠣᠰᠣᠯᠠᠵᠤ ᠠᠪᠤᠭᠰᠠᠨ ᠡᠬᠡᠨᠡᠷ ᠰᠢᠭ ᠬᠥᠷᠥᠩᠭᠡ ᠮᠡᠳᠡᠵᠦ ᠬᠡᠦᠬᠡᠳ ᠲᠥᠷᠥᠭᠦᠯᠳᠡᠭ ᠦᠭᠡᠢ ᠪᠢᠯᠡ᠃ ᠬᠡᠦᠬᠡᠳ ᠭᠠᠷᠪᠠᠯ ᠬᠥᠮᠦᠨ ᠳ᠋ᠦ᠍ ᠥᠭᠴᠦ ᠣᠷᠬᠢᠨ᠎ᠠ᠃ ᠪᠠᠰᠠ ᠲᠡᠳᠡᠨ ᠡᠴᠡ ᠴᠡᠷᠢᠭ᠂ ᠠᠯᠪᠠᠲᠤ ᠳ᠋ᠠᠭᠠᠨ ᠱᠠᠩ ᠪᠣᠯᠭᠠᠨ ᠥᠭᠬᠦ ᠶᠦᠮ ᠤᠤ᠂ ᠭᠠᠳᠠᠭᠰᠢ ᠵᠠᠷᠤᠵᠤ ᠬᠤᠳᠠᠯᠳᠤᠨ᠎ᠠ᠃ ᠡᠢᠮᠦ ᠲᠠᠪᠤᠨ ᠪᠦᠰᠡᠭᠦᠢ ᠪᠡᠷ ᠬᠠᠰᠠᠷ ᠢ᠋ ᠢᠷᠡᠬᠦ ᠡᠴᠡ ᠡᠮᠦᠨ᠎ᠡ ᠪᠣᠷᠣᠭᠴᠢᠨ ᠨᠢᠭᠡᠨ ᠬᠥᠩᠭᠡᠨ ᠰᠡᠦᠬᠡ ᠲᠡᠷᠭᠡ ᠠᠷᠠᠯᠵᠢᠵᠤ ᠠᠪᠤᠭᠰᠠᠨ ᠪᠢᠯᠡ᠃ ᠲᠡᠷᠡ ᠲᠠᠪᠤᠨ ᠪᠦᠰᠡᠭᠦᠢ ᠨᠢ ᠪᠦᠭᠦᠳᠡ ᠵᠦᠷᠴᠢᠳ ᠴᠢᠰᠤᠨ ᠤ᠋ ᠬᠢ ᠪᠠᠢᠯ᠎ᠠ᠃ ᠡᠨᠡ ᠮᠡᠲᠦ ᠭᠡᠷ ᠣᠷᠣᠨ ᠤ᠋ ᠶᠠᠪᠤᠳᠠᠯ ᠢ᠋ ᠪᠣᠷᠣᠭᠴᠢᠨ ᠲᠠᠴᠢᠶᠠᠯ ᠬᠠᠨᠤᠭᠰᠠᠨ ᠬᠣᠢᠨ᠎ᠠ ᠡᠷ᠎ᠡ ᠳ᠋ᠡᠭᠡᠨ ᠬᠦᠪᠦᠷᠡᠭᠦᠯᠦᠨ ᠬᠦᠦᠷᠨᠢᠵᠦ ᠬᠡᠪᠲᠡᠪᠡ᠃ ᠡᠷ᠎ᠡ ᠨᠢ ᠲᠡᠢᠨ ᠳ᠋ᠦ᠍ ᠶᠠᠪᠤᠵᠤ ᠣᠯᠵᠠ ᠣᠮᠣᠭ ᠶᠡᠬᠡ ᠣᠯᠬᠤ ᠨᠢ ᠠᠷᠤ ᠳ᠋ᠤ᠌ ᠦᠯᠡᠳᠡᠭᠰᠡᠨ ᠡᠮᠡᠰ ᠦ᠋ᠨ ᠬᠦᠰᠡᠯ ᠵᠢᠷᠭᠠᠯ ᠠᠭᠠᠳ ᠠᠯᠲᠠᠨ ᠤᠯᠤᠰ ᠠ᠋ᠴᠠ ᠢᠷᠡᠬᠦ ᠣᠯᠵᠠ ᠠᠷᠪᠢᠨ᠂ ᠦᠵᠡᠮᠵᠢ ᠲᠠᠩᠰᠤᠭ ᠲᠤᠯᠠ ᠪᠦᠭᠦᠳᠡ ᠯᠡ ᠰᠡᠳᠬᠢᠯ ᠬᠠᠩᠬᠤᠯᠣᠭᠣᠨ ᠪᠠᠢᠬᠤ ᠪᠣᠯᠵᠠᠢ᠃ 
       ᠮᠣᠩᠭᠣᠯ ᠴᠡᠷᠢᠭ ᠠᠯᠲᠠᠨ ᠤᠯᠤᠰ ᠢ᠋ ᠳᠠᠢᠯᠠᠷ᠎ᠠ ᠶᠠᠪᠤᠭᠰᠠᠨ ᠠ᠋ᠴᠠ ᠬᠣᠢᠰᠢ ᠬᠠᠰᠠᠷ ᠤ᠋ᠨ ᠬᠦᠷᠢᠶᠡᠨ ᠦ᠌ ᠥᠬᠢᠳ ᠬᠡᠦᠬᠡᠳ ᠱ᠌ᠢᠷᠦ ᠰᠤᠪᠤᠳ ᠢ᠋ᠶ᠋ᠠᠷ ᠲᠣᠭᠯᠠᠵᠤ᠂ ᠣᠷᠣᠨ ᠭᠡᠷ ᠢ᠋ᠶ᠋ᠡᠨ ᠬᠡᠪᠢᠰ ᠲᠣᠷᠭ᠎ᠠ ᠪᠠᠷ ᠪᠦᠷᠢᠵᠦ᠂ ᠠᠴᠢᠶ᠎ᠠ ᠪᠠᠷᠠᠭ᠎ᠠ ᠪᠠᠨ ᠬᠦᠷᠲᠡᠯ᠎ᠡ ᠪᠦᠬᠦᠢ ᠶ᠋ᠢ ᠨᠢ ᠪᠣᠳᠣᠩ ᠲᠣᠷᠭ᠎ᠠ ᠪᠠᠷ ᠲᠠᠲᠠᠵᠤ᠂ ᠬᠣᠷᠭᠣᠢ ᠲᠣᠷᠭ᠎ᠠ ᠶ᠋ᠢ ᠡᠭᠦᠳᠡᠨ ᠳ᠋ᠡᠭᠡᠨ ᠳᠡᠪᠢᠰᠬᠦ ᠨᠢ ᠬᠣᠯᠠ ᠦᠭᠡᠢ ᠪᠣᠯᠵᠠᠢ᠃ ᠬᠡᠯᠡ ᠠᠮᠠ ᠨᠢ ᠣᠢᠯᠠᠭᠠᠭᠳᠠᠬᠤ ᠦᠭᠡᠢ ᠵᠠᠷᠤᠴᠠ ᠰᠢᠪᠡᠭᠴᠢᠨ ᠲᠡᠢ ᠪᠣᠯᠵᠤ᠂ ᠪᠠᠰᠠ ᠤᠷᠭᠤᠵᠤ ᠵᠢᠭᠤᠲᠠᠭᠰᠠᠨ ᠬᠡᠳᠦᠨ ᠵᠦᠷᠴᠢᠳ᠂ ᠨᠠᠩᠭᠢᠶᠠᠳ ᠪᠣᠭᠣᠯ ᠠᠯᠠᠭᠤᠯᠵᠠᠢ᠃ ᠬᠠᠷᠢᠨ ᠭᠠᠷ ᠤ᠋ᠨ ᠤᠷ᠎ᠠ ᠲᠠᠢ ᠬᠡᠳᠦᠨ ᠪᠣᠭᠣᠯ ᠢ᠋ᠶ᠋ᠠᠷ ᠭᠡᠷ ᠲᠡᠷᠭᠡ ᠬᠢᠯᠭᠡᠵᠦ ᠪᠠᠢᠭ᠎ᠠ ᠠᠵᠢ᠃ ᠪᠣᠷᠣᠭᠴᠢᠨ ᠤ᠋ ᠬᠤᠪᠢ ᠳ᠋ᠤ᠌ ᠭᠡᠷ ᠣᠷᠣᠨ ᠤ᠋ ᠠᠵᠢᠯ ᠢ᠋ ᠮᠠᠭᠤ ᠡᠷ᠎ᠡ ᠡᠴᠡ ᠳᠤᠲᠠᠬᠤ ᠦᠭᠡᠢ ᠵᠣᠬᠢᠶᠠᠨ ᠪᠠᠢᠭᠤᠯᠬᠤ ᠨᠢ ᠠᠯᠢ ᠡᠷᠲᠡᠨ ᠦ᠌ ᠬᠢ ᠲᠤᠯᠠ ᠬᠠᠰᠠᠷ ᠶᠠᠭᠠᠬᠢᠬᠤ ᠪᠣᠢ ᠡᠢᠬᠦ ᠪᠣᠢ ᠭᠡᠵᠦ  ᠣᠭᠲᠣ ᠰᠠᠨᠠᠭ᠎ᠠ ᠵᠣᠪᠠᠳᠠᠭ ᠦᠭᠡᠢ ᠪᠠᠢᠪᠠ᠃ ᠬᠠᠷᠠᠬᠤ ᠳ᠋ᠤ᠌ ᠡᠷᠡᠮᠡᠬᠡᠢ ᠭᠦᠵᠢᠷᠮᠡᠭ ᠡᠨᠡ ᠪᠦᠰᠡᠭᠦᠢ ᠡᠷ᠎ᠡ ᠶ᠋ᠢᠨ ᠢ᠋ᠶ᠋ᠡᠨ ᠡᠪᠦᠷ ᠲᠦ᠍ ᠪᠣᠯ ᠬᠡᠨ ᠬᠥᠮᠦᠨ ᠡᠴᠡ ᠴᠦ᠍ ᠢᠯᠡᠭᠦᠦ ᠡᠶᠡᠪᠡᠷ ᠢᠨᠠᠭ᠂ ᠡᠩᠬᠦᠷᠡᠢ ᠢᠯᠳᠠᠮ ᠠᠭᠠᠰᠢᠯᠠᠳᠠᠭ ᠨᠢ ᠭᠠᠢᠬᠠᠯᠲᠠᠢ ᠪᠢᠯᠡ᠃ ᠬᠠᠮᠢᠭ᠎ᠠ ᠠ᠋ᠴᠠ ᠨᠢ ᠡᠢᠮᠦ ᠤᠷᠠᠨ ᠲᠠᠴᠢᠶᠠᠩᠭᠤᠢ ᠠᠭᠠᠰᠢ ᠭᠠᠷᠳᠠᠭ ᠢ᠋ ᠬᠠᠰᠠᠷ ᠭᠠᠢᠬᠠᠵᠤ ᠴᠥᠬᠥᠨ᠎ᠡ᠃ ᠲᠡᠢᠮᠦ ᠴᠦ᠍ ᠤᠴᠢᠷ ᠠ᠋ᠴᠠ ᠡᠳᠦᠢ ᠪᠣᠯᠲᠠᠯ᠎ᠠ ᠪᠣᠷᠣᠭᠴᠢᠨ ᠠ᠋ᠴᠠ ᠤᠢᠳᠴᠤ ᠬᠥᠷᠥᠳᠡᠭ ᠦᠭᠡᠢ᠂ ᠤᠴᠠᠷᠠᠬᠤ ᠪᠦᠷᠢ ᠤᠯᠠᠮ ᠶᠡᠬᠡ ᠲᠠᠭᠠᠰᠢᠶᠠᠯ ᠪᠠᠬᠠᠳᠤᠯ ᠬᠦᠷᠲᠡᠳᠡᠭ ᠠᠵᠢ᠃ 
       ᠡᠨᠡ ᠰᠥᠨᠢ ᠴᠦ᠍ ᠲᠡᠢᠮᠦ ᠯᠡ ᠪᠠᠢᠯ᠎ᠠ᠃ ᠰᠡᠳᠬᠢᠯ᠂ ᠳᠤᠷ᠎ᠠ ᠬᠠᠨᠤᠭᠰᠠᠨ ᠬᠣᠢᠨ᠎ᠠ ᠪᠡᠶ᠎ᠡ ᠲᠠᠯᠪᠢᠷᠠᠵᠤ ᠬᠡᠪᠲᠡᠬᠦ ᠳ᠋ᠡᠭᠡᠨ ᠲᠡᠷᠡ ᠠᠩᠬ᠎ᠠ ᠪᠣᠷᠣᠭᠴᠢᠨ ᠢ᠋ ᠬᠠᠷᠠᠭᠰᠠᠨ ᠢ᠋ᠶ᠋ᠠᠨ ᠳᠤᠷᠠᠰᠤᠨ ᠰᠠᠨᠠᠪᠠ᠃ ᠪᠣᠷᠣᠭ ᠪᠣᠢᠲᠣᠭ ᠬᠤᠪᠴᠠᠰᠤᠯᠠᠭᠰᠠᠨ ᠴᠤ᠌ ᠢᠳᠡᠷ ᠭᠤᠸᠠᠯᠢᠭ ᠪᠡᠶ᠎ᠡ ᠲᠡᠢ᠂ ᠬᠥᠮᠦᠨ ᠬᠥᠮᠦᠨ ᠡᠴᠡ ᠣᠨᠴᠠᠭᠠᠢ ᠲᠣᠮᠣ ᠬᠥᠬᠥ ᠲᠡᠢ᠂ ᠪᠦᠳᠦᠭᠦᠨ ᠭᠤᠶ᠎ᠠ ᠲᠠᠢ ᠪᠣᠷᠣ ᠥᠬᠢᠨ ᠬᠡᠷᠦᠯᠦᠨ ᠦ᠌ ᠡᠷᠭᠢ ᠪᠡᠷ ᠢᠰᠢᠭᠡ ᠬᠤᠷᠠᠭ᠎ᠠ ᠪᠠᠨ ᠬᠠᠷᠢᠭᠤᠯᠵᠤ ᠶᠠᠪᠤᠭᠰᠠᠨ ᠨᠢ ᠪᠣᠷᠣᠭᠴᠢᠨ ᠪᠠᠢᠭᠰᠠᠨ ᠪᠢᠯᠡ᠃ ᠬᠠᠷᠠᠴᠤ ᠶᠠᠳᠠᠭᠤ ᠴᠤ᠌ ᠴᠢᠭᠢᠷᠠᠭ ᠵᠣᠯᠪᠣᠭᠠᠲᠠᠢ᠂ ᠰᠢᠮ᠎ᠡ ᠰᠢᠭᠦᠰᠦ ᠨᠢ ᠨᠡᠪᠲᠡ ᠭᠡᠷᠡᠯᠲᠦᠭᠰᠡᠨ ᠪᠣᠷᠣᠭᠴᠢᠨ ᠢ᠋ ᠬᠠᠰᠠᠷ ᠬᠠᠷᠠᠩᠭᠤᠲᠠ ᠲᠠᠭᠠᠯᠠᠵᠤ ᠡᠷᠢᠶᠡᠯᠡᠵᠦ ᠴᠡᠭᠡᠷᠯᠡᠬᠦ ᠶᠠᠭᠤᠮ᠎ᠠ ᠦᠭᠡᠢ ᠪᠠᠷᠢᠵᠤ ᠠᠪᠴᠠᠢ᠃ ᠭᠡᠲᠡᠯ᠎ᠡ ᠪᠣᠷᠣᠭᠴᠢᠨ ᠪᠤᠰᠤᠳ ᠡᠮᠡᠰ ᠥᠬᠢᠳ ᠰᠢᠭ ᠤᠬᠢᠯᠠᠵᠤ ᠣᠷᠢᠯᠠᠵᠤ ᠤᠷᠠᠵᠤ ᠮᠠᠭᠠᠵᠢᠭᠰᠠᠨ ᠦᠭᠡᠢ᠃ ᠬᠠᠷᠢᠨ ᠴᠤ᠌ ᠬᠦᠰᠡᠯᠡᠩᠲᠦ ᠠᠮᠠᠷᠠᠭ ᠢ᠋ᠶ᠋ᠠᠨ ᠬᠦᠯᠢᠶᠡᠭᠰᠡᠨ ᠮᠡᠲᠦ ᠤᠭᠲᠤᠨ ᠲᠡᠪᠡᠷᠢᠵᠦ ᠤᠷᠤᠭᠤᠯ᠂ ᠪᠡᠶ᠎ᠡ ᠪᠡᠨ ᠨᠠᠢᠷ ᠲᠠᠯᠪᠢᠨ ᠥᠭᠭᠦᠭᠡᠳ ᠤᠷᠢᠳ ᠦᠵᠡᠭᠡ ᠦᠭᠡᠢ ᠶᠡᠬᠡ ᠪᠡᠷ ᠲᠠᠴᠢᠶᠠᠳᠠᠨ ᠬᠥᠳᠡᠯᠦᠭᠰᠡᠨ ᠨᠢ ᠬᠠᠰᠠᠷ ᠢ᠋ ᠨᠢᠭᠡᠮᠦᠰᠦᠨ ᠠᠯᠮᠠᠢᠷᠠᠭᠤᠯᠤᠭᠰᠠᠨ ᠲᠡᠳᠦᠢ ᠦᠭᠡᠢ ᠲᠡᠷᠡ ᠳᠣᠣᠷ᠎ᠠ ᠪᠠᠨ ᠯᠠ ᠤᠷᠠᠭᠳᠠᠨ ᠲᠠᠲᠠᠭᠰᠠᠨ ᠪᠢᠯᠡ᠃ ᠬᠠᠰᠠᠷ ᠡᠭᠦᠨ ᠡᠴᠡ ᠡᠮᠦᠨ᠎ᠡ ᠡᠢᠮᠦ ᠰᠢᠯᠤᠭᠤᠨ ᠵᠠᠩ ᠲᠠᠢ᠂ ᠶᠡᠬᠡ ᠲᠠᠴᠢᠶᠠᠯ ᠲᠠᠢ ᠡᠮ᠎ᠡ ᠶ᠋ᠢ ᠦᠵᠡᠭᠡ ᠦᠭᠡᠢ ᠶᠠᠪᠤᠵᠠᠢ᠃ ᠰᠠᠯᠵᠤ ᠶᠠᠪᠤᠬᠤ ᠳ᠋ᠤᠨᠢ  
       — ᠬᠠᠰᠠᠷ ᠴᠢ ᠬᠡᠵᠢᠶ᠎ᠡ ᠳᠠᠬᠢᠨ ᠢᠷᠡᠬᠦ ᠤᠤ? ᠭᠡᠵᠦ ᠠᠰᠠᠭᠤᠬᠤ ᠳ᠋ᠤ᠌ 
       — ᠮᠠᠷᠭᠠᠰᠢ ᠭᠡᠵᠦ ᠬᠠᠰᠠᠷ ᠢᠲᠡᠭᠡᠯᠲᠡᠢ ᠬᠡᠯᠡᠭᠰᠡᠨ ᠶᠦᠮ᠃ ᠬᠠᠰᠠᠷ ᠦᠨᠡᠬᠡᠷ ᠬᠤᠳᠠᠯ ᠬᠡᠯᠡᠭᠰᠡᠨ ᠦᠭᠡᠢ᠃ ᠬᠠᠷᠢᠨ ᠮᠠᠷᠭᠠᠰᠢ ᠨᠢ ᠢᠷᠡᠬᠦ ᠳ᠋ᠡᠭᠡᠨ《ᠡᠵᠢ ᠳ᠋ᠡᠭᠡᠨ ᠴᠢᠮᠠᠶ᠋ᠢ ᠠᠪᠠᠴᠢᠵᠤ ᠦᠵᠡᠭᠦᠯᠦᠨ᠎ᠡ》 ᠭᠡᠰᠡᠨ ᠳ᠋ᠦ᠍ ᠪᠣᠷᠣᠭᠴᠢᠨ ᠴᠤ᠌ ᠳᠠᠭᠤ ᠦᠭᠡᠢ ᠲᠣᠯᠣᠭᠠᠢ ᠳᠣᠬᠢᠵᠠᠢ᠃ ᠬᠠᠷᠠᠴᠤ ᠭᠠᠷᠤᠯ ᠲᠠᠢ ᠴᠤ᠌ ᠨᠡᠷ᠎ᠡ ᠪᠦᠲᠦᠨ᠂ ᠠᠵᠢᠯᠰᠠᠭ ᠬᠢᠴᠢᠶᠡᠩᠭᠦᠢ᠂ ᠣᠯᠠᠨ ᠠᠭᠠᠰᠢ ᠵᠠᠩ ᠦᠭᠡᠢ ᠪᠣᠷᠣᠭᠴᠢᠨ ᠥᠬᠢᠨ ᠥᠭᠡᠯᠦᠨ ᠳ᠋ᠦ᠍ ᠶᠡᠬᠡ ᠲᠠᠭᠠᠯᠠᠭᠳᠠᠵᠠᠢ᠃ ᠡᠨᠡ ᠥᠬᠢᠨ ᠬᠠᠰᠠᠷ ᠬᠥᠪᠡᠭᠦᠨ ᠦ᠌ ᠬᠢᠨᠢ ᠵᠠᠶᠠᠭᠠᠨ ᠤ᠋ ᠬᠠᠨᠢ ᠭᠡᠳᠡᠭ ᠢ᠋ ᠥᠭᠡᠯᠦᠨ᠂ ᠡᠬᠡ ᠬᠥᠮᠦᠨ ᠦ᠌ ᠵᠦᠩ ᠰᠣᠪᠢᠩ ᠢ᠋ᠶ᠋ᠠᠷ ᠢ᠋ᠶ᠋ᠠᠨ ᠮᠡᠳᠡᠭᠰᠡᠨ ᠪᠢᠯᠡ᠃ ᠬᠡᠷᠡᠢᠳ ᠦ᠋ᠨ ᠲᠤᠭᠤᠷᠢᠯ ᠬᠠᠨ ᠳ᠋ᠤ᠌ ᠣᠯᠵᠠᠯᠠᠭᠳᠠᠨ ᠰᠠᠭᠤᠬᠤ ᠳ᠋ᠤ᠌ ᠡᠨᠡ ᠪᠣᠷᠣᠭᠴᠢᠨ ᠡᠬᠡᠨᠡᠷ ᠦ᠋ᠨ ᠬᠢᠨᠢ ᠬᠠᠲᠠᠭᠤ ᠵᠣᠷᠢᠭ ᠬᠠᠰᠠᠷ ᠢ᠋ ᠠᠪᠤᠷᠠᠭᠰᠠᠨ ᠶᠤᠮ᠃ ᠲᠡᠷᠡ ᠶᠠᠪᠤᠳᠠᠯ ᠢ᠋ ᠬᠠᠰᠠᠷ ᠶᠠᠭᠠᠬᠢᠨ ᠮᠠᠷᠲᠠᠵᠤ ᠪᠣᠯᠬᠤ ᠪᠣᠢ? ᠲᠡᠭᠡᠬᠦ ᠳ᠋ᠦ᠍ ᠭᠠᠭᠴᠠ ᠬᠠᠰᠠᠷ ᠤ᠋ᠨ ᠴᠤ᠌ ᠪᠢᠰᠢ᠂ ᠲᠡᠮᠦᠵᠢᠨ ᠦ᠌ ᠴᠦ᠍ ᠠᠮᠢ ᠨᠠᠰᠤ ᠬᠢᠲᠤᠭᠠᠨ ᠤ᠋ ᠢᠷ ᠦ᠋ᠨ ᠳᠡᠭᠡᠷ᠎ᠡ ᠪᠠᠢᠯ᠎ᠠ᠃ ᠵᠠᠮᠤᠬ᠎ᠠ᠂ ᠰᠡᠩᠭᠦᠮ ᠨᠠᠷ ᠲᠣᠭᠣᠷᠢᠯ ᠬᠠᠨ ᠢ᠋ ᠢᠳᠬᠠᠨ ᠮᠤᠩᠬᠠᠷᠠᠭᠤᠯᠵᠤ᠂ ᠲᠡᠳᠡ ᠲᠡᠮᠦᠵᠢᠨ ᠢ᠋ ᠰᠠᠮ ᠳᠣᠪᠲᠣᠯᠤᠨ ᠪᠠᠷᠢᠬᠤ ᠪᠠᠷ ᠰᠢᠢᠳᠦᠭᠡᠳ ᠪᠡᠯᠡᠳᠬᠡᠵᠦ ᠪᠠᠢᠭ᠎ᠠ ᠲᠤᠬᠠᠢ ᠲᠣᠭᠣᠷᠢᠯ ᠤ᠋ᠨ ᠠᠭᠳᠠᠴᠢ ᠪᠠᠳᠠᠢ ᠬᠢᠰᠢᠯᠡᠭ ᠬᠣᠶᠠᠷ ᠰᠥᠨᠢ ᠳᠦᠯᠢ ᠬᠡᠯᠡ ᠮᠡᠳᠡᠭᠡ ᠬᠦᠷᠭᠡᠵᠦ ᠢᠷᠡᠬᠦ ᠳ᠋ᠦ᠍ ᠲᠡᠮᠦᠵᠢᠨ ᠲᠡᠷᠡ ᠰᠥᠨᠢ ᠳ᠋ᠡᠭᠡᠨ ᠭᠡᠷ ᠪᠠᠷᠠᠭ᠎ᠠ ᠪᠠᠨ ᠣᠷᠬᠢᠨ ᠵᠢᠭᠤᠲᠠᠭᠰᠠᠨ ᠢ᠋ᠶ᠋ᠠᠷ ᠭᠠᠷᠴᠠᠭ᠎ᠠ ᠦᠭᠡᠢ ᠦᠬᠦᠯ ᠡᠴᠡ ᠠᠪᠤᠷᠠᠭᠳᠠᠵᠤ᠂ ᠬᠠᠷᠢᠨ ᠭᠡᠨᠡ ᠦᠭᠡᠢ ᠪᠠᠢᠭᠰᠠᠨ ᠬᠠᠰᠠᠷ ᠤ᠋ᠨ ᠬᠦᠷᠢᠶ᠎ᠡ ᠶ᠋ᠢ ᠬᠡᠷᠡᠢᠳ ᠦ᠋ᠨ ᠴᠡᠷᠢᠭ ᠮᠠᠷᠭᠠᠰᠢ ᠨᠢ ᠡᠵᠡᠯᠡᠨ ᠠᠪᠴᠠᠢ᠃ ᠡᠨᠡ ᠦᠶ᠎ᠡ ᠳ᠋ᠦ᠍ ᠬᠠᠰᠠᠷ ᠲᠡᠮᠦᠵᠢᠨ ᠦ᠌ ᠬᠢ ᠡᠴᠡ ᠥᠷᠲᠡᠭᠡ ᠢᠯᠡᠭᠦᠦ ᠬᠣᠯᠠ ᠵᠤᠰᠠᠵᠤ ᠪᠠᠢᠯ᠎ᠠ᠃ ᠬᠠᠰᠠᠷ ᠥᠪᠡᠷ ᠦ᠋ᠨ ᠳᠡᠷᠭᠡᠳᠡ ᠵᠠᠭᠤ ᠴᠤ᠌ ᠬᠦᠷᠬᠦ ᠦᠭᠡᠢ ᠴᠡᠷᠢᠭ ᠲᠡᠢ᠂ ᠲᠡᠭᠡᠭᠡᠳ ᠴᠦ᠍ ᠲᠣᠭᠣᠷᠢᠯ ᠢ᠋ ᠲᠠᠭᠠᠷᠢᠨ᠎ᠠ ᠭᠡᠵᠦ ᠰᠠᠨᠠᠭ᠎ᠠ ᠦᠭᠡᠢ ᠪᠠᠢᠭᠰᠠᠨ ᠲᠤᠯᠠ ᠭᠠᠷ ᠢ᠋ᠶ᠋ᠠᠨ ᠴᠤ᠌ ᠬᠥᠳᠡᠯᠭᠡᠵᠦ ᠴᠢᠳᠠᠭᠰᠠᠨ ᠦᠭᠡᠢ ᠪᠠᠷᠢᠭᠳᠠᠪᠠ᠃ ᠲᠣᠭᠣᠷᠢᠯ ᠬᠠᠨ ᠲᠡᠮᠦᠵᠢᠨ ᠲᠡᠢ ᠡᠴᠢᠭᠡ ᠬᠦᠦ ᠪᠣᠯᠤᠯᠴᠠᠭᠰᠠᠨ ᠲᠤᠯᠠ ᠡᠢᠨ ᠲᠠᠭᠠᠷᠢᠨ᠎ᠠ ᠭᠡᠵᠦ ᠬᠡᠨ ᠴᠦ᠍ ᠰᠠᠨᠠᠭᠰᠠᠨ ᠦᠭᠡᠢ ᠪᠢᠯᠡ᠃ ᠲᠤᠭᠤᠷᠢᠯ ᠬᠠᠰᠠᠷ ᠲᠤ᠌ ᠪᠣᠯᠤᠭᠠᠳ ᠡᠮ᠎ᠡ ᠬᠥᠪᠡᠭᠦᠳ ᠲᠤᠨᠢ ᠭᠠᠷ ᠬᠦᠷᠦᠭᠡ ᠦᠭᠡᠢ ᠴᠦ᠍ ᠲᠡᠭᠦᠨ ᠦ᠌ ᠡᠳ᠋ ᠬᠥᠷᠥᠩᠭᠡ᠂ ᠴᠡᠷᠢᠭ ᠠᠭᠲᠠ ᠶ᠋ᠢ ᠬᠣᠷᠢᠶᠠᠨ ᠠᠪᠤᠪᠠ᠃ ᠬᠠᠰᠠᠷ ᠤ᠋ᠨ ᠡᠬᠡᠨᠡᠷ ᠲᠥᠮᠦᠭᠡᠢ ᠲᠣᠭᠣᠷᠢᠯ ᠤ᠋ᠨ ᠤᠷᠤᠭ ᠤ᠋ᠨ ᠬᠥᠮᠦᠨ ᠲᠤᠯᠠ ᠲᠡᠷᠡ ᠡᠷᠬᠡᠪᠰᠢ ᠨᠡᠷ᠎ᠡ ᠨᠢᠭᠤᠷ ᠢ᠋ᠶ᠋ᠠᠨ ᠪᠣᠳᠣᠭᠰᠠᠨ ᠬᠡᠷᠡᠭ ᠪᠢᠵᠡ᠃  
       一 ᠬᠠᠰᠠᠷ᠂ ᠪᠢ ᠴᠢᠮᠠᠲᠤ ᠮᠠᠭᠤ ᠶᠠᠭᠤᠮ᠎ᠠ ᠬᠢᠬᠦ ᠦᠭᠡᠢ᠃ ᠴᠢ ᠪᠣᠯ ᠮᠢᠨᠦ ᠬᠦᠷᠭᠡᠨ ᠰᠢᠦ᠃ ᠴᠢ ᠨᠠᠳᠠᠳᠤ ᠵᠢᠳᠬᠦ ᠭᠡᠵᠦ ᠲᠤᠯᠭᠠᠵᠠᠢ᠃ ᠡᠰᠡᠷᠭᠦᠴᠡᠬᠦ ᠶᠦᠮ ᠤᠤ᠂ ᠡᠭᠳᠡᠭᠦᠴᠡᠪᠡᠯ ᠠᠮᠢ ᠪᠠᠨ ᠠᠯᠳᠠᠬᠤ ᠲᠤᠯᠠ ᠬᠠᠰᠠᠷ ᠲᠣᠭᠣᠷᠢᠯ ᠬᠠᠨ ᠤ᠋ ᠦᠭᠡ ᠶ᠋ᠢ ᠥᠩᠭᠡᠨ ᠳᠡᠭᠡᠷ᠎ᠡ ᠪᠡᠨ ᠵᠥᠪᠰᠢᠶᠡᠷᠡᠵᠦ᠂ ᠲᠡᠭᠦᠨ ᠢ᠋ ᠳᠠᠭᠠᠵᠤ ᠢᠪᠡᠭᠡᠯ ᠳ᠋ᠦ᠍ᠨᠢ ᠪᠠᠭᠲᠠᠨ ᠠᠮᠢᠳᠤᠷᠠᠬᠤ ᠪᠠᠨ ᠪᠠᠲᠤᠯᠠᠪᠠ᠃ ᠡᠭᠦᠨ ᠡᠴᠡ ᠥᠭᠡᠷ᠎ᠡ ᠵᠠᠮ ᠴᠦ᠍ ᠲᠡᠭᠦᠨ ᠳ᠋ᠦ᠍ ᠦᠯᠡᠳᠡᠭᠰᠡᠨ ᠦᠭᠡᠢ᠃ ᠬᠠᠷᠢᠨ ᠵᠠᠮᠤᠬ᠎ᠠ᠂ ᠰᠡᠩᠭᠦᠮ ᠨᠠᠷ ᠲᠡᠮᠦᠵᠢᠨ ᠲᠡᠢ ᠪᠠᠢᠯᠳᠤᠵᠤ ᠳᠠᠢᠯᠠᠨ ᠠᠯᠳᠠᠭᠰᠠᠨ ᠴᠤ᠌ ᠰᠡᠩᠭᠦᠮ ᠰᠢᠷᠬᠠᠲᠤᠵᠤ ᠳᠣᠯᠣᠭᠠᠨ ᠵᠣᠭᠰᠣᠭᠰᠠᠨ ᠢ᠋ ᠳᠠᠯᠢᠮᠳᠠᠭᠤᠯᠤᠨ ᠲᠡᠮᠦᠵᠢᠨ ᠴᠥᠭᠡᠨ ᠨᠥᠬᠥᠳ ᠦ᠋ᠨ ᠬᠠᠮᠲᠤ ᠵᠢᠭᠤᠲᠠᠨ ᠠᠯᠠᠭ᠎ᠠ ᠪᠣᠯᠤᠭᠰᠠᠨ ᠢ᠋ ᠮᠡᠳᠡᠭᠡᠳ ᠬᠠᠰᠠᠷ ᠶᠡᠬᠡ ᠪᠠᠶᠠᠷᠯᠠᠵᠠᠢ᠃ ᠠᠰᠢᠭᠦᠢ ᠵᠠᠮᠤᠬ᠎ᠠ᠂ ᠲᠡᠮᠦᠵᠢᠨ ᠢ᠋ ᠬᠥᠭᠡᠭᠡᠭᠰᠡᠨ ᠦᠭᠡᠢ᠃ ᠳᠠᠷᠤᠢ ᠨᠡᠬᠡᠭᠰᠡᠨ ᠪᠣᠯ ᠲᠣᠭᠣᠷᠢᠯ᠂ ᠵᠠᠮᠤᠬ᠎ᠠ᠂ ᠰᠡᠩᠭᠦᠮ ᠨᠠᠷ ᠤ᠋ᠨ ᠨᠡᠢᠯᠡᠭᠰᠡᠨ ᠴᠡᠷᠢᠭ ᠲᠦ᠍ ᠤᠨᠤᠭ᠎ᠠ ᠮᠣᠷᠢᠨ ᠠ᠋ᠴᠠ ᠥᠭᠡᠷ᠎ᠡ ᠰᠡᠯᠭᠦᠬᠦ ᠠᠭᠲᠠ ᠦᠭᠡᠢ ᠲᠡᠮᠦᠵᠢᠨ ᠱᠣᠩᠬᠣᠷ ᠲᠤ᠌ ᠬᠥᠭᠡᠭᠡᠭᠳᠡᠭᠰᠡᠨ ᠪᠣᠯᠵᠣᠮᠣᠷ ᠰᠢᠭ᠋ ᠯᠡ ᠰᠣᠢᠳᠬᠡᠭᠦᠯᠬᠦ ᠪᠠᠢᠪᠠ᠃ ᠴᠣᠬᠣᠮ ᠲᠩᠷᠢ ᠶ᠋ᠢᠨ ᠠᠪᠤᠷᠠᠯ ᠪᠣᠯᠵᠤ ᠲᠡᠳᠡ ᠲᠡᠮᠦᠵᠢᠨ ᠢ᠋ ᠬᠦᠭᠡᠭᠡᠯ ᠦᠭᠡᠢ ᠰᠡᠩᠭᠦᠮ ᠦ᠋ᠨ ᠰᠢᠷᠬ᠎ᠠ ᠶ᠋ᠢ ᠢᠯᠠᠷᠢᠰᠢᠭᠦᠯᠬᠦ ᠪᠡᠷ ᠪᠣᠯᠵᠤ ᠴᠡᠷᠢᠭ ᠢ᠋ᠶ᠋ᠡᠨ ᠲᠠᠲᠠᠵᠠᠢ᠃ ᠡᠨᠡ ᠦᠶ᠎ᠡ ᠳ᠋ᠦ᠍ ᠲᠡᠮᠦᠵᠢᠨ ᠦ᠌ ᠦᠬᠦᠯ ᠶᠠᠭ ᠠᠷᠤ ᠰᠢᠯᠢᠨ ᠳᠡᠭᠡᠷ᠎ᠡ ᠨᠢ ᠰᠠᠭᠤᠵᠤ ᠪᠠᠢᠭᠰᠠᠨ ᠪᠢᠯᠡ᠃ ᠬᠡᠷᠪᠡ ᠲᠡᠳᠡ ᠲᠡᠮᠦᠵᠢᠨ ᠢ᠋ ᠨᠡᠬᠡᠬᠦ ᠪᠡᠷ ᠬᠥᠳᠡᠯᠬᠦ ᠭᠡᠪᠡᠯ ᠬᠠᠰᠠᠷ ᠥᠪᠡᠷ ᠢ᠋ ᠨᠢ ᠬᠠᠷᠠᠭᠠᠯᠵᠠᠭᠴᠢ ᠴᠡᠷᠢᠭ ᠦ᠋ᠨ ᠵᠡᠪᠰᠡᠭ ᠢ᠋ ᠪᠤᠯᠢᠶᠠᠨ ᠠᠪᠴᠤ ᠣᠢᠷ᠎ᠠ ᠪᠠᠢᠬᠤ ᠲᠣᠭᠣᠷᠢᠯ᠂ ᠵᠠᠮᠤᠬ᠎ᠠ᠂ ᠰᠡᠩᠭᠦᠮ ᠨᠠᠷ ᠢ᠋ ᠰᠢᠭᠤᠳ ᠠᠯᠠᠨ᠎ᠠ ᠭᠡᠵᠦ ᠰᠢᠢᠳᠦᠭᠰᠡᠨ ᠪᠠᠢᠪᠠ᠃ ᠭᠡᠪᠡᠴᠦ ᠠᠵᠠ ᠪᠠᠷ ᠲᠡᠭᠡᠭᠰᠡᠨ ᠦᠭᠡᠢ᠃ ᠲᠣᠭᠣᠷᠢᠯ ᠰᠤᠷᠠᠭ ᠡᠷᠢᠯ ᠲᠠᠯᠪᠢᠭᠰᠠᠨ ᠴᠤ᠌ ᠲᠡᠮᠦᠵᠢᠨ ᠴᠣᠬᠣᠮ ᠭᠠᠵᠠᠷ ᠤ᠋ᠨ ᠭᠠᠪᠠ ᠪᠠᠷ ᠣᠷᠣᠭᠰᠠᠨ ᠮᠡᠲᠦ᠂ ᠭᠠᠯᠠᠭᠤ ᠪᠣᠯᠵᠤ ᠨᠢᠰᠦᠭᠰᠡᠨ ᠮᠡᠲᠦ ᠠᠯᠠᠭ᠎ᠠ ᠪᠣᠯᠵᠠᠢ᠃ ᠲᠤᠭᠤᠷᠢᠯ᠂ ᠬᠠᠰᠠᠷ ᠢ᠋ ᠡᠮᠡᠰ ᠬᠥᠪᠡᠭᠦᠳ ᠦ᠋ᠨ ᠬᠢᠨᠢ ᠬᠠᠮᠲᠤ ᠥᠪᠡᠷ ᠦ᠋ᠨ ᠬᠦᠷᠢᠶᠡᠨ ᠳ᠋ᠦ᠍ ᠬᠠᠷᠠᠭᠠᠯᠵᠠᠨ ᠬᠠᠮᠢᠭᠠᠰᠢ ᠨᠢ ᠴᠦ᠍ ᠬᠥᠳᠡᠯᠭᠡᠬᠦ ᠦᠭᠡᠢ ᠪᠠᠢᠭᠰᠠᠨ ᠪᠣᠯᠪᠠᠴᠤ ᠬᠠᠭᠤᠴᠢᠨ ᠠᠯᠪᠠᠲᠤ᠂ ᠵᠠᠷᠤᠴᠠ ᠰᠢᠪᠡᠭᠴᠢᠳ ᠢ᠋ ᠨᠢ ᠦᠯᠡᠳᠡᠭᠡᠵᠡᠢ᠃ ᠬᠠᠷᠢᠨ ᠪᠦᠭᠦᠳᠡ ᠶ᠋ᠢᠨ ᠬᠢᠨᠢ ᠵᠡᠪᠰᠡᠭ᠂ ᠠᠭᠲᠠ ᠶ᠋ᠢ ᠬᠣᠷᠢᠶᠠᠨ ᠠᠪᠤᠭᠰᠠᠨ ᠢ᠋ᠶ᠋ᠠᠨ ᠪᠤᠴᠠᠭᠠᠵᠤ ᠥᠭᠭᠦᠭᠰᠡᠨ ᠦᠭᠡᠢ᠃ ᠡᠨᠡ ᠨᠢ ᠲᠡᠮᠦᠵᠢᠨ ᠦ᠌ ᠳᠡᠭᠦᠦ ᠬᠠᠰᠠᠷ ᠢ᠋ ᠣᠯᠵᠠᠯᠠᠨ ᠠᠪᠤᠭᠰᠠᠨ ᠢ᠋ᠶ᠋ᠠᠨ ᠪᠦᠭᠦᠳᠡ ᠳ᠋ᠦ᠍ ᠮᠡᠳᠡᠭᠳᠡᠬᠦ᠂ ᠪᠠᠰᠠ ᠬᠠᠰᠠᠷ ᠢ᠋ ᠳᠡᠷᠭᠡᠳᠡ ᠪᠡᠨ ᠪᠠᠢᠯᠭᠠᠭᠰᠠᠨ ᠢ᠋ᠶ᠋ᠠᠷ ᠪᠣᠷᠵᠢᠭᠢᠨ ᠠᠢᠮᠠᠭ ᠤ᠋ᠨ ᠲᠡᠮᠦᠵᠢᠨ ᠡᠴᠡ ᠪᠤᠰᠤᠳ ᠨᠢ ᠬᠡᠷᠡᠢᠳ ᠠᠢᠮᠠᠭ ᠲᠤ᠌ ᠠᠪᠲᠠᠪᠠ ᠭᠡᠵᠦ ᠣᠯᠠᠨ ᠳ᠋ᠤ᠌ ᠬᠠᠷᠠᠭᠤᠯᠬᠤ ᠭᠡᠰᠡᠨ ᠰᠠᠨᠠᠭ᠎ᠠ ᠪᠠᠢᠪᠠ᠃ ᠲᠡᠮᠦᠵᠢᠨ ᠴᠥᠭᠡᠨ ᠨᠥᠬᠥᠳ ᠦ᠋ᠨ ᠬᠠᠮᠲᠤ ᠰᠤᠷᠠᠭ ᠦᠭᠡᠢ ᠠᠯᠠᠭ᠎ᠠ ᠪᠣᠯᠤᠭᠰᠠᠨ ᠨᠢ ᠪᠣᠷᠵᠢᠭᠢᠨ ᠠᠢᠮᠠᠭ ᠤ᠋ᠨ ᠰᠠᠯᠵᠤ ᠰᠠᠷᠨᠢᠭᠰᠠᠨ ᠢᠷᠭᠡᠳ ᠥᠪᠡᠷ ᠦ᠋ᠨ ᠡᠷᠬᠡ ᠦᠭᠡᠢ ᠲᠤᠭᠤᠷᠢᠯ ᠪᠣᠯᠤᠭᠠᠳ ᠵᠠᠮᠤᠬ᠎ᠠ ᠶ᠋ᠢ ᠳᠠᠭᠠᠬᠤ ᠳ᠋ᠤ᠌ ᠬᠦᠷᠭᠡᠪᠡ᠃ ᠡᠨᠡ ᠪᠣᠯ ᠲᠡᠮᠦᠵᠢᠨ ᠳ᠋ᠦ᠍ ᠲᠣᠬᠢᠶᠠᠭᠰᠠᠨ ᠬᠠᠮᠤᠭ ᠤ᠋ᠨ ᠬᠡᠴᠡᠭᠦᠦ ᠦᠶ᠎ᠡ ᠪᠠᠢᠭᠰᠠᠨ ᠶᠤᠮ᠃   
       ᠨᠢᠭᠡ ᠡᠳᠦᠷ ᠰᠡᠩᠭᠦᠮ ᠬᠠᠰᠠᠷ ᠢ᠋ ᠬᠦᠷᠢᠶᠡᠨ ᠳ᠋ᠡᠭᠡᠨ ᠤᠷᠢᠪᠠ᠃ ᠣᠯᠵᠠᠨ ᠤ᠋ ᠬᠥᠮᠦᠨ᠂ ᠦᠭᠡᠢ ᠭᠡᠳ ᠬᠠᠮᠢᠭ᠎ᠠ ᠣᠴᠢᠨ᠎ᠠ᠃ ᠡᠯᠴᠢ ᠶ᠋ᠢ ᠳᠠᠭᠠᠨ ᠰᠡᠩᠭᠦᠮ ᠦ᠋ᠨ ᠳ᠋ᠦ᠍ ᠣᠴᠢᠵᠠᠢ᠃ ᠰᠡᠩᠭᠦᠮ ᠲᠣᠭᠲᠠᠭᠰᠠᠨ ᠲᠣᠳᠣᠷᠬᠠᠢ ᠦᠵᠡᠯᠲᠡ ᠦᠭᠡᠢ᠂ ᠤᠷᠭᠤᠵᠤ ᠪᠤᠯᠲᠠᠭᠰᠠᠨ ᠣᠯᠠᠨ ᠠᠭᠠᠰᠢ ᠲᠠᠢ᠂ ᠲᠠᠪᠲᠤᠷ ᠦᠭᠡᠢ ᠬᠥᠮᠦᠨ ᠭᠡᠳᠡᠭ ᠢ᠋ ᠬᠠᠰᠠᠷ ᠰᠠᠢᠨ ᠮᠡᠳᠡᠬᠦ ᠲᠤᠯᠠ ᠶᠠᠭᠤᠨ ᠤ᠋ ᠤᠴᠢᠷ ᠢᠩᠭᠢᠵᠦ ᠤᠷᠢᠵᠤ ᠵᠠᠯᠠᠭᠰᠠᠨ ᠢ᠋ ᠳᠠᠭᠠᠵᠤ ᠶᠠᠳᠠᠵᠤ ᠶᠠᠪᠤᠯ᠎ᠠ᠃ ᠬᠠᠷᠢᠨ ᠣᠴᠢᠭᠰᠠᠨ ᠬᠣᠢᠨ᠎ᠠ ᠬᠡᠷᠡᠭ ᠦ᠋ᠨ ᠤᠴᠢᠷ ᠲᠠᠢᠯᠤᠭᠳᠠᠭᠰᠠᠨ ᠠᠭᠠᠳ ᠲᠡᠨᠳᠡ ᠵᠠᠮᠤᠬ᠎ᠠ ᠬᠠᠰᠠᠷ ᠢ᠋ ᠬᠦᠯᠢᠶᠡᠵᠦ ᠪᠠᠢᠵᠠᠢ᠃ ᠵᠠᠮᠤᠬ᠎ᠠ ᠬᠤᠨᠳᠠᠭ᠎ᠠ ᠡᠷᠭᠦᠵᠦ ᠬᠣᠭᠣᠯᠠ ᠪᠠᠷ ᠳᠠᠢᠯᠠᠭᠰᠠᠨ ᠤ᠋ ᠬᠣᠢᠨ᠎ᠠ  
       — ᠵᠠ᠂ ᠬᠠᠰᠠᠷ ᠠ᠋᠂ ᠪᠢ ᠴᠢᠮᠠᠲᠤ ᠡᠷᠲᠡ ᠬᠡᠯᠡᠭᠰᠡᠨ ᠨᠢᠭᠡ ᠦᠭᠡ ᠪᠡᠨ ᠰᠠᠨᠠᠭᠤᠯᠬᠤ ᠭᠡᠵᠦ ᠲᠠᠭᠤᠲᠠᠯ᠎ᠠ᠃ ᠪᠥᠷᠲᠡ ᠶ᠋ᠢ ᠪᠤᠯᠢᠶᠠᠨ ᠠᠪᠬᠤ ᠳ᠋ᠤ᠌ ᠴᠡᠷᠢᠭ ᠭᠠᠷᠭᠠᠭᠠᠴᠢ ᠭᠡᠵᠦ ᠲᠤᠭᠤᠷᠢᠯ ᠬᠠᠨ ᠤ᠋ ᠬᠡᠯᠡᠭᠰᠡᠨ ᠦᠭᠡ ᠶ᠋ᠢ ᠨᠠᠳᠠᠳᠤ ᠳᠠᠮᠵᠢᠭᠤᠯᠵᠤ ᠣᠴᠢᠬᠤ ᠳ᠋ᠤ᠌ ᠴᠢᠨᠢ ᠬᠠᠨ ᠬᠠᠢᠷᠬᠠᠨ ᠤ᠋ ᠥᠪᠥᠷ ᠲᠦ᠍ ᠮᠢᠨᠦ ᠬᠡᠯᠡᠭᠰᠡᠨ ᠢ᠋ ᠴᠢ ᠰᠠᠨᠠ᠃ ᠴᠢ ᠪᠣᠯ ᠲᠡᠮᠦᠵᠢᠨ ᠦ᠌ ᠠᠳᠠᠯᠢ ᠶᠢᠰᠦᠭᠡᠢ ᠶ᠋ᠢᠨ ᠬᠥᠪᠡᠭᠦᠨ᠃ ᠪᠢ ᠴᠢᠮᠠᠶ᠋ᠢ ᠬᠦᠰᠡᠪᠡᠯ ᠲᠤᠰᠠᠯᠠᠨ᠎ᠠ ᠭᠡᠰᠡᠨ ᠪᠢᠵᠡ᠃ ᠣᠳᠣ ᠴᠢᠮᠠᠲᠤ ᠲᠡᠢᠮᠦ ᠴᠠᠭ ᠢᠷᠡᠯ᠎ᠡ᠃ ᠲᠡᠮᠦᠵᠢᠨ ᠠᠬ᠎ᠠ ᠴᠢᠨᠢ ᠬᠠᠶᠠᠭ᠎ᠠ ᠪᠠᠨ ᠬᠠᠳᠤᠷᠴᠤ᠂ ᠬᠠᠷᠠᠭᠰᠠᠨ ᠢ᠋ᠶ᠋ᠠᠨ ᠬᠠᠵᠠᠳᠠᠭ ᠬᠥᠮᠦᠨ᠃ ᠮᠣᠩᠭᠣᠯ ᠠᠬ᠎ᠠ ᠳᠡᠭᠦᠦᠰ ᠪᠢᠳᠡᠨ ᠢ᠋ ᠮᠤᠬᠢᠷᠠᠭᠤᠯᠵᠤ᠂ ᠮᠠᠭᠤᠲᠠᠯᠴᠠᠭᠤᠯᠵᠤ ᠪᠠᠢᠨ᠎ᠠ᠃ ᠴᠢᠨᠦ ᠠᠢᠮᠠᠭ ᠢ᠋ ᠴᠢᠮᠠᠲᠤ ᠮᠡᠳᠡᠭᠦᠯᠬᠦ ᠦᠭᠡᠢ ᠡᠳᠦᠢ ᠬᠦᠷᠪᠡ᠃ ᠣᠳᠣ ᠲᠡᠮᠦᠵᠢᠨ ᠬᠠᠮᠢᠭ᠎ᠠ ᠪᠠᠢᠨ᠎ᠠ᠃ ᠰᠡᠭᠦᠳᠡᠷ ᠡᠴᠡ ᠪᠡᠨ ᠰᠦᠷᠳᠡᠵᠦ᠂ ᠰᠡᠭᠦᠯ ᠡᠴᠡ ᠪᠡᠨ ᠦᠷᠭᠦᠵᠦ ᠣᠳᠤᠯ᠎ᠠ᠃ ᠡᠴᠢᠭᠡ ᠶ᠋ᠢᠨ ᠴᠢᠨᠢ ᠵᠣᠪᠠᠵᠤ ᠵᠦᠳᠡᠷᠡᠵᠦ ᠴᠤᠭᠯᠠᠭᠤᠯᠤᠭᠰᠠᠨ ᠠᠢᠮᠠᠭ ᠡᠵᠡᠨ ᠦᠭᠡᠢ ᠲᠠᠷᠠᠵᠤ᠂ ᠡᠷᠭᠢ ᠦᠭᠡᠢ ᠤᠷᠤᠰᠴᠤ ᠪᠠᠢᠨ᠎ᠠ᠃ ᠴᠢ ᠣᠯᠤᠭᠰᠠᠨ ᠲᠣᠭᠠᠯᠠᠭᠰᠠᠨ ᠲᠦᠮᠡᠨ ᠢ᠋ᠶ᠋ᠡᠨ ᠮᠡᠳᠡᠵᠦ ᠠᠪᠤᠭᠲᠤᠨ᠃ ᠪᠢ ᠴᠢᠮᠠᠲᠤ ᠴᠡᠷᠢᠭ ᠥᠭᠭᠦᠶ᠎ᠡ᠃ ᠲᠡᠮᠦᠵᠢᠨ ᠢ᠋ ᠳᠣᠯᠣᠭᠠᠨ ᠠᠭᠤᠯᠠ ᠶ᠋ᠢᠨ ᠴᠠᠭᠠᠨ᠎ᠠ ᠠ᠋ᠴᠠ ᠴᠤ᠌᠂ ᠳᠣᠪᠣ ᠰᠢᠷᠣᠢ ᠶ᠋ᠢᠨ ᠳᠣᠣᠷ᠎ᠠ ᠠ᠋ᠴᠠ ᠴᠤ᠌ ᠪᠠᠢ ᠣᠯᠵᠤ ᠲᠣᠨᠢᠯᠭᠠᠵᠤ ᠦᠵᠡ᠃ ᠲᠡᠭᠡᠭᠡᠳ ᠠᠢᠮᠠᠭ ᠢ᠋ᠶ᠋ᠠᠨ ᠵᠠᠬᠢᠷᠤᠨ ᠰᠠᠭᠤ᠃ ᠬᠡᠨ ᠴᠢᠮᠠᠶ᠋ᠢ ᠬᠣᠷᠢᠨ᠎ᠠ᠃ ᠴᠢ ᠴᠢᠨᠢ ᠶᠢᠰᠦᠭᠡᠢ ᠶ᠋ᠢᠨ ᠬᠥᠪᠡᠭᠦᠨ ᠬᠠᠪᠤᠲᠤ ᠬᠠᠰᠠᠷ ᠪᠢᠰᠢ ᠤᠤ? ᠬᠠᠷᠪᠤᠬᠤ ᠰᠢᠭ᠋ ᠢ᠋ᠶ᠋ᠡᠨ ᠰᠡᠳᠬᠢᠵᠦ ᠦᠵᠡ᠃ ᠲᠡᠮᠦᠵᠢᠨ ᠢ᠋ ᠠᠯᠠᠬᠤ ᠠᠪᠠᠰᠤ ᠴᠢ ᠬᠠᠮᠢᠭ᠎ᠠ ᠴᠤ᠌ ᠬᠦᠷᠬᠦ ᠪᠢᠵᠡ᠃ ᠪᠢ ᠴᠢᠮᠠᠲᠤ ᠬᠠᠪᠰᠤᠷᠤᠨ᠎ᠠ᠃ ᠰᠡᠩᠭᠦᠮ ᠴᠤ᠌ ᠬᠠᠪᠰᠤᠷᠤᠨ᠎ᠠ᠃ ᠴᠢᠨᠣ᠎ᠠ ᠪᠠᠭᠠᠪᠠᠭᠠᠢ ᠬᠣᠶᠠᠷ ᠨᠢᠭᠡ ᠢᠴᠡᠭᠡᠨ ᠳ᠋ᠦ᠍ ᠪᠠᠭᠲᠠᠬᠤ ᠦᠭᠡᠢ ᠶ᠋ᠢᠨ ᠦᠯᠢᠭᠡᠷ ᠲᠡᠮᠦᠵᠢᠨ ᠲᠠ ᠬᠣᠶᠠᠷ ᠲᠤ ᠢᠷᠡᠵᠡᠢ᠃ ᠪᠦᠦ ᠠᠯᠮᠠᠢᠷᠠᠵᠤ ᠠᠬ᠎ᠠ ᠳ᠋ᠠᠭᠠᠨ ᠠᠪᠲᠠᠭᠲᠤᠨ ᠭᠡᠵᠡᠢ᠃ ᠵᠠᠮᠤᠬ᠎ᠠ ᠤᠬᠠᠭᠠᠨᠲᠠᠢ ᠬᠥᠮᠦᠨ ᠲᠤᠯᠠ ᠫᠠᠯᠬᠢᠲᠠᠯ᠎ᠠ ᠬᠡᠯᠡᠭᠰᠡᠨ ᠡᠢᠮᠦ ᠭᠡᠨᠡᠳᠲᠡ ᠶ᠋ᠢᠨ ᠦᠭᠡᠨ ᠳ᠋ᠦ᠍ ᠶᠠᠮᠠᠷ ᠴᠤ᠌ ᠬᠥᠮᠦᠨ ᠴᠣᠴᠢᠷᠳᠠᠨ᠎ᠠ ᠭᠡᠳᠡᠭ ᠢ᠋ ᠰᠠᠢᠨ ᠮᠡᠳᠡᠬᠦ ᠤᠴᠢᠷ ᠲᠡᠷᠡ ᠳᠠᠷᠤᠢ ᠬᠠᠷᠢᠭᠤ ᠨᠡᠬᠡᠵᠦ ᠰᠠᠨᠳᠤᠷᠤᠭᠰᠠᠨ ᠦᠭᠡᠢ᠃ ᠤᠴᠢᠷ ᠨᠢ ᠲᠡᠷᠡ ᠬᠠᠰᠠᠷ ᠤ᠋ᠨ ᠰᠠᠨᠠᠭᠠᠨ ᠤ᠋ ᠮᠤᠬᠤᠷ ᠲᠤ ᠢᠷᠭᠠᠵᠤ ᠪᠠᠢᠭᠰᠠᠨ ᠨᠢᠭᠤᠴᠠ ᠪᠣᠳᠣᠯ ᠢ᠋ ᠶᠠᠪ ᠴᠠᠪ ᠳᠠᠭᠠᠵᠤ ᠬᠡᠯᠡᠭᠰᠡᠨ ᠢ᠋ᠶ᠋ᠡᠨ ᠮᠡᠳᠡᠵᠦ ᠪᠠᠢᠵᠠᠢ᠃ ᠬᠠᠰᠠᠷ ᠠ᠋ᠴᠠ ᠬᠡᠯᠡᠭᠰᠡᠨ ᠳᠠᠷᠤᠢ ᠳ᠋ᠠᠭᠠᠨ ᠨᠡᠬᠡᠪᠡᠯ ᠬᠠᠯᠠᠭᠤᠨ ᠴᠣᠴᠢᠮᠠᠭ ᠵᠠᠩ ᠲᠠᠢ ᠲᠡᠷᠡ ᠪᠡᠷ ᠭᠡᠨᠡᠳᠲᠡ ᠳᠦᠷᠡᠯᠵᠡᠨ ᠪᠣᠰᠤᠭᠠᠳ ᠰᠡᠯᠡᠮ᠎ᠡ ᠵᠢᠳᠠᠨ ᠳ᠋ᠠᠭᠠᠨ ᠬᠦᠷᠴᠦ ᠰᠠᠨᠠᠭᠰᠠᠨ ᠬᠡᠷᠡᠭ ᠬᠠᠮᠢᠭᠠᠰᠢ ᠪᠠᠨ ᠴᠤ᠌ ᠡᠷᠭᠢᠵᠦ ᠮᠡᠳᠡᠬᠦ ᠲᠤᠯᠠ ᠵᠠᠮᠤᠬ᠎ᠠ ᠮᠠᠰᠢ ᠶᠡᠬᠡ ᠠᠶᠤᠵᠤ ᠪᠣᠯᠭᠣᠮᠵᠢᠯᠠᠵᠤ ᠪᠠᠢᠪᠠ᠃ ᠡᠭᠦᠨ ᠢ᠋ ᠪᠡᠨ ᠴᠤ᠌ ᠬᠠᠰᠠᠷ ᠪᠠᠰᠠ ᠰᠠᠢᠨ ᠮᠡᠳᠡᠵᠦ ᠪᠠᠢᠬᠤ ᠲᠤᠯᠠ ᠳᠠᠬᠢᠨ ᠡᠨᠡ ᠮᠡᠲᠦ ᠦᠭᠡ ᠶᠠᠷᠢᠭᠰᠠᠨ ᠦᠭᠡᠢ ᠪᠠᠢᠭᠰᠠᠭᠠᠷ ᠪᠤᠴᠠᠵᠠᠢ᠃ ᠦᠨᠡᠬᠡᠷ ᠵᠠᠮᠤᠬ᠎ᠠ ᠶ᠋ᠢᠨ ᠠᠮᠠᠨ ᠠ᠋ᠴᠠ ᠠᠩᠬ᠎ᠠ ᠭᠠᠷᠤᠭᠰᠠᠨ ᠳᠡᠭᠡᠷᠡᠬᠢ ᠦᠭᠡ ᠶ᠋ᠢ ᠰᠣᠨᠣᠰᠤᠭᠠᠳ ᠬᠠᠰᠠᠷ ᠤ᠋ᠨ ᠴᠢᠷᠠᠢ ᠬᠡᠷᠬᠢᠨ ᠬᠤᠪᠢᠷᠠᠵᠤ ᠨᠢᠳᠤᠷᠭ᠎ᠠ ᠪᠠᠨ ᠵᠠᠩᠭᠢᠳᠤᠭᠰᠠᠨ ᠢ᠋ ᠲᠡᠳᠡ ᠬᠠᠷᠠᠵᠤ ᠪᠠᠢᠯ᠎ᠠ᠃ ᠡᠨᠡ ᠦᠶ᠎ᠡ ᠳ᠋ᠦ᠍ ᠵᠠᠮᠤᠬ᠎ᠠ ᠲᠡᠷᠡ ᠳᠣᠣᠷ᠎ᠠ ᠨᠢ ᠶᠠᠷᠢᠶ᠎ᠠ ᠪᠠᠨ ᠥᠭᠡᠷᠡᠴᠢᠯᠡᠵᠦ ᠴᠢᠳᠠᠭᠰᠠᠨ ᠨᠢ ᠠᠪᠤᠷᠠᠯ ᠪᠣᠯᠵᠠᠢ᠃ ᠬᠠᠷᠢᠨ ᠵᠠᠮ ᠳ᠋ᠠᠭᠠᠨ ᠬᠠᠰᠠᠷ ᠡᠷᠡᠭᠡᠯᠵᠡᠵᠦ ᠡᠬᠢᠯᠡᠪᠡ᠃ ᠵᠠᠮᠤᠬ᠎ᠠ ᠶ᠋ᠢᠨ ᠪᠣᠳᠣᠯ ᠵᠥᠪ ᠶᠦᠮ᠃ ᠪᠣᠷᠵᠢᠭᠢᠨ ᠠᠢᠮᠠᠭ ᠤ᠋ᠨ ᠬᠠᠨ ᠪᠣᠯᠬᠤ ᠪᠦᠷᠢᠨ ᠪᠣᠯᠤᠮᠵᠢ ᠬᠠᠰᠠᠷ ᠲᠤ ᠠᠩᠬ᠎ᠠ ᠤᠳᠠᠭ᠎ᠠ ᠨᠡᠭᠡᠭᠡᠭᠳᠡᠪᠡ᠃  
       ᠲᠡᠮᠦᠵᠢᠨ ᠢ᠋ ᠢᠯᠠᠨ᠎ᠠ ᠭᠡᠪᠡᠯ ᠬᠠᠰᠠᠷ ᠢ᠋ ᠯᠡ ᠲᠡᠭᠦᠨ ᠦ᠌ ᠡᠰᠡᠷᠭᠦ ᠬᠥᠳᠡᠯᠭᠡᠬᠦ ᠬᠡᠷᠡᠭᠲᠡᠢ ᠭᠡᠳᠡᠭ ᠢ᠋ ᠵᠠᠮᠤᠬ᠎ᠠ ᠣᠯᠠᠨ ᠵᠢᠯ ᠦ᠋ᠨ ᠡᠮᠦᠨ᠎ᠡ ᠡᠴᠡ ᠮᠡᠳᠡᠵᠦ ᠠᠭᠠᠵᠢᠮ ᠢ᠋ᠶ᠋ᠠᠷ ᠪᠠᠲᠤᠲᠠᠢ ᠢᠲᠡᠭᠡᠬᠦ ᠪᠣᠯᠤᠭᠰᠠᠨ ᠪᠢᠯᠡ᠃ ᠬᠠᠰᠠᠷ ᠢᠩᠭᠢᠵᠦ ᠥᠪᠡᠷ ᠦ᠋ᠨ ᠬᠦᠰᠡᠯ᠂ ᠵᠠᠮᠤᠬ᠎ᠠ ᠶ᠋ᠢᠨ ᠵᠠᠩᠭ᠎ᠠ ᠬᠣᠶᠠᠷ ᠲᠤ ᠳᠠᠪᠬᠤᠷ ᠤᠨᠠᠪᠠ᠃ ᠣᠳᠣ ᠲᠡᠮᠦᠵᠢᠨ ᠢ᠋ ᠬᠣᠷᠣᠭᠠᠵᠤ ᠬᠠᠨ ᠰᠠᠭᠤᠬᠤ ᠳ᠋ᠤ᠌ ᠬᠡᠨ ᠴᠦ᠍ ᠲᠡᠭᠦᠨ ᠢ᠋ ᠵᠢᠮᠡᠯᠡᠬᠦ ᠦᠭᠡᠢ ᠨᠢ ᠯᠠᠪᠲᠠᠢ᠃ ᠬᠡᠨ ᠡᠰᠡᠷᠭᠦᠴᠡᠨ᠎ᠡ ᠪᠣᠢ᠂ ᠲᠡᠷᠡ ᠦᠬᠦᠨ᠎ᠡ ᠪᠢᠵᠡ᠃ ᠶᠡᠷᠦ ᠨᠢ ᠶᠡᠬᠡ ᠬᠡᠷᠡᠭ ᠢ᠋ ᠭᠦᠢᠴᠡᠯᠳᠦᠭᠦᠯᠬᠦ ᠳ᠋ᠦ᠍ ᠦᠬᠦᠬᠦ ᠦᠭᠡᠢ ᠠᠮᠢ᠂ ᠦᠷᠡᠭᠳᠡᠬᠦ ᠦᠭᠡᠢ ᠬᠠᠨᠢ ᠭᠡᠵᠦ ᠦᠭᠡᠢ ᠶ᠋ᠢ ᠬᠠᠰᠠᠷ ᠣᠢᠯᠠᠭᠠᠨ᠎ᠠ᠃ ᠠᠩᠬ᠎ᠠ ᠠᠷᠪᠠᠨ ᠨᠠᠰᠤᠲᠠᠢ ᠳ᠋ᠤ᠌ ᠪᠡᠭᠲᠡᠷ ᠠᠬ᠎ᠠ ᠶ᠋ᠢ ᠪᠡᠨ ᠠᠯᠠᠭᠰᠠᠨ ᠢ᠋ᠶ᠋ᠠᠨ ᠰᠠᠨᠠᠪᠠ᠃ ᠲᠡᠷᠡ ᠦᠶ᠎ᠡ ᠳ᠋ᠦ᠍ ᠲᠡᠮᠦᠵᠢᠨ ᠵᠣᠷᠢᠭᠯᠠᠨ ᠪᠡᠭᠲᠡᠷ ᠢ᠋ ᠠᠯᠠᠭ᠎ᠠ ᠦᠭᠡᠢ ᠪᠣᠯ ᠣᠳᠣ ᠪᠣᠷᠵᠢᠭᠢᠨ ᠠᠢᠮᠠᠭ ᠤ᠋ᠨ ᠬᠠᠨ ᠪᠡᠭᠲᠡᠷ ᠪᠣᠯᠴᠢᠬᠠᠭᠰᠠᠨ ᠪᠠᠢᠬᠤ ᠶ᠋ᠢ ᠬᠡᠨ ᠴᠦ᠍ ᠦᠭᠡᠢᠰᠬᠡᠵᠦ ᠦᠯᠦ ᠴᠢᠳᠠᠬᠤ ᠪᠢᠵᠡ᠃ ᠭᠡᠲᠡᠯ᠎ᠡ ᠬᠠᠰᠠᠷ ᠶᠠᠭᠠᠬᠢᠭᠠᠳ ᠲᠡᠮᠦᠵᠢᠨ ᠡᠴᠡ ᠳᠣᠷᠣᠢ ᠪᠠᠢᠵᠤ᠂ ᠳᠣᠣᠭᠤᠷ ᠰᠡᠳᠬᠢᠬᠦ ᠶᠣᠰᠣᠲᠠᠢ ᠪᠢᠯᠡ᠃ ᠲᠡᠮᠦᠵᠢᠨ ᠡᠴᠡ ᠳᠤᠲᠠᠬᠤ ᠶᠠᠭᠤᠮ᠎ᠠ ᠲᠡᠭᠦᠨ ᠳ᠋ᠦ᠍ ᠦᠭᠡᠢ᠃ ᠬᠠᠷᠢᠨ ᠴᠦ᠍ ᠢᠯᠡᠭᠦᠦ ᠪᠢᠵᠡ᠃ ᠰᠡᠩᠭᠦᠮ ᠦ᠋ᠨ ᠬᠦᠷᠢᠶᠡᠨ ᠡᠴᠡ ᠲᠤᠭᠤᠷᠢᠯ ᠤ᠋ᠨ ᠬᠦᠷᠢᠶ᠎ᠡ ᠣᠷᠣᠬᠤ ᠵᠠᠮ ᠳ᠋ᠠᠭᠠᠨ ᠦᠶᠡᠷ ᠦ᠋ᠨ ᠤᠰᠤ ᠰᠢᠭ᠋ ᠣᠪᠣᠯᠵᠠᠭᠰᠠᠨ ᠪᠣᠳᠣᠯ ᠳ᠋ᠤ᠌ ᠡᠢᠨ ᠬᠦ᠌ ᠠᠪᠲᠠᠵᠠᠢ᠃ ᠬᠠᠷᠠᠭᠠᠯᠵᠠᠭᠴᠢ ᠴᠡᠷᠢᠭ ᠦ᠋ᠳ ᠲᠡᠭᠦᠨ ᠦ᠌ ᠣᠢᠷ᠎ᠠ ᠳᠠᠭᠠᠯᠳᠤᠨ ᠠᠶ᠎ᠠ ᠪᠠᠷ ᠶᠠᠪᠤᠵᠠᠭᠠᠨ᠎ᠠ᠃ ᠬᠠᠰᠠᠷ ᠠᠮᠢᠳᠤᠷᠠᠯ ᠤ᠋ᠨ ᠢ᠋ᠶ᠋ᠠᠨ ᠬᠠᠮᠤᠭ ᠤ᠋ᠨ ᠡᠷᠡᠰ ᠬᠠᠲᠠᠭᠤ ᠰᠢᠢᠳᠪᠦᠷᠢ ᠶ᠋ᠢᠨ ᠡᠮᠦᠨ᠎ᠡ ᠵᠣᠭᠰᠣᠵᠤ ᠪᠠᠢᠭ᠎ᠠ ᠪᠠᠨ ᠮᠡᠳᠡᠷᠡᠵᠦ ᠪᠠᠢᠯ᠎ᠠ᠃ ᠡᠨᠡ ᠬᠡᠷᠡᠭ ᠪᠣᠯ ᠠᠷᠪᠠᠨ ᠨᠠᠰᠤᠲᠠᠢ ᠳ᠋ᠠᠭᠠᠨ ᠪᠡᠭᠲᠡᠷ ᠢ᠋ ᠠᠯᠠᠬᠤ ᠪᠠᠷ ᠲᠡᠮᠦᠵᠢᠨ ᠦ᠌ ᠵᠣᠷᠢᠭᠯᠠᠨ ᠰᠢᠢᠳᠦᠭᠰᠡᠨ ᠲᠡᠢ ᠶᠠᠭ ᠤᠳᠬ᠎ᠠ ᠠᠳᠠᠯᠢ ᠪᠠᠢᠪᠠ᠃ ᠭᠡᠲᠡᠯ᠎ᠡ ᠬᠠᠰᠠᠷ ᠶᠠᠭᠠᠬᠢᠵᠤ ᠴᠦ᠍ ᠪᠣᠳᠣᠭᠠᠳ ᠡᠴᠦᠰ ᠦ᠋ᠨ ᠬᠠᠲᠠᠭᠤ ᠰᠢᠢᠳᠪᠦᠷᠢ ᠳ᠋ᠦ᠍ ᠬᠦᠷᠴᠦ ᠴᠢᠳᠠᠬᠤ ᠦᠭᠡᠢ ᠪᠠᠢᠵᠠᠢ᠃ ᠲᠡᠮᠦᠵᠢᠨ ᠢ᠋ ᠠᠯᠠᠵᠤ ᠪᠣᠷᠵᠢᠭᠢᠨ ᠠᠢᠮᠠᠭ ᠤ᠋ᠨ ᠬᠠᠨ ᠰᠠᠭᠤᠬᠤ ᠳ᠋ᠤ᠌ ᠴᠣᠬᠣᠮ ᠶᠠᠭᠤ ᠢᠩᠭᠢᠵᠦ ᠰᠠᠭᠠᠳ ᠪᠣᠯᠵᠤ ᠰᠢᠨᠠᠯᠭᠠᠨ ᠵᠣᠪᠠᠭᠠᠭᠠᠳ ᠪᠠᠢᠭ᠎ᠠ ᠶ᠋ᠢ ᠲᠡᠷᠡ ᠰᠠᠢᠨ ᠣᠢᠯᠠᠭᠠᠭᠰᠠᠨ ᠦᠭᠡᠢ᠃ ᠲᠡᠮᠦᠵᠢᠨ ᠦ᠌ ᠡᠰᠡᠷᠭᠦ ᠬᠥᠳᠡᠯᠬᠦ ᠳ᠋ᠦ᠍ ᠣᠳᠣ ᠪᠦᠬᠦ ᠶᠠᠭᠤᠮ᠎ᠠ ᠪᠦᠷᠢᠯᠳᠦᠨ ᠴᠣᠭᠴᠠᠯᠠᠭᠰᠠᠨ ᠮᠡᠲᠦ᠃ ᠲᠡᠮᠦᠵᠢᠨ ᠳ᠋ᠦ᠍ ᠬᠥᠭᠡᠭᠡᠭᠳᠡᠭᠰᠡᠨ᠂ ᠴᠣᠬᠢᠭᠳᠠᠨ ᠪᠤᠲᠠᠷᠠᠭᠰᠠᠨ ᠪᠦᠬᠦ ᠣᠪᠣᠭ ᠠᠢᠮᠠᠭ ᠲᠡᠭᠦᠨ ᠢ᠋ ᠳᠠᠭᠠᠨ ᠳᠡᠮᠵᠢᠬᠦ ᠨᠢ ᠭᠠᠷᠴᠠᠭ᠎ᠠ ᠦᠭᠡᠢ᠃ ᠪᠠᠰᠠ ᠲᠤᠭᠤᠷᠢᠯ ᠤ᠋ᠨ ᠬᠦᠴᠦᠷᠬᠡᠭ ᠬᠡᠷᠡᠢᠳ ᠠᠢᠮᠠᠭ ᠲᠤᠰᠠᠯᠠᠬᠤ ᠪᠣᠯᠤᠨ᠎ᠠ᠃ ᠡᠢᠮᠦ ᠲᠣᠬᠢᠶᠠᠯ ᠢ᠋ ᠠᠯᠳᠠᠪᠠᠯ ᠬᠣᠵᠢᠮ ᠬᠣᠢᠨ᠎ᠠ ᠮᠢᠨᠦ ᠦᠷ᠎ᠡ ᠰᠠᠲᠤ ᠨᠠᠮᠠᠶ᠋ᠢ ᠯᠠᠪ ᠥᠷᠥᠰᠢᠶᠡᠬᠦ ᠦᠭᠡᠢ ᠪᠢᠵᠡ ᠭᠡᠵᠦ ᠬᠠᠰᠠᠷ ᠳᠤ ᠪᠣᠳᠣᠭᠳᠠᠨ᠎ᠠ᠃ ᠠᠶᠤᠪᠠᠯ ᠪᠦᠦ ᠬᠢ᠂ ᠬᠢᠪᠡᠯ ᠪᠦᠦ ᠠᠶᠤ ᠭᠡᠳᠡᠭ ᠦᠭᠡ ᠰᠠᠨᠠᠭᠳᠠᠨ᠎ᠠ᠃ ᠡᠴᠢᠭᠡ ᠶ᠋ᠢᠨ ᠤᠯᠤᠰ ᠢ᠋ ᠡᠯᠢᠭᠡ ᠪᠦᠲᠦᠨ᠂ ᠡᠩᠬᠡ ᠠᠮᠤᠷ ᠰᠠᠭᠤᠯᠭᠠᠬᠤ ᠬᠦᠰᠡᠯ ᠲᠡᠭᠦᠨ ᠳ᠋ᠦ᠍ ᠪᠠᠢᠭ᠎ᠠ ᠦᠭᠡᠢ ᠭᠡᠵᠦ ᠤᠤ? ᠬᠡᠷᠪᠡ ᠲᠡᠮᠦᠵᠢᠨ ᠠᠢᠮᠠᠭ ᠤᠯᠤᠰ ᠢ᠋ᠶ᠋ᠠᠨ ᠬᠠᠮᠠᠭᠠᠯᠠᠨ ᠶᠠᠪᠤᠵᠤ ᠨᠢᠭᠡᠨᠲᠡ ᠴᠢᠳᠠᠬᠤ ᠦᠭᠡᠢ ᠪᠣᠯᠤᠭᠰᠠᠨ ᠪᠣᠯ ᠶᠢᠰᠦᠭᠡᠢ ᠶ᠋ᠢᠨ ᠬᠥᠪᠡᠭᠦᠨ ᠬᠠᠰᠠᠷ ᠪᠢ ᠡᠰᠡ ᠴᠢᠳᠠᠪᠠᠯ ᠥᠭᠡᠷ᠎ᠡ ᠬᠡᠨ ᠴᠢᠳᠠᠨ᠎ᠠ᠃ ᠲᠡᠮᠦᠵᠢᠨ ᠬᠠᠷ᠎ᠠ ᠠᠮᠢ ᠪᠠᠨ ᠪᠣᠳᠣᠨ ᠵᠢᠭᠤᠲᠠᠭᠰᠠᠨ ᠠ᠋ᠴᠠ ᠪᠣᠯᠵᠤ ᠪᠢ ᠲᠣᠭᠣᠷᠢᠯ ᠳ᠋ᠤ᠌ ᠣᠯᠵᠠᠯᠠᠭᠳᠠᠭᠰᠠᠨ ᠪᠢᠰᠢ ᠤᠤ? ᠣᠳᠣ ᠪᠢ ᠲᠡᠮᠦᠵᠢᠨ ᠳ᠋ᠦ᠍ ᠰᠠᠢᠨ ᠰᠠᠨᠠᠵᠤ ᠶᠠᠭᠤ ᠬᠢᠨ᠎ᠡ᠃ ᠠᠶ᠎ᠠ ᠦᠭᠡᠢᠳᠡᠪᠡᠯ ᠲᠡᠮᠦᠵᠢᠨ ᠪᠢᠳᠡ ᠬᠣᠶᠠᠭᠤᠯᠠ ᠪᠠᠨ ᠠᠮᠢ ᠪᠠᠨ ᠠᠯᠳᠠᠬᠤ ᠪᠣᠯᠤᠨ᠎ᠠ᠃ ᠲᠡᠭᠡᠪᠡᠯ ᠪᠣᠷᠵᠢᠭᠢᠨ ᠠᠢᠮᠠᠭ ᠬᠡᠵᠢᠶ᠎ᠡ ᠴᠦ᠍ ᠰᠡᠷᠭᠦᠬᠦ ᠦᠭᠡᠢ ᠪᠡᠷ ᠮᠥᠬᠥᠵᠦ᠂ ᠵᠠᠮᠤᠬ᠎ᠠ ᠶ᠋ᠢᠨ ᠡᠰᠡᠪᠡᠯ ᠲᠣᠭᠣᠷᠢᠯ ᠤ᠋ᠨ ᠢᠳᠡᠰᠢ ᠪᠣᠯᠤᠨ᠎ᠠ᠃ ᠡᠢᠮᠦ ᠦᠶ᠎ᠡ ᠳ᠋ᠦ᠍ ᠬᠠᠰᠠᠷ ᠪᠢ ᠶᠠᠭᠤᠨ ᠳ᠋ᠤ᠌ ᠡᠷᠡᠭᠡᠯᠵᠡᠵᠦ ᠲᠡᠭᠡᠨᠡᠭᠡᠯᠵᠡᠨ᠎ᠡ᠃ ᠬᠡᠨ ᠬᠦᠴᠦᠲᠡᠢ ᠨᠢ ᠡᠵᠡᠨ ᠰᠠᠭᠤᠳᠠᠭ ᠲᠩᠷᠢ ᠶ᠋ᠢᠨ ᠵᠠᠷᠯᠢᠭ ᠢ᠋ ᠳᠠᠭᠠᠰᠤᠭᠠᠢ ᠭᠡᠵᠦ ᠬᠠᠲᠠᠭᠤ ᠰᠢᠢᠳᠦᠭᠡᠳ ᠮᠣᠷᠢ ᠪᠠᠨ ᠭᠤᠶᠠᠳᠠᠨ ᠳᠠᠪᠬᠢᠯ᠎ᠠ᠃ ᠬᠤᠷᠳᠤᠯᠠᠨ ᠳᠠᠪᠬᠢᠬᠤ ᠪᠦᠷᠢ ᠵᠣᠷᠢᠭ ᠰᠢᠯᠤᠭᠤᠳᠠᠨ᠂ ᠡᠮᠦᠨ᠎ᠡ ᠡᠴᠡ ᠦᠯᠢᠶᠡᠬᠦ ᠰᠠᠯᠬᠢ ᠲᠠᠢ ᠬᠠᠮᠲᠤ ᠤᠷᠮ᠎ᠠ ᠢᠲᠡᠭᠡᠯ ᠰᠡᠳᠬᠢᠯ ᠳ᠋ᠦ᠍ ᠳᠦᠭᠦᠷᠬᠦ ᠠᠵᠢ᠃ ᠭᠡᠷ ᠦ᠋ᠨ ᠭᠠᠳᠠᠨ᠎ᠠ ᠪᠠᠭᠤᠬᠤ ᠳ᠋ᠠᠭᠠᠨ ᠵᠠᠮᠤᠬ᠎ᠠ ᠶ᠋ᠢᠨ ᠴᠡᠷᠢᠭ ᠢ᠋ ᠤᠳᠤᠷᠢᠳᠤᠨ ᠲᠡᠮᠦᠵᠢᠨ ᠢ᠋ ᠨᠡᠬᠡᠬᠦ ᠪᠡᠷ ᠬᠠᠰᠠᠷ ᠬᠠᠲᠠᠭᠤ ᠰᠢᠢᠳᠦᠭᠰᠡᠨ ᠪᠠᠢᠪᠠ᠃ ᠬᠠᠷᠢᠨ ᠪᠣᠷᠵᠢᠭᠢᠨ ᠠᠢᠮᠠᠭ ᠢ᠋ᠶ᠋ᠠᠨ ᠡᠷᠭᠢᠭᠦᠯᠦᠨ ᠠᠪᠤᠮᠠᠭᠴᠠ ᠵᠠᠮᠤᠬ᠎ᠠ ᠨᠠᠷ ᠢ᠋ ᠭᠡᠨᠡᠳᠲᠡ ᠳᠣᠪᠲᠣᠯᠤᠨ ᠳᠠᠷᠤᠨ᠎ᠠ ᠭᠡᠵᠦ ᠳᠣᠲᠣᠷ᠎ᠠ ᠪᠠᠨ ᠲᠣᠪᠯᠠᠪᠠ᠃ ᠭᠡᠲᠡᠯ᠎ᠡ ᠣᠭᠲᠣ ᠰᠠᠨᠠᠭᠠᠨ ᠳ᠋ᠤ᠌ ᠦᠭᠡᠢ ᠵᠦᠢᠯ ᠪᠣᠯᠵᠠᠢ᠃ ᠤᠴᠢᠷ ᠨᠢ ᠲᠣᠭᠣᠷᠢᠯ ᠤ᠋ᠨ ᠴᠡᠷᠢᠭ ᠳᠠᠭᠠᠷᠢᠭᠰᠠᠨ ᠰᠥᠨᠢ ᠲᠡᠮᠦᠵᠢᠨ ᠦ᠌ ᠬᠦᠷᠢᠶᠡᠨ ᠳ᠋ᠦ᠍ ᠪᠠᠢᠭᠰᠠᠨ ᠬᠠᠰᠠᠷ ᠤ᠋ᠨ ᠠᠯᠪᠠᠲᠤ ᠴᠢᠯᠠᠭᠤᠲᠠᠢ ᠲᠡᠭᠦᠨ ᠢ᠋ ᠭᠡᠷ ᠲᠡᠭᠡᠨ ᠣᠷᠣᠬᠤ ᠳ᠋ᠤ᠌ ᠰᠠᠭᠤᠵᠤ ᠪᠠᠢᠪᠠ᠃ ᠴᠢᠯᠠᠭᠤᠲᠠᠢ ᠪᠣᠯ ᠲᠡᠮᠦᠵᠢᠨ ᠬᠠᠨ ᠪᠣᠯᠣᠮᠠᠭᠴᠠ ᠪᠠᠨ ᠬᠠᠰᠠᠷ ᠲᠤ ᠬᠤᠪᠢᠶᠠᠵᠤ ᠥᠭᠭᠦᠭᠰᠡᠨ ᠭᠤᠷᠪᠠᠨ ᠢᠯᠳᠦᠴᠢ ᠶ᠋ᠢᠨ ᠨᠢᠭᠡ ᠶᠦᠮ᠃ ᠴᠢᠯᠠᠭᠤᠲᠠᠢ ᠶ᠋ᠢᠨ ᠡᠮᠡᠰ᠂ ᠬᠡᠦᠬᠡᠳ ᠪᠠᠰᠠ ᠡᠨᠳᠡ ᠲᠤᠭᠤᠷᠢᠯ ᠳ᠋ᠤ᠌ ᠣᠯᠵᠠᠯᠠᠭᠳᠠᠨ ᠪᠠᠢᠭ᠎ᠠ ᠪᠢᠯᠡ᠃ ᠲᠡᠮᠦᠵᠢᠨ ᠴᠢᠯᠠᠭᠤᠲᠠᠢ ᠶ᠋ᠢ ᠬᠠᠰᠠᠷ ᠲᠤ ᠡᠯᠴᠢ ᠪᠣᠯᠭᠠᠨ ᠢᠯᠡᠭᠡᠭᠰᠡᠨ ᠪᠠᠢᠪᠠ᠃ ᠲᠡᠮᠦᠵᠢᠨ ᠦ᠌ 
          ᠶᠢᠰᠦᠭᠡᠢ ᠡᠴᠢᠭᠡ ᠡᠴᠡ ᠨᠡᠷ᠎ᠡ ᠵᠢᠭᠠᠭᠳᠠᠵᠤ 
          ᠥᠭᠡᠯᠦᠨ ᠡᠬᠡ ᠡᠴᠡ ᠪᠡᠶ᠎ᠡ ᠵᠢᠭᠠᠭᠳᠠᠵᠤ  
          ᠳᠡᠭᠡᠷ᠎ᠡ ᠡᠴᠡ ᠮᠢᠨᠢ ᠤᠨᠠᠵᠤ ᠲᠥᠷᠥᠭᠰᠡᠨ  
          ᠳᠡᠪᠡᠯ ᠢ᠋ᠶ᠋ᠡᠨ ᠬᠤᠪᠢᠶᠠᠯᠴᠠᠵᠤ ᠥᠰᠦᠭᠰᠡᠨ  
          ᠬᠠᠪᠤᠲᠤ ᠬᠠᠰᠠᠷ ᠳᠡᠭᠦᠦ ᠮᠢᠨᠢ ᠴᠢ  
          ᠬᠠᠷᠠᠳᠠᠨ ᠳ᠋ᠤ᠌ ᠠᠪᠲᠠᠵᠤ ᠵᠣᠪᠠᠨ᠎ᠠ ᠤᠤ 
          ᠬᠠᠷᠢ ᠳ᠋ᠤ᠌ ᠰᠠᠭᠤᠵᠤ ᠴᠢᠯᠡᠨ᠎ᠡ ᠤᠤ  
          ᠬᠠᠢᠷᠠᠨ ᠪᠡᠶ᠎ᠡ ᠴᠢᠨᠢ ᠵᠦᠳᠡᠷᠡᠨ᠎ᠡ ᠤᠤ 
          ᠡᠨᠳᠡ ᠬᠠᠷᠢᠨ ᠪᠢᠳᠡ ᠴᠢᠨᠢ  
          ᠡᠨᠡᠷᠢᠯᠲᠦ ᠥᠭᠡᠯᠦᠨ ᠡᠵᠢ ᠶ᠋ᠢᠨ ᠴᠢᠨᠢ 
          ᠡᠯᠢᠭᠡ ᠪᠡᠨ ᠡᠮᠲᠡᠯᠵᠦ  
          ᠡᠯᠡᠢ ᠬᠠᠯᠠᠭ ᠭᠡᠯᠴᠡᠨ ᠰᠠᠭᠤᠨ᠎ᠠ  
          ᠠᠬ᠎ᠠ ᠶ᠋ᠢ ᠪᠡᠨ ᠦᠭᠡᠢ ᠪᠣᠯᠪᠠᠯ  
          ᠠᠪᠤ ᠶ᠋ᠢᠨ ᠢ᠋ᠶ᠋ᠡᠨ ᠨᠡᠷ᠎ᠡ ᠶ᠋ᠢ ᠳᠠᠭᠤᠷᠢᠰᠬᠠᠵᠤ  
          ᠠᠴᠢᠲᠤ ᠳᠡᠭᠦᠦ ᠴᠢᠮᠠᠶ᠋ᠢ ᠪᠠᠨ 
          ᠠᠯᠮᠠᠢᠷᠠᠵᠤ ᠳᠠᠢᠰᠤᠨ ᠳ᠋ᠤ᠌ ᠠᠯᠳᠠᠭᠠᠳ  
          ᠠᠰᠠᠷᠠᠯᠲᠤ ᠡᠬᠡ ᠶ᠋ᠢᠨ ᠢ᠋ᠶ᠋ᠡᠨ ᠡᠮᠦᠨ᠎ᠡ 
          ᠠᠷᠪᠢᠨ ᠨᠢᠭᠦᠯ ᠳ᠋ᠦ᠍ ᠤᠨᠠᠪᠠ ᠪᠢ  
          ᠮᠡᠩᠳᠡᠵᠦ ᠴᠢᠮᠠᠶ᠋ᠢ ᠪᠠᠨ ᠣᠷᠬᠢᠭᠠᠳ 
          ᠮᠡᠬᠡᠲᠡᠨ ᠳᠠᠢᠰᠤᠨ ᠳ᠋ᠤ᠌ ᠠᠪᠲᠠᠭᠠᠳ  
          ᠮᠡᠷᠭᠡᠨ ᠡᠬᠡ ᠶ᠋ᠢᠨ ᠢ᠋ᠶ᠋ᠡᠨ ᠡᠮᠦᠨ᠎ᠡ 
          ᠮᠢᠩᠭᠠᠨ ᠠᠯᠳᠠᠭᠠᠨ ᠳ᠋ᠤ᠌ ᠤᠨᠠᠪᠠ ᠪᠢ  
          ᠴᠢᠰᠤ ᠨᠢᠭᠡᠲᠡᠢ ᠳᠡᠭᠦᠦ ᠮᠢᠨᠢ ᠴᠢ  
          ᠴᠠᠯᠠᠭᠠᠷᠳᠠᠵᠤ᠂ ᠬᠣᠣᠷᠲᠠᠨ ᠤ᠋ ᠦᠭᠡᠨ ᠳ᠋ᠦ᠍ ᠤᠨᠠᠭᠤᠵᠠᠢ  
          ᠬᠠᠪᠤᠲᠠᠢ ᠲᠥᠷᠥᠭᠰᠡᠨ ᠳᠡᠭᠦᠦ ᠮᠢᠨᠢ ᠴᠢ   
          ᠬᠠᠷᠠᠲᠠᠢ᠂ ᠳᠠᠢᠰᠤᠨ ᠤ᠋ ᠮᠡᠬᠡᠨ ᠳ᠋ᠦ᠍ ᠠᠪᠲᠠᠭᠤᠵᠠᠢ   
          ᠤᠬᠠᠭᠠᠨᠲᠤ ᠳᠡᠭᠦᠦ ᠮᠢᠨᠢ ᠴᠢᠮ᠎ᠠ ᠲᠠᠢ   
          ᠤᠷᠤᠭ ᠤ᠋ᠨ ᠮᠢᠨᠢ ᠨᠡᠷ᠎ᠡ   
          ᠠᠢᠮᠠᠭ ᠤ᠋ᠨ ᠮᠢᠨᠢ ᠬᠠᠭᠠᠰ  
          ᠠᠮᠢᠨ ᠤ᠋ ᠮᠢᠨᠢ ᠲᠠᠯ᠎ᠠ ᠪᠣᠢ ᠶ᠋ᠢ  
          ᠠᠮᠢᠰᠬᠤᠭ᠎ᠠ ᠪᠠᠨ ᠲᠠᠰᠤᠷᠠᠲᠠᠯ᠎ᠠ 
          ᠠᠷᠭ᠎ᠠ ᠪᠠᠨ ᠪᠠᠷᠠᠭᠳᠠᠲᠠᠯ᠎ᠠ 
          ᠪᠦᠦ ᠮᠠᠷᠲᠠ ᠭᠡᠵᠦ ᠬᠡᠯᠡᠭᠦᠯᠦᠭᠰᠡᠨ ᠢ᠋ ᠴᠢᠯᠠᠭᠤᠲᠠᠢ ᠳᠠᠪᠲᠠᠨ ᠬᠡᠯᠡᠪᠡ᠃ ᠡᠬᠡ ᠶ᠋ᠢᠨ ᠢ᠋ᠶ᠋ᠡᠨ ᠲᠤᠬᠠᠢ ᠳᠤᠷᠠᠳᠬᠠᠨ ᠬᠡᠯᠡᠭᠰᠡᠨ ᠲᠡᠮᠦᠵᠢᠨ ᠦ᠌ ᠳᠡᠭᠡᠷᠡᠬᠢ ᠦᠭᠡᠨ ᠳ᠋ᠦ᠍ ᠬᠠᠰᠠᠷ ᠤᠶᠠᠷᠠᠨ ᠳᠣᠭᠳᠣᠯᠵᠤ᠂ ᠪᠠᠰᠠ ᠢᠴᠢᠵᠦ ᠤᠳᠠᠭᠠᠨ ᠳᠠᠭᠤ ᠦᠭᠡᠢ ᠰᠠᠭᠤᠪᠠ᠃ ᠲᠡᠮᠦᠵᠢᠨ ᠲᠡᠭᠦᠨ ᠦ᠌ ᠪᠣᠳᠣᠭᠰᠠᠨ ᠢ᠋ ᠦᠵᠡᠵᠦ᠂ ᠰᠣᠨᠣᠰᠤᠭᠰᠠᠨ ᠮᠡᠲᠦ ᠳᠠᠭᠠᠭᠠᠳ ᠴᠢᠯᠠᠭᠤᠲᠠᠢ ᠶ᠋ᠢ ᠢᠯᠡᠭᠡᠵᠡᠢ᠃ ᠲᠡᠮᠦᠵᠢᠨ ᠦ᠌ ᠬᠡᠯᠡᠭᠦᠯᠦᠭᠰᠡᠨ ᠰᠢᠯᠦᠭ ᠢ᠋ ᠰᠣᠨᠣᠰᠤᠭᠠᠳ ᠬᠠᠰᠠᠷ ᠲᠡᠷᠡ ᠳᠣᠣᠷ᠎ᠠ ᠪᠠᠨ ᠮᠠᠭᠤ ᠪᠣᠳᠣᠯ ᠠ᠋ᠴᠠ ᠪᠠᠨ ᠪᠤᠴᠠᠵᠤ ᠶᠠᠭᠤ ᠴᠦ᠍ ᠪᠣᠯᠪᠠ ᠥᠭᠡᠯᠦᠨ ᠡᠬᠡ᠂ ᠲᠡᠮᠦᠵᠢᠨ ᠠᠬ᠎ᠠ ᠶ᠋ᠢ ᠪᠡᠨ ᠣᠯᠵᠤ ᠠᠭᠤᠯᠵᠠᠬᠤ ᠪᠠᠷ ᠰᠢᠢᠳᠪᠡ᠃ ᠦᠬᠦᠭᠰᠡᠨ ᠴᠦ᠍᠂ ᠰᠡᠬᠡᠭᠰᠡᠨ ᠴᠦ᠍ ᠠᠬ᠎ᠠ ᠲᠠᠢ ᠪᠠᠨ᠂ ᠪᠠᠰᠠ ᠥᠭᠡᠯᠦᠨ ᠡᠬᠡ ᠲᠡᠢ ᠪᠡᠨ ᠬᠠᠮᠲᠤ ᠪᠠᠢᠬᠤ ᠪᠠᠷ ᠰᠢᠢᠳᠴᠡᠢ᠃ ᠬᠠᠰᠠᠷ ᠡᠬᠡ ᠠᠬ᠎ᠠ ᠬᠣᠶᠠᠷ ᠲᠠᠭᠠᠨ ᠦᠨᠡᠨ ᠰᠡᠳᠬᠢᠯ ᠡᠴᠡ ᠬᠠᠢᠷᠠᠲᠠᠢ ᠪᠠᠨ ᠳᠠᠬᠢᠨ ᠨᠢᠭᠡ ᠤᠬᠠᠭᠠᠷᠠᠪᠠ᠃ ᠭᠡᠪᠡᠴᠦ ᠶᠠᠭ ᠶᠠᠭᠤ ᠬᠢᠬᠦ ᠪᠡᠨ ᠮᠡᠳᠡᠭᠰᠡᠨ ᠦᠭᠡᠢ᠃ ᠲᠡᠮᠦᠵᠢᠨ ᠡᠴᠡ ᠰᠠᠯᠤᠭᠠᠳ ᠳᠠᠷᠤᠢ ᠰᠠᠷ᠎ᠠ ᠭᠠᠷᠤᠨ ᠪᠣᠯᠤᠭᠰᠠᠨ ᠲᠤᠯᠠ ᠣᠳᠣ ᠬᠠᠮᠢᠭ᠎ᠠ ᠪᠠᠢᠬᠤ ᠶ᠋ᠢ ᠴᠢᠯᠠᠭᠤᠲᠠᠢ ᠬᠡᠯᠡᠵᠦ ᠮᠡᠳᠡᠬᠦ ᠦᠭᠡᠢ ᠪᠠᠢᠪᠠ᠃ ᠲᠡᠮᠦᠵᠢᠨ ᠦ᠌ ᠵᠦᠭ ᠰᠠᠮ ᠣᠳᠬᠤ ᠨᠢ ᠲᠤᠢᠯ ᠤ᠋ᠨ ᠣᠰᠤᠯᠲᠠᠢ ᠪᠠᠢᠪᠠ᠃ ᠬᠠᠷᠢᠨ ᠴᠢᠯᠠᠭᠤᠲᠠᠢ ᠶ᠋ᠢᠨ ᠬᠡᠯᠡᠭᠰᠡᠨ ᠢ᠋ ᠬᠠᠰᠠᠷ ᠪᠣᠷᠣᠭᠴᠢᠨ ᠳ᠋ᠤ᠌ ᠬᠡᠯᠡᠭᠰᠡᠨ ᠴᠦ᠍᠂ ᠶᠠᠪᠤᠨ᠎ᠠ ᠭᠡᠬᠦ ᠳ᠋ᠦ᠍ ᠲᠣᠭᠣᠷᠢᠯ ᠤ᠋ᠨ ᠬᠦᠷᠢᠶᠡᠨ ᠳ᠋ᠦ᠍ ᠦᠯᠡᠳᠡᠬᠦ ᠡᠮᠡᠰ ᠪᠣᠯᠤᠭᠠᠳ ᠬᠥᠪᠡᠭᠦᠳ ᠲᠡᠭᠡᠨ ᠰᠠᠨᠠᠭ᠎ᠠ ᠵᠣᠪᠠᠬᠤ ᠠᠵᠢ᠃ ᠬᠠᠰᠠᠷ ᠢ᠋ ᠤᠷᠭᠤᠭᠰᠠᠨ ᠢ᠋ ᠮᠡᠳᠡᠪᠡᠯ ᠲᠣᠭᠣᠷᠢᠯ ᠲᠡᠳᠡᠨ ᠢ᠋ ᠠᠮᠢᠳᠤ ᠦᠯᠡᠳᠡᠭᠡᠬᠦ ᠦᠭᠡᠢ ᠨᠢ ᠯᠠᠪᠲᠠᠢ᠃ ᠬᠠᠰᠠᠷ ᠤ᠋ᠨ ᠠᠷᠭ᠎ᠠ ᠮᠤᠬᠤᠷᠳᠠᠪᠠ᠃ ᠬᠠᠷᠢᠨ ᠡᠨᠡ ᠦᠶ᠎ᠡ ᠳ᠋ᠦ᠍ ᠪᠣᠷᠣᠭᠴᠢᠨ ᠤ᠋ ᠰᠡᠷᠭᠡᠭ ᠤᠬᠠᠭᠠᠨ ᠲᠤᠰᠠ ᠪᠣᠯᠤᠭᠰᠠᠨ ᠪᠢᠯᠡ᠃ 
       — ᠴᠢ ᠲᠤᠭᠤᠷᠢᠯ ᠬᠠᠨ ᠳ᠋ᠤ᠌《ᠪᠢ ᠲᠡᠮᠦᠵᠢᠨ ᠠᠬ᠎ᠠ ᠶ᠋ᠢ ᠪᠡᠨ ᠡᠷᠢᠵᠦ ᠣᠯᠤᠭᠠᠳ ᠬᠠᠮᠢᠭ᠎ᠠ ᠪᠠᠢᠭ᠎ᠠ ᠶ᠋ᠢ ᠨᠢ ᠲᠠᠨ ᠳ᠋ᠤ᠌ ᠬᠡᠯᠡ ᠥᠭᠭᠦᠶ᠎ᠡ᠃ ᠪᠢ ᠲᠠᠨ ᠤ᠋ ᠳᠡᠷᠭᠡᠳᠡ ᠡᠮ᠎ᠡ᠂ ᠬᠥᠪᠡᠭᠦᠳ ᠢ᠋ᠶ᠋ᠡᠨ ᠦᠯᠡᠳᠡᠭᠡᠬᠦ ᠲᠤᠯᠠ ᠲᠠ ᠨᠠᠳᠠᠳᠤ ᠢᠲᠡᠭᠡᠬᠦ ᠪᠢᠵᠡ》 ᠭᠡᠵᠦ ᠬᠡᠯᠡ ᠭᠡᠮᠡᠨ ᠪᠣᠷᠣᠭᠴᠢᠨ᠂ ᠬᠠᠰᠠᠷ ᠤ᠋ᠨ ᠬᠡᠯᠡᠬᠦ ᠦᠭᠡ ᠶ᠋ᠢ ᠰᠢᠭᠤᠳ ᠵᠢᠭᠠᠵᠤ ᠥᠭᠭᠦᠭᠰᠡᠨ ᠨᠢ ᠵᠥᠪ ᠪᠣᠯᠵᠠᠢ᠃ ᠲᠤᠭᠤᠷᠢᠯ ᠬᠠᠨ ᠬᠠᠰᠠᠷ ᠤ᠋ᠨ ᠦᠭᠡ ᠶ᠋ᠢ ᠰᠣᠨᠣᠰᠤᠭᠠᠳ ᠶᠡᠬᠡ ᠯᠡ ᠥᠭᠭᠢᠶᠡᠮᠦᠷ ᠵᠠᠩ ᠭᠠᠷᠭᠠᠵᠤ ᠳᠤᠷᠠᠲᠠᠢ ᠵᠥᠪᠰᠢᠶᠡᠷᠡᠭᠰᠡᠨ ᠨᠢ ᠵᠠᠮᠤᠬ᠎ᠠ ᠪᠣᠯᠤᠭᠠᠳ ᠰᠡᠩᠭᠦᠮ ᠨᠠᠷ ᠬᠠᠰᠠᠷ ᠲᠤ ᠶᠠᠭᠤ ᠭᠡᠵᠦ ᠬᠡᠯᠡᠭᠰᠡᠨ ᠢ᠋ ᠲᠡᠷᠡ ᠮᠡᠳᠡᠭᠡ ᠦᠭᠡᠢ ᠶ᠋ᠢᠨ ᠬᠢ ᠠᠵᠢ᠃ ᠲᠣᠭᠣᠷᠢᠯ ᠳ᠋ᠤ᠌ ᠬᠠᠰᠠᠷ ᠢ᠋ ᠠᠯᠠᠬᠤ ᠪᠣᠳᠣᠯ ᠣᠭᠲᠣ ᠪᠠᠢᠭᠰᠠᠨ ᠦᠭᠡᠢ ᠲᠤᠯᠠ ᠲᠡᠭᠦᠨ ᠢ᠋ ᠶᠠᠪᠤᠬᠤ ᠳ᠋ᠤ᠌ ᠴᠠᠭᠠᠷᠢᠭᠯᠠᠭᠰᠠᠨ ᠦᠭᠡᠢ᠃ ᠲᠡᠭᠡᠭᠡᠳ ᠴᠦ᠍ ᠡᠮ᠎ᠡ᠂ ᠬᠥᠪᠡᠭᠦᠳ ᠢ᠋ᠶ᠋ᠡᠨ ᠦᠯᠡᠳᠡᠭᠡᠭᠰᠡᠨ ᠬᠠᠰᠠᠷ ᠬᠠᠮᠢᠭ᠎ᠠ ᠬᠣᠯᠠᠳᠬᠤ ᠪᠣᠢ ᠭᠡᠵᠦ ᠪᠣᠳᠣᠪᠠ᠃ ᠢᠩᠭᠢᠭᠡᠳ ᠬᠠᠰᠠᠷ ᠴᠠᠭ ᠠᠯᠳᠠᠯ ᠦᠭᠡᠢ ᠲᠡᠷᠡ ᠰᠥᠨᠢ ᠪᠡᠨ ᠢᠲᠡᠭᠡᠯᠲᠦ ᠬᠡᠳᠦᠨ ᠰᠢᠳᠠᠷ ᠢ᠋ᠶ᠋ᠠᠨ ᠳᠠᠭᠠᠭᠤᠯᠤᠨ ᠰᠠᠮ ᠮᠣᠷᠳᠠᠵᠤ ᠲᠤᠭᠤᠷᠢᠯ ᠤ᠋ᠨ ᠬᠦᠷᠢᠶᠡᠨ ᠡᠴᠡ ᠬᠣᠢᠲᠤ ᠵᠦᠭ ᠭᠠᠷᠤᠭᠰᠠᠨ ᠴᠦ᠍ ᠤᠳᠠᠯ ᠦᠭᠡᠢ ᠵᠠᠮ ᠪᠤᠷᠤᠭᠤᠯᠠᠨ ᠳᠣᠷᠣᠨ᠎ᠠ ᠵᠦᠭ ᠶᠠᠪᠤᠭᠰᠠᠨ ᠪᠢᠯᠡ᠃ ᠴᠠᠭᠠᠰᠢ ᠶᠠᠭᠤ ᠪᠣᠯᠬᠤ ᠶ᠋ᠢ᠂ ᠡᠬᠡᠨᠡᠷ ᠬᠥᠪᠡᠭᠦᠳ ᠨᠢ ᠬᠡᠷᠬᠢᠬᠦ ᠶ᠋ᠢ ᠴᠦ᠍ ᠪᠣᠳᠣᠭᠰᠠᠨ ᠦᠭᠡᠢ ᠭᠠᠭᠴᠠᠬᠠᠨ ᠪᠣᠷᠣᠭᠴᠢᠨ ᠤ᠋ ᠰᠡᠴᠡᠨ ᠤᠬᠠᠭᠠᠨ ᠳ᠋ᠤ᠌ ᠳᠠᠭᠠᠳᠬᠠᠨ ᠣᠷᠬᠢᠪᠠ᠃ ᠲᠡᠷᠡ ᠦᠬᠦᠪᠡᠴᠦ ᠰᠡᠭᠡᠪᠡᠴᠦ ᠲᠡᠮᠦᠵᠢᠨ ᠲᠡᠢ ᠬᠠᠮᠲᠤ ᠪᠠᠢᠬᠤ ᠪᠠᠷ ᠰᠢᠢᠳᠦᠭᠡᠳ ᠰᠡᠳᠬᠢᠯ ᠨᠢ ᠴᠡᠯᠮᠡᠨ ᠠᠭᠤᠵᠢᠷᠠᠵᠠᠢ᠃ ᠲᠡᠮᠦᠵᠢᠨ ᠡᠴᠡ ᠶᠠᠭᠠᠬᠢᠪᠠᠴᠤ ᠤᠷᠪᠠᠵᠤ ᠪᠣᠯᠬᠤ ᠦᠭᠡᠢ᠂ ᠪᠦᠷ ᠴᠢᠳᠠᠬᠤ ᠦᠭᠡᠢ ᠪᠡᠨ ᠢᠩᠭᠢᠵᠦ ᠬᠠᠰᠠᠷ ᠠᠩᠬ᠎ᠠ ᠤᠳᠠᠭ᠎ᠠ ᠭᠦᠨᠵᠡᠭᠡᠢ ᠮᠡᠳᠡᠷᠡᠭᠰᠡᠨ ᠪᠢᠯᠡ᠃ ᠲᠡᠭᠦᠨ ᠢ᠋ ᠣᠴᠢᠪᠠᠯ ᠥᠭᠡᠯᠦᠨ ᠡᠬᠡ ᠨᠢ ᠬᠠᠮᠤᠭ ᠠ᠋ᠴᠠ ᠶᠡᠬᠡ ᠪᠡᠷ ᠪᠠᠶᠠᠷᠯᠠᠨ᠎ᠠ ᠭᠡᠵᠦ ᠰᠠᠨᠠᠬᠤ ᠳ᠋ᠤ᠌ ᠦᠨᠡᠬᠡᠷ ᠰᠡᠳᠬᠢᠯ ᠳᠦᠭᠦᠷᠡᠩ ᠪᠣᠯᠵᠠᠢ᠃ ᠡᠬᠡ ᠶ᠋ᠢ ᠪᠡᠨ ᠶᠠᠭᠠᠬᠢᠵᠤ ᠰᠢᠨᠠᠯᠵᠤ ᠵᠣᠪᠠᠵᠤ ᠪᠠᠢᠭ᠎ᠠ ᠶ᠋ᠢ ᠬᠠᠰᠠᠷ ᠲᠣᠳᠣ ᠬᠠᠷᠠᠵᠤ ᠮᠡᠳᠡᠷᠡᠵᠦ ᠶᠠᠪᠤᠯ᠎ᠠ᠃  
       ᠬᠠᠷᠢᠨ ᠴᠢᠯᠠᠭᠤᠲᠠᠢ ᠶ᠋ᠢ ᠶᠠᠭᠠᠷᠠᠪᠴᠢᠯᠠᠨ ᠵᠠᠷᠤᠭᠰᠠᠨ ᠨᠢ ᠲᠡᠮᠦᠵᠢᠨ ᠦ᠌ ᠪᠣᠯᠭᠣᠮᠵᠢ ᠬᠠᠷᠠᠳᠠᠯᠭ᠎ᠠ ᠶᠡᠬᠡᠲᠡᠢ᠂ ᠬᠣᠯᠠ ᠶ᠋ᠢᠨ ᠪᠣᠳᠣᠯ ᠲᠠᠢ ᠶ᠋ᠢᠨ ᠬᠢ ᠲᠡᠳᠦᠢ ᠦᠭᠡᠢ᠂ ᠪᠠᠰᠠ ᠬᠡᠷᠡᠭ ᠶᠠᠪᠤᠳᠠᠯ ᠤ᠋ᠨ ᠪᠣᠯᠵᠣᠰᠢ ᠦᠭᠡᠢ ᠠᠶᠤᠮᠰᠢᠭᠲᠤ ᠡᠷᠭᠢᠯᠲᠡ ᠶ᠋ᠢ ᠵᠦᠩ ᠢ᠋ᠶ᠋ᠡᠷ ᠢ᠋ᠶ᠋ᠡᠨ ᠳᠠᠭᠠᠵᠤ ᠮᠡᠳᠡᠭᠰᠡᠨ ᠦ᠌ ᠬᠢ ᠪᠠᠢᠯ᠎ᠠ᠃ ᠬᠡᠷᠪᠡ ᠲᠡᠮᠦᠵᠢᠨ ᠡᠯᠴᠢ ᠵᠠᠷᠤᠭ᠎ᠠ ᠦᠭᠡᠢ ᠪᠣᠯ ᠵᠠᠮᠤᠬ᠎ᠠ ᠶ᠋ᠢᠨ ᠠᠷᠭ᠎ᠠ ᠵᠠᠯᠢ᠂ ᠠᠳᠬᠠᠭ ᠬᠣᠣᠷᠲᠤ ᠦᠭᠡᠨ ᠳ᠋ᠦ᠍ ᠠᠪᠲᠠᠭᠰᠠᠨ ᠬᠠᠰᠠᠷ ᠲᠠᠢᠯᠳᠠᠰᠢ ᠦᠭᠡᠢ ᠳᠠᠢᠰᠤᠨ ᠪᠣᠯᠤᠨ ᠬᠤᠪᠢᠷᠠᠬᠤ ᠪᠠᠢᠪᠠ᠃ ᠬᠠᠰᠠᠷ ᠤ᠋ᠨ ᠬᠦᠷᠢᠶ᠎ᠡ ᠶ᠋ᠢ ᠲᠤᠭᠤᠷᠢᠯ ᠬᠠᠨ ᠡᠵᠡᠯᠡᠨ ᠠᠪᠤᠭᠰᠠᠨ ᠢ᠋ ᠮᠡᠳᠡᠮᠡᠭᠴᠡ ᠯᠡ ᠲᠡᠮᠦᠵᠢᠨ ᠴᠠᠭᠠᠰᠢᠳᠠ ᠶᠠᠭᠤ ᠪᠣᠯᠬᠤ ᠶ᠋ᠢ ᠣᠢᠯᠠᠭᠠᠵᠤ ᠶᠡᠬᠡᠳᠡ ᠲᠦᠭᠰᠢᠭᠰᠡᠨ ᠪᠢᠯᠡ᠃ ᠲᠡᠷᠡ ᠪᠡᠷ ᠤᠳᠠᠬᠤ ᠦᠭᠡᠢ ᠳᠣᠪᠲᠣᠯᠤᠨ ᠢᠷᠡᠬᠦ ᠳᠠᠢᠰᠤᠨ ᠢ᠋ ᠬᠡᠷᠬᠢᠬᠦ ᠪᠡᠨ ᠪᠣᠳᠣᠬᠤ ᠠ᠋ᠴᠠ ᠢᠯᠡᠭᠦᠦ ᠳᠠᠢᠰᠤᠨ ᠤ᠋ ᠮᠡᠬᠡᠨ ᠳ᠋ᠦ᠍ ᠬᠠᠭᠤᠷᠲᠠᠵᠤ ᠮᠡᠳᠡᠬᠦ ᠳᠡᠭᠦᠦ ᠬᠠᠰᠠᠷ ᠤ᠋ᠨ ᠢ᠋ᠶ᠋ᠠᠨ ᠶᠠᠭᠤ ᠬᠢᠵᠦ ᠴᠢᠳᠠᠬᠤ ᠶ᠋ᠢ ᠡᠷᠭᠢᠴᠡᠭᠦᠯᠦᠨ ᠪᠣᠳᠣᠭᠰᠠᠭᠠᠷ ᠭᠦᠨᠵᠡᠭᠡᠢ ᠲᠦᠭᠰᠢᠭᠦᠷᠢ ᠳ᠋ᠦ᠍ ᠠᠪᠲᠠᠵᠠᠢ᠃ ᠦᠨᠡᠬᠡᠷ ᠬᠠᠰᠠᠷ ᠳᠠᠢᠰᠤᠨ ᠡᠲᠡᠭᠡᠳ ᠲᠡᠢ ᠰᠦᠯᠪᠡᠭᠡᠯᠳᠦᠪᠡᠯ ᠴᠢᠨᠣ᠎ᠠ ᠲᠠᠢ ᠨᠡᠢᠯᠡᠭᠰᠡᠨ ᠭᠡᠷ ᠦ᠋ᠨ ᠨᠣᠬᠠᠢ ᠰᠢᠭ᠋ ᠬᠠᠮᠤᠭ ᠤ᠋ᠨ ᠠᠶᠤᠯ ᠲᠠᠢ ᠳᠠᠢᠰᠤᠨ ᠪᠣᠯᠬᠤ ᠪᠢᠯᠡ᠃ ᠣᠯᠵᠠᠯᠠᠨ ᠠᠪᠤᠭᠰᠠᠨ ᠴᠦ᠍ ᠬᠠᠰᠠᠷ ᠢ᠋ ᠲᠤᠭᠤᠷᠢᠯ ᠬᠠᠨ ᠯᠠᠪ ᠠᠯᠠᠬᠤ ᠦᠭᠡᠢ᠃ ᠠᠯᠠᠴᠢᠬᠠᠪᠠᠯ ᠲᠡᠳᠡᠨ ᠳ᠋ᠦ᠍ ᠠᠰᠢᠭ ᠦᠭᠡᠢ᠂ ᠪᠦᠷ ᠬᠣᠣᠷ ᠪᠣᠯᠤᠨ᠎ᠠ᠃ ᠬᠠᠷᠢᠨ ᠬᠠᠰᠠᠷ ᠢ᠋ ᠲᠡᠮᠦᠵᠢᠨ ᠦ᠌ ᠡᠰᠡᠷᠭᠦ ᠲᠤᠷᠬᠢᠷᠠᠵᠤ ᠴᠢᠳᠠᠪᠠᠯ ᠬᠠᠮᠤᠭ ᠤ᠋ᠨ ᠲᠣᠮᠣ ᠣᠯᠵᠠ ᠭᠡᠳᠡᠭ ᠨᠢ ᠬᠡᠨ ᠳ᠋ᠦ᠍ ᠴᠦ᠍ ᠣᠢᠯᠠᠭᠠᠮᠵᠢᠲᠠᠢ ᠪᠠᠢᠪᠠ᠃ ᠰᠡᠳᠬᠢᠯ ᠰᠠᠨᠠᠭ᠎ᠠ ᠲᠣᠭᠲᠠᠪᠤᠷᠢ ᠦᠭᠡᠢ ᠠᠲᠠᠯ᠎ᠠ ᠪᠠᠨ ᠥᠪᠡᠷ ᠲᠡᠭᠡᠨ ᠳᠡᠩᠳᠡᠭᠦᠦ ᠢᠲᠡᠭᠡᠯᠲᠡᠢ᠂ ᠪᠠᠷᠳᠠᠮ ᠵᠠᠩ ᠲᠠᠢ ᠬᠠᠰᠠᠷ ᠤ᠋ᠨ ᠪᠣᠷᠵᠢᠭᠢᠨ ᠠᠢᠮᠠᠭ ᠤ᠋ᠨ ᠡᠵᠡᠨ ᠰᠠᠭᠤᠬᠤ ᠬᠦᠰᠡᠯ ᠢ᠋ ᠳᠡᠪᠡᠷᠡᠭᠡᠨ ᠬᠠᠳᠬᠤᠬᠤ ᠳ᠋ᠤ᠌ ᠲᠤᠢᠯ ᠤ᠋ᠨ ᠬᠢᠯᠪᠠᠷ ᠪᠥᠭᠡᠳ ᠵᠠᠮᠤᠬ᠎ᠠ ᠴᠦ᠍ ᠡᠨᠡ ᠵᠡᠷᠭᠡ ᠶ᠋ᠢ ᠰᠠᠨᠠᠵᠤ ᠰᠡᠳᠦᠬᠦ ᠲᠡᠢ ᠬᠥᠮᠦᠨ ᠲᠤᠯᠠ ᠲᠡᠮᠦᠵᠢᠨ ᠶᠠᠭᠠᠷᠠᠪᠴᠢᠯᠠᠬᠤ ᠦᠭᠡᠢ ᠪᠣᠯ ᠪᠣᠯᠬᠤ ᠦᠭᠡᠢ᠃ ᠶᠠᠭᠤᠨ ᠤ᠋ ᠡᠮᠦᠨ᠎ᠡ ᠬᠠᠰᠠᠷ ᠦᠭᠡ ᠶ᠋ᠢ ᠨᠢ ᠢᠳᠡᠭᠡᠨ ᠬᠦᠯᠢᠶᠡᠵᠦ ᠠᠪᠬᠤᠢᠴᠠ ᠡᠯᠴᠢ ᠣᠯᠬᠤ ᠬᠡᠷᠡᠭᠲᠡᠢ ᠪᠣᠯᠪᠠ᠃ ᠠᠰᠢᠭᠦᠢ ᠲᠡᠭᠦᠨ ᠲᠡᠢ ᠬᠠᠮᠲᠤ ᠬᠠᠰᠠᠷ ᠤ᠋ᠨ ᠰᠢᠳᠠᠷ ᠴᠢᠯᠠᠭᠤᠲᠠᠢ ᠶᠠᠪᠤᠭᠰᠠᠨ ᠨᠢ ᠠᠵᠠ ᠪᠣᠯᠪᠠ᠃ ᠲᠤᠭᠤᠷᠢᠯ᠂ ᠵᠠᠮᠤᠬ᠎ᠠ ᠨᠠᠷ ᠲᠤ ᠴᠣᠬᠢᠭᠳᠠᠭᠰᠠᠨ ᠲᠡᠮᠦᠵᠢᠨ ᠴᠡᠷᠢᠭ ᠢ᠋ᠶ᠋ᠡᠨ ᠤᠬᠤᠷᠢᠭᠠᠵᠤ ᠵᠠᠢᠯᠠᠨ ᠣᠳᠬᠤ ᠵᠠᠭᠤᠷ᠎ᠠ ᠪᠠᠨ ᠴᠢᠯᠠᠭᠤᠲᠠᠢ ᠳ᠋ᠤ᠌ ᠦᠭᠡ ᠲᠠᠢᠵᠤ ᠲᠤᠭᠤᠷᠢᠯ ᠤ᠋ᠨ ᠬᠦᠷᠢᠶᠡᠨ ᠳ᠋ᠦ᠍ ᠢᠯᠡᠭᠡᠭᠰᠡᠨ ᠨᠢ ᠡᠨᠡ ᠪᠣᠯᠵᠠᠢ᠃ ᠲᠡᠮᠦᠵᠢᠨ ᠬᠡᠷᠡᠭ ᠦ᠋ᠨ ᠤᠴᠢᠷ ᠢ᠋ ᠰᠡᠷᠭᠡᠭ ᠲᠠᠢᠯᠵᠤ᠂ ᠴᠢᠯᠠᠭᠤᠲᠠᠢ ᠶ᠋ᠢ ᠴᠠᠭ ᠠᠯᠳᠠᠯ ᠦᠭᠡᠢ ᠢᠯᠡᠭᠡᠵᠦ ᠤᠬᠠᠭᠠᠨ ᠲᠠᠢ᠂ ᠣᠨᠣᠴᠠᠲᠠᠢ ᠦᠭᠡ ᠬᠡᠯᠡᠭᠦᠯᠦᠭᠰᠡᠨ ᠨᠢ ᠬᠠᠰᠠᠷ ᠢ᠋ ᠤᠷᠪᠠᠨ ᠲᠡᠷᠰᠯᠡᠬᠦ ᠡᠴᠡ ᠰᠡᠷᠭᠡᠢᠯᠡᠵᠦ ᠢᠩᠭᠢᠭᠰᠡᠨ ᠢ᠋ᠶ᠋ᠡᠷ ᠢ᠋ᠶ᠋ᠡᠨ ᠥᠪᠡᠷ ᠢ᠋ ᠪᠡᠨ ᠠᠪᠤᠷᠠᠪᠠ᠃ ᠴᠣᠬᠣᠮ ᠢ᠋ ᠬᠡᠯᠡᠪᠡᠯ ᠲᠡᠮᠦᠵᠢᠨ ᠬᠠᠰᠠᠷ ᠬᠣᠶᠠᠷ ᠤ᠋ᠨ ᠤᠬᠠᠭᠠᠨ ᠪᠢᠰᠢ ᠬᠠᠷᠢᠨ ᠥᠭᠡᠯᠦᠨ ᠡᠬᠡ ᠶ᠋ᠢᠨ ᠬᠥᠪᠡᠭᠦᠳ ᠢ᠋ᠶ᠋ᠡᠨ ᠬᠠᠢᠷᠠᠯᠠᠨ ᠥᠰᠬᠡᠵᠦ ᠴᠢᠳᠠᠭᠰᠠᠨ ᠠᠭᠤᠤ ᠰᠡᠳᠬᠢᠯ ᠲᠤᠰᠠ ᠪᠣᠯᠤᠭᠰᠠᠨ ᠪᠢᠯᠡ᠃ ᠲᠡᠢᠮᠦ ᠴᠦ᠍ ᠤᠴᠢᠷ ᠠ᠋ᠴᠠ ᠬᠠᠰᠠᠷ ᠤ᠋ᠨ ᠣᠯᠵᠠᠯᠠᠭᠳᠠᠭᠰᠠᠨ ᠳ᠋ᠤ᠌ ᠥᠪᠡᠷ ᠢ᠋ ᠪᠡᠨ ᠪᠤᠷᠤᠭᠤᠳᠬᠠᠭᠰᠠᠨ ᠤᠬᠠᠭᠠᠷᠠᠯ ᠤ᠋ᠨ ᠦᠭᠡ ᠶ᠋ᠢ ᠡᠬᠡ ᠶ᠋ᠢᠨ ᠢ᠋ᠶ᠋ᠡᠨ ᠰᠡᠳᠬᠢᠯ ᠢ᠋ ᠰᠠᠨᠠᠬᠤ ᠤᠴᠢᠷ ᠤ᠋ᠨ ᠬᠠᠮᠲᠤ ᠨᠡᠩ ᠲᠣᠳᠣ ᠥᠭᠦᠯᠡᠨ ᠬᠡᠯᠡᠵᠦ ᠶᠠᠪᠤᠭᠤᠯᠤᠭᠰᠠᠨ ᠨᠢ ᠣᠨᠣᠪᠠ᠃ ᠲᠡᠮᠦᠵᠢᠨ ᠬᠣᠭᠣᠯᠠ ᠤᠮᠳᠠ ᠦᠭᠡᠢ᠂ ᠶᠠᠳᠠᠷᠠᠵᠤ ᠡᠴᠡᠭᠰᠡᠨ ᠴᠥᠭᠡᠨ ᠨᠥᠬᠥᠳ ᠢ᠋ᠶ᠋ᠡᠨ ᠳᠠᠭᠠᠭᠤᠯᠤᠨ ᠬᠠᠯᠬ᠎ᠠ ᠭᠣᠣᠯ ᠤᠷᠤᠭᠤᠳᠠᠨ ᠶᠠᠪᠤᠵᠤ ᠪᠠᠢᠬᠤ ᠳ᠋ᠠᠭᠠᠨ ᠴᠢᠯᠠᠭᠤᠲᠠᠢ ᠣᠴᠢᠵᠤ ᠴᠢᠳᠠᠯ ᠦᠭᠡᠢ ᠠᠯᠠᠭᠤᠯᠤᠭᠰᠠᠨ᠂ ᠠᠯᠢ ᠡᠰᠡᠪᠡᠯ ᠬᠠᠰᠠᠷ ᠲᠡᠭᠦᠨ ᠦ᠌ ᠦᠭᠡ ᠶ᠋ᠢ ᠲᠣᠭᠣᠬᠤ ᠦᠭᠡᠢ ᠲᠣᠭᠣᠷᠢᠯ ᠤ᠋ᠨ ᠲᠠᠯ᠎ᠠ ᠳ᠋ᠤ᠌ ᠣᠷᠣᠭᠰᠠᠨ ᠪᠠᠢᠪᠠᠯ ᠶᠠᠭᠠᠬᠢᠨ᠎ᠠ ᠭᠡᠵᠦ ᠲᠦᠭᠰᠢᠨ ᠪᠣᠳᠣᠭᠰᠠᠭᠠᠷ ᠶᠠᠪᠤᠪᠠ᠃ ᠠᠮᠢ ᠨᠠᠭᠠᠨ᠎ᠠ᠂ ᠲᠠᠮᠤ ᠴᠠᠭᠠᠨ᠎ᠠ ᠵᠢᠭᠤᠲᠠᠵᠤ ᠣᠯᠠᠨ ᠬᠣᠨᠣᠭ ᠮᠣᠷᠢᠨ ᠤ᠋ ᠶᠠᠪᠤᠳᠠᠯ ᠳ᠋ᠤ᠌ ᠠᠭᠰᠠᠭᠳᠠᠵᠤ ᠶᠠᠳᠠᠷᠠᠭᠰᠠᠨ ᠴᠦ᠍ ᠭᠣᠮᠣᠳᠠᠯ ᠤ᠋ᠨ ᠭᠠᠭᠴᠠ ᠦᠭᠡ ᠦᠯᠦ ᠤᠨᠠᠭᠠᠬᠤ ᠥᠭᠡᠯᠦᠨ ᠡᠬᠡ ᠶ᠋ᠢ ᠪᠡᠨ ᠬᠠᠷᠠᠬᠤ ᠪᠦᠷᠢ ᠶᠠᠭ ᠥᠪᠡᠷ ᠲᠡᠢ ᠨᠢ ᠠᠳᠠᠯᠢ ᠬᠠᠰᠠᠷ ᠤ᠋ᠨ ᠲᠤᠬᠠᠢ ᠪᠣᠳᠣᠯ ᠳ᠋ᠤ᠌ ᠠᠪᠲᠠᠨ ᠰᠢᠨᠠᠯᠵᠤ ᠶᠠᠪᠤᠭ᠎ᠠ ᠶ᠋ᠢ ᠮᠡᠳᠡᠭᠳᠡᠨ᠎ᠡ᠃ ᠬᠠᠰᠠᠷ ᠬᠥᠪᠡᠭᠦᠨ ᠦ᠌ ᠪᠡᠨ ᠵᠠᠩ ᠢ᠋ ᠥᠭᠡᠯᠦᠨ ᠭᠠᠷᠭᠠᠭᠤᠳ ᠮᠡᠳᠡᠬᠦ ᠲᠤᠯᠠ ᠲᠡᠮᠦᠵᠢᠨ ᠬᠥᠪᠡᠭᠦᠨ ᠦ᠌ ᠪᠡᠨ ᠶᠠᠭᠤᠨ ᠠ᠋ᠴᠠ ᠢᠩᠭᠢᠲᠡᠯ᠎ᠡ ᠪᠡᠨ ᠠᠶᠤᠵᠤ ᠲᠦᠭᠰᠢᠵᠦ ᠶᠠᠪᠤᠭ᠎ᠠ ᠶ᠋ᠢ ᠰᠠᠢᠨ ᠮᠡᠳᠡᠵᠦ ᠪᠠᠢᠪᠠ᠃ ᠭᠡᠪᠡᠴᠦ ᠬᠠᠮᠤᠭ ᠬᠡᠷᠡᠭ ᠮᠠᠭᠤ ᠪᠠᠷ ᠡᠷᠭᠢᠵᠦ ᠬᠠᠰᠠᠷ ᠬᠥᠪᠡᠭᠦᠨ ᠨᠢ ᠠᠬ᠎ᠠ ᠶ᠋ᠢ ᠪᠡᠨ ᠳᠣᠪᠲᠣᠯᠤᠨ ᠢᠷᠡᠪᠡᠯ ᠥᠭᠡᠯᠦᠨ ᠲᠡᠮᠦᠵᠢᠨ ᠢ᠋ ᠪᠡᠨ ᠦᠬᠦᠲᠡᠯ᠎ᠡ ᠪᠡᠨ ᠬᠠᠮᠠᠭᠠᠯᠠᠨ᠎ᠠ ᠭᠡᠵᠦ ᠬᠠᠲᠠᠭᠤ ᠰᠢᠢᠳᠴᠡᠢ᠃ ᠡᠬᠡ ᠶ᠋ᠢ ᠪᠡᠨ ᠨᠢᠳᠦ ᠪᠡᠨ ᠪᠦᠯᠲᠡᠢᠲᠡᠯ᠎ᠡ ᠬᠠᠷᠠᠵᠤ ᠪᠠᠢᠬᠤ ᠳ᠋ᠤ᠌ ᠬᠠᠰᠠᠷ ᠠᠷᠠᠢ ᠴᠦ᠍ ᠠᠬ᠎ᠠ ᠳ᠋ᠠᠭᠠᠨ ᠮᠠᠭᠤ ᠶᠠᠭᠤᠮ᠎ᠠ ᠬᠢᠵᠦ ᠵᠢᠷᠦᠬᠡᠯᠡᠬᠦ ᠦᠭᠡᠢ ᠪᠢᠵᠡ ᠭᠡᠵᠦ ᠪᠣᠳᠣᠭᠰᠠᠨ ᠳ᠋ᠠᠭᠠᠨ ᠲᠡᠮᠦᠵᠢᠨ ᠡᠴᠡ ᠡᠳᠦᠷ ᠰᠥᠨᠢ ᠢᠯᠭᠠᠯ ᠦᠭᠡᠢ ᠠᠯᠬᠤᠮ ᠴᠦ᠍ ᠬᠣᠯᠠᠳᠠᠭᠰᠠᠨ ᠦᠭᠡᠢ᠃ ᠲᠡᠮᠦᠵᠢᠨ ᠬᠥᠪᠡᠭᠦᠨ ᠳ᠋ᠦ᠍ᠨᠢ ᠣᠳᠣ ᠬᠠᠮᠤᠭ ᠤ᠋ᠨ ᠪᠡᠷᠬᠡ ᠬᠡᠴᠡᠭᠦᠦ ᠴᠠᠭ ᠮᠥᠴᠡ ᠢᠷᠡᠭᠰᠡᠨ ᠢ᠋᠂ ᠲᠡᠭᠦᠨ ᠢ᠋ ᠦᠬᠦᠯ ᠢᠯᠠᠭᠳᠠᠯ ᠠ᠋ᠴᠠ ᠠᠪᠤᠷᠠᠨ ᠬᠠᠮᠠᠭᠠᠯᠠᠬᠤ ᠬᠡᠷᠡᠭᠲᠡᠢ ᠪᠣᠯᠤᠭᠰᠠᠨ ᠢ᠋ ᠥᠭᠡᠯᠦᠨ᠂ ᠡᠬᠡ ᠬᠥᠮᠦᠨ ᠦ᠌ ᠵᠦᠩ ᠰᠣᠪᠢᠩ ᠢ᠋ᠶ᠋ᠠᠷ ᠢ᠋ᠶ᠋ᠠᠨ ᠮᠡᠳᠡᠷᠡᠵᠡᠢ᠃ ᠲᠤᠭᠤᠷᠢᠯ ᠤ᠋ᠨ ᠳᠡᠷᠭᠡᠳᠡ ᠣᠴᠢᠭᠰᠠᠨ ᠬᠠᠰᠠᠷ ᠳᠣᠪᠲᠣᠯᠤᠨ ᠢᠷᠡᠪᠡᠯ ᠲᠡᠮᠦᠵᠢᠨ ᠢ᠋ ᠭᠠᠷᠴᠠᠭ᠎ᠠ ᠦᠭᠡᠢ ᠦᠬᠦᠯ ᠡᠴᠡ ᠠᠪᠤᠷᠠᠬᠤ ᠭᠠᠭᠴᠠ ᠬᠥᠮᠦᠨ ᠪᠣᠯ ᠦᠨᠡᠬᠡᠷ ᠥᠭᠡᠯᠦᠨ ᠶᠦᠮ᠃ ᠲᠡᠮᠦᠵᠢᠨ ᠴᠦ᠍ ᠭᠡᠰᠡᠨ ᠲᠣᠭᠣᠷᠢᠯ ᠵᠠᠮᠤᠬ᠎ᠠ ᠬᠣᠶᠠᠷ ᠠ᠋ᠴᠠ ᠠᠶᠤᠭᠰᠠᠨ ᠦᠭᠡᠢ᠂ ᠬᠠᠷᠢᠨ ᠲᠡᠳᠡᠨ ᠲᠡᠢ ᠨᠡᠢᠯᠡᠭᠰᠡᠨ ᠬᠠᠰᠠᠷ ᠠ᠋ᠴᠠ ᠠᠶᠤᠵᠤ ᠬᠠᠷᠠᠩᠭᠤᠢ ᠰᠥᠨᠢ ᠴᠦ᠍ ᠬᠠᠷ᠎ᠠ ᠨᠢᠳᠦ ᠪᠡᠨ ᠬᠠᠮᠬᠢᠬᠤ ᠦᠭᠡᠢ ᠶᠠᠪᠤᠵᠠᠢ᠃ ᠬᠠᠰᠠᠷ ᠳᠠᠭᠠᠷᠢᠨ ᠢᠷᠡᠪᠡᠯ ᠲᠡᠭᠦᠨ ᠲᠡᠢ ᠵᠣᠷᠢᠭᠯᠠᠨ ᠲᠤᠯᠬᠤ ᠬᠥᠮᠦᠨ ᠭᠠᠷᠬᠤ ᠡᠰᠡᠬᠦ ᠨᠢ ᠡᠷᠡᠭᠡᠯᠵᠡᠭᠡ ᠲᠡᠢ᠃ ᠵᠣᠷᠢᠭᠲᠤ ᠵᠦᠷᠴᠢᠳᠡᠢ ᠴᠦ᠍ ᠠᠶᠤᠨ ᠵᠠᠢᠯᠠᠬᠤ ᠪᠢᠵᠡ᠃ ᠡᠴᠦᠰ ᠲᠦ᠋ᠨᠢ ᠲᠡᠮᠦᠵᠢᠨ ᠯᠡ ᠦᠯᠡᠳᠡᠵᠦ ᠲᠠᠭᠠᠷᠠᠨ᠎ᠠ᠃ ᠢᠩᠭᠢᠭᠡᠳ ᠶᠢᠰᠦᠭᠡᠢ ᠶ᠋ᠢᠨ ᠬᠣᠶᠠᠷ ᠬᠦᠦ ᠡᠷᠡᠭᠴᠢᠨ ᠡᠮᠡᠭᠴᠢᠨ ᠢ᠋ᠶ᠋ᠡᠨ ᠦᠵᠡᠯᠴᠡᠵᠦ ᠬᠡᠨ ᠠᠮᠢᠳᠤ ᠦᠯᠡᠳᠡᠭᠰᠡᠨ ᠨᠢ ᠡᠵᠡᠨ ᠰᠠᠭᠤᠬᠤ ᠪᠣᠯᠤᠨ᠎ᠠ᠃ ᠲᠡᠮᠦᠵᠢᠨ ᠬᠠᠰᠠᠷ ᠢ᠋ ᠳᠡᠢᠯᠬᠦ ᠦᠭᠡᠢ ᠭᠡᠵᠦ ᠪᠣᠳᠣᠪᠠᠴᠤ ᠡᠭᠦᠨ ᠳ᠋ᠦ᠍  ᠬᠦᠷᠭᠡᠬᠦ ᠶ᠋ᠢ ᠣᠭᠲᠣ ᠬᠦᠰᠡᠭᠰᠡᠨ ᠦᠭᠡᠢ᠃ ᠬᠠᠰᠠᠷ ᠢ᠋ ᠲᠡᠭᠦᠨ ᠳ᠋ᠦ᠍ ᠡᠷᠭᠢᠭᠦᠯᠦᠨ ᠶᠠᠪᠤᠭᠤᠯᠬᠤ ᠶ᠋ᠢ ᠲᠩᠷᠢ ᠡᠴᠡ ᠣᠯᠠᠨᠲᠠ ᠭᠤᠶᠤᠪᠠ᠃ ᠦᠨᠡᠬᠡᠷ ᠡᠨᠡ ᠤᠳᠠᠭ᠎ᠠ ᠲᠩᠷᠢ ᠳᠠᠬᠢᠭᠠᠳ ᠯᠠ ᠲᠡᠭᠦᠨ ᠦ᠌ ᠦᠭᠡ ᠶ᠋ᠢ ᠰᠣᠨᠣᠰᠴᠠᠢ᠃ ᠪᠠᠯᠵᠤᠨ ᠨᠠᠭᠤᠷ ᠤ᠋ᠨ ᠳᠡᠷᠭᠡᠳᠡ ᠪᠠᠭᠤᠳᠠᠯᠯᠠᠭᠠᠳ ᠪᠠᠢᠲᠠᠯ᠎ᠠ ᠬᠣᠢᠲᠤ ᠲᠠᠯ᠎ᠠ ᠠ᠋ᠴᠠ ᠭᠤᠷᠪᠠᠨ ᠮᠣᠷᠢᠲᠠᠨ ᠭᠤᠢᠪᠠᠨ ᠭᠡᠯᠳᠦᠷᠢᠭᠦᠯᠦᠭᠰᠡᠭᠡᠷ ᠠᠢᠰᠤᠢ᠃ ᠤᠳᠠᠭᠠᠨ ᠬᠦᠯᠢᠶᠡᠭᠰᠡᠨ ᠦ᠌ ᠡᠴᠦᠰ ᠲᠦ᠍ ᠡᠴᠡᠵᠦ ᠭᠠᠩᠬᠤᠭᠰᠠᠨ ᠮᠣᠷᠢᠲᠠᠢ ᠠᠷᠠᠢᠬᠠᠨ ᠢᠷᠡᠭᠰᠡᠨ ᠲᠡᠷᠡ ᠬᠥᠮᠦᠨ ᠪᠣᠯ ᠬᠠᠰᠠᠷ ᠪᠣᠯᠬᠤ ᠶ᠋ᠢ ᠲᠡᠮᠦᠵᠢᠨ ᠲᠠᠨᠢᠪᠠ᠃ ᠲᠤᠷᠠᠵᠤ ᠡᠴᠡᠭᠡᠳ ᠭᠣᠷᠢᠩᠬᠠᠯᠠᠭᠰᠠᠨ ᠨᠣᠬᠠᠢ ᠰᠢᠭ᠋ ᠪᠣᠯᠤᠭᠰᠠᠨ ᠬᠠᠰᠠᠷ ᠠᠬ᠎ᠠ ᠪᠣᠯᠤᠭᠠᠳ ᠡᠬᠡ ᠶ᠋ᠢ ᠪᠠᠨ ᠦᠵᠡᠮᠡᠭᠴᠡ ᠬᠠᠮᠢᠭ᠎ᠠ ᠠ᠋ᠴᠠ ᠨᠢ ᠭᠠᠷᠪᠠ ᠭᠡᠮᠡᠷ ᠳᠦᠭᠦᠷᠡᠩ ᠨᠢᠯᠪᠤᠰᠤ ᠴᠤᠪᠤᠷᠠᠭᠤᠯᠬᠤ ᠲᠡᠮᠦᠵᠢᠨ ᠬᠠᠰᠠᠷ ᠳᠡᠭᠦᠦ ᠪᠡᠨ ᠤᠶᠠᠷᠠᠨ ᠬᠠᠢᠷᠠᠯᠠᠨ ᠲᠡᠪᠡᠷᠢᠨ ᠠᠪᠤᠭᠰᠠᠨ ᠪᠢᠯᠡ᠃ 
          — ᠪᠢ ᠴᠢᠯᠠᠭᠤᠲᠠᠢ ᠶ᠋ᠢᠨ ᠦᠭᠡ ᠶ᠋ᠢ ᠰᠣᠨᠣᠰᠤᠮᠠᠭᠴᠠ ᠪᠠᠨ  
             ᠥᠴᠦᠬᠡᠨ ᠬᠥᠪᠡᠭᠦᠳ ᠢ᠋ᠶ᠋ᠡᠨ ᠡᠬᠡ ᠲᠡᠢ ᠨᠢ ᠣᠷᠬᠢᠭᠠᠳ  
             ᠥᠭᠡᠯᠦᠨ ᠡᠵᠢ ᠶ᠋ᠢ ᠪᠡᠨ ᠲᠡᠮᠡᠴᠡᠨ ᠵᠣᠷᠢᠵᠤ        
             ᠥᠷᠥᠰᠢᠶᠡᠯᠲᠦ ᠠᠬ᠎ᠠ ᠲᠠᠨ ᠢ᠋ ᠪᠡᠨ ᠡᠷᠢᠵᠦ  
             ᠥᠴᠦᠬᠡᠨ ᠠᠮᠢ ᠪᠠᠨ ᠵᠣᠯᠢᠨ ᠵᠢᠳᠬᠦᠵᠦ  
             ᠣᠳᠣᠳ ᠢ᠋ ᠨᠥᠮᠥᠷᠴᠦ   
             ᠣᠷᠪᠣᠩ ᠢ᠋ ᠳᠡᠷᠡᠯᠡᠵᠦ  
             ᠬᠡᠴᠡ ᠲᠦᠰᠢᠵᠦ  
             ᠬᠡᠭᠡᠷ᠎ᠡ ᠬᠣᠨᠣᠵᠤ  
             ᠰᠢᠷᠢ ᠵᠠᠵᠢᠯᠠᠵᠤ  
             ᠰᠢᠷᠪᠥᠰᠥ ᠢᠳᠡᠵᠦ  
             ᠤᠨᠲᠠᠬᠤ ᠨᠣᠢᠷ ᠢ᠋ᠶ᠋ᠠᠨ ᠬᠠᠰᠤᠵᠤ  
             ᠤᠨᠤᠬᠤ ᠮᠣᠷᠢ ᠪᠠᠨ ᠡᠴᠡᠭᠡᠵᠦ ᠶᠠᠪᠤᠭᠰᠠᠭᠠᠷ ᠠᠷᠠᠢᠬᠠᠨ ᠢᠷᠡᠪᠡ ᠭᠡᠬᠦ ᠶ᠋ᠢ ᠰᠣᠨᠣᠰᠤᠭᠠᠳ ᠬᠠᠰᠠᠷ ᠳᠡᠭᠦᠦ ᠨᠢ ᠲᠡᠭᠦᠨ ᠳ᠋ᠦ᠍ ᠶᠠᠭᠤ ᠪᠠᠷ ᠴᠦ᠍ ᠰᠣᠯᠢᠵᠤ ᠪᠣᠯᠣᠰᠢ ᠦᠭᠡᠢ ᠦᠨ᠎ᠡ ᠲᠡᠢ ᠶ᠋ᠢ ᠲᠡᠮᠦᠵᠢᠨ ᠰᠡᠳᠬᠢᠯ ᠳᠣᠲᠣᠷ᠎ᠠ ᠪᠠᠨ ᠥᠪᠡᠷ ᠦ᠋ᠨ ᠡᠷᠬᠡ ᠦᠭᠡᠢ ᠬᠦᠯᠢᠶᠡᠨ ᠵᠥᠪᠰᠢᠶᠡᠷᠡᠭᠰᠡᠨ ᠪᠢᠯᠡ᠃ ᠥᠭᠡᠯᠦᠨ ᠡᠬᠡ ᠨᠢ ᠬᠠᠰᠠᠷ ᠬᠥᠪᠡᠭᠦᠨ ᠢ᠋ᠶ᠋ᠡᠨ ᠦᠵᠡᠭᠡᠳ ᠦᠷᠦ ᠡᠪᠡᠳᠦᠨ ᠬᠠᠢᠷᠠᠯᠠᠬᠤ ᠳ᠋ᠠᠭᠠᠨ ᠬᠠᠲᠠᠭᠤ ᠰᠢᠷᠦᠭᠦᠨ ᠢ᠋ ᠳᠠᠪᠠᠵᠤ᠂ ᠬᠠᠯᠠᠭᠤᠨ ᠬᠦᠢᠲᠡᠨ ᠢ᠋ ᠲᠤᠭᠤᠯᠵᠤ᠂ ᠥᠨᠥᠴᠢᠨ ᠶᠠᠳᠠᠭᠤ ᠶᠠᠪᠤᠵᠤ᠂ ᠶᠠᠳᠠᠷᠠᠵᠤ ᠵᠦᠳᠡᠷᠡᠵᠦ ᠶᠠᠪᠤᠵᠤ ᠪᠠᠢᠭᠰᠠᠨ ᠠ᠋ᠴᠠ ᠪᠠᠨ ᠴᠦ᠍ ᠢᠯᠡᠭᠦᠦ ᠰᠢᠨᠠᠯᠤᠨ ᠵᠣᠪᠠᠭᠰᠠᠨ ᠮᠡᠲᠦ ᠭᠠᠰᠢᠭᠤᠨ ᠢ᠋ᠶ᠋ᠠᠷ ᠤᠬᠢᠯᠠᠬᠤ ᠶ᠋ᠢ ᠦᠵᠡᠭᠰᠡᠨ ᠪᠦᠭᠦᠳᠡ ᠶ᠋ᠢᠨ ᠡᠯᠢᠭᠡ ᠡᠮᠲᠡᠷᠡᠵᠦ ᠰᠡᠳᠬᠢᠯ ᠰᠢᠮᠰᠢᠷᠡᠨ ᠳᠠᠭᠠᠵᠤ ᠤᠬᠢᠯᠠᠪᠠ᠃ ᠲᠡᠷᠡ ᠦᠶ᠎ᠡ ᠳ᠋ᠦ᠍ ᠲᠡᠮᠦᠵᠢᠨ ᠳ᠋ᠦ᠍ ᠶᠡᠷᠦ ᠳ᠋ᠡᠭᠡᠨ ᠶᠠᠪᠠᠭᠠᠨ ᠨᠢᠴᠦᠭᠦᠨ ᠬᠣᠶᠠᠷ ᠮᠢᠩᠭ᠎ᠠ ᠵᠢᠷᠭᠤᠭᠠᠨ ᠵᠠᠭᠤᠨ ᠬᠥᠮᠦᠨ ᠦᠯᠡᠳᠡᠭᠰᠡᠨ ᠪᠠᠢᠪᠠ᠃ ᠲᠣᠭᠣᠷᠢᠯ ᠤ᠋ᠨ ᠭᠡᠨᠡᠳᠲᠡ ᠶ᠋ᠢᠨ ᠳᠠᠭᠠᠷᠢᠯᠲᠠ ᠳ᠋ᠤ᠌ ᠥᠷᠲᠥᠭᠰᠡᠨ ᠪᠤᠰᠤᠳ ᠴᠡᠷᠢᠭ ᠦ᠋ᠳ ᠨᠢ ᠬᠣᠴᠣᠷᠴᠤ ᠲᠠᠷᠠᠭᠠᠳ ᠲᠤᠰ ᠲᠤᠰ ᠤ᠋ᠨ ᠨᠤᠲᠤᠭ ᠠ᠋ᠴᠠ ᠢᠷᠡᠵᠦ ᠠᠮᠵᠢᠭ᠎ᠠ ᠦᠭᠡᠢ ᠲᠤᠯᠠ ᠲᠡᠮᠦᠵᠢᠨ ᠣᠳᠣ ᠶᠠᠮᠠᠷ ᠴᠦ᠍ ᠳᠠᠢᠰᠤᠨ ᠲᠠᠢ ᠲᠤᠯᠭᠠᠷᠠᠭᠰᠠᠨ ᠴᠦ᠍ ᠢᠯᠠᠬᠤ ᠳ᠋ᠤ᠌ ᠪᠡᠷᠬᠡ ᠪᠣᠯᠵᠠᠢ᠃ ᠤᠮᠳᠠ ᠬᠣᠭᠣᠯᠠ ᠦᠭᠡᠢ᠂ ᠤᠨᠤᠭ᠎ᠠ ᠮᠣᠷᠢ ᠦᠭᠡᠢ ᠴᠡᠷᠢᠭ ᠦ᠋ᠳ ᠶᠠᠭᠤᠨ ᠤ᠋ ᠲᠦᠷᠦᠭᠦᠨ ᠳ᠋ᠦ᠍ ᠰᠡᠳᠬᠢᠯ ᠢ᠋ᠶ᠋ᠡᠷ ᠦᠬᠦᠵᠦ ᠪᠠᠢᠭ᠎ᠠ ᠨᠢ ᠪᠦᠬᠦᠨ ᠡᠴᠡ ᠬᠡᠴᠡᠭᠦᠦ ᠪᠠᠢᠯ᠎ᠠ᠃ ᠲᠣᠭᠣᠷᠢᠯ ᠪᠣᠯᠤᠭᠠᠳ ᠵᠠᠮᠤᠬ᠎ᠠ ᠶ᠋ᠢᠨ ᠳᠣᠪᠲᠣᠯᠭ᠎ᠠ ᠶ᠋ᠢ ᠲᠡᠰᠴᠦ ᠠᠮᠢᠳᠤ ᠮᠡᠨᠳᠦ ᠮᠤᠯᠲᠤᠷᠠᠬᠤ ᠰᠠᠢᠨ ᠠᠷᠭ᠎ᠠ ᠲᠡᠮᠦᠵᠢᠨ ᠳ᠋ᠦ᠍ ᠪᠣᠳᠣᠭᠳᠠᠬᠤ ᠦᠭᠡᠢ ᠣᠯᠠᠨ ᠬᠣᠨᠣᠵᠤ ᠪᠠᠢᠪᠠ᠃ ᠬᠠᠰᠠᠷ ᠢ᠋ ᠢᠷᠡᠪᠡ ᠭᠡᠵᠦ ᠲᠠᠷᠭᠤᠨ ᠬᠤᠯᠠᠨ ᠠᠯᠠᠨ ᠮᠢᠬ᠎ᠠ ᠶ᠋ᠢ ᠨᠢ ᠴᠢᠨᠠᠵᠤ ᠢᠳᠡᠭᠡᠳ ᠪᠠᠯᠵᠤᠨ ᠨᠠᠭᠤᠷ ᠤ᠋ᠨ ᠤᠰᠤ ᠶ᠋ᠢ ᠠᠷᠢᠬᠢᠨ ᠤ᠋ ᠣᠷᠣᠨ ᠳ᠋ᠤ᠌ ᠡᠷᠭᠦᠵᠦ  
          ᠠᠲᠠᠭᠠᠲᠤ ᠳᠠᠢᠰᠤᠨ ᠠ᠋ᠴᠠ ᠵᠢᠭᠤᠲᠠᠵᠤ  
          ᠠᠮᠢ ᠵᠤᠯᠪᠠᠨ ᠶᠠᠪᠤᠬᠤ ᠶ᠋ᠢᠨ ᠴᠠᠭ ᠲᠤ  
          ᠬᠠᠶᠠᠵᠤ ᠣᠷᠬᠢᠵᠤ ᠶᠠᠪᠤᠯ ᠦᠭᠡᠢ  
          ᠬᠠᠯᠠᠭᠤᠨ ᠠᠮᠢ ᠪᠠᠨ ᠳᠠᠨᠴᠢᠭᠢᠨᠠᠨ  
          ᠬᠠᠯᠬ᠎ᠠ ᠨᠥᠮᠥᠷᠢ ᠪᠣᠯᠤᠯᠴᠠᠵᠤ   
          ᠬᠠᠮᠤᠭ ᠵᠣᠪᠠᠯᠠᠩ ᠢ᠋ ᠬᠤᠪᠢᠶᠠᠯᠴᠠᠭᠰᠠᠨ  
          ᠦᠨᠡᠨᠴᠢ ᠨᠥᠬᠥᠳ ᠲᠠ ᠨᠠᠷ ᠤ᠋ᠨ  
          ᠥᠭᠦᠯᠡᠵᠦ ᠪᠠᠷᠠᠰᠢ ᠦᠭᠡᠢ ᠲᠤᠰᠠ ᠶ᠋ᠢ ᠪᠢ  
          ᠭᠠᠵᠠᠷ ᠲᠤ᠌ ᠮᠥᠩᠬᠡᠷᠡᠪᠡᠴᠦ ᠮᠠᠷᠲᠠᠬᠤ ᠦᠭᠡᠢ  
          ᠲᠩᠷᠢ ᠳ᠋ᠦ᠍ ᠭᠠᠷᠪᠠᠴᠤ ᠤᠮᠠᠷᠲᠠᠬᠤ ᠦᠭᠡᠢ ᠭᠡᠵᠦ ᠲᠡᠮᠦᠵᠢᠨ ᠬᠣᠭᠣᠯᠠᠢ ᠵᠠᠩᠭᠢᠷᠠᠭᠤᠯᠤᠨ ᠪᠠᠢᠵᠤ ᠲᠠᠩᠭᠠᠷᠢᠭ ᠲᠠᠯᠪᠢᠬᠤ ᠶ᠋ᠢ ᠦᠵᠡᠭᠡᠳ ᠤᠬᠢᠯᠠᠬᠤ ᠦᠭᠡᠢ ᠬᠥᠰᠢᠭᠦᠨ ᠳᠣᠲᠣᠷᠲᠠᠨ ᠡᠨᠳᠡ ᠨᠢᠭᠡ ᠴᠦ᠍ ᠦᠭᠡᠢ ᠪᠣᠯᠵᠠᠢ᠃  
       ᠦᠳᠡᠰᠢ ᠨᠢ ᠬᠠᠰᠠᠷ ᠲᠡᠮᠦᠵᠢᠨ ᠬᠣᠶᠠᠷ ᠴᠠᠭᠠᠰᠢᠳᠠ ᠬᠡᠷᠬᠢᠬᠦ ᠪᠡᠨ ᠶᠠᠷᠢᠯᠴᠠᠪᠠ᠃ ᠬᠠᠰᠠᠷ ᠤ᠋ᠨ ᠢᠷᠡᠭᠰᠡᠨ ᠳ᠋ᠦ᠍ ᠥᠭᠡᠯᠦᠨ ᠦ᠌ ᠰᠡᠳᠬᠢᠯ ᠴᠡᠯᠮᠡᠵᠦ ᠰᠠᠨᠠᠭ᠎ᠠ ᠠᠭᠤᠵᠢᠷᠠᠭᠠᠳ ᠵᠠᠯᠠᠭᠤ ᠪᠣᠯᠤᠭᠰᠠᠨ ᠰᠢᠭ᠋ ᠦᠵᠡᠭᠳᠡᠨ᠎ᠡ᠃ ᠣᠮᠣᠭᠯᠠᠩ ᠵᠠᠩ ᠲᠠᠢ ᠬᠠᠰᠠᠷ ᠬᠥᠪᠡᠭᠦᠨ ᠨᠢ ᠶᠡᠷᠦ ᠰᠠᠨᠠᠭ᠎ᠠ ᠰᠡᠳᠬᠢᠯ ᠬᠤᠪᠢᠷᠠᠭᠰᠠᠨ ᠦᠭᠡᠢ᠂ ᠠᠮᠢᠳᠤ ᠮᠡᠨᠳᠦ ᠡᠷᠭᠢᠨ ᠢᠷᠡᠭᠡᠳ ᠣᠳᠣ ᠲᠡᠮᠦᠵᠢᠨ ᠠᠬ᠎ᠠ ᠶ᠋ᠢᠨ ᠢ᠋ᠶ᠋ᠡᠨ ᠬᠠᠮᠲᠤ ᠢᠨᠢᠶᠡᠯᠳᠦᠨ ᠵᠣᠭᠰᠣᠬᠤ ᠶ᠋ᠢ ᠦᠵᠡᠬᠦ ᠰᠢᠭ ᠠᠵᠠ ᠵᠢᠷᠭᠠᠯ ᠢ᠋ ᠥᠭᠡᠯᠦᠨ ᠡᠭᠦᠨ ᠡᠴᠡ ᠡᠮᠦᠨ᠎ᠡ ᠠᠮᠰᠠᠵᠤ ᠮᠡᠳᠡᠷᠡᠭᠡ ᠦᠭᠡᠢ ᠮᠡᠲᠦ ᠪᠣᠯᠵᠤ ᠬᠥᠪᠡᠭᠦᠳ ᠢ᠋ᠶ᠋ᠡᠷ ᠢ᠋ᠶ᠋ᠡᠨ ᠪᠠᠬᠠᠷᠬᠠᠬᠤ ᠬᠠᠢᠷ᠎ᠠ ᠨᠢ ᠣᠪᠣᠯᠵᠠᠵᠤ ᠪᠠᠢᠪᠠ᠃ ᠬᠠᠰᠠᠷ ᠴᠤ᠌ ᠡᠨᠳᠡ ᠢᠷᠡᠭᠰᠡᠭᠡᠷ ᠠᠬ᠎ᠠ᠂ ᠡᠬᠡ ᠬᠣᠶᠠᠷ ᠲᠠᠭᠠᠨ ᠬᠡᠴᠢᠨᠡᠨ ᠦᠨᠡᠲᠡᠢ ᠬᠥᠮᠦᠨ ᠪᠣᠯᠬᠤ ᠪᠠᠨ ᠮᠡᠳᠡᠷᠡᠵᠦ ᠥᠪᠡᠷ ᠦ᠋ᠨ ᠡᠷᠬᠡ ᠦᠭᠡᠢ ᠤᠶᠠᠷᠠᠭᠠᠳ ᠦᠨᠡᠨᠴᠢ ᠵᠢᠳᠬᠦᠬᠦ ᠬᠦᠰᠡᠯ ᠨᠢ ᠪᠤᠴᠠᠯᠵᠠᠢ᠃ 
       ᠴᠠᠭᠠᠰᠢᠳᠠ ᠬᠡᠷᠬᠢᠬᠦ ᠪᠡᠨ ᠬᠠᠰᠠᠷ ᠤ᠋ᠨ ᠬᠡᠯᠡᠭᠰᠡᠨ ᠢ᠋ᠶ᠋ᠡᠷ ᠬᠢᠬᠦ ᠶ᠋ᠢ ᠲᠡᠮᠦᠵᠢᠨ ᠡᠬᠢᠯᠡᠭᠡᠳ ᠵᠥᠪᠰᠢᠶᠡᠷᠡᠭᠡ ᠦᠭᠡᠢ ᠪᠥᠭᠡᠳ ᠬᠡᠷᠡᠭ ᠶᠠᠪᠤᠳᠠᠯ ᠲᠡᠭᠡᠵᠦ ᠰᠠᠨᠠᠭᠰᠠᠨ ᠵᠣᠷᠢᠭ ᠢ᠋ᠶ᠋ᠠᠷ ᠪᠦᠲᠦᠨ᠎ᠡ ᠭᠡᠬᠦ ᠳ᠋ᠦ᠍ ᠳᠡᠩᠳᠡᠭᠦᠦ ᠢᠲᠡᠭᠡᠯ ᠦᠭᠡᠢ ᠰᠠᠨᠠᠭᠳᠠᠭᠠᠳ ᠪᠣᠯᠤᠭᠰᠠᠨ ᠦᠭᠡᠢ᠃ ᠬᠠᠰᠠᠷ ᠤ᠋ᠨ ᠲᠠᠯᠪᠢᠭᠰᠠᠨ ᠭᠡᠨᠡᠳᠲᠡ ᠶ᠋ᠢᠨ ᠵᠣᠷᠢᠮᠠᠭ ᠰᠠᠨᠠᠯ ᠢ᠋ ᠲᠡᠮᠦᠵᠢᠨ ᠤᠳᠠᠭᠠᠨ ᠪᠣᠳᠣᠪᠠ᠃ ᠰᠠᠷᠠᠨ ᠤ᠋ ᠭᠡᠷᠡᠯ ᠳ᠋ᠦ᠍ ᠪᠠᠯᠵᠤᠨ ᠨᠠᠭᠤᠷ ᠤ᠋ᠨ ᠤᠰᠤ ᠳᠣᠯᠭᠢᠶᠠᠯᠠᠵᠤ ᠬᠥᠯ ᠦ᠋ᠨ ᠥᠯᠮᠡᠢ ᠶ᠋ᠢ ᠳᠣᠯᠢᠶᠠᠨ᠎ᠠ᠃ ᠲᠡᠮᠦᠵᠢᠨ ᠡᠯᠳᠡᠪ ᠢ᠋ ᠡᠷᠭᠢᠴᠡᠭᠦᠯᠦᠨ ᠪᠣᠳᠣᠵᠤ ᠬᠠᠷᠢᠭᠤ ᠬᠡᠯᠡᠬᠦ ᠦᠭᠡᠢ ᠵᠣᠭᠰᠣᠭᠰᠠᠭᠠᠷ ᠠᠵᠢ᠃ ᠲᠡᠷᠡ ᠬᠠᠰᠠᠷ ᠲᠤ᠌ ᠢᠳᠡᠭᠡ ᠦᠭᠡᠢ ᠳ᠋ᠡᠭᠡᠨ ᠢᠩᠭᠢᠵᠦ ᠤᠳᠠᠭᠠᠨ ᠰᠢᠭᠦᠨ ᠪᠣᠳᠣᠭᠰᠠᠨ ᠦᠭᠡᠢ᠃ ᠬᠠᠰᠠᠷ ᠤ᠋ᠨ ᠰᠡᠳᠦᠭᠰᠡᠨ ᠰᠠᠨᠠᠭ᠎ᠠ ᠳᠡᠩᠳᠡᠭᠦᠦ ᠵᠣᠷᠢᠮᠠᠭ᠂ ᠠᠶᠤᠯ ᠣᠰᠣᠯ ᠶᠡᠬᠡᠲᠡᠢ ᠪᠠᠢᠯ᠎ᠠ᠃ ᠪᠠᠰᠠ ᠲᠣᠭᠣᠷᠢᠯ ᠬᠠᠨ ᠬᠠᠰᠠᠷ ᠤ᠋ᠨ ᠦᠭᠡᠨ ᠳ᠋ᠦ᠍ ᠢᠲᠡᠭᠡᠬᠦ ᠡᠰᠡᠬᠦ ᠨᠢ ᠴᠦ᠍ ᠡᠷᠡᠭᠡᠯᠵᠡᠭᠡ ᠲᠡᠢ᠃ ᠬᠠᠰᠠᠷ ᠤ᠋ᠨ ᠬᠡᠯᠡᠭᠰᠡᠨ ᠰᠠᠨᠠᠯ ᠪᠣᠯ ᠤᠭ ᠲᠠᠭᠠᠨ ᠡᠬᠡᠨᠡᠷ ᠪᠣᠷᠣᠭᠴᠢᠨ ᠤ᠋ ᠬᠢᠨᠢ ᠰᠠᠨᠠᠭ᠎ᠠ ᠶᠤᠮ᠃ ᠪᠦᠬᠦ ᠶᠠᠭᠤᠮ᠎ᠠ ᠮᠠᠭᠤ ᠪᠠᠷ ᠡᠷᠭᠢᠪᠡᠯ ᠪᠣᠷᠣᠭᠴᠢᠨ ᠪᠣᠯᠤᠭᠠᠳ ᠬᠠᠰᠠᠷ ᠤ᠋ᠨ ᠪᠤᠰᠤᠳ ᠡᠮᠡᠰ᠂ ᠬᠥᠪᠡᠭᠦᠳ ᠢ᠋ ᠲᠤᠭᠤᠷᠢᠯ ᠦᠰ ᠰᠠᠨᠠᠨ ᠠᠯᠠᠬᠤ ᠨᠢ ᠭᠠᠷᠴᠠᠭ᠎ᠠ ᠦᠭᠡᠢ ᠲᠤᠯᠠ ᠲᠡᠮᠦᠵᠢᠨ ᠡᠷᠡᠭᠡᠯᠵᠡᠵᠦ ᠪᠠᠢᠯ᠎ᠠ᠃ ᠭᠡᠪᠡᠴᠦ ᠬᠠᠰᠠᠷ ᠣᠭᠲᠣ ᠠᠶᠤᠭᠰᠠᠨ ᠦᠭᠡᠢ᠃ ᠪᠦᠷ ᠡᠮᠡᠰ ᠬᠥᠪᠡᠭᠦᠳ ᠢ᠋ᠶ᠋ᠡᠨ ᠠᠯᠳᠠᠬᠤ ᠳ᠋ᠤ᠌ ᠴᠦ᠍ ᠠᠶᠤᠵᠤ ᠬᠠᠷᠠᠮᠰᠠᠬᠤ ᠵᠦᠢᠯ ᠦᠭᠡᠢ ᠭᠡᠵᠦ ᠠᠮᠠᠯᠠᠪᠠ᠃ ᠦᠨᠡᠬᠡᠷ ᠬᠠᠰᠠᠷ ᠨᠢᠭᠡ ᠯᠡ ᠢᠩᠭᠢᠵᠦ ᠬᠡᠯᠡᠭᠰᠡᠨ ᠪᠣᠯ ᠶᠠᠭᠤᠨ ᠠ᠋ᠴᠠ ᠴᠦ᠍ ᠠᠶᠤᠵᠤ ᠪᠤᠴᠠᠬᠤ ᠦᠭᠡᠢ ᠬᠥᠮᠦᠨ ᠪᠢᠯᠡ᠃ ᠪᠠᠰᠠ ᠬᠠᠰᠠᠷ ᠤ᠋ᠨ ᠬᠡᠯᠡᠭᠰᠡᠨ ᠢ᠋ ᠡᠰᠡ ᠵᠥᠪᠰᠢᠶᠡᠷᠡᠪᠡᠯ ᠪᠠᠢᠳᠠᠯ ᠶᠠᠮᠠᠷ ᠢ᠋ᠶ᠋ᠠᠷ ᠴᠦ᠍ ᠡᠷᠭᠢᠵᠦ ᠴᠠᠭᠠᠰᠢᠳᠠ ᠪᠠᠨ ᠶᠠᠭᠤᠨ ᠳ᠋ᠤ᠌ ᠴᠦ᠍ ᠬᠦᠷᠭᠡᠵᠦ ᠮᠡᠳᠡᠨ᠎ᠡ ᠭᠡᠵᠦ ᠲᠡᠮᠦᠵᠢᠨ ᠪᠣᠯᠭᠣᠮᠵᠢᠯᠠᠪᠠ᠃ ᠭᠡᠲᠡᠯ᠎ᠡ ᠲᠡᠮᠦᠵᠢᠨ ᠦ᠌ ᠲᠥᠯᠥᠭᠡ ᠢᠩᠭᠢᠵᠦ ᠲᠡᠮᠡᠴᠡᠬᠦ ᠬᠥᠮᠦᠨ ᠲᠡᠢᠮᠦ ᠴᠦ᠍ ᠣᠯᠠᠨ ᠦᠭᠡᠢ ᠪᠣᠯᠤᠭᠠᠳ ᠪᠠᠢᠭᠰᠠᠨ ᠦᠶ᠎ᠡ ᠳ᠋ᠦ᠍ ᠠᠶᠤᠵᠤ ᠡᠷᠡᠭᠡᠯᠵᠡᠬᠦ᠂ ᠴᠠᠭ ᠠᠯᠳᠠᠬᠤ ᠨᠢ ᠦᠬᠦᠬᠦ ᠲᠡᠢ ᠠᠳᠠᠯᠢ ᠪᠠᠢᠯ᠎ᠠ᠃ ᠣᠯᠠᠨ ᠰᠠᠨᠠᠭᠠᠲᠤ ᠤᠷᠭᠤᠵᠤ ᠴᠢᠳᠠᠬᠤ ᠦᠭᠡᠢ ᠭᠡᠳᠡᠭ ᠪᠣᠯᠬᠤ ᠪᠢᠵᠡ ᠭᠡᠵᠦ ᠡᠴᠦᠰ ᠲᠦ᠋ᠨᠢ ᠤᠬᠠᠭᠠᠷᠠᠭᠠᠳ ᠪᠦᠭᠦᠳᠡ ᠶ᠋ᠢ ᠬᠠᠰᠠᠷ ᠤ᠋ᠨ ᠬᠡᠯᠡᠭᠰᠡᠨ ᠢ᠋ᠶ᠋ᠡᠷ  ᠬᠢᠬᠦ ᠪᠡᠷ ᠰᠢᠢᠳᠴᠦ ᠪᠤᠭᠤᠷᠴᠢ ᠵᠡᠯᠮ᠎ᠡ ᠬᠣᠶᠠᠷ ᠢ᠋ ᠳᠠᠭᠤᠳᠠᠵᠠᠢ᠃ ᠲᠡᠮᠦᠵᠢᠨ ᠦ᠌ ᠬᠡᠯᠡᠭᠰᠡᠨ ᠢ᠋ᠶ᠋ᠡᠷ ᠲᠤᠭᠤᠷᠢᠯ ᠳ᠋ᠤ᠌ ᠬᠠᠰᠠᠷ ᠤ᠋ᠨ ᠦᠭᠡ ᠭᠡᠵᠦ ᠡᠯᠴᠢ ᠢᠯᠡᠭᠡᠬᠦ ᠪᠡᠷ ᠲᠣᠭᠲᠠᠪᠠ᠃ ᠲᠣᠭᠣᠷᠢᠯ ᠬᠠᠨ ᠳ᠋ᠤ᠌ ᠢᠲᠡᠭᠡᠯᠲᠡᠢ ᠶ᠋ᠢ ᠨᠢ ᠪᠤᠳᠤᠯᠴᠠᠨ ᠰᠠᠶᠢ ᠬᠠᠰᠠᠷ ᠢ᠋ ᠳᠠᠭᠠᠵᠤ ᠢᠷᠡᠭᠰᠡᠨ ᠬᠠᠯᠢᠭᠤᠳᠠᠷ ᠂  ᠴᠠᠭᠤᠷᠬᠠᠨ ᠬᠣᠶᠠᠷ ᠲᠤ ᠲᠣᠪᠴᠢᠬᠠᠨ ᠰᠢᠯᠦᠭ ᠴᠡᠭᠡᠵᠢᠯᠡᠭᠦᠯᠦᠨ ᠮᠣᠷᠳᠠᠭᠤᠯᠵᠠᠢ᠃ 
          ᠬᠠᠨ ᠡᠴᠢᠭᠡ ᠡᠴᠡ ᠰᠠᠯᠤᠭᠠᠳ  
          ᠬᠠᠢᠷᠠᠲᠠᠢ ᠠᠬ᠎ᠠ ᠪᠠᠨ ᠬᠠᠢᠵᠤ  
          ᠬᠠᠯᠠᠮᠵᠢᠲᠤ ᠡᠵᠢ ᠶ᠋ᠢ ᠪᠡᠨ ᠰᠠᠨᠠᠵᠤ  
          ᠬᠠᠷᠠᠩᠭᠤᠢ ᠰᠥᠨᠢ ᠴᠦ᠍ ᠤᠨᠲᠠᠬᠤ ᠦᠭᠡᠢ  
          ᠬᠥᠮᠦᠨ ᠪᠣᠯᠪᠠᠴᠤ ᠴᠤᠴᠠᠬᠤ ᠪᠢᠵᠡ   
          ᠬᠦᠯᠦᠭ ᠪᠣᠯᠪᠠᠴᠤ ᠡᠴᠡᠬᠦ ᠪᠢᠵᠡ ᠭᠡᠳ  
          ᠠᠭᠤᠯᠠ ᠳᠠᠪᠠᠭ᠎ᠠ ᠶ᠋ᠢ ᠥᠭᠰᠥᠵᠦ 
          ᠤᠰᠤ ᠭᠣᠣᠯ ᠢ᠋ ᠤᠷᠤᠭᠤᠳᠠᠵᠤ  
          ᠬᠠᠳᠠ ᠠᠰᠬ᠎ᠠ ᠶ᠋ᠢ ᠬᠠᠵᠢᠵᠤ 
          ᠬᠠᠢᠨ ᠡᠷᠢᠭᠰᠡᠭᠡᠷ ᠪᠣᠯᠪᠠᠴᠤ  
          ᠬᠠᠢᠷᠠᠨ ᠠᠬ᠎ᠠ ᠮᠢᠨᠢ  
          ᠬᠠᠷᠠᠭᠳᠠᠬᠤ ᠪᠠᠷ᠎ᠠ ᠦᠭᠡᠢ 
          ᠬᠠᠢᠯᠠᠨ ᠤᠬᠢᠯᠠᠪᠠᠴᠤ  
          ᠬᠠᠷᠢᠭᠤ ᠴᠢᠮᠡᠭᠡ ᠦᠭᠡᠢ ᠲᠤᠯᠠ 
          ᠬᠠᠰᠠᠷ ᠪᠢ   
          ᠬᠠᠮᠢᠭ᠎ᠠ ᠡᠴᠢᠬᠦ ᠪᠡᠨ ᠮᠡᠳᠡᠬᠦ ᠦᠭᠡᠢ  
          ᠭᠡᠷ ᠦᠭᠡᠢ ᠬᠣᠨᠣᠵᠤ  
          ᠳᠡᠷ᠎ᠡ ᠦᠭᠡᠢ ᠤᠨᠲᠠᠵᠤ ᠶᠠᠪᠤᠨ᠎ᠠ  
          ᠬᠠᠷᠢᠨ ᠮᠢᠨᠦ ᠡᠮ᠎ᠡ ᠬᠥᠪᠡᠭᠦᠨ   
          ᠬᠠᠨ ᠡᠴᠢᠭᠡ ᠶ᠋ᠢᠨ ᠳᠡᠷᠭᠡᠳᠡ ᠲᠤᠯᠠ  
          ᠬᠠᠰᠠᠷ ᠪᠢ ᠣᠳᠣ  
          ᠬᠠᠮᠢᠭᠠᠰᠢ ᠣᠳᠬᠤ ᠪᠢᠯᠡ᠃  
          ᠡᠴᠢᠭᠡ ᠮᠢᠨᠢ ᠲᠠ ᠢᠪᠡᠭᠡᠵᠦ  
          ᠢᠲᠡᠭᠡᠮᠵᠢᠲᠦ ᠡᠯᠴᠢ ᠪᠡᠷ  
          ᠡᠨᠡᠷᠢᠯ ᠦ᠋ᠨ ᠦᠭᠡ ᠪᠡᠨ ᠢᠯᠡᠭᠡᠪᠡᠯ  
          ᠡᠷᠢᠯ ᠮᠤᠬᠤᠷᠳᠠᠭᠰᠠᠨ ᠪᠢ  
          ᠡᠷᠭᠢᠵᠦ ᠣᠴᠢᠬᠤ ᠪᠢᠯᠡ   
          ᠡᠪᠰᠡᠨ ᠵᠢᠳᠬᠦᠬᠦ ᠪᠢᠯᠡ  
          ᠬᠠᠨ ᠡᠴᠢᠭᠡ ᠲᠠ 
          ᠬᠠᠯᠠᠮᠵᠢᠲᠤ ᠦᠭᠡ ᠪᠡᠨ ᠬᠡᠯᠡᠵᠦ  
          ᠬᠠᠲᠠᠮᠵᠢᠯᠠᠬᠤ ᠰᠤᠷᠭᠠᠯ ᠢ᠋ᠶ᠋ᠠᠨ ᠠᠢᠯᠠᠳᠴᠤ   
          ᠬᠠᠷᠢᠭᠤ ᠡᠯᠴᠢ ᠪᠡᠨ ᠢᠷᠡᠭᠦᠯᠪᠡᠯ  
          ᠬᠠᠢᠵᠤ ᠡᠷᠢᠬᠦ ᠪᠡᠨ ᠪᠣᠯᠢᠭᠠᠳ  
          ᠬᠠᠷᠢᠵᠤ ᠪᠢ ᠪᠤᠴᠠᠰᠤᠭᠠᠢ ᠭᠡᠵᠦ ᠲᠣᠭᠣᠷᠢᠯ ᠬᠠᠨ ᠳ᠋ᠤ᠌ ᠬᠡᠯᠡᠭᠦᠯᠵᠡᠢ᠃ ᠬᠡᠷᠪᠡ ᠬᠠᠰᠠᠷ ᠢᠩᠭᠢᠵᠦ ᠣᠷᠣᠬᠤ ᠣᠷᠣᠨ ᠦᠭᠡᠢ᠂ ᠣᠭᠣᠴᠢᠬᠤ ᠠᠶᠠᠭ᠎ᠠ ᠦᠭᠡᠢ ᠶᠠᠳᠠᠷᠠᠵᠤ ᠵᠦᠳᠡᠷᠡᠭᠡᠳ ᠨᠢᠭᠡᠨᠲᠡ ᠲᠡᠮᠦᠵᠢᠨ ᠲᠡᠢ ᠠᠭᠤᠯᠵᠠᠬᠤ ᠢᠲᠡᠭᠡᠯ ᠦᠭᠡᠢ ᠪᠣᠯᠵᠠᠢ ᠭᠡᠳᠡᠭ ᠲᠦ᠍ ᠦᠨᠡᠮᠰᠢᠭᠦᠯᠵᠦ ᠴᠢᠳᠠᠪᠠᠯ ᠲᠤᠭᠤᠷᠢᠯ᠂ ᠪᠣᠷᠣᠭᠴᠢᠨ ᠪᠣᠯᠤᠭᠠᠳ ᠬᠥᠪᠡᠭᠦᠳ ᠲᠦ᠋ᠨᠢ ᠵᠠᠨᠤᠯᠬᠢᠯᠠᠬᠤ ᠦᠭᠡᠢ ᠪᠣᠯᠤᠨ᠎ᠠ᠃᠂ ᠲᠡᠭᠦᠨ ᠢ᠋ ᠢᠩᠭᠢᠵᠦ ᠰᠡᠷᠡᠮᠵᠢ ᠠᠯᠳᠠᠭᠤᠯᠬᠤ ᠨᠢ ᠯᠡ ᠬᠠᠰᠠᠷ ᠲᠤ ᠴᠣᠬᠣᠮ ᠬᠡᠷᠡᠭᠲᠡᠢ ᠪᠠᠢᠪᠠ᠃ ᠡᠭᠦᠨ ᠦ᠌ ᠡᠮᠦᠨ᠎ᠡ ᠬᠠᠰᠠᠷ ᠢ᠋ ᠢᠷᠡᠬᠦ ᠶ᠋ᠢᠨ ᠤᠷᠢᠳ ᠲᠣᠭᠣᠷᠢᠯ᠂ ᠵᠠᠮᠤᠬ᠎ᠠ᠂ ᠰᠡᠩᠭᠦᠮ ᠨᠠᠷ ᠲᠤ ᠲᠡᠮᠦᠵᠢᠨ ᠲᠤᠰ ᠲᠤᠰ ᠲᠤᠨᠢ ᠡᠯᠴᠢ ᠵᠠᠷᠤᠵᠤ ᠲᠡᠳᠡᠨ ᠳ᠋ᠦ᠍ ᠡᠷᠲᠡᠨ ᠦ᠌ ᠬᠢᠭᠰᠡᠨ ᠲᠤᠰᠠ᠂ ᠡᠪᠯᠡᠵᠦ ᠲᠠᠯᠪᠢᠭᠰᠠᠨ ᠲᠠᠩᠭᠠᠷᠢᠭ ᠢ᠋ᠶ᠋ᠠᠨ ᠰᠠᠨᠠᠭᠤᠯᠵᠤ ᠶᠡᠷᠦ ᠳᠠᠢᠳᠤᠬᠤ ᠰᠠᠨᠠᠭ᠎ᠠ ᠦᠭᠡᠢ ᠭᠡᠳᠡᠭ ᠢ᠋ᠶ᠋ᠡᠨ ᠮᠡᠳᠡᠭᠦᠯᠦᠭᠰᠡᠨ ᠡᠴᠡ ᠪᠣᠯᠵᠤ ᠲᠣᠭᠣᠷᠢᠯ᠂ ᠰᠡᠩᠭᠦᠮ᠂ ᠵᠠᠮᠤᠬ᠎ᠠ ᠭᠤᠷᠪᠠ ᠳᠣᠲᠣᠷ᠎ᠠ ᠪᠠᠨ ᠬᠠᠭᠠᠷᠠᠭᠠᠳ ᠪᠠᠢᠭᠰᠠᠨ ᠪᠢᠯᠡ᠃ ᠡᠯᠴᠢ ᠶ᠋ᠢ ᠶᠠᠪᠤᠮᠠᠭᠴᠠ ᠲᠡᠮᠦᠵᠢᠨ ᠴᠥᠭᠡᠨ ᠴᠡᠷᠢᠭ ᠢ᠋ᠶ᠋ᠡᠨ ᠠᠪᠤᠨ ᠨᠢᠭᠤᠴᠠ ᠪᠠᠷ ᠨᠡᠭᠦᠵᠦ᠂ ᠲᠣᠬᠢᠷᠠᠯᠴᠠᠭᠰᠠᠨ ᠶᠣᠰᠣᠭᠠᠷ ᠬᠡᠷᠦᠯᠦᠨ ᠦ᠌ ᠠᠷᠭᠠᠯ ᠬᠣᠬᠢ ᠳ᠋ᠤ᠌ ᠣᠴᠢᠵᠤ ᠪᠠᠭᠤᠪᠠ᠃ ᠡᠯᠴᠢ ᠶ᠋ᠢᠨ ᠦᠭᠡᠨ ᠳ᠋ᠦ᠍ ᠲᠤᠭᠤᠷᠢᠯ ᠬᠠᠨ ᠢᠲᠡᠭᠡᠵᠦ ᠬᠠᠰᠠᠷ ᠤ᠋ᠨ ᠳᠠᠭᠠᠵᠤ ᠢᠷᠡᠬᠦ ᠶ᠋ᠢ ᠵᠥᠪᠰᠢᠶᠡᠷᠡᠵᠦ ᠢᠳᠦᠷᠭᠡᠨ ᠭᠡᠭᠴᠢ ᠶ᠋ᠢ ᠪᠠᠲᠤᠯᠠᠭ᠎ᠠ ᠪᠣᠯᠭᠠᠨ ᠢᠯᠡᠭᠡᠵᠡᠢ᠃ ᠢᠩᠭᠢᠵᠦ ᠪᠦᠬᠦ ᠶᠠᠭᠤᠮ᠎ᠠ ᠬᠠᠰᠠᠷ ᠤ᠋ᠨ ᠬᠡᠯᠡᠭᠰᠡᠨ ᠢ᠋ᠶ᠋ᠡᠷ ᠪᠣᠯᠪᠠ᠃ ᠡᠯᠴᠢ ᠶ᠋ᠢᠨ ᠬᠡᠯᠡᠭᠰᠡᠨ ᠢ᠋ᠶ᠋ᠡᠷ ᠣᠳᠣ ᠲᠤᠭᠤᠷᠢᠯ ᠬᠠᠨ᠂ ᠬᠦᠦ ᠰᠡᠩᠭᠦᠮ ᠦ᠋ᠨ ᠬᠠᠮᠲᠤ ᠵᠢᠭᠵᠡᠭᠡᠷ ᠥᠨᠳᠥᠷ ᠦ᠋ᠨ ᠵᠠᠷ ᠬᠠᠪᠴᠢᠯ ᠳ᠋ᠤ᠌ ᠠᠯᠲᠠᠨ ᠲᠡᠷᠡᠮ ᠪᠣᠰᠬᠠᠨ ᠶᠠᠮᠠᠷ ᠴᠤ᠌ ᠰᠡᠵᠢᠭ ᠦᠭᠡᠢ ᠨᠠᠢᠷᠯᠠᠵᠤ ᠪᠠᠢᠭ᠎ᠠ ᠠᠵᠢ᠃ ᠲᠡᠮᠦᠵᠢᠨ ᠬᠠᠰᠠᠷ ᠨᠠᠷ ᠵᠥᠪᠬᠡᠨ ᠬᠥᠲᠥᠯᠦᠭᠡ ᠮᠣᠷᠢ ᠲᠠᠢ ᠬᠥᠳᠡᠯᠵᠦ ᠰᠥᠨᠢᠵᠢᠨ ᠳᠠᠪᠬᠢᠭᠠᠳ ᠲᠡᠳᠡᠨ ᠢ᠋ ᠭᠡᠨᠡ ᠦᠭᠡᠢ ᠪᠠᠢᠬᠤ ᠳ᠋ᠤ᠌ ᠦᠷ ᠢ᠋ᠶ᠋ᠡᠷ ᠳᠣᠪᠲᠣᠯᠤᠨ ᠣᠷᠣᠵᠠᠢ᠃ ᠡᠨᠡ ᠪᠣᠯ ᠬᠠᠰᠠᠷ ᠤ᠋ᠨ ᠰᠠᠨᠠᠭ᠎ᠠ ᠪᠠᠢᠪᠠ᠃ ᠭᠤᠷᠪᠠᠨ ᠰᠥᠨᠢ᠂ ᠭᠤᠷᠪᠠᠨ ᠡᠳᠦᠷ ᠬᠡᠷᠡᠢᠳ ᠠᠢᠮᠠᠭ ᠤ᠋ᠨ ᠴᠡᠷᠢᠭ ᠲᠡᠢ ᠴᠥᠭᠡᠨ ᠬᠦᠴᠦ ᠪᠡᠷ ᠲᠤᠯᠤᠯᠳᠤᠵᠤ ᠲᠡᠳᠡᠨ ᠢ᠋ ᠪᠠᠭᠤᠯᠭᠠᠨ ᠠᠪᠤᠭᠰᠠᠨ ᠴᠤ᠌ ᠲᠣᠭᠣᠷᠢᠯ ᠰᠡᠩᠭᠦᠮ ᠬᠣᠶᠠᠷ ᠢ᠋ ᠵᠢᠭᠤᠲᠠᠭᠠᠯᠭᠠᠨ ᠠᠯᠳᠠᠭᠰᠠᠨ ᠳ᠋ᠠᠭᠠᠨ ᠬᠠᠰᠠᠷ ᠤᠴᠢᠷ ᠦᠭᠡᠢ ᠬᠠᠷᠠᠮᠰᠠᠵᠤ ᠪᠠᠢᠪᠠ᠃ ᠭᠡᠪᠡᠴᠦ ᠵᠠᠮᠤᠬ᠎ᠠ ᠶ᠋ᠢ ᠪᠢᠰᠢ ᠲᠣᠭᠣᠷᠢᠯ ᠬᠠᠨ ᠢ᠋ ᠲᠦᠷᠦᠭᠦᠯᠡᠨ ᠴᠣᠬᠢᠬᠤ ᠪᠠᠷ ᠪᠣᠳᠣᠵᠤ ᠣᠯᠤᠭᠰᠠᠨ ᠢ᠋ᠶ᠋ᠠᠨ ᠥᠪᠡᠷ ᠢ᠋ᠶ᠋ᠡᠨ ᠤᠳᠤᠷᠢᠳᠤᠨ ᠵᠣᠷᠢᠮᠠᠭ ᠢ᠋ᠶ᠋ᠠᠷ ᠬᠡᠷᠡᠭᠵᠢᠭᠦᠯᠦᠭᠰᠡᠨ ᠨᠢ ᠬᠠᠰᠠᠷ ᠤ᠋ᠨ ᠪᠠᠢᠭᠤᠯᠤᠭᠰᠠᠨ ᠨᠢᠭᠡ ᠲᠣᠮᠣ ᠭᠠᠪᠢᠶ᠎ᠠ ᠲᠡᠳᠦᠢ ᠦᠭᠡᠢ ᠡᠨᠡ ᠢᠯᠠᠯᠲᠠ ᠦᠨᠡᠨ ᠳ᠋ᠡᠭᠡᠨ ᠬᠡᠷᠡᠢᠳ ᠠᠢᠮᠠᠭ ᠤ᠋ᠨ ᠮᠥᠬᠥᠯ ᠪᠣᠯᠬᠤ ᠶ᠋ᠢ ᠲᠡᠮᠦᠵᠢᠨ ᠰᠢᠳᠤᠷᠭᠤ ᠪᠠᠷ ᠦᠨᠡᠯᠡᠵᠡᠢ᠃ ᠬᠠᠷᠢᠨ ᠪᠣᠷᠣᠭᠴᠢᠨ ᠬᠥᠪᠡᠭᠦᠨ ᠲᠡᠢ ᠪᠡᠨ ᠪᠤᠰᠤᠳ ᠡᠮᠡᠰ ᠦ᠋ᠨ ᠬᠠᠮᠲᠤ ᠠᠮᠢᠳᠤ ᠦᠯᠡᠳᠡᠭᠰᠡᠨ ᠢ᠋ ᠰᠣᠨᠣᠰᠤᠭᠠᠳ ᠪᠦᠭᠦᠳᠡ ᠲᠡᠭᠦᠨ ᠦ᠌ ᠰᠡᠷᠭᠦᠯᠡᠩ ᠤᠬᠠᠭᠠᠨ ᠳ᠋ᠤ᠌ ᠪᠠᠬᠠᠳᠤᠪᠠ᠃ ᠪᠣᠷᠣᠭᠴᠢᠨ ᠭᠡᠷ ᠲᠦ᠍ ᠪᠠᠢᠭᠰᠠᠨ ᠢᠳᠡᠭᠡ ᠴᠠᠭ᠎ᠠ ᠶ᠋ᠢᠨ ᠬᠣᠭᠣᠰᠣᠨ ᠮᠣᠳᠣᠨ ᠲᠣᠷᠬᠤᠨ ᠳ᠋ᠤ᠌ ᠬᠥᠪᠡᠭᠦᠳ ᠪᠣᠯᠤᠨ ᠪᠤᠰᠤᠳ ᠡᠮ᠎ᠡ ᠶ᠋ᠢ ᠬᠢᠵᠦ ᠬᠠᠷᠠᠩᠭᠤᠢ ᠪᠠᠷ ᠭᠠᠵᠠᠷ ᠤ᠋ᠨ ᠤᠷᠤᠭᠤ ᠥᠩᠬᠥᠷᠢᠭᠦᠯᠦᠨ ᠬᠣᠯᠠᠳᠤᠭᠤᠯᠤᠭᠰᠠᠭᠠᠷ ᠲᠡᠳᠡᠨ ᠢ᠋ ᠪᠡᠨ ᠲᠤᠭᠤᠷᠢᠯ ᠤ᠋ᠨ ᠴᠡᠷᠢᠭ ᠦ᠋ᠨ ᠬᠦᠷᠢᠶᠡᠨ ᠡᠴᠡ ᠭᠠᠷᠭᠠᠵᠤ ᠴᠢᠳᠠᠭᠰᠠᠨ ᠪᠠᠢᠪᠠ᠃ ᠦᠨᠡᠬᠡᠷ ᠡᠮ᠎ᠡ ᠬᠥᠮᠦᠨ ᠪᠣᠯᠪᠠᠴᠤ ᠪᠣᠷᠣᠭᠴᠢᠨ ᠪᠣᠯ ᠣᠯᠠᠨ ᠢ᠋ ᠭᠠᠢᠬᠠᠭᠤᠯᠤᠭᠰᠠᠨ ᠡᠷᠡᠮᠡᠬᠡᠢ ᠭᠠᠪᠰᠢᠭᠠᠢ ᠪᠦᠰᠡᠭᠦᠢ ᠠᠵᠢ᠃  
       ᠬᠥᠪᠡᠭᠦᠳ ᠦ᠋ᠨ ᠢ᠋ᠶ᠋ᠡᠨ ᠬᠠᠮᠲᠤ ᠲᠤᠭᠤᠷᠢᠯ ᠤ᠋ᠨ ᠳ᠋ᠤ᠌ ᠪᠠᠷᠢᠴᠠᠭᠠᠨ ᠳ᠋ᠤ᠌ ᠦᠯᠡᠳᠡᠵᠦ᠂ ᠬᠠᠰᠠᠷ ᠢ᠋ ᠶᠠᠪᠤᠭᠤᠯᠤᠭᠰᠠᠨ ᠢ᠋ᠶ᠋ᠠᠷ ᠲᠤᠭᠤᠷᠢᠯ ᠬᠠᠨ ᠢ᠋ ᠴᠣᠬᠢᠬᠤ ᠪᠣᠯᠤᠯᠴᠠᠭ᠎ᠠ ᠣᠯᠭᠣᠭᠰᠠᠨ ᠪᠣᠷᠣᠭᠴᠢᠨ ᠢ᠋ ᠲᠡᠮᠦᠵᠢᠨ ᠶᠡᠬᠡᠳᠡ ᠰᠠᠢᠰᠢᠶᠠᠵᠤ᠂ ᠬᠡᠷᠡᠢᠳ ᠢᠷᠭᠡᠳ ᠡᠴᠡ ᠮᠠᠰᠢ ᠣᠯᠠᠨ ᠢ᠋ ᠱᠠᠩᠨᠠᠨ ᠥᠭᠴᠡᠢ᠃ ᠪᠠᠰᠠ ᠲᠣᠭᠣᠷᠢᠯ ᠬᠠᠨ ᠤ᠋ ᠪᠦᠬᠦ ᠲᠠᠲᠠᠪᠤᠷᠢ ᠡᠮᠡᠰ᠂ ᠭᠡᠷ ᠦ᠋ᠨ ᠰᠢᠪᠡᠭᠴᠢᠳ ᠢ᠋ ᠴᠦ᠍ ᠮᠥᠨ ᠪᠣᠷᠣᠭᠴᠢᠨ ᠳ᠋ᠤ᠌ ᠥᠭᠪᠡ᠃ ᠪᠣᠷᠣᠭᠴᠢᠨ ᠤ᠋ ᠰᠠᠷᠠᠭᠤᠯ ᠤᠬᠠᠭᠠᠨ᠂ ᠰᠡᠳᠬᠢᠯ ᠵᠣᠷᠢᠭ ᠤ᠋ᠨ ᠠᠴᠢ ᠪᠠᠷ ᠲᠡᠮᠦᠵᠢᠨ ᠪᠠᠰᠠ ᠬᠠᠰᠠᠷ ᠲᠤ᠌ ᠴᠤ᠌ ᠶᠡᠬᠡ ᠢᠲᠡᠭᠡᠯᠲᠡᠢ ᠪᠣᠯᠵᠠᠢ᠃ ᠬᠠᠰᠠᠷ ᠴᠤ᠌ ᠪᠣᠷᠣᠭᠴᠢᠨ ᠢ᠋ᠶ᠋ᠠᠨ ᠤᠷᠢᠳᠤ ᠶ᠋ᠢᠨ ᠬᠢ ᠡᠴᠡ ᠪᠡᠨ ᠢᠯᠡᠭᠦᠦ ᠰᠠᠢᠨ ᠢ᠋ᠶ᠋ᠠᠷ ᠦᠵᠡᠵᠦ ᠬᠦᠨᠳᠦᠳᠬᠡᠨ ᠬᠠᠢᠷᠠᠯᠠᠬᠤ ᠪᠣᠯᠤᠭᠰᠠᠨ ᠶᠤᠮ᠃ ᠲᠡᠮᠦᠵᠢᠨ ᠡᠨᠡ ᠶᠠᠪᠤᠳᠠᠯ ᠠ᠋ᠴᠠ ᠬᠣᠢᠰᠢ ᠪᠣᠷᠣᠭᠴᠢᠨ ᠤ᠋ ᠶᠡᠭᠦ᠂ ᠶᠢᠰᠦᠩᠬᠡᠢ᠂ ᠳᠤᠬᠤ ᠭᠤᠷᠪᠠ ᠳ᠋ᠤ᠌ ᠴᠤ᠌ ᠣᠨᠴᠠᠭᠠᠢ ᠳᠣᠲᠣᠨᠣ ᠬᠠᠨᠳᠤᠬᠤ ᠪᠣᠯᠵᠠᠢ᠃ ᠢᠩᠭᠢᠭᠰᠡᠨ ᠢ᠋ᠶ᠋ᠡᠷ ᠢ᠋ᠶ᠋ᠡᠨ ᠲᠡᠮᠦᠵᠢᠨ ᠡᠮ᠎ᠡ ᠬᠥᠮᠦᠨ ᠦ᠌ ᠭᠠᠪᠢᠶ᠎ᠠ ᠵᠢᠳᠬᠦᠯ ᠢ᠋ ᠪᠣᠯᠪᠠᠴᠤ ᠡᠷ᠎ᠡ ᠶ᠋ᠢᠨ ᠬᠢ ᠲᠡᠢ ᠨᠢ ᠲᠡᠩᠴᠡᠭᠦᠦ ᠵᠥᠪ ᠰᠢᠳᠤᠷᠭᠤ ᠦᠨᠡᠯᠡᠵᠦ ᠴᠢᠳᠠᠳᠠᠭ ᠢ᠋ᠶ᠋ᠠᠨ ᠬᠠᠷᠠᠭᠤᠯᠤᠭᠰᠠᠨ ᠶᠠᠪᠤᠳᠠᠯ ᠣᠯᠠᠨ ᠳ᠋ᠤ᠌ ᠶᠡᠬᠡ ᠦᠨᠡᠯᠡᠭᠳᠡᠵᠦ ᠲᠡᠭᠦᠨ ᠢ᠋ ᠤᠯᠠᠮ ᠬᠦᠨᠳᠦᠯᠡᠨ ᠬᠠᠢᠷᠠᠯᠠᠬᠤ ᠳ᠋ᠤ᠌ ᠪᠠᠰᠠ ᠬᠡᠷᠡᠭ ᠨᠡᠮᠡᠷᠢ ᠪᠣᠯᠤᠭᠰᠠᠨ ᠶᠤᠮ᠃ ᠬᠡᠷᠡᠢᠳ ᠢ᠋ ᠢᠯᠠᠭᠰᠠᠨ ᠤ᠋ ᠭᠠᠪᠢᠶ᠎ᠠ ᠶ᠋ᠢ ᠲᠡᠷᠡ ᠪᠡᠷ ᠭᠠᠭᠴᠠ ᠬᠠᠰᠠᠷ ᠲᠠᠢ ᠰᠢᠭᠤᠳ ᠬᠣᠯᠪᠣᠨ ᠦᠵᠡᠭᠡ ᠦᠭᠡᠢ ᠴᠦ᠍ ᠳᠠᠷᠠᠭ᠎ᠠ ᠨᠢ ᠨᠠᠢ᠍ᠮᠠᠨ ᠤ᠋ ᠳᠠᠶᠠᠨ ᠬᠠᠭᠠᠨ ᠢ᠋ ᠳᠠᠷᠤᠬᠤ ᠲᠡᠢᠨ ᠢ᠋ ᠬᠠᠰᠠᠷ ᠢ᠋ᠶ᠋ᠠᠷ ᠤᠳᠤᠷᠢᠳᠤᠭᠤᠯᠬᠤ ᠪᠣᠯᠤᠭᠰᠠᠨ ᠨᠢ ᠨᠢᠭᠡ ᠶᠣᠰᠣᠨ ᠳ᠋ᠤ᠌ ᠪᠠᠨ ᠬᠠᠰᠠᠷ ᠳᠡᠭᠦᠦ ᠶ᠋ᠢᠨ ᠢ᠋ᠶ᠋ᠡᠨ ᠣᠨᠴᠠᠭᠠᠢ ᠶᠡᠬᠡ ᠭᠠᠪᠢᠶ᠎ᠠ ᠶ᠋ᠢ ᠦᠨᠡᠯᠡᠭᠰᠡᠨ ᠬᠡᠷᠡᠭ ᠪᠠᠢᠯ᠎ᠠ᠃  
       ᠲᠡᠷᠲᠡᠭᠡ ᠵᠠᠯᠠᠭᠤ ᠣᠮᠣᠭᠯᠠᠩ ᠦᠶ᠎ᠡ ᠳ᠋ᠡᠭᠡᠨ ᠲᠣᠭᠣᠷᠢᠯ ᠬᠠᠨ᠂ ᠵᠠᠮᠤᠬ᠎ᠠ ᠶ᠋ᠢᠨ ᠳᠠᠭᠠᠭᠤᠯᠤᠨ ᠢᠷᠡᠭᠰᠡᠨ ᠠᠭᠠᠵᠤᠷ ᠪᠥᠬᠡ ᠡᠴᠡ《ᠮᠢᠨᠦ ᠦᠬᠦᠯ ᠬᠡᠵᠢᠶ᠎ᠡ ᠪᠣᠯ》ᠭᠡᠵᠦ ᠲᠣᠬᠣᠭᠤ ᠲᠠᠢ ᠪᠠᠷ ᠠᠰᠠᠭᠤᠭᠰᠠᠨ ᠪᠢᠯᠡ᠃ ᠲᠡᠭᠡᠬᠦ  ᠳ᠋ᠦ᠍ ᠠᠭᠠᠵᠤᠷ ᠪᠥᠬᠡ ᠲᠤᠭᠤᠷᠢᠯ ᠤ᠋ᠨ ᠡᠨᠡ ᠢᠯᠡᠳᠲᠡ ᠪᠠᠰᠤᠮᠵᠢᠯᠠᠭᠰᠠᠨ ᠦᠭᠡ ᠶ᠋ᠢ ᠲᠤᠭᠤᠯ ᠦᠭᠡᠢ ᠳᠠᠯᠤ ᠰᠢᠲᠠᠭᠠᠵᠤ ᠦᠯᠢᠶᠡᠭᠡᠳ 
       — ᠬᠠᠨ ᠲᠠ ᠦᠬᠦᠯ ᠤᠷᠤᠭᠤ ᠪᠠᠨ ᠥᠪᠡᠷ ᠢ᠋ᠶ᠋ᠡᠨ ᠭᠦᠶᠦᠵᠦ ᠣᠴᠢᠬᠤ ᠶᠤᠮ ᠪᠠᠢᠨ᠎ᠠ ᠳᠠ ᠭᠡᠪᠡᠯ 
       — ᠬᠡᠵᠢᠶ᠎ᠡ ᠲᠡᠷᠡ ᠪᠣᠢ ᠭᠡᠵᠦ ᠲᠣᠭᠣᠷᠢᠯ ᠬᠠᠨ ᠶᠡᠬᠡ ᠬᠥᠭᠡᠷᠴᠡᠢ᠃  
       — ᠲᠡᠷᠡ ᠡᠳᠦᠷ ᠢ᠋ ᠲᠡᠭᠷᠢ ᠳ᠋ᠦ᠍ ᠢᠪᠡᠭᠡᠭᠳᠡᠭᠰᠡᠨ ᠨᠢᠭᠡ ᠪᠠᠭᠠᠲᠤᠷ ᠡᠷ᠎ᠡ ᠵᠢᠭᠠᠬᠤ ᠠᠵᠢ ᠭᠡᠵᠦ ᠠᠭᠠᠵᠤᠷ ᠪᠥᠬᠡ ᠣᠭᠲᠣ ᠨᠠᠷᠭᠢᠶᠠᠨ ᠪᠣᠯᠭᠠᠯ ᠦᠭᠡᠢ ᠥᠭᠦᠯᠡᠬᠦ ᠳ᠋ᠦ᠍ ᠤᠭ ᠤ᠋ᠨ ᠡᠢᠮᠦ ᠮᠡᠷᠭᠡᠨ ᠲᠥᠯᠭᠡ ᠳ᠋ᠦ᠍ ᠰᠦᠵᠢᠭ ᠪᠠᠭ᠎ᠠ ᠲᠠᠢ᠂ ᠪᠠᠰᠠ ᠾᠷᠢᠰᠲ᠋ᠣᠰ ᠤ᠋ᠨ ᠨᠣᠮᠯᠠᠯ ᠰᠤᠷᠭᠠᠯ ᠤ᠋ᠨ ᠨᠥᠯᠦᠭᠡᠨ ᠳ᠋ᠦ᠍ ᠰᠦᠷᠡᠬᠡᠢ ᠠᠪᠲᠠᠭᠰᠠᠨ ᠲᠣᠭᠣᠷᠢᠯ ᠠᠭᠠᠵᠣᠷ ᠪᠥᠬᠡ ᠶ᠋ᠢᠨ ᠦᠭᠡ ᠶ᠋ᠢ ᠲᠡᠳᠦᠢ ᠯᠡ ᠲᠣᠭᠣᠵᠤ ᠦᠵᠡᠯ ᠦᠭᠡᠢ ᠣᠷᠬᠢᠭᠰᠠᠨ ᠴᠤ᠌ ᠬᠡᠵᠢᠶ᠎ᠡ ᠬᠣᠢᠨ᠎ᠠ ᠪᠣᠯᠲᠠᠯ᠎ᠠ《ᠠᠭᠠᠵᠤᠷ ᠤ᠋ᠨ ᠬᠡᠯᠡᠭᠰᠡᠨ ᠲᠡᠷᠡ ᠪᠠᠭᠠᠲᠤᠷ ᠡᠷ᠎ᠡ ᠬᠡᠨ ᠪᠣᠢ》ᠭᠡᠳᠡᠭ ᠢ᠋ ᠮᠡᠳᠡᠬᠦ ᠭᠡᠵᠦ ᠥᠪᠡᠷ ᠢ᠋ᠶ᠋ᠡᠨ ᠳᠠᠯᠤ ᠰᠢᠲᠠᠭᠠᠵᠤ᠂ ᠪᠠᠰᠠ ᠴᠢᠯᠠᠭᠤ ᠲᠠᠰᠤᠯᠵᠤ ᠪᠢᠰᠢᠭᠦᠢ ᠯᠡ ᠮᠡᠷᠭᠡᠯᠡᠭᠰᠡᠨ ᠪᠠᠢᠵᠠᠢ᠃ ᠬᠠᠷᠢᠨ ᠠᠭᠠᠵᠣᠷ ᠪᠥᠬᠡ ᠶ᠋ᠢᠨ ᠬᠡᠯᠡᠭᠰᠡᠨ ᠲᠡᠷᠡ ᠬᠥᠮᠦᠨ ᠨᠢ ᠲᠡᠮᠦᠵᠢᠨ ᠢ᠋ ᠪᠠᠢᠬᠤ ᠭᠡᠵᠦ ᠲᠣᠭᠣᠷᠢᠯ ᠳᠠᠷᠠᠭ᠎ᠠ ᠨᠢ ᠰᠡᠵᠢᠭᠯᠡᠨ ᠪᠣᠳᠣᠬᠤ ᠪᠣᠯᠵᠠᠢ᠃ ᠲᠤᠭᠤᠷᠢᠯ ᠤ᠋ᠨ ᠮᠡᠷᠭᠡᠨ᠂ ᠲᠡᠷᠡ ᠡᠨᠡ ᠭᠡᠵᠦ ᠣᠨᠣᠭᠠᠵᠤ ᠮᠡᠳᠡᠭᠡ ᠦᠭᠡᠢ ᠴᠦ᠍ ᠲᠡᠮᠦᠵᠢᠨ ᠲᠡᠢ ᠲᠡᠷᠰᠯᠡᠯᠳᠦᠵᠦ ᠪᠣᠯᠬᠤ ᠦᠭᠡᠢ ᠭᠡᠵᠦ ᠰᠢᠢᠳᠴᠡᠢ᠃ ᠲᠡᠢᠮᠦ ᠴᠦ᠍ ᠤᠴᠢᠷ ᠠ᠋ᠴᠠ ᠬᠡᠳᠦᠢ ᠬᠡᠴᠡᠭᠦᠦ ᠯᠡ ᠵᠠᠯᠠᠭᠤ ᠲᠡᠮᠦᠵᠢᠨ ᠲᠡᠢ ᠠᠯᠢ ᠪᠣᠯᠬᠤ ᠡᠪᠲᠡᠢ ᠨᠠᠢᠷᠲᠠᠢ ᠶᠠᠪᠤᠬᠤ ᠶ᠋ᠢ ᠬᠢᠴᠢᠶᠡᠭᠰᠡᠭᠡᠷ ᠠᠪᠠᠴᠤ ᠣᠯᠠᠨ ᠠᠭᠠᠰᠢ ᠲᠠᠢ᠂ ᠬᠥᠮᠦᠨ ᠦ᠌ ᠦᠭᠡᠨ ᠳ᠋ᠦ᠍ ᠠᠪᠲᠠᠮᠠᠲᠠᠭᠠᠢ᠂ ᠬᠥᠩᠭᠡᠨ ᠬᠠᠭᠤᠮᠠᠭᠠᠢ ᠵᠠᠩ ᠲᠠᠢ ᠭᠠᠭᠴᠠ ᠬᠥᠪᠡᠭᠦᠨ ᠰᠡᠩᠭᠦᠮ ᠨᠢ ᠦᠷᠭᠦᠯᠵᠢ ᠲᠡᠮᠦᠵᠢᠨ ᠲᠡᠢ ᠲᠡᠷᠰᠯᠡᠯᠳᠦᠨ ᠦᠢᠯᠡ ᠶ᠋ᠢ ᠨᠢ  ᠪᠠᠷᠠᠭᠰᠠᠭᠠᠷ ᠪᠠᠢᠭᠠᠳ ᠡᠴᠦᠰ ᠲᠦ᠋ᠨᠢ ᠡᠪᠦᠭᠡᠨ ᠲᠤᠭᠤᠷᠢᠯ ᠥᠪᠡᠷ ᠦ᠋ᠨ ᠡᠷᠬᠡ ᠦᠭᠡᠢ ᠰᠡᠩᠭᠦᠮ ᠦ᠋ᠨ ᠢ᠋ᠶ᠋ᠡᠨ ᠦᠭᠡ ᠶ᠋ᠢ ᠳᠠᠭᠠᠵᠤ ᠲᠡᠭᠷᠢ ᠶ᠋ᠢᠨ ᠬᠡᠰᠭᠡᠭᠡᠯ ᠳ᠋ᠦ᠍ ᠤᠨᠠᠪᠠ᠃ ᠲᠤᠭᠤᠷᠢᠯ ᠬᠠᠨ᠂ ᠬᠦᠦ ᠰᠡᠩᠭᠦᠮ ᠦ᠋ᠨ ᠬᠠᠮᠲᠤ ᠲᠡᠮᠦᠵᠢᠨ ᠡᠴᠡ ᠳᠤᠲᠠᠭᠠᠨ ᠭᠠᠷᠤᠭᠠᠳ ᠨᠠᠢ᠍ᠮᠠᠨ ᠠᠢᠮᠠᠭ ᠠ᠋ᠴᠠ ᠠᠪᠤᠷᠠᠯ ᠬᠠᠢᠵᠤ ᠵᠣᠷᠢᠨ ᠲᠡᠮᠡᠴᠡᠭᠰᠡᠭᠡᠷ ᠣᠯᠠᠨ ᠬᠣᠨᠣᠭ ᠶᠠᠪᠤᠭᠰᠠᠨ ᠤ᠋ ᠡᠴᠦᠰ ᠲᠦ᠍ ᠠᠮᠠ ᠠᠩᠭᠠᠵᠤ ᠤᠰᠤ ᠡᠷᠢᠵᠡᠢ᠃ ᠭᠡᠲᠡᠯ᠎ᠡ ᠲᠢᠳᠢᠭ ᠰᠠᠬᠠᠯ ᠤ᠋ᠨ ᠡᠬᠢ ᠶ᠋ᠢᠨ ᠤᠰᠤ ᠭᠡᠳᠡᠭ ᠭᠠᠵᠠᠷ ᠲᠠᠭᠠᠷᠠᠵᠤ ᠰᠡᠩᠭᠦᠮ ᠦ᠋ᠨ ᠬᠣᠷᠢᠭᠯᠠᠭᠰᠠᠭᠠᠷ ᠠᠲᠠᠯ᠎ᠠ ᠲᠤᠭᠤᠷᠢᠯ ᠬᠠᠨ ᠲᠡᠷᠡ ᠤᠰᠤ ᠤᠷᠤᠭᠤ ᠣᠴᠢᠭᠠᠳ 
       —  ᠪᠢ ᠲᠣᠭᠣᠷᠢᠯ ᠬᠠᠨ ᠭᠡᠵᠦ ᠬᠡᠯᠡᠭᠰᠡᠨ ᠴᠦ᠍ ᠲᠡᠨᠳᠡ ᠲᠠᠭᠠᠷᠠᠭᠰᠠᠨ ᠨᠠᠢ᠍ᠮᠠᠨ ᠤ᠋ ᠬᠢᠯᠢ ᠶ᠋ᠢᠨ ᠬᠠᠷᠠᠭᠤᠯ ᠲᠤᠭᠤᠯ ᠦᠭᠡᠢ ᠠᠯᠠᠵᠠᠢ᠃ ᠢᠩᠭᠢᠵᠦ ᠲᠤᠭᠤᠷᠢᠯ ᠬᠠᠨ ᠠᠭᠠᠵᠤᠷ ᠪᠥᠬᠡ ᠶ᠋ᠢᠨ ᠦᠭᠡ ᠶ᠋ᠢ ᠦᠯᠦ ᠲᠣᠭᠣᠮᠰᠠᠷᠯᠠᠭᠰᠠᠨ ᠤ᠋ ᠪᠠᠨ ᠬᠣᠣᠷ ᠢ᠋ ᠠᠮᠰᠠᠵᠤ ᠶᠢᠰᠦᠭᠡᠢ ᠶ᠋ᠢᠨ ᠬᠥᠪᠡᠭᠦᠨ ᠬᠠᠰᠠᠷ ᠤ᠋ᠨ ᠵᠢᠭᠠᠭᠰᠠᠨ ᠡᠳᠦᠷ ᠥᠪᠡᠷ ᠦ᠋ᠨ ᠢ᠋ᠶ᠋ᠡᠨ ᠦᠬᠦᠯ ᠤᠷᠤᠭᠤ ᠭᠦᠶᠦᠵᠦ ᠣᠴᠢᠵᠠᠢ᠃ ᠮᠣᠩᠭᠣᠯ ᠤ᠋ᠨ ᠬᠠᠮᠤᠭ ᠤ᠋ᠨ ᠲᠣᠮᠣ ᠬᠦᠴᠦᠷᠬᠡᠭ ᠬᠡᠷᠡᠢᠳ ᠠᠢᠮᠠᠭ ᠮᠥᠬᠥᠵᠦ ᠬᠠᠨ ᠲᠣᠭᠣᠷᠢᠯ ᠨᠡᠷᠡᠲᠡᠢ ᠭᠠᠵᠠᠷ᠂ ᠨᠡᠷ᠎ᠡ ᠦᠭᠡᠢ ᠦᠬᠦᠪᠡ᠃ ᠬᠡᠷᠪᠡ ᠬᠠᠰᠠᠷ ᠵᠣᠷᠢᠭᠯᠠᠨ ᠥᠪᠡᠷ ᠦ᠋ᠨ ᠡᠮᠡᠰ᠂ ᠬᠠᠢᠷᠠᠲᠠᠢ ᠬᠥᠪᠡᠭᠦᠳ ᠢ᠋ᠶ᠋ᠡᠨ ᠦᠬᠦᠯ ᠳ᠋ᠦ᠍ ᠬᠠᠶᠠᠵᠤ ᠥᠭᠭᠦᠨ ᠪᠠᠢᠵᠤ ᠲᠣᠭᠣᠷᠢᠯ ᠬᠠᠨ ᠢ᠋ ᠤᠷᠠᠨ ᠠᠷᠭ᠎ᠠ ᠪᠠᠷ ᠢᠯᠠᠭ᠎ᠠ ᠦᠭᠡᠢ ᠪᠣᠯ  ᠪᠣᠷᠵᠢᠭᠢᠨ ᠠᠢᠮᠠᠭ ᠤ᠋ᠨ ᠮᠥᠬᠥᠬᠦ ᠰᠡᠬᠡᠬᠦ ᠶ᠋ᠢ ᠲᠡᠮᠦᠵᠢᠨ ᠴᠦ᠍᠂ ᠬᠠᠰᠠᠷ ᠴᠤ᠌ ᠪᠠᠲᠤᠯᠠᠨ ᠬᠡᠯᠡᠵᠦ ᠴᠢᠳᠠᠬᠤ ᠦᠭᠡᠢ ᠪᠢᠯᠡ᠃ ᠡᠨᠡ ᠳᠣᠯᠣᠭᠠᠨ  ᠲᠡᠮᠦᠵᠢᠨ ᠪᠣᠯᠤᠭᠠᠳ ᠬᠠᠰᠠᠷ ᠤ᠋ᠨ ᠬᠤᠪᠢ ᠵᠠᠶᠠᠭᠠᠨ ᠳ᠋ᠤ᠌ ᠡᠷᠭᠢᠯᠲᠡ ᠪᠣᠯᠤᠭᠰᠠᠨ ᠶᠤᠮ᠃  ᠦᠨᠡᠬᠡᠷ ᠬᠠᠰᠠᠷ ᠤ᠋ᠨ ᠭᠠᠪᠢᠶ᠎ᠠ ᠶ᠋ᠢ ᠣᠯᠠᠨ ᠪᠦᠭᠦᠳᠡᠭᠡᠷ  ᠱᠠᠭᠰᠢᠷᠠᠨ ᠮᠠᠭᠲᠠᠵᠠᠢ᠃ ᠲᠣᠭᠣᠷᠢᠯ ᠤ᠋ᠨ ᠦᠬᠦᠯ ᠦ᠋ᠨ ᠡᠳᠦᠷ ᠢ᠋ ᠵᠢᠭᠠᠵᠤ ᠥᠭᠬᠦ ᠤᠴᠢᠷ ᠲᠠᠢ ᠲᠡᠷᠡ ᠲᠩᠷᠢ ᠳ᠋ᠦ᠍ ᠲᠡᠳᠬᠦᠭᠳᠡᠭᠰᠡᠨ ᠪᠠᠭᠠᠲᠤᠷ ᠡᠷ᠎ᠡ ᠨᠢ ᠬᠠᠰᠠᠷ ᠪᠠᠢᠬᠤ ᠶᠤᠮ ᠭᠡᠵᠦ ᠠᠭᠠᠵᠤᠷ ᠠ᠋ᠴᠠ ᠥᠭᠡᠷ᠎ᠡ ᠬᠡᠨ ᠴᠦ᠍ ᠲᠠᠭᠠᠮᠠᠭᠯᠠᠭ᠎ᠠ ᠦᠭᠡᠢ ᠬᠡᠷᠡᠭ᠃ ᠡᠨᠡ ᠤᠴᠢᠷ ᠢ᠋ ᠪᠠᠰᠠ ᠲᠡᠮᠦᠵᠢᠨ ᠴᠦ᠍᠂ ᠬᠠᠰᠠᠷ ᠴᠤ᠌ ᠮᠡᠳᠡᠬᠦ ᠦᠭᠡᠢ᠃ ᠬᠤᠪᠢ ᠵᠠᠶᠠᠭ᠎ᠠ ᠦᠢᠯᠡ ᠶ᠋ᠢᠨ ᠦᠷ᠎ᠡ ᠶ᠋ᠢᠨ ᠡᠢᠮᠦ ᠨᠠᠷᠢᠨ ᠤᠴᠢᠷ ᠢ᠋ ᠮᠡᠳᠡᠬᠦ ᠦᠭᠡᠢ ᠶ᠋ᠢᠨ ᠤᠯᠠᠮ ᠠ᠋ᠴᠠ ᠵᠠᠮᠤᠬ᠎ᠠ ᠰᠡᠩᠭᠦᠮ ᠬᠣᠶᠠᠷ ᠬᠠᠰᠠᠷ ᠲᠠᠢ ᠪᠤᠷᠤᠭᠤ ᠡᠳᠦᠷ ᠦᠭᠡ ᠡᠪᠰᠡᠭᠰᠡᠨ ᠡᠴᠡ ᠪᠣᠯᠵᠤ ᠲᠣᠭᠣᠷᠢᠯ ᠬᠠᠨ ᠦᠬᠦᠵᠡᠢ᠃ ᠤᠭ ᠨᠢ ᠲᠤᠭᠤᠷᠢᠯ ᠬᠠᠨ ᠢ᠋ ᠡᠢᠮᠦ ᠬᠢᠯᠪᠠᠷᠬᠠᠨ ᠦᠬᠦᠨ᠎ᠡ ᠭᠡᠵᠦ ᠬᠡᠨ ᠴᠦ᠍ ᠰᠠᠨᠠᠭ᠎ᠠ ᠦᠭᠡᠢ ᠪᠥᠭᠡᠳ ᠲᠡᠷᠡ ᠳᠤᠮᠳᠠ ᠪᠠᠨ ᠡᠴᠢᠭᠡ᠂ ᠬᠦᠦ ᠪᠣᠯᠤᠯᠴᠠᠭᠰᠠᠨ ᠶᠢᠰᠦᠭᠡᠢ ᠶ᠋ᠢᠨ ᠬᠥᠪᠡᠭᠦᠳ ᠦ᠋ᠨ ᠭᠠᠷ ᠲᠤ ᠦᠬᠦᠨ᠎ᠡ ᠭᠡᠳᠡᠭ ᠢ᠋ᠶ᠋ᠡᠨ ᠲᠡᠷᠡ ᠥᠪᠡᠷ ᠢ᠋ᠶ᠋ᠡᠨ ᠵᠡᠭᠦᠳᠦᠯᠡᠭᠡ ᠴᠦ᠍ ᠦᠭᠡᠢ ᠪᠢᠯᠡ᠃ ᠲᠠᠯ᠎ᠠ ᠨᠤᠲᠤᠭ ᠤ᠋ᠨ ᠬᠠᠮᠤᠭ ᠤ᠋ᠨ ᠬᠦᠴᠦᠷᠬᠡᠭ ᠠᠢᠮᠠᠭ ᠬᠡᠷᠡᠢᠳ ᠦ᠋ᠨ ᠲᠤᠭᠤᠷᠢᠯ ᠬᠠᠨ ᠤ᠋ ᠦᠬᠦᠯ ᠮᠣᠩᠭᠣᠯ ᠤ᠋ᠨ ᠲᠠᠯ᠎ᠠ ᠨᠤᠲᠤᠭ ᠲᠤ ᠶᠢᠰᠦᠭᠡᠢ ᠶ᠋ᠢᠨ ᠬᠥᠪᠡᠭᠦᠳ ᠦ᠋ᠨ ᠠᠯᠳᠠᠷ ᠢ᠋ᠶ᠋ᠠᠨ ᠳᠠᠭᠤᠷᠢᠰᠬᠠᠬᠤ ᠶ᠋ᠢᠨ ᠪᠠᠲᠤ ᠨᠤᠲᠠᠯᠠᠭ᠎ᠠ ᠪᠣᠯᠤᠨ ᠲᠦᠭᠡᠵᠡᠢ᠃ ᠡᠢᠮᠦ ᠡᠮᠭᠡᠨᠢᠯᠲᠡᠢ ᠭᠡᠨᠡᠳᠲᠡ ᠶ᠋ᠢᠨ ᠦᠬᠦᠯ ᠢ᠋ ᠲᠠᠯ᠎ᠠ ᠨᠤᠲᠤᠭ ᠲᠤ ᠲᠡᠢᠮᠦ ᠴᠦ᠍ ᠣᠯᠠᠨ ᠢ᠋ ᠦᠵᠡᠭᠰᠡᠨ ᠦᠭᠡᠢ᠃ ᠤᠭ ᠠ᠋ᠴᠠ ᠲᠤᠭᠤᠷᠢᠯ ᠤ᠋ᠨ ᠬᠤᠪᠢ ᠵᠣᠬᠢᠶᠠᠯ ᠲᠡᠢᠮᠦ ᠪᠠᠢᠵᠠᠢ᠃ ᠲᠡᠮᠦᠵᠢᠨ ᠢ᠋ ᠡᠰᠡᠷᠭᠦᠴᠡᠨ ᠲᠡᠮᠡᠴᠡᠭᠴᠢᠳ ᠦ᠋ᠨ ᠭᠠᠭᠴᠠ ᠥᠮᠥᠭ ᠲᠦᠰᠢᠭ᠂ ᠰᠦᠨᠡᠰᠦ ᠰᠦᠯᠳᠡ ᠨᠢ ᠲᠤᠭᠤᠷᠢᠯ ᠬᠠᠨ ᠪᠠᠢᠪᠠ᠃ ᠨᠢᠭᠡᠨᠲᠡ ᠰᠦᠷ ᠰᠦᠯᠳᠡ ᠨᠢ ᠦᠭᠡᠢ ᠪᠣᠯᠤᠭᠰᠠᠨ ᠢ᠋ᠶ᠋ᠠᠷ ᠲᠡᠳᠡᠨ ᠦ᠌ ᠲᠡᠮᠡᠴᠡᠯ ᠳᠠᠷᠤᠭᠳᠠᠨ ᠰᠥᠨᠥᠬᠦ ᠴᠠᠭ ᠨᠢ ᠢᠷᠡᠵᠡᠢ᠃ ᠲᠤᠭᠤᠷᠢᠯ ᠦᠬᠦᠭᠰᠡᠨ ᠢ᠋ᠶ᠋ᠡᠷ ᠵᠠᠮᠤᠬ᠎ᠠ ᠥᠨᠥᠴᠢᠷᠡᠨ ᠭᠠᠭᠴᠠ ᠬᠠᠢᠯᠠᠰᠤ ᠰᠢᠭ᠋᠂ ᠥᠴᠦᠬᠡᠨ ᠮᠠᠭᠤ ᠬᠤᠯᠠᠭᠠᠢᠴᠢ ᠰᠢᠭ᠋ ᠬᠣᠴᠣᠷᠴᠠᠢ᠃ ᠲᠣᠭᠣᠷᠢᠯ ᠬᠠᠨ ᠨᠠᠢ᠍ᠮᠠᠨ ᠤᠯᠤᠰ ᠤ᠋ᠨ ᠬᠢᠯᠢ ᠶ᠋ᠢᠨ ᠬᠠᠷᠠᠭᠤᠯ ᠳ᠋ᠤ᠌ ᠠᠯᠠᠭᠳᠠᠭᠰᠠᠨ ᠶᠠᠭ ᠲᠡᠷᠡ ᠡᠳᠦᠷ ᠲᠡᠮᠦᠵᠢᠨ ᠨᠠᠷ ᠲᠤᠤᠯᠠ ᠶ᠋ᠢᠨ ᠰᠢᠭᠤᠢ ᠳ᠋ᠤ᠌ ᠲᠤᠭᠤᠷᠢᠯ ᠤ᠋ᠨ ᠶᠡᠬᠡ ᠦᠷᠭᠦᠭᠡᠨ ᠦ᠌ ᠪᠠᠭᠤᠷᠢᠨ ᠳᠡᠭᠡᠷ᠎ᠡ ᠨᠠᠢᠷᠯᠠᠵᠤ ᠢᠯᠠᠯᠲᠠ ᠪᠠᠨ ᠲᠡᠮᠳᠡᠭᠯᠡᠨ ᠣᠯᠵᠠ ᠪᠠᠨ ᠬᠤᠪᠢᠶᠠᠪᠠ᠃ ᠨᠠᠢᠷ ᠠ᠋ᠴᠠ ᠲᠦᠷ ᠭᠠᠳᠠᠭᠠᠯᠠᠭᠰᠠᠨ ᠲᠡᠮᠦᠵᠢᠨ ᠲᠤᠤᠯᠠ ᠶ᠋ᠢᠨ ᠮᠥᠩᠭᠥᠨ ᠤᠷᠤᠰᠬᠠᠯ ᠢ᠋ ᠰᠠᠷᠠᠨ ᠤ᠋ ᠭᠡᠷᠡᠯ ᠳ᠋ᠦ᠍ ᠰᠢᠷᠳᠡᠨ ᠵᠣᠭᠰᠣᠬᠤ ᠳ᠋ᠤ᠌ ᠬᠠᠰᠠᠷ ᠳᠡᠷᠭᠡᠳᠡ ᠨᠢ ᠣᠴᠢᠪᠠ᠃ ᠲᠡᠮᠦᠵᠢᠨ ᠦ᠌ ᠡᠢᠮᠦ ᠭᠤᠨᠢᠭ ᠲᠠᠢ ᠪᠠᠢᠬᠤ ᠶ᠋ᠢ ᠦᠵᠡᠭᠡᠳ ᠬᠠᠰᠠᠷ ᠶᠡᠬᠡᠳᠡ ᠭᠠᠢᠬᠠᠵᠤ ᠤᠴᠢᠷ ᠢ᠋ ᠠᠰᠠᠭᠤᠵᠠᠢ᠃ ᠲᠡᠮᠦᠵᠢᠨ ᠲᠣᠪ ᠳᠤᠭᠤᠢ ᠤᠳᠠᠭᠠᠨ ᠵᠣᠭᠰᠣᠪᠠ᠃ 
       — ᠡᠨᠡ ᠨᠤᠲᠤᠭ ᠲᠤ ᠬᠡᠷᠡᠢᠳ ᠦ᠋ᠳ ᠨᠤᠲᠤᠭᠯᠠᠵᠤ᠂ ᠲᠤᠭᠤᠷᠢᠯ ᠬᠠᠨ ᠡᠵᠡᠯᠡᠨ ᠰᠠᠭᠤᠵᠤ ᠪᠠᠢᠪᠠ᠃ ᠲᠡᠷᠡ ᠡᠪᠦᠭᠡᠨ ᠣᠳᠣ ᠨᠢᠭᠡᠨᠲᠡ ᠦᠬᠦᠵᠡᠢ ᠭᠡᠵᠦ ᠲᠡᠮᠦᠵᠢᠨ ᠰᠢᠪᠡᠨᠡᠪᠡ᠃ 
       — ᠲᠤᠭᠤᠷᠢᠯ ᠢ᠋ ᠦᠬᠦᠪᠡ ᠭᠡᠵᠦ ᠲᠠᠨ ᠳ᠋ᠤ᠌ ᠬᠡᠨ ᠬᠡᠯᠡᠪᠡ? ᠲᠡᠷᠡ ᠵᠢᠭᠤᠲᠠᠵᠤ ᠣᠳᠤᠭᠰᠠᠨ ᠪᠢᠰᠢ ᠤᠤ? ᠣᠳᠣ ᠠᠶ᠎ᠠ ᠦᠭᠡᠢ ᠪᠣᠯ ᠲᠠᠩᠭᠤᠳ ᠤᠯᠤᠰ᠂ ᠡᠰᠡᠪᠡᠯ ᠳᠠᠶᠠᠨ ᠬᠠᠨ ᠳ᠋ᠤ᠌ ᠣᠴᠢᠭᠠᠳ ᠲᠡᠨᠳᠡ ᠡᠴᠡ ᠴᠡᠷᠢᠭ ᠠᠪᠴᠤ ᠪᠢᠳᠡᠨ ᠢ᠋ ᠳᠠᠷᠤᠨ᠎ᠠ ᠭᠡᠵᠦ ᠶᠡᠬᠡ ᠰᠠᠨᠠᠭᠠᠯᠠᠵᠤ ᠰᠠᠭᠤᠭ᠎ᠠ᠃ ᠰᠡᠩᠭᠦᠮ ᠢ᠋ ᠠᠮᠢᠳᠤ ᠪᠠᠢᠭ᠎ᠠ ᠴᠠᠭ ᠲᠤ ᠪᠢ ᠶᠠᠭᠤᠨ ᠳ᠋ᠤ᠌ ᠴᠦ᠍ ᠦᠯᠦ ᠢᠲᠡᠭᠡᠨ᠎ᠡ᠃ ᠪᠢ ᠲᠤᠭᠤᠷᠢᠯ ᠬᠠᠨ ᠢ᠋ ᠰᠡᠩᠭᠦᠮ ᠦ᠋ᠨ ᠬᠠᠮᠲᠤ ᠣᠯᠵᠤ ᠥᠪᠡᠷ ᠦ᠋ᠨ ᠭᠠᠷ ᠢ᠋ᠶ᠋ᠠᠷ ᠠᠯᠠᠬᠤ ᠦᠭᠡᠢ ᠪᠣᠯ ᠰᠡᠳᠬᠢᠯ ᠶᠠᠭᠠᠬᠢᠵᠤ ᠠᠮᠠᠷᠠᠨ᠎ᠠ ᠭᠡᠵᠦ ᠬᠠᠰᠠᠷ ᠬᠡᠯᠡᠪᠡ᠃ 
       — ᠲᠤᠭᠤᠷᠢᠯ ᠬᠠᠨ ᠦᠬᠦᠵᠡᠢ ᠭᠡᠵᠦ ᠲᠡᠮᠦᠵᠢᠨ ᠰᠢᠳᠦᠨ ᠦ᠌ ᠵᠠᠪᠰᠠᠷ ᠢ᠋ᠶ᠋ᠠᠷ ᠰᠡᠢᠭᠡᠭᠦᠯᠦᠨ ᠬᠥᠨᠳᠡᠢ ᠬᠦᠢᠲᠡᠨ ᠠᠶᠠᠰ ᠢ᠋ᠶ᠋ᠠᠷ ᠬᠡᠯᠡᠪᠡ᠃ 
       — ᠲᠠ ᠶᠠᠭᠠᠬᠢᠵᠤ ᠮᠡᠳᠡᠪᠡ?  
       ᠲᠡᠮᠦᠵᠢᠨ ᠳᠠᠬᠢᠭᠠᠳ ᠯᠠ ᠦᠯᠦ ᠣᠢᠯᠠᠭᠠᠭᠳᠠᠬᠤ ᠵᠠᠩ ᠢ᠋ᠶ᠋ᠠᠨ ᠭᠠᠷᠭᠠᠵᠤ ᠲᠠᠭ ᠳᠠᠭᠤ ᠦᠭᠡᠢ ᠲᠩᠷᠢ ᠥᠭᠡᠳᠡ ᠳᠡᠭᠡᠭᠰᠢ ᠰᠢᠷᠳᠡᠪᠡ᠃ ᠬᠠᠰᠠᠷ ᠳᠡᠭᠡᠭᠰᠢ ᠪᠡᠨ ᠬᠠᠷᠠᠪᠠᠯ ᠳᠡᠭᠡᠷ᠎ᠡ ᠨᠢ ᠣᠳᠣ ᠲᠦᠭᠡᠭᠰᠡᠨ ᠲᠠᠰᠤ ᠬᠠᠷ᠎ᠠ ᠲᠩᠷᠢ ᠡᠴᠡ ᠥᠭᠡᠷ᠎ᠡ ᠵᠦᠢᠯ ᠣᠯᠵᠤ ᠦᠵᠡᠭᠰᠡᠨ ᠦᠭᠡᠢ᠃ 
       — ᠬᠠᠰᠠᠷ ᠴᠢ ᠨᠢᠭᠡ ᠵᠦᠢᠯ ᠢ᠋ ᠰᠠᠨᠠᠵᠤ ᠠᠪ᠃ ᠪᠢ ᠮᠠᠷᠲᠠᠬᠤ ᠶᠤᠮ ᠤᠤ᠂ ᠠᠮᠵᠢᠬᠤ ᠦᠭᠡᠢ ᠦᠬᠦᠵᠦ ᠮᠡᠳᠡᠨ᠎ᠡ᠃ ᠲᠡᠭᠡᠪᠡᠯ ᠴᠢ ᠬᠢᠨ᠎ᠡ ᠪᠢᠵᠡ᠃ 
       — ᠶᠠᠭᠤ ᠲᠡᠷᠡ ᠪᠣᠢ? 
       — ᠬᠡᠷᠡᠢᠳ ᠦ᠋ᠨ ᠲᠣᠭᠣᠷᠢᠯ ᠬᠠᠨ ᠳ᠋ᠤ᠌ ᠵᠣᠷᠢᠭᠤᠯᠵᠤ ᠭᠡᠷᠡᠯᠲᠦ ᠬᠥᠰᠢᠶ᠎ᠡ ᠶ᠋ᠢ ᠡᠨᠳᠡ᠂ ᠰᠠᠭᠤᠵᠤ ᠪᠠᠢᠭᠰᠠᠨ ᠭᠠᠵᠠᠷ ᠲᠤᠨᠢ ᠵᠠᠪᠠᠯ ᠪᠤᠰᠬᠠᠵᠤ ᠮᠥᠩᠬᠡᠯᠡᠬᠦ ᠭᠡᠰᠡᠨ ᠶᠦᠮ᠃  
       — ᠳᠠᠢᠰᠤᠨ ᠢ᠋ᠶ᠋ᠠᠨ ᠮᠥᠩᠬᠡᠯᠡᠬᠦ ᠭᠡᠵᠦ ᠤᠤ? ᠭᠡᠵᠦ ᠬᠠᠰᠠᠷ ᠡᠰᠡᠷᠭᠦᠴᠡᠪᠡ᠃ 
       — ᠲᠤᠭᠤᠷᠢᠯ ᠬᠠᠨ ᠮᠢᠨᠦ ᠳᠠᠢᠰᠤᠨ ᠪᠠᠢᠭᠰᠠᠨ ᠦᠭᠡᠢ᠃ ᠪᠢ ᠴᠦ᠍ ᠲᠡᠭᠦᠨ ᠢ᠋ ᠠᠯᠠᠭᠰᠠᠨ ᠦᠭᠡᠢ᠃ ᠲᠡᠷᠡ ᠲᠩᠷᠢ ᠲᠡᠢ ᠲᠡᠷᠰᠯᠡᠭᠰᠡᠨ ᠲᠤᠯᠠ ᠭᠡᠰᠬᠡᠭᠡᠯ ᠳ᠋ᠦ᠍ᠨᠢ ᠤᠨᠠᠵᠠᠢ᠃ ᠲᠤᠭᠤᠷᠢᠯ ᠬᠠᠨ ᠬᠡᠨ ᠲᠡᠢ ᠳᠠᠢᠰᠤᠨ ᠪᠣᠯᠤᠭᠠᠳ᠂ ᠬᠡᠷᠬᠢᠨ ᠶᠠᠭᠤᠨ ᠤ᠋ ᠤᠴᠢᠷ ᠦᠬᠦᠭᠰᠡᠨ ᠢ᠋ ᠬᠣᠵᠢᠮ ᠬᠣᠢᠨ᠎ᠠ ᠪᠢᠳᠡᠨ ᠦ᠌ ᠦᠷ᠎ᠡ ᠰᠡᠳᠦ ᠮᠡᠳᠡᠵᠦ ᠰᠠᠨᠠᠵᠤ ᠶᠠᠪᠤᠭ ᠭᠡᠳ ᠲᠡᠮᠦᠵᠢᠨ ᠶᠠᠪᠤᠭᠠᠳ ᠥᠭᠪᠡ᠃ ᠬᠠᠰᠠᠷ ᠲᠡᠮᠦᠵᠢᠨ ᠦ᠌ ᠡᠯ᠎ᠡ ᠦᠭᠡ ᠶ᠋ᠢ ᠦᠨᠡᠨ ᠭᠡᠵᠦ ᠳᠡᠮᠵᠢᠭᠰᠡᠨ ᠦᠭᠡᠢ ᠴᠦ᠍ ᠪᠠᠰᠠ ᠬᠤᠳᠠᠯ ᠭᠡᠵᠦ ᠡᠰᠡᠷᠭᠦᠴᠡᠭᠰᠡᠨ ᠦᠭᠡᠢ᠃ ᠡᠢᠮᠦ ᠪᠢᠲᠡᠭᠦᠦ ᠳᠠᠯᠳᠠ ᠦᠭᠡ ᠬᠡᠯᠡᠳᠡᠭ ᠨᠢ ᠲᠡᠮᠦᠵᠢᠨ ᠦ᠌ ᠭᠡᠮ ᠪᠢᠰᠢ ᠵᠠᠩ ᠲᠤᠯᠠ ᠬᠠᠰᠠᠷ ᠪᠠᠰᠠ ᠭᠠᠢᠬᠠᠭᠰᠠᠨ ᠦᠭᠡᠢ᠃ ᠬᠠᠷᠢᠨ ᠲᠡᠮᠦᠵᠢᠨ ᠦ᠌ ᠦᠯᠦ ᠣᠢᠯᠠᠭᠠᠭᠳᠠᠬᠤ ᠡᠨᠡ ᠵᠠᠩ ᠳ᠋ᠤ᠌ ᠲᠡᠭᠦᠨ ᠢ᠋ ᠲᠠᠢᠯᠳᠠᠰᠢ ᠦᠭᠡᠢ ᠬᠦᠴᠦ ᠨᠢᠭᠤᠭᠳᠠᠵᠤ ᠪᠠᠢᠬᠤ ᠰᠢᠭ᠋ ᠠᠩᠬ᠎ᠠ ᠤᠳᠠᠭ᠎ᠠ ᠰᠡᠳᠬᠢᠭᠳᠡᠬᠦ ᠳ᠋ᠦ᠍ ᠬᠣᠢᠨ᠎ᠠ ᠠ᠋ᠴᠠ ᠨᠢ ᠤᠳᠠᠭᠠᠨ ᠰᠢᠷᠳᠡᠨ ᠵᠣᠭᠰᠣᠵᠤ ᠪᠢᠯᠡ᠃ ᠰᠠᠷᠠᠨ ᠤ᠋ ᠭᠡᠷᠡᠯ ᠳ᠋ᠦ᠍ ᠲᠡᠮᠦᠵᠢᠨ ᠦ᠌ ᠪᠦᠭᠲᠦᠢᠰᠬᠢᠨ ᠠᠯᠬᠤᠵᠤ ᠶᠠᠪᠤᠭ᠎ᠠ ᠨᠢ ᠦᠵᠡᠭᠳᠡᠨ᠎ᠡ᠃ ᠲᠡᠭᠦᠨ ᠦ᠌ ᠤᠷᠲᠤ ᠬᠠᠷ᠎ᠠ ᠰᠡᠭᠦᠳᠡᠷ ᠬᠠᠰᠠᠷ ᠤ᠋ᠨ ᠬᠥᠯ ᠳ᠋ᠦ᠍ ᠬᠦᠷᠴᠦ ᠪᠠᠢᠭᠰᠠᠨ ᠳ᠋ᠤ᠌ ᠭᠡᠨᠡᠳᠲᠡ ᠰᠡᠵᠢᠭᠯᠡᠨ ᠬᠥᠯ ᠢ᠋ᠶ᠋ᠡᠨ ᠬᠣᠢᠰᠢ ᠲᠠᠲᠠᠵᠠᠢ᠃ ᠶᠠᠭᠠᠬᠢᠭᠠᠳ ᠴᠤ᠌ ᠶᠤᠮ᠂ ᠲᠡᠷᠡ ᠰᠡᠭᠦᠳᠡᠷ ᠬᠥᠯ ᠳ᠋ᠦ᠍ᠨᠢ ᠬᠦᠷᠬᠦ ᠳ᠋ᠡᠭᠡᠨ ᠬᠦᠢᠲᠡᠨ ᠵᠢᠪᠠᠷ ᠰᠢᠭ᠂ ᠪᠦᠷ ᠮᠥᠰᠥ ᠰᠢᠭ ᠬᠠᠭᠠᠷᠢᠵᠠᠢ᠃ ᠡᠢᠮᠦ ᠬᠠᠴᠢᠷᠬᠠᠯᠲᠠᠢ ᠶᠠᠪᠤᠳᠠᠯ ᠢ᠋ ᠬᠠᠰᠠᠷ ᠡᠮᠦᠨ᠎ᠡ ᠨᠢ ᠶᠡᠷᠦ ᠦᠵᠡᠭᠰᠡᠨ ᠦᠭᠡᠢ᠃ ᠬᠥᠮᠦᠨ ᠦ᠌ ᠰᠡᠭᠦᠳᠡᠷ ᠲᠡᠢᠮᠦ ᠬᠦᠢᠲᠡᠨ ᠪᠠᠢᠬᠤ ᠶᠤᠮ ᠭᠡᠵᠦ ᠰᠠᠨᠠᠭᠰᠠᠨ ᠴᠦ᠍ ᠦᠭᠡᠢ᠃ ᠭᠠᠢᠬᠠᠵᠤ ᠡᠷᠡᠭᠡᠯᠵᠡᠭᠰᠡᠨ ᠳ᠋ᠡᠭᠡᠨ ᠳᠠᠬᠢᠵᠤ ᠲᠤᠷᠰᠢᠨ ᠦᠵᠡᠶ᠎ᠡ ᠭᠡᠵᠦ ᠪᠣᠳᠣᠭᠰᠠᠨ ᠴᠦ᠍ ᠲᠡᠮᠦᠵᠢᠨ ᠨᠢᠭᠡᠨᠲᠡ ᠠᠰᠠᠷ ᠲᠤ ᠣᠷᠣᠵᠤ ᠦᠵᠡᠭᠳᠡᠬᠦ ᠦᠭᠡᠢ ᠪᠣᠯᠵᠠᠢ᠃ 
       ᠲᠣᠭᠣᠷᠢᠯ ᠤ᠋ᠨ ᠬᠦᠷᠢᠶᠡᠨ ᠳ᠋ᠦ᠍ ᠬᠣᠷᠢᠭᠳᠠᠨ ᠰᠠᠭᠤᠬᠤ ᠦᠶ᠎ᠡ ᠳ᠋ᠦ᠍ ᠪᠣᠷᠣᠭᠴᠢᠨ ᠤ᠋ ᠭᠠᠪᠰᠢᠭᠠᠢ᠂ ᠰᠡᠢᠷᠡᠭ ᠬᠥᠳᠡᠯᠦᠭᠰᠡᠨ ᠦ᠌ ᠠᠴᠢ ᠪᠠᠷ ᠬᠠᠰᠠᠷ ᠤ᠋ᠨ ᠡᠷᠦᠬᠡ ᠭᠡᠷ ᠡᠯᠢᠭᠡ ᠪᠦᠲᠦᠨ ᠦᠯᠡᠳᠡᠵᠦ᠂ ᠣᠳᠣ ᠶᠡᠬᠦ᠂ ᠶᠢᠰᠦᠩᠬᠡᠢ ᠬᠥᠪᠡᠭᠦᠳ ᠨᠢ ᠠᠯᠲᠠᠨ ᠤᠯᠤᠰ ᠲᠤ ᠡᠴᠢᠭᠡ ᠶ᠋ᠢᠨ ᠬᠠᠮᠲᠤ ᠳᠠᠢᠳᠤᠵᠤ ᠶᠠᠪᠤᠭ᠎ᠠ ᠪᠢᠯᠡ᠃ ᠡᠨᠡ ᠶᠠᠪᠤᠳᠠᠯ ᠢ᠋ ᠳᠤᠷᠠᠰᠤᠨ ᠰᠠᠨᠠᠬᠤ ᠦᠭᠡᠢ ᠪᠠᠢᠬᠤ ᠶ᠋ᠢᠨ ᠠᠷᠭ᠎ᠠ ᠦᠭᠡᠢ᠃ ᠳᠤᠷᠠᠰᠤᠨ ᠰᠠᠨᠠᠬᠤ ᠪᠦᠷᠢ ᠪᠣᠷᠣᠭᠴᠢᠨ ᠢ᠋ ᠬᠦᠨᠳᠦᠳᠬᠡᠨ ᠬᠠᠢᠷᠠᠯᠠᠬᠤ ᠦᠭᠡᠢ ᠪᠠᠢᠬᠤ ᠶ᠋ᠢᠨ ᠠᠷᠭ᠎ᠠ ᠦᠭᠡᠢ ᠪᠣᠯᠳᠠᠭ ᠶᠤᠮ᠃ ᠲᠣᠭᠣᠨᠣ ᠪᠠᠷ ᠲᠤᠰᠬᠤ ᠰᠠᠷᠠᠨ ᠤ᠋ ᠭᠡᠷᠡᠯ ᠢ᠋ ᠰᠢᠷᠳᠡᠨ ᠨᠣᠢᠷ ᠢ᠋ᠶ᠋ᠠᠨ ᠬᠤᠯᠵᠢᠭᠠᠭᠰᠠᠨ ᠬᠠᠰᠠᠷ ᠡᠢᠨ ᠪᠣᠳᠣᠵᠤ ᠬᠡᠪᠲᠡᠪᠡ᠃ ᠡᠷ᠎ᠡ ᠶ᠋ᠢᠨ ᠢ᠋ᠶ᠋ᠡᠨ ᠡᠪᠦᠷ ᠲᠦ᠍ ᠡᠮ᠎ᠡ ᠪᠡᠶ᠎ᠡ ᠪᠡᠨ ᠵᠢᠷᠭᠠᠭᠠᠵᠤ ᠭᠦᠨ ᠨᠣᠢᠷ ᠲᠤ ᠠᠪᠲᠠᠭᠰᠠᠨ ᠪᠣᠷᠣᠭᠴᠢᠨ ᠢ᠋ ᠬᠠᠷᠠᠪᠠᠯ ᠶᠡᠬᠡ ᠯᠡ ᠠᠵᠠ ᠵᠢᠷᠭᠠᠯ ᠲᠠᠢ ᠦᠵᠡᠭᠳᠡᠬᠦ ᠠᠭᠠᠳ ᠲᠡᠷᠡ ᠪᠦᠰᠡᠭᠦᠢ ᠬᠠᠷᠠᠴᠤ ᠳᠣᠣᠷᠠᠲᠤ ᠭᠠᠷᠤᠯ ᠲᠠᠢ ᠴᠦ᠍ ᠶᠡᠷᠦ ᠲᠩᠷᠢ ᠶ᠋ᠢᠨ ᠢᠪᠡᠭᠡᠯ ᠳ᠋ᠦ᠍ ᠪᠠᠭᠲᠠᠭᠰᠠᠨ ᠭᠡᠮᠡᠷ ᠵᠢᠷᠭᠠᠬᠤ ᠭᠠᠪᠢᠶ᠎ᠠ ᠲᠠᠢ ᠡᠮ᠎ᠡ ᠠᠪᠠᠢ᠃   


         ᠦᠰᠦᠭ ᠠᠮᠢᠯᠠᠭᠤᠯᠤᠭᠴᠢ᠄ ᠠᠯᠲᠠᠨᠴᠡᠴᠡᠭ᠂ ᠬᠡᠷᠡᠢᠳ·ᠮᠥᠩᠬᠡᠨᠠᠰᠤᠨ᠂ ᠠᠷᠢᠭᠤᠨ᠂ ᠰᠡᠴᠡᠨᠴᠢᠮᠡᠭ᠂ 
                                    ᠨᠠᠷᠠᠨᠲᠤᠶᠠᠭ᠎ᠠ᠂ ᠳ·ᠣᠶᠤᠨᠪᠢᠯᠢᠭ᠌᠂ ᠱᠠᠭᠰᠠᠯ᠂ 
                                    ᠬᠡᠯᠡᠰᠣᠶᠣᠯ( ᠪᠤᠤ ᠸᠸᠨ ᠬᠤᠸᠠ) ᠂ ᠵᠢᠩᠯᠢᠬᠤᠸᠠᠷ᠂
              ᠬᠢᠨᠠᠭᠴᠢ᠄ ᠣᠳᠬᠠᠨᠰᠣ᠎ᠠ᠂ ᠰᠡᠬᠡᠭᠡᠷᠡᠯ᠂ ᠲ·ᠬᠦᠮᠦᠵᠢᠯᠲᠦ᠂ ᠠᠷᠢᠭᠤᠨ᠂ ᠪᠠᠶᠠᠨᠴᠡᠴᠡᠭ᠂ 
                              ᠮᠣᠩᠭᠣᠯ ᠰᠦᠨᠡᠰᠦ᠂ ᠭᠠᠷᠮ᠎ᠠ