ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠨᠢᠭᠡᠳᠦᠭᠡᠷ ᠪᠦᠯᠦᠭ<2-1> Монгол үндэстний шалгарсан ардчилсан хувьсгалч Шинэлам - Нэгдүгээр бүлэг–2-1
ᠬᠣᠶᠠᠷ᠂ ᠴᠢᠩ ᠤᠯᠤᠰ ᠠ᠋ᠴᠠ ᠬᠣᠢᠰᠢᠬᠢ ᠠᠲᠠᠷ ᠬᠠᠭᠠᠯᠪᠤᠷᠢᠯᠠᠯᠲᠠ
( ᠨᠢᠭᠡ ) ᠠᠲᠠᠷ ᠬᠠᠭᠠᠯᠪᠤᠷᠢᠯᠠᠯᠲᠠ
ᠶᠡᠬᠡ ᠪᠡᠷ ᠠᠲᠠᠷ ᠬᠠᠭᠠᠯᠪᠤᠷᠢᠯᠠᠨ ᠭᠠᠵᠠᠷ ᠨᠤᠲᠤᠭ ᠢ᠋ ᠬᠤᠪᠠᠬᠠᠢᠷᠠᠭᠤᠯᠵᠤ ᠡᠯᠡᠰᠦ ᠪᠣᠯᠭᠠᠨ ᠪᠠᠢᠭᠠᠯᠢ ᠶ᠋ᠢᠨ ᠠᠮᠢ ᠠᠬᠤᠢ ᠶ᠋ᠢ ᠰᠦᠷᠡᠬᠡᠢ ᠡᠪᠳᠡᠵᠦ ᠬᠥᠮᠦᠨ ᠠᠮᠢᠲᠠᠨ ᠤ᠋ ᠣᠷᠣᠰᠢᠨ ᠲᠣᠭᠲᠠᠨᠢᠬᠤ ᠰᠠᠢᠨ ᠰᠠᠢᠬᠠᠨ ᠤ᠋ ᠲᠡᠩᠴᠡᠭᠦᠷᠢ ᠶ᠋ᠢ ᠡᠪᠳᠡᠯᠡᠭᠡᠳ᠂《ᠬᠠᠭᠠᠯᠪᠤᠷᠢᠯᠠᠭᠰᠠᠨ ᠭᠠᠵᠠᠷ ᠤ᠋ᠨ ᠬᠥᠷᠥᠰᠥ ᠰᠢᠷᠣᠢ ᠶ᠋ᠢᠨ ᠰᠢᠮ᠎ᠡ ᠲᠡᠵᠢᠭᠡᠯ ᠬᠢᠭᠡᠳ ᠣᠷᠳᠣᠰ ᠤ᠋ᠨ ᠬᠤᠷ᠎ᠠ ᠲᠤᠨᠳᠠᠰᠤ ᠶ᠋ᠢᠨ ᠪᠠᠭᠤᠬᠤ ᠬᠡᠮᠵᠢᠶ᠎ᠡ ᠬᠢᠵᠠᠭᠠᠷ ᠲᠠᠢ ᠠ᠋ᠴᠠ ᠪᠣᠯᠵᠤ ᠬᠣᠶᠠᠷ ᠭᠤᠷᠪᠠᠨ ᠵᠢᠯ ᠳᠣᠲᠣᠷ᠎ᠠ ᠲᠠᠷᠢᠶ᠎ᠠ ᠪᠤᠳᠠᠭ᠎ᠠ ᠲᠠᠷᠢᠭᠠᠳ ᠬᠤᠷᠢᠶᠠᠯᠲᠠ ᠣᠯᠵᠤ ᠳᠡᠢᠯᠳᠡᠭ ᠦᠭᠡᠢ ᠪᠣᠯᠬᠣᠷ ᠲᠠᠷᠢᠶᠠᠴᠢᠳ ᠲᠠᠷᠢᠶᠠᠨ ᠭᠠᠵᠠᠷ ᠢ᠋ᠶ᠋ᠠᠨ ᠣᠷᠬᠢᠴᠢᠬᠠᠭᠠᠳ ᠥᠭᠡᠷ᠎ᠡ ᠭᠠᠵᠠᠷ ᠢ᠋ ᠰᠣᠩᠭᠣᠨ ᠠᠲᠠᠷ ᠬᠠᠭᠠᠯᠪᠤᠷᠢᠯᠠᠳᠠᠭ ᠪᠠᠢᠪᠠ᠃ ᠬᠠᠭᠠᠯᠪᠤᠷᠢᠯᠠᠭᠳᠠᠵᠤ ᠥᠩᠭᠡᠷᠡᠭᠰᠡᠨ ᠭᠠᠵᠠᠷ ᠤ᠋ᠨ ᠪᠦᠷᠬᠦᠪᠴᠢ ᠤᠷᠭᠤᠮᠠᠯ ᠬᠦᠨᠳᠦ ᠰᠦᠷᠡᠬᠡᠢ ᠡᠪᠳᠡᠭᠳᠡᠨ ᠬᠥᠷᠥᠰᠥ ᠰᠢᠷᠣᠢ ᠲᠠᠴᠢᠷᠳᠠᠨ ᠨᠢᠮᠭᠡᠷᠡᠭᠡᠳ ᠭᠠᠩ ᠬᠠᠭᠰᠠᠷᠠᠭᠠᠨ᠂ ᠦᠶᠡᠷ ᠦ᠋ᠨ ᠤᠰᠤ᠂ ᠰᠠᠯᠬᠢᠨ ᠰᠢᠭᠤᠷᠭᠠᠨ ᠳ᠋ᠤ᠌ ᠢᠳᠡᠭᠳᠡᠵᠦ ᠬᠤᠪᠠᠬᠠᠢᠷᠠᠭᠠᠳ ᠶᠡᠬᠡ ᠬᠡᠮᠵᠢᠶᠡᠨ ᠦ᠌ ᠨᠡᠭᠦᠳᠡᠯ ᠡᠯᠡᠰᠦ ᠪᠣᠢ ᠪᠣᠯᠵᠤ ᠴᠢᠨᠠᠭᠰᠢᠯᠠᠨ ᠦᠷᠭᠦᠯᠵᠢᠯᠡᠭᠰᠡᠭᠡᠷ ᠴᠦᠯ ᠡᠯᠡᠰᠦ ᠮᠠᠩᠬ᠎ᠠ ᠪᠣᠯᠴᠢᠬᠠᠵᠠᠢ᠃ ᠴᠢᠩ ᠤᠯᠤᠰ ᠤ᠋ᠨ ᠰᠡᠭᠦᠯᠴᠢ ᠪᠣᠯ ᠣᠷᠳᠣᠰ ᠤ᠋ᠨ ᠲᠡᠦᠬᠡᠨ ᠳᠡᠭᠡᠷᠡᠬᠢ ᠭᠤᠷᠪᠠᠳᠤᠭᠠᠷ ᠤᠳᠠᠭᠠᠨ ᠤ᠋ ᠶᠡᠬᠡ ᠠᠲᠠᠷ ᠬᠠᠭᠠᠯᠪᠤᠷᠢᠯᠠᠯᠲᠠ ᠶ᠋ᠢᠨ ᠦᠶ᠎ᠡ ᠮᠥᠨ᠃ ᠪᠠᠳᠠᠷᠠᠭᠤᠯᠲᠤ ᠲᠥᠷᠥ ᠶ᠋ᠢᠨ ᠰᠡᠭᠦᠯᠴᠢ ᠶ᠋ᠢᠨ ᠦᠶ᠎ᠡ ᠪᠡᠷ ᠴᠢᠩ ᠦ᠋ᠨ ᠲᠥᠷᠥ ᠡᠴᠡ ᠳᠣᠲᠣᠭᠠᠳᠤ ᠭᠠᠳᠠᠭᠠᠳᠤ ᠶ᠋ᠢᠨ ᠬᠢᠮᠤᠷᠠᠯ ᠢ᠋ ᠨᠠᠮᠳᠠᠭᠤᠯᠬᠤ ᠶ᠋ᠢᠨ ᠲᠥᠯᠥᠭᠡ《ᠮᠣᠩᠭᠣᠯ ᠭᠠᠵᠠᠷ ᠢ᠋ ᠬᠠᠭᠠᠯᠪᠤᠷᠢᠯᠠᠬᠤ ᠶ᠋ᠢ ᠴᠢᠯᠥᠭᠡᠲᠡᠢ ᠲᠠᠯᠪᠢᠬᠤ》᠂《ᠨᠡᠭᠦᠳᠡᠯᠴᠢᠨ ᠢᠷᠭᠡᠳ ᠢ᠋ᠶ᠋ᠡᠷ ᠬᠢᠯᠢ ᠬᠢᠵᠠᠭᠠᠷ ᠢ᠋ ᠪᠠᠲᠤᠳᠬᠠᠬᠤ》 ᠭᠡᠳᠡᠭ ᠢ᠋ᠶ᠋ᠡᠷ ᠮᠣᠩᠭᠣᠯ ᠣᠷᠣᠨ ᠣᠷᠳᠣᠰ ᠨᠤᠲᠤᠭ ᠲᠤ᠌《ᠰᠢᠨ᠎ᠡ ᠵᠠᠰᠠᠭ》 ᠶᠠᠪᠤᠭᠤᠯᠪᠠ᠃《ᠪᠣᠷᠣ ᠲᠣᠬᠣᠢ ᠶ᠋ᠢᠨ ᠪᠠᠢᠴᠠᠭᠠᠯᠲᠠ ᠶ᠋ᠢᠨ ᠮᠡᠳᠡᠭᠦᠯᠦᠯᠲᠡ》 ᠳ᠋ᠦ᠍ ᠲᠡᠮᠳᠡᠭᠯᠡᠭᠰᠡᠨ ᠢ᠋ᠶ᠋ᠡᠷ ᠪᠣᠯ ᠣᠷᠳᠣᠰ ᠲᠤ᠌ ᠣᠷᠣᠵᠤ ᠠᠲᠠᠷ ᠬᠠᠭᠠᠯᠪᠤᠷᠢᠯᠠᠭᠰᠠᠨ ᠲᠠᠷᠢᠶᠠᠴᠢᠳ ᠤ᠋ᠨ ᠣᠯᠠᠩᠬᠢ ᠨᠢ ᠭᠤᠷᠪᠠᠨ ᠲᠠᠯ᠎ᠠ ᠠ᠋ᠴᠠ ᠢᠷᠡᠯᠲᠡᠢ᠃ ᠡᠭᠦᠨ ᠳ᠋ᠦ᠍ ᠱᠨᠨᠰᠢ ᠶ᠋ᠢᠨ ᠲᠠᠷᠢᠶᠠᠴᠢᠳ ᠴᠠᠭᠠᠨ ᠬᠡᠷᠡᠮ ᠢ᠋ ᠳᠠᠪᠠᠵᠤ ᠭᠠᠷᠤᠭᠠᠳ ᠵᠡᠭᠦᠨ᠌ᠭᠠᠷ ᠬᠣᠰᠢᠭᠤ᠂ ᠵᠢᠶᠦ᠋ᠨ ᠸᠠᠩ ᠤ᠋ᠨ ᠬᠣᠰᠢᠭᠤ᠂ ᠵᠠᠰᠠᠭ ᠬᠣᠰᠢᠭᠤ᠂ ᠦᠦᠰᠢᠨ ᠬᠤᠰᠢᠭᠤᠨ ᠳ᠋ᠤ᠌ ᠣᠷᠣᠵᠤ ᠠᠲᠠᠷ ᠬᠠᠭᠠᠯᠪᠤᠷᠢᠯᠠᠵᠤ᠂ ᠭᠠᠨᠰᠦ ᠨᠢᠩᠰᠢᠶᠠ ᠶ᠋ᠢᠨ ᠲᠠᠷᠢᠶᠠᠴᠢᠳ ᠬᠠᠲᠤᠨ ᠭᠣᠣᠯ ᠢ᠋ ᠭᠡᠲᠦᠯᠵᠦ ᠣᠲᠣᠭ ᠬᠤᠰᠢᠭᠤᠨ ᠳ᠋ᠤ᠌ ᠣᠷᠣᠵᠤ ᠠᠲᠠᠷ ᠬᠠᠭᠠᠯᠪᠤᠷᠢᠯᠠᠵᠤ᠂ ᠱᠠᠨ ᠰᠢ ᠶ᠋ᠢᠨ ᠢᠷᠭᠡᠳ ᠬᠠᠲᠤᠨ ᠭᠣᠣᠯ ᠢ᠋ᠶ᠋ᠠᠷ ᠪᠠᠷᠠᠭᠤᠨᠰᠢ ᠪᠠᠨ ᠳᠡᠯᠡᠳ ᠬᠣᠰᠢᠭᠤ ᠬᠢᠭᠡᠳ ᠬᠠᠩᠭᠢᠨ ᠬᠤᠰᠢᠭᠤᠨ ᠳ᠋ᠤ᠌ ᠣᠷᠣᠵᠤ ᠠᠲᠠᠷ ᠬᠠᠭᠠᠯᠪᠤᠷᠢᠯᠠᠵᠠᠢ᠃1902 ᠣᠨ ᠠ᠋ᠴᠠ1908 ᠣᠨ ᠪᠣᠯᠬᠤ ᠳ᠋ᠤ᠌ ᠪᠦᠬᠦ ᠣᠷᠳᠣᠰ ᠲᠤ᠌ ᠡᠯ᠎ᠡ ᠵᠦᠢᠯ ᠦ᠋ᠨ ᠨᠡᠷᠡᠢᠳᠦᠯ ᠢ᠋ᠶ᠋ᠡᠷ ᠬᠠᠭᠠᠯᠪᠤᠷᠢᠯᠠᠭᠰᠠᠨ ᠠᠲᠠᠷ ᠭᠠᠵᠠᠷ ᠨᠡᠢᠲᠡ23840 ᠴᠢᠩ ᠳ᠋ᠦ᠍ ᠬᠦᠷᠴᠡᠢ᠃1915 ᠣᠨ ᠠ᠋ᠴᠠ1928 ᠣᠨ ᠤ᠋ ᠬᠣᠭᠣᠷᠣᠨᠳᠣ ᠮᠠᠯ ᠤ᠋ᠨ ᠪᠡᠯᠴᠢᠭᠡᠷ ᠢ᠋ ᠬᠠᠭᠠᠯᠪᠤᠷᠢᠯᠠᠭᠰᠠᠨ ᠲᠠᠯᠠᠪᠠᠢ17340 ᠴᠢᠩ ᠳ᠋ᠦ᠍ ᠬᠦᠷᠴᠡᠢ᠃1902 ᠣᠨ ᠠ᠋ᠴᠠ1932 ᠣᠨ ᠪᠣᠯᠲᠠᠯᠠᠬᠢ ᠭᠤᠴᠢᠨ ᠵᠢᠯ ᠦ᠋ᠨ ᠲᠤᠷᠰᠢ ᠣᠷᠳᠣᠰ ᠲᠤ᠌ ᠠᠳᠠᠭ ᠪᠠᠭ᠎ᠠ ᠳ᠋ᠠᠭᠠᠨ40000 ᠴᠢᠩ ᠡᠴᠡ ᠳᠡᠭᠡᠭᠰᠢ ᠭᠠᠵᠠᠷ ᠬᠠᠭᠠᠯᠪᠤᠷᠢᠯᠠᠵᠠᠢ①᠃ ᠡᠭᠦᠨ ᠡᠴᠡ ᠭᠠᠳᠠᠨ᠎ᠠ᠂ ᠬᠠᠷᠢ ᠤᠯᠤᠰ ᠤ᠋ᠨ ᠱᠠᠰᠢᠨ ᠳᠡᠯᠭᠡᠷᠡᠭᠦᠯᠦᠭᠴᠢ᠂ ᠱᠠᠰᠢᠨ ᠤ᠋ ᠨᠡᠢᠭᠡᠮᠯᠢᠭ ᠴᠦ᠍ ᠣᠷᠳᠣᠰ ᠤ᠋ᠨ ᠭᠠᠵᠠᠷ ᠨᠤᠲᠤᠭ ᠢ᠋ ᠵᠠᠯᠭᠢᠯᠠᠨ ᠠᠲᠠᠷ ᠬᠠᠭᠠᠯᠪᠤᠷᠢᠯᠠᠵᠠᠢ᠃ ᠵᠠᠩ ᠹᠧᠩ ᠢ ᠶ᠋ᠢᠨ《ᠪᠣᠷᠣ ᠲᠣᠬᠣᠢ ᠶ᠋ᠢᠨ ᠵᠢᠷᠤᠭ ᠤ᠋ᠨ ᠢᠯᠡᠳᠬᠡᠪᠦᠷᠢ》 ᠳ᠋ᠦ᠍ ᠲᠡᠮᠳᠡᠭᠯᠡᠭᠰᠡᠨ ᠢ᠋ᠶ᠋ᠡᠷ ᠴᠢᠩ ᠤᠯᠤᠰ ᠤ᠋ᠨ ᠰᠡᠭᠦᠯᠴᠢ ᠪᠣᠯᠲᠠᠯ᠎ᠠ ᠵᠥᠪᠬᠡᠨ ᠣᠲᠣᠭ ᠬᠤᠰᠢᠭᠤᠨ ᠤ᠋ ᠰᠢᠶᠣᠤ ᠴᠢᠶᠣᠤ ᠪᠢᠨ ᠡᠴᠡ ᠪᠣᠷᠣᠪᠠᠯᠭᠠᠰᠤ ᠶ᠋ᠢᠨ ᠠᠮᠠ ᠬᠦᠷᠲᠡᠯ᠎ᠡ ᠮᠣᠩᠭᠣᠯ ᠨᠤᠲᠤᠭ ᠤ᠋ᠨ ᠭᠠᠵᠠᠷ ᠢ᠋4735 ᠱᠠᠩ (ᠲᠠᠪᠤᠨ ᠡᠳᠦᠷ ᠦ᠋ᠨ ᠲᠠᠷᠢᠶ᠎ᠠ) ᠬᠠᠭᠠᠯᠪᠤᠷᠢᠯᠠᠵᠤ᠂ ᠪᠣᠷᠣᠪᠠᠯᠭᠠᠰᠤ ᠶ᠋ᠢᠨ ᠮᠣᠩᠭᠣᠯ ᠭᠠᠵᠠᠷ ᠢ᠋ ᠪᠠᠰᠠ 500 ᠱᠠᠩ ᠬᠠᠭᠠᠯᠪᠤᠷᠢᠯᠠᠭᠰᠠᠨ ᠪᠠᠢᠪᠠ ᠭᠡᠵᠡᠢ᠃ ᠡᠨᠡ ᠮᠡᠲᠦ ᠪᠡᠷ ᠬᠥᠪᠴᠢ ᠶ᠋ᠢᠨ ᠡᠯᠡᠰᠦ ᠬᠢᠭᠡᠳ ᠮᠠᠭᠤᠤ᠋ᠰᠤ ᠶ᠋ᠢᠨ ᠡᠯᠡᠰᠦᠨ ᠴᠦᠯ ᠦ᠋ᠨ ᠥᠷᠭᠡᠵᠢᠬᠦ ᠶ᠋ᠢ ᠲᠦᠷᠭᠡᠳᠬᠡᠵᠦ ᠡᠯᠡᠰᠦᠷᠬᠡᠭᠵᠢᠯ ᠢ᠋ ᠶᠡᠬᠡᠰᠬᠡᠪᠡ᠃ ᠮᠠᠲ᠋ᠧᠷᠢᠶᠠᠯ ᠳ᠋ᠤ᠌ ᠲᠡᠮᠳᠡᠭᠡᠯᠡᠭᠰᠡᠨ ᠢ᠋ᠶ᠋ᠡᠷ ᠪᠣᠯ ᠴᠢᠯᠥᠭᠡᠯᠡᠭᠳᠡᠬᠦ ᠶ᠋ᠢᠨ ᠡᠬᠢᠨ ᠦ᠌ ᠦᠶ᠎ᠡ ᠬᠦᠷᠲᠡᠯ᠎ᠡ ᠣᠷᠳᠣᠰ ᠤ᠋ᠨ ᠡᠯᠡᠰᠦᠷᠬᠡᠭᠵᠢᠯ ᠦ᠋ᠨ ᠲᠠᠯᠠᠪᠠᠢ ᠨᠢᠭᠡᠨᠲᠡ10500 ᠬᠠᠪᠲᠠᠭᠠᠢ ᠳᠥᠷᠪᠡᠯᠵᠢᠨ ᠺᠢᠯᠣᠮᠧᠲ᠋ᠷ ᠪᠣᠯᠵᠤ ᠥᠷᠭᠡᠳᠴᠡᠢ᠃
— — — —
①《 ᠶᠡᠬᠡ ᠵᠣᠣ ᠠᠢᠮᠠᠭ ᠤ᠋ᠨ ᠣᠢ ᠰᠢᠭᠤᠢ ᠶ᠋ᠢᠨ ᠴᠠᠳᠢᠭ᠌》᠂1987 ᠣᠨ ᠤ᠋ ᠬᠡᠪᠯᠡᠯ᠃
ᠵᠡᠭᠦᠯᠲᠡ
① ᠣᠷᠳᠣᠰ ᠴᠢᠭᠤᠯᠭᠠᠨ ᠤ᠋ ᠤᠷᠢᠳᠤ ᠶ᠋ᠢᠨ ᠲᠦᠷᠢᠶᠡᠰᠦᠨ ᠭᠠᠵᠠᠷ ᠤ᠋ᠨ ᠤᠭ ᠤᠴᠢᠷ ᠢ᠋ ᠲᠣᠳᠣᠷᠬᠠᠢᠯᠠᠨ ᠲᠡᠮᠳᠡᠭᠯᠡᠭᠰᠡᠨ ᠳᠡᠪᠲᠡᠷ
ᠣᠷᠳᠣᠰ ᠴᠢᠭᠤᠯᠭᠠᠨ ᠤ᠋ ᠤᠷᠢᠳᠤ ᠲᠦᠷᠢᠶᠡᠰᠦᠨ ᠭᠠᠵᠠᠷ ᠤ᠋ᠨ ᠤᠭ ᠤᠴᠢᠷ ᠢ᠋ ᠬᠢᠲᠠᠳ ᠳᠡᠪᠲᠡᠷ ᠡᠴᠡ ᠲᠡᠮᠳᠡᠭᠯᠡᠪᠡᠰᠦ᠂ ᠤᠷᠢᠳᠤ ᠮᠣᠩᠭᠣᠯ ᠬᠢᠲᠠᠳ ᠬᠠᠷᠢᠯᠴᠠᠨ ᠲᠡᠮᠡᠴᠡᠯᠳᠦᠭᠰᠡᠭᠡᠷ ᠮᠣᠩᠭᠣᠯᠴᠤᠳ ᠢᠮᠠᠭᠲᠠ ᠤᠬᠤᠷᠢᠵᠤ᠂ ᠤᠷᠲᠤ ᠴᠠᠭᠠᠨ ᠬᠡᠷᠡᠮ ᠡᠴᠡ ᠢᠨᠠᠭᠰᠢᠬᠢ ᠭᠠᠵᠠᠷ ᠠᠨᠤ ᠠᠭᠤᠳᠠᠮ ᠶᠡᠬᠡ ᠣᠢ᠂ ᠠᠭᠯᠠᠭ ᠪᠡᠯᠴᠢᠭᠡᠷ ᠪᠣᠯᠤᠭᠰᠠᠨ ᠪᠥᠭᠡᠳ ᠶᠡᠷᠦ ᠮᠣᠩᠭᠣᠯ ᠬᠢᠲᠠᠳ ᠲᠤᠰ ᠲᠤᠰ ᠤ᠋ᠨ ᠭᠠᠵᠠᠷ ᠬᠠᠷᠢᠯᠴᠠᠨ ᠣᠳᠴᠢᠵᠦ ᠦᠯᠦ ᠪᠣᠯᠬᠤ ᠪᠠᠷ ᠴᠢᠩᠳᠠᠯᠠᠨ ᠴᠠᠭᠠᠵᠠᠯᠠᠵᠤ ᠪᠠᠢᠭᠰᠠᠨ ᠠᠵᠢ᠃ ᠲᠡᠭᠦᠨ ᠡᠴᠡ ᠡᠩᠬᠡ ᠠᠮᠤᠭᠤᠯᠠᠩ ᠤ᠋ᠨ ᠬᠣᠷᠢᠨ ᠨᠢᠭᠡᠳᠦᠭᠡᠷ ᠣᠨ ᠳ᠋ᠤ᠌ ᠲᠥᠷᠥ ᠶ᠋ᠢᠨ ᠶᠡᠬᠡ ᠲᠦᠰᠢᠮᠡᠯ ᠪᠧᠢ ᠯᠠᠩ ᠳ᠋ᠠᠢ ᠬᠡᠮᠡᠬᠦ ᠮᠣᠩᠭᠣᠯ ᠬᠥᠮᠦᠨ ᠡᠵᠡᠨ ᠳ᠋ᠦ᠍ᠷ ᠠᠢᠯᠠᠳᠬᠠᠭᠰᠠᠨ ᠠᠨᠤ ᠮᠠᠨ ᠤ᠋ ᠮᠣᠩᠭᠣᠯᠴᠤᠳ ᠬᠣᠢᠰᠢ ᠤᠬᠤᠷᠢᠭᠰᠠᠭᠠᠷ ᠤᠭ ᠤ᠋ᠨ ᠬᠢᠯᠢ ᠬᠢᠵᠠᠭᠠᠷ ᠠ᠋ᠴᠠ ᠬᠡᠲᠦᠷᠬᠡᠢ ᠬᠣᠯᠠ᠂ ᠠᠩᠭᠢᠳᠠ ᠲᠤᠰ ᠨᠤᠲᠤᠭ ᠢ᠋ ᠬᠣᠭᠣᠰᠣᠨ ᠣᠢ ᠪᠡᠯᠴᠢᠭᠡᠷ ᠪᠣᠯᠭᠠᠭᠰᠠᠨ ᠤ᠋ ᠲᠤᠯᠠᠳᠠ ᠭᠤᠶᠤᠬᠤ ᠠᠨᠤ᠂ ᠤᠷᠲᠤ ᠴᠠᠭᠠᠨ ᠬᠡᠷᠡᠮ ᠡᠴᠡ ᠬᠣᠢᠰᠢ ᠳᠥᠴᠢᠨ ᠦ᠌ ᠭᠠᠵᠠᠷ ᠲᠤᠯᠲᠠᠯ᠎ᠠ ᠮᠣᠩᠭᠣᠯ ᠤ᠋ᠨ ᠮᠠᠯ ᠪᠡᠯᠴᠢᠭᠡᠷᠯᠡᠭᠦᠯᠵᠦ ᠦᠷᠡᠵᠢᠭᠦᠯᠦᠨ ᠳᠡᠯᠭᠡᠷᠡᠭᠦᠯᠬᠦ ᠶ᠋ᠢ ᠥᠷᠭᠡᠵᠢᠭᠦᠯᠦᠨ ᠬᠠᠢᠷᠠᠯᠠᠬᠤ ᠠᠵᠢᠶᠠᠮᠤ ᠬᠡᠮᠡᠭᠰᠡᠨ ᠢ᠋ ᠶᠣᠰᠣᠭᠠᠷ ᠪᠣᠯᠭᠠᠨ ᠲᠣᠭᠲᠠᠭᠠᠵᠤ᠂ ᠲᠡᠭᠦᠨᠴᠡ ᠳᠠᠬᠢᠨ ᠥᠷᠥᠰᠢᠶᠡᠵᠦ ᠮᠠᠯ ᠪᠡᠯᠴᠢᠭᠡᠷᠯᠡᠭᠦᠯᠰᠦᠭᠡᠢ᠃ ᠡᠩᠬᠡ ᠠᠮᠤᠭᠤᠯᠠᠩ ᠤ᠋ᠨ ᠭᠤᠴᠢᠨ ᠵᠢᠷᠭᠤᠳᠤᠭᠠᠷ ᠣᠨ ᠳ᠋ᠤ᠌ ᠲᠥᠷᠥ ᠶ᠋ᠢᠨ ᠶᠡᠬᠡ ᠲᠦᠰᠢᠮᠡᠯ ᠪᠧᠢ ᠯᠠᠩ ᠰᠥᠩ ᠬᠡᠮᠡᠬᠦ ᠮᠣᠩᠭᠣᠯ ᠬᠥᠮᠦᠨ ᠡᠵᠡᠨ ᠳ᠋ᠦ᠍ᠷ ᠠᠢᠯᠠᠳᠬᠠᠭᠰᠠᠨ ᠠᠨᠤ ᠤᠷᠲᠤ ᠬᠡᠷᠡᠮ ᠡᠴᠡ ᠭᠠᠳᠠᠭᠰᠢᠬᠢ ᠮᠣᠩᠭᠣᠯ ᠤ᠋ᠨ ᠠᠭᠯᠠᠭ ᠨᠤᠲᠤᠭ ᠲᠤᠷ ᠳᠥᠴᠢᠨ ᠭᠠᠵᠠᠷ ᠤ᠋ᠨ ᠠᠲᠠᠷ ᠢ᠋ ᠬᠠᠭᠠᠯᠪᠤᠷᠢᠯᠠᠨ ᠮᠣᠩᠭᠣᠯ ᠬᠢᠲᠠᠳ ᠭᠡᠮᠡᠨ ᠢᠯᠭᠠᠪᠤᠷᠢᠯᠠᠬᠤ ᠦᠭᠡᠢ ᠲᠠᠷᠢᠶᠠᠨ ᠦᠢᠯᠡᠳᠴᠦ ᠭᠠᠵᠠᠷ ᠤ᠋ᠨ ᠠᠰᠢᠭ ᠢ᠋ ᠬᠦᠷᠲᠡᠭᠡᠯᠭᠡᠭᠦ ᠠᠵᠢᠶᠠᠮᠤ ᠬᠡᠮᠡᠭᠰᠡᠨ ᠢ᠋ ᠶᠣᠰᠣᠭᠠᠷ ᠪᠣᠯᠭᠠᠨ ᠲᠣᠭᠲᠠᠭᠠᠵᠤ ᠲᠡᠭᠦᠨ ᠡᠴᠡ ᠬᠣᠢᠰᠢ ᠦᠢᠯᠡᠳᠬᠡᠵᠦᠬᠡᠢ᠃ ᠡᠩᠬᠡ ᠠᠮᠤᠭᠤᠯᠠᠩ ᠤ᠋ᠨ ᠲᠠᠪᠢᠨ ᠨᠠᠢ᠍ᠮᠠᠳᠤᠭᠠᠷ ᠣᠨ ᠳ᠋ᠤ᠌ ᠵᠠᠷᠯᠢᠭ ᠢ᠋ᠶ᠋ᠠᠷ ᠯᠠᠩ ᠳ᠋ᠣᠣ ᠬᠤᠨ ᠬᠡᠮᠡᠬᠦ ᠮᠠᠨᠵᠤ ᠰᠠᠢᠳ ᠢ᠋ ᠲᠣᠮᠢᠯᠠᠨ ᠭᠠᠷᠭᠠᠵᠤ ᠪᠠᠢᠴᠠᠭᠠᠯᠭᠠᠨ ᠤᠷᠲᠤ ᠴᠠᠭᠠᠨ ᠬᠡᠷᠡᠮ ᠡᠴᠡ ᠢᠨᠠᠭᠰᠢ ᠭᠤᠴᠢᠨ ᠤ᠋ ᠭᠠᠵᠠᠷ ᠳᠠᠩ ᠭᠠᠭᠴᠠ ᠬᠢᠲᠠᠳ ᠬᠥᠮᠦᠨ ᠳ᠋ᠦ᠍ᠷ ᠲᠦᠷᠢᠶᠡᠰᠦᠯᠡᠨ ᠲᠠᠷᠢᠭᠤᠯᠵᠤ ᠠᠨᠵᠢᠰᠤ ᠳᠣᠳᠣᠮ ᠤ᠋ᠨ ᠲᠦᠷᠢᠶᠡᠰᠦ ᠠᠮᠤ ᠲᠠᠪᠤᠨ ᠰᠠᠭᠤᠯᠠᠭ᠎ᠠ ᠶ᠋ᠢ ᠮᠣᠩᠭᠣᠯ ᠬᠥᠮᠦᠨ ᠳ᠋ᠦ᠍ᠷ ᠣᠯᠭᠣᠨ ᠥᠭᠬᠦ ᠪᠡᠷ ᠲᠣᠭᠲᠠᠭᠠᠵᠤ ᠲᠡᠭᠦᠨ ᠡᠴᠡ ᠲᠦᠷᠢᠶᠡᠰᠦᠯᠡᠨ ᠲᠠᠷᠢᠵᠤᠬᠤᠢ᠃ ᠨᠠᠢᠷᠠᠯᠲᠤ ᠲᠥᠪ ᠦ᠋ᠨ ᠨᠠᠢ᠍ᠮᠠᠳᠤᠭᠠᠷ ᠣᠨ ᠳ᠋ᠤ᠌ ᠪᠠᠰᠠ ᠨᠡᠮᠡᠭᠳᠡᠭᠦᠯᠦᠨ ᠲᠦᠷᠢᠶᠡᠰᠦᠯᠡᠵᠦ ᠨᠡᠢᠲᠡ ᠲᠠᠪᠢᠨ ᠤ᠋ ᠭᠠᠵᠠᠷ ᠪᠣᠯᠭᠠᠭᠠᠳ ᠬᠢᠲᠠᠳ ᠰᠢᠶᠠᠨ ᠳ᠋ᠤᠷ ᠮᠥᠨ ᠬᠦ᠌ ᠡᠪᠡᠰᠦ ᠪᠣᠷᠳᠣᠭᠤᠷ ᠤ᠋ᠨ ᠵᠡᠷᠭᠡ ᠲᠠᠲᠠᠪᠤᠷᠢ ᠳᠠᠪᠬᠤᠷᠯᠠᠨ ᠭᠠᠷᠭᠠᠵᠤ ᠣᠯᠭᠣᠬᠤ ᠪᠠᠷ ᠲᠣᠭᠲᠠᠭᠠᠵᠤᠬᠤᠢ᠃ ᠨᠠᠢᠷᠠᠯᠲᠤ ᠲᠥᠪ ᠦ᠋ᠨ ᠠᠷᠪᠠᠳᠤᠭᠠᠷ ᠣᠨ ᠳ᠋ᠤ᠌ ᠣᠷᠳᠣᠰ ᠤ᠋ᠨ ᠨᠤᠲᠤᠭ ᠲᠤ᠌ ᠶᠡᠬᠡ ᠭᠠᠩ ᠵᠤᠳ ᠪᠣᠯᠵᠤ ᠠᠷᠠᠳ ᠵᠦᠳᠡᠷᠡᠭᠰᠡᠨ ᠳ᠋ᠦ᠍ ᠮᠣᠩᠭᠣᠯᠴᠤᠳ ᠥᠪᠡᠷ ᠢ᠋ᠶ᠋ᠡᠨ ᠳᠤᠷᠠᠲᠠᠢ ᠪᠣᠯᠪᠠᠰᠤ ᠤᠭ ᠤ᠋ᠨ ᠲᠠᠪᠢᠨ ᠤ᠋ ᠭᠠᠵᠠᠷ ᠤ᠋ᠨ ᠭᠠᠳᠠᠨ᠎ᠠ ᠪᠣᠯᠪᠠᠴᠤ ᠮᠥᠨ ᠲᠦᠷᠢᠶᠡᠰᠦᠯᠡᠨ ᠲᠠᠷᠢᠭᠤᠯᠵᠤ ᠠᠰᠢᠭ ᠢ᠋ ᠠᠪᠲᠤᠭᠠᠢ ᠭᠡᠮᠡᠨ ᠵᠠᠷᠯᠠᠵᠤᠬᠤᠢ᠃ ᠲᠩᠷᠢ ᠲᠡᠳᠬᠦᠭᠴᠢ ᠶ᠋ᠢᠨ ᠨᠠᠢ᠍ᠮᠠᠳᠤᠭᠠᠷ ᠣᠨ ᠳ᠋ᠤ᠌ ᠵᠠᠷᠯᠢᠭ ᠢ᠋ᠶ᠋ᠠᠷ ᠽᠦᠩᠲ᠋ᠦ᠋ᠩ ᠲᠦᠰᠢᠮᠡᠯ ᠴᠧᠩ ᠵᠣᠣ ᠰᠠᠩ ᠰᠤᠤ ᠲᠦᠰᠢᠮᠡᠯ ᠪᠠᠢᠨᠳᠠᠢ ᠬᠡᠮᠡᠭᠴᠢᠳ ᠢ᠋ ᠲᠣᠮᠢᠯᠠᠨ ᠢᠷᠡᠭᠦᠯᠵᠦ ᠤᠭ ᠤ᠋ᠨ ᠲᠠᠪᠢᠨ ᠤ᠋ ᠭᠠᠵᠠᠷ ᠤ᠋ᠨ ᠳᠣᠲᠣᠷᠠᠬᠢ ᠲᠦᠷᠢᠶᠡᠰᠦᠨ ᠢ᠋ ᠤᠤᠯ ᠶᠣᠰᠣᠭᠠᠷ ᠠᠮᠤ ᠲᠠᠪᠤᠨ ᠰᠠᠭᠤᠯᠠᠭ᠎ᠠ ᠲᠡᠭᠦᠨ ᠡᠴᠡ ᠭᠠᠳᠠᠭᠰᠢ ᠳᠠᠪᠠᠵᠤ ᠲᠠᠷᠢᠶᠠᠯᠠᠭᠰᠠᠳ ᠤ᠋ᠨ ᠲᠦᠷᠢᠶᠡᠰᠦᠨ ᠢ᠋ ᠠᠨᠵᠢᠰᠤ ᠳᠣᠳᠣᠮ ᠠᠮᠤ ᠨᠢᠭᠡ ᠳ᠋ᠠᠨ᠂ ᠮᠥᠩᠭᠥ ᠨᠢᠭᠡ ᠯᠠᠩ ᠢ᠋ᠶ᠋ᠠᠷ ᠲᠣᠭᠲᠠᠭᠠᠭᠠᠳ ᠮᠥᠨ ᠳᠡᠭᠡᠷ᠎ᠡ ᠡᠴᠡ ᠲᠦᠩᡁᠢ ᠰᠠᠢᠳ ᠢ᠋ ᠲᠣᠮᠢᠯᠠᠨ ᠱᠸᠠ ᠮᠦ᠍ ᠰᠢᠶᠠᠨ ᠳ᠋ᠤ᠌ ᠰᠠᠭᠤᠯᠭᠠᠵᠤ ᠠᠨᠵᠢᠰᠤ ᠲᠦᠷᠢᠶᠡᠰᠦᠨ ᠢ᠋ ᠨᠠᠷᠢᠪᠴᠢᠯᠠᠨ ᠪᠠᠢᠴᠠᠭᠠᠵᠤ ᠳᠤᠲᠠᠭᠤ ᠦᠯᠦ ᠪᠣᠯᠭᠠᠬᠤ ᠪᠠ ᠬᠠᠷᠢᠯᠴᠠᠨ ᠲᠡᠮᠡᠴᠡᠯᠳᠦᠬᠦ ᠠᠯᠢᠪᠠ ᠬᠡᠷᠡᠭ ᠢ᠋ ᠰᠢᠭᠦᠨ ᠲᠠᠰᠤᠯᠬᠤ᠂ ᠵᠢᠴᠢ ᠮᠥᠨ ᠭᠠᠵᠠᠷ ᠨᠤᠲᠤᠭ ᠤ᠋ᠨ ᠵᠠᠬᠢᠷᠭ᠎ᠠ ᠪᠠᠢᠭᠤᠯᠤᠨ ᠨᠢᠭᠡᠨ ᠪᠤᠤ ᠳ᠋ᠤᠷ ᠨᠢᠭᠡᠨ ᠽᠦᠩ ᠵᠢᠶᠠ ᠲᠠᠯᠪᠢᠵᠤ ᠠᠯᠪᠠᠨ ᠢ᠋ ᠬᠥᠭᠡᠭᠡᠨ ᠭᠦᠢᠴᠡᠯᠳᠦᠭᠦᠯᠬᠦ ᠪᠡᠷ ᠪᠡᠯᠡᠳᠬᠡᠵᠦᠬᠦᠢ᠃ ᠲᠥᠷᠥ ᠭᠡᠷᠡᠯᠲᠦ ᠶ᠋ᠢᠨ ᠠᠷᠪᠠᠨ ᠳᠣᠯᠣᠳᠤᠭᠠᠷ ᠣᠨ ᠳ᠋ᠤ᠌ ᠤᠭ ᠭᠠᠵᠠᠷ ᠤ᠋ᠨ ᠲᠦᠷᠢᠶᠡᠰᠦᠨ ᠢ᠋ ᠠᠨᠵᠢᠰᠤ ᠳᠣᠳᠣᠮ ᠲᠠᠪᠤᠨ ᠴᠢᠨ ᠮᠥᠩᠭᠥ ᠨᠡᠮᠡᠭᠳᠡᠭᠦᠯᠦᠭᠰᠡᠨ ᠪᠥᠭᠡᠳ ᠵᠢᠴᠢ ᠲᠦᠷᠢᠶᠡᠰᠦᠨ ᠢ᠋ ᠮᠥᠨ ᠵᠢᠯ ᠳ᠋ᠡᠭᠡᠨ ᠡᠰᠡ ᠲᠤᠰᠢᠶᠠᠪᠠᠰᠤ ᠨᠢᠭᠡᠨ ᠬᠤᠪᠢ ᠶ᠋ᠢ ᠬᠣᠶᠠᠷ ᠬᠤᠪᠢ ᠪᠣᠯᠭᠠᠨ ᠠᠪᠤᠭᠤᠯᠬᠤ ᠪᠠᠷ ᠲᠣᠭᠲᠠᠭᠠᠵᠤᠬᠤᠢ᠃ ᠤᠤᠯ ᠲᠣᠭᠲᠠᠭᠠᠭᠰᠠᠨ ᠠᠨᠵᠢᠰᠤ ᠶ᠋ᠢᠨ ᠬᠡᠮᠵᠢᠶ᠎ᠡ ᠠᠨᠤ ᠬᠣᠶᠠᠷ ᠦᠬᠡᠷ ᠬᠥᠯᠦᠭᠰᠡᠨ ᠨᠢᠭᠡᠨ ᠠᠨᠵᠢᠰᠤ ᠪᠠᠷ ᠨᠢᠭᠡᠨ ᠡᠳᠦᠷ ᠲᠠᠷᠢᠵᠤ ᠭᠦᠢᠴᠡᠭᠡᠬᠦ ᠶ᠋ᠢ ᠨᠢᠭᠡᠨ ᠱᠠᠩ ᠬᠡᠮᠡᠵᠦᠬᠦᠢ᠂ ᠨᠢᠭᠡᠨ ᠵᠢᠯ ᠬᠠᠪᠤᠷ ᠲᠠᠷᠢᠵᠤ ᠭᠦᠢᠴᠡᠬᠦ ᠶ᠋ᠢ ᠨᠢᠭᠡᠨ ᠠᠨᠵᠢᠰᠤ ᠬᠡᠮᠡᠵᠦᠬᠦᠢ᠃ ᠡᠯ᠎ᠡ ᠭᠠᠵᠠᠷ ᠢᠷᠭᠡᠨ ᠤᠯᠤᠰ ᠲᠤᠷ ᠬᠦᠷᠴᠦ ᠢᠷᠡᠭᠡᠳ ᠰᠢᠭᠦᠮᠵᠢᠯᠡᠭᠰᠡᠨ ᠠᠨᠤ ᠤᠤᠯ ᠭᠠᠵᠠᠷ ᠲᠤᠷ ᠪᠣᠯᠪᠠᠰᠤ ᠬᠠᠪᠤᠷ ᠲᠠᠷᠢᠭᠠᠳ ᠨᠠᠮᠤᠷ ᠡᠭᠡᠵᠦ ᠪᠠᠢᠭᠰᠠᠨ ᠪᠥᠭᠡᠳ ᠡᠳᠦᠭᠡ ᠣᠨ ᠤᠳᠠᠵᠤ ᠦᠶ᠎ᠡ ᠦᠶ᠎ᠡ ᠪᠡᠷ ᠰᠠᠭᠤᠷᠢᠰᠢᠨ ᠰᠠᠭᠤᠭᠰᠠᠨ ᠪᠠ ᠪᠤᠮᠪᠠ ᠬᠡᠭᠦᠷ ᠣᠷᠣᠰᠢᠭᠤᠯᠤᠨ ᠲᠠᠯᠪᠢᠭᠰᠠᠨ ᠢ᠋ ᠬᠢᠨᠠᠪᠠᠰᠤ ᠴᠣᠬᠣᠮ ᠵᠣᠴᠢᠨ᠂ ᠭᠡᠷ ᠦ᠋ᠨ ᠡᠵᠡᠨ ᠢᠨᠦ ᠠᠯᠢ ᠨᠢ ᠪᠣᠯᠬᠤ ᠶ᠋ᠢ ᠢᠯᠭᠠᠪᠤᠷᠢᠯᠠᠨ ᠮᠡᠳᠡᠬᠦ ᠦᠭᠡᠢ ᠪᠣᠯᠪᠠ ᠬᠡᠮᠡᠵᠦᠬᠦᠢ᠃ ᠢᠷᠭᠡᠨ ᠤᠯᠤᠰ ᠤ᠋ᠨ ᠨᠠᠢ᠍ᠮᠠᠳᠤᠭᠠᠷ ᠣᠨ ᠡᠯ᠎ᠡ ᠭᠠᠵᠠᠷ᠂ ᠰᠦᠢᠶᠦᠸᠠᠨ ᠮᠣᠵᠢ ᠠ᠋ᠴᠠ ᠶᠡᠬᠡ ᠵᠣᠣ ᠶ᠋ᠢᠨ ᠴᠢᠭᠤᠯᠭᠠᠨ ᠤ᠋ ᠮᠣᠩᠭᠣᠯ ᠭᠠᠵᠠᠷ ᠪᠣᠯᠪᠠᠰᠤ ᠲᠤᠰ ᠮᠣᠵᠢ ᠳ᠋ᠤ᠌ ᠬᠠᠮᠢᠶᠠᠷᠤᠭᠳᠠᠪᠠᠰᠤ ᠵᠣᠬᠢᠮᠤᠢ ᠭᠡᠮᠡᠨ ᠰᠦᠢ᠂ ᠱᠠᠨ ᠬᠣᠶᠠᠷ ᠮᠣᠵᠢ ᠬᠣᠭᠣᠷᠣᠨᠳᠣ ᠪᠠᠨ ᠪᠤᠯᠢᠶᠠᠯᠳᠤᠵᠤ ᠵᠠᠷᠭᠤ ᠪᠣᠯᠤᠭᠠᠳ ᠲᠥᠪ ᠵᠠᠰᠠᠭ ᠤ᠋ᠨ ᠭᠠᠵᠠᠷ ᠠ᠋ᠴᠠ ᠲᠦᠰᠢᠮᠡᠯ ᠭᠠᠷᠭᠠᠨ ᠪᠠᠢᠴᠠᠯᠭᠠᠭᠰᠠᠨ ᠳ᠋ᠤ᠌ ᠬᠠᠷᠢᠶᠠᠲᠤ ᠲᠦᠷᠢᠶᠡᠰᠦᠨ ᠲᠠᠷᠢᠶᠠᠴᠢᠳ ᠭᠤᠶᠤᠨ ᠮᠡᠳᠡᠭᠦᠯᠦᠭᠰᠡᠨ ᠢᠨᠦ ᠰᠦᠢ ᠳ᠋ᠦ᠍ᠷ ᠬᠠᠮᠢᠶᠠᠷᠤᠭᠳᠠᠪᠠᠰᠤ ᠮᠢᠩᠭᠠᠨ ᠭᠠᠵᠠᠷ ᠤ᠋ᠨ ᠬᠣᠯᠠ ᠠ᠋ᠴᠠ ᠲᠦᠷᠢᠶᠡᠰᠦᠨ ᠬᠦᠷᠭᠡᠬᠦ ᠢᠨᠦ ᠶᠡᠬᠡ ᠯᠡ ᠪᠣᠭᠣᠭᠳᠠᠯ ᠲᠠᠢ ᠪᠥᠭᠡᠳ ᠱᠠᠨ ᠳ᠋ᠤᠷ ᠪᠣᠯᠪᠠᠴᠤ ᠵᠠᠬ᠎ᠠ ᠨᠡᠢᠯᠡᠭᠰᠡᠨ ᠢ᠋ᠶ᠋ᠡᠷ ᠦᠨᠡᠬᠡᠷ ᠳᠥᠭᠥᠮ ᠪᠣᠯᠬᠤ ᠠ᠋ᠴᠠ ᠭᠠᠳᠠᠨ᠎ᠠ ᠠᠯᠢ ᠨᠢ ᠪᠣᠯᠪᠠᠴᠤ ᠠᠳᠠᠯᠢᠬᠠᠨ ᠤᠯᠤᠰ ᠤ᠋ᠨ ᠵᠠᠰᠠᠭ ᠳᠣᠣᠷ᠎ᠠ ᠬᠠᠮᠢᠶᠠᠷᠤᠭᠳᠠᠬᠤ ᠲᠤᠯᠠ ᠠᠷᠠᠳ ᠤ᠋ᠨ ᠵᠣᠪᠠᠯᠠᠩ ᠢ᠋ ᠠᠷᠪᠢᠯᠠᠨ ᠣᠢᠷ᠎ᠠ ᠶ᠋ᠢ ᠦᠵᠡᠵᠦ ᠱᠠᠨ ᠳ᠋ᠤᠷ ᠬᠠᠮᠢᠶᠠᠷᠤᠭᠤᠯᠬᠤ ᠪᠣᠯᠪᠠᠤ ᠬᠡᠮᠡᠭᠰᠡᠨ ᠢ᠋ ᠶᠣᠰᠣᠭᠠᠷ ᠪᠣᠯᠭᠠᠨ ᠲᠣᠭᠲᠠᠭᠠᠵᠤᠬᠤᠢ᠂ ᠪᠦᠬᠦ ᠤᠯᠤᠰ ᠤ᠋ᠨ ᠬᠢᠲᠠᠳ ᠣᠯᠠᠨ ᠰᠢᠶᠠᠨ ᠤ᠋ ᠬᠣᠷᠢᠶᠠᠨ ᠠᠪᠬᠤ ᠰᠦᠢ ᠱᠧᠦ ᠪᠣᠯᠪᠠᠰᠤ ᠭᠠᠵᠠᠷ ᠮᠦ᠍ ᠳᠣᠳᠣᠮ ᠨᠢᠭᠡ ᠶᠤᠸᠠᠨ᠂ ᠳᠤᠮᠳᠠ ᠪᠠ ᠠᠳᠠᠭ ᠭᠠᠵᠠᠷ ᠮᠦ᠍ ᠳᠣᠳᠣᠮ ᠳᠣᠯᠣᠭ᠎ᠠ ᠨᠠᠢ᠍ᠮᠠ ᠮᠣᠤ᠂ ᠨᠢᠭᠡᠨ ᠵᠢᠯ ᠢᠩᠭᠢᠵᠦ ᠬᠣᠶᠠᠷ ᠤᠳᠠᠭ᠎ᠠ ᠬᠤᠷᠢᠶᠠᠭᠠᠳ ᠨᠢᠭᠡᠨ ᠬᠠᠭᠠᠰ ᠢ᠋ ᠲᠤᠰ ᠭᠠᠵᠠᠷ ᠤ᠋ᠨ ᠨᠤᠲᠤᠭ ᠤᠰᠤᠨ ᠤ᠋ ᠠᠯᠪᠠᠨ ᠬᠡᠷᠡᠭᠯᠡᠯ ᠳ᠋ᠦ᠍ᠷ ᠬᠣᠴᠣᠷᠣᠭᠠᠭᠰᠠᠭᠠᠷ ᠢᠷᠡᠭᠰᠡᠨ ᠶᠦᠮ᠃
ᠢᠷᠭᠡᠨ ᠤᠯᠤᠰ ᠤ᠋ᠨ ᠭᠤᠴᠢᠨ ᠨᠢᠭᠡᠳᠦᠭᠡᠷ ᠣᠨ ᠳᠠᠬᠢᠨ ᠲᠣᠭᠲᠠᠭᠠᠵᠤ ᠤᠤᠯ ᠨᠢᠭᠡᠨ ᠶᠤᠸᠠᠨ ᠤ᠋ ᠬᠤᠷᠢᠶᠠᠯᠭ᠎ᠠ ᠶ᠋ᠢ ᠣᠳᠣ ᠲᠥᠮᠥᠰᠥ ᠭᠤᠷᠪᠠᠨ ᠰᠠᠭᠤᠯᠠᠭ᠎ᠠ ᠳᠥᠷᠪᠡᠨ ᠱᠧᠩ ᠪᠣᠯᠭᠠᠨ ᠠᠪᠬᠤ ᠪᠠᠷ ᠪᠣᠯᠭᠠᠪᠠᠢ᠃
ᠳᠤᠮᠳᠠᠳᠤ ᠢᠷᠭᠡᠨ ᠤᠯᠤᠰ ᠤ᠋ᠨ ᠭᠤᠴᠢᠨ
ᠳᠥᠷᠪᠡᠳᠦᠭᠡᠷ ᠣᠨ ᠤ᠋ ᠬᠠᠪᠤᠷ ᠤ᠋ᠨ ᠰᠡᠭᠦᠯ
ᠰᠠᠷ᠎ᠠ ᠶ᠋ᠢᠨ ᠬᠣᠷᠢᠨ ᠳᠣᠯᠣᠭᠠᠨ᠎ᠠ
② ᠶᠡᠬᠡ ᠵᠣᠣ ᠴᠢᠭᠤᠯᠭᠠᠨ ᠤ᠋ ᠳᠠᠷᠤᠭ᠎ᠠ ᠣᠷᠳᠣᠰ ᠤ᠋ᠨ ᠵᠠᠰᠠᠭ ᠲᠥᠷᠥ ᠶ᠋ᠢᠨ ᠵᠢᠶᠦ᠋ᠨ ᠸᠠᠩ ᠵᠢᠨᠦᠩ ᠱᠠᠭᠳᠤᠷᠵᠠᠪ᠂ ᠴᠢᠭᠤᠯᠭᠠᠨ ᠤ᠋ ᠳᠡᠳ᠋ ᠳᠠᠷᠤᠭ᠎ᠠ ᠵᠠᠰᠠᠭ ᠲᠥᠷᠥ ᠶ᠋ᠢᠨ ᠵᠢᠶᠦ᠋ᠨ ᠸᠠᠩ ᠠᠯᠲᠠᠨᠸᠴᠢᠷ᠂ ᠴᠢᠭᠤᠯᠭᠠᠨ ᠤ᠋ ᠲᠤᠰᠠᠯᠠᠨ ᠰᠢᠢᠳᠬᠡᠭᠴᠢ ᠵᠠᠰᠠᠭ ᠲᠥᠷᠥ ᠶ᠋ᠢᠨ ᠵᠢᠶᠦ᠋ᠨ ᠸᠠᠩ ᠭᠠᠯᠰᠠᠩᠷᠤᠯᠮᠠᠸᠠᠩᠵᠢᠯᠵᠠᠮᠰᠤ ᠨᠠᠷ ᠠ᠋ᠴᠠ
ᠴᠠᠭ ᠲᠤᠬᠠᠢ ᠶ᠋ᠢᠨ ᠵᠠᠰᠠᠭ ᠢ᠋ ᠪᠠᠷᠢᠭᠴᠢ ᠲᠠᠨ᠎ᠠ ᠡᠷᠭᠦᠨ ᠪᠠᠷᠢᠪᠠ᠄
ᠦᠨᠡᠨ ᠤᠴᠢᠷ ᠢ᠋ᠶ᠋ᠠᠨ ᠭᠠᠷᠭᠠᠵᠤ ᠡᠷᠭᠦᠨ ᠮᠡᠳᠡᠭᠦᠯᠬᠦ ᠶ᠋ᠢᠨ ᠤᠴᠢᠷ ᠡᠳᠦᠭᠡ ᠮᠠᠨ ᠤ᠋ ᠮᠣᠩᠭᠣᠯ ᠴᠢᠭᠤᠯᠭᠠᠨ ᠬᠤᠰᠢᠭᠤᠳ ᠲᠤᠷ ᠬᠠᠰᠤᠭᠰᠠᠨ ᠢ᠋ ᠰᠠᠭᠤᠯᠭᠠᠬᠤ ᠪᠠ ᠬᠠᠭᠠᠯᠪᠤᠷᠢᠯᠠᠬᠤ ᠬᠡᠮᠡᠭᠡᠳ ᠢᠷᠭᠡᠳ ᠢ᠋ ᠨᠡᠭᠦᠯᠭᠡᠵᠦ ᠬᠢᠵᠠᠭᠠᠷ ᠵᠠᠬ᠎ᠠ ᠶ᠋ᠢ ᠪᠡᠬᠢᠯᠡᠮᠦᠢ ᠭᠡᠮᠡᠨ ᠶᠠᠪᠤᠭᠤᠯᠬᠤ ᠪᠠᠷ ᠵᠠᠪᠳᠤᠭᠰᠠᠨ ᠬᠡᠷᠡᠭ ᠢ᠋ ᠰᠣᠨᠣᠰᠴᠤ ᠮᠠᠨ ᠤ᠋ ᠮᠣᠩᠭᠣᠯ ᠣᠯᠠᠨ ᠴᠢᠭᠤᠯᠭᠠᠨ ᠨᠡᠢᠲᠡ ᠪᠡᠷ ᠮᠠᠰᠢ ᠶᠡᠬᠡ ᠳᠦᠷᠭᠢᠯᠴᠡᠨ ᠰᠣᠴᠢᠯᠴᠠᠮᠤᠢ᠂ ᠡᠢᠮᠦ ᠶ᠋ᠢᠨ ᠲᠤᠯᠠ ᠡᠭᠦᠨ ᠢ᠋ ᠮᠡᠬᠦᠢᠨ ᠰᠠᠨᠠᠪᠠᠰᠤ ᠡᠷᠲᠡ ᠡᠴᠡ ᠦᠷᠭᠦᠯᠵᠢ ᠥᠭᠦᠯᠡᠭᠰᠡᠨ ᠲᠩᠷᠢ ᠶ᠋ᠢᠨ ᠴᠠᠭ᠂ ᠭᠠᠵᠠᠷ ᠤ᠋ᠨ ᠠᠰᠢᠭ ᠤ᠋ᠨ ᠵᠣᠬᠢᠯᠳᠤᠪᠤᠷᠢ ᠳ᠋ᠤᠷ ᠬᠦᠷᠬᠦ ᠦᠭᠡᠢ᠂ ᠭᠠᠵᠠᠷ ᠤ᠋ᠨ ᠠᠰᠢᠭ ᠬᠥᠮᠦᠨ ᠦ᠌ ᠰᠡᠳᠬᠢᠯ ᠦ᠋ᠨ ᠡᠶᠡᠪᠡᠷᠭᠦ ᠳ᠋ᠦ᠍ᠷ ᠬᠦᠷᠬᠦ ᠦᠭᠡᠢ ᠪᠣᠯᠵᠤᠬᠤᠢ᠃ ᠲᠡᠢᠨ ᠬᠦ᠌ ᠬᠥᠮᠦᠨ ᠲᠩᠷᠢ᠂ ᠭᠠᠵᠠᠷ ᠤ᠋ᠨ ᠪᠠᠷᠤᠭ ᠪᠦᠷᠦᠭ ᠢ᠋ ᠢᠯᠭᠠᠭᠰᠠᠨ ᠴᠠᠭ ᠠ᠋ᠴᠠ ᠥᠪᠡᠷ ᠥᠪᠡᠷ ᠦ᠋ᠨ ᠠᠮᠢᠰᠬᠤᠯ ᠬᠤᠪᠢ ᠵᠣᠬᠢᠶᠠᠭᠰᠠᠨ ᠠᠮᠢᠳᠤᠷᠠᠯ ᠬᠥᠷᠥᠩᠭᠡ ᠶ᠋ᠢᠨ ᠦᠨᠳᠦᠰᠦ ᠪᠣᠢ᠃ ᠬᠥᠮᠦᠨ ᠦ᠌ ᠠᠮᠠ ᠤᠯᠠᠮ ᠣᠯᠠᠨ ᠪᠣᠯᠵᠤ ᠲᠡᠵᠢᠭᠡᠪᠦᠷᠢ ᠳᠠᠭᠠᠯᠳᠤᠨ ᠨᠡᠮᠡᠭᠳᠡᠭᠡᠳ ᠤᠭ ᠪᠦᠬᠦᠢ ᠬᠥᠳᠡᠭᠡ ᠲᠠᠯ᠎ᠠ ᠶ᠋ᠢ ᠬᠡᠳᠦᠢᠪᠡᠷ ᠴᠥᠮ ᠪᠡᠯᠴᠢᠭᠡᠷᠯᠡᠬᠦ ᠲᠠᠯᠠᠪᠠᠢ ᠪᠣᠯᠭᠠᠭᠰᠠᠨ᠂ ᠭᠡᠪᠡᠴᠦ ᠨᠢᠭᠡᠨᠲᠡ ᠭᠠᠴᠢᠭᠳᠠᠯ ᠲᠣᠬᠢᠶᠠᠯᠳᠤᠪᠠᠰᠤ ᠳᠠᠷᠤᠢ ᠡᠪᠡᠰᠦ ᠤᠰᠤ ᠳᠤᠲᠠᠭᠳᠠᠵᠤ᠂ ᠬᠦᠷᠦᠯᠴᠡᠬᠦ ᠦᠭᠡᠢ ᠵᠣᠪᠠᠭᠤᠷᠢ ᠪᠣᠯᠤᠭᠠᠳ ᠢᠷᠭᠡᠨ ᠦ᠌ ᠠᠮᠢᠳᠤᠷᠠᠬᠤ ᠪᠡᠷᠬᠡ ᠵᠦᠳᠡᠭᠦᠷᠢ ᠶ᠋ᠢᠨ ᠲᠤᠢᠯ ᠳ᠋ᠤᠷ ᠬᠥᠷᠥᠮᠦᠢ᠂ ᠬᠡᠷᠪᠡ ᠪᠠᠰᠠ ᠰᠠᠷᠨᠢᠭᠤᠯᠤᠭᠰᠠᠨ ᠴᠡᠷᠢᠭ᠂ ᠲᠡᠨᠦᠭᠦᠯ ᠠᠷᠠᠳ ᠢᠷᠭᠡᠨ ᠢ᠋ ᠮᠣᠩᠭᠣᠯ ᠬᠥᠮᠦᠨ ᠦ᠌ ᠲᠦᠰᠢᠵᠦ ᠠᠮᠢᠳᠤᠷᠠᠬᠤ ᠲᠡᠵᠢᠭᠡᠪᠦᠷᠢ ᠶ᠋ᠢᠨ ᠲᠠᠯᠠᠪᠠᠢ ᠳ᠋ᠤ᠌ ᠬᠥᠭᠡᠭᠡᠨ ᠣᠷᠣᠭᠤᠯᠵᠤ ᠰᠠᠨᠠᠭᠠᠨ ᠤ᠋ ᠠᠶ᠎ᠠ ᠪᠠᠷ ᠬᠠᠭᠠᠯᠪᠤᠷᠢᠯᠠᠨ ᠨᠡᠭᠦᠯᠭᠡᠪᠡᠰᠦ ᠡᠷᠬᠡ ᠦᠭᠡᠢ ᠮᠣᠩᠭᠣᠯ ᠬᠢᠵᠠᠭᠠᠷ ᠲᠤ᠌ ᠬᠠᠭᠠᠯᠪᠤᠷᠢᠯᠠᠨ ᠨᠡᠭᠡᠭᠡᠬᠦ ᠪᠡᠷ ᠳᠦᠭᠦᠷᠦᠭᠰᠡᠨ ᠴᠠᠭ᠂ ᠳᠠᠷᠤᠢ ᠮᠣᠩᠭᠣᠯ ᠲᠥᠷᠥᠯ ᠢ᠋ ᠬᠥᠭᠡᠭᠡᠵᠦ ᠮᠥᠬᠥᠭᠡᠬᠦ ᠤᠴᠢᠷ ᠲᠡᠷᠡ ᠪᠣᠯᠠᠢ᠃
ᠮᠣᠩᠭᠣᠯ ᠬᠥᠮᠦᠨ ᠦ᠌ ᠠᠮᠢᠳᠤᠷᠠᠬᠤ ᠠᠷᠭ᠎ᠠ ᠳ᠋ᠤᠷ ᠬᠣᠣᠷᠯᠠᠯ ᠪᠣᠯᠬᠤ ᠠᠨᠤ ᠡᠭᠦᠨ ᠡᠴᠡ ᠭᠦᠨ ᠢᠨᠦ ᠦᠭᠡᠢ᠂ ᠬᠡᠷᠡᠭ ᠮᠠᠨᠳᠤᠵᠤ ᠮᠥᠬᠥᠬᠦ ᠳ᠋ᠦ᠍ᠷ ᠬᠣᠯᠪᠣᠭᠳᠠᠯ ᠲᠠᠢ ᠲᠤᠯᠠ ᠣᠭᠣᠭᠠᠲᠠ ᠳ᠋ᠠᠭᠠᠨ ᠬᠦᠯᠢᠶᠡᠬᠦᠶ᠎ᠡ ᠪᠡᠷᠬᠡ᠂ ᠡᠨᠡ ᠢᠨᠦ ᠬᠠᠭᠠᠯᠪᠤᠷᠢᠯᠠᠨ ᠰᠠᠭᠤᠯᠭᠠᠬᠤ ᠳ᠋ᠤᠷ ᠦᠯᠦ ᠵᠣᠬᠢᠮᠤᠢ᠂ ᠮᠠᠨ ᠤ᠋ ᠮᠣᠩᠭᠣᠯ ᠤ᠋ᠨ ᠠᠳᠬᠤ ᠡᠯᠡᠰᠦ ᠪᠠ ᠠᠭᠤᠯᠠ ᠨᠤᠷ᠎ᠠ ᠭᠠᠩᠭ᠎ᠠ ᠵᠡᠪᠡ ᠪᠥᠭᠡᠳ ᠵᠠᠭᠤᠨ ᠮᠦ᠍ ᠨᠡᠭᠡᠭᠡᠨ ᠬᠠᠭᠠᠯᠪᠤᠷᠢᠯᠠᠬᠤ ᠳ᠋ᠤ᠌ ᠳᠣᠲᠣᠭᠠᠳᠤ ᠮᠣᠵᠢ ᠶ᠋ᠢᠨ ᠨᠢᠭᠡᠨ ᠮᠦ᠍ ᠶ᠋ᠢᠨ ᠠᠰᠢᠭ ᠬᠤᠷᠢᠶᠠᠮᠵᠢᠯᠠᠬᠤ ᠳ᠋ᠤᠷ ᠬᠦᠷᠬᠦ ᠦᠭᠡᠢ᠂ ᠡᠭᠦᠨ ᠢ᠋ ᠰᠡᠳᠬᠢᠵᠦ ᠦᠵᠡᠭᠰᠡᠨ ᠬᠥᠮᠦᠨ ᠣᠯᠠᠨ ᠪᠣᠢ ᠲᠤᠯᠠ ᠠᠶᠤᠮᠰᠢᠭ ᠦᠭᠡᠢ ᠥᠭᠦᠯᠡᠮᠦᠢ᠂ ᠡᠨᠡ ᠭᠠᠵᠠᠷ ᠤ᠋ᠨ ᠠᠭᠤᠷ ᠠᠮᠢᠰᠬᠤᠯ ᠵᠢᠪᠡᠭᠦᠨ ᠶᠡᠬᠡ ᠪᠥᠭᠡᠳ ᠬᠡᠳᠦᠢ ᠵᠤᠨ ᠤ᠋ ᠬᠠᠯᠠᠭᠤᠨ ᠬᠡᠮᠡᠪᠡᠴᠦ ᠭᠤᠷᠪᠠᠨ ᠰᠠᠷ᠎ᠠ ᠠ᠋ᠴᠠ ᠬᠡᠲᠦᠷᠡᠬᠦ ᠦᠭᠡᠢ᠂ ᠢᠷᠭᠡᠨ ᠤᠯᠤᠰ ᠲᠤᠯᠭᠠᠭᠤᠷ ᠪᠠᠢᠭᠤᠯᠬᠤ ᠶ᠋ᠢᠨ ᠦᠶ᠎ᠡ ᠲᠠᠪᠤᠨ ᠲᠥᠷᠥᠯ ᠪᠦᠭᠦᠳᠡ ᠨᠠᠢᠷᠠᠮᠳᠠᠵᠤ ᠮᠣᠩᠭᠣᠯ ᠬᠥᠮᠦᠨ ᠳᠣᠲᠣᠭᠰᠢ ᠬᠠᠨᠳᠤᠨ ᠳᠠᠭᠠᠭᠰᠠᠨ ᠢ᠋ᠶ᠋ᠠᠷ ᠬᠦᠨᠳᠦᠳᠬᠡᠨ ᠦᠵᠡᠬᠦ ᠲᠥᠷᠥ ᠬᠠᠤᠯᠢ ᠵᠦᠢᠯ ᠢ᠋ᠶ᠋ᠡᠷ ᠬᠠᠷᠢᠯᠴᠠᠨ ᠡᠭᠦᠰᠬᠡᠨ ᠭᠠᠷᠴᠤᠬᠤᠢ᠃ ᠡᠨᠡ ᠢᠨᠦ ᠮᠣᠩᠭᠣᠯ ᠬᠥᠮᠦᠨ ᠦ᠌ ᠡᠷᠬᠡ ᠠᠰᠢᠭ ᠬᠥᠷᠥᠩᠭᠡ ᠠᠮᠢᠳᠤᠷᠠᠯ ᠢ᠋ ᠪᠠᠲᠤᠯᠠᠨ ᠬᠠᠮᠠᠭᠠᠯᠠᠬᠤ ᠶ᠋ᠢᠨ ᠦᠨᠳᠦᠰᠦ ᠪᠤᠶᠤ᠂ ᠤᠳᠠᠭ᠎ᠠ ᠳᠠᠷᠠᠭ᠎ᠠ ᠪᠠᠷ ᠬᠦᠯᠢᠶᠡᠨ ᠠᠪᠤᠭᠰᠠᠨ ᠭᠡᠭᠡᠨ ᠵᠠᠷᠯᠢᠭ ᠢ᠋ ᠣᠯᠠᠨ᠎ᠠ ᠲᠠᠷᠬᠠᠭᠠᠵᠤ ᠲᠤᠰᠠ ᠢᠲᠡᠭᠡᠮᠵᠢᠲᠡᠢ ᠪᠣᠯᠭᠠᠨ ᠨᠡᠭᠦᠯᠭᠡᠨ ᠰᠠᠭᠤᠯᠭᠠᠬᠤ ᠬᠠᠭᠠᠯᠪᠤᠷᠢᠯᠠᠨ ᠰᠠᠭᠤᠯᠭᠠᠬᠤ ᠠᠨᠤ ᠮᠣᠩᠭᠣᠯ ᠬᠥᠮᠦᠨ ᠦ᠌ ᠡᠷᠬᠡ ᠠᠰᠢᠭ ᠬᠥᠷᠥᠩᠭᠡ ᠠᠮᠢᠳᠤᠷᠠᠯ ᠢ᠋ ᠪᠤᠯᠢᠶᠠᠨ ᠠᠪᠬᠤ ᠠᠨᠤ ᠳᠠᠩᠴᠤ ᠢᠯᠡ ᠢᠯᠡᠷᠬᠡᠢ ᠪᠣᠢ᠃ ᠮᠣᠩᠭᠣᠯ ᠬᠥᠮᠦᠨ ᠬᠡᠳᠦᠢᠪᠡᠷ ᠮᠤᠩᠬᠠᠭ ᠪᠣᠯᠪᠠᠴᠤ ᠬᠡᠷᠬᠢᠨ ᠲᠣᠪ ᠳᠤᠭᠤᠢ ᠬᠦᠯᠢᠶᠡᠵᠦ ᠴᠢᠳᠠᠬᠤ ᠠᠵᠢ᠃ ᠦᠨᠡᠨ ᠬᠦ᠌ ᠬᠦᠨᠳᠦᠳᠬᠡᠨ ᠦᠵᠡᠬᠦ ᠬᠠᠤᠯᠢ ᠵᠦᠢᠯ ᠢ᠋ ᠬᠡᠳᠦᠢᠪᠡᠷ ᠲᠡᠷᠰᠯᠡᠪᠡᠴᠦ ᠮᠣᠩᠭᠣᠯ ᠬᠥᠮᠦᠨ ᠳ᠋ᠦ᠍ᠷ ᠪᠠᠲᠤ ᠶ᠋ᠢ ᠠᠯᠳᠠᠭᠰᠠᠨ ᠪᠣᠢ ᠊ᠢ᠎ᠠ᠂ ᠮᠣᠩᠭᠣᠯ ᠬᠢᠵᠠᠭᠠᠷ ᠤ᠋ᠨ ᠵᠡᠷᠭᠡ ᠳᠡᠰ ᠲᠦ᠍ᠷ ᠬᠠᠷᠰᠢᠯᠳᠤᠬᠤ ᠠᠨᠤ ᠪᠠᠢᠯᠠᠭᠰᠠᠨ ᠴᠡᠷᠢᠭ ᠠᠨᠤ ᠬᠡᠮᠡᠭᠴᠢ ᠡᠷᠬᠡ ᠦᠭᠡᠢ ᠮᠠᠭᠤ ᠴᠡᠷᠢᠭ ᠪᠣᠢ ᠊ᠢ᠎ᠠ᠂ ᠢᠷᠭᠡᠳ ᠢ᠋ ᠮᠠᠨ ᠤ᠋ ᠮᠣᠩᠭᠣᠯ ᠭᠠᠵᠠᠷ ᠲᠤᠷ ᠣᠷᠣᠭᠤᠯᠬᠤ ᠪᠥᠭᠡᠰᠦ ᠮᠣᠩᠭᠣᠯ ᠤ᠋ᠨ ᠵᠣᠪᠠᠯᠠᠩ ᠨᠡᠩ ᠮᠠᠰᠢ ᠶᠡᠬᠡ ᠬᠡᠲᠦᠷᠬᠡᠢ ᠪᠣᠯᠬᠤ ᠲᠤᠯᠠ ᠡᠨᠡ ᠵᠦᠢᠯ ᠦ᠋ᠨ ᠬᠡᠷᠴᠡᠭᠡᠢ ᠬᠡᠷᠡᠭ ᠢ᠋ ᠬᠦᠯᠢᠶᠡᠨ ᠳᠠᠭᠠᠵᠤ ᠣᠭᠲᠣ ᠴᠢᠳᠠᠬᠤ ᠦᠭᠡᠢ᠂ ᠢᠷᠭᠡᠨ ᠦ᠌ ᠰᠡᠳᠬᠢᠯ ᠬᠥᠪᠬᠡᠯᠵᠡᠨ ᠬᠢᠵᠠᠭᠠᠷ ᠭᠠᠵᠠᠷ ᠪᠤᠰᠠᠨᠢᠯ ᠤ᠋ᠨ ᠳᠡᠭᠳᠡᠭᠡᠬᠦ ᠡᠭᠦᠰᠪᠦᠷᠢ ᠶ᠋ᠢ ᠦᠭᠡᠢ ᠪᠣᠯᠭᠠᠨ ᠦᠯᠦ ᠴᠢᠳᠠᠬᠤ ᠦᠨᠡᠨ ᠮᠠᠭᠠᠳ ᠤ᠋ᠨ ᠤᠴᠢᠷ ᠪᠠᠢᠳᠠᠯ ᠢ᠋ ᠲᠣᠪᠴᠢᠯᠠᠨ ᠭᠠᠷᠭᠠᠵᠤ ᠡᠷᠭᠦᠨ ᠮᠡᠳᠡᠭᠦᠯᠦᠶ᠎ᠡ᠃
ᠴᠠᠭ ᠲᠤᠬᠠᠢ ᠶ᠋ᠢᠨ ᠵᠠᠰᠠᠭ ᠢ᠋ ᠪᠠᠷᠢᠭᠴᠢ ᠨᠠᠷ ᠨᠢᠭᠦᠯᠡᠰᠦᠨ ᠥᠷᠥᠰᠢᠶᠡᠵᠦ ᠬᠡᠰᠦᠭᠰᠡᠨ ᠢ᠋ ᠨᠡᠭᠦᠯᠭᠡᠬᠦ ᠪᠠ ᠬᠠᠭᠠᠯᠪᠤᠷᠢᠯᠠᠨ ᠬᠤᠪᠢᠰᠬᠠᠬᠤ ᠶ᠋ᠢ ᠠᠪᠤᠷᠠᠨ ᠵᠣᠭᠰᠣᠭᠠᠵᠤ ᠤᠤᠯ ᠤᠯᠤᠰ ᠤ᠋ᠨ ᠮᠣᠩᠭᠣᠯ ᠠᠢᠮᠠᠭ ᠢ᠋ ᠬᠦᠨᠳᠦᠳᠬᠡᠨ ᠦᠵᠡᠵᠦ ᠪᠣᠯᠵᠣᠭᠠᠲᠤ ᠴᠠᠭᠠᠵᠠ ᠶ᠋ᠢ ᠵᠠᠷᠯᠠᠯ ᠨᠡᠢᠯᠡᠯᠴᠡᠭᠦᠯᠦᠨ ᠪᠠᠲᠤ ᠶ᠋ᠢ ᠦᠵᠡᠭᠦᠯᠬᠦ ᠲᠣᠳᠣᠷᠬᠠᠢ ᠵᠠᠷᠯᠠᠯ ᠢ᠋ᠶ᠋ᠠᠷ ᠬᠢᠵᠠᠭᠠᠷ ᠤ᠋ᠨ ᠬᠡᠷᠡᠭ ᠢ᠋ ᠶᠠᠭᠠᠷᠠᠪᠴᠢᠯᠠᠨ ᠲᠣᠭᠲᠠᠨᠢᠭᠤᠯᠤᠨ ᠲᠣᠭᠲᠠᠭᠠᠬᠤ ᠶ᠋ᠢ ᠡᠷᠭᠦᠨ ᠮᠡᠳᠡᠭᠦᠯᠵᠦ᠂ ᠡᠭᠦᠨ ᠦ᠌ ᠲᠤᠯᠠ ᠬᠢᠴᠢᠶᠡᠩᠭᠦᠢᠯᠡᠨ ᠡᠷᠭᠦᠪᠡ᠃
ᠳᠤᠮᠳᠠᠳᠤ ᠢᠷᠭᠡᠨ ᠤᠯᠤᠰ ᠤ᠋ᠨ ᠠᠷᠪᠠᠨ ᠳᠥᠷᠪᠡᠳᠦᠭᠡᠷ ᠣᠨ᠂
ᠬᠥᠬᠡᠭᠴᠢᠨ ᠦᠬᠡᠷ ᠵᠢᠯ ᠦ᠋ᠨ ᠨᠠᠮᠤᠷ ᠤ᠋ᠨ ᠲᠡᠷᠢᠭᠦᠨ ᠰᠠᠷ᠎ᠠ ᠶ᠋ᠢᠨ ᠬᠣᠷᠢᠨ ᠲᠠᠪᠤᠨ᠎ᠠ
③ ᠦᠦᠰᠢᠨ ᠬᠤᠰᠢᠭᠤᠨ ᠤ᠋ ᠨᠡᠭᠡᠭᠡᠨ ᠲᠠᠯᠪᠢᠭᠰᠠᠨ ᠨᠡᠷ᠎ᠡ ᠪᠦᠬᠦᠢ ᠭᠠᠵᠠᠷ ᠤ᠋ᠨ ᠵᠡᠭᠦᠨ ᠡᠲᠡᠭᠡᠳ ᠲᠦᠯᠡᠩᠬᠡᠢ ᠣᠪᠣᠭᠠᠨ ᠠ᠋ᠴᠠ ᠪᠠᠷᠠᠭᠤᠨ ᠡᠲᠡᠭᠡᠳ ᠴᠠᠭᠠᠨ ᠪᠠᠯᠭᠠᠰᠤ ᠬᠦᠷᠲᠡᠯ᠎ᠡ ᠪᠠᠢᠴᠠᠭᠠᠨ ᠦᠵᠡᠭᠰᠡᠨ ᠢ᠋ᠶ᠋ᠡᠨ ᠳᠠᠩᠰᠠ ᠦᠢᠯᠡᠳᠴᠦ ᠡᠷᠭᠦᠬᠦ ᠢᠨᠦ
《ᠦᠦᠰᠢᠨ ᠬᠤᠰᠢᠭᠤᠨ ᠤ᠋ ᠨᠡᠭᠡᠭᠡᠨ ᠲᠠᠯᠪᠢᠭᠰᠠᠨ ᠨᠡᠷ᠎ᠡ ᠪᠦᠬᠦᠢ ᠭᠠᠵᠠᠷ ᠤ᠋ᠨ ᠵᠡᠭᠦᠨ ᠡᠲᠡᠭᠡᠳ ᠲᠦᠯᠡᠩᠬᠡᠢ ᠣᠪᠣᠭᠠᠨ ᠠ᠋ᠴᠠ ᠪᠠᠷᠠᠭᠤᠨ ᠡᠲᠡᠭᠡᠳ ᠴᠠᠭᠠᠨ ᠪᠠᠯᠭᠠᠰᠤ ᠬᠦᠷᠲᠡᠯ᠎ᠡ ᠪᠠᠢᠴᠠᠭᠠᠨ ᠦᠵᠡᠭᠰᠡᠨ ᠢ᠋ᠶ᠋ᠡᠨ ᠳᠠᠩᠰᠠ ᠦᠢᠯᠡᠳᠴᠦ ᠡᠷᠭᠦᠬᠦ ᠢᠨᠦ᠂ ᠪᠠᠳᠠᠷᠠᠭᠤᠯᠲᠤ ᠲᠥᠷᠥ ᠶ᠋ᠢᠨ ᠭᠤᠴᠢᠳᠤᠭᠠᠷ ᠣᠨ(1904) ᠳ᠋ᠦ᠍ ᠦᠦᠰᠢᠨ ᠵᠠᠰᠠᠭ ᠬᠣᠶᠠᠷ ᠬᠤᠰᠢᠭᠤᠨ ᠤ᠋ ᠳᠤᠮᠳᠠ ᠠ᠋ᠴᠠ ᠬᠤᠸᠠᠩ ᠲᠠᠢᠬᠡᠦ ᠶ᠋ᠢᠨ ᠲᠦᠮᠡᠨ ᠥᠯᠵᠡᠢ ᠶ᠋ᠢᠨ ᠪᠠᠶᠠᠷ ᠲᠤᠷ ᠡᠷᠭᠦᠨ ᠮᠡᠳᠡᠭᠦᠯᠵᠦ ᠪᠠᠷᠢᠭᠰᠠᠨ ᠨᠡᠷ᠎ᠡ ᠪᠦᠬᠦᠢ ᠭᠠᠵᠠᠷ ᠤ᠋ᠨ ᠬᠣᠢᠲᠤ ᠡᠲᠡᠭᠡᠳ ᠠᠪᠠᠢᠰᠤ᠂ ᠵᠡᠭᠦᠨ ᠡᠲᠡᠭᠡᠳ ᠲᠦᠯᠡᠩᠬᠡᠢ ᠣᠪᠣᠭ᠎ᠠ᠂ ᠤᠷᠢᠳᠤ ᠡᠲᠡᠭᠡᠳ ᠪᠠᠭᠠᠢ ᠪᠤᠯᠠᠭ᠂ ᠪᠠᠷᠠᠭᠤᠨ ᠡᠲᠡᠭᠡᠳ ᠳᠠᠭᠤᠲᠤ ᠪᠦᠷᠢᠳᠦ ᠭᠡᠮᠡᠨ ᠳᠥᠷᠪᠡᠨ ᠡᠲᠡᠭᠡᠳ ᠦ᠋ᠨ ᠨᠡᠷ᠎ᠡ ᠶ᠋ᠢ ᠭᠠᠷᠭᠠᠵᠤ ᠮᠡᠳᠡᠭᠦᠯᠦᠭᠰᠡᠨ ᠡᠯ᠎ᠡ ᠭᠠᠵᠠᠷ ᠤ᠋ᠨ ᠵᠥᠷᠢᠭᠦᠦ ᠵᠠᠮ᠂ ᠳᠣᠷᠣᠨᠠᠲᠤ ᠯᠠᠪᠷᠤᠩ ᠤ᠋ᠨ ᠰᠦᠮ᠎ᠡ ᠶ᠋ᠢᠨ ᠬᠣᠷᠢᠭᠤᠯ ᠤ᠋ᠨ ᠭᠠᠵᠠᠷ ᠪᠥᠭᠡᠳ ᠶᠠᠰᠢᠯᠲᠣᠯᠣᠭᠠᠢ᠂ ᠡᠮᠦᠨᠡᠲᠦ ᠪᠠᠭᠠᠢ ᠪᠤᠯᠠᠭ᠂ ᠭᠦᠢᠯᠡᠰᠦᠨ ᠬᠣᠰᠢᠭᠤ᠂ ᠥᠷᠥᠨᠡᠲᠦ ᠮᠥᠨ ᠳᠠᠭᠤᠲᠤ ᠪᠦᠷᠢᠳᠦ ᠡᠨᠡ ᠳᠣᠲᠣᠷᠠᠬᠢ ᠭᠠᠵᠠᠷ ᠢ᠋ ᠦᠦᠰᠢᠨ ᠬᠤᠰᠢᠭᠤᠨ ᠠ᠋ᠴᠠ ᠲᠦᠰᠢᠮᠡᠯ ᠭᠠᠷᠴᠤ ᠢᠷᠭᠡᠳ ᠲᠦ᠍ ᠦᠨᠡᠯᠡᠨ ᠥᠭᠭᠦᠭᠡᠳ ᠡᠭᠦᠨ ᠦ᠌ ᠦᠨ᠎ᠡ ᠳ᠋ᠦ᠍ ᠠᠪᠤᠭᠰᠠᠨ᠁》 ᠭᠡᠵᠦ ᠪᠢᠴᠢᠵᠦ ᠪᠣᠢ᠃ ᠳᠣᠷᠣᠭᠰᠢ ᠳᠥᠭᠥᠮ ᠢ᠋ ᠪᠣᠳᠣᠵᠤ ᠳᠥᠭᠥᠮᠴᠢᠯᠡᠨ ᠬᠦᠰᠦᠨᠦᠭ ᠢ᠋ᠶ᠋ᠡᠷ ᠢᠯᠡᠳᠬᠡᠪᠡ᠃
ᠦᠰᠦᠭ ᠠᠮᠢᠯᠠᠭᠤᠯᠤᠭᠴᠢ᠄ ᠣᠶᠤᠨᠪᠢᠯᠢᠭ᠌᠂ ᠣᠶᠤᠨᠪᠠᠲᠤ᠂ ᠰᠠᠷᠠᠨᠲᠤᠶᠠᠭ᠎ᠠ᠂ ᠪᠠᠯ᠂ ᠴᠤᠯᠮᠤᠨᠭᠡᠷᠡᠯ
ᠬᠢᠨᠠᠭᠴᠢ᠄ ᠴᠤᠯᠮᠤᠨᠭᠡᠷᠡᠯ᠂ ᠣᠳᠬᠣᠨᠴᠡᠴᠡᠭ᠂ ᠪᠠᠯ
