ᠮᠠᠩᠭᠢᠲ᠋ᠠ ᠯᠠᠷᠢᠨᠠ ᠬᠣᠶᠠᠷМангита Ларина хоёр _ Mangita & Larina
ᠮᠠᠩᠭᠢᠲ᠋ᠠ ᠯᠠᠷᠢᠨᠠ ᠬᠣᠶᠠᠷ
ᠡᠷᠲᠡ ᠤᠷᠢᠳᠤ ᠶ᠋ᠢᠨ ᠴᠠᠭ ᠲᠤ ᠯᠣᠽᠣᠨᠢ ᠨᠠᠭᠤᠷ ᠤ᠋ᠨ ᠳᠡᠷᠭᠡᠳᠡᠬᠢ ᠲᠣᠰᠬᠣᠨ ᠳ᠋ᠤ᠌ ᠬᠣᠶᠠᠷ ᠥᠬᠢᠨ ᠲᠡᠢ ᠵᠢᠭᠠᠰᠤᠴᠢᠨ ᠠᠮᠢᠳᠤᠷᠠᠳᠠᠭ ᠪᠠᠢᠵᠠᠢ ᠭᠡᠳᠡᠭ᠃ ᠥᠬᠢᠳ ᠢ᠋ ᠨᠢ ᠮᠠᠩᠭᠢᠲ᠋ᠠ ᠯᠠᠷᠢᠨᠠ ᠭᠡᠳᠡᠭ ᠪᠠᠢᠪᠠ᠂ ᠤᠤᠭᠠᠨ ᠥᠬᠢᠨ ᠮᠠᠩᠭᠢᠲ᠋ᠠ ᠨᠢ ᠡᠶᠡᠯᠳᠡᠭ ᠰᠠᠢᠬᠠᠨ ᠰᠡᠳᠬᠢᠯ ᠲᠡᠢ᠂ ᠬᠥᠮᠦᠨ ᠪᠣᠯᠭᠠᠨ ᠲᠠᠢ ᠡᠶᠡᠯᠳᠡᠭ ᠬᠠᠷᠢᠴᠠᠳᠠᠭ ᠪᠠᠢᠯ᠎ᠠ᠂ ᠬᠠᠷᠢᠨ ᠣᠳᠬᠣᠨ ᠥᠬᠢᠨ ᠯᠠᠷᠢᠨᠠ ᠨᠢ ᠶᠠᠭ ᠡᠭᠡᠴᠢ ᠶ᠋ᠢᠨ ᠢ᠋ᠶ᠋ᠡᠨ ᠡᠰᠡᠷᠭᠦ ᠥᠬᠢᠨ ᠪᠠᠢᠭᠰᠠᠨ ᠶᠤᠮ᠂ ᠲᠡᠷᠡ ᠬᠥᠮᠦᠰ ᠲᠡᠢ ᠪᠦᠳᠦᠭᠦᠯᠢᠭ ᠮᠠᠭᠤᠬᠠᠢ ᠬᠠᠷᠢᠴᠠᠵᠤ᠂ ᠪᠠᠷᠢᠭᠰᠠᠨ ᠡᠷᠪᠡᠬᠡᠢ ᠪᠡᠨ ᠵᠤᠭ᠎ᠠ ᠪᠠᠨ ᠭᠠᠷᠭᠠᠬᠤ ᠭᠡᠵᠦ ᠯᠡ ᠰᠢᠯᠦᠨ ᠰᠠᠪᠠᠨ ᠳ᠋ᠤ᠌ ᠬᠢᠵᠦ᠂ ᠡᠭᠡᠴᠢ ᠳ᠋ᠦ᠍ ᠪᠡᠨ ᠬᠦᠷᠲᠡᠯ᠎ᠡ ᠮᠠᠭᠤᠬᠠᠢ ᠦᠭᠡ ᠬᠡᠯᠡᠳᠡᠭ ᠪᠠᠢᠯ᠎ᠠ᠃
ᠮᠠᠩᠭᠢᠲ᠋ᠠ ᠭᠡᠷ ᠦ᠋ᠨ ᠢ᠋ᠶ᠋ᠡᠨ ᠪᠦᠬᠦ ᠠᠵᠢᠯ ᠢ᠋ ᠭᠠᠭᠴᠠᠭᠠᠷ ᠢ᠋ᠶ᠋ᠠᠨ ᠬᠢᠳᠡᠭ ᠪᠠᠢᠯ᠎ᠠ᠂ ᠠᠪᠤ ᠶ᠋ᠢ ᠪᠡᠨ ᠠᠵᠢᠯ ᠠ᠋ᠴᠠ ᠪᠠᠨ ᠶᠠᠳᠠᠷᠠᠵᠤ ᠥᠯᠥᠰᠦᠭᠡᠳ ᠢᠷᠡᠬᠦ ᠳ᠋ᠦ᠍ ᠨᠢ ᠬᠣᠭᠣᠯᠠ ᠶ᠋ᠢ ᠨᠢ ᠪᠡᠯᠡᠳᠴᠦ ᠥᠭᠭᠦᠭᠡᠳ᠂ ᠲᠡᠭᠡᠭᠡᠳ ᠪᠦᠷ ᠤᠨᠲᠠᠬᠤ ᠣᠷᠣ ᠶ᠋ᠢ ᠨᠢ ᠬᠦᠷᠲᠡᠯ᠎ᠡ ᠵᠠᠰᠠᠵᠤ ᠥᠭᠳᠡᠭ ᠪᠠᠢᠯ᠎ᠠ᠃ ᠬᠠᠷᠢᠨ ᠯᠠᠷᠢᠨᠠ ᠡᠭᠡᠴᠢ ᠳ᠋ᠦ᠍ ᠪᠡᠨ ᠬᠡᠵᠢᠶ᠎ᠡ ᠴᠦ᠍ ᠲᠤᠰᠠᠯᠠᠳᠠᠭ ᠦᠭᠡᠢ᠂ ᠪᠦᠷ ᠠᠪᠤ ᠳ᠋ᠤ᠌ ᠪᠠᠨ ᠴᠤ᠌ ᠰᠠᠨᠠᠭ᠎ᠠ ᠲᠠᠯᠪᠢᠳᠠᠭ ᠦᠭᠡᠢ ᠥᠬᠢᠨ ᠪᠠᠢᠭᠰᠠᠨ ᠶᠤᠮ᠂ ᠯᠠᠷᠢᠨᠠ ᠡᠳᠦᠷᠵᠢᠨ ᠨᠠᠭᠤᠷ ᠤ᠋ᠨ ᠡᠷᠭᠢ ᠳᠡᠭᠡᠷ᠎ᠡ ᠰᠠᠭᠤᠭᠠᠳ ᠦᠰᠦ ᠪᠡᠨ ᠰᠠᠮᠨᠠᠨ᠂ ᠨᠠᠭᠤᠷ ᠤ᠋ᠨ ᠤᠰᠤᠨ ᠳ᠋ᠤ᠌ ᠲᠤᠰᠬᠤ ᠥᠪᠡᠷ ᠢ᠋ ᠪᠡᠨ ᠬᠠᠷᠠᠳᠠᠭ ᠪᠠᠢᠯ᠎ᠠ᠃
— ᠡᠨᠡ ᠲᠣᠰᠬᠣᠨ ᠳ᠋ᠤ᠌ ᠨᠠᠳᠠ ᠠ᠋ᠴᠠ ᠥᠭᠡᠷ᠎ᠡ ᠦᠵᠡᠰᠬᠦᠯᠡᠩᠲᠡᠢ ᠡᠮᠡᠭᠲᠡᠢ ᠪᠠᠢᠬᠤ ᠦᠭᠡᠢ᠂ ᠬᠠ ᠬᠠ ᠪᠢ ᠲᠣᠭᠯᠠᠭᠰᠠᠨ ᠶᠤᠮ ᠠ᠋ ᠡᠨᠡ ᠵᠢᠵᠢᠭ ᠲᠣᠰᠬᠣᠨ ᠳ᠋ᠤ᠌ ᠴᠤ᠌ ᠪᠢᠰᠢ ᠪᠦᠷ ᠡᠵᠡᠨᠲᠦ ᠭᠦᠷᠦᠨ ᠳ᠋ᠦ᠍ ᠨᠠᠳᠠ ᠠ᠋ᠴᠠ ᠥᠭᠡᠷ᠎ᠡ ᠦᠵᠡᠰᠬᠦᠯᠡᠩᠲᠡᠢ ᠡᠮᠡᠭᠲᠡᠢ ᠪᠠᠢᠬᠤ ᠦᠭᠡᠢ ᠯᠡ ᠳᠡ᠂ ᠬᠠ ᠬᠠ ᠬᠠ᠂᠂
ᠭᠡᠲᠡᠯ᠎ᠡ ᠨᠢᠭᠡ ᠡᠳᠦᠷ ᠡᠪᠡᠳᠴᠦ ᠰᠢᠨᠠᠯᠤᠭᠰᠠᠨ ᠡᠪᠦᠭᠡᠨ ᠵᠢᠭᠠᠰᠤᠴᠢᠨ ᠬᠣᠷᠸ᠎ᠠ ᠶ᠋ᠢ ᠣᠷᠬᠢᠯ᠎ᠠ᠃ ᠮᠠᠩᠭᠢᠲ᠋ᠠ ᠶᠡᠬᠡᠳᠡ ᠤᠢᠳᠬᠠᠷᠯᠠᠵᠤ ᠰᠢᠨᠠᠯᠤᠯᠠ᠃ ᠬᠡᠳᠦᠨ ᠴᠠᠭ ᠲᠠᠰᠤᠷᠠᠯᠲᠠ ᠦᠭᠡᠢ ᠤᠬᠢᠯᠠᠭᠰᠠᠨ ᠤ᠋ ᠡᠴᠦᠰ ᠲᠤ ᠡᠨᠡ ᠭᠡᠷ ᠦ᠋ᠨ ᠬᠢᠨᠢ ᠬᠤᠪᠢ ᠲᠠᠪᠢᠯᠠᠩ ᠵᠥᠪᠬᠡᠨ ᠥᠪᠡᠷ ᠦ᠋ᠨ ᠬᠢᠨᠢ ᠭᠠᠷ ᠲᠤ ᠪᠠᠢᠭ᠎ᠠ ᠶ᠋ᠢ ᠣᠢᠯᠠᠭᠠᠭᠰᠠᠨ ᠶᠤᠮ᠂ ᠲᠡᠭᠡᠭᠡᠳ ᠪᠡᠶ᠎ᠡ ᠪᠡᠨ ᠪᠠᠷᠢᠭᠠᠳ ᠯᠠᠷᠢᠨᠠ ᠳ᠋ᠤ᠌ ᠥᠪᠡᠷ ᠦ᠋ᠨ ᠢ᠋ᠶ᠋ᠡᠨ ᠲᠥᠯᠥᠪᠯᠡᠭᠡ ᠶ᠋ᠢ ᠬᠡᠯᠡᠬᠦ ᠪᠡᠷ ᠭᠡᠷ ᠡᠴᠡ ᠭᠠᠷᠤᠯ᠎ᠠ᠃ ᠬᠠᠷᠢᠨ ᠯᠠᠷᠢᠨᠠ ᠤᠷᠢᠳᠠᠬᠢ ᠰᠢᠭ᠋ ᠢ᠋ᠶ᠋ᠡᠷ ᠨᠠᠭᠤᠷ ᠤ᠋ᠨ ᠡᠷᠭᠢ ᠳᠡᠭᠡᠷ᠎ᠡ ᠰᠠᠭᠤᠭᠠᠳ ᠥᠪᠡᠷ ᠢ᠋ ᠪᠡᠨ ᠳᠤᠯᠢᠳᠠᠨ ᠰᠠᠭᠤᠵᠤ ᠪᠠᠢᠯ᠎ᠠ᠃
— ᠯᠠᠷᠢᠨᠠ ᠴᠢᠮ᠎ᠠ ᠳ᠋ᠤ᠌ ᠴᠢᠬᠤᠯᠠ ᠶᠠᠭᠤᠮ᠎ᠠ ᠬᠡᠯᠡᠬᠦ ᠪᠡᠷ ᠬᠦᠷᠴᠦ ᠢᠷᠡᠯ᠎ᠡ
— ᠦ᠂ ᠴᠠᠰᠢ ᠪᠠᠨ ᠶᠠᠪᠤ ᠠ᠋᠂ ᠨᠠᠮ᠎ᠠ ᠶ᠋ᠢ ᠵᠠᠪ ᠦᠭᠡᠢ ᠪᠠᠢᠭ᠎ᠠ ᠶ᠋ᠢ ᠬᠠᠷᠠᠬᠤ ᠦᠭᠡᠢ ᠪᠠᠢᠨ᠎ᠠ ᠤᠤ?
— ᠠ᠂ ᠨᠢᠭᠡ ᠶᠡᠬᠡ ᠴᠠᠭ ᠦᠷᠡᠬᠦ ᠦᠭᠡᠢ ᠳᠡ
— ᠠᠢ ᠲᠡᠭᠡᠭᠡᠳ ᠶᠠᠭᠤ ᠬᠡᠯᠡᠬᠦ ᠭᠡᠰᠡᠨ ᠶᠦᠮ ᠪᠣᠢ?
— ᠣᠳᠣ ᠠᠪᠤ ᠮᠢᠨᠢ ᠪᠠᠢᠬᠤ ᠦᠭᠡᠢ ᠪᠣᠯᠴᠢᠬᠠᠯ᠎ᠠ᠂ ᠪᠢᠳᠡ ᠮᠥᠩᠭᠥ ᠣᠯᠬᠤ ᠬᠡᠷᠡᠭᠲᠡᠢ ᠪᠠᠢᠨ᠎ᠠ ᠲᠡᠭᠡᠬᠦ ᠪᠡᠷ ᠪᠢ ᠡᠳᠦᠷ ᠪᠣᠯᠭᠠᠨ ᠵᠠᠬ᠎ᠠ ᠳᠡᠭᠡᠷ᠎ᠡ ᠣᠴᠢᠵᠤ ᠵᠢᠭᠠᠰᠤ ᠵᠠᠷᠤᠬᠤ ᠬᠡᠷᠡᠭᠲᠡᠢ᠂ ᠬᠠᠩᠭᠠᠯᠲᠠ ᠲᠠᠢ ᠮᠥᠩᠭᠥ ᠣᠯᠵᠤ ᠴᠢᠳᠠᠬᠤ ᠦᠭᠡᠢ ᠶ᠋ᠢ ᠮᠡᠳᠡᠬᠦ ᠦᠭᠡᠢ ᠴᠤ᠌ ᠶᠠᠭᠤ ᠴᠤ᠌ ᠭᠡᠰᠡᠨ ᠬᠢᠭᠡᠳ ᠦᠵᠡᠶ᠎ᠡ᠃
— ᠲᠡᠭᠡ ᠠ᠋᠂ ᠥᠪᠡᠷ ᠢ᠋ᠶ᠋ᠡᠨ ᠯᠡ ᠮᠡᠳᠡ᠂ ᠣᠳᠣ ᠨᠠᠮ᠎ᠠ ᠶ᠋ᠢ ᠲᠠᠢᠪᠤᠩ ᠣᠷᠬᠢᠭᠠᠳ ᠲᠡᠭᠡ
— ᠨᠠᠳᠠ ᠲᠠᠢ ᠢᠩᠭᠢᠵᠦ ᠪᠦᠳᠦᠭᠦᠯᠢᠭ ᠮᠠᠭᠤᠬᠠᠢ ᠬᠠᠷᠢᠴᠠᠬᠤ ᠬᠡᠷᠡᠭ ᠦᠭᠡᠢ᠂ ᠴᠢᠮ᠎ᠠ ᠳ᠋ᠤ᠌ ᠬᠠᠢᠷᠠᠲᠠᠢ ᠶ᠋ᠢ ᠮᠡᠳᠡᠨ᠎ᠡ ᠪᠢᠵᠡ ᠳᠡ?
— ᠦ᠂ ᠨᠠᠳᠠ ᠳ᠋ᠤ᠌ ᠲᠠᠨ ᠤ᠋ ᠬᠠᠢᠷ᠎ᠠ ᠬᠡᠷᠡᠭ ᠦᠭᠡᠢ᠂ ᠪᠢ ᠵᠦᠭᠡᠷ ᠯᠡ ᠪᠤᠷᠤᠭᠤ ᠠᠢᠯ ᠳ᠋ᠤ᠌ ᠲᠦᠷᠦᠴᠢᠬᠡᠵᠡᠢ᠂ ᠭᠡᠬᠦ ᠳ᠋ᠦ᠍ ᠪᠡᠨ ᠡᠭᠦᠨ ᠢ᠋ ᠮᠠᠷᠲᠠᠵᠤ ᠪᠣᠯᠬᠤ ᠦᠭᠡᠢ ᠰᠢᠦ᠂ ᠬᠤᠪᠢ ᠲᠠᠪᠢᠯᠠᠩ ᠥᠭᠡᠷᠡᠴᠢᠯᠡᠭᠳᠡᠳᠡᠭ ᠭᠡᠳᠡᠭ ᠢ᠋᠂ ᠲᠡᠭᠡᠭᠡᠳ ᠴᠦ᠍ ᠪᠢ ᠬᠡᠵᠢᠶ᠎ᠡ ᠨᠢᠭᠡᠨ ᠡᠳᠦᠷ ᠬᠠᠲᠤᠨ ᠬᠠᠭᠠᠨ ᠪᠣᠯᠬᠤ ᠲᠠᠪᠢᠯᠠᠩ ᠲᠠᠢ᠂ ᠲᠡᠭᠡᠭᠡᠳ ᠡᠨᠡ ᠮᠠᠭᠤᠬᠠᠢ ᠲᠣᠰᠬᠣᠨ᠂ ᠪᠠᠰᠠ ᠲᠠ ᠨᠠᠷ ᠢ᠋ ᠣᠷᠬᠢᠵᠤ ᠶᠠᠪᠤᠨ᠎ᠠ᠂ ᠮᠢᠨᠦ ᠴᠠᠭᠠᠨ ᠮᠣᠷᠢᠲᠠᠢ ᠬᠠᠨ ᠬᠦᠦ ᠢᠷᠡᠨ᠎ᠡ᠂ ᠬᠠᠷᠠᠵᠤ ᠯᠠ ᠪᠠᠢᠭᠠᠷᠠᠢ!
ᠳᠡᠭᠦᠦ ᠶ᠋ᠢᠨ ᠢ᠋ᠶ᠋ᠡᠨ ᠦᠭᠡ ᠶ᠋ᠢ ᠰᠣᠨᠣᠰᠤᠭᠠᠳ ᠮᠠᠩᠭᠢᠲ᠋ᠠ ᠰᠠᠨᠠᠭ᠎ᠠ ᠠᠯᠳᠠᠯ᠎ᠠ᠃
— ᠡᠩ᠂ ᠳᠡᠭᠦᠦ ᠮᠢᠨᠢ ᠪᠢ ᠴᠢᠮ᠎ᠠ ᠳ᠋ᠤ᠌ ᠵᠥᠪᠬᠡᠨ ᠠᠵᠠ ᠵᠢᠷᠭᠠᠯ ᠢ᠋ ᠯᠡ ᠬᠦᠰᠡᠳᠡᠭ᠃
ᠢᠩᠭᠢᠭᠡᠳ ᠬᠡᠳᠦ ᠬᠣᠨᠣᠭ ᠥᠩᠭᠡᠷᠡᠵᠦ ᠮᠠᠩᠭᠢᠲ᠋ᠠ ᠳᠡᠭᠦᠦ ᠪᠡᠨ ᠲᠡᠵᠢᠭᠡᠬᠦ ᠶ᠋ᠢᠨ ᠲᠤᠯᠠᠳᠠ ᠦᠨᠡᠬᠡᠷ ᠬᠢᠴᠢᠶᠡᠩᠭᠦᠢᠯᠡᠨ ᠠᠵᠢᠯᠯᠠᠯ᠎ᠠ᠂ ᠭᠡᠲᠡᠯ᠎ᠡ ᠨᠢᠭᠡ ᠡᠳᠦᠷ ᠴᠥᠭᠡᠬᠡᠨ ᠬᠡᠳᠦᠨ ᠮᠥᠩᠭᠥ ᠣᠯᠤᠭᠠᠳ ᠭᠡᠷ ᠲᠤ ᠪᠡᠨ ᠢᠷᠡᠬᠦ ᠳ᠋ᠦ᠍ ᠪᠡᠨ ᠶᠡᠬᠡᠳᠡ ᠰᠢᠨᠠᠯᠵᠤ ᠪᠠᠢᠯ᠎ᠠ᠃
— ᠯᠠᠷᠢᠨᠠ ᠠᠭᠤᠴᠢᠯᠠᠭᠠᠷᠠᠢ᠂ ᠭᠠᠭᠴᠠ ᠮᠢᠨᠦ ᠣᠯᠤᠭᠰᠠᠨ ᠮᠥᠩᠭᠥ ᠪᠡᠷ ᠬᠣᠶᠠᠭᠤᠯᠠ ᠪᠠᠨ ᠠᠮᠢᠳᠤᠷᠠᠵᠤ ᠠᠮᠢ ᠵᠢᠭᠤᠵᠤ ᠬᠦᠷᠦᠯᠴᠡᠬᠦ ᠦᠭᠡᠢ ᠶᠦᠮ ᠪᠠᠢᠨ᠎ᠠ᠂ ᠮᠠᠷᠭᠠᠰᠢ ᠠ᠋ᠴᠠ ᠨᠠᠳᠠ ᠳ᠋ᠤ᠌ ᠲᠤᠰᠠᠯᠠᠭᠠᠳ ᠬᠣᠶᠠᠭᠤᠯᠠ ᠪᠠᠨ ᠬᠠᠮᠲᠤ ᠵᠢᠭᠠᠰᠤ ᠵᠠᠷᠤᠶ᠎ᠠ᠃
— ᠶᠠᠭᠤ? ᠰᠠᠶᠢ ᠶᠠᠭᠤ ᠭᠡᠰᠡᠨ ᠪᠣᠢ?
— ᠬᠣᠶᠠᠭᠤᠯᠠ ᠪᠠᠨ ᠠᠮᠢᠳᠤᠷᠠᠵᠤ ᠠᠮᠢ ᠵᠢᠭᠤᠬᠤ ᠳ᠋ᠤ᠌ ᠬᠦᠷᠦᠯᠴᠡᠬᠦ ᠮᠥᠩᠭᠥ ᠣᠯᠬᠤ ᠳ᠋ᠤ᠌ ᠲᠤᠰᠠᠯᠠᠵᠤ ᠵᠢᠭᠠᠰᠤ ᠬᠠᠮᠲᠤ ᠵᠠᠷᠤᠶ᠎ᠠ ᠭᠡᠵᠦ ᠪᠢ ᠴᠢᠮ᠎ᠠ ᠠ᠋ᠴᠠ ᠭᠤᠶᠤᠵᠤ ᠪᠠᠢᠨ᠎ᠠ ᠭᠤᠶᠤᠶ᠎ᠠ ᠯᠠᠷᠢᠨᠠ?
— ᠡᠭᠡᠴᠢ ᠠ᠋ ᠲᠠ ᠪᠦᠷ ᠰᠣᠯᠢᠶᠠᠷᠠᠴᠢᠬᠠᠵᠠᠢ᠂ ᠪᠢ ᠢᠷᠡᠭᠡᠳᠦᠢ ᠶ᠋ᠢᠨ ᠬᠠᠲᠤᠨ ᠬᠠᠭᠠᠨ ᠭᠡᠲᠡᠯ᠎ᠡ ᠨᠠᠮ᠎ᠠ ᠶ᠋ᠢ ᠶᠠᠭᠤᠮ᠎ᠠ ᠵᠠᠷᠤ ᠭᠡᠵᠦ ᠪᠠᠢᠭ᠎ᠠ ᠶᠤᠮ ᠤᠤ? ᠬᠡᠩ ᠂ ᠬᠡᠵᠢᠶ᠎ᠡ ᠴᠦ᠍ ᠦᠭᠡᠢ!
— ᠭᠡᠬᠦ ᠳ᠋ᠦ᠍ ᠪᠡᠨ ᠯᠠᠷᠢᠨᠠ᠂᠂᠂
— ᠣᠳᠣ ᠬᠠᠩᠭᠠᠯᠲᠠ ᠲᠠᠢ᠂ ᠪᠢ ᠨᠠᠭᠤᠷ ᠤᠷᠤᠭᠤ ᠶᠠᠪᠤᠯ᠎ᠠ᠂
ᠮᠠᠩᠭᠢᠲ᠋ᠠ ᠶᠡᠬᠡ ᠭᠤᠨᠢᠭᠯᠠᠵᠤ ᠪᠠᠢᠯ᠎ᠠ ᠲᠡᠭᠡᠭᠡᠳ ᠰᠥᠬᠥᠷᠡᠵᠦ ᠰᠠᠭᠤᠭᠠᠳ ᠠᠰᠬᠠᠷᠠᠲᠠᠯ᠎ᠠ ᠤᠬᠢᠯᠠᠵᠠᠢ ᠭᠡᠨ᠎ᠡ᠃ ᠭᠡᠲᠡᠯ᠎ᠡ ᠭᠡᠷ ᠡᠴᠡ ᠭᠠᠷᠤᠭᠠᠳ ᠶᠠᠪᠤᠭᠰᠠᠨ ᠯᠠᠷᠢᠨᠠ ᠳᠡᠭᠡᠷ᠎ᠡ ᠨᠢᠭᠡᠨ ᠡᠮᠡᠭᠡᠨ ᠣᠢᠷᠠᠳᠴᠤ ᠢᠷᠡᠯ᠎ᠡ.
— ᠲᠠ ᠶᠠᠭᠤ ᠬᠦᠰᠡᠭᠡ ᠪᠣᠢ? ᠡᠮᠡᠭᠡ ᠠ᠋
— ᠦ᠂ ᠥᠬᠢᠨ ᠮᠢᠨᠢ ᠥᠨᠥᠳᠥᠷ ᠵᠥᠩᠳᠡᠭᠡᠨ ᠬᠣᠯᠠ ᠠᠯᠬᠤᠭᠰᠠᠨ ᠴᠢᠨᠢ ᠭᠡᠳᠡᠰᠦ ᠥᠯᠥᠰᠦᠭᠡᠳ ᠠᠮᠠ ᠴᠠᠩᠭᠠᠭᠠᠳ ᠪᠠᠢᠨ᠎ᠠ᠂ ᠨᠠᠳᠠ ᠳ᠋ᠤ᠌ ᠪᠠᠯᠭᠤ ᠤᠰᠤ ᠵᠦᠰᠦᠮ ᠲᠠᠯᠬ᠎ᠠ ᠥᠭᠴᠦ ᠲᠤᠰᠠᠯᠠᠬᠤ ᠦᠭᠡᠢ ᠤᠤ?
— ᠨᠠᠮ᠎ᠠ ᠶ᠋ᠢ ᠵᠠᠷᠤᠴᠠ ᠪᠠᠷᠯᠤᠭ ᠭᠡᠵᠦ ᠪᠣᠳᠣᠭᠠᠳ ᠪᠠᠢᠭ᠎ᠠ ᠶᠤᠮ ᠤᠤ? ᠣᠳᠣᠬᠠᠨ ᠵᠠᠢᠯᠠ
ᠯᠠᠷᠢᠨᠠ ᠡᠮᠡᠭᠡᠨ ᠢ᠋ ᠲᠦᠯᠬᠢᠵᠦ ᠬᠣᠯᠠᠳᠠᠭᠤᠯᠤᠭᠠᠳ ᠴᠠᠰᠢ ᠪᠠᠨ ᠶᠠᠪᠤᠯ᠎ᠠ᠃
— ᠠ᠂ ᠶᠠᠭᠠᠬᠢᠳᠠᠭ ᠪᠢᠯᠡ
ᠡᠮᠡᠭᠡᠨ ᠦ᠌ ᠬᠠᠰᠬᠢᠷᠬᠤ ᠶ᠋ᠢ ᠰᠣᠨᠣᠰᠤᠭᠠᠳ ᠮᠠᠩᠭᠢᠲ᠋ᠠ ᠶᠠᠭᠠᠷᠠᠨ ᠭᠠᠷᠴᠤ ᠢᠷᠡᠯ᠎ᠡ ᠭᠠᠵᠠᠷ ᠤᠨᠠᠭᠰᠠᠨ ᠡᠮᠡᠭᠡᠨ ᠢ᠋ ᠬᠠᠷᠠᠭᠠᠳ ᠮᠠᠩᠭᠢᠲ᠋ᠠ ᠶᠡᠬᠡᠳᠡ ᠴᠣᠴᠢᠷᠳᠠᠵᠠᠢ᠃
— ᠦ᠂ ᠦᠨᠡᠬᠡᠷ ᠠᠭᠤᠴᠢᠯᠠᠭᠠᠷᠠᠢ
ᠲᠡᠭᠡᠭᠡᠳ ᠮᠠᠩᠭᠢᠲ᠋ᠠ ᠡᠮᠡᠭᠡᠨ ᠢ᠋ ᠲᠦᠰᠢᠵᠦ ᠪᠣᠰᠬᠠᠭᠠᠳ ᠭᠡᠷ ᠲᠤ ᠪᠡᠨ ᠳᠠᠭᠠᠭᠤᠯᠤᠨ ᠣᠷᠣᠯ᠎ᠠ᠂ ᠯᠠᠷᠢᠨᠠ ᠥᠪᠡᠷ ᠢ᠋ ᠨᠢ ᠶᠠᠭᠠᠬᠢᠵᠤ ᠲᠦᠯᠬᠢᠭᠰᠡᠨ ᠢ᠋ ᠡᠮᠡᠭᠡᠨ ᠶᠠᠷᠢᠯ᠎ᠠ᠂ ᠭᠡᠲᠡᠯ᠎ᠡ ᠮᠠᠩᠭᠢᠲ᠋ᠠ ᠡᠨᠡ ᠦᠭᠡ ᠶ᠋ᠢ ᠰᠣᠨᠣᠰᠤᠭᠠᠳ ᠶᠡᠬᠡᠳᠡ ᠴᠣᠴᠢᠷᠳᠠᠵᠠᠢ᠃
— ᠶᠠᠭᠠᠬᠢᠨ᠎ᠠ᠂ ᠠᠭᠤᠴᠢᠯᠠᠭᠠᠷᠠᠢ ᠡᠮᠡᠭᠡ ᠠ᠋᠂ ᠮᠠᠨ ᠤ᠋ ᠳᠡᠭᠦᠦ ᠵᠠᠷᠢᠮ ᠳ᠋ᠤ᠌ ᠪᠠᠨ ᠲᠡᠭᠡᠵᠦ ᠮᠠᠭᠤᠬᠠᠢ ᠵᠠᠩ ᠭᠠᠷᠭᠠᠳᠠᠭ ᠶᠤᠮ
— ᠦ ᠵᠦᠭᠡᠷ ᠳᠡ᠂ ᠴᠢ ᠰᠠᠢᠬᠠᠨ ᠰᠡᠳᠬᠢᠯ ᠲᠡᠢ ᠬᠡᠦᠬᠡᠳ ᠪᠠᠢᠨ᠎ᠠ ᠠᠮᠢᠨᠴᠢᠯᠠᠨ ᠭᠤᠶᠤᠶ᠎ᠠ ᠨᠠᠳᠠ ᠳ᠋ᠤ᠌ ᠤᠤᠭᠤᠬᠤ ᠪᠠᠯᠭᠤ ᠤᠰᠤ ᠢᠳᠡᠬᠦ ᠵᠦᠰᠦᠮ ᠲᠠᠯᠬ᠎ᠠ ᠥᠭᠬᠦ ᠦᠭᠡᠢ ᠤᠤ? ᠲᠡᠭᠡᠪᠡᠯ ᠪᠢ ᠪᠤᠴᠠᠭᠠᠳ ᠶᠠᠪᠤᠶ᠎ᠠ᠃
ᠮᠠᠩᠭᠢᠲ᠋ᠠ ᠲᠣᠯᠣᠭᠠᠢ ᠳᠣᠬᠢᠭᠠᠳ ᠭᠡᠷ ᠲᠤ ᠪᠡᠨ ᠦᠯᠡᠳᠡᠭᠰᠡᠨ ᠭᠠᠭᠴᠠ ᠲᠠᠯᠬ᠎ᠠ ᠪᠠᠨ ᠠᠪᠴᠢᠷᠠᠯ᠎ᠠ ᠡᠮᠡᠭᠡᠨ ᠦ᠌ ᠭᠤᠶᠤᠭᠰᠠᠨ ᠢ᠋ᠶ᠋ᠠᠷ ᠤᠰᠤ ᠴᠤ᠌ ᠭᠡᠰᠡᠨ ᠬᠢᠵᠦ ᠢᠷᠡᠯ᠎ᠡ᠂ ᠡᠮᠡᠭᠡᠨ ᠤᠰᠤ ᠪᠠᠨ ᠤᠤᠭᠤᠭᠠᠳ ᠲᠠᠯᠬ᠎ᠠ ᠪᠠᠨ ᠠᠮᠲᠠᠷᠬᠠᠨ ᠢᠳᠡᠯ᠎ᠡ
— ᠦ᠂ ᠶᠡᠬᠡ ᠪᠠᠶᠠᠷᠯᠠᠯ᠎ᠠ ᠥᠬᠢᠨ ᠮᠢᠨᠢ ᠴᠢ ᠦᠨᠡᠬᠡᠷ ᠰᠠᠢᠬᠠᠨ ᠰᠡᠳᠬᠢᠯ ᠲᠡᠢ ᠬᠥᠮᠦᠨ ᠶᠦᠮ᠃
ᠢᠩᠭᠢᠵᠦ ᠬᠡᠯᠡᠭᠡᠳ ᠡᠮᠡᠭᠡᠨ ᠶᠠᠪᠤᠯ᠎ᠠ᠂
ᠮᠠᠩᠭᠢᠲ᠋ᠠ ᠥᠯᠥᠰᠦᠭᠰᠡᠨ ᠴᠢᠭ ᠢ᠋ᠶ᠋ᠡᠷ ᠢ᠋ᠶ᠋ᠡᠨ ᠤᠨᠲᠠᠯ᠎ᠠ ᠬᠡᠳᠦ ᠬᠣᠨᠣᠭ ᠤ᠋ᠨ ᠳᠠᠷᠠᠭ᠎ᠠ ᠪᠡᠶ᠎ᠡ ᠨᠢ ᠡᠪᠡᠳᠦᠭᠰᠡᠨ ᠮᠠᠩᠭᠢᠲ᠋ᠠ ᠬᠡᠪᠲᠡᠷᠢ ᠳ᠋ᠦ᠍ ᠣᠷᠣᠵᠠᠢ ᠭᠡᠨ᠎ᠡ᠃ ᠭᠡᠪᠡᠴᠦ ᠯᠠᠷᠢᠨᠠ ᠤᠷᠢᠳᠤᠬᠢ ᠰᠢᠭ᠋ ᠢ᠋ᠶ᠋ᠡᠷ ᠡᠭᠡᠴᠢ ᠶ᠋ᠢ ᠪᠡᠨ ᠣᠭᠲᠣᠬᠠᠨ ᠴᠤ᠌ ᠲᠣᠭᠣᠭᠰᠠᠨ ᠦᠭᠡᠢ᠃
— ᠠ᠋᠂ ᠳᠡᠭᠦᠦ ᠮᠢᠨᠢ᠂ ᠭᠤᠶᠤᠶ᠎ᠠ ᠵᠠᠬ᠎ᠠ ᠳᠡᠭᠡᠷ᠎ᠡ ᠣᠴᠢᠭᠠᠳ ᠵᠢᠭᠠᠰᠤ ᠵᠠᠷᠤᠭᠠᠳ ᠢᠷᠡᠬᠦ ᠦᠭᠡᠢ ᠤᠤ? ᠬᠣᠶᠠᠭᠤᠯᠠ ᠪᠠᠨ ᠮᠥᠩᠭᠥ ᠦᠭᠡᠢ ᠪᠣᠯᠴᠢᠬᠠᠭᠰᠠᠨ
— ᠪᠢ ᠬᠠᠮᠢᠭᠠᠰᠢ ᠪᠠᠨ ᠴᠤ᠌ ᠶᠠᠪᠤᠬᠤ ᠦᠭᠡᠢ ᠳᠠᠬᠢᠭᠠᠳ ᠨᠠᠭᠠᠳᠤ ᠦᠭᠡ ᠪᠡᠨ ᠬᠡᠯᠡᠭᠡᠳ ᠦᠵᠡᠭᠡᠷᠡᠢ!
ᠢᠩᠭᠢᠵᠦ ᠬᠡᠯᠡᠭᠡᠳ ᠭᠡᠷ ᠡᠴᠡ ᠪᠡᠨ ᠭᠠᠷᠴᠤ ᠶᠠᠪᠤᠬᠤ ᠳ᠋ᠤ᠌ ᠨᠢ ᠥᠨᠥᠬᠢ ᠡᠮᠡᠭᠡᠨ ᠳᠠᠬᠢᠭᠠᠳ ᠭᠠᠷᠴᠤ ᠢᠷᠡᠯ᠎ᠡ᠃
— ᠳᠠᠬᠢᠭᠠᠳ ᠯᠠ ᠲᠠ ᠤᠤ? ᠥᠨᠥᠳᠥᠷ ᠪᠠᠰᠠ ᠶᠠᠭᠤ ᠭᠤᠶᠤᠬᠤ ᠭᠡᠵᠦ ᠢᠷᠡᠪᠡ ᠤᠤ?
— ᠮᠠᠩᠭᠢᠲ᠋ᠠ ᠶ᠋ᠢᠨ ᠪᠡᠶ᠎ᠡ ᠮᠠᠭᠤ ᠪᠠᠢᠭ᠎ᠠ ᠭᠡᠵᠦ ᠰᠣᠨᠣᠰᠤᠭᠠᠳ ᠪᠡᠶ᠎ᠡ ᠶ᠋ᠢ ᠨᠢ ᠲᠡᠩᠬᠡᠷᠡᠭᠦᠯᠬᠦ ᠡᠮ ᠳᠠᠩ ᠠᠪᠤᠭᠠᠳ ᠢᠷᠡᠯ᠎ᠡ᠂ ᠴᠠᠭ ᠳᠣᠳᠣᠮ ᠡᠮ ᠳᠠᠩ ᠠ᠋ᠴᠠ ᠤᠤᠭᠤᠯᠭᠠᠵᠤ ᠡᠭᠡᠴᠢ ᠶ᠋ᠢ ᠴᠢᠨᠢ ᠠᠰᠠᠷᠠᠮᠠᠷ ᠪᠠᠢᠨ᠎ᠠ ᠨᠠᠮ᠎ᠠ ᠶ᠋ᠢ ᠭᠡᠷ ᠲᠤ ᠪᠡᠨ ᠣᠷᠣᠭᠤᠯᠬᠤ ᠦᠭᠡᠢ ᠤᠤ? ᠮᠠᠷᠭᠠᠰᠢ ᠥᠷᠯᠥᠭᠡ ᠡᠪᠡᠳᠴᠢᠨ ᠨᠢ ᠪᠦᠷᠢᠨ ᠡᠳᠡᠭᠡᠷᠡᠨ᠎ᠡ᠃
ᠮᠠᠩᠭᠢᠲ᠋ᠠ ᠶ᠋ᠢ ᠬᠤᠷᠳᠤᠨ ᠡᠳᠡᠭᠡᠬᠦ ᠶ᠋ᠢ ᠬᠦᠰᠡᠬᠦ ᠦᠭᠡᠢ ᠪᠠᠢᠭᠰᠠᠨ ᠯᠠᠷᠢᠨᠠ ᠰᠢᠲᠦ ᠪᠡᠨ ᠵᠠᠭᠤᠭᠠᠳ ᠬᠤᠳᠠᠯ ᠢ᠋ᠶ᠋ᠠᠷ ᠢᠨᠢᠶᠡᠮᠰᠦᠭᠯᠡᠭᠰᠡᠨ ᠳᠦᠷᠢ ᠦᠵᠡᠭᠦᠯᠦᠭᠡᠳ ᠢᠩᠭᠢᠵᠦ ᠬᠡᠯᠡᠯ᠎ᠡ᠃
— ᠦ᠂ ᠵᠠᠪᠠᠯ ᠢᠩᠭᠢᠵᠦ ᠥᠪᠡᠷ ᠢ᠋ ᠪᠡᠨ ᠵᠣᠪᠠᠭᠠᠬᠤ ᠬᠡᠷᠡᠭ ᠦᠭᠡᠢ ᠮᠠᠩᠭᠢᠲ᠋ᠠ ᠮᠢᠨᠦ ᠡᠭᠡᠴᠢ ᠰᠢᠦ ᠳᠡ᠂ ᠨᠠᠭᠠᠳᠤ ᠳᠠᠩ ᠢ᠋ᠶ᠋ᠠᠨ ᠨᠠᠳᠠ ᠳ᠋ᠤ᠌ ᠥᠭᠴᠢᠬᠡ᠂ ᠪᠢ ᠡᠭᠡᠴᠢ ᠶ᠋ᠢ ᠪᠡᠨ ᠠᠰᠠᠷᠠᠶ᠎ᠠ
— ᠨᠡᠭᠡᠷᠡᠨ ᠲᠡᠭᠡᠬᠦ ᠶᠦᠮ ᠤᠤ?
— ᠦ᠂ ᠳᠡᠭᠡᠯ ᠦᠭᠡᠢ ᠶᠠᠭᠠᠬᠢᠬᠤᠪ ᠳᠠ
— ᠠ᠋᠂ ᠲᠡᠭᠡᠪᠡᠯ ᠲᠡᠭᠡ ᠳᠡ
ᠯᠠᠷᠢᠨᠠ ᠡᠮᠡᠭᠡᠨ ᠡᠴᠡ ᠡᠮ ᠳᠠᠩ ᠲᠠᠢ ᠤᠭᠤᠲᠠ ᠶ᠋ᠢ ᠠᠪᠤᠯ᠎ᠠ᠃ ᠮᠠᠩᠭᠢᠲ᠋ᠠ ᠰᠥᠨᠢ ᠤᠯᠠᠮ ᠶᠡᠬᠡ ᠬᠠᠯᠠᠭᠤᠷᠠᠵᠤ ᠰᠥᠨᠢᠵᠢᠨ ᠢ᠋ᠶ᠋ᠡᠨ ᠤᠨᠲᠠᠵᠤ ᠴᠢᠳᠠᠯ ᠦᠭᠡᠢ ᠬᠥᠷᠪᠡᠵᠦ ᠬᠣᠨᠣᠯ᠎ᠠ᠂ ᠤᠳᠠᠯ
ᠦᠭᠡᠢ ᠨᠢᠳᠦ ᠨᠢ ᠬᠦᠷᠲᠡᠯ᠎ᠡ ᠰᠢᠷᠠᠯᠠᠵᠤ ᠡᠬᠢᠯᠡᠯ᠎ᠡ᠃ ᠯᠠᠷᠢᠨᠠ ᠡᠪᠡᠳᠴᠦ ᠰᠢᠨᠠᠯᠵᠤ ᠪᠠᠢᠭ᠎ᠠ ᠡᠭᠡᠴᠢ ᠶ᠋ᠢ ᠪᠡᠨ ᠬᠠᠷᠠᠭᠠᠳ ᠶᠡᠬᠡᠳᠡ ᠪᠠᠶᠠᠷᠯᠠᠵᠤ ᠪᠠᠢᠯ᠎ᠠ᠂ ᠲᠡᠷᠡ ᠡᠮ ᠳᠠᠩ ᠤ᠋ᠨ ᠲᠤᠬᠠᠢ ᠬᠡᠯᠡᠭᠰᠡᠨ ᠦᠭᠡᠢ ᠪᠦᠷ ᠡᠮ ᠳᠠᠩ ᠢ᠋ ᠣᠷᠣᠨ ᠳᠣᠣᠭᠤᠷ ᠢ᠋ᠶ᠋ᠠᠨ ᠬᠢᠵᠦ ᠨᠢᠭᠤᠯ᠎ᠠ᠃
ᠮᠠᠷᠭᠠᠰᠢ ᠥᠷᠯᠥᠭᠡ ᠨᠢ ᠯᠠᠷᠢᠨᠠ ᠰᠡᠷᠡᠭᠡᠳ᠂ ᠡᠭᠡᠴᠢ ᠨᠢ ᠶᠡᠬᠡ ᠬᠥᠯᠥᠷᠡᠭᠰᠡᠨ ᠪᠠᠢᠬᠤ ᠶ᠋ᠢ ᠬᠠᠷᠠᠯ᠎ᠠ᠂ ᠳᠣᠲᠣᠷ᠎ᠠ ᠪᠠᠨ ᠢᠨᠢᠶᠡᠮᠰᠦᠭᠯᠡᠭᠡᠳ ᠶᠠᠭ ᠭᠡᠷ ᠡᠴᠡ ᠪᠡᠨ ᠭᠠᠷᠬᠤ ᠭᠡᠵᠦ ᠪᠠᠢᠬᠤ ᠳ᠋ᠤ᠌ ᠨᠢ ᠥᠨᠥᠬᠢ ᠡᠮᠡᠭᠡᠨ ᠭᠡᠷ ᠲᠦ᠍ ᠨᠢ ᠣᠷᠣᠭᠠᠳ ᠢᠷᠡᠯ᠎ᠡ᠃
— ᠠ᠂ ᠶᠠᠭᠤ ᠪᠣᠢ᠂ ᠲᠠ ᠴᠢᠨᠢ ᠶᠠᠭᠠᠬᠢᠭᠠᠳ ᠵᠥᠪᠰᠢᠶᠡᠷᠡᠯ ᠦᠭᠡᠢ ᠪᠡᠷ ᠮᠠᠨ ᠤ᠋ ᠳ᠋ᠤ᠌ ᠣᠷᠣᠵᠤ ᠢᠷᠡᠵᠦ ᠪᠠᠢᠭ᠎ᠠ ᠶᠤᠮ?
ᠡᠮᠡᠭᠡᠨ ᠢᠨᠢᠶᠡᠮᠰᠦᠭᠯᠡᠭᠡᠳ ᠬᠤᠷᠤᠭᠤ ᠪᠠᠨ ᠢᠨᠴᠢᠳᠦᠨ ᠳᠤᠤᠭᠠᠷᠭᠠᠯᠠ ᠭᠡᠲᠡᠯ᠎ᠡ ᠲᠡᠷᠡ ᠳᠣᠣᠷ᠎ᠠ ᠪᠠᠨ ᠡᠮᠡᠭᠡᠨ ᠴᠢᠷᠠᠢᠯᠢᠭ ᠰᠠᠢᠬᠠᠨ ᠬᠠᠨ ᠬᠦᠦ ᠪᠣᠯᠤᠨ ᠬᠤᠪᠢᠷᠠᠯ᠎ᠠ᠃
— ᠶᠠᠭᠤ ᠪᠣᠢ? ᠲᠠ ᠴᠢᠨᠢ ᠰᠠᠬᠢᠭᠤᠯᠰᠤᠨ ᠲᠩᠷᠢ ᠶᠦᠮ ᠤᠤ?
— ᠬᠡᠩ᠂ ᠰᠠᠬᠢᠭᠤᠯᠰᠤᠨ ᠲᠩᠷᠢ ᠪᠢᠰᠢ᠂ ᠪᠢ ᠪᠣᠯ ᠬᠠᠨ ᠬᠦᠦ ᠸᠠᠯᠢᠸᠢᠳᠤᠮ ᠣᠷᠳᠣᠨ ᠤ᠋ ᠬᠠᠨ ᠬᠦᠦ᠂ ᠪᠢ ᠷᠢᠳᠢ ᠰᠢᠳᠢ ᠲᠡᠢ ᠲᠤᠯᠠ ᠡᠨᠡ ᠳᠡᠯᠡᠬᠡᠢ ᠶ᠋ᠢᠨ ᠬᠠᠮᠤᠭ ᠤ᠋ᠨ ᠰᠠᠢᠬᠠᠨ ᠰᠡᠳᠬᠢᠯ ᠲᠡᠢ ᠪᠦᠰᠡᠭᠦᠢ ᠲᠡᠢ ᠭᠡᠷᠯᠡᠬᠦ ᠪᠡᠷ ᠬᠠᠢᠵᠤ ᠪᠠᠢᠭᠰᠠᠨ ᠶᠤᠮ᠂ ᠲᠡᠭᠡᠭᠡᠳ ᠥᠪᠡᠷ ᠦ᠋ᠨ ᠬᠠᠢᠵᠤ ᠪᠠᠢᠭᠰᠠᠨ ᠪᠦᠰᠡᠭᠦᠢ ᠪᠡᠨ ᠣᠯᠴᠢᠬᠠᠯ᠎ᠠ ᠭᠡᠬᠦ ᠳ᠋ᠦ᠍ ᠲᠡᠷᠡ ᠪᠦᠰᠡᠭᠦᠢ ᠮᠢᠨᠢ ᠵᠥᠪᠰᠢᠶᠡᠷᠡᠪᠡᠯ ᠰᠢᠦ ᠳᠡ
— ᠦᠭᠡᠢ ᠶᠠᠭᠠᠬᠢᠬᠤᠪ᠂ ᠵᠥᠪᠰᠢᠶᠡᠷᠡᠯ ᠦᠭᠡᠢ ᠶᠠᠭᠠᠬᠢᠬᠤᠪ ᠬᠠᠨ ᠬᠦᠦ᠂ ᠨᠠᠮ᠎ᠠ ᠶ᠋ᠢ ᠡᠨᠡ ᠡᠳᠦᠷ ᠢ᠋ ᠶᠠᠮᠠᠷ ᠤᠳᠠᠭᠠᠨ ᠬᠦᠯᠢᠶᠡᠭᠰᠡᠨ ᠭᠡᠵᠦ ᠪᠣᠳᠣᠵᠤ ᠪᠠᠢᠨ᠎ᠠ? ᠡᠨᠡ ᠨᠣᠣᠷᠬᠠᠢ ᠣᠷᠤᠮᠵᠢᠨ ᠠ᠋ᠴᠠ ᠬᠤᠷᠳᠤᠨ ᠭᠠᠷᠤᠭᠠᠳ ᠣᠷᠳᠣᠨ ᠳ᠋ᠤ᠌ ᠴᠢᠨᠢ ᠣᠴᠢᠵᠤ ᠠᠵᠠ ᠵᠢᠷᠭᠠᠯ ᠲᠠᠢ ᠠᠮᠢᠳᠤᠷᠠᠶ᠎ᠠ᠃
— ᠴᠢᠮᠡᠭᠡ ᠦᠭᠡᠢ᠂ ᠥᠭᠡᠳᠡ ᠦᠭᠡᠢ ᠠᠮᠢᠲᠠᠨ ᠮᠢᠨᠢ᠂ ᠪᠢ ᠴᠢᠨᠦ ᠲᠤᠬᠠᠢ ᠶᠠᠷᠢᠭ᠎ᠠ ᠦᠭᠡᠢ ᠪᠠᠢᠨ᠎ᠠ᠃
— ᠶᠠᠭᠤ?
ᠰᠲ᠋ᠢᠸᠸᠨ ᠬᠠᠨ ᠬᠦᠦ ᠮᠠᠩᠭᠢᠲ᠋ᠠ ᠤᠷᠤᠭᠤ ᠨᠢᠭᠡ ᠬᠠᠷᠠᠴᠢᠬᠠᠭᠠᠳ ᠲᠡᠭᠡᠭᠡᠳ ᠨᠢᠳᠦ ᠪᠡᠨ ᠠᠨᠢᠯ᠎ᠠ᠂ ᠬᠠᠨ ᠬᠦᠦ ᠶ᠋ᠢᠨ ᠪᠡᠶ᠎ᠡ ᠶ᠋ᠢ ᠠᠯᠲᠠᠨ ᠰᠢᠷᠭᠠᠯ ᠥᠩᠭᠡ ᠲᠡᠢ ᠭᠡᠷᠡᠯ ᠪᠦᠷᠬᠦᠯᠡ ᠨᠢᠳᠦ ᠪᠡᠨ ᠠᠨᠢᠭᠠᠳ ᠬᠡᠪᠲᠡᠵᠦ ᠪᠠᠢᠭᠰᠠᠨ ᠮᠩᠭᠢᠲᠠ ᠴᠤ᠌ ᠭᠡᠰᠡᠨ ᠠᠯᠲᠠᠨ ᠰᠢᠷᠭᠠᠯ ᠥᠩᠭᠡ ᠲᠡᠢ ᠭᠡᠷᠡᠯ ᠢ᠋ᠶ᠋ᠡᠷ ᠪᠦᠷᠬᠦᠭᠳᠡᠯᠡ᠃ ᠯᠠᠷᠢᠨᠠ ᠡᠨᠡ ᠪᠦᠬᠦᠨ ᠢ᠋ ᠮᠠᠯ ᠭᠠᠢᠬᠠᠨ ᠬᠠᠷᠠᠯ᠎ᠠ᠃ ᠤᠳᠠᠯ ᠦᠭᠡᠢ ᠮᠠᠩᠭᠢᠲ᠋ᠠ ᠨᠢᠳᠦ ᠪᠡᠨ ᠨᠡᠭᠡᠭᠡᠭᠡᠳ ᠪᠣᠰᠬᠤ ᠳ᠋ᠤ᠌ ᠪᠡᠶ᠎ᠡ ᠨᠢ ᠡᠳᠡᠭᠡᠷᠡᠭᠰᠡᠨ ᠪᠠᠢᠯ᠎ᠠ᠃ ᠰᠲ᠋ᠢᠸᠸᠨ ᠬᠠᠨ ᠬᠦᠦ ᠴᠤ᠌ ᠭᠡᠰᠡᠨ ᠨᠢᠳᠦ ᠪᠡᠨ ᠨᠡᠭᠡᠭᠡᠬᠦ ᠳ᠋ᠦ᠍ ᠰᠢᠷᠭᠠᠯ ᠭᠡᠷᠡᠯ ᠨᠢ ᠴᠤ᠌ ᠠᠯᠠᠭ᠎ᠠ ᠪᠣᠯᠵᠤ ᠣᠷᠬᠢᠯ᠎ᠠ᠂ ᠮᠠᠩᠭᠢᠲ᠋ᠠ ᠶᠠᠭᠤ ᠪᠣᠯᠤᠭᠰᠠᠨ ᠢ᠋ ᠮᠡᠳᠡᠭᠡ ᠦᠭᠡᠢ ᠪᠣᠯᠬᠣᠷ ᠭᠠᠢᠬᠠᠨ ᠵᠣᠭᠰᠣᠯ᠎ᠠ᠂ ᠰᠲ᠋ᠢᠸᠸᠨ ᠬᠠᠨ ᠬᠦᠦ ᠢᠨᠢᠶᠡᠮᠰᠦᠭᠯᠡᠨ ᠮᠠᠩᠭᠢᠲ᠋ᠠ ᠳ᠋ᠤ᠌ ᠶᠠᠭᠤ ᠪᠣᠯᠤᠭᠰᠠᠨ ᠢ᠋ ᠪᠦᠭᠦᠳᠡ ᠶ᠋ᠢ ᠨᠢ ᠶᠠᠷᠢᠵᠤ ᠥᠭᠭᠦᠯ᠎ᠡ᠃
— ᠪᠢ ᠰᠥᠨᠢᠵᠢᠨ ᠢ᠋ᠶ᠋ᠡᠨ ᠭᠠᠳᠠᠨ᠎ᠠ ᠠ᠋ᠴᠠ ᠴᠢᠮ᠎ᠠ ᠶ᠋ᠢ ᠠᠵᠢᠭᠯᠠᠨ ᠬᠠᠷᠠᠵᠤ ᠪᠠᠢᠭᠰᠠᠨ ᠶᠤᠮ᠂ ᠭᠡᠲᠡᠯ᠎ᠡ ᠳᠡᠭᠦᠦ ᠴᠢᠨᠢ ᠴᠢᠮ᠎ᠠ ᠳ᠋ᠤ᠌ ᠡᠮ ᠳᠠᠩ ᠥᠭᠭᠦᠭᠡ ᠦᠭᠡᠢ ᠬᠠᠷᠢᠨ ᠴᠤ᠌ ᠪᠡᠶ᠎ᠡ ᠶ᠋ᠢ ᠴᠢᠨᠢ ᠮᠠᠭᠤᠳᠠᠬᠤ ᠶ᠋ᠢ ᠯᠡ ᠬᠦᠰᠡᠵᠦ ᠪᠠᠢᠭᠰᠠᠨ᠃ ᠡᠨᠡ ᠪᠦᠬᠦᠨ ᠢ᠋ ᠰᠣᠨᠣᠰᠤᠭᠠᠳ ᠮᠠᠩᠭᠢᠲ᠋ᠠ ᠶᠡᠬᠡᠳᠡ ᠴᠣᠴᠢᠷᠲᠠᠯ᠎ᠠ᠃ ᠲᠡᠭᠡᠭᠡᠳ ᠳᠡᠭᠦᠦ ᠳ᠋ᠦ᠍ ᠪᠡᠨ ᠬᠠᠨᠳᠤᠨ ᠢᠩᠭᠢᠵᠦ ᠬᠡᠯᠡᠯ᠎ᠡ
— ᠯᠠᠷᠢᠨᠠ ᠶᠠᠭᠠᠬᠢᠵᠤ ᠪᠠᠢᠭ᠎ᠠ ᠶᠤᠮ ᠪᠣᠢ? ᠶᠠᠭᠠᠬᠢᠭᠠᠳ ᠨᠠᠳᠠ ᠳ᠋ᠤ᠌ ᠡᠢᠮᠦ ᠮᠠᠭᠤ ᠶᠤᠮ ᠪᠣᠢ?
— ᠦᠭᠡᠢ᠂ ᠡᠢᠮᠦ ᠤᠳᠬ᠎ᠠ ᠦᠭᠡᠢ ᠶᠠᠭᠤᠮ᠎ᠠ ᠶᠠᠷᠢᠬᠤ ᠴᠠᠭ ᠠᠯᠠᠭ᠎ᠠ᠂ ᠨᠠᠭᠠᠳᠤ ᠬᠠᠨ ᠬᠦᠦ ᠲᠡᠢ ᠪᠡᠨ ᠬᠤᠷᠳᠤᠨ ᠶᠠᠪᠤᠭᠠᠳ ᠨᠠᠮ᠎ᠠ ᠶ᠋ᠢ ᠣᠷᠬᠢᠵᠤ ᠦᠵᠡ᠂ ᠪᠢ ᠲᠠᠨ ᠳ᠋ᠤ᠌ ᠬᠡᠵᠢᠶ᠎ᠡ ᠴᠦ᠍ ᠰᠠᠢᠨ ᠪᠠᠢᠭ᠎ᠠ ᠦᠭᠡᠢ᠂ ᠴᠠᠭᠠᠰᠢᠳᠠ ᠳ᠋ᠤ᠌ ᠴᠤ᠌ ᠭᠡᠰᠡᠨ ᠦᠵᠡᠨ ᠶᠠᠳᠠᠨ᠎ᠠ᠃
ᠮᠠᠩᠭᠢᠲ᠋ᠠ ᠶ᠋ᠢᠨ ᠬᠠᠴᠠᠷ ᠢ᠋ ᠳ᠋ᠡᠭᠡᠨ ᠨᠢᠯᠪᠤᠰᠤ ᠤᠷᠤᠰᠤᠭᠰᠠᠨ ᠪᠣᠯᠪᠠᠴᠤ ᠬᠠᠨ ᠬᠦᠦ ᠣᠢᠷᠠᠲᠤᠨ ᠢᠷᠡᠭᠡᠳ ᠲᠠᠢᠳᠬᠤᠷᠠᠭᠤᠯᠤᠯᠠ᠃
— ᠳᠡᠭᠦᠦ ᠡᠴᠡ ᠪᠡᠨ ᠪᠣᠯᠵᠤ ᠰᠢᠨᠠᠯᠵᠤ ᠭᠤᠨᠢᠭᠯᠠᠬᠤ ᠬᠡᠷᠡᠭ ᠦᠭᠡᠢ᠂ ᠴᠢᠨᠦ ᠬᠠᠢᠷ᠎ᠠ᠂ ᠰᠠᠢᠬᠠᠨ ᠰᠡᠳᠬᠢᠯ ᠢ᠋ ᠬᠦᠷᠲᠡᠬᠦ ᠡᠷᠬᠡ ᠦᠭᠡᠢ ᠬᠥᠮᠦᠨ ᠰᠢᠦ ᠳᠡ᠂ ᠡᠨᠳᠡ ᠡᠴᠡ ᠶᠠᠪᠤᠭᠠᠳ ᠮᠠᠨ ᠤ᠋ ᠤᠯᠤᠰ ᠲᠤ ᠣᠴᠢᠶ᠎ᠠ᠂ ᠪᠢ ᠴᠢᠨᠦ ᠨᠥᠬᠥᠷ ᠪᠣᠯᠤᠮᠠᠷ ᠪᠠᠢᠨ᠎ᠠ᠂ ᠬᠡᠷᠪᠡ ᠡᠬᠡᠨᠡᠷ ᠮᠠᠨᠢ ᠪᠣᠯᠬᠤ ᠶ᠋ᠢ ᠵᠥᠪᠰᠢᠶᠡᠷᠡᠪᠡᠯ ᠰᠢᠦ ᠳᠡ
— ᠭᠡᠪᠡᠴᠦ᠂ ᠭᠡᠪᠡᠴᠦ ᠮᠢᠨᠦ ᠳᠡᠭᠦᠦ ᠰᠢᠦ ᠳᠡ
— ᠭᠡᠬᠦ ᠳ᠋ᠦ᠍ ᠪᠡᠨ ᠵᠠᠷᠢᠮ ᠬᠥᠮᠦᠨ ᠬᠡᠵᠢᠶ᠎ᠡ ᠴᠦ᠍ ᠥᠭᠡᠷᠡᠴᠢᠯᠡᠭᠳᠡᠳᠡᠭ ᠦᠭᠡᠢ ᠶᠦᠮ᠂ ᠣᠳᠣ ᠣᠢᠯᠠᠭᠠᠭᠰᠠᠨ ᠨᠢ ᠳᠡᠭᠡᠷ᠎ᠡ ᠠ᠋
— ᠲᠠ ᠬᠣᠶᠠᠷ ᠳᠠᠭᠤᠰᠤᠭᠰᠠᠨ ᠤᠤ? ᠮᠢᠨᠦ ᠪᠦᠷ ᠳᠤᠷ᠎ᠠ ᠦᠭᠡᠢ ᠬᠦᠷᠦᠭᠡᠳ ᠪᠠᠢᠨ᠎ᠠ᠃
ᠮᠠᠩᠭᠢᠲ᠋ᠠ ᠬᠠᠨ ᠬᠦᠦ ᠤᠷᠤᠭᠤ ᠬᠠᠷᠠᠭᠠᠳ ᠲᠣᠯᠣᠭᠠᠢ ᠳᠣᠬᠢᠯ᠎ᠠ᠂ ᠰᠲ᠋ᠢᠸᠸᠨ ᠬᠠᠨ ᠬᠦᠦ ᠬᠤᠷᠤᠭᠤ ᠪᠠᠨ ᠢᠨᠴᠢᠳᠦᠨ ᠳᠤᠤᠭᠠᠷᠭᠠᠬᠤ ᠳ᠋ᠤ᠌ ᠲᠡᠷᠡ ᠬᠣᠶᠠᠷ ᠠᠭᠤᠰᠤᠨ ᠠᠯᠠᠭ᠎ᠠ ᠪᠣᠯᠤᠯ᠎ᠠ᠃ ᠬᠤᠷᠢᠮ ᠤ᠋ᠨ ᠡᠳᠦᠷ ᠮᠩᠭᠢᠲ᠋ᠠ ᠰᠲ᠋ᠢᠸᠸᠨ ᠬᠠᠨ ᠬᠦᠦ ᠬᠣᠶᠠᠷ ᠪᠡᠶ᠎ᠡ ᠪᠡᠶ᠎ᠡ ᠳ᠋ᠦ᠍ ᠪᠡᠨ ᠦᠨᠡᠨᠴᠢ ᠠᠮᠢᠳᠤᠷᠠᠬᠤ ᠪᠠᠨ ᠠᠮᠠᠯᠠᠵᠤ᠂ ᠲᠡᠷᠡ ᠴᠠᠭ ᠠ᠋ᠴᠠ ᠬᠣᠢᠰᠢ ᠠᠵᠠ ᠵᠢᠷᠭᠠᠯᠲᠠᠢ ᠠᠮᠢᠳᠤᠷᠠᠭᠰᠠᠨ ᠶᠤᠮ ᠭᠡᠳᠡᠭ᠃
ᠯᠠᠷᠢᠨᠠ ᠣᠭᠲᠣᠬᠠᠨ ᠴᠤ᠌ ᠥᠭᠡᠷᠡᠴᠢᠯᠡᠭᠳᠡᠭᠰᠡᠨ ᠦᠭᠡᠢ ᠮᠠᠭᠤᠬᠠᠢ ᠠᠭᠠᠰᠢᠯᠠᠳᠠᠭ ᠬᠡᠪ ᠢ᠋ᠶ᠋ᠡᠷ ᠢ᠋ᠶ᠋ᠡᠨ ᠪᠠᠢᠯ᠎ᠠ᠂ ᠲᠡᠷᠡ ᠣᠭᠲᠣᠬᠠᠨ ᠴᠤ᠌ ᠥᠭᠡᠷᠡᠴᠢᠯᠡᠭᠳᠡᠭᠰᠡᠨ ᠦᠭᠡᠢ᠃ ᠭᠡᠪᠡᠴᠦ ᠮᠠᠩᠭᠢᠲ᠋ᠠ ᠡᠭᠡᠴᠢ ᠨᠢ ᠳᠡᠭᠦᠦ ᠳ᠋ᠦ᠍ ᠪᠡᠨ ᠮᠡᠳᠡᠭᠳᠡᠯ ᠦᠭᠡᠢ ᠪᠡᠷ ᠬᠠᠩᠭᠠᠯᠲᠠ ᠲᠠᠢ ᠶᠡᠬᠡ ᠬᠣᠭᠣᠯᠠ ᠬᠦᠨᠡᠰᠦ ᠠᠪᠴᠢᠷᠠᠵᠤ ᠥᠭᠳᠡᠭ ᠪᠠᠢᠭᠰᠠᠨ ᠶᠤᠮ᠃ ᠳᠡᠭᠦᠦ ᠪᠡᠨ ᠥᠭᠡᠷᠡᠴᠢᠯᠡᠭᠳᠡᠭᠡᠰᠡᠢ ᠭᠡᠵᠦ ᠵᠠᠯᠪᠠᠷᠢᠬᠤ ᠮᠩᠭᠢᠲ᠋ᠠ ᠶ᠋ᠢ ᠬᠠᠷᠠᠭᠠᠳ ᠬᠠᠨ ᠬᠦᠦ ᠢᠨᠢᠶᠡᠮᠰᠦᠭᠯᠡᠪᠡ᠃
— ᠨᠡᠭᠡᠷᠡᠨ ᠯᠡ ᠵᠠᠷᠢᠮ ᠬᠥᠮᠦᠨ ᠣᠭᠲᠣᠬᠠᠨ ᠴᠤ᠌ ᠥᠭᠡᠷᠡᠴᠢᠯᠡᠭᠳᠡᠬᠦ ᠦᠭᠡᠢ ᠶᠦᠮ ᠠ᠋
— ᠮᠠᠨ ᠤ᠋ ᠳᠡᠭᠦᠦ ᠬᠡᠵᠢᠶ᠎ᠡ ᠨᠢᠭᠡᠨ ᠡᠳᠦᠷ ᠥᠭᠡᠷᠡᠴᠢᠯᠡᠭᠳᠡᠨ᠎ᠡ᠂ ᠪᠢ ᠢᠲᠡᠭᠡᠵᠦ ᠪᠠᠢᠨ᠎ᠠ᠃
— ᠬᠡ᠂ ᠬᠡ ᠳᠡᠭᠦᠦ ᠶ᠋ᠢᠨ ᠴᠢᠨᠢ ᠲᠤᠬᠠᠢ ᠶᠠᠷᠢᠭ᠎ᠠ ᠦᠭᠡᠢ ᠪᠠᠢᠨ᠎ᠠ᠂ ᠳᠡᠭᠦᠦ ᠶ᠋ᠢᠨ ᠢ᠋ᠶ᠋ᠡᠨ ᠲᠥᠯᠥᠭᠡ ᠦᠷᠭᠦᠯᠵᠢ ᠰᠠᠨᠠᠭ᠎ᠠ ᠵᠣᠪᠠᠵᠤ᠂ ᠳᠡᠭᠦᠦ ᠳ᠋ᠦ᠍ ᠪᠡᠨ ᠢᠲᠡᠭᠡᠳᠡᠭ ᠴᠢᠨᠦ ᠲᠤᠬᠠᠢ ᠶᠠᠷᠢᠵᠤ ᠪᠠᠢᠨ᠎ᠠ᠃
— ᠬᠠ ᠬᠠ ᠬᠠ᠂ ᠬᠡ ᠬᠡ ᠬᠡ
ᠦᠰᠦᠭ ᠠᠮᠢᠯᠠᠭᠤᠯᠤᠭᠴᠢ᠄ ᠬᠣᠩ ᠮᠧᠢ
ᠬᠢᠨᠠᠭᠴᠢ᠄ ᠰᠡᠬᠡᠭᠡᠷᠡᠯ᠂ ᠢᠷᠡᠭᠡᠳᠦᠢ
