ᠡᠮᠵᠡᠭᠬᠡᠨ ᠬᠦᠷᠡᠩ ᠴᠢᠯᠠᠭᠤ ᠪᠠᠨ ᠡᠮᠲᠡᠯᠵᠦ ᠪᠢᠲᠡᠭᠡᠢ ᠬᠠᠭᠠᠯᠤᠭᠠᠷᠠᠢ - ᠳ· ᠴᠠᠭᠠᠨ Эмзэгхэн хүрэн чулуугаа эмтлэж битгий хагалаарай Д· Цагаан ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠮᠵᠡᠭᠬᠡᠨ ᠬᠦᠷᠡᠩ ᠴᠢᠯᠠᠭᠤ ᠪᠠᠨ ᠡᠮᠲᠡᠯᠵᠦ ᠪᠢᠲᠡᠭᠡᠢ ᠬᠠᠭᠠᠯᠤᠭᠠᠷᠠᠢ - ᠳ· ᠴᠠᠭᠠᠨ Эмзэгхэн хүрэн чулуугаа эмтлэж битгий хагалаарай Д· Цагаан

ᠡᠮᠵᠡᠭᠬᠡᠨ ᠬᠦᠷᠡᠩ ᠴᠢᠯᠠᠭᠤ ᠪᠠᠨ ᠡᠮᠲᠡᠯᠵᠦ ᠪᠢᠲᠡᠭᠡᠢ ᠬᠠᠭᠠᠯᠤᠭᠠᠷᠠᠢ - ᠳ· ᠴᠠᠭᠠᠨ Эмзэгхэн хүрэн чулуугаа эмтлэж битгий хагалаарай Д· Цагаан

2025-08-21

2414

ᠡᠮᠵᠡᠭᠬᠡᠨ ᠬᠦᠷᠡᠩ ᠴᠢᠯᠠᠭᠤ ᠪᠠᠨ ᠡᠮᠲᠡᠯᠵᠦ ᠪᠢᠲᠡᠭᠡᠢ ᠬᠠᠭᠠᠯᠤᠭᠠᠷᠠᠢ

   
      ᠵᠣᠬᠢᠶᠠᠭᠴᠢ᠄ ᠳ· ᠴᠠᠭᠠᠨ 
      ᠤᠶᠠᠩᠭᠠᠯᠠᠭᠴᠢ᠄ ᠠᠷᠢᠭᠤᠨᠪᠣᠯᠤᠳ 

ᠡᠮᠵᠡᠭᠬᠡᠨ ᠬᠦᠷᠡᠩ ᠴᠢᠯᠠᠭᠤ ᠪᠠᠨ 
ᠡᠪᠳᠡᠯᠡᠵᠦ ᠪᠢᠲᠡᠭᠡᠢ ᠬᠠᠭᠠᠯᠤᠭᠠᠷᠠᠢ 
ᠴᠡᠩᠬᠡᠷ ᠲᠡᠭᠷᠢ ᠶ᠋ᠢᠨ ᠥᠩᠭᠡ ᠲᠡᠢ 
ᠬᠥᠬᠡ ᠴᠢᠯᠠᠭᠤ ᠡᠬᠡ ᠣᠷᠣᠨ 
ᠴᠡᠴᠡᠨ ᠤᠬᠠᠭᠠᠨ ᠤ᠋ ᠰᠢᠳᠢ ᠲᠡᠢ 
ᠴᠠᠬᠢᠭᠤᠷ ᠴᠢᠯᠠᠭᠤ ᠡᠬᠡ ᠣᠷᠣᠨ 
ᠴᠡᠭᠡᠨ ᠰᠠᠷᠠᠨ ᠤ᠋ ᠭᠡᠷᠡᠯ ᠣᠢᠭᠰᠠᠨ 
ᠴᠠᠭᠠᠨ ᠴᠢᠯᠠᠭᠤ ᠡᠬᠡ ᠣᠷᠣᠨ 
ᠴᠡᠴᠡᠭᠡᠰ ᠦ᠋ᠨ ᠥᠩᠭᠡ ᠪᠡᠷ ᠰᠣᠯᠣᠩᠭᠠᠷᠠᠭᠰᠠᠨ 
ᠭᠣᠪᠢ ᠶ᠋ᠢᠨ ᠴᠢᠯᠠᠭᠤ
ᠡᠬᠡ ᠣᠷᠣᠨ
ᠡᠬᠡ ᠳᠡᠯᠡᠬᠡᠢ ᠶ᠋ᠢᠨ ᠴᠢᠯᠠᠭᠤ ᠶ᠋ᠢ
ᠡᠩᠬᠦᠷᠡᠢᠯᠡᠨ ᠬᠠᠢᠷᠠᠯᠠᠵᠤ ᠶᠠᠪᠤᠭᠠᠷᠠᠢ᠃
ᠡᠮᠵᠡᠭᠬᠡᠨ ᠬᠦᠷᠡᠩ ᠴᠢᠯᠠᠭᠤ ᠪᠠᠨ
ᠡᠮᠲᠡᠯᠵᠦ ᠪᠢᠲᠡᠭᠡᠢ ᠬᠠᠭᠠᠯᠤᠭᠠᠷᠠᠢ᠃

ᠡᠩᠬᠡ ᠮᠡᠨᠳᠦ ᠶ᠋ᠢᠨ ᠠᠮᠢᠨ  ᠰᠠᠬᠢᠶ᠎ᠠ 
ᠡᠰᠡᠨᠢᠯ ᠮᠠᠨᠳᠤᠯ ᠤ᠋ᠨ ᠤᠶᠠᠩᠭᠠᠨ ᠳᠦᠷᠯᠡᠭᠡ

ᠡᠪ ᠪᠦᠯᠬᠦᠮᠳᠡᠯ ᠦ᠋ᠨ ᠲᠣᠷᠭᠠᠨ ᠵᠤᠯᠠᠢ
ᠡᠪᠳᠡᠷᠡᠰᠢ ᠦᠭᠡᠢ ᠪᠠᠲᠤ ᠲᠠᠩᠭᠠᠷᠢᠭ ᠠ᠋
ᠡᠬᠡ ᠣᠷᠣᠨ ᠤ᠋ ᠮᠢᠨᠢ ᠯᠤᠭᠰᠢᠬᠤ ᠵᠢᠷᠦᠬᠡ
ᠡᠬᠡ ᠳᠡᠯᠡᠬᠡᠢ ᠶ᠋ᠢᠨ ᠴᠢᠯᠠᠭᠤ ᠪᠠᠨ
ᠡᠩᠬᠦᠷᠡᠢᠯᠡᠨ ᠬᠠᠢᠷᠠᠯᠠᠵᠤ ᠶᠠᠪᠤᠭᠠᠷᠠᠢ᠃
ᠡᠮᠵᠡᠭᠬᠡᠨ ᠬᠦᠷᠡᠩ ᠴᠢᠯᠠᠭᠤ ᠪᠠᠨ
ᠡᠮᠲᠡᠯᠵᠦ ᠪᠢᠲᠡᠭᠡᠢ ᠬᠠᠭᠠᠯᠤᠭᠠᠷᠠᠢ᠃

ᠡᠴᠢᠭᠡ ᠶ᠋ᠢᠨ ᠮᠢᠨᠢ ᠲᠩᠷᠢᠯᠢᠭ ᠰᠦᠷ
ᠡᠵᠢ ᠶ᠋ᠢᠨ ᠮᠢᠨᠢ ᠠᠩᠭᠢᠷ ᠤᠭᠤᠷᠠᠭ
ᠡᠩᠬᠦᠷᠡᠢ ᠦᠷᠡᠰ ᠦ᠋ᠨ ᠮᠢᠨᠢ ᠬᠣᠩᠭᠣᠷ ᠵᠤᠯᠠᠢ
ᠡᠬᠡ ᠣᠷᠣᠨ ᠤ᠋ ᠮᠢᠨᠢ ᠶᠢᠰᠦᠨ ᠡᠷᠳᠡᠨᠢ
ᠡᠷᠡᠯᠬᠡᠭ ᠪᠦᠷᠭᠦᠳ ᠦ᠋ᠨ ᠰᠣᠳᠣᠨ ᠵᠢᠭᠦᠷ
ᠡᠬᠡ ᠳᠡᠯᠡᠬᠡᠢ ᠶ᠋ᠢᠨ ᠴᠢᠯᠠᠭᠤ ᠶ᠋ᠢ
ᠡᠩᠬᠦᠷᠡᠢᠯᠡᠨ ᠬᠠᠢᠷᠠᠯᠠᠵᠤ ᠶᠠᠪᠤᠭᠠᠷᠠᠢ᠃
ᠡᠮᠵᠡᠭᠬᠡᠨ ᠬᠦᠷᠡᠩ ᠴᠢᠯᠠᠭᠤ ᠪᠠᠨ
ᠡᠮᠲᠡᠯᠵᠦ ᠪᠢᠲᠡᠭᠡᠢ ᠬᠠᠭᠠᠯᠤᠭᠠᠷᠠᠢ᠃

ᠡᠷᠳᠡᠨᠢ ᠰᠣᠶᠣᠯ ᠤ᠋ᠨ ᠣᠶᠤᠨ ᠤ᠋ ᠭᠠᠢᠬᠠᠮᠰᠢᠭ
ᠡᠷᠲᠡᠨ ᠦ᠌ ᠬᠠᠳᠠᠨ ᠵᠢᠷᠤᠭ ᠤ᠋ᠨ ᠪᠠᠢᠭᠠᠯᠢ ᠶ᠋ᠢᠨ ᠮᠦᠽᠧᠢ
ᠡᠷᠬᠡ ᠴᠢᠯᠥᠭᠡᠨ ᠦ᠌ ᠲᠥᠯᠥᠭᠡ ᠡᠷᠡᠰᠳᠡᠵᠦ ᠲᠤᠰᠤᠭᠰᠠᠨ
ᠡᠷ᠎ᠡ ᠬᠥᠮᠦᠨ ᠦ᠌ ᠴᠢᠰᠤᠨ ᠴᠢᠯᠠᠭᠤᠵᠢᠮᠠᠯ
ᠡᠩᠬᠡ ᠲᠠᠢᠪᠤᠩ ᠤ᠋ᠨ ᠴᠠᠭᠠᠨ ᠲᠠᠭᠲᠠᠭ᠎ᠠ
ᠡᠬᠡ ᠳᠡᠯᠡᠬᠡᠢ ᠶ᠋ᠢᠨ ᠴᠢᠯᠠᠭᠤ ᠪᠠᠨ
ᠡᠩᠬᠦᠷᠡᠢᠯᠡᠨ ᠬᠠᠢᠷᠠᠯᠠᠵᠤ ᠶᠠᠪᠤᠭᠠᠷᠠᠢ᠃
ᠡᠮᠵᠡᠭᠬᠡᠨ ᠬᠦᠷᠡᠩ ᠴᠢᠯᠠᠭᠤ ᠪᠠᠨ
ᠡᠮᠲᠡᠯᠵᠦ ᠪᠢᠲᠡᠭᠡᠢ ᠬᠠᠭᠠᠯᠤᠭᠠᠷᠠᠢ᠃

《ᠬᠢᠩᠭᠠᠨ ᠳᠠᠯᠠᠢ》 ᠶ᠋ᠢ ᠰᠢᠷᠭᠢᠭᠡᠭᠰᠡᠨ 
ᠲᠡᠦᠬᠡ ᠶ᠋ᠢᠨ ᠪᠤᠭᠤᠷᠤᠯ ᠣᠨᠢᠰᠣᠭ᠎ᠠ
ᠬᠡᠭᠡᠷ᠎ᠡ ᠭᠣᠪᠢ ᠶ᠋ᠢ ᠲᠤᠭᠤᠯᠤᠭᠰᠠᠨ
ᠲᠡᠮᠡᠭᠡᠨ ᠵᠢᠩ ᠦ᠋ᠨ ᠴᠤᠪᠤᠭ᠎ᠠ
ᠬᠡᠴᠢᠨᠡᠭᠡᠨ ᠵᠠᠭᠤᠨ ᠢ᠋ ᠡᠯᠡᠭᠡᠭᠰᠡᠨ
ᠬᠥᠮᠦᠨ ᠴᠢᠯᠠᠭᠤᠨ ᠬᠥᠰᠢᠶ᠎ᠡ
ᠬᠡᠭᠡᠨᠴᠢᠷ ᠰᠠᠢᠬᠠᠨ ᠨᠤᠲᠤᠭ ᠤ᠋ᠨ
ᠨᠠᠷᠠᠨ ᠤ᠋ ᠬᠦᠷᠡᠩ ᠴᠢᠯᠠᠭᠤ
ᠬᠡᠨ ᠴᠦ᠍ ᠬᠥᠨᠳᠡᠵᠦ ᠪᠣᠯᠣᠰᠢ ᠦᠭᠡᠢ
ᠲᠤᠯᠭ᠎ᠠ ᠶ᠋ᠢᠨ ᠭᠤᠷᠪᠠᠨ ᠴᠢᠯᠠᠭᠤ
ᠡᠬᠡ ᠳᠡᠯᠡᠬᠡᠢ ᠶ᠋ᠢᠨ ᠴᠢᠯᠠᠭᠤ ᠪᠠᠨ
ᠡᠩᠬᠦᠷᠡᠢᠯᠡᠨ ᠬᠠᠢᠷᠠᠯᠠᠵᠤ ᠶᠠᠪᠤᠭᠠᠷᠠᠢ᠃
ᠡᠮᠵᠡᠭᠬᠡᠨ ᠬᠦᠷᠡᠩ ᠴᠢᠯᠠᠭᠤ ᠪᠠᠨ
ᠡᠮᠲᠡᠯᠵᠦ ᠪᠢᠲᠡᠭᠡᠢ ᠬᠠᠭᠠᠯᠤᠭᠠᠷᠠᠢ᠃

ᠥᠨᠳᠥᠷ ᠲᠩᠷᠢ ᠶ᠋ᠢᠨ ᠣᠳᠣᠳ ᠲᠠᠢ
ᠢᠵᠢᠯᠬᠡᠨ ᠵᠠᠶᠠᠭ᠎ᠠ ᠬᠤᠪᠢᠶᠠᠯᠴᠠᠵᠤ
ᠥᠭᠡᠳᠡ ᠲᠡᠢ ᠤᠷᠤᠭᠤ ᠲᠠᠢ ᠠᠮᠢᠳᠤᠷᠠᠯ ᠢ᠋
ᠥᠷᠥᠪᠴᠢᠬᠡᠨ ᠰᠡᠳᠬᠢᠯ ᠢ᠋ᠶ᠋ᠡᠷ ᠪᠥᠭᠡᠴᠡᠢᠯᠡᠵᠦ
《ᠥᠨᠥᠴᠢᠨ ᠴᠠᠭᠠᠨ ᠪᠣᠲᠣᠭᠣ》 ᠪᠠᠨ
ᠰᠥᠨᠢᠵᠢᠨ ᠪᠦᠪᠡᠢᠯᠡᠨ ᠠᠷᠭᠠᠳᠠᠵᠤ
ᠥᠷᠥᠰᠢᠶᠡᠯ ᠶᠡᠬᠡᠲᠡᠢ ᠪᠠᠢᠭᠠᠯᠢ ᠠ᠋ᠴᠠ
ᠥᠮᠴᠢᠯᠡᠵᠦ ᠠᠪᠤᠭᠰᠠᠨ ᠥᠪ ᠮᠢᠨᠢ
ᠡᠪᠦᠭᠡ ᠳᠡᠭᠡᠳᠦᠰ ᠦ᠋ᠨ ᠮᠢᠨᠢ
ᠦᠯᠡᠳᠡᠭᠡᠵᠦ ᠥᠭᠭᠦᠭᠰᠡᠨ ᠰᠢᠷᠣᠢ
ᠡᠬᠡ ᠳᠡᠯᠡᠬᠡᠢ ᠶ᠋ᠢᠨ ᠴᠢᠯᠠᠭᠤ ᠪᠠᠨ
ᠡᠩᠬᠦᠷᠡᠢᠯᠡᠨ ᠬᠠᠢᠷᠠᠯᠠᠵᠤ ᠶᠠᠪᠤᠭᠠᠷᠠᠢ᠃
ᠡᠮᠵᠡᠭᠬᠡᠨ ᠬᠦᠷᠡᠩ ᠴᠢᠯᠠᠭᠤ ᠪᠠᠨ
ᠡᠮᠲᠡᠯᠵᠦ ᠪᠢᠲᠡᠭᠡᠢ ᠬᠠᠭᠠᠯᠤᠭᠠᠷᠠᠢ᠃

ᠡᠷᠢᠶᠡᠨ ᠭᠣᠪᠢ ᠶ᠋ᠢᠨ ᠡᠷᠡᠬᠡᠢ ᠶ᠋ᠢᠨ ᠴᠢᠨᠡᠭᠡᠨ ᠴᠢᠯᠠᠭᠤᠨ ᠳᠡᠭᠡᠷ᠎ᠡ
ᠡᠬᠡ ᠣᠷᠣᠨ ᠤ᠋ ᠮᠢᠨᠢ ᠪᠦᠲᠦᠨ ᠵᠠᠶᠠᠭ᠎ᠠ ᠪᠠᠭᠲᠠᠳᠠᠭ ᠶᠤᠮ
ᠡᠯᠢᠭᠡ ᠪᠦᠲᠦᠨ ᠠᠮᠢᠳᠤᠷᠠᠯ ᠤ᠋ᠨ
ᠡᠩᠬᠡ ᠶ᠋ᠢᠨ ᠪᠠᠶᠠᠷ ᠵᠢᠷᠭᠠᠯᠠᠩ ᠴᠠᠯᠭᠢᠳᠠᠭ ᠶᠤᠮ ᠭᠡᠵᠦ
ᠡᠴᠢᠭᠡ ᠮᠢᠨᠢ ᠰᠤᠷᠭᠠᠭᠰᠠᠨ ᠶᠤᠮ
ᠡᠵᠢ ᠮᠢᠨᠢ ᠵᠠᠬᠢᠭᠰᠠᠨ ᠶᠤᠮ
ᠡᠬᠡ ᠳᠡᠯᠡᠬᠡᠢ ᠶ᠋ᠢᠨ ᠴᠢᠯᠠᠭᠤ ᠪᠠᠨ
ᠡᠩᠬᠦᠷᠡᠢᠯᠡᠨ ᠬᠠᠢᠷᠠᠯᠠᠵᠤ ᠶᠠᠪᠤᠭᠠᠷᠠᠢ᠃
ᠡᠮᠵᠡᠭᠬᠡᠨ ᠬᠦᠷᠡᠩ ᠴᠢᠯᠠᠭᠤ ᠪᠠᠨ
ᠡᠮᠲᠡᠯᠵᠦ ᠪᠢᠲᠡᠭᠡᠢ ᠬᠠᠭᠠᠯᠤᠭᠠᠷᠠᠢ᠃

   ᠦᠰᠦᠭ ᠠᠮᠢᠯᠠᠭᠤᠯᠤᠭᠴᠢ᠄ ᠨᠠᠷᠠᠨᠲᠤᠶᠠᠭ᠎ᠠ᠂ ᠰᠣᠳᠣ
   ᠦᠰᠦᠭ ᠬᠠᠳᠠᠭᠴᠢ᠄ ᠰᠣᠳᠣ
   ᠬᠢᠨᠠᠭᠴᠢ᠄ ᠣᠳᠬᠠᠨᠰᠸ᠋᠎ᠠ᠂ ᠰᠣᠳᠣ