ᠰᠣᠭᠰᠣᠷ ᠴᠠᠬᠢᠷᠮ᠎ᠠСогсор цахирмааSogsor tsakhirmaa
ᠰᠣᠭᠰᠣᠷ ᠴᠠᠬᠢᠷᠮ᠎ᠠ
ᠲᠤᠰ ᠡᠮ ᠪᠣᠯ ᠴᠠᠬᠢᠷᠮ᠎ᠠ ᠶ᠋ᠢᠨ ᠢᠵᠠᠭᠤᠷ ᠤ᠋ᠨ ᠤᠷᠭᠤᠮᠠᠯ ᠪᠣᠯᠬᠤ ᠠᠯᠲᠠᠨ ᠰᠣᠭᠰᠣᠷ ᠴᠠᠬᠢᠷᠮ᠎ᠠ᠂ ᠴᠠᠭᠠᠷᠢᠬᠯᠢᠭ᠋ ᠰᠣᠭᠰᠣᠷ ᠴᠠᠬᠢᠷᠮ᠎ᠠ᠂ ᠰᠢᠷ᠎ᠠ ᠰᠣᠭᠰᠣᠷ ᠴᠠᠬᠢᠷᠮ᠎ᠠ᠂ ᠲᠡᠮᠦᠷᠰᠡᠭ ᠰᠤᠭᠰᠤᠷ ᠴᠠᠬᠢᠷᠮ᠎ᠠ᠂ ᠲᠠᠰᠢᠭᠤᠷ ᠰᠣᠭᠰᠣᠷ ᠴᠠᠬᠢᠷᠮ᠎ᠠ ᠶ᠋ᠢᠨ ᠬᠠᠲᠠᠭᠠᠭᠰᠠᠨ ᠡᠰᠢ ᠮᠥᠨ᠃ ᠪᠠᠰᠠ ᠪᠦᠱᠸᠯᠽᠧ᠂ ᠰᠢᠷ᠎ᠠ ᠡᠪᠡᠰᠦ ᠭᠡᠳᠡᠭ᠃
[ ᠤᠤᠯ ᠤᠷᠭᠤᠮᠠᠯ]1. ᠠᠯᠲᠠᠨ ᠰᠣᠭᠰᠣᠷ ᠴᠠᠬᠢᠷᠮ᠎ᠠ ᠣᠯᠠᠨ ᠨᠠᠰᠤᠲᠤ ᠳᠠᠭᠠᠯᠳᠤᠨ ᠤᠷᠭᠤᠬᠤ ᠡᠪᠡᠰᠦᠯᠢᠭ ᠤᠷᠭᠤᠮᠠᠯ᠃30~60cm ᠥᠨᠳᠥᠷ᠂ ᠪᠤᠲᠠᠯᠠᠨ᠎ᠠ᠃ ᠲᠤᠷᠤᠭ ᠪᠦᠳᠦᠭᠦᠨ ᠣᠯᠠᠨ ᠦᠶ᠎ᠡ ᠲᠡᠢ᠂ ᠦᠶ᠎ᠡ ᠶ᠋ᠢᠨ ᠵᠠᠢ ᠨᠢ2.4~4cm ᠤᠷᠲᠤ᠂ ᠰᠢᠷᠠᠩᠭᠤᠢ ᠨᠣᠭᠣᠭᠠᠨ᠂ ᠳᠡᠭᠡᠷ᠎ᠡ ᠬᠡᠰᠡᠭ ᠨᠢ ᠵᠢᠭᠠᠬᠠᠨ ᠬᠠᠪᠲᠠᠭᠠᠢ ᠪᠥᠭᠡᠳ ᠨᠤᠭᠤᠷᠠᠭᠰᠠᠨ ᠪᠠᠢᠳᠠᠭ᠃ ᠭᠤᠯᠳᠤ ᠬᠣᠪᠢᠯ ᠠᠷᠲᠠᠢ᠂ ᠳᠣᠣᠷ᠎ᠠ ᠬᠡᠰᠡᠭ ᠨᠢ ᠪᠥᠭᠡᠷᠡᠩᠬᠡᠢ ᠪᠠᠭᠠᠨ᠎ᠠ ᠬᠡᠯᠪᠡᠷᠢ ᠲᠡᠢ᠂ ᠤᠭ ᠨᠢ ᠲᠣᠮᠣᠷᠠᠨ᠎ᠠ᠃ ᠨᠠᠪᠴᠢ ᠨᠢ ᠰᠠᠷᠢᠰᠤᠯᠢᠭ ᠰᠢᠭ᠋᠂3~7 ᠨᠠᠪᠴᠢ ᠡᠰᠢᠨ ᠦ᠌ ᠳᠡᠭᠡᠷ᠎ᠡ ᠬᠡᠰᠡᠭ ᠡᠴᠡ ᠨᠢ ᠤᠷᠭᠤᠨ᠎ᠠ᠂ ᠤᠷᠲᠤᠯᠵᠢᠨ ᠲᠣᠭᠣᠷᠢᠭ᠂ ᠣᠷᠣᠢ ᠳ᠋ᠤᠨᠢ2 ᠣᠨᠢ ᠲᠠᠢ᠃ ᠴᠡᠴᠡᠭᠯᠡᠬᠦ ᠬᠤᠭᠤᠴᠠᠭᠠᠨ ᠳ᠋ᠤ᠌ ᠨᠠᠪᠴᠢ ᠲᠠᠢ ᠪᠤᠶᠤ ᠦᠭᠡᠢ᠃ ᠴᠠᠴᠤᠭ ᠬᠡᠯᠪᠡᠷᠢᠲᠦ ᠪᠠᠭ ᠴᠡᠴᠡᠭ ᠨᠢ1~4 ᠬᠦᠢᠰ ᠴᠡᠴᠡᠭ ᠲᠡᠢ᠃ ᠶᠡᠷᠦᠩᠬᠡᠢ ᠴᠡᠴᠡᠭ ᠦ᠋ᠨ ᠪᠠᠷᠢᠭᠤᠯ ᠨᠢ1cm ᠣᠷᠴᠢᠮ ᠤᠷᠲᠤ᠂ ᠤᠭ ᠲᠤᠨᠢ ᠲᠣᠭᠳᠣᠢᠯᠢᠭ᠋ ᠪᠠᠭᠯᠠᠭᠴᠢ ᠢᠯᠲᠠᠰᠤ ᠲᠠᠢ᠂ ᠪᠠᠭᠯᠠᠭᠴᠢ ᠢᠯᠲᠠᠰᠤ ᠨᠢ ᠬᠠᠯᠢᠰᠤᠯᠢᠭ᠂6~13mm ᠤᠷᠲᠤ᠃ ᠴᠡᠴᠡᠭ ᠨᠢ ᠲᠣᠮᠣ᠂ ᠳ᠋ᠢᠶᠠᠮᠧᠲ᠋ᠷ ᠨᠢ8cm᠂ ᠤᠨᠵᠢᠢᠵᠤ ᠳᠡᠯᠭᠡᠷᠡᠨ᠎ᠡ᠃ ᠲᠣᠭᠳᠣᠢ ᠨᠢ ᠤᠷᠲᠤᠯᠵᠢᠨ ᠲᠣᠭᠣᠷᠢᠭ᠂ ᠦᠵᠦᠭᠦᠷ ᠨᠢ ᠵᠢᠭᠠᠬᠠᠨ ᠮᠤᠬᠤᠷ᠂ ᠲᠣᠭᠳᠣᠢ ᠶ᠋ᠢᠨ ᠪᠠᠭᠴᠠ ᠨᠢ ᠣᠬᠣᠷ ᠪᠥᠭᠡᠳ ᠮᠤᠬᠤᠷ᠂5mm ᠣᠷᠴᠢᠮ ᠤᠷᠲᠤ᠃ ᠴᠡᠴᠡᠭ ᠦ᠋ᠨ ᠬᠡᠯᠲᠡᠰ ᠨᠢ ᠵᠤᠤᠪᠠᠩ ᠬᠡᠯᠪᠡᠷᠢ ᠲᠡᠢ᠂ ᠲᠣᠭᠳᠣᠢ ᠢᠯᠲᠠᠰᠤ ᠠ᠋ᠴᠠ ᠪᠠᠨ ᠣᠬᠣᠷ᠂ ᠥᠷᠭᠡᠨ ᠨᠢ2.8cm᠂ ᠣᠬᠣᠷ ᠬᠢᠮᠤᠰᠤ ᠲᠠᠢ᠂ ᠬᠣᠶᠠᠷ ᠲᠠᠯ᠎ᠠ ᠳ᠋ᠤᠨᠢ ᠦᠰᠦ ᠲᠡᠢ᠂ ᠤᠷᠤᠭᠤᠯ ᠤ᠋ᠨ ᠲᠠᠪᠠᠭ ᠳᠡᠭᠡᠷ᠎ᠡ ᠨᠢ1 ᠪᠣᠷᠣ ᠲᠣᠯᠪᠣ ᠲᠠᠢ᠃ ᠡᠷ᠎ᠡ ᠲᠣᠭᠣᠷᠴᠣᠭ ᠨᠢ ᠱᠣᠷᠣᠯᠵᠢᠨ᠂ ᠲᠣᠭᠣᠰᠣᠪᠴᠢ ᠨᠢ2 ᠲᠠᠰᠤᠭ ᠲᠠᠢ᠂ ᠬᠣᠩᠭᠣᠷᠴᠣᠭᠲᠤ ᠵᠢᠮᠢᠰ ᠲᠡᠢ᠃4~6 ᠳ᠋ᠤᠭᠠᠷ ᠰᠠᠷ᠎ᠠ ᠳ᠋ᠤ᠌ ᠴᠡᠴᠡᠭᠯᠡᠨ᠎ᠡ᠃
2. ᠴᠠᠭᠠᠷᠢᠬᠯᠢᠭ᠋ ᠰᠤᠭᠰᠤᠷ ᠴᠠᠬᠢᠷᠮ᠎ᠠ ᠡᠰᠢ ᠨᠢ ᠪᠥᠭᠡᠷᠡᠩᠬᠡᠢ ᠪᠠᠭᠠᠨ᠎ᠠ ᠬᠡᠯᠪᠡᠷᠢ ᠲᠡᠢ᠂ ᠤᠶᠠᠨ ᠵᠥᠭᠡᠯᠡᠨ ᠳᠣᠷᠣᠭᠰᠢ ᠤᠨᠵᠢᠢᠨ᠎ᠠ᠂10~45cm ᠥᠨᠳᠥᠷ᠂2~7mm ᠪᠦᠳᠦᠭᠦᠨ᠃ ᠨᠠᠪᠴᠢ ᠨᠢ ᠴᠠᠭᠠᠰᠤᠯᠢᠭ᠂ ᠨᠠᠪᠴᠢᠨ ᠢᠯᠲᠠᠰᠤ ᠨᠢ ᠲᠣᠭᠣᠷᠢᠬᠯᠢᠭ᠋ ᠬᠠᠪᠲᠠᠭᠠᠢ ᠲᠡᠪᠡᠨᠡ ᠪᠤᠶᠤ ᠬᠡᠯᠡ ᠬᠡᠯᠪᠡᠷᠢ ᠲᠡᠢ᠂2~5cm ᠤᠷᠲᠤ᠂1~1.5cm ᠥᠷᠭᠡᠨ᠂ ᠣᠷᠣᠢ ᠨᠢ ᠬᠤᠷᠴᠠ ᠱᠣᠪᠬᠣ ᠪᠥᠭᠡᠳ ᠵᠢᠭᠠᠬᠠᠨ ᠭᠣᠬ᠎ᠠ ᠰᠢᠭ᠋᠃ ᠨᠠᠪᠴᠢᠨ ᠲᠣᠭᠳᠣᠢ ᠨᠢ ᠡᠰᠢ ᠪᠡᠨ ᠰᠤᠯᠠᠬᠠᠨ ᠪᠠᠭᠯᠠᠳᠠᠭ᠂ ᠲᠣᠭᠳᠣᠢ ᠶ᠋ᠢᠨ ᠠᠮᠠᠰᠠᠷ ᠨᠢ ᠠᠩᠭᠠᠷᠬᠠᠢ᠃ ᠴᠡᠴᠡᠭᠯᠡᠬᠦ ᠬᠤᠭᠤᠴᠠᠭᠠᠨ ᠳ᠋ᠤ᠌ ᠨᠠᠪᠴᠢ ᠲᠠᠢ᠂ ᠴᠡᠴᠡᠭ ᠨᠢ ᠭᠠᠭᠴᠠᠭᠠᠷ ᠳᠡᠯᠭᠡᠷᠡᠨ᠎ᠡ᠂ ᠰᠢᠷ᠎ᠠ ᠥᠩᠭᠡ ᠲᠡᠢ᠂ ᠳᠤᠮᠳᠠ ᠲᠣᠭᠳᠣᠢ ᠶ᠋ᠢᠨ ᠢᠯᠲᠠᠰᠤ ᠨᠢ ᠥᠨᠳᠡᠭᠡᠯᠵᠢᠨ ᠤᠷᠲᠤ ᠲᠣᠭᠣᠷᠢᠭ᠂1·7~2cm ᠤᠷᠲᠤ᠂6mm ᠰᠢᠬᠠᠮ ᠥᠷᠭᠡᠨ᠂ ᠮᠤᠬᠤᠷ ᠦᠵᠦᠭᠦᠷ ᠲᠡᠢ᠂ ᠬᠠᠵᠠᠭᠤ ᠶ᠋ᠢᠨ ᠲᠣᠭᠳᠣᠢ ᠢᠯᠲᠠᠰᠤ ᠨᠢ ᠳᠤᠮᠳᠠᠬᠢ ᠠ᠋ᠴᠠ ᠪᠠᠨ ᠤᠷᠲᠤ ᠪᠣᠯᠪᠠᠴᠤ ᠨᠠᠷᠢᠨ᠂ ᠮᠣᠬᠣᠭᠣ ᠱᠣᠪᠬᠣ ᠦᠵᠦᠭᠦᠷ ᠲᠡᠢ᠂ ᠲᠣᠭᠳᠣᠢ ᠶ᠋ᠢᠨ ᠪᠠᠭᠴᠠ ᠨᠢ ᠮᠤᠬᠤᠷ ᠪᠥᠭᠡᠳ ᠣᠬᠣᠷ᠃ ᠴᠡᠴᠡᠭ ᠦ᠋ᠨ ᠳᠡᠯᠪᠢ ᠨᠢ ᠵᠤᠤᠪᠠᠩ ᠬᠡᠯᠪᠡᠷᠢ ᠲᠡᠢ᠂ ᠨᠡᠯᠢᠶᠡᠳ ᠥᠷᠭᠡᠨ᠂ ᠣᠷᠣᠢ ᠨᠢ ᠮᠤᠬᠤᠷ᠂ ᠬᠥᠪᠡᠭᠡ ᠪᠡᠷ ᠨᠢ ᠪᠠᠭ᠎ᠠ ᠰᠠᠭ᠎ᠠ ᠬᠡᠷᠴᠢᠶᠡᠰᠦ ᠲᠡᠢ᠂ ᠤᠷᠤᠭᠤᠯ ᠬᠡᠯᠲᠡᠰ ᠨᠢ ᠲᠣᠭᠣᠷᠢᠭ᠂ ᠲᠠᠪᠠᠭ ᠨᠢ ᠬᠣᠲᠣᠭᠣᠷ᠂ ᠣᠬᠣᠷ ᠵᠥᠭᠡᠯᠡᠨ ᠦᠰᠦ ᠲᠡᠢ᠂ ᠬᠥᠪᠡᠭᠡ ᠪᠡᠷ ᠨᠢ ᠴᠠᠴᠤᠭ ᠲᠠᠢ᠂ ᠪᠠᠭᠠᠨ᠎ᠠ ᠨᠢ ᠮᠠᠰᠢ ᠣᠬᠣᠷ᠂4~5 ᠳ᠋ᠤᠭᠠᠷ ᠰᠠᠷ᠎ᠠ ᠳ᠋ᠤ᠌ ᠴᠡᠴᠡᠭᠯᠡᠨ᠎ᠡ᠃
3. ᠰᠢᠷ᠎ᠠ ᠰᠤᠭᠰᠤᠷ ᠴᠠᠬᠢᠷᠮ᠎ᠠ ᠡᠰᠢ ᠨᠢ ᠪᠥᠭᠡᠷᠡᠩᠬᠡᠢ ᠪᠠᠭᠠᠨ᠎ᠠ ᠬᠡᠯᠪᠡᠷᠢ ᠲᠡᠢ᠂50~100cm ᠥᠨᠳᠥᠷ᠂ ᠳ᠋ᠢᠶᠠᠮᠧᠲ᠋ᠷ ᠨᠢ1~1.5cm᠂ ᠳᠡᠭᠡᠷ᠎ᠡ ᠬᠡᠰᠡᠭ ᠨᠢ ᠵᠢᠭᠠᠬᠠᠨ ᠮᠤᠷᠤᠢ᠂ ᠦᠶ᠎ᠡ ᠶ᠋ᠢᠨ ᠵᠠᠢ ᠨᠢ3~4cm ᠤᠷᠲᠤ᠂ ᠮᠢᠬᠠᠯᠢᠭ ᠰᠢᠭ᠋᠃ ᠨᠠᠪᠴᠢ ᠨᠢ ᠨᠢᠮᠭᠡᠨ ᠴᠠᠭᠠᠰᠤᠯᠢᠭ᠂ ᠬᠠᠪᠲᠠᠭᠠᠢ ᠲᠡᠪᠡᠨᠡ ᠬᠡᠯᠪᠡᠷᠢ ᠲᠡᠢ ᠪᠤᠶᠤ ᠤᠷᠲᠤ ᠲᠣᠭᠣᠷᠢᠭ ᠬᠠᠪᠲᠠᠭᠠᠢ ᠲᠡᠪᠡᠨᠡ ᠬᠡᠯᠪᠡᠷᠢ ᠲᠡᠢ᠂11~20cm ᠤᠷᠲᠤ᠂3~5cm ᠥᠷᠭᠡᠨ᠂ ᠱᠣᠪᠲᠣᠭᠣᠷ ᠦᠵᠦᠭᠦᠷ ᠲᠡᠢ᠃ ᠨᠠᠪᠴᠢᠨ ᠲᠣᠭᠳᠣᠢ ᠨᠢ ᠬᠠᠯᠢᠰᠤᠯᠢᠭ᠂ ᠲᠣᠭᠳᠣᠢ ᠶ᠋ᠢᠨ ᠠᠮᠠ ᠨᠢ ᠠᠩᠭᠠᠢᠭᠠᠳ ᠴᠣᠮᠣ ᠰᠢᠭ᠋᠃ ᠴᠡᠴᠡᠭᠯᠡᠬᠦ ᠬᠤᠭᠤᠴᠠᠭᠠᠨ ᠳ᠋ᠤ᠌ ᠨᠠᠪᠴᠢᠯᠠᠬᠤ ᠦᠭᠡᠢ᠃ ᠰᠢᠬᠦᠷ ᠬᠡᠯᠪᠡᠷᠢᠲᠦ ᠪᠠᠭ ᠴᠡᠴᠡᠭ ᠨᠢ ᠪᠠᠷᠤᠭ ᠶᠡᠷᠦᠩᠬᠡᠢ ᠪᠠᠷᠢᠭᠤᠯ ᠦᠭᠡᠢ᠂ ᠡᠰᠢᠨ ᠦ᠌ ᠦᠶ᠎ᠡ ᠶ᠋ᠢᠨ ᠬᠠᠵᠠᠭᠤ ᠠ᠋ᠴᠠ ᠤᠷᠭᠤᠨ᠎ᠠ᠃4~17 ᠪᠠᠭᠴᠠ ᠴᠡᠴᠡᠭ ᠲᠡᠢ᠂ ᠪᠠᠭᠴᠠ ᠪᠦᠷᠢ ᠳ᠋ᠦ᠍ᠨᠢ2~7 ᠬᠦᠢᠰ ᠴᠡᠴᠡᠭ ᠲᠡᠢ᠂ ᠴᠡᠴᠡᠭ ᠦ᠋ᠨ ᠪᠠᠭᠯᠠᠭᠴᠢ ᠨᠢ ᠵᠢᠵᠢᠭ᠂ ᠬᠠᠯᠢᠰᠤᠯᠢᠭ᠃ ᠴᠡᠴᠡᠭ ᠨᠢ ᠰᠢᠷ᠎ᠠ᠂ ᠵᠢᠭᠠᠬᠠᠨ ᠮᠢᠬᠠᠯᠢᠭ᠂ ᠠᠩᠬᠢᠯᠤᠮ᠎ᠠ ᠦᠨᠦᠷ ᠲᠡᠢ᠂ ᠳ᠋ᠢᠶᠠᠮᠧᠲ᠋ᠷ ᠨᠢ3~4.5cm᠂ ᠤᠷᠤᠭᠤᠯ ᠬᠡᠯᠲᠡᠰ ᠨᠢ ᠳᠡᠪᠢᠭᠦᠷ ᠬᠡᠯᠪᠡᠷᠢ ᠲᠡᠢ᠂ ᠲᠠᠪᠠᠭ ᠨᠢ ᠬᠣᠲᠣᠭᠣᠷ᠂ ᠣᠬᠣᠷ ᠵᠥᠭᠡᠯᠡᠨ ᠦᠰᠦ ᠲᠡᠢ᠂ ᠬᠥᠪᠡᠭᠡ ᠪᠡᠷ ᠨᠢ ᠴᠠᠴᠤᠭ ᠲᠠᠢ᠃ ᠴᠡᠴᠡᠭ ᠦ᠋ᠨ ᠪᠠᠭᠠᠨ᠎ᠠ ᠨᠢ ᠮᠠᠰᠢ ᠣᠬᠣᠷ᠃4~5 ᠳ᠋ᠤᠭᠠᠷ ᠰᠠᠷ᠎ᠠ ᠳ᠋ᠤ᠌ ᠴᠡᠴᠡᠭᠯᠡᠨ᠎ᠡ᠃
4. ᠲᠡᠮᠦᠷᠰᠡᠭ ᠰᠣᠭᠰᠣᠷ ᠴᠠᠬᠢᠷᠮ᠎ᠠ ᠡᠰᠢ ᠨᠢ ᠪᠣᠳᠠᠯᠠᠨ᠎ᠠ᠂ ᠪᠥᠭᠡᠷᠡᠩᠬᠡᠢ ᠪᠠᠭᠠᠨ᠎ᠠ ᠬᠡᠯᠪᠡᠷᠢ ᠲᠡᠢ᠂5~40cm ᠥᠨᠳᠥᠷ᠂4~8mm ᠪᠦᠳᠦᠭᠦᠨ᠂ ᠳᠡᠭᠡᠷ᠎ᠡ ᠬᠡᠰᠡᠭ ᠦ᠋ᠨ ᠡᠰᠢᠨ ᠦ᠌ ᠦᠶ᠎ᠡ ᠳᠡᠭᠡᠷ᠎ᠡ ᠬᠠᠶᠠ ᠦᠨᠳᠦᠰᠦ ᠭᠠᠷᠤᠭᠠᠳ ᠰᠢᠨ᠎ᠡ ᠤᠷᠭᠤᠮᠠᠯ ᠪᠣᠯᠳᠠᠭ᠂ ᠬᠠᠲᠠᠭᠰᠠᠨ ᠤ᠋ ᠰᠡᠭᠦᠯᠡᠷ ᠬᠠᠷ᠎ᠠ ᠬᠥᠬᠡ ᠥᠩᠭᠡ ᠲᠡᠢ᠃ ᠨᠠᠪᠴᠢ ᠨᠢ ᠴᠠᠭᠠᠰᠤᠯᠢᠭ᠂ ᠤᠷᠲᠤ ᠲᠣᠭᠣᠷᠢᠬᠯᠢᠭ᠋ ᠬᠠᠪᠲᠠᠭᠠᠢ ᠲᠡᠪᠡᠨᠡ ᠬᠡᠯᠪᠡᠷᠢ ᠲᠡᠢ᠂4~7cm ᠤᠷᠲᠤ᠂1~1.5cm ᠥᠷᠭᠡᠨ᠂ ᠦᠵᠦᠭᠦᠷ ᠨᠢ ᠵᠢᠭᠠᠬᠠᠨ ᠭᠣᠬ᠎ᠠ ᠰᠢᠭ᠋ ᠮᠤᠷᠤᠢ᠂ ᠬᠥᠪᠡᠭᠡ ᠪᠠ ᠭᠣᠣᠯ ᠰᠤᠳᠠᠯ ᠨᠢ ᠭᠦᠢᠬᠡᠨ ᠪᠣᠷᠣ ᠥᠩᠭᠡ ᠲᠡᠢ᠃ ᠨᠠᠪᠴᠢᠨ ᠲᠣᠭᠳᠣᠢ ᠳᠡᠭᠡᠷ᠎ᠡ ᠨᠢ ᠪᠣᠷᠣ ᠲᠣᠯᠪᠣ ᠲᠠᠢ᠂ ᠲᠣᠭᠳᠣᠢ ᠶ᠋ᠢᠨ ᠠᠮᠠᠰᠠᠷ ᠨᠢ ᠠᠩᠭᠠᠷᠬᠠᠢ᠃ ᠴᠠᠴᠤᠭ ᠬᠡᠯᠪᠡᠷᠢᠲᠦ ᠪᠠᠭ ᠴᠡᠴᠡᠭ ᠨᠢ ᠨᠠᠪᠴᠢ ᠦᠭᠡᠢ᠂ ᠡᠰᠢᠨ ᠦ᠌ ᠳᠡᠭᠡᠷ᠎ᠡ ᠬᠡᠰᠡᠭ ᠲᠦ᠍ ᠳᠡᠯᠭᠡᠷᠡᠨ᠎ᠡ᠂2~4cm ᠤᠷᠲᠤ᠂ ᠮᠠᠲᠠᠭᠰᠠᠨ ᠰᠢᠭ᠋ ᠮᠤᠷᠤᠢ᠂ ᠶᠡᠷᠦ ᠳ᠋ᠡᠭᠡᠨ3 ᠬᠦᠢᠰ ᠴᠡᠴᠡᠭ ᠲᠡᠢ᠃ ᠴᠡᠴᠡᠭ ᠦ᠋ᠨ ᠶᠡᠷᠦᠩᠬᠡᠢ ᠪᠠᠷᠢᠭᠤᠯ ᠨᠢ1cm ᠣᠷᠴᠢᠮ ᠤᠷᠲᠤ᠂ ᠴᠡᠴᠡᠭ ᠦ᠋ᠨ ᠪᠠᠭᠯᠠᠭᠴᠢ ᠢᠯᠲᠠᠰᠤ ᠨᠢ ᠬᠠᠭᠤᠷᠠᠢ ᠬᠠᠯᠢᠰᠤᠯᠢᠭ᠃ ᠭᠦᠢᠬᠡᠨ ᠴᠠᠭᠠᠨ ᠥᠩᠭᠡ ᠲᠡᠢ᠂ ᠴᠡᠴᠡᠭ ᠦ᠋ᠨ ᠰᠢᠳᠠᠷ ᠨᠢ ᠰᠢᠷᠠᠩᠭᠤᠢ ᠨᠣᠭᠣᠭᠠᠨ᠂1.8cm ᠤᠷᠲᠤ᠂ ᠳᠤᠮᠳᠠᠬᠢ ᠲᠣᠭᠳᠣᠢ ᠢᠯᠲᠠᠰᠤ ᠨᠢ ᠴᠡᠴᠡᠭ ᠦ᠋ᠨ ᠳᠡᠯᠪᠢ ᠲᠡᠢ ᠪᠡᠨ ᠲᠥᠰᠦᠭᠡᠲᠡᠢ᠂ ᠤᠷᠲᠤᠯᠵᠢᠨ ᠲᠣᠭᠣᠷᠢᠭ ᠰᠢᠭ᠋ ᠬᠠᠪᠲᠠᠭᠠᠢ ᠲᠡᠪᠡᠨᠡ ᠬᠡᠯᠪᠡᠷᠢ ᠲᠡᠢ᠂ ᠬᠤᠷᠴᠠ ᠱᠣᠪᠬᠣ ᠦᠵᠦᠭᠦᠷ ᠲᠡᠢ᠂ ᠬᠠᠵᠠᠭᠤ ᠶ᠋ᠢᠨ ᠲᠣᠭᠳᠣᠢ ᠢᠯᠲᠠᠰᠤ ᠨᠢ ᠬᠠᠳᠤᠭᠤᠷ ᠰᠢᠭ᠋ ᠭᠤᠷᠪᠠᠯᠵᠢᠨ ᠬᠡᠯᠪᠡᠷᠢ ᠲᠡᠢ᠂ ᠤᠭ ᠤ᠋ᠨ ᠥᠷᠭᠡᠨ ᠨᠢ1cm᠂ ᠣᠷᠣᠢ ᠨᠢ ᠱᠣᠪᠣᠭᠣᠷ᠂ ᠳᠣᠯᠭᠢᠶᠠᠯᠢᠭ ᠬᠥᠪᠡᠭᠡ ᠲᠡᠢ᠂ ᠤᠷᠤᠭᠤᠯ ᠲᠠᠪᠠᠭ ᠨᠢ ᠬᠥᠬᠥᠨᠴᠢᠷ ᠰᠢᠭ ᠦᠰᠦ ᠲᠡᠢ᠂ ᠪᠣᠷᠣᠪᠲᠤᠷ ᠤᠯᠠᠭᠠᠨ ᠲᠣᠯᠪᠣ ᠲᠠᠢ᠂4~5 ᠳ᠋ᠤᠭᠠᠷ ᠰᠠᠷ᠎ᠠ ᠳ᠋ᠤ᠌ ᠴᠡᠴᠡᠭᠯᠡᠨ᠎ᠡ᠃
5. ᠲᠠᠰᠢᠭᠤᠷ ᠰᠤᠭᠰᠤᠷ ᠴᠠᠬᠢᠷᠮ᠎ᠠ ᠡᠰᠢ ᠨᠢ ᠰᠢᠯᠤᠭᠤᠨ ᠪᠥᠭᠡᠷᠡᠩᠬᠡᠢ ᠪᠠᠭᠠᠨ᠎ᠠ ᠬᠡᠯᠪᠡᠷᠢ ᠲᠡᠢ᠂30~150cm ᠥᠨᠳᠥᠷ᠂0.2~2cm ᠪᠦᠳᠦᠭᠦᠨ᠂ ᠨᠣᠭᠣᠭᠠᠨ᠂ ᠬᠣᠪᠢᠯ ᠲᠠᠢ᠂ ᠬᠠᠶᠠ ᠦᠶ᠎ᠡ ᠨᠢ ᠣᠯᠠᠪᠲᠤᠷ ᠬᠦᠷᠡᠩ ᠥᠩᠭᠡ ᠲᠡᠢ᠃2 ᠮᠥᠷ ᠨᠠᠪᠴᠢ ᠲᠠᠢ᠂ ᠴᠢᠭᠲᠠᠯᠠᠨ ᠤᠷᠭᠤᠨ᠎ᠠ᠂ ᠨᠢᠮᠭᠡᠨ ᠰᠠᠷᠢᠰᠤᠯᠢᠭ᠂ ᠲᠡᠭᠰᠢᠬᠡᠨ ᠰᠠᠷᠪᠠᠢᠨ᠎ᠠ᠃ ᠨᠠᠪᠴᠢᠨ ᠢᠯᠲᠠᠰᠤ ᠨᠢ ᠤᠷᠲᠤ ᠵᠤᠤᠪᠠᠩ ᠪᠤᠶᠤ ᠵᠤᠤᠪᠠᠩᠯᠢᠭ ᠬᠠᠪᠲᠠᠭᠠᠢ ᠲᠡᠪᠡᠨᠡ ᠬᠡᠯᠪᠡᠷᠢ ᠲᠡᠢ᠂9~12cm ᠤᠷᠲᠤ᠂2~4cm ᠥᠷᠭᠡᠨ᠂ ᠱᠣᠪᠬᠣ ᠪᠤᠶᠤ ᠱᠣᠪᠲᠣᠭᠣᠷ ᠦᠵᠦᠭᠦᠷ ᠲᠡᠢ᠃ ᠴᠠᠴᠤᠭ ᠬᠡᠯᠪᠡᠷᠢᠲᠦ ᠪᠠᠭ ᠴᠡᠴᠡᠭ ᠨᠢ ᠨᠠᠪᠴᠢ ᠦᠭᠡᠢ᠂ ᠡᠰᠢᠨ ᠦ᠌ ᠣᠷᠣᠢ ᠳ᠋ᠤ᠌ ᠤᠨᠵᠢᠢᠵᠤ ᠳᠡᠯᠭᠡᠷᠡᠨ᠎ᠡ᠃2~8 ᠬᠦᠢᠰ ᠴᠡᠴᠡᠭ ᠲᠡᠢ᠂ ᠴᠡᠴᠡᠭ ᠨᠢ ᠠᠯᠲᠠᠨ ᠰᠢᠷᠭᠠᠯ᠂ ᠠᠩᠬᠢᠯᠤᠮ᠎ᠠ ᠦᠨᠦᠷ ᠲᠡᠢ᠃ ᠤᠷᠤᠭᠤᠯ ᠬᠡᠯᠲᠡᠰ ᠨᠢ ᠲᠣᠭᠣᠷᠢᠭ ᠰᠢᠭ᠋᠂ ᠣᠬᠣᠷ ᠰᠠᠪᠠᠷ ᠲᠠᠢ᠂ ᠤᠷᠤᠭᠤᠯ ᠲᠠᠪᠠᠭ ᠳᠡᠭᠡᠷ᠎ᠡ ᠨᠢ ᠨᠢᠭ ᠣᠬᠣᠷ ᠵᠥᠭᠡᠯᠡᠨ ᠦᠰᠦ ᠲᠡᠢ᠃ ᠤᠭ ᠣᠷᠴᠢᠮ ᠨᠢ1 ᠪᠥᠭᠡᠷᠡᠨ ᠬᠡᠯᠪᠡᠷᠢ ᠲᠡᠢ ᠭᠦᠨ ᠪᠣᠷᠣ ᠥᠩᠭᠡ ᠲᠡᠢ ᠬᠡᠰᠡᠭᠲᠦ ᠲᠣᠯᠪᠣ ᠪᠣᠢ᠂ ᠬᠣᠶᠠᠷ ᠲᠠᠯ᠎ᠠ ᠳ᠋ᠤᠨᠢ ᠪᠦᠷ ᠨᠣᠣᠯᠣᠭᠤᠷ ᠦᠰᠦ ᠲᠡᠢ᠂ ᠨᠡᠢᠯᠡᠮᠡᠯ ᠴᠠᠴᠤᠭᠲᠤ ᠬᠥᠪᠡᠭᠡ ᠲᠡᠢ᠃4~5 ᠳ᠋ᠤᠭᠠᠷ ᠰᠠᠷ᠎ᠠ ᠳ᠋ᠤ᠌ ᠴᠡᠴᠡᠭᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠠᠯᠲᠠᠨ ᠰᠣᠭᠰᠣᠷ ᠴᠠᠬᠢᠷᠮ᠎ᠠ ᠪᠣᠯ ᠥᠨᠳᠥᠷ ᠠᠭᠤᠯᠠᠨ ᠤ᠋ ᠮᠣᠳᠣᠨ ᠰᠠᠯᠠᠭᠠᠨ ᠳᠡᠭᠡᠷ᠎ᠡ ᠤᠷᠭᠤᠨ᠎ᠠ᠃ ᠬᠤᠪᠧᠢ᠂ ᠲᠠᠢᠸᠠᠨ᠂ ᠭᠤᠸᠠᠩᠳᠦ᠋ᠩ᠂ ᠭᠤᠸᠠᠩᠰᠢ᠂ ᠪᠠᠷᠠᠭᠤᠨ ᠡᠮᠦᠨᠡᠲᠦ ᠣᠷᠣᠨ ᠳ᠋ᠤ᠌ ᠲᠠᠷᠬᠠᠴᠠ ᠲᠠᠢ᠃ ᠴᠠᠭᠠᠷᠢᠬᠯᠢᠭ᠋ ᠰᠣᠭᠰᠣᠷ ᠴᠠᠬᠢᠷᠮ᠎ᠠ ᠪᠣᠯ ᠮᠣᠳᠣᠨ ᠤ᠋ ᠡᠰᠢ ᠪᠤᠶᠤ ᠬᠠᠳᠠ ᠴᠢᠯᠠᠭᠤᠨ ᠳᠡᠭᠡᠷ᠎ᠡ ᠤᠷᠭᠤᠨ᠎ᠠ᠃ ᠭᠤᠸᠠᠩᠳᠦ᠋ᠩ᠂ ᠭᠤᠸᠠᠩᠰᠢ᠂ ᠭᠦᠢᠵᠧᠦ ᠬᠢᠭᠡᠳ ᠶᠦᠨᠨᠠᠨ ᠳ᠋ᠤ᠌ ᠲᠠᠷᠬᠠᠴᠠ ᠲᠠᠢ᠃ ᠰᠢᠷ᠎ᠠ ᠰᠣᠭᠰᠣᠷ ᠴᠠᠬᠢᠷᠮ᠎ᠠ ᠶ᠋ᠢᠨ ᠤᠷᠭᠤᠬᠤ ᠣᠷᠴᠢᠨ ᠨᠢ ᠳᠡᠭᠡᠷᠡᠬᠢ ᠲᠡᠢ ᠠᠳᠠᠯᠢ᠃ ᠭᠤᠸᠠᠩᠰᠢ᠂ ᠭᠦᠢᠵᠧᠦ᠂ ᠶᠦᠨᠨᠠᠨ᠂ ᠲᠥᠪᠡᠳ ᠲᠦ᠍ ᠲᠠᠷᠬᠠᠴᠠ ᠲᠠᠢ᠂ ᠲᠠᠰᠢᠭᠤᠷ ᠰᠤᠭᠰᠤᠷ ᠴᠠᠬᠢᠷᠮ᠎ᠠ ᠪᠣᠯ ᠮᠣᠳᠣᠨ ᠳᠡᠭᠡᠷ᠎ᠡ ᠪᠤᠶᠤ ᠠᠭᠤᠯᠠᠨ ᠭᠣᠣ ᠶ᠋ᠢᠨ ᠬᠠᠳᠠ ᠴᠢᠯᠠᠭᠤ ᠳᠡᠭᠡᠷ᠎ᠡ ᠤᠷᠭᠤᠨ᠎ᠠ᠃ ᠲᠠᠷᠬᠠᠴᠠ ᠨᠢ ᠴᠠᠭᠠᠷᠢᠬᠯᠢᠭ᠋ ᠰᠤᠭᠰᠤᠷ ᠴᠠᠬᠢᠷᠮ᠎ᠠ ᠲᠠᠢ ᠠᠳᠠᠯᠢᠪᠲᠤᠷ᠃
[ ᠲᠡᠭᠦᠵᠦ ᠪᠣᠯᠪᠠᠰᠤᠷᠠᠭᠤᠯᠬᠤ] ᠵᠢᠯ ᠲᠤᠷᠰᠢ ᠪᠦᠷ ᠠᠪᠴᠤ ᠪᠣᠯᠤᠨ᠎ᠠ᠃ ᠲᠡᠭᠦᠵᠦ ᠠᠪᠤᠭᠰᠠᠨ ᠤ᠋ ᠰᠡᠭᠦᠯᠡᠷ ᠬᠣᠯᠢᠮᠠᠭ ᠵᠦᠢᠯ ᠢ᠋ ᠨᠢ ᠠᠷᠢᠯᠭᠠᠵᠤ᠂ ᠪᠤᠴᠠᠯᠤᠮ᠎ᠠ ᠤᠰᠤ ᠪᠠᠷ ᠲᠠᠩᠨᠠᠬᠤ ᠪᠤᠶᠤ ᠬᠠᠭᠰᠠᠭᠠᠵᠤ ᠵᠥᠭᠡᠯᠡᠷᠡᠭᠦᠯᠦᠭᠡᠳ ᠦᠩᠭᠡᠬᠦ ᠶ᠋ᠢᠨ ᠵᠡᠷᠭᠡ ᠪᠡᠷ ᠨᠠᠷᠠᠨ ᠳ᠋ᠤ᠌ ᠬᠠᠲᠠᠭᠠᠬᠤ ᠪᠤᠶᠤ ᠬᠠᠭᠰᠠᠭᠠᠭᠠᠳ᠂ ᠨᠠᠪᠴᠢᠨ ᠲᠣᠭᠳᠣᠢ ᠦᠭᠡᠢ ᠪᠣᠯᠲᠠᠯ᠎ᠠ ᠨᠤᠬᠤᠴᠢᠭᠠᠳ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠠᠮᠲᠠᠯᠢᠭ᠂ ᠡᠬᠡᠭᠦᠨ ᠠᠮᠲᠠ ᠲᠠᠢ; ᠰᠡᠷᠢᠭᠦᠨ ᠴᠢᠨᠠᠷ ᠲᠠᠢ; ᠮᠣᠬᠣᠳᠠᠭ᠂ ᠰᠢᠩᠭᠡᠨ᠂ ᠡᠶᠡᠯᠳᠡᠭ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠬᠠᠯᠠᠭᠤᠨ ᠢ᠋ ᠠᠷᠢᠯᠭᠠᠬᠤ᠂ ᠪᠥᠭᠡᠯᠵᠢᠬᠦ ᠶ᠋ᠢ ᠵᠣᠭᠰᠣᠭᠠᠬᠤ ᠴᠢᠳᠠᠯ ᠲᠠᠢ᠃ ᠭᠣᠣᠯᠳᠠᠭᠤ ᠳᠤᠷ᠎ᠠ ᠪᠤᠯᠭᠢᠬᠤ᠂ ᠬᠣᠳᠣᠭᠣᠳᠣ ᠡᠪᠡᠷᠰᠢᠶᠡᠯᠡᠬᠦ᠂ ᠪᠠᠳᠭ᠋ᠠᠨ ᠬᠠᠯᠠᠭᠤᠨ ᠵᠡᠷᠭᠡ ᠡᠪᠡᠳᠴᠢᠨ ᠢ᠋ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄1.石斛2.金钗石斛 3.环草石斛 4.束花石斛 5.铁皮石斛 6.流苏石斛
ᠠᠩᠭ᠌ᠯᠢ ᠨᠡᠷ᠎ᠡ:1.Dendrobium nobile Lindl. 2.Dendrobium loddigesii Rolfe. 3.Dendrobium chrysanthum Wall. 4.Dendrobium candidum Wall. ex Lindl.5.Dendrobium fimbriatum Hook.
ᠦᠰᠦᠭ ᠠᠮᠢᠯᠠᠭᠤᠯᠤᠭᠴᠢ᠄ ᠴᠡᠪᠡᠷᠴᠡᠴᠡᠭ
ᠬᠢᠨᠠᠭᠴᠢ᠄ ᠲᠤᠶᠠᠭ᠎ᠠ
