ᠥᠨᠳᠥᠷ ᠲᠣᠯᠣᠭᠠᠢ ᠶ᠋ᠢᠨ ᠡᠩᠭᠡᠷ -ᠮᠥᠩᠭᠥᠨᠳᠠᠯᠠᠢӨндөр толгойн энгэр Мөнгөндалай
ᠥᠨᠳᠥᠷ ᠲᠣᠯᠣᠭᠠᠢ ᠶ᠋ᠢᠨ ᠡᠩᠭᠡᠷ
ᠬᠥᠭᠵᠢᠮ᠄ ᠰᠦᠯᠳᠡ
ᠳᠠᠭᠤᠴᠢᠨ᠄ ᠮᠥᠩᠭᠥᠨᠳᠠᠯᠠᠢ
ᠠᠷᠠᠳ ᠤ᠋ᠨ ᠳᠠᠭᠤᠤ
ᠥᠨᠳᠥᠷ ᠲᠣᠯᠣᠭᠠᠢ ᠶ᠋ᠢᠨ ᠡᠩᠭᠡᠷ ᠳᠡᠭᠡᠷ᠎ᠡ ᠨᠢ
ᠥᠨᠳᠥᠷ ᠪᠠᠢᠰᠢᠩ ᠪᠠᠷᠢᠮᠠᠷ ᠪᠠᠢᠨ᠎ᠠ
ᠦᠶ᠎ᠡ ᠶ᠋ᠢᠨ ᠴᠢᠮ᠎ᠠ ᠳ᠋ᠤ᠌ ᠪᠠᠨ ᠵᠣᠯᠭᠠᠪᠠᠯ
ᠦᠨᠡᠨ ᠦᠭᠡ ᠪᠡᠨ ᠶᠠᠷᠢᠮᠠᠷ ᠪᠠᠢᠨ᠎ᠠ
ᠰᠠᠷᠠᠭᠤᠯ ᠠᠭᠤᠳᠠᠮ ᠲᠠᠯ᠎ᠠ ᠳᠤᠮᠳᠠ ᠪᠠᠨ
ᠰᠠᠢᠬᠠᠨ ᠪᠠᠢᠰᠢᠩ ᠬᠠᠷᠠᠭᠳᠠᠭᠠᠳ ᠪᠠᠢᠨ᠎ᠠ
ᠰᠠᠷᠠᠭᠤᠯᠬᠠᠨ ᠴᠢᠮ᠎ᠠ ᠳ᠋ᠤ᠌ ᠪᠠᠨ ᠵᠣᠯᠭᠠᠪᠠᠯ
ᠰᠠᠨᠠᠭᠠᠨ ᠤ᠋ ᠦᠭᠡ ᠪᠡᠨ ᠶᠠᠷᠢᠮᠠᠷ ᠪᠠᠢᠨ᠎ᠠ
ᠦ᠁ ᠦ ᠁ ᠦ᠁
ᠠᠭᠤᠳᠠᠮ ᠰᠠᠷᠠᠭᠤᠯ ᠲᠠᠯ᠎ᠠ ᠳᠤᠮᠳᠠ ᠪᠠᠨ
ᠠᠯᠠᠭ ᠪᠠᠢᠰᠢᠩ ᠦᠵᠡᠭᠳᠡᠭᠡᠳ ᠪᠠᠢᠨ᠎ᠠ
ᠠᠶᠤᠤᠯᠢᠬᠠᠢ ᠵᠢᠷᠦᠬᠡᠨ ᠦ᠌ ᠬᠠᠢᠷ᠎ᠠ ᠳᠣᠲᠣᠷ᠎ᠠ
ᠠᠭᠤᠯᠵᠠᠭᠰᠠᠨ ᠰᠢᠭ᠋ ᠰᠠᠨᠠᠭᠳᠠᠭᠠᠳ ᠪᠠᠢᠨ᠎ᠠ
ᠡᠶᠡᠯᠡᠳᠡᠭ ᠵᠠᠩ ᠢ᠋ᠶ᠋ᠠᠷ ᠢ᠋ᠶ᠋ᠠᠨ ᠳᠠᠰᠤᠯᠴᠠᠭᠰᠠᠨ
ᠢᠨᠠᠭ ᠴᠢ ᠮᠢᠨᠢ ᠬᠥᠭᠡᠷᠦᠬᠦᠢ ᠪᠠᠢᠨ᠎ᠠ
ᠡᠵᠢ ᠶ᠋ᠢᠨ ᠭᠠᠭᠴᠠ ᠦᠷ᠎ᠡ ᠪᠢ ᠴᠢᠨᠢ
ᠢᠩᠭᠢᠵᠦ ᠰᠠᠨᠠᠬᠤ ᠶ᠋ᠢᠨ ᠦᠢᠯᠡᠷ ᠪᠠᠢᠨ᠎ᠠ
ᠡᠵᠢ ᠶ᠋ᠢᠨ ᠭᠠᠭᠴᠠ ᠦᠷ᠎ᠡ ᠪᠢ ᠴᠢᠨᠢ
ᠢᠩᠭᠢᠵᠦ ᠰᠠᠨᠠᠬᠤ ᠶ᠋ᠢᠨ ᠦᠢᠯᠡᠷ ᠪᠠᠢᠨ᠎ᠠ
ᠢᠩᠭᠢᠵᠦ ᠰᠠᠨᠠᠬᠤ ᠶ᠋ᠢᠨ ᠦᠢᠯᠡᠷ ᠪᠠᠢᠨ᠎ᠠ
ᠦᠰᠦᠭ ᠠᠮᠢᠯᠠᠭᠤᠯᠵᠤ ᠬᠠᠲᠠᠭᠰᠠᠨ ᠨᠢ᠄ ᠪᠠᠢ᠂ᠰᠠᠷᠠᠨ᠎ᠠ
ᠬᠢᠨᠠᠭᠴᠢ᠄ ᠲᠣᠳᠣᠭᠡᠷᠡᠯ
