ᠡᠵᠡᠨ ᠴᠢᠩᠭᠢᠰ ᠦ᠋ᠨ ᠰᠤᠷᠭᠠᠯ -Эзэн Чингисийн сургаал ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠡᠨ ᠴᠢᠩᠭᠢᠰ ᠦ᠋ᠨ ᠰᠤᠷᠭᠠᠯ -Эзэн Чингисийн сургаал

ᠡᠵᠡᠨ ᠴᠢᠩᠭᠢᠰ ᠦ᠋ᠨ ᠰᠤᠷᠭᠠᠯ -Эзэн Чингисийн сургаал

2025-08-18

788

ᠡᠵᠡᠨ ᠴᠢᠩᠭᠢᠰ ᠦ᠋ᠨ ᠰᠤᠷᠭᠠᠯ

ᠲᠤᠯᠤᠢ ᠪᠡᠬᠢ ᠶ᠋ᠢ ᠬᠠᠷᠠᠯᠠᠭ ᠤᠯᠤᠰ ᠤ᠋ᠨ ᠠᠷᠰᠯᠠᠨ ᠬᠠᠭᠠᠨ ᠲᠠᠢ ᠭᠡᠷᠯᠡᠭᠦᠯᠵᠡᠢ᠃ ᠨᠢᠭᠤᠴᠠ ᠲᠣᠪᠴᠢᠶᠠᠨ ᠤ᠋ ᠡᠨᠡ ᠬᠡᠰᠡᠭ ᠢ᠋ ᠤᠷᠠᠵᠤ ᠬᠠᠶᠠᠬᠤ ᠦᠶ᠎ᠡ ᠳ᠋ᠦ᠍ ᠡᠨᠡ ᠥᠬᠢᠨ ᠦ᠌ ᠨᠡᠷ᠎ᠡ ᠠᠯᠠᠭ᠎ᠠ ᠪᠣᠯᠵᠠᠢ᠃ ᠵᠠᠷᠢᠮ ᠡᠷᠳᠡᠮᠲᠡᠳ ᠴᠢᠩᠭᠢᠰ ᠦ᠋ᠨ ᠤᠳᠬᠤᠨ ᠬᠦᠦ ᠲᠤᠯᠤᠢ ᠨᠡᠷ᠎ᠡ ᠲᠡᠢ ᠳᠠᠭᠤᠳᠠᠯᠭ᠎ᠠ ᠣᠢᠷᠠᠬᠠᠨ ᠪᠠᠢᠭᠰᠠᠨ ᠭᠡᠳᠡᠭ᠃《 ᠡᠨᠡ ᠪᠡᠶ᠎ᠡ ᠬᠡᠪᠡᠷᠡᠭ ᠪᠣᠯᠪᠠᠰᠤ ᠡᠷᠬᠢᠮ ᠨᠡᠷ᠎ᠡ ᠮᠥᠩᠬᠡ ᠰᠢᠦ》

※ᠠᠯᠠᠯᠳᠤᠨ ᠪᠡᠬᠢ ᠶ᠋ᠢ ᠤᠢᠭᠤᠷ ᠠᠢᠮᠠᠭ ᠳ᠋ᠤ᠌  ᠮᠣᠷᠳᠠᠭᠤᠯᠵᠤ ᠵᠠᠬᠢᠷᠤᠭᠤᠯᠬᠤ ᠳ᠋ᠤ᠌ ᠪᠠᠨ᠄《 ᠬᠠᠲᠤᠨ ᠬᠥᠮᠦᠨ ᠳ᠋ᠦ᠍ ᠭᠤᠷᠪᠠᠨ ᠡᠷ᠎ᠡ ᠪᠣᠢ᠂ ᠠᠩᠬᠠᠨ ᠤ᠋ ᠡᠷ᠎ᠡ ᠠᠯᠲᠠᠨ ᠲᠥᠷᠥ᠂ ᠳᠠᠷᠠᠭᠠᠬᠢ ᠡᠷ᠎ᠡ ᠨᠢ ᠠᠷᠢᠭᠤᠨ ᠨᠡᠷ᠎ᠡ᠂ ᠲᠡᠭᠦᠨ ᠦ᠌ ᠳᠠᠷᠠᠭᠠᠬᠢ ᠨᠢ ᠠᠪᠤᠭᠰᠠᠨ ᠡᠷ᠎ᠡ ᠪᠢᠯᠡ᠃》

※ ᠣᠢᠷᠠᠳ ᠠᠢᠮᠠᠭ ᠳ᠋ᠤ᠌  ᠴᠡᠴᠡᠢᠬᠡᠨ ᠢ᠋ ᠮᠣᠷᠳᠠᠭᠤᠯᠬᠤ ᠳ᠋ᠤ᠌ ᠪᠠᠨ᠄《 ᠴᠢ ᠣᠢᠷᠠᠳ ᠠᠢᠮᠠᠭ ᠢ᠋ ᠵᠣᠬᠢᠶᠠᠨ ᠪᠠᠢᠭᠤᠯᠵᠤ ᠤᠳᠤᠷᠢᠳ᠂ ᠬᠡᠯᠡᠵᠦ ᠪᠣᠢ ᠦᠭᠡ ᠪᠡᠷ ᠢ᠋ᠶ᠋ᠡᠨ ᠤᠬᠠᠭᠠᠨ ᠤ᠋ ᠴᠠᠷ᠎ᠠ ᠪᠠᠨ ᠬᠠᠷᠠᠭᠤᠯᠬᠤ ᠶᠣᠰᠣᠲᠠᠢ》《 ᠦᠷᠭᠦᠯᠵᠢ ᠦᠨᠡᠨᠴᠢ ᠪᠠᠢ》《 ᠡᠷᠲᠡ ᠪᠣᠰᠴᠤ ᠣᠷᠣᠢ ᠤᠨᠲᠠ》
※ ᠣᠩᠭᠣᠳ ᠠᠢᠮᠠᠭ ᠳ᠋ᠤ᠌  ᠣᠴᠢᠵᠤ ᠤᠳᠤᠷᠢᠳᠤᠭᠰᠠᠨ ᠲᠥᠷᠥ ᠵᠠᠬᠢᠷᠤᠭᠴᠢ ᠠᠯᠠᠭ᠎ᠠ ᠪᠡᠬᠢ ᠳ᠋ᠦ᠍《 ᠰᠠᠷᠠᠭᠤᠯ ᠤᠬᠠᠭᠠᠨ ᠠ᠋ᠴᠠ ᠥᠭᠡᠷ᠎ᠡ ᠰᠠᠢᠨ ᠨᠥᠬᠥᠷ ᠦᠭᠡᠢ》《 ᠬᠠᠢᠷᠠᠯᠠᠬᠤ ᠶᠠᠭᠤᠮ᠎ᠠ ᠣᠯᠠᠨ ᠪᠣᠯᠪᠠᠴᠤ ᠬᠠᠯᠠᠭᠤᠨ ᠠᠮᠢ ᠶ᠋ᠢ ᠬᠠᠮᠤᠭ ᠠ᠋ᠴᠠ ᠬᠠᠢᠷᠠᠯᠠᠯᠲᠠᠢ》
  ᠢᠷᠡᠯᠲᠡ᠄ ᠰᠦᠯᠵᠢᠶᠡᠨ ᠡᠴᠡ ᠰᠡᠢᠷᠡᠭᠦᠯᠪᠡ᠃
  ᠦᠰᠦᠭ ᠠᠮᠢᠯᠠᠭᠤᠯᠤᠭᠰᠠᠨ ᠨᠢ᠄ ᠴᠢ᠊ · ᠤᠷᠨᠨᠴᠡᠴᠡᠭ