ᠱᠠᠭ᠎ᠠ ᠶ᠋ᠢᠨ ᠮᠠᠭᠲᠠᠭᠠᠯ - ᠠᠨᠤᠵᠢᠨШагаагийн магтаал- Ануужин ᠬᠡᠦᠬᠡᠳ ᠦ᠋ᠨ ᠨᠡᠪᠲᠡᠷᠡᠭᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠱᠠᠭ᠎ᠠ ᠶ᠋ᠢᠨ ᠮᠠᠭᠲᠠᠭᠠᠯ - ᠠᠨᠤᠵᠢᠨШагаагийн магтаал- Ануужин

ᠱᠠᠭ᠎ᠠ ᠶ᠋ᠢᠨ ᠮᠠᠭᠲᠠᠭᠠᠯ - ᠠᠨᠤᠵᠢᠨШагаагийн магтаал- Ануужин

ᠱᠠᠭ᠎ᠠ ᠶ᠋ᠢᠨ ᠮᠠᠭᠲᠠᠭᠠᠯ

   ᠠᠯᠲᠠᠨᠱᠠᠭ᠎ᠠ ᠨᠠᠢᠷᠠᠭᠤᠯᠪᠠ  
   ᠠᠨᠤᠵᠢᠨ ᠰᠢᠯᠦᠭᠯᠡᠪᠡ 

ᠮᠠᠯ ᠤ᠋ᠨ ᠱᠠᠭ᠎ᠠ ᠠᠷᠪᠠᠨ ᠡᠷᠳᠡᠨᠢ 
ᠮᠠᠩᠯᠠᠢ ᠰᠠᠢᠬᠠᠨ ᠨᠠᠭᠠᠳᠤᠮ ᠤ᠋ᠨ ᠡᠷᠳᠡᠨᠢ 
ᠬᠣᠨᠢᠨ ᠱᠠᠭ᠎ᠠ ᠬᠣᠪᠣᠷ ᠡᠷᠳᠡᠨᠢ 
ᠬᠣᠲᠠᠯᠠ ᠳᠠᠶᠠᠭᠠᠷ ᠤ᠋ᠨ ᠨᠠᠭᠠᠳᠤᠮ ᠤ᠋ᠨ ᠡᠷᠳᠡᠨᠢ 

ᠲᠡᠭᠰᠢ ᠲᠠᠯ᠎ᠠ ᠨᠢ ᠲᠡᠮᠡᠭᠡᠨ ᠡᠷᠳᠡᠨᠢ 
ᠳᠡᠭᠡᠭᠰᠢ ᠲᠠᠯ᠎ᠠ ᠨᠢ ᠮᠣᠷᠢᠨ ᠡᠷᠳᠡᠨᠢ 
ᠬᠣᠨᠳᠣᠯᠠᠢ ᠲᠠᠯ᠎ᠠ ᠨᠢ ᠬᠣᠨᠢᠨ ᠡᠷᠳᠡᠨᠢ 
ᠬᠣᠲᠣᠭᠣᠷ ᠲᠠᠯ᠎ᠠ ᠨᠢ ᠢᠮᠠᠭᠠᠨ ᠡᠷᠳᠡᠨᠢ 

ᠣᠷᠣᠭᠰᠢ ᠪᠠᠨ ᠵᠣᠭᠰᠣᠪᠠᠯ ᠣᠩᠭᠣᠨ ᠡᠷᠳᠡᠨᠢ
ᠤᠨᠠᠭᠠᠳ ᠪᠣᠰᠪᠠᠯ ᠬᠥᠮᠦᠨ ᠡᠷᠳᠡᠨᠢ
ᠤᠷᠠᠨ ᠰᠠᠨᠠᠭᠠᠲᠤ ᠨᠠᠭᠠᠳᠤᠮ ᠪᠢᠯᠡ᠃

ᠠᠯᠠᠭ ᠱᠠᠭᠠᠵᠠᠩ ᠲᠠᠢᠯᠪᠠ ᠳᠦᠭᠦᠷᠡᠩ
ᠠᠳᠤᠭᠤ ᠮᠠᠯ ᠮᠢᠨᠢ ᠲᠠᠯ᠎ᠠ ᠳᠦᠭᠦᠷᠡᠩ
ᠡᠷᠢᠶᠡᠨ ᠱᠠᠭ᠎ᠠ ᠴᠢᠨᠢ ᠰᠢᠷᠢᠳᠡᠭ ᠳᠦᠭᠦᠷᠡᠩ
ᠡᠷᠳᠡᠨᠢ ᠶ᠋ᠢᠨ ᠰᠦᠷᠦᠭ ᠮᠢᠨᠢ ᠰᠢᠯᠢ ᠪᠡᠷ ᠳᠦᠭᠦᠷᠡᠩ

ᠳᠠᠶᠠᠭᠠᠷ ᠮᠣᠩᠭᠣᠯ ᠤ᠋ᠨ ᠪᠢᠯᠢᠭᠲᠦ ᠨᠠᠭᠠᠳᠤᠮ
ᠳᠠᠶᠠᠩ ᠪᠦᠭᠦᠳᠡ ᠶ᠋ᠢᠨ ᠰᠠᠢᠬᠠᠨ ᠨᠠᠭᠠᠳᠤᠮ
ᠨᠠᠭᠠᠳᠤᠭᠰᠠᠨ ᠭᠠᠵᠠᠷ ᠲᠤ᠌ ᠴᠢᠨᠢ ᠨᠠᠷᠠ ᠭᠠᠷᠴᠤ
ᠨᠠᠭᠠᠳᠤᠭᠤᠯᠤᠭᠰᠠᠨ ᠡᠵᠡᠨ ᠨᠢ ᠤᠷᠲᠤ ᠨᠠᠰᠤᠯᠠᠭᠠᠷᠠᠢ

ᠬᠤᠷᠤᠢ ᠬᠤᠷᠤᠢ ᠬᠤᠷᠤᠢ

   ᠦᠰᠦᠭ ᠬᠠᠳᠠᠭᠴᠢ᠄ ᠵᠢᠷᠠᠨᠲᠠᠢ
   ᠦᠰᠦᠭ ᠠᠮᠢᠯᠠᠭᠤᠯᠤᠭᠴᠢ᠄ ᠨᠠᠷᠠᠨᠲᠣᠭᠣᠰ
   ᠬᠢᠨᠠᠭᠴᠢ᠄ ᠤᠤᠭᠠᠨᠵᠢᠳ

(ᠠᠨᠤᠵᠢᠨ—2025 ᠣᠨ ᠤ᠋ ᠮᠣᠩᠭᠣᠯ ᠤᠯᠤᠰ ᠤ᠋ᠨ ᠨᠠᠢᠷᠠᠮᠳᠠᠯ ᠣᠯᠠᠨ ᠤᠯᠤᠰ ᠤ᠋ᠨ ᠪᠠᠭᠠᠴᠤᠳ ᠤ᠋ᠨ ᠨᠥᠬᠥᠷᠯᠡᠯ ᠦ᠋ᠨ ᠲᠥᠪ ᠪᠣᠯᠤᠨ ᠥᠪᠥᠷ ᠮᠣᠩᠭᠣᠯ ᠤ᠋ᠨ ᠤᠳᠬ᠎ᠠ ᠤᠷᠠᠯᠢᠭ ᠤ᠋ᠨ ᠰᠣᠯᠢᠯᠴᠠᠭᠠᠨ ᠤ᠋ ᠨᠡᠢᠭᠡᠮᠯᠢᠭ ᠦ᠋ᠨ ᠬᠠᠮᠲᠤᠷᠠᠨ ᠡᠷᠬᠢᠯᠡᠭᠰᠡᠨ ᠣᠯᠠᠨ ᠤᠯᠤᠰ ᠤ᠋ᠨ ᠵᠠᠯᠠᠭᠤᠴᠤᠳ ᠪᠠᠭᠠᠴᠤᠳ ᠤ᠋ᠨ ᠤᠷᠠᠨ ᠰᠠᠢᠬᠠᠨ ᠤ᠋ ᠬᠥᠳᠡᠯᠭᠡᠭᠡᠨ ᠳ᠋ᠦ᠍ ᠣᠷᠣᠯᠴᠠᠪᠠ᠃)