ᠬᠡᠦᠬᠡᠳ ᠦ᠋ᠨ ᠢᠨᠢᠶᠡᠳᠦ ᠲᠡᠢ ᠬᠣᠷᠸ᠎ᠠ -ᠡᠭᠦᠯᠡᠨХүүхдийн инээдтэй хорвоо- Үүлэн ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠦᠬᠡᠳ ᠦ᠋ᠨ ᠢᠨᠢᠶᠡᠳᠦ ᠲᠡᠢ ᠬᠣᠷᠸ᠎ᠠ -ᠡᠭᠦᠯᠡᠨХүүхдийн инээдтэй хорвоо- Үүлэн

ᠬᠡᠦᠬᠡᠳ ᠦ᠋ᠨ ᠢᠨᠢᠶᠡᠳᠦ ᠲᠡᠢ ᠬᠣᠷᠸ᠎ᠠ -ᠡᠭᠦᠯᠡᠨХүүхдийн инээдтэй хорвоо- Үүлэн

2025-08-17

1220

ᠬᠡᠦᠬᠡᠳ ᠦ᠋ᠨ ᠢᠨᠢᠶᠡᠳᠦ ᠲᠡᠢ ᠬᠣᠷᠸ᠎ᠠ

  ᠦᠭᠡ᠄ ᠴᠡᠩᠭᠡᠯᠲᠦ 
  ᠠᠶ᠎ᠠ᠄ ᠪᠠᠳᠠᠷᠠ 
  ᠬᠥᠭᠵᠢᠮ ᠦ᠋ᠨ ᠨᠠᠢᠷᠠᠭᠤᠯᠭ᠎ᠠ᠄ ᠬᠠᠰᠪᠠᠶᠠᠷ 
  ᠳᠠᠭᠤᠴᠢᠨ᠄ ᠡᠭᠦᠯᠡᠨ 
ᠥᠩᠭᠡ ᠥᠩᠭᠡ ᠶ᠋ᠢᠨ ᠰᠣᠯᠣᠩᠭ᠎ᠠ ᠪᠣᠯᠵᠤ
ᠬᠡᠦᠬᠡᠳ ᠪᠢᠳᠡᠨ ᠳᠡᠯᠡᠬᠡᠢ ᠶ᠋ᠢ ᠴᠢᠮᠡᠵᠡᠢ
ᠥᠪᠡᠷ ᠥᠪᠡᠷ ᠦ᠋ᠨ ᠠᠯᠬᠤᠭ᠎ᠠ ᠪᠠᠷ ᠢ᠋ᠶ᠋ᠠᠨ
ᠠᠪᠤ ᠡᠵᠢ ᠪᠡᠨ ᠪᠢᠳᠡ ᠪᠠᠶᠠᠰᠬᠠᠵᠠᠢ
ᠶᠠᠩᠵᠤ ᠶᠠᠩᠵᠤ ᠶ᠋ᠢᠨ ᠮᠥᠷᠥᠭᠡᠳᠦᠯ ᠵᠣᠷᠢᠵᠤ
ᠬᠣᠯᠠ ᠳᠡᠭᠦᠯᠢᠬᠦ ᠶ᠋ᠢᠨ ᠡᠷᠴᠢ ᠠᠪᠴᠠᠢ
ᠶᠠᠭ ᠲᠡᠷᠡ ᠵᠦᠭ ᠪᠠᠰᠠ ᠡᠨᠡᠬᠡᠨ ᠮᠥᠴᠡ
ᠬᠣᠪᠣᠷᠬᠠᠨ ᠰᠢᠬᠢᠷ ᠰᠡᠯᠪᠢᠭᠦᠷ ᠠᠮᠲᠠᠲᠠᠢ
ᠯᠠ᠁ ᠯᠠ᠁ ᠯᠠ᠁ ᠯᠠ᠁
ᠬᠡᠦᠬᠡᠳ ᠦ᠋ᠨ ᠢᠨᠢᠶᠡᠳᠦ ᠪᠢᠯᠬᠠᠭᠰᠠᠨ ᠡᠨᠡ ᠬᠣᠷᠸ᠎ᠠ
ᠶᠠᠮᠠᠷ ᠰᠠᠢᠬᠠᠨ ᠪᠣᠢ ᠶᠠᠮᠠᠷ ᠭᠣᠶᠣᠬᠠᠨ ᠶᠤᠮ ᠪᠣᠢ
ᠬᠡᠦᠬᠡᠳ ᠦ᠋ᠨ ᠢᠨᠢᠶᠡᠳᠦ ᠪᠢᠯᠬᠠᠭᠰᠠᠨ ᠡᠨᠡ ᠬᠣᠷᠸ᠎ᠠ ᠳ᠋ᠤ᠌ ᠪᠠᠨ ᠪᠢᠳᠡ ᠬᠠᠢᠷᠠᠲᠠᠢ
ᠵᠤᠨ ᠵᠤᠨ ᠤ᠋ ᠪᠣᠷᠣᠭᠠᠨ ᠪᠣᠯᠵᠤ ᠬᠦᠰᠡᠯ ᠦ᠋ᠨ ᠬᠠᠷᠭᠤᠢ ᠪᠠᠷ ᠵᠢᠷᠤᠭᠯᠠᠵᠠᠢ
ᠵᠦᠩ ᠪᠢᠯᠢᠭ ᠦ᠋ᠨ ᠰᠢᠪᠠᠭᠤᠳ ᠪᠣᠯᠵᠤ
ᠬᠥᠭᠡᠷᠦᠬᠦᠨ ᠵᠢᠭᠦᠷ ᠢ᠋ᠶ᠋ᠡᠨ ᠳᠡᠯᠭᠡᠵᠡᠢ
ᠰᠠᠢᠨ ᠶᠠᠪᠤᠬᠤ ᠶ᠋ᠢᠨ ᠢᠷᠦᠭᠡᠯ ᠲᠤᠯᠵᠤ
ᠡᠪᠦᠭᠡ ᠡᠮᠡᠭᠡ ᠳ᠋ᠦ᠍ ᠪᠡᠨ ᠮᠥᠷᠭᠥᠵᠡᠢ
ᠰᠠᠢᠬᠠᠨ ᠪᠦᠬᠦᠨ ᠢ᠋ ᠵᠡᠭᠦᠳᠦ ᠨᠣᠢᠷ ᠢ᠋ᠶ᠋ᠠᠷ ᠮᠠᠨᠠᠵᠤ
ᠴᠠᠢᠯᠭᠠᠨ ᠢᠨᠢᠶᠡᠳᠦ ᠪᠡᠷ ᠪᠢᠳᠡ ᠴᠠᠯᠭᠢᠭᠤᠯᠵᠠᠢ
ᠯᠠ᠁ ᠯᠠ᠁ ᠯᠠ᠁ ᠯᠠ᠁
ᠬᠡᠦᠬᠡᠳ ᠦ᠋ᠨ ᠢᠨᠢᠶᠡᠳᠦ ᠪᠢᠯᠬᠠᠭᠰᠠᠨ ᠡᠨᠡ ᠬᠣᠷᠸ᠎ᠠ ᠳ᠋ᠤ᠌
ᠶᠠᠮᠠᠷ ᠰᠠᠢᠬᠠᠨ ᠪᠣᠢ ᠶᠠᠮᠠᠷ ᠭᠣᠶᠣᠬᠠᠨ ᠶᠤᠮ ᠪᠣᠢ
ᠬᠡᠦᠬᠡᠳ ᠦ᠋ᠨ ᠢᠨᠢᠶᠡᠳᠦ ᠪᠢᠯᠬᠠᠭᠰᠠᠨ ᠡᠨᠡ ᠬᠣᠷᠸ᠎ᠠ ᠳ᠋ᠤ᠌ ᠪᠠᠨ ᠪᠢᠳᠡ ᠬᠠᠢᠷᠠᠲᠠᠢ
ᠯᠠ᠁ ᠯᠠ᠁ ᠯᠠ᠁ ᠯᠠ᠁
ᠬᠡᠦᠬᠡᠳ ᠦ᠋ᠨ ᠢᠨᠢᠶᠡᠳᠦ ᠪᠢᠯᠬᠠᠭᠰᠠᠨ ᠡᠨᠡ ᠬᠣᠷᠸ᠎ᠠ ᠳ᠋ᠤ᠌
ᠶᠠᠮᠠᠷ ᠰᠠᠢᠬᠠᠨ ᠪᠣᠢ ᠶᠠᠮᠠᠷ ᠭᠣᠶᠣᠬᠠᠨ ᠶᠤᠮ ᠪᠣᠢ
ᠬᠡᠦᠬᠡᠳ ᠦ᠋ᠨ ᠢᠨᠢᠶᠡᠳᠦ ᠪᠢᠯᠬᠠᠭᠰᠠᠨ ᠡᠨᠡ ᠬᠣᠷᠸ᠎ᠠ ᠳ᠋ᠤ᠌ ᠪᠠᠨ ᠪᠢᠳᠡ ᠬᠠᠢᠷᠠᠲᠠᠢ

  ᠢᠷᠡᠯᠲᠡ᠄《 ᠡᠪᠲᠦ ᠱᠠᠭᠠᠵᠠᠭᠠᠢ》 ᠬᠡᠦᠬᠡᠳ ᠦ᠋ᠨ ᠳᠠᠭᠤᠤ ᠶ᠋ᠢᠨ ᠤᠷᠤᠯᠳᠤᠭᠠᠨ ᠤ᠋ ᠱᠠᠩᠨᠠᠯ ᠤ᠋ᠨ ᠤᠷᠠᠨ ᠪᠦᠲᠦᠭᠡᠯ ᠡᠴᠡ ᠰᠡᠢᠷᠡᠭᠦᠯᠪᠡ᠃
  ᠦᠰᠦᠭ ᠠᠮᠢᠯᠠᠭᠤᠯᠤᠭᠰᠠᠨ ᠨᠢ᠄ ᠴᠢ᠊ · ᠤᠷᠨᠨᠴᠡᠴᠡᠭ
  ᠬᠢᠨᠠᠯᠲᠠ᠄ ᠪᠠᠯᠵᠢᠷ