ᠪᠢᠳᠡᠨ ᠦ᠌ ᠵᠠᠪᠰᠢᠶᠠᠨ ᠬᠠᠮᠢᠭ᠎ᠠ ᠪᠠᠢᠬᠤ ᠪᠣᠢ-ᠠᠵᠢᠯ ᠲᠥᠷᠥᠯ ᠦ᠋ᠨ ᠣᠷᠴᠢᠨ-ᠬᠣᠨᠢᠴᠢᠨ ᠦᠯᠵᠡᠢᠰᠦ᠋ᠷᠥᠩ
ᠠᠵᠢᠯ ᠲᠥᠷᠥᠯ ᠦ᠋ᠨ ᠣᠷᠴᠢᠨ
ᠳ᠋ᠣᠺᠲ᠋ᠣᠷ ᠬᠣᠨᠢᠴᠢᠨ ᠦᠯᠵᠡᠢᠰᠦ᠋ᠷᠥᠩ
ᠬᠡᠨ ᠬᠥᠮᠦᠨ ᠬᠠᠮᠢᠭ᠎ᠠ ᠶᠠᠪᠤᠵᠤ᠂ ᠶᠠᠭᠤ ᠬᠢᠵᠦ ᠪᠠᠢᠭᠰᠠᠨ ᠴᠤ᠌ ᠶᠠᠮᠠᠷ ᠨᠢᠭᠡᠨ ᠠᠵᠢᠯ ᠲᠥᠷᠥᠯ ᠦ᠋ᠨ ᠳᠣᠲᠣᠷ᠎ᠠ ᠠ᠋ᠴᠠ ᠠᠯᠢ ᠨᠢᠭᠡ ᠶ᠋ᠢ ᠯᠡ ᠬᠢᠵᠦ ᠪᠦᠲᠦᠭᠡᠵᠦ ᠪᠠᠢᠳᠠᠭ ᠪᠢᠯᠡ᠃ ᠡᠢᠮᠦ ᠡᠴᠡ ᠠᠵᠢᠯ ᠲᠥᠷᠥᠯ ᠭᠡᠳᠡᠭ ᠪᠣᠯ ᠪᠢᠳᠡᠨ ᠳ᠋ᠦ᠍ ᠮᠠᠰᠢ ᠣᠢᠷᠬᠠᠨ᠂ ᠡᠳᠦᠷ ᠳᠣᠳᠣᠮ ᠳ᠋ᠤ᠌ ᠪᠢᠳᠡᠨ ᠦ᠌ ᠬᠠᠵᠠᠭᠤᠳᠠ ᠪᠠᠢᠳᠠᠭ ᠮᠥᠷᠲᠡᠭᠡᠨ ᠪᠢᠳᠡᠨ ᠦ᠌ ᠠᠵᠢᠯ ᠠᠮᠢᠳᠤᠷᠠᠯ ᠲᠠᠢ ᠰᠠᠯᠤᠰᠢ ᠦᠭᠡᠢ ᠬᠣᠯᠪᠣᠭ᠎ᠠ ᠲᠠᠢ ᠵᠦᠢᠯ ᠪᠣᠯᠤᠨ᠎ᠠ᠃ ᠡᠭᠦᠨ ᠢ᠋ᠶ᠋ᠡᠷ ᠴᠦ᠍ ᠵᠣᠭᠰᠣᠬᠤ ᠦᠭᠡᠢ ᠬᠥᠮᠦᠰ ᠥᠪᠡᠷ ᠥᠪᠡᠷ ᠦ᠋ᠨ ᠡᠷᠬᠢᠯᠡᠵᠦ ᠬᠢᠵᠦ ᠪᠠᠢᠭ᠎ᠠ ᠠᠵᠢᠯ ᠲᠥᠷᠥᠯ ᠳᠡᠭᠡᠷ᠎ᠡ ᠪᠡᠨ ᠠᠮᠵᠢᠯᠲᠠ ᠪᠦᠲᠦᠭᠡᠯ ᠭᠠᠷᠭᠠᠵᠤ᠂ ᠢᠯᠡᠭᠦᠦ ᠶᠡᠬᠡ ᠶ᠋ᠢ ᠬᠢᠬᠦ ᠶ᠋ᠢ ᠬᠦᠰᠡᠵᠦ ᠵᠢᠳᠬᠦᠵᠦ ᠶᠠᠪᠤᠳᠠᠭ᠃ ᠲᠡᠭᠡᠪᠡᠯ ᠪᠢᠳᠡ ᠥᠪᠡᠷ ᠥᠪᠡᠷ ᠦ᠋ᠨ ᠬᠢᠭᠰᠡᠨ᠂ ᠬᠦᠰᠡᠭᠰᠡᠨ ᠠᠵᠢᠯ ᠲᠥᠷᠥᠯ ᠳᠡᠭᠡᠷ᠎ᠡ ᠪᠡᠨ ᠡᠷᠲᠡ ᠨᠢᠭᠡᠨ ᠡᠳᠦᠷ ᠠᠮᠵᠢᠯᠲᠠ ᠭᠠᠷᠭᠠᠬᠤ ᠶ᠋ᠢᠨ ᠲᠥᠯᠥᠭᠡ ᠶᠠᠭᠤ ᠬᠢᠬᠦ ᠴᠢᠬᠤᠯᠠ ᠲᠠᠢ ᠪᠣᠢ? ᠡᠭᠦᠨ ᠳ᠋ᠦ᠍ ᠪᠢᠳᠡ ᠡᠬᠢᠯᠡᠭᠡᠳ ᠥᠪᠡᠷ ᠦ᠋ᠨ ᠠᠵᠢᠯ ᠲᠥᠷᠥᠯ ᠦ᠋ᠨ ᠣᠷᠴᠢᠨ ᠢ᠋ᠶ᠋ᠠᠨ ᠵᠠᠳᠠᠯᠵᠤ ᠰᠤᠷᠬᠤ ᠨᠢ ᠵᠦᠢᠲᠡᠢ ᠶᠣᠮ᠃
ᠨᠢᠭᠡ ᠂ ᠰᠢᠨ᠎ᠡ ᠪᠡᠷ ᠣᠷᠣᠯᠴᠠᠬᠤ
ᠲᠠ ᠶᠠᠮᠠᠷ ᠨᠢᠭᠡᠨ ᠠᠵᠢᠯ ᠦᠢᠯᠡᠰ ᠢ᠋ ᠡᠬᠢᠯᠡᠭᠦᠯᠵᠦ ᠬᠢᠬᠦ ᠭᠡᠵᠦ ᠪᠠᠢᠭ᠎ᠠ ᠪᠤᠶᠤ ᠶᠠᠭᠤ ᠨᠢᠭᠡ ᠶ᠋ᠢ ᠰᠡᠳᠦᠵᠦ ᠰᠢᠨ᠎ᠡ ᠪᠡᠷ ᠡᠭᠦᠰᠬᠡᠬᠦ ᠭᠡᠵᠦ ᠪᠠᠢᠭ᠎ᠠ ᠪᠣᠯ᠂ ᠲᠠᠨ ᠡᠨᠡᠬᠦ ᠠᠵᠢᠯ ᠲᠥᠷᠥᠯ ᠦ᠋ᠨ ᠰᠢᠨ᠎ᠡ ᠪᠡᠷ ᠣᠷᠣᠯᠴᠠᠠᠭᠴᠢ ᠪᠣᠯᠬᠤ ᠶᠤᠮ᠃ ᠲᠠ ᠶᠠᠭᠠᠬᠢᠭᠠᠳ ᠡᠨᠡᠬᠦ ᠠᠵᠢᠯ ᠲᠥᠷᠥᠯ ᠢ᠋ ᠰᠣᠩᠭᠣᠬᠤ ᠪᠣᠯᠤᠭᠰᠠᠨ ᠪᠣᠢ᠂ ᠡᠭᠦᠨ ᠢ᠋ ᠰᠠᠢᠨ ᠣᠢᠯᠭᠠᠳᠠᠭ ᠦ᠋ᠤ? ᠠᠮᠵᠢᠯᠲᠠ ᠣᠯᠬᠤ ᠳ᠋ᠤ᠌ ᠬᠢᠯᠪᠠᠷ ᠪᠠᠢᠳᠠᠭ ᠦ᠋ᠤ? ᠬᠢᠵᠦ ᠪᠠᠢᠭ᠎ᠠ ᠬᠥᠮᠦᠨ ᠴᠥᠭᠡᠨ ᠪᠠᠢᠳᠠᠭ ᠦ᠋ᠤ? ᠭᠡᠳ ᠣᠯᠠᠨ ᠠᠰᠠᠭᠤᠯᠲᠠ ᠪᠢᠳᠡᠨ ᠦ᠌ ᠡᠮᠦᠨ᠎ᠡ ᠲᠠᠯᠪᠢᠭᠳᠠᠵᠤ ᠡᠬᠢᠯᠡᠨ᠎ᠡ᠃ ᠲᠡᠢᠮᠦ ᠠ᠋᠂ ᠪᠢᠳᠡ ᠨᠢᠭᠡᠨ ᠠᠵᠢᠯ ᠲᠥᠷᠥᠯ ᠢ᠋ ᠰᠣᠩᠭᠣᠵᠤ ᠣᠷᠣᠯᠴᠠᠬᠤ ᠳ᠋ᠠᠭᠠᠨ ᠲᠡᠭᠦᠨ ᠳ᠋ᠡᠭᠡᠨ ᠠᠮᠵᠢᠯᠲᠠ ᠭᠠᠷᠭᠠᠬᠤ ᠶ᠋ᠢ ᠬᠦᠰᠡᠵᠦ᠂ ᠢᠲᠡᠭᠡᠵᠦ ᠣᠷᠣᠳᠠᠭ᠃ ᠬᠡᠨ ᠴᠦ᠍ ᠬᠢᠭᠰᠡᠨ ᠵᠦᠢᠯ ᠡᠴᠡ ᠪᠡᠨ ᠠᠮᠵᠢᠯᠲᠠ ᠦᠭᠡᠢ ᠤᠬᠤᠷᠢᠬᠤ ᠶ᠋ᠢ ᠬᠦᠰᠡᠬᠦ ᠦᠭᠡᠢ ᠨᠢ ᠯᠠᠪᠲᠠᠢ᠃ ᠲᠡᠭᠡᠪᠡᠯ ᠲᠠ ᠡᠨᠡᠬᠦ ᠰᠢᠨ᠎ᠡ ᠪᠡᠷ ᠣᠷᠣᠯᠴᠠᠵᠤ ᠪᠠᠢᠭ᠎ᠠ ᠠᠵᠢᠯ ᠲᠥᠷᠥᠯ ᠳ᠋ᠡᠭᠡᠨ ᠠᠮᠵᠢᠯᠲᠠ ᠣᠯᠬᠤ ᠬᠢᠷᠢ ᠪᠠᠲᠤᠯᠭ᠎ᠠ ᠲᠠᠢ ᠪᠣᠢ? ᠡᠭᠦᠨ ᠢ᠋ ᠪᠡᠨ ᠲᠠ ᠬᠡᠷᠬᠢᠨ ᠵᠥᠪ ᠲᠣᠭᠠᠴᠢᠯᠠᠵᠤ ᠭᠠᠷᠭᠠᠭᠰᠠᠨ ᠪᠣᠢ?
ᠪᠢᠳᠡ ᠥᠪᠡᠷ ᠦ᠋ᠨ ᠬᠢᠬᠦ ᠭᠡᠵᠦ ᠪᠠᠢᠭ᠎ᠠ ᠠᠵᠢᠯ ᠲᠥᠷᠥᠯ ᠳ᠋ᠡᠭᠡᠨ ᠰᠢᠨ᠎ᠡ ᠪᠡᠷ ᠣᠷᠣᠯᠴᠠᠵᠤ ᠪᠠᠢᠭ᠎ᠠ ᠠ᠋ᠴᠠ ᠡᠬᠢᠯᠡᠭᠡᠳ ᠣᠳᠣ ᠡᠨᠡᠬᠦ ᠠᠵᠢᠯ ᠲᠥᠷᠥᠯ ᠢ᠋ ᠬᠢᠵᠦ ᠪᠠᠢᠭ᠎ᠠ ᠬᠥᠮᠦᠰ ᠦ᠋ᠨ ᠪᠠᠢᠳᠠᠯ ᠢ᠋ ᠰᠠᠢᠲᠤᠷ ᠰᠢᠨᠵᠢᠯᠡᠵᠦ᠂ ᠲᠡᠳᠡᠨ ᠦ᠌ ᠠᠰᠢᠭ ᠣᠷᠣᠯᠭ᠎ᠠ ᠶᠠᠮᠠᠷ ᠪᠠᠢᠭ᠎ᠠ ᠬᠥᠭᠵᠢᠯᠲᠡ ᠶ᠋ᠢᠨ ᠬᠠᠨᠳᠤᠰᠢ ᠨᠢ ᠬᠢᠷᠢ ᠵᠡᠷᠭᠡ᠂ ᠲᠠᠨ ᠲᠠᠢ ᠠᠳᠠᠯᠢᠬᠠᠨ ᠰᠢᠨ᠎ᠡ ᠪᠡᠷ ᠣᠷᠣᠯᠴᠠᠬᠤ ᠭᠡᠵᠦ ᠪᠠᠢᠭ᠎ᠠ ᠬᠥᠮᠦᠰ ᠪᠠᠢᠬᠤ ᠡᠰᠡᠬᠦ ᠵᠡᠷᠭᠡ ᠣᠯᠠᠨ ᠲᠠᠯ᠎ᠠ ᠠ᠋ᠴᠠ ᠨᠢᠭᠲᠠᠯᠠᠨ᠂ ᠥᠪᠡᠷ ᠦ᠋ᠨ ᠠᠮᠵᠢᠯᠲᠠ ᠣᠯᠬᠤ ᠪᠣᠯᠤᠮᠵᠢ ᠪᠠᠨ ᠤᠷᠢᠳᠴᠢᠯᠠᠵᠤ ᠲᠣᠭᠠᠴᠢᠯᠠᠬᠤ ᠬᠡᠷᠡᠭᠲᠡᠢ᠃ ᠲᠡᠢᠮᠦ ᠪᠢᠰᠢ ᠬᠠᠷᠢᠨ ᠵᠥᠪᠬᠡᠨ ᠥᠪᠡᠷ ᠦ᠋ᠨ ᠪᠡᠶ᠎ᠡ ᠲᠡᠢ ᠪᠡᠨ ᠣᠢᠷᠬᠠᠨ᠂ ᠪᠠᠭ᠎ᠠ ᠵᠡᠷᠭᠡ ᠣᠢᠯᠭᠠᠵᠤ ᠬᠠᠷᠠᠵᠤ ᠪᠠᠢᠭᠰᠠᠨ ᠭᠡᠬᠦ ᠪᠤᠶᠤ ᠡᠨᠡᠬᠦ ᠠᠵᠢᠯ ᠲᠥᠷᠥᠯ ᠢᠯᠡᠭᠦᠦ ᠮᠥᠩᠭᠥ ᠣᠯᠳᠠᠭ ᠭᠡᠮᠡᠨ ᠣᠷᠣᠯᠴᠠᠬᠤ ᠨᠢ ᠭᠡᠳᠡᠷᠭᠦ ᠪᠡᠨ ᠠᠯᠳᠠᠬᠤ ᠪᠣᠯᠤᠮᠵᠢ ᠶ᠋ᠢ ᠥᠨᠳᠥᠷ ᠪᠣᠯᠭᠠᠳᠠᠭ᠃
ᠬᠣᠶᠠᠷ ᠂ ᠠᠳᠠᠯᠢᠪᠲᠤᠷ ᠲᠠᠸᠠᠷ
ᠶᠠᠮᠠᠷᠪᠠ ᠨᠢᠭᠡᠨ ᠠᠵᠢᠯ ᠲᠥᠷᠥᠯ ᠢ᠋ ᠬᠢᠭᠰᠡᠨ ᠴᠦ᠍ ᠬᠥᠮᠦᠰ ᠲᠦ᠍ ᠶᠠᠮᠠᠷ ᠨᠢᠭᠡᠨ ᠲᠠᠸᠠᠷ ᠪᠣᠯᠤᠨ ᠦᠢᠯᠡᠴᠢᠯᠡᠭᠡ ᠶ᠋ᠢ ᠬᠠᠩᠭᠠᠵᠤ᠂ ᠲᠡᠭᠦᠨ ᠢ᠋ᠶ᠋ᠡᠷ ᠢ᠋ᠶ᠋ᠡᠨ ᠳᠠᠮᠵᠢᠨ ᠠᠰᠢᠭ ᠣᠷᠣᠯᠭ᠎ᠠ ᠣᠯᠵᠤ ᠪᠠᠢᠳᠠᠭ᠃ ᠪᠢᠳᠡ ᠠᠵᠢᠯ ᠲᠥᠷᠥᠯ ᠳ᠋ᠦ᠍ ᠰᠢᠨ᠎ᠡ ᠪᠡᠷ ᠣᠷᠣᠯᠴᠠᠬᠤ ᠳ᠋ᠠᠭᠠᠨ ᠲᠡᠷᠡᠬᠦ ᠠᠵᠢᠯ ᠲᠥᠷᠥᠯ ᠢ᠋ᠶ᠋ᠡᠨ ᠡᠯ᠎ᠡ ᠲᠠᠯ᠎ᠠ ᠠ᠋ᠴᠠ ᠨᠢ ᠰᠠᠢᠨ ᠣᠢᠯᠭᠠᠭᠰᠠᠨ ᠤ᠋ ᠰᠠᠭᠤᠷᠢᠨ ᠳᠡᠭᠡᠷ᠎ᠡ ᠲᠡᠭᠦᠨ ᠦ᠌ ᠪᠡᠨ ᠣᠷᠴᠢᠨ ᠲᠣᠭᠣᠷᠢᠨ ᠢ᠋ ᠪᠠᠰᠠ ᠰᠠᠢᠨ ᠮᠡᠳᠡᠵᠦ ᠠᠪᠬᠤ ᠨᠢ ᠵᠥᠪ ᠶᠣᠮ᠃ ᠥᠭᠡᠷ᠎ᠡ ᠪᠡᠷ ᠬᠡᠯᠡᠪᠡᠯ ᠲᠠᠨ ᠤ᠋ ᠬᠢᠬᠦ ᠭᠡᠵᠦ ᠪᠠᠢᠭ᠎ᠠ ᠵᠦᠢᠯ ᠲᠡᠢ ᠠᠳᠠᠯᠢᠪᠲᠤᠷ ᠵᠦᠢᠯ ᠦ᠋ᠳ ᠪᠠᠢᠬᠤ ᠡᠰᠡᠬᠦ᠂ ᠲᠡᠳᠡᠭᠡᠷ ᠦ᠋ᠨ ᠪᠣᠷᠣᠯᠠᠭᠤᠯᠤᠯᠲᠠ᠂ ᠵᠠᠬ᠎ᠠ ᠳᠡᠯᠭᠡᠭᠦᠷ ᠦ᠋ᠨ ᠡᠵᠡᠯᠡᠬᠦ ᠨᠣᠷᠮ᠎ᠠ ᠬᠢᠷᠢ ᠵᠡᠷᠭᠡ ᠪᠠᠢᠭ᠎ᠠ ᠶ᠋ᠢ ᠮᠡᠳᠡᠵᠦ ᠪᠠᠢᠵᠤ ᠲᠠ ᠥᠪᠡᠷ ᠦ᠋ᠨ ᠵᠣᠭᠰᠣᠴᠠ ᠪᠠᠨ ᠵᠥᠪ ᠲᠣᠭᠲᠠᠭᠠᠵᠤ ᠴᠢᠳᠠᠨ᠎ᠠ᠃ ᠵᠢᠱ᠌ᠢᠶ᠎ᠡ ᠨᠢ ᠪᠢᠳᠡ ᠮᠠᠯ ᠠᠵᠤ ᠠᠬᠤᠢ ᠶ᠋ᠢᠨ ᠠᠵᠢᠯ ᠲᠥᠷᠥᠯ ᠳ᠋ᠦ᠍ ᠣᠷᠣᠯᠴᠠᠵᠤ᠂ ᠮᠢᠬ᠎ᠠ ᠬᠤᠳᠠᠯᠳᠤᠬᠤ ᠭᠡᠵᠦ ᠪᠠᠢᠭ᠎ᠠ ᠪᠣᠯ᠂ ᠲᠠᠨ ᠤ᠋ ᠬᠤᠳᠠᠯᠳᠤᠬᠤ ᠭᠡᠵᠦ ᠪᠠᠢᠭ᠎ᠠ ᠬᠣᠨᠢ ᠦᠬᠡᠷ ᠦ᠋ᠨ ᠮᠢᠬ᠎ᠠ ᠶ᠋ᠢ ᠣᠷᠣᠯᠠᠵᠤ ᠪᠣᠯᠬᠤ ᠭᠠᠬᠠᠢ᠂ ᠲᠠᠬᠢᠶᠠᠨ ᠤ᠋ ᠮᠢᠬ᠎ᠠ ᠶ᠋ᠢ ᠬᠥᠮᠦᠰ ᠬᠢᠷᠢ ᠵᠡᠷᠭᠡ ᠠᠪᠳᠠᠭ᠂ ᠲᠡᠳᠡᠨ ᠦ᠌ ᠦᠨ᠎ᠡ ᠬᠠᠩᠰᠢ ᠬᠢᠷᠢ ᠵᠡᠷᠭᠡ ᠪᠠᠢᠭ᠎ᠠ ᠵᠡᠷᠭᠡ ᠨᠢ ᠪᠦᠷ ᠲᠠᠨ ᠤ᠋ ᠬᠤᠳᠠᠯᠳᠤᠬᠤ ᠮᠢᠬᠠᠨ ᠳ᠋ᠤ᠌ ᠨᠥᠯᠥᠭᠡᠯᠡᠬᠦ ᠬᠦᠴᠦᠨ ᠵᠦᠢᠯ ᠪᠣᠯᠬᠤ ᠶᠤᠮ᠃ ᠡᠢᠮᠦ ᠡᠴᠡ ᠲᠠᠨ ᠤ᠋ ᠬᠢᠬᠦ ᠭᠡᠵᠦ ᠪᠠᠢᠭ᠎ᠠ ᠵᠦᠢᠯ ᠲᠡᠢ ᠠᠳᠠᠯᠢᠪᠲᠤᠷ ᠲᠠᠸᠠᠷ ᠤ᠋ᠳ ᠢ᠋ᠶ᠋ᠠᠨ ᠰᠠᠢᠲᠤᠷ ᠰᠤᠳᠤᠯᠬᠤ ᠨᠢ ᠲᠠᠨ ᠤ᠋ ᠠᠵᠢᠯ ᠦᠢᠯᠡᠰ ᠦ᠋ᠨ ᠠᠮᠵᠢᠯᠲᠠ ᠪᠦᠲᠦᠭᠡᠯ ᠲᠡᠢ ᠰᠢᠭᠤᠳ ᠬᠣᠯᠪᠣᠭ᠎ᠠ ᠲᠠᠢ᠃
ᠭᠤᠷᠪᠠ ᠂ ᠬᠠᠩᠭᠠᠭᠴᠢ
ᠬᠠᠩᠭᠠᠭᠴᠢ ᠭᠡᠬᠦ ᠪᠡᠷ ᠣᠯᠠᠩᠬᠢ ᠬᠥᠮᠦᠰ ᠮᠡᠳᠡᠳᠡᠭ ᠴᠦ᠍ ᠲᠡᠢᠮᠦ ᠬᠦᠨᠳᠦᠳᠬᠡᠵᠦ ᠦᠵᠡᠳᠡᠭ ᠦᠭᠡᠢ ᠲᠠᠯ᠎ᠠ ᠪᠣᠢ᠃ ᠭᠡᠲᠡᠯ᠎ᠡ ᠠᠵᠢᠯ ᠦᠢᠯᠡᠰ ᠬᠢᠬᠦ ᠶᠠᠪᠤᠴᠠ ᠳ᠋ᠤ᠌ ᠬᠠᠩᠭᠠᠭᠴᠢ ᠶᠢᠨ ᠨᠥᠯᠥᠭᠡ ᠮᠠᠰᠢ ᠣᠨᠴᠠᠭᠠᠢ ᠪᠠᠢᠳᠠᠭ᠃ ᠥᠩᠭᠡᠷᠡᠭᠰᠡᠨ ᠵᠢᠯ ᠦ᠋ᠳ ᠲᠦ᠍ ᠬᠣᠨᠢ ᠤᠯᠠᠳᠠᠭᠰᠠᠨ ᠠ᠋ᠴᠠ ᠬᠣᠨᠢᠨ ᠮᠢᠬᠠᠨ ᠤ᠋ ᠦᠨ᠎ᠡ ᠮᠠᠰᠢ ᠶᠡᠬᠡ ᠪᠡᠷ ᠪᠠᠭᠤᠷᠠᠵᠤ᠂ ᠮᠠᠯᠴᠢᠳ ᠪᠠᠭ᠎ᠠ ᠪᠤᠰᠤ ᠬᠣᠬᠢᠷᠠᠯ ᠠᠮᠰᠠᠭᠰᠠᠨ ᠪᠢᠯᠡ᠃ ᠡᠨᠡ ᠪᠣᠯ ᠳᠠᠷᠤᠢ ᠮᠢᠬᠠᠨ ᠤ᠋ ᠬᠠᠩᠭᠠᠯᠭ᠎ᠠ ᠪᠤᠶᠤ ᠬᠠᠩᠭᠠᠭᠴᠢ ᠣᠯᠠᠳᠠᠭᠰᠠᠨ ᠠ᠋ᠴᠠ ᠪᠣᠢ ᠪᠣᠯᠤᠭᠰᠠᠨ ᠦᠷ᠎ᠡ ᠳ᠋ᠦᠩ ᠮᠥᠨ᠃ ᠪᠢᠳᠡ ᠠᠵᠢᠯ ᠲᠥᠷᠥᠯ ᠡᠷᠬᠢᠯᠡᠬᠦ ᠶᠠᠪᠤᠴᠠ ᠳ᠋ᠠᠭᠠᠨ ᠬᠠᠩᠭᠠᠭᠴᠢ ᠪᠠᠨ ᠵᠥᠪ ᠢ᠋ᠶ᠋ᠡᠷ ᠣᠯᠵᠤ ᠠᠰᠢᠭᠯᠠᠬᠤ ᠨᠢ ᠪᠢᠳᠡᠨ ᠦ᠌ ᠠᠵᠢᠯ ᠦᠢᠯᠡᠰ ᠲᠦ᠍ ᠰᠢᠭᠤᠳ ᠠᠵᠤ ᠠᠬᠤᠢ ᠶ᠋ᠢᠨ ᠦᠷ᠎ᠡ ᠠᠰᠢᠭ ᠠᠪᠴᠢᠷᠠᠵᠤ ᠦᠭᠭᠦᠨ᠎ᠡ᠃ ᠡᠢᠮᠦ ᠡᠴᠡ ᠪᠢᠳᠡ ᠡᠬᠢᠯᠡᠭᠡᠳ ᠥᠪᠡᠷ ᠦ᠋ᠨ ᠬᠢᠬᠦ ᠭᠡᠵᠦ ᠪᠠᠢᠭ᠎ᠠ ᠵᠦᠢᠯ ᠦ᠋ᠨ ᠢ᠋ᠶ᠋ᠡᠨ ᠬᠠᠩᠭᠠᠭᠴᠢ ᠨᠢ ᠴᠣᠬᠣᠮ ᠬᠡᠨ ᠬᠡᠨ ᠪᠠᠢᠵᠤ ᠪᠣᠯᠬᠤ᠂ ᠤᠭ ᠮᠠᠲ᠋ᠧᠷᠢᠶᠠᠯ ᠤ᠋ᠨ ᠦᠨ᠎ᠡ ᠬᠠᠩᠰᠢ ᠶ᠋ᠢᠨ ᠬᠡᠯᠪᠡᠯᠵᠡᠯᠲᠡ ᠵᠢᠴᠢ ᠢᠷᠡᠯᠲᠡ ᠶ᠋ᠢᠨ ᠲᠣᠭᠲᠠᠪᠤᠷᠢᠲᠠᠢ ᠪᠠᠢᠬᠤ ᠵᠡᠷᠭᠡ ᠠᠵᠢᠯ ᠦᠢᠯᠡᠰ ᠢ᠋ ᠨᠥᠯᠥᠭᠡᠯᠡᠵᠦ ᠪᠣᠯᠬᠤ ᠲᠠᠯ᠎ᠠ ᠠ᠋ᠴᠠ ᠭᠠᠷ ᠣᠷᠣᠵᠤ ᠰᠢᠨᠵᠢᠯᠡᠵᠦ ᠰᠣᠩᠭᠣᠬᠤ ᠨᠢ ᠪᠢᠳᠡᠨ ᠦ᠌ ᠢᠷᠡᠭᠡᠳᠦᠢ ᠶ᠋ᠢᠨ ᠬᠥᠭᠵᠢᠯᠲᠡ ᠶ᠋ᠢᠨ ᠲᠣᠭᠲᠠᠪᠤᠷᠢᠲᠠᠢ ᠪᠠᠢᠬᠤ ᠳ᠋ᠤ᠌ ᠮᠠᠰᠢ ᠴᠢᠬᠤᠯᠠ ᠨᠥᠯᠥᠭᠡ ᠦᠵᠡᠭᠦᠯᠦᠨ᠎ᠡ᠃
ᠳᠥᠷᠪᠡ ᠂ ᠬᠡᠷᠡᠭᠯᠡᠭᠴᠢ
ᠬᠡᠷᠡᠭᠯᠡᠴᠢ ᠭᠡᠬᠦ ᠪᠡᠷ ᠪᠢᠳᠡ ᠪᠦᠬᠦᠨ ᠰᠠᠢᠨ ᠮᠡᠳᠡᠨ᠎ᠡ᠂ ᠡᠳᠦᠷ ᠳᠣᠳᠣᠮ ᠤ᠋ᠨ ᠠᠮᠢᠳᠤᠷᠠᠯ ᠳᠤᠮᠳᠠ ᠪᠠᠨ ᠢᠳᠡᠬᠦ ᠬᠣᠭᠣᠯᠠ᠂ ᠡᠮᠦᠰᠬᠦ ᠬᠤᠪᠴᠠᠰᠤ ᠠᠪᠬᠤ ᠠ᠋ᠴᠠ ᠡᠬᠢᠯᠡᠭᠡᠳ ᠪᠢᠳᠡ ᠪᠦᠬᠦᠨ ᠨᠢᠭᠡᠨ ᠬᠡᠷᠡᠭᠯᠡᠭᠴᠢ ᠪᠣᠯᠬᠤ ᠶᠤᠮ᠃ ᠡᠭᠦᠨ ᠢ᠋ᠶ᠋ᠡᠷ ᠴᠦ᠍ ᠵᠣᠭᠰᠣᠬᠤ ᠦᠭᠡᠢ ᠪᠢᠳᠡ ᠡᠳᠦᠷ ᠪᠦᠷᠢ ᠮᠠᠰᠢ ᠣᠯᠠᠨ ᠲᠠᠸᠠᠷ ᠪᠦᠲᠦᠭᠡᠭᠳᠡᠬᠦᠨ ᠲᠡᠢ ᠨᠢᠭᠤᠷ ᠤᠴᠠᠷᠠᠵᠤ᠂ ᠲᠡᠳᠡᠨ ᠦ᠌ ᠳᠤᠮᠳᠠ ᠠ᠋ᠴᠠ ᠥᠪᠡᠷ ᠲᠦ᠍ ᠬᠡᠷᠡᠭ ᠲᠡᠢ ᠭᠡᠰᠡᠨ ᠢ᠋ᠶ᠋ᠡᠨ ᠰᠣᠩᠭᠣᠵᠤ ᠰᠢᠯᠢᠵᠦ ᠬᠡᠷᠡᠭᠯᠡᠵᠦ ᠪᠠᠢᠳᠠᠭ᠃ ᠡᠭᠦᠨ ᠲᠡᠢ ᠠᠳᠠᠯᠢᠬᠠᠨ ᠢ᠋ᠶ᠋ᠠᠷ ᠪᠢᠳᠡ ᠥᠪᠡᠷ ᠢ᠋ᠶ᠋ᠡᠨ ᠲᠠᠸᠠᠷ ᠪᠦᠲᠦᠭᠡᠭᠳᠡᠬᠦᠨ ᠦᠢᠯᠡᠳᠪᠦᠷᠢᠯᠡᠵᠦ ᠵᠠᠬ᠎ᠠ ᠵᠡᠭᠡᠯᠢ ᠳ᠋ᠦ᠍ ᠭᠠᠷᠭᠠᠬᠤ ᠳ᠋ᠤ᠌ ᠪᠢᠳᠡᠨ ᠦ᠌ ᠬᠡᠷᠡᠭᠯᠡᠭᠴᠢ ᠶᠠᠮᠠᠷ ᠬᠥᠮᠦᠰ ᠪᠠᠢᠬᠤ ᠪᠣᠢ᠂ ᠲᠡᠳᠡ ᠲᠡᠷᠡ ᠣᠯᠠᠨ ᠲᠠᠸᠠᠷ ᠤ᠋ᠨ ᠳᠤᠮᠳᠠ ᠠ᠋ᠴᠠ ᠮᠠᠨ ᠤ᠋ ᠲᠠᠸᠠᠷ ᠢ᠋ ᠰᠣᠩᠭᠣᠬᠤ ᠡᠰᠡᠬᠦ ᠵᠢᠴᠢ ᠮᠠᠨ ᠤ᠋ ᠭᠠᠷᠭᠠᠭᠰᠠᠨ ᠲᠠᠸᠠᠷ ᠬᠥᠮᠦᠰ ᠲᠦ᠍ ᠬᠢᠷᠢ ᠵᠡᠷᠭᠡ ᠬᠡᠷᠡᠭ ᠲᠡᠢ ᠪᠠᠢᠬᠤ ᠨᠢ ᠪᠢᠳᠡᠨ ᠦ᠌ ᠠᠵᠢᠯ ᠦᠢᠯᠡᠰ ᠦ᠋ᠨ ᠠᠮᠵᠢᠯᠲᠠ ᠣᠯᠠᠬᠤ ᠶ᠋ᠢᠨ ᠵᠠᠩᠭᠢᠯᠠᠭ᠎ᠠ ᠪᠣᠯᠬᠤ ᠶᠤᠮ᠃ ᠡᠢᠮᠦ ᠡᠴᠡ ᠪᠢᠳᠡ ᠶᠠᠭᠤ ᠬᠢᠭᠰᠡᠨ ᠴᠦ᠍ ᠡᠨᠡ ᠲᠠᠯ᠎ᠠ ᠳᠡᠭᠡᠷ᠎ᠡ ᠭᠣᠣᠯ ᠬᠦᠴᠦ ᠪᠡᠨ ᠲᠠᠯᠪᠢᠵᠤ᠂ ᠬᠡᠷᠡᠭᠯᠡᠭᠴᠢᠳ ᠲᠦ᠍ ᠡᠷᠢᠯᠲᠡ ᠲᠡᠢ ᠂ ᠦᠨ᠎ᠡ ᠬᠠᠩᠰᠢ ᠶ᠋ᠢᠨ ᠬᠤᠪᠢ ᠳ᠋ᠤ᠌ ᠲᠣᠬᠢᠷᠠᠮᠵᠢᠲᠠᠢ ᠮᠥᠷᠲᠡᠭᠡᠨ ᠴᠢᠨᠠᠷ ᠲᠠᠢ ᠵᠦᠢᠯ ᠢ᠋ ᠬᠠᠩᠭᠠᠵᠤ ᠴᠢᠳᠠᠪᠠᠯ ᠪᠢᠳᠡ ᠪᠠᠢᠩᠭᠤ ᠬᠡᠷᠡᠭᠯᠡᠭᠴᠢ ᠲᠡᠢ ᠪᠠᠢᠵᠤ ᠴᠢᠳᠠᠨ᠎ᠠ᠃
ᠲᠠᠪᠤ᠋ ᠂ ᠥᠷᠢᠰᠦᠯᠳᠦᠭᠴᠢ
ᠥᠷᠢᠰᠦᠯᠳᠦᠭᠴᠢ ᠭᠡᠬᠦ ᠪᠡᠷ ᠮᠠᠨᠤᠰ ᠰᠢᠭᠤᠳ ᠪᠢᠳᠡᠨ ᠲᠡᠢ ᠥᠷᠢᠰᠦᠯᠳᠦᠵᠦ ᠪᠠᠢᠭ᠎ᠠ ᠡᠲᠡᠭᠡᠳ ᠭᠡᠮᠡᠨ ᠬᠦᠯᠢᠶᠡᠨ ᠠᠪᠳᠠᠭ᠃ ᠶᠠᠭ ᠦᠨᠡᠨ ᠳ᠋ᠡᠭᠡᠨ ᠪᠢᠳᠡ ᠵᠠᠬ᠎ᠠ ᠳᠡᠯᠭᠡᠭᠦᠷ ᠲᠦ᠍ ᠣᠷᠣᠯᠴᠠᠬᠤ ᠳ᠋ᠤ᠌ ᠪᠢᠳᠡᠨ ᠲᠡᠢ ᠠᠳᠠᠯᠢ ᠪᠤᠶᠤ ᠠᠳᠠᠯᠢᠬᠠᠨ ᠵᠦᠢᠯ ᠬᠢᠵᠦ ᠪᠠᠢᠭ᠎ᠠ ᠬᠥᠮᠦᠰ ᠲᠡᠢ ᠬᠠᠷᠢᠯᠴᠠᠨ ᠥᠷᠢᠰᠦᠯᠳᠦᠭᠴᠢ ᠪᠣᠯᠬᠤ ᠪᠠᠷ ᠪᠠᠷᠠᠬᠤ ᠦᠭᠡᠢ ᠪᠢᠳᠡᠨ ᠢ᠋ ᠲᠠᠰᠤᠷᠠᠯᠲᠠ ᠦᠭᠡᠢ ᠣᠷᠣᠭᠰᠢ ᠠᠬᠢᠭᠤᠯᠵᠤ ᠪᠠᠢᠭ᠎ᠠ ᠬᠦᠴᠦᠨ ᠵᠦᠢᠯ ᠮᠥᠨ᠃ ᠤᠴᠢᠷ ᠨᠢ ᠪᠢᠳᠡ ᠥᠷᠢᠰᠦᠯᠳᠦᠭᠴᠢ ᠲᠡᠢ ᠪᠠᠢᠵᠤ ᠢᠯᠡᠭᠦᠦ ᠰᠠᠢᠨ ᠬᠢᠵᠦ᠂ ᠪᠤᠰᠤᠳ ᠠ᠋ᠴᠠ ᠣᠷᠣᠢᠯᠠᠨ ᠢᠯᠡᠭᠦᠦ ᠶᠡᠬᠡ ᠠᠮᠵᠢᠯᠲᠠ ᠳ᠋ᠤ᠌ ᠬᠦᠷᠳᠡᠭ᠃ ᠭᠡᠲᠡᠯ᠎ᠡ ᠥᠨᠥᠳᠥᠷ ᠵᠠᠬ᠎ᠠ ᠳᠡᠯᠭᠡᠭᠦᠷ ᠮᠠᠰᠢ ᠶᠡᠬᠡ ᠪᠡᠷ ᠥᠷᠭᠡᠵᠢᠨ ᠲᠡᠯᠡᠵᠦ ᠬᠤᠪᠢᠷᠠᠵᠤ ᠪᠠᠢᠭ᠎ᠠ ᠨᠥᠬᠥᠴᠡᠯ ᠳ᠋ᠦ᠍ ᠪᠢᠳᠡ ᠳᠠᠩ ᠭᠠᠭᠴᠠᠭᠠᠷ ᠢ᠋ᠶ᠋ᠠᠨ ᠶᠠᠮᠠᠷ ᠨᠢᠭᠡᠨ ᠵᠦᠢᠯ ᠢ᠋ ᠬᠢᠭᠡᠳ ᠥᠪᠡᠷ ᠦ᠋ᠨ ᠣᠷᠣᠨ ᠪᠠᠢᠷᠢ ᠪᠠᠨ ᠣᠯᠬᠤ ᠳ᠋ᠤ᠌ ᠬᠡᠴᠡᠭᠦᠦ ᠪᠣᠯᠵᠤ ᠪᠠᠢᠭ᠎ᠠ ᠪᠢᠯᠡ᠃ ᠡᠨᠡ ᠪᠠᠢᠳᠠᠯ ᠳ᠋ᠤ᠌ ᠪᠢᠳᠡᠨ ᠲᠡᠢ ᠠᠳᠠᠯᠢᠬᠠᠨ ᠵᠦᠢᠯ ᠬᠢᠵᠦ ᠪᠠᠢᠭ᠎ᠠ ᠥᠷᠢᠰᠦᠯᠳᠦᠭᠴᠢ ᠨᠠᠷ ᠪᠢᠳᠡᠨ ᠦ᠌ ᠬᠠᠮᠤᠭ ᠰᠠᠢᠨ ᠬᠠᠮᠲᠤᠷᠠᠨ ᠬᠤᠷᠰᠢᠭᠴᠢ ᠪᠣᠯᠬᠤ ᠶᠤᠮ᠃ ᠪᠢᠳᠡ ᠡᠨᠡ ᠶᠡᠬᠡ ᠵᠠᠬ᠎ᠠ ᠳᠡᠯᠭᠡᠭᠦᠷ ᠲᠦ᠍ ᠥᠪᠡᠷ ᠦ᠋ᠨ ᠣᠷᠣᠨ ᠪᠠᠢᠷᠢ ᠪᠠᠨ ᠣᠯᠵᠤ ᠣᠷᠣᠰᠢᠨ ᠲᠣᠭᠲᠠᠨᠢᠵᠤ᠂ ᠬᠥᠭᠵᠢᠬᠦ ᠳ᠋ᠦ᠍ ᠬᠤᠷᠰᠢᠬᠤ ᠪᠣᠯ ᠵᠠᠢᠯᠠᠰᠢ ᠦᠭᠡᠢ ᠵᠠᠮ ᠪᠣᠯᠪᠠ᠃
ᠡᠳᠦᠷ ᠡᠴᠡ ᠡᠳᠦᠷ ᠥᠭᠡᠷᠡᠲᠦᠨ ᠬᠥᠭᠵᠢᠵᠦ ᠪᠠᠢᠭ᠎ᠠ ᠵᠠᠬ᠎ᠠ ᠳᠡᠯᠭᠡᠭᠦᠷ ᠦ᠋ᠨ ᠣᠷᠴᠢᠨ ᠳ᠋ᠤ᠌ ᠥᠪᠡᠷ ᠦ᠋ᠨ ᠭᠡᠰᠡᠨ ᠠᠵᠢᠯ ᠦᠢᠯᠡᠰ ᠢ᠋ᠶ᠋ᠡᠨ ᠡᠬᠢᠯᠡᠭᠦᠯᠵᠦ᠂ ᠠᠮᠵᠢᠯᠲᠠ ᠪᠦᠲᠦᠭᠡᠯ ᠭᠠᠷᠭᠠᠬᠤ ᠳ᠋ᠤ᠌ ᠪᠢᠳᠡ ᠥᠪᠡᠷ ᠦ᠋ᠨ ᠣᠷᠣᠯᠴᠠᠬᠤ ᠭᠡᠵᠦ ᠪᠠᠢᠭ᠎ᠠ ᠠᠵᠢᠯ ᠲᠥᠷᠥᠯ ᠦ᠋ᠨ ᠢ᠋ᠶ᠋ᠡᠨ ᠣᠷᠴᠢᠨ ᠢ᠋ ᠵᠥᠪ ᠵᠠᠳᠠᠯᠵᠤ ᠰᠣᠷᠣᠨ᠂ ᠥᠪᠡᠷ ᠦ᠋ᠨ ᠠᠵᠢᠯ ᠦᠢᠯᠡᠰ ᠲᠡᠭᠡᠨ ᠦᠢᠯᠡᠴᠢᠯᠡᠭᠦᠯᠵᠦ ᠴᠢᠳᠠᠭᠠᠳ᠂ ᠲᠡᠰᠪᠦᠷᠢ ᠲᠡᠪᠴᠢᠶᠡᠷᠢ ᠲᠡᠢ ᠠᠵᠢᠯᠯᠠᠳᠠᠭ ᠯᠠ ᠶᠤᠮ ᠪᠣᠯ ᠠᠮᠵᠢᠯᠲᠠ ᠣᠢᠷᠬᠠᠨ ᠪᠠᠢᠭ᠎ᠠ᠃ ᠠᠵᠠ ᠵᠠᠪᠰᠢᠶᠠᠨ ᠪᠡᠯᠡᠳᠬᠡᠯ ᠲᠡᠢ ᠬᠥᠮᠦᠨ ᠳ᠋ᠦ᠍ ᠣᠯᠳᠠᠳᠠᠭ ᠪᠣᠯ᠂ ᠠᠮᠵᠢᠯᠲᠠ ᠪᠦᠲᠦᠭᠡᠯ ᠲᠡᠰᠪᠦᠷᠢ ᠲᠡᠪᠴᠢᠶᠡᠷᠢ ᠲᠡᠢ ᠬᠥᠮᠦᠨ ᠳ᠋ᠦ᠍ ᠲᠡᠷᠢᠭᠦᠯᠡᠵᠦ ᠢᠷᠡᠳᠡᠭ᠃ ᠤᠴᠢᠷ ᠨᠢ ᠠᠮᠵᠢᠯᠲᠠ ᠥᠪᠡᠷ ᠢ᠋ᠶ᠋ᠡᠨ ᠮᠠᠰᠢ ᠣᠯᠠᠨ ᠲᠤᠷᠰᠢᠯᠭ᠎ᠠ ᠰᠤᠷᠭᠠᠮᠵᠢ᠂ ᠠᠯᠳᠠᠭ᠎ᠠ ᠤᠨᠤᠭᠠᠨ ᠤ᠋ ᠠᠷᠤ ᠳ᠋ᠤ᠌ ᠲᠡᠳᠡᠭᠡᠷ ᠦ᠋ᠨ ᠨᠢᠭᠲᠠᠷᠠᠯ ᠪᠣᠯᠵᠤ ᠪᠦᠷᠢᠯᠳᠦᠳᠡᠭ᠃
ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ
