ᠡᠬᠡ ᠬᠡᠯᠡ ᠪᠡᠨ ᠪᠢ -ᠲᠤᠭᠴᠢ ᠯᠤᠪᠰᠠᠩ Эг хэлээ би -Тугч Лувсан ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠬᠡᠯᠡ ᠪᠡᠨ ᠪᠢ -ᠲᠤᠭᠴᠢ ᠯᠤᠪᠰᠠᠩ Эг хэлээ би -Тугч Лувсан

ᠡᠬᠡ ᠬᠡᠯᠡ ᠪᠡᠨ ᠪᠢ -ᠲᠤᠭᠴᠢ ᠯᠤᠪᠰᠠᠩ Эг хэлээ би -Тугч Лувсан

2025-08-16

13616

ᠡᠬᠡ ᠬᠡᠯᠡ ᠪᠡᠨ ᠪᠢ

  ᠵᠣᠬᠢᠶᠠᠭᠴᠢ᠄ ᠲᠤᠭᠴᠢ ᠯᠤᠪᠰᠠᠩ 
  ᠤᠶᠠᠩᠭᠠᠯᠠᠭᠴᠢ᠄ ᠬᠠᠨᠠᠭᠠᠷ 

ᠡᠵᠢ ᠶ᠋ᠢᠨ ᠰᠦ ᠰᠢᠭ ᠰᠢᠮ᠎ᠡ ᠲᠡᠢ 
ᠡᠭᠡᠰᠢᠭ ᠦᠰᠦᠭ ᠢ᠋ᠶ᠋ᠡᠨ ᠲᠠᠨᠢᠨ᠎ᠠ ᠪᠢ 
ᠡᠨᠡᠷᠢᠯ ᠬᠠᠢᠷ᠎ᠠ ᠶ᠋ᠢᠨ ᠢᠪᠢᠯᠭᠡᠨ ᠲᠡᠢ 
ᠡᠬᠡ ᠬᠡᠯᠡ ᠪᠡᠨ ᠰᠢᠮᠡᠨ᠎ᠡ ᠪᠢ᠃

ᠠᠪᠤ ᠶ᠋ᠢᠨ ᠰᠠᠨᠠᠭ᠎ᠠ ᠰᠢᠭ᠋ ᠴᠠᠢᠯᠭᠠᠨ 
ᠴᠠᠭᠠᠨ ᠲᠣᠯᠣᠭᠠᠢ ᠪᠠᠨ ᠰᠤᠷᠤᠨ᠎ᠠ ᠪᠢ 
ᠴᠠᠭᠯᠠᠰᠢ ᠦᠭᠡᠢ ᠢᠷᠠᠭᠤ ᠰᠠᠢᠬᠠᠨ 
ᠡᠬᠡ ᠬᠡᠯᠡ ᠪᠡᠨ ᠪᠠᠬᠠᠷᠬᠠᠨ᠎ᠠ ᠪᠢ᠃

ᠡᠮᠡᠭᠡ ᠶ᠋ᠢᠨ ᠨᠢᠳᠦ ᠰᠢᠭ ᠡᠨᠡᠷᠢᠩᠭᠦᠢ
ᠡᠷᠳᠡᠮ ᠰᠣᠶᠣᠯ ᠢ᠋ᠶ᠋ᠠᠨ ᠡᠵᠡᠮᠰᠢᠨ᠎ᠡ ᠪᠢ
ᠡᠯᠡᠰᠦᠨ ᠨᠤᠲᠤᠭ ᠡᠴᠡ ᠲᠡᠨᠢᠭᠦᠬᠡᠨ
ᠡᠬᠡ ᠬᠡᠯᠡ ᠪᠡᠨ ᠬᠠᠢᠷᠠᠯᠠᠨ᠎ᠠ ᠪᠢ᠃

ᠡᠪᠦᠭᠡ ᠶ᠋ᠢᠨ ᠰᠤᠷᠭᠠᠯ ᠰᠢᠭ᠋ ᠠᠷᠢᠭᠤᠨ
ᠦᠨᠳᠦᠰᠦᠨ ᠬᠡᠯᠡ ᠪᠡᠨ ᠬᠦᠨᠳᠦᠯᠡᠨ᠎ᠡ ᠪᠢ
ᠥᠷᠭᠡᠨ ᠮᠥᠷᠡᠨ ᠡᠴᠡ ᠦᠯᠡᠮᠵᠢᠬᠡᠨ
ᠡᠬᠡ ᠬᠡᠯᠡ ᠪᠡᠨ ᠤᠯᠠᠮᠵᠢᠯᠠᠨ᠎ᠠ ᠪᠢ᠃

ᠤᠷᠠᠨ ᠪᠠᠢᠭᠠᠯᠢ ᠡᠴᠡ ᠢᠷᠠᠭᠤᠬᠠᠨ
ᠤᠳᠤᠮᠲᠤ ᠬᠡᠯᠡ ᠪᠡᠨ ᠭᠠᠢᠬᠠᠭᠤᠯᠤᠨ᠎ᠠ ᠪᠢ
ᠡᠬᠡ ᠣᠷᠣᠨ ᠡᠴᠡ ᠪᠤᠭᠤᠷᠤᠯᠬᠠᠨ
ᠡᠬᠡ ᠬᠡᠯᠡ ᠪᠡᠨ ᠳᠡᠭᠡᠳᠦᠯᠡᠨ᠎ᠡ ᠪᠢ᠃

  ᠦᠰᠦᠭ ᠠᠮᠢᠯᠠᠭᠤᠯᠤᠭᠴᠢ᠄ ᠲᠤᠭᠴᠢ ᠯᠤᠪᠰᠠᠩ
  ᠦᠰᠦᠭ ᠬᠠᠳᠠᠭᠴᠢ᠄ ᠪᠠᠢ ᠰᠠᠷᠠᠨ᠎ᠠ
  ᠬᠢᠨᠠᠭᠴᠢ ᠪᠠᠭᠰᠢ᠄ ᠲᠤᠭᠴᠢ ᠯᠤᠪᠰᠠᠩ