ᠪᠢᠳᠡᠨ ᠦ᠌ ᠵᠠᠪᠰᠢᠶᠠᠨ ᠬᠠᠮᠢᠭ᠎ᠠ ᠪᠠᠢᠬᠤ ᠪᠣᠢ-ᠬᠣᠷᠸ᠎ᠠ ᠣᠷᠴᠢᠨ ᠤ᠋ ᠵᠠᠳᠠᠯᠤᠯᠲᠠ-ᠬᠣᠨᠢᠴᠢᠨ ᠦᠯᠵᠡᠢᠰᠦ᠋ᠷᠥᠩ
ᠪᠢᠳᠡᠨ ᠦ᠌ ᠵᠠᠪᠰᠢᠶᠠᠨ ᠬᠠᠮᠢᠭ᠎ᠠ ᠪᠠᠢᠬᠤ ᠪᠣᠢ-ᠬᠣᠷᠸ᠎ᠠ ᠣᠷᠴᠢᠨ ᠤ᠋ ᠵᠠᠳᠠᠯᠤᠯᠲᠠ
ᠬᠣᠷᠸ᠎ᠠ ᠣᠷᠴᠢᠨ ᠤ᠋ ᠵᠠᠳᠠᠯᠤᠯᠲᠠ
ᠳ᠋ᠣᠺᠲ᠋ᠣᠷ ᠬᠣᠨᠢᠴᠢᠨ ᠦᠯᠵᠡᠢᠰᠦ᠋ᠷᠥᠩ
ᠪᠢᠳᠡ ᠥᠨᠥᠳᠥᠷ ᠪᠦᠭᠦᠳᠡ ᠯᠡ ᠶᠠᠮᠠᠷ ᠨᠢᠭᠡᠨ ᠠᠵᠢᠯ ᠦᠢᠯᠡᠰ ᠦ᠋ᠨ ᠲᠥᠯᠥᠭᠡ ᠵᠢᠳᠬᠦᠵᠦ ᠴᠢᠷᠮᠠᠢᠵᠤ ᠪᠠᠢᠳᠠᠭ᠂ ᠵᠠᠷᠢᠮ ᠨᠢ ᠬᠢᠭᠰᠡᠨ ᠵᠦᠢᠯ ᠢ᠋ᠶ᠋ᠡᠨ ᠪᠦᠲᠦᠭᠡᠬᠦ ᠭᠡᠵᠦ᠂ ᠵᠠᠷᠢᠮ ᠨᠢ ᠰᠢᠨ᠎ᠡ ᠪᠡᠷ ᠶᠠᠭᠤ ᠨᠢᠭᠡ ᠶ᠋ᠢ ᠡᠬᠢᠯᠡᠭᠦᠯᠬᠦ ᠭᠡᠵᠦ᠂ ᠵᠠᠷᠢᠮ ᠨᠢᠭᠡ ᠨᠢ ᠬᠡᠷᠬᠢᠨ ᠪᠤᠰᠤᠳ ᠡᠴᠡ ᠪᠡᠨ ᠮᠠᠩᠯᠠᠢᠯᠠᠬᠤ ᠭᠡᠮᠡᠨ ᠠᠮᠢᠳᠤᠷᠠᠯ ᠦᠵᠡᠴᠢᠬᠡᠨᠡ᠃ ᠡᠳᠡᠭᠡᠷ ᠪᠣᠯ ᠪᠦᠭᠦᠳᠡ ᠯᠡ ᠶᠠᠮᠠᠷ ᠨᠢᠭᠡᠨ ᠠᠵᠠ ᠵᠠᠪᠰᠢᠶᠠᠨ ᠢ᠋ ᠬᠠᠢᠵᠤ ᠡᠷᠢᠯᠬᠢᠯᠡᠵᠦ ᠪᠠᠢᠭ᠎ᠠ ᠶᠠᠪᠤᠴᠠ ᠪᠣᠯᠬᠤ ᠶᠤᠮ᠃ ᠮᠡᠳᠡᠭᠡᠵᠢ ᠬᠥᠮᠦᠰ ᠦ᠋ᠨ ᠬᠢᠭᠰᠡᠨ ᠠᠵᠢᠯ ᠤ᠋ᠨ ᠳᠤᠮᠳᠠᠬᠢ ᠣᠯᠠᠨ ᠵᠦᠢᠯ ᠦ᠋ᠨ ᠢᠯᠭᠠᠭ᠎ᠠ ᠠ᠋ᠴᠠ ᠪᠣᠯᠤᠭᠠᠳ ᠥᠭᠡᠷ᠎ᠡ ᠥᠭᠡᠷ᠎ᠡ ᠠᠮᠵᠢᠯᠲᠠ ᠶ᠋ᠢ ᠪᠣᠢ ᠪᠣᠯᠭᠠᠭᠰᠠᠨ᠃ ᠲᠡᠢᠮᠦ ᠡᠴᠡ ᠪᠢᠳᠡ ᠠᠵᠠ ᠵᠠᠪᠰᠢᠶᠠᠨ ᠢ᠋ ᠠᠳᠬᠤᠨ ᠶᠠᠭᠤ ᠬᠢᠬᠦ ᠪᠣᠢ᠂ ᠬᠢᠵᠦ ᠪᠠᠢᠭ᠎ᠠ ᠠᠵᠢᠯ ᠲᠥᠷᠥᠯ ᠢ᠋ᠶ᠋ᠡᠨ ᠬᠡᠷᠬᠢᠨ ᠠᠮᠵᠢᠯᠲᠠ ᠲᠠᠢ ᠪᠣᠯᠭᠠᠬᠤ ᠪᠣᠢ ᠭᠡᠳᠡᠭ ᠢ᠋ ᠰᠣᠩᠭᠣᠬᠤ ᠳ᠋ᠤ᠌ ᠡᠬᠢᠯᠡᠭᠡᠳ ᠲᠡᠳᠡᠭᠡᠷ ᠨᠠᠷᠢᠨ ᠢᠯᠭᠠᠭ᠎ᠠ ᠶ᠋ᠢ ᠪᠣᠢ ᠪᠣᠯᠭᠠᠵᠤ ᠪᠠᠢᠭ᠎ᠠ ᠬᠦᠴᠦᠨ ᠵᠦᠢᠯ ᠦ᠋ᠳ ᠢ᠋ ᠮᠡᠳᠡᠵᠦ ᠠᠪᠬᠤ ᠴᠢᠬᠤᠯᠠ ᠲᠠᠢ᠃ ᠲᠡᠭᠦᠨ ᠦ᠌ ᠨᠢᠭᠡ ᠨᠢ ᠳᠠᠷᠤᠢ ᠬᠣᠷᠸ᠎ᠠ ᠣᠷᠴᠢᠨ ᠶᠤᠮ᠃
ᠬᠣᠷᠸ᠎ᠠ ᠣᠷᠴᠢᠨ ᠭᠡᠳᠡᠭ ᠪᠣᠯ ᠪᠢᠳᠡᠨ ᠳ᠋ᠦ᠍᠂ ᠪᠢᠳᠡᠨ ᠦ᠌ ᠬᠢᠵᠦ ᠪᠠᠢᠭ᠎ᠠ ᠪᠤᠶᠤ ᠬᠢᠬᠦ ᠭᠡᠵᠦ ᠪᠠᠢᠭ᠎ᠠ ᠠᠵᠢᠯ ᠲᠥᠷᠥᠯ ᠲᠡᠢ ᠶᠠᠮᠠᠷ ᠨᠢᠭᠡᠨ ᠲᠠᠯ᠎ᠠ ᠪᠠᠷ ᠬᠣᠯᠪᠣᠭ᠎ᠠ ᠲᠠᠢ᠂ ᠨᠥᠯᠥᠭᠡ ᠦᠵᠡᠭᠦᠯᠵᠦ ᠪᠣᠯᠬᠤ ᠭᠠᠳᠠᠭᠠᠳᠤ ᠲᠠᠯ᠎ᠠ ᠶ᠋ᠢᠨ ᠶᠡᠷᠦᠩᠬᠡᠢ ᠨᠥᠬᠥᠴᠡᠯ ᠪᠠᠢᠳᠠᠯ ᠪᠣᠯᠤᠨ᠎ᠠ᠃ ᠡᠭᠦᠨ ᠳ᠋ᠦ᠍ ᠬᠥᠮᠦᠨ ᠠᠮᠠ ᠶ᠋ᠢᠨ ᠪᠦᠲᠦᠴᠡ᠂ ᠠᠵᠤ ᠠᠬᠤᠢ ᠶ᠋ᠢᠨ ᠪᠠᠢᠳᠠᠯ᠂ ᠠᠮᠢᠳᠤᠷᠠᠯ ᠤ᠋ᠨ ᠳᠠᠳᠬᠠᠯ᠂ ᠬᠠᠤᠯᠢ ᠴᠠᠭᠠᠵᠠ᠂ ᠲᠥᠷᠥ ᠶ᠋ᠢᠨ ᠪᠣᠳᠣᠯᠭ᠎ᠠ᠂ ᠣᠷᠴᠢᠨ ᠠᠬᠤᠢ ᠶ᠋ᠢᠨ ᠨᠥᠬᠥᠴᠡᠯ ᠭᠡᠳ ᠣᠯᠠᠨ ᠲᠠᠯ᠎ᠠ ᠬᠠᠮᠤᠷᠠᠭᠳᠣᠳᠠᠭ ᠴᠤ᠌᠂ ᠪᠢᠳᠡᠨ ᠦ᠌ ᠶᠡᠷᠦᠳᠡ ᠶ᠋ᠢᠨ ᠠᠵᠢᠯ ᠲᠥᠷᠥᠯ ᠬᠢᠬᠦ ᠳ᠋ᠦ᠍ ᠰᠢᠭᠤᠳ ᠨᠥᠯᠥᠭᠡ ᠦᠵᠡᠭᠦᠯᠳᠡᠭ ᠨᠢ ᠬᠥᠮᠦᠨ ᠠᠮᠠ ᠶ᠋ᠢᠨ ᠪᠦᠲᠦᠴᠡ᠂ ᠠᠵᠤ ᠠᠬᠤᠢ ᠶ᠋ᠢᠨ ᠪᠠᠢᠳᠠᠯ ᠬᠢᠭᠡᠳ ᠬᠠᠤᠯᠢ ᠴᠠᠭᠠᠵᠠ᠂ ᠲᠥᠷᠥ ᠶ᠋ᠢᠨ ᠪᠣᠳᠣᠯᠭ᠎ᠠ ᠶ᠋ᠢᠨ ᠲᠡᠭᠦᠯᠳᠡᠷᠵᠢᠯ ᠵᠡᠷᠭᠡ ᠪᠣᠯᠤᠨ᠎ᠠ᠃ ᠪᠢᠳᠡ ᠶᠠᠭᠤ ᠬᠢᠭᠰᠡᠨ ᠴᠦ᠍᠂ ᠲᠡᠭᠦᠨ ᠢ᠋ ᠪᠡᠨ ᠰᠠᠢᠨ ᠬᠢᠵᠦ᠂ ᠪᠤᠰᠤᠳ ᠠ᠋ᠴᠠ ᠮᠠᠩᠯᠠᠢᠯᠠᠬᠤ ᠶ᠋ᠢ ᠬᠦᠰᠡᠪᠡᠯ ᠵᠠᠪᠠᠯ ᠡᠨᠡ ᠭᠤᠷᠪᠠᠨ ᠲᠠᠯ᠎ᠠ ᠶ᠋ᠢᠨ ᠨᠥᠬᠥᠴᠡᠯ ᠪᠠᠢᠳᠠᠯ ᠢ᠋ ᠡᠬᠢᠯᠡᠭᠡᠳ ᠰᠠᠢᠲᠤᠷ ᠵᠠᠳᠠᠯᠵᠤ ᠰᠤᠷᠬᠤ ᠬᠡᠷᠡᠭᠲᠡᠢ᠃
ᠨᠢᠭᠡ ᠂ ᠬᠥᠮᠦᠨ ᠠᠮᠠ ᠶ᠋ᠢᠨ ᠪᠦᠲᠦᠴᠡ
ᠶᠠᠮᠠᠷ ᠨᠢᠭᠡᠨ ᠠᠵᠢᠯ ᠬᠢᠭᠰᠡᠨ ᠴᠦ᠍ ᠡᠴᠦᠰ ᠦ᠋ᠨ ᠵᠣᠷᠢᠯᠭ᠎ᠠ ᠨᠢ ᠬᠡᠷᠡᠭᠯᠡᠭᠴᠢ ᠳ᠋ᠦ᠍ ᠶᠠᠮᠠᠷ ᠨᠢᠭᠡᠨ ᠲᠠᠸᠠᠷ ᠪᠤᠶᠤ ᠦᠢᠯᠡᠴᠢᠯᠡᠭᠡ ᠶ᠋ᠢ ᠬᠦᠷᠭᠡᠬᠦ ᠶᠠᠪᠤᠳᠠᠯ ᠪᠠᠢᠳᠠᠭ᠃ ᠥᠭᠡᠷ᠎ᠡ ᠪᠡᠷ ᠬᠡᠯᠡᠪᠡᠯ ᠪᠢᠳᠡ ᠶᠠᠭᠤ ᠬᠢᠭᠰᠡᠨ ᠴᠦ᠍ ᠡᠴᠦᠰ ᠦ᠋ᠨ ᠬᠡᠷᠡᠭᠯᠡᠭᠴᠢ ᠨᠢ ᠬᠥᠮᠦᠨ ᠯᠡ ᠪᠠᠢᠳᠠᠭ᠃ ᠡᠢᠮᠦ ᠡᠴᠡ ᠪᠢᠳᠡ ᠡᠴᠦᠰ ᠦ᠋ᠨ ᠬᠡᠷᠡᠭᠯᠡᠭᠴᠢ ᠪᠣᠯᠤᠭᠰᠠᠨ ᠬᠥᠮᠦᠨ ᠢ᠋ᠶ᠋ᠡᠨ ᠡᠬᠢᠯᠡᠭᠡᠳ ᠰᠠᠢᠨ ᠰᠣᠳᠣᠯᠠᠬᠤ ᠬᠡᠷᠡᠭᠲᠡᠢ᠃ ᠴᠢᠨᠦ ᠬᠢᠬᠦ ᠭᠡᠵᠦ ᠪᠠᠢᠭ᠎ᠠ ᠵᠦᠢᠯ ᠢ᠋ ᠶᠠᠮᠠᠷ ᠬᠥᠮᠦᠰ ᠭᠣᠣᠯᠳᠠᠭᠤ ᠰᠣᠨᠢᠷᠬᠠᠳᠠᠭ᠂ ᠲᠠᠨ ᠤ᠋ ᠣᠷᠴᠢᠨ ᠳ᠋ᠤ᠌ ᠡᠢᠮᠦ ᠲᠥᠷᠥᠯ ᠦ᠋ᠨ ᠬᠥᠮᠦᠨ ᠬᠡᠳᠦᠢ ᠪᠠᠢᠭ᠎ᠠ ᠂ ᠪᠤᠰᠤᠳ ᠠᠳᠠᠯᠢᠬᠠᠨ ᠲᠠᠸᠠᠷ ᠬᠢᠵᠦ ᠪᠠᠢᠭ᠎ᠠ ᠬᠥᠮᠦᠨ ᠬᠡᠳᠦᠢ ᠪᠠᠢᠭ᠎ᠠ᠂ ᠲᠠ ᠬᠡᠳᠦᠢ ᠬᠤᠪᠢ ᠶ᠋ᠢ ᠨᠢ ᠡᠵᠡᠯᠡᠵᠦ ᠴᠢᠳᠠᠬᠤ᠃ ᠡᠰᠡᠬᠦᠯ᠎ᠡ ᠲᠠᠨ ᠤ᠋ ᠣᠷᠴᠢᠨ ᠳ᠋ᠤ᠌ ᠴᠢᠨᠢ ᠶᠠᠮᠠᠷ ᠲᠥᠷᠥᠯ ᠦ᠋ᠨ ᠬᠥᠮᠦᠨ ᠣᠯᠠᠨ ᠪᠠᠢᠭ᠎ᠠ᠂ ᠲᠠ ᠲᠡᠳᠡᠨ ᠳ᠋ᠦ᠍ ᠵᠣᠷᠢᠭᠤᠯᠤᠭᠰᠠᠨ ᠶᠠᠮᠠᠷ ᠪᠦᠲᠦᠭᠡᠭᠳᠡᠬᠦᠨ ᠭᠠᠷᠭᠠᠪᠠᠯ ᠰᠠᠷ᠎ᠠ ᠳ᠋ᠤ᠌ ᠬᠡᠳᠦᠢ ᠬᠤᠳᠠᠯᠳᠤᠵᠤ ᠴᠢᠳᠠᠬᠤ᠂ ᠬᠡᠳᠦᠢ ᠣᠷᠣᠯᠭ᠎ᠠ ᠣᠯᠵᠤ ᠴᠢᠳᠠᠬᠤ᠂ ᠲᠠᠨ ᠤ᠋ ᠦᠢᠯᠡᠳᠪᠦᠷᠢᠯᠡᠯ ᠦ᠋ᠨ ᠬᠦᠴᠦᠨ ᠴᠢᠳᠠᠯ ᠲᠡᠭᠦᠨ ᠢ᠋ ᠬᠠᠩᠭᠠᠵᠤ ᠴᠢᠳᠠᠬᠤ ᠡᠰᠡᠬᠦ ᠭᠡᠳ ᠣᠯᠠᠨ ᠣᠯᠠᠨ ᠲᠠᠯ᠎ᠠ ᠶ᠋ᠢᠨ ᠨᠥᠬᠥᠴᠡᠯ ᠪᠠᠢᠳᠠᠯ ᠨᠢ ᠬᠥᠮᠦᠨ ᠠᠮᠠ ᠶ᠋ᠢᠨ ᠪᠦᠲᠦᠴᠡ ᠲᠡᠢ ᠰᠢᠭᠤᠳ ᠬᠣᠯᠪᠣᠭᠳᠠᠵᠤ ᠪᠠᠢᠳᠠᠭ᠃ ᠡᠢᠮᠦ ᠡᠴᠡ ᠪᠢᠳᠡ ᠶᠠᠭᠤ ᠬᠢᠭᠰᠡᠨ ᠴᠦ᠍ ᠡᠬᠢᠯᠡᠭᠡᠳ ᠬᠠᠮᠤᠭ ᠤ᠋ᠨ ᠡᠩ ᠦ᠋ᠨ᠂ ᠬᠥᠮᠦᠨ ᠪᠦᠬᠦᠨ ᠦ᠌ ᠣᠮᠲᠣᠭᠠᠢᠯᠠᠳᠠᠭ ᠬᠥᠮᠦᠨ ᠠᠮᠠ ᠶ᠋ᠢᠨ ᠪᠦᠲᠦᠴᠡ ᠶ᠋ᠢ ᠰᠠᠢᠨ ᠰᠤᠳᠤᠯᠵᠤ ᠦᠵᠡᠬᠦ ᠨᠢ ᠵᠦᠢᠲᠡᠢ ᠶᠤᠮ᠃
ᠬᠣᠶᠠᠷ ᠂ ᠠᠵᠤ ᠠᠬᠤᠢ ᠶ᠋ᠢᠨ ᠪᠠᠢᠳᠠᠯ
ᠠᠮᠢᠳᠤᠷᠠᠯ ᠳᠤᠮᠳᠠ ᠨᠡᠢᠭᠡᠮ ᠦ᠋ᠨ ᠬᠥᠭᠵᠢᠯᠲᠡ ᠰᠠᠢᠨ ᠪᠠᠢᠬᠤ ᠳᠣᠳᠣᠮ ᠠᠷᠠᠳ ᠲᠦᠮᠡᠨ ᠦ᠌ ᠠᠷᠠᠯᠵᠢᠶ᠎ᠠ ᠬᠤᠳᠠᠯᠳᠤᠭ᠎ᠠ ᠴᠤ᠌ ᠳᠠᠭᠠᠯᠳᠤᠨ ᠮᠠᠰᠢ ᠬᠥᠭᠵᠢᠶᠡᠨ ᠲᠡᠢ ᠪᠣᠯᠵᠤ᠂ ᠮᠠᠯᠴᠢᠳ ᠤ᠋ᠨ ᠮᠠᠯ᠂ ᠮᠢᠬᠠᠨ ᠤ᠋ ᠦᠨ᠎ᠡ ᠴᠦ᠍ ᠳᠠᠭᠠᠯᠳᠤᠨ ᠥᠰᠳᠡᠭ ᠢ᠋ ᠪᠢᠳᠡ ᠪᠦᠷ ᠮᠡᠳᠡᠨ᠎ᠡ᠃ ᠲᠡᠭᠡᠪᠡᠯ ᠪᠢᠳᠡ ᠶᠠᠭᠠᠬᠢᠵᠤ ᠡᠨᠡ ᠪᠦᠬᠦᠨ ᠢ᠋ ᠤᠷᠢᠳᠴᠢᠯᠠᠨ ᠮᠡᠳᠡᠵᠦ᠂ ᠶᠠᠭᠤ ᠬᠢᠬᠦ᠂ ᠡᠰᠡᠬᠦᠯ᠎ᠡ ᠶᠠᠭᠤ ᠬᠢᠪᠡᠯ ᠠᠰᠢᠭᠲᠠᠢ ᠡᠰᠡᠬᠦ ᠪᠡᠨ ᠬᠡᠷᠬᠢᠨ ᠲᠥᠰᠦᠭᠡᠯᠡᠵᠦ ᠮᠡᠳᠡᠬᠦ ᠪᠣᠢ᠃ ᠡᠨᠡ ᠪᠣᠯ ᠳᠠᠷᠤᠢ ᠪᠢᠳᠡ ᠥᠪᠡᠷ ᠦ᠋ᠨ ᠣᠷᠣᠰᠢᠨ ᠪᠠᠢᠭ᠎ᠠ ᠨᠡᠢᠭᠡᠮ ᠦ᠋ᠨ ᠢ᠋ᠶ᠋ᠡᠨ ᠠᠵᠤ ᠠᠬᠤᠢ ᠶ᠋ᠢᠨ ᠪᠠᠢᠳᠠᠯ ᠢ᠋ ᠣᠢᠯᠭᠠᠬᠤ ᠶᠠᠪᠤᠳᠠᠯ ᠪᠣᠯᠤᠨ᠎ᠠ᠃ ᠡᠭᠦᠨ ᠳ᠋ᠦ᠍ ᠭᠣᠣᠯ ᠭᠤᠷᠪᠠᠨ ᠲᠠᠯ᠎ᠠ ᠶ᠋ᠢᠨ ᠠᠭᠤᠯᠭ᠎ᠠ ᠶ᠋ᠢ ᠣᠢᠯᠭᠠᠬᠤ ᠱᠠᠭᠠᠷᠳᠠᠯᠭ᠎ᠠ ᠲᠠᠢ᠃ ᠨᠢᠭᠡ ᠨᠢ ᠤᠯᠤᠰ ᠤ᠋ᠨ ᠳᠣᠲᠣᠭᠠᠳᠤ ᠶ᠋ᠢᠨ ᠦᠢᠯᠡᠳᠪᠦᠷᠢᠯᠡᠯ ᠦ᠋ᠨ ᠶᠡᠷᠦᠩᠬᠡᠢ ᠥᠷᠲᠡᠭ᠂ ᠳᠥᠭᠥᠮ ᠢ᠋ᠶ᠋ᠡᠷ GDP ᠭᠡᠳᠡᠭ᠃ ᠨᠥᠭᠦᠭᠡ ᠨᠢ ᠵᠣᠭᠣᠰ ᠮᠠᠭᠤᠳᠠᠬᠤ᠃ ᠡᠨᠡ ᠬᠣᠶᠠᠷ ᠪᠣᠯ ᠨᠡᠢᠭᠡᠮ ᠦ᠋ᠨ ᠠᠵᠤ ᠠᠬᠤᠢ ᠶ᠋ᠢᠨ ᠬᠥᠭᠵᠢᠯᠲᠡ ᠶ᠋ᠢᠨ ᠪᠠᠢᠳᠠᠯ ᠢ᠋ ᠲᠤᠰᠬᠠᠬᠤ ᠬᠠᠮᠤᠭ ᠤ᠋ᠨ ᠴᠢᠬᠤᠯᠠ ᠬᠡᠮᠵᠢᠭᠦᠷ ᠪᠣᠯᠤᠨ᠎ᠠ᠃ ᠪᠠᠰᠠ ᠨᠢᠭᠡ ᠪᠢᠳᠡᠨ ᠦ᠌ ᠡᠳᠦᠷ ᠳᠣᠳᠣᠮ ᠤ᠋ᠨ ᠠᠮᠢᠳᠤᠷᠠᠯ ᠲᠠᠢ ᠰᠠᠯᠤᠰᠢ ᠦᠭᠡᠢ ᠬᠣᠯᠪᠣᠭ᠎ᠠ ᠲᠠᠢ ᠵᠦᠢᠯ ᠪᠣᠯᠬᠤ ᠬᠦᠦ ᠮᠥᠩᠭᠥᠨ ᠦ᠌ ᠠᠰᠠᠭᠤᠳᠠᠯ ᠪᠣᠯᠤᠨ᠎ᠠ᠃
ᠤᠯᠤᠰ ᠤ᠋ᠨ ᠳᠣᠲᠣᠭᠠᠳᠤ ᠶ᠋ᠢᠨ ᠦᠢᠯᠡᠳᠪᠦᠷᠢᠯᠡᠯ ᠦ᠋ᠨ ᠶᠡᠷᠦᠩᠬᠡᠢ ᠥᠷᠲᠡᠭ ᠪᠣᠯ ᠵᠣᠬᠢᠬᠤ ᠬᠤᠭᠤᠴᠠᠭᠠᠨ ᠳ᠋ᠠᠬᠢ ᠨᠢᠭᠡ ᠤᠯᠤᠰ ᠪᠤᠶᠤ ᠭᠠᠵᠠᠷ ᠣᠷᠣᠨ ᠤ᠋ ᠪᠠᠢᠩᠭᠤ ᠶ᠋ᠢᠨ ᠣᠷᠣᠰᠢᠨ ᠰᠠᠭᠤᠴᠢ ᠶ᠋ᠢᠨ ᠦᠢᠯᠡᠳᠪᠦᠷᠢᠯᠡᠭᠰᠡᠨ ᠪᠦᠲᠦᠭᠡᠭᠳᠡᠬᠦᠨ ᠪᠣᠯᠤᠨ ᠦᠢᠯᠡᠴᠢᠯᠡᠭᠡᠨ ᠦ᠌ ᠥᠷᠲᠡᠭ ᠦ᠋ᠨ ᠶᠡᠷᠦᠩᠬᠡᠢ ᠬᠡᠮᠵᠢᠶ᠎ᠡ ᠪᠣᠯᠤᠨ᠎ᠠ᠃ ᠡᠢᠮᠦ ᠡᠴᠡGDP ᠥᠨᠳᠥᠷ ᠪᠠᠢᠬᠤ ᠳᠣᠳᠣᠮ ᠨᠡᠢᠭᠡᠮ ᠦ᠋ᠨ ᠠᠵᠤ ᠠᠬᠤᠢ ᠢᠯᠡᠭᠦᠦ ᠰᠠᠢᠨ ᠬᠥᠭᠵᠢᠵᠦ᠂ ᠠᠷᠠᠳ ᠲᠦᠮᠡᠨ ᠢᠯᠡᠭᠦᠦ ᠵᠣᠭᠣᠰ ᠮᠥᠩᠭᠥ ᠲᠡᠢ ᠪᠠᠢᠨ᠎ᠠ ᠭᠡᠮᠡᠨ ᠣᠢᠯᠭᠠᠵᠵᠤ ᠪᠣᠯᠤᠨ᠎ᠠ᠃ ᠲᠡᠢᠮᠦ ᠡᠴᠡ GDP ᠥᠨᠳᠥᠷ ᠪᠠᠢᠬᠤ ᠨᠥᠬᠥᠴᠡᠯ ᠳ᠋ᠦ᠍ ᠪᠢᠳᠡ ᠶᠠᠮᠠᠷ ᠨᠢᠭᠡᠨ ᠠᠵᠢᠯ ᠦᠢᠯᠡᠰ ᠢ᠋ ᠬᠢᠬᠦ ᠳ᠋ᠦ᠍ ᠬᠡᠷᠡᠭᠯᠡᠭᠴᠢ ᠶ᠋ᠢᠨ ᠬᠤᠳᠠᠯᠳᠤᠨ ᠠᠪᠬᠤ ᠴᠢᠳᠠᠪᠤᠷᠢ ᠥᠨᠳᠥᠷ ᠤᠴᠢᠷ ᠠ᠋ᠴᠠ ᠪᠦᠲᠦᠬᠦ ᠪᠣᠯᠤᠮᠵᠢ ᠨᠢ ᠴᠦ᠍ ᠥᠨᠳᠥᠷ ᠪᠠᠢᠳᠠᠭ᠃
ᠬᠠᠷᠢᠨ ᠵᠣᠭᠣᠰ ᠮᠠᠭᠤᠳᠠᠬᠤ ᠪᠣᠯ ᠲᠡᠷᠡ ᠪᠣᠯᠭᠠᠨ ᠪᠢᠳᠡᠨ ᠳ᠋ᠦ᠍ ᠢᠯᠡ ᠬᠠᠷᠠᠭᠳᠠᠭᠠᠳ ᠪᠠᠢᠳᠠᠭ ᠵᠦᠢᠯ ᠪᠢᠰᠢ᠃ ᠵᠣᠭᠣᠰ ᠮᠠᠭᠤᠳᠠᠬᠤ ᠭᠡᠳᠡᠭ ᠪᠣᠯ ᠨᠢᠭᠡᠴᠢ ᠮᠥᠩᠭᠥᠨ ᠦ᠌ ᠬᠤᠳᠠᠯᠳᠤᠨ ᠠᠪᠬᠤ ᠴᠢᠳᠠᠪᠤᠷᠢ ᠶ᠋ᠢᠨ ᠪᠠᠭᠤᠷᠠᠭᠰᠠᠨ ᠬᠡᠮᠵᠢᠶ᠎ᠡ ᠶ᠋ᠢ ᠵᠢᠭᠠᠳᠠᠭ᠃ ᠡᠭᠦᠨ ᠢ᠋ ᠪᠢᠳᠡ ᠡᠩ ᠦ᠋ᠨ ᠠᠮᠢᠳᠤᠷᠠᠯ ᠳ᠋ᠤ᠌ ᠶᠠᠭᠤᠮᠠᠨ ᠤ᠋ ᠦᠨ᠎ᠡ ᠥᠰᠦᠭᠰᠡᠨ ᠭᠡᠮᠡᠨ ᠣᠢᠯᠭᠠᠳᠠᠭ᠃ ᠶᠠᠭ ᠦᠨᠡᠨ ᠳ᠋ᠡᠭᠡᠨ ᠡᠨᠡ ᠪᠣᠯ ᠪᠣᠳᠠᠰ ᠤ᠋ᠨ ᠦᠨ᠎ᠡ ᠥᠰᠦᠭᠰᠡᠨ ᠪᠢᠰᠢ᠂ ᠬᠠᠷᠢᠨ ᠵᠣᠭᠣᠰ ᠤ᠋ᠨ ᠬᠤᠳᠠᠯᠳᠤᠨ ᠠᠪᠬᠤ ᠴᠢᠳᠠᠪᠤᠷᠢ ᠪᠠᠭᠤᠷᠠᠭᠰᠠᠨ ᠬᠡᠷᠡᠭ ᠪᠣᠯᠤᠨ᠎ᠠ᠃ ᠡᠢᠮᠦ ᠡᠴᠡ ᠵᠣᠭᠣᠰ ᠮᠠᠭᠤᠳᠠᠬᠤ ᠨᠢ ᠪᠢᠳᠡᠨ ᠦ᠌ ᠠᠵᠢᠯ ᠦᠢᠯᠡᠰ ᠬᠢᠬᠦ ᠳ᠋ᠦ᠍ ᠲᠡᠳᠦᠢ ᠯᠡ ᠠᠰᠢᠭ ᠲᠠᠢ ᠪᠢᠰᠢ ᠪᠠᠢᠵᠤ᠂ ᠪᠢᠳᠡ ᠶᠠᠭᠤ ᠨᠢᠭᠡ ᠶ᠋ᠢ ᠬᠢᠬᠦ ᠡᠴᠡ ᠡᠮᠦᠨ᠎ᠡ ᠪᠤᠶᠤ ᠥᠪᠡᠷ ᠦ᠋ᠨ ᠬᠥᠭᠵᠢᠯᠲᠡ ᠶ᠋ᠢᠨ ᠬᠠᠨᠳᠤᠰᠢ ᠪᠠᠨ ᠲᠣᠳᠤᠷᠬᠠᠢᠯᠬᠤ ᠳ᠋ᠤ᠌ ᠪᠠᠨ ᠵᠣᠭᠣᠰ ᠮᠠᠭᠤᠳᠠᠵᠤ ᠪᠠᠢᠭ᠎ᠠ ᠬᠡᠮᠵᠢᠶ᠎ᠡ ᠶ᠋ᠢ ᠣᠢᠯᠭᠠᠵᠤ ᠮᠡᠳᠡᠵᠦ ᠪᠠᠢᠬᠤ ᠨᠢ ᠢᠷᠡᠭᠡᠳᠦᠢ ᠶ᠋ᠢᠨ ᠬᠥᠭᠵᠢᠯᠲᠡ ᠳ᠋ᠦ᠍ ᠮᠠᠰᠢ ᠬᠡᠷᠡᠭᠲᠡᠢ ᠵᠦᠢᠯ ᠪᠣᠯᠬᠤ ᠶᠤᠮ᠃
ᠬᠦᠦ ᠮᠥᠩᠭᠥ ᠲᠡᠢ ᠪᠢᠳᠡ ᠪᠠᠷᠤᠭ ᠡᠳᠦᠷ ᠪᠣᠯᠭᠠᠨ ᠨᠢᠭᠤᠷ ᠲᠤᠯᠵᠤ ᠪᠠᠢᠭ᠎ᠠ ᠪᠢᠯᠡ᠃ ᠬᠦᠦ ᠮᠥᠩᠭᠥ ᠥᠨᠳᠥᠷ ᠪᠣᠯᠬᠤ ᠳᠣᠳᠣᠮ ᠪᠢᠳᠡ ᠵᠢᠭᠡᠯᠡᠯᠭᠡ ᠠᠪᠴᠤ ᠬᠡᠷᠡᠭᠯᠡᠬᠦ ᠳ᠋ᠦ᠍ ᠠᠰᠢᠭ ᠦᠭᠡᠢ ᠪᠠᠢᠳᠠᠭ᠃ ᠡᠢᠮᠦ ᠡᠴᠡ ᠶᠠᠮᠠᠷ ᠨᠢᠭᠡᠨ ᠦᠢᠯᠡᠰ ᠡᠬᠢᠯᠡᠭᠦᠯᠬᠦ ᠶ᠋ᠢᠨ ᠲᠤᠯᠠᠳᠠ ᠵᠢᠭᠡᠯᠡᠯᠭᠡ ᠠᠪᠬᠤ ᠴᠢᠬᠤᠯᠠ ᠲᠠᠢ ᠪᠣᠯ ᠬᠦᠦ ᠮᠥᠩᠭᠥ ᠪᠡᠨ ᠰᠠᠢᠨ ᠲᠣᠭᠠᠴᠢᠵᠤ ᠦᠵᠡᠬᠦ ᠨᠢ ᠵᠦᠢᠲᠡᠢ ᠶᠤᠮ᠃ ᠣᠳᠣ ᠬᠥᠳᠡᠭᠡ ᠲᠣᠰᠬᠣᠨ ᠤ᠋ ᠮᠥᠩᠭᠥᠨ ᠭᠦᠢᠯᠭᠡᠭᠡᠨ ᠦ᠌ ᠰᠢᠰᠲ᠋ᠧᠮ ᠲᠡᠭᠦᠯᠳᠡᠷᠵᠢᠵᠦ᠂ ᠪᠠᠩᠬᠢ ᠠ᠋ᠴᠠ ᠪᠤᠰᠤᠳ ᠲᠠᠢ ᠠᠳᠠᠯᠢᠬᠠᠨ ᠨᠥᠬᠥᠴᠡᠯ ᠢ᠋ᠶ᠋ᠡᠷ ᠤᠷᠲᠤ ᠬᠤᠭᠤᠴᠠᠭᠠᠨ ᠤ᠋ ᠵᠢᠭᠡᠯᠡᠯᠭᠡ ᠣᠯᠬᠤ ᠪᠣᠯᠤᠮᠵᠢ ᠨᠡᠭᠡᠭᠡᠭᠳᠡᠵᠦ ᠪᠠᠢᠭ᠎ᠠ ᠨᠢ ᠪᠢᠳᠡᠨ ᠳ᠋ᠦ᠍ ᠪᠠᠰᠠ ᠨᠢᠭᠡᠨ ᠠᠰᠢᠭᠲᠠᠢ ᠨᠥᠬᠥᠴᠡᠯ ᠪᠣᠢ ᠪᠣᠯᠵᠤ ᠪᠠᠢᠭ᠎ᠠ ᠶᠤᠮ᠃
ᠭᠤᠷᠪᠠ ᠂ ᠬᠠᠤᠯᠢ ᠴᠠᠭᠠᠵᠠ ᠂ ᠲᠥᠷᠥ ᠶ᠋ᠢᠨ ᠪᠣᠳᠣᠯᠭ᠎ᠠ ᠶ᠋ᠢᠨ ᠲᠡᠭᠦᠯᠳᠡᠷᠵᠢᠯ
ᠶᠠᠮᠠᠷ ᠨᠢᠭᠡᠨ ᠠᠵᠢᠯ ᠦᠢᠯᠡᠰ ᠬᠢᠭᠰᠡᠨ ᠴᠦ᠍ ᠬᠠᠤᠯᠢ ᠴᠠᠭᠠᠵᠠ᠂ ᠲᠥᠷᠥ ᠶ᠋ᠢᠨ ᠪᠣᠳᠣᠯᠭ᠎ᠠ ᠶ᠋ᠢᠨ ᠬᠡᠪᠴᠢᠶᠡᠨ ᠳ᠋ᠦ᠍ ᠬᠢᠵᠦ ᠪᠠᠢᠳᠠᠭ ᠠ᠋ᠴᠠ ᠪᠢᠳᠡ ᠬᠡᠵᠢᠶ᠎ᠡ ᠴᠤ᠌ ᠡᠨᠡ ᠬᠣᠶᠠᠷ ᠠ᠋ᠴᠠ ᠰᠠᠯᠵᠤ ᠴᠢᠳᠠᠬᠤ ᠦᠭᠡᠢ ᠪᠢᠯᠡ᠃ ᠲᠡᠢᠮᠦ ᠡᠴᠡ ᠪᠢᠳᠡ ᠠᠵᠢᠯ ᠦᠢᠯᠡᠰ ᠬᠢᠬᠦ ᠶᠠᠪᠤᠴᠠ ᠳ᠋ᠤ᠌ ᠬᠠᠤᠯᠢ ᠴᠠᠭᠠᠵᠠ᠂ ᠲᠥᠷᠥ ᠶ᠋ᠢᠨ ᠪᠣᠳᠣᠯᠭ᠎ᠠ ᠶ᠋ᠢᠨ ᠲᠡᠭᠦᠯᠳᠠᠷᠵᠢᠯ ᠨᠢ ᠪᠢᠳᠡᠨ ᠳ᠋ᠦ᠍ ᠮᠠᠰᠢ ᠣᠯᠠᠨ ᠪᠣᠯᠤᠮᠵᠢ ᠤ᠋ᠳ ᠢ᠋ ᠠᠪᠴᠢᠷᠠᠵᠤ ᠥᠭᠳᠡᠭ᠃ ᠵᠢᠱ᠌ᠢᠶ᠎ᠡ ᠨᠢ ᠣᠢᠷ᠎ᠠ ᠶ᠋ᠢᠨ ᠬᠤᠭᠤᠴᠠᠭᠠᠨ ᠳ᠋ᠤ᠌ ᠵᠠᠰᠠᠪᠤᠷᠢ ᠣᠷᠣᠭᠤᠯᠤᠭᠰᠠᠨ ᠬᠣᠷᠰᠢᠶᠠᠵᠢᠯ ᠤ᠋ᠨ ᠬᠠᠤᠯᠢ ᠨᠢ ᠮᠠᠯᠴᠢᠳ ᠤ᠋ᠨ ᠬᠣᠷᠰᠢᠶᠠᠵᠢᠯ ᠢ᠋ ᠬᠠᠤᠯᠢ ᠴᠠᠭᠠᠵᠠ ᠶ᠋ᠢᠨ ᠲᠦᠪᠰᠢᠨ ᠳ᠋ᠦ᠍ ᠺᠣᠮᠫᠠᠨᠢ ᠲᠠᠢ ᠠᠳᠠᠯᠢᠬᠠᠨ ᠪᠠᠢᠷᠢ ᠰᠠᠭᠤᠷᠢ ᠲᠠᠢ ᠪᠣᠯᠭᠠᠵᠤ᠂ ᠵᠢᠭᠡᠯᠡᠯᠭᠡ ᠠᠪᠬᠤ᠂ ᠪᠦᠲᠦᠭᠡᠭᠳᠡᠬᠦᠨ ᠢ᠋ᠶ᠋ᠡᠨ ᠵᠠᠬ᠎ᠠ ᠵᠡᠭᠡᠯᠢ ᠳ᠋ᠦ᠍ ᠭᠠᠷᠭᠠᠬᠤ ᠳ᠋ᠤ᠌ ᠤᠤᠯ ᠠ᠋ᠴᠠ ᠪᠠᠨ ᠢᠯᠡᠭᠦᠦ ᠳᠥᠭᠥᠮ ᠪᠣᠯᠭᠠᠭᠰᠠᠨ ᠪᠠᠢᠳᠠᠭ᠃ ᠡᠭᠦᠨ ᠡᠴᠡ ᠭᠠᠳᠠᠨ᠎ᠠ ᠢᠳᠡᠭᠡᠨ ᠦ᠌ ᠠᠮᠤᠷ ᠲᠦᠪᠰᠢᠨ ᠦ᠌ ᠬᠠᠤᠯᠢ ᠴᠠᠭᠠᠵᠠ ᠤᠯᠠᠮ ᠴᠢᠩᠭᠠᠷᠠᠵᠤ ᠪᠠᠢᠭ᠎ᠠ ᠨᠢ ᠮᠠᠨ ᠤ᠋ ᠮᠠᠯᠴᠢᠳ ᠰᠢᠭ᠋ ᠴᠣᠯ ᠴᠡᠪᠡᠷ ᠂ ᠪᠠᠢᠭᠠᠯᠢᠭ ᠪᠦᠲᠦᠭᠡᠭᠳᠡᠬᠦᠨ ᠬᠢᠵᠦ ᠪᠠᠢᠭ᠎ᠠ ᠬᠥᠮᠦᠰ ᠲᠦ᠍ ᠮᠠᠰᠢ ᠶᠡᠬᠡ ᠬᠠᠤᠯᠢ ᠴᠠᠭᠠᠵᠠ ᠶ᠋ᠢᠨ ᠳᠡᠮᠵᠢᠯᠭᠡ ᠪᠣᠯᠤᠭᠰᠠᠨ ᠶᠤᠮ᠃ᠠᠮᠢᠳᠤᠷᠠᠯ ᠳ᠋ᠤ᠌ ᠠᠵᠠ ᠵᠠᠪᠰᠢᠶᠠᠨ ᠵᠥᠩᠳᠡᠭᠡᠨ ᠴᠦ᠍ ᠲᠡᠷᠡ ᠨᠢ ᠬᠥᠮᠦᠨ ᠪᠣᠯᠭᠠᠨ ᠳ᠋ᠤ᠌ ᠣᠯᠳᠠᠭᠠᠳ ᠪᠠᠢᠳᠠᠭ ᠵᠦᠢᠯ ᠪᠢᠰᠢ᠃ ᠲᠡᠢᠮᠦ ᠡᠴᠡ ᠬᠥᠮᠦᠰ ᠲᠡᠭᠦᠨ ᠢ᠋ ᠣᠯᠵᠤ ᠠᠪᠬᠤ ᠶ᠋ᠢ ᠬᠦᠰᠡᠳᠡᠭ᠃ ᠲᠡᠭᠡᠪᠡᠯ ᠲᠡᠭᠦᠨ ᠢ᠋ ᠣᠯᠬᠤ ᠳ᠋ᠤ᠌ ᠡᠬᠢᠯᠡᠭᠡᠳ ᠪᠢᠳᠡ ᠥᠪᠡᠷ ᠦ᠋ᠨ ᠬᠣᠷᠸ᠎ᠠ ᠣᠷᠴᠢᠨ ᠢ᠋ᠶ᠋ᠠᠨ ᠨᠠᠷᠢᠯᠢᠭ ᠵᠥᠪ ᠵᠠᠳᠠᠯᠵᠤ ᠰᠤᠷᠬᠤ ᠬᠡᠷᠡᠭᠲᠡᠢ᠃
ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ
