ᠬᠥᠮᠦᠨ ᠬᠦᠴᠦ ᠪᠡᠷ ᠢ᠋ᠶ᠋ᠡᠨ - ᠬᠤᠷᠳᠤᠨᠬᠦᠦХүн хүчээрээ-Хурданхүү ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠮᠦᠨ ᠬᠦᠴᠦ ᠪᠡᠷ ᠢ᠋ᠶ᠋ᠡᠨ - ᠬᠤᠷᠳᠤᠨᠬᠦᠦХүн хүчээрээ-Хурданхүү

ᠬᠥᠮᠦᠨ ᠬᠦᠴᠦ ᠪᠡᠷ ᠢ᠋ᠶ᠋ᠡᠨ - ᠬᠤᠷᠳᠤᠨᠬᠦᠦХүн хүчээрээ-Хурданхүү

2025-08-16

354

ᠬᠥᠮᠦᠨ ᠬᠦᠴᠦ ᠪᠡᠷ ᠢ᠋ᠶ᠋ᠡᠨ

ᠮᠣᠩᠭᠣᠯ ᠬᠡᠯᠡᠴᠡ ᠶ᠋ᠢᠨ ᠬᠥᠮᠦᠵᠢᠯ 
— ᠬᠥᠮᠦᠨ ᠬᠦᠴᠦ ᠪᠡᠷ ᠢ᠋ᠶ᠋ᠡᠨ 
      ᠬᠤᠷᠳᠤᠨᠬᠦᠦ 
ᠥᠪᠡᠷ ᠦ᠋ᠨ ᠲᠠᠷᠢᠭᠰᠠᠨ ᠠᠮᠤ ᠠ᠋ᠴᠠ ᠠᠮᠲᠠᠲᠠᠢ ᠨᠢ ᠦᠭᠡᠢ 
ᠦᠪᠷ ᠦ᠋ᠨ ᠨᠡᠬᠡᠭᠰᠡᠨ ᠪᠥᠰ ᠡᠴᠡ ᠳᠠᠷᠳᠠᠢ ᠨᠢ ᠦᠭᠡᠢ᠃
ᠬᠥᠯ ᠢ᠋ᠶ᠋ᠡᠷ ᠢ᠋ᠶ᠋ᠡᠨ ᠶᠠᠪᠤᠵᠤ ᠬᠥᠯᠥᠰᠥ ᠪᠡᠨ ᠭᠠᠷᠭᠠᠵᠤ ᠣᠯᠤᠭᠰᠠᠨ 
ᠪᠡᠶ᠎ᠡ ᠪᠡᠨ ᠶᠠᠪᠤᠵᠤ ᠪᠡᠨ᠎ᠡ ᠪᠡᠨ ᠭᠠᠷᠭᠠᠵᠤ ᠣᠯᠤᠭᠰᠠᠨ᠃
ᠡᠵᠢ ᠳ᠋ᠦ᠍ ᠪᠠᠢᠪᠠᠴᠤ ᠠᠪᠤ ᠳ᠋ᠤ᠌ ᠪᠠᠢᠪᠠᠴᠤ
ᠪᠡᠶ᠎ᠡ ᠳ᠋ᠦ᠍ ᠪᠠᠢᠬᠤ ᠶ᠋ᠢ ᠬᠦᠷᠬᠦ ᠦᠭᠡᠢ᠃
ᠠᠯᠲᠠᠨ ᠠᠭᠤᠯᠠ ᠶ᠋ᠢ ᠲᠦᠰᠢᠬᠦ ᠪᠡᠷ
ᠠᠷᠪᠠᠨ ᠬᠤᠷᠤᠭᠤ ᠪᠠᠨ ᠳᠥᠰᠢ᠃
ᠵᠢᠭᠠᠭᠰᠠᠨ ᠦᠭᠡ ᠬᠡᠳᠦᠢ ᠬᠡᠯᠡᠨ᠎ᠡ ᠪᠣᠢ
ᠵᠢᠭᠡᠯᠡᠭᠰᠡᠨ ᠪᠤᠳᠠᠭ᠎ᠠ ᠬᠡᠳᠦᠢ ᠢᠳᠡᠨ᠎ᠡ ᠪᠣᠢ᠃
ᠠᠭᠲᠠ ᠪᠠᠷᠢᠵᠤ ᠡᠮᠡᠭᠡᠯ ᠳᠠᠷᠤᠬᠤ ᠳ᠋ᠤ᠌ ᠠᠮᠠᠷᠬᠠᠨ
ᠠᠮᠠ ᠨᠡᠭᠡᠭᠡᠵᠦ ᠶᠠᠭᠤᠮ᠎ᠠ ᠭᠤᠶᠤᠬᠤ ᠳ᠋ᠤ᠌ ᠪᠡᠷᠬᠡ᠃
ᠬᠥᠮᠦᠨ ᠦ᠌ ᠶᠠᠭᠤᠮ᠎ᠠ ᠬᠦᠴᠦ ᠥᠬᠡᠢ
ᠬᠦᠵᠦᠭᠦᠨ ᠦ᠌ ᠮᠢᠬ᠎ᠠ ᠠᠮᠲᠠ ᠦᠭᠡᠢ᠃
ᠠᠢᠯ ᠠ᠋ᠴᠠ ᠡᠷᠢᠬᠦ ᠪᠡᠷ
ᠠᠮᠢ ᠪᠠᠷ ᠢ᠋ᠶ᠋ᠠᠨ ᠠᠵᠢᠯᠯᠠᠪᠠᠯ ᠳᠡᠭᠡᠷ᠎ᠡ᠃
ᠨᠠᠳᠠ ᠠ᠋ᠴᠠ ᠠᠰᠠᠭᠤᠬᠤ ᠪᠠᠷ
ᠨᠠᠭᠠᠳᠤᠬᠢ ᠪᠠᠨ ᠦᠵᠡ᠃
ᠠᠰᠢᠳᠠ ᠬᠥᠮᠦᠨ ᠦ᠌ ᠬᠦᠴᠦ ᠪᠡᠷ ᠶᠠᠪᠤᠭᠰᠠᠳ
ᠠᠯᠤᠰ ᠲᠤ᠌ ᠪᠠᠨ ᠠᠷᠭ᠎ᠠ ᠦᠭᠡᠢ ᠳᠣᠷᠣᠢᠲᠠᠨ᠎ᠠ᠃
ᠬᠡᠦᠬᠡᠳ ᠢ᠋ᠶ᠋ᠡᠨ ᠵᠠᠷᠤᠭᠰᠠᠨ ᠬᠥᠮᠦᠨ ᠨᠢᠭᠡ ᠨᠢᠳᠦ ᠰᠣᠬᠣᠷ
ᠬᠥᠮᠦᠨ ᠢ᠋ ᠵᠠᠷᠤᠭᠰᠠᠨ ᠬᠥᠮᠦᠨ ᠬᠣᠶᠠᠷ ᠨᠢᠳᠦ ᠰᠣᠬᠣᠷ᠃
ᠬᠦᠦ ᠪᠡᠨ ᠵᠠᠷᠤᠭᠰᠠᠨ ᠬᠥᠮᠦᠨ ᠨᠢᠭᠡ ᠬᠥᠯ ᠳᠣᠭᠣᠯᠠᠩ
ᠬᠥᠮᠦᠨ ᠢ᠋ ᠵᠠᠷᠤᠭᠰᠠᠨ ᠬᠥᠮᠦᠨ ᠬᠣᠶᠠᠷ ᠬᠥᠯ ᠳᠣᠭᠣᠯᠠᠩ᠃
ᠪᠤᠷᠬᠠᠨ ᠳ᠋ᠤ᠌ ᠪᠠᠨ ᠢᠲᠡᠭᠡᠵᠦ ᠨᠠᠷᠭᠢᠭᠦᠯᠬᠦ
ᠪᠤᠬᠠᠨ ᠳ᠋ᠤ᠌ ᠪᠠᠨ ᠢᠲᠡᠭᠡᠵᠦ ᠮᠥᠷᠭᠥᠭᠦᠯᠬᠦ᠃
ᠪᠤᠬᠠᠨ ᠳ᠋ᠤ᠌ ᠪᠠᠨ ᠢᠲᠡᠭᠡᠵᠦ ᠬᠤᠰᠠᠷᠠᠨ᠎ᠠ
ᠪᠤᠷᠬᠠᠨ ᠳ᠋ᠤ᠌ ᠪᠠᠨ ᠢᠲᠡᠭᠡᠵᠦ ᠬᠣᠭᠣᠰᠣᠷᠠᠨ᠎ᠠ᠃
ᠨᠣᠬᠠᠢ ᠳ᠋ᠤ᠌ ᠪᠠᠨ ᠢᠲᠡᠭᠡᠭᠡᠳ ᠭᠡᠷ ᠲᠦ᠍ ᠪᠠᠭᠠᠵᠤ
ᠨᠣᠶᠠᠨ ᠳ᠋ᠤ᠌  ᠪᠠᠨ ᠢᠲᠡᠭᠡᠭᠡᠳ ᠬᠡᠷᠡᠭ ᠬᠢᠬᠦ᠃
ᠡᠷ᠎ᠡ ᠬᠥᠮᠦᠨ ᠢ᠋ ᠢᠲᠡᠭᠡᠬᠦ ᠪᠡᠷ
ᠡᠷᠡᠬᠡᠢ ᠬᠤᠷᠤᠭᠤ ᠪᠠᠨ ᠢᠳᠡᠭᠡ᠃
ᠬᠥᠮᠦᠨ ᠬᠦᠴᠦ ᠪᠡᠷ ᠢ᠋ᠶ᠋ᠡᠨ
ᠰᠢᠪᠠᠭᠤ ᠳᠠᠯᠠᠪᠴᠢ ᠪᠠᠷ ᠢ᠋ᠶ᠋ᠠᠨ᠃
ᠥᠪᠡᠷ ᠦ᠋ᠨ ᠰᠠᠢᠨ ᠢ᠋ᠶ᠋ᠠᠷ ᠬᠥᠮᠦᠨ ᠪᠣᠯᠤᠨ᠎ᠠ
ᠨᠠᠭᠤᠷ ᠤ᠋ᠨ ᠰᠠᠢᠨ ᠢ᠋ᠶ᠋ᠠᠷ ᠵᠢᠭᠠᠰᠤ ᠪᠣᠯᠤᠨ᠎ᠠ᠃
ᠤᠷᠭ᠎ᠠ ᠪᠠᠨ ᠲᠦᠰᠢᠵᠦ ᠪᠣᠰᠤᠭᠠᠳ
ᠤᠬᠠᠭᠠᠨ ᠢ᠋ᠶ᠋ᠠᠨ ᠲᠦᠰᠢᠵᠦ ᠠᠮᠢᠳᠤᠷᠠᠨ᠎ᠠ᠃
  ᠢᠷᠡᠯᠲᠡ᠄ ᠠᠷᠤ ᠬᠣᠷᠴᠢᠨ ᠬᠤᠰᠢᠭᠤᠨ ᠤ᠋ ᠬᠠᠮ ᠵᠠᠭᠤᠴᠢᠯᠠᠭᠤᠷ ᠤ᠋ᠨ ᠲᠥᠪ ᠡᠴᠡ ᠰᠡᠢᠷᠡᠭᠦᠯᠪᠡ᠃
  ᠦᠰᠦᠭ ᠠᠮᠢᠯᠠᠭᠤᠯᠤᠭᠰᠠᠨ ᠨᠢ᠄ ᠴᠢ᠊ · ᠤᠷᠨᠨᠴᠡᠴᠡᠭ