ᠰᠢᠷᠦᠭᠦᠨ ᠣᠷᠲᠤᠤᠵᠠШирүүн ортуузShirüün ortuuz
ᠰᠢᠷᠦᠭᠦᠨ ᠣᠷᠲᠤᠤᠵᠠ
ᠲᠤᠰ ᠡᠮ ᠪᠣᠯ ᠪᠤᠷᠴᠠᠭ ᠤ᠋ᠨ ᠢᠵᠠᠭᠤᠷ ᠤ᠋ᠨ ᠤᠷᠭᠤᠮᠠᠯ ᠪᠣᠯᠬᠤ ᠰᠢᠷᠦᠭᠦᠨ ᠣᠷᠲᠤᠤᠵᠠ ᠶ᠋ᠢᠨ ᠬᠠᠲᠠᠭᠠᠭᠰᠠᠨ ᠴᠡᠴᠡᠭ ᠪᠦᠬᠦᠢ ᠪᠦᠬᠦᠯᠢ ᠡᠪᠡᠰᠦ ᠮᠥᠨ᠃ ᠪᠠᠰᠠ ᠳ᠋ᠠᠭᠱᠠᠨᠠᠭᠪᠦ᠂ ᠳ᠋ᠠᠭᠮᠤᠺᠡᠷᠡᠯ᠂ ᠮᠢᠬᠠᠨ ᠤ᠋ ᠳ᠋ᠠᠷᠢᠶᠠᠭᠠᠨ ᠭᠡᠳᠡᠭ᠃
[ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃ ᠬᠥᠷᠥᠰᠥᠨ ᠳᠡᠭᠡᠷ᠎ᠡ ᠪᠡᠨ ᠡᠰᠢ ᠦᠭᠡᠢ᠂20~40cm ᠥᠨᠳᠥᠷ᠂ ᠪᠦᠬᠦ ᠪᠡᠶ᠎ᠡ ᠳ᠋ᠦ᠍ᠨᠢ ᠤᠷᠲᠤ ᠰᠢᠷᠦᠭᠦᠨ ᠦᠰᠦ ᠲᠡᠢ᠃ ᠨᠠᠪᠴᠢ ᠨᠢ ᠤᠵᠠᠭᠤᠷ ᠠ᠋ᠴᠠ ᠪᠠᠨ ᠤᠷᠭᠤᠨ᠎ᠠ᠂ ᠰᠣᠨᠳᠣᠭᠣᠢ ᠥᠳᠥᠯᠢᠭ ᠨᠡᠢᠯᠡᠮᠡᠯ ᠨᠠᠪᠴᠢ ᠲᠠᠢ᠂15~25cm ᠤᠷᠲᠤ᠂ ᠨᠠᠪᠴᠢᠨ ᠲᠡᠩᠭᠡᠯᠢᠭ ᠨᠢ ᠲᠤᠷᠤᠭ ᠪᠦᠳᠦᠭᠦᠨ᠂ ᠲᠣᠰᠬᠣᠭᠤᠷ ᠨᠠᠪᠴᠢ ᠨᠢ ᠬᠠᠪᠲᠠᠭᠠᠢ ᠲᠡᠪᠡᠨᠡ ᠬᠡᠯᠪᠡᠷᠢ ᠲᠡᠢ᠂ ᠨᠠᠪᠴᠢᠨ ᠪᠠᠷᠢᠭᠤᠯ ᠲᠠᠢ ᠪᠠᠨ ᠨᠡᠢᠯᠡᠭᠰᠡᠨ ᠪᠠᠢᠳᠠᠭ᠂ ᠰᠠᠷᠢᠰᠤᠯᠢᠭ ᠪᠥᠭᠡᠳ ᠢᠬᠴᠤ ᠤᠷᠲᠤ ᠰᠢᠷᠦᠭᠦᠨ ᠦᠰᠦ ᠲᠡᠢ᠃ ᠵᠢᠵᠢᠭ ᠨᠠᠪᠴᠢ ᠨᠢ5~9᠂ ᠴᠢᠭᠲᠠᠯᠠᠬᠤ ᠪᠤᠶᠤ ᠴᠢᠭᠲᠠᠯᠠᠬᠤ ᠰᠢᠤᠬᠠᠨ ᠤᠷᠭᠤᠨ᠎ᠠ᠃ ᠥᠨᠳᠡᠭᠡᠯᠵᠢᠨ ᠬᠠᠪᠲᠠᠭᠠᠢ ᠲᠡᠪᠡᠨᠡ ᠬᠡᠯᠪᠡᠷᠢ ᠲᠡᠢ ᠪᠤᠶᠤ ᠤᠷᠲᠤᠯᠵᠢᠨ ᠵᠤᠤᠪᠠᠩ ᠬᠡᠯᠪᠡᠷᠢ ᠲᠡᠢ᠂1.5~5mm ᠤᠷᠲᠤ᠂ ᠥᠷᠭᠡᠨ᠂ ᠬᠤᠷᠴᠠ ᠱᠣᠪᠬᠣ ᠪᠤᠶᠤ ᠵᠢᠭᠠᠬᠠᠨ ᠮᠣᠬᠣᠭᠣ ᠦᠵᠦᠭᠦᠷ ᠲᠡᠢ᠂ ᠲᠣᠭᠣᠷᠢᠭ ᠤᠭ ᠲᠠᠢ᠂ ᠨᠠᠪᠴᠢᠨ ᠥᠪᠥᠷ ᠲᠤᠨᠢ ᠦᠰᠦ ᠦᠭᠡᠢ ᠪᠤᠶᠤ ᠪᠠᠷᠤᠭ ᠦᠰᠦ ᠦᠭᠡᠢ᠂ ᠠᠷᠤ ᠪᠤᠶᠤ ᠬᠥᠪᠡᠭᠡ ᠪᠡᠷ ᠨᠢ ᠲᠠᠷᠠᠮᠠᠭ ᠤᠷᠲᠤ ᠦᠰᠦ ᠲᠡᠢ᠃ ᠴᠠᠴᠤᠭ ᠬᠡᠯᠪᠡᠷᠢᠲᠦ ᠪᠠᠭ ᠴᠡᠴᠡᠭ ᠨᠢ ᠲᠦᠷᠦᠭᠦᠦ ᠬᠡᠯᠪᠡᠷᠢ ᠲᠡᠢ᠂5~15cm ᠤᠷᠲᠤ᠂ ᠴᠡᠴᠡᠭ ᠨᠢ ᠣᠯᠠᠨ ᠮᠥᠷᠲᠡᠭᠡᠨ ᠢᠬᠴᠤ᠂ ᠶᠡᠷᠦᠩᠬᠡᠢ ᠴᠡᠴᠡᠭ ᠦ᠋ᠨ ᠪᠠᠷᠢᠭᠤᠯ ᠨᠢ ᠲᠤᠷᠤᠭ ᠪᠦᠳᠦᠭᠦᠨ᠂ ᠨᠠᠪᠴᠢ ᠠ᠋ᠴᠠ ᠪᠠᠨ ᠮᠡᠳᠡᠭᠳᠡᠮ᠎ᠡ ᠤᠷᠲᠤ᠃ ᠴᠡᠴᠡᠭ ᠨᠢ ᠭᠦᠢᠬᠡᠨ ᠪᠣᠷᠣ ᠪᠤᠶᠤ ᠭᠦᠢᠬᠡᠨ ᠰᠢᠷ᠎ᠠ ᠥᠩᠭᠡ ᠲᠡᠢ᠂15~18mm ᠤᠷᠲᠤ᠃ ᠪᠠᠭᠯᠠᠭᠴᠢ ᠢᠯᠲᠠᠰᠤ ᠨᠢ ᠬᠠᠪᠲᠠᠭᠠᠢ ᠲᠡᠪᠡᠨᠡ ᠬᠡᠯᠪᠡᠷᠢ ᠲᠡᠢ᠂ ᠲᠣᠭᠳᠣᠢ ᠨᠢ ᠬᠣᠭᠣᠯᠠᠢ ᠰᠢᠭ᠋᠂10~13mm ᠤᠷᠲᠤ᠂ ᠨᠢᠭ᠋ ᠦᠰᠦ ᠲᠡᠢ᠂ ᠲᠣᠭᠳᠣᠢ ᠶ᠋ᠢᠨ ᠬᠡᠷᠴᠢᠶᠡᠰᠦ ᠨᠢ ᠪᠦᠰᠡ ᠬᠡᠯᠪᠡᠷᠢ ᠲᠡᠢ᠂ ᠲᠣᠭᠳᠣᠢ ᠲᠠᠢ ᠪᠠᠨ ᠪᠠᠷᠤᠭ ᠲᠡᠩᠴᠡᠭᠦᠦ ᠤᠷᠲᠤ᠃ ᠴᠡᠴᠡᠭ ᠨᠢ ᠡᠷᠪᠡᠬᠡᠢ ᠬᠡᠯᠪᠡᠷᠢ ᠲᠡᠢ᠂ ᠳᠠᠯᠪᠠᠭ᠎ᠠ ᠬᠡᠯᠲᠡᠰ ᠨᠢ ᠵᠤᠤᠪᠠᠩ ᠬᠡᠯᠪᠡᠷᠢ ᠲᠡᠢ᠂ ᠰᠡᠯᠢᠭᠦᠷ ᠬᠡᠯᠲᠡᠰ ᠨᠢ ᠳᠠᠯᠪᠠᠭ᠎ᠠ ᠬᠡᠯᠲᠡᠰ ᠲᠡᠢ ᠪᠡᠨ ᠪᠠᠷᠤᠭ ᠲᠡᠩᠴᠡᠭᠦᠦ ᠤᠷᠲᠤ᠂ ᠵᠠᠪᠢ ᠬᠡᠯᠲᠡᠰ ᠨᠢ ᠣᠬᠣᠷ᠂ ᠬᠣᠰᠢᠭᠤ ᠲᠠᠢ᠃ ᠪᠤᠷᠴᠠᠭ ᠵᠢᠮᠢᠰ ᠨᠢ ᠲᠣᠭᠳᠣᠢ ᠳᠣᠲᠣᠷ᠎ᠠ ᠪᠠᠨ ᠨᠢᠭᠤᠭᠳᠠᠵᠤ ᠪᠣᠢ᠂ ᠤᠷᠲᠤᠯᠵᠢᠨ ᠥᠨᠳᠡᠭᠡᠯᠵᠢᠨ ᠬᠡᠯᠪᠡᠷᠢ ᠲᠡᠢ᠂ ᠪᠠᠷᠤᠭ12mm ᠤᠷᠲᠤ᠂ ᠨᠢᠭ ᠤᠷᠲᠤ ᠦᠰᠦ ᠲᠡᠢ᠃6~7 ᠳ᠋ᠤᠭᠠᠷ ᠰᠠᠷ᠎ᠠ ᠳ᠋ᠤ᠌ ᠴᠡᠴᠡᠭᠯᠡᠵᠦ᠂7~8 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠠᠭᠤᠯᠠᠨ ᠬᠢᠷ᠎ᠠ᠂ ᠰᠢᠯᠢᠷᠬᠡᠭ ᠭᠠᠵᠠᠷ᠂ ᠠᠭᠤᠯᠠᠨ ᠭᠠᠵᠠᠷ ᠤ᠋ᠨ ᠣᠢ ᠶ᠋ᠢᠨ ᠬᠥᠪᠡᠭᠡ ᠶ᠋ᠢᠨ ᠪᠡᠯᠴᠢᠭᠡᠷ ᠲᠦ᠍ ᠤᠷᠭᠤᠨ᠎ᠠ᠃ ᠬᠠᠷᠠᠮᠦ᠋ᠷᠡᠨ᠂ ᠥᠪᠥᠷ ᠮᠣᠩᠭᠣᠯ᠂ ᠾᠧᠪᠧᠢ᠂ ᠱᠠᠨ ᠰᠢ᠂ ᠭᠠᠨᠰᠦ᠂ ᠱᠠᠨᠳᠦ᠋ᠩ ᠳ᠋ᠦ᠍ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠵᠤᠨ ᠴᠡᠴᠡᠭᠯᠡᠭᠰᠡᠨ ᠪᠦᠬᠦᠯᠢ ᠡᠪᠡᠰᠦ ᠶ᠋ᠢ ᠨᠢ ᠲᠡᠭᠦᠵᠦ᠂ ᠠᠷᠢᠯᠭᠠᠨ ᠴᠡᠪᠡᠷᠯᠡᠭᠡᠳ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠭᠠᠰᠢᠭᠤᠨ᠂ ᠠᠮᠲᠠᠯᠢᠭ ᠠᠮᠲᠠ ᠲᠠᠢ; ᠰᠡᠷᠢᠭᠦᠨ ᠴᠢᠨᠠᠷ ᠲᠠᠢ; ᠮᠣᠬᠣᠳᠠᠭ᠂ ᠬᠥᠩᠭᠡᠨ᠂ ᠰᠢᠷᠦᠭᠦᠨ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠨᠢᠶᠠᠨ ᠢ᠋ ᠨᠢᠲᠤᠯᠬᠤ᠂ ᠬᠠᠯᠠᠭᠤᠨ ᠢ᠋ ᠠᠷᠢᠯᠭᠠᠬᠤ᠂ ᠰᠢᠷ᠎ᠠ ᠤᠰᠤ ᠶ᠋ᠢ ᠬᠠᠲᠠᠭᠠᠬᠤ᠂ ᠰᠢᠷᠬ᠎ᠠ ᠶ᠋ᠢ ᠠᠨᠠᠭᠠᠬᠤ᠂ ᠰᠢᠨ᠎ᠡ ᠮᠢᠬ᠎ᠠ ᠲᠥᠷᠥᠭᠦᠯᠬᠦ᠂ ᠰᠤᠳᠠᠯ ᠤ᠋ᠨ ᠰᠦᠪᠡ ᠶ᠋ᠢ ᠪᠣᠭᠣᠬᠤ᠂ ᠴᠢᠰᠤ ᠶ᠋ᠢ ᠵᠣᠭᠰᠣᠭᠠᠬᠤ᠂ ᠬᠠᠪᠤᠳᠠᠷ ᠢ᠋ ᠬᠠᠷᠢᠭᠤᠯᠬᠤ᠂ ᠬᠣᠷᠭᠣᠰᠣ ᠶ᠋ᠢ ᠵᠥᠭᠡᠯᠡᠷᠡᠭᠦᠯᠬᠦ ᠴᠢᠳᠠᠯ ᠲᠠᠢ᠃ ᠭᠣᠣᠯᠳᠠᠭᠤ ᠨᠢᠶᠠᠨ ᠬᠢᠵᠢᠭ᠂ ᠰᠤᠳᠠᠯ ᠭᠡᠮᠲᠦᠭᠰᠡᠨ᠂ ᠰᠢᠨ᠎ᠡ ᠪᠠ ᠬᠠᠭᠤᠴᠢᠷᠠᠭᠰᠠᠨ ᠰᠢᠷᠬ᠎ᠠ᠂ ᠲᠤᠯᠠᠢ᠂ ᠬᠡᠷᠦᠬᠦ᠂ ᠰᠢᠷ᠎ᠠ ᠤᠰᠤᠨ ᠡᠪᠡᠳᠴᠢᠨ᠂ ᠡᠯ᠎ᠡ ᠵᠦᠢᠯ ᠦ᠋ᠨ ᠴᠢᠰᠤ ᠭᠠᠷᠬᠤ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄硬毛棘豆
ᠠᠩᠭ᠌ᠯᠢ ᠨᠡᠷ᠎ᠡ᠄Oxytropis hirta Bunge.
ᠦᠰᠦᠭ ᠠᠮᠢᠯᠠᠭᠤᠯᠤᠭᠴᠢ᠄ ᠴᠡᠪᠡᠷᠴᠡᠴᠡᠭ
ᠬᠢᠨᠠᠭᠴᠢ᠄ ᠲᠤᠶᠠᠭ᠎ᠠ
